ᠨᠡᠪᠲᠡᠷᠡᠨ ᠤᠷᠤᠬᠤ
ᠭᠤᠷᠪᠠᠳᠤᠭᠠᠷ ᠪᠦᠯᠦᠭ ᠂ ᠵᠢᠳᠭᠦᠯ ᠲᠡᠮᠡᠴᠡᠯ ᠤᠨ ᠢᠷᠡᠭᠤ ᠳᠠᠭᠤᠯᠠᠯ
ᠭᠤᠷᠪᠠᠳᠤᠭᠠᠷ ᠬᠡᠰᠡᠭ ᠂ ᠲᠤᠭᠰᠢᠵᠤ ᠤᠷᠤᠬᠤ ᠦᠢᠯᠡᠰ ᠤᠨ ᠡᠭᠦᠳᠡ

ᠠᠭᠤᠤ ᠶᠡᠭᠡ ᠭᠦᠮᠤᠨ ᠤ ᠬᠠᠮᠤᠭ ᠢᠯᠡᠷᠭᠡᠢ ᠰᠢᠠᠵᠢ ᠳᠡᠮᠳᠡᠭ᠌ ᠪᠣᠯ ᠳᠡᠭᠦᠨ ᠤ ᠰᠢᠳᠠᠷᠠᠰᠢ ᠦᠭᠡᠶ ᠡᠷᠴᠢ ᠵᠤᠷᠢᠭ ᠪᠣᠯᠤᠨ᠎ᠠ᠃


᠊᠊᠊᠊᠊᠊᠊᠊᠊᠊᠊᠊᠊᠊᠊᠊᠊᠊᠊᠊᠊᠊᠊᠊᠊᠊᠊ ᠧᠳᠢᠰᠤᠨ


ᠹᠠᠷᠠᠳᠧᠢ ᠪᠣᠯ ᠠᠩᠭ᠍ᠯᠢ ᠶᠢᠨ ᠠᠯᠳᠠᠷᠳᠤ ᠹᠢᠽᠢᠺᠴᠢ ᠪᠠ ᠭᠢᠮᠢᠴᠢ ᠮᠦᠨ᠃ ᠳᠠᠷᠠ ᠴᠠᠭᠢᠯᠭᠠᠨ ᠰᠤᠷᠤᠠᠵᠢᠨ ᠨᠥᠯᠦᠭᠡᠯᠡᠯ ᠤᠨ ᠥᠵᠡᠭ᠍ᠳᠡᠯ ᠢ ᠢᠯᠠᠴᠢᠯᠠᠨ ᠰᠤᠷᠤᠠᠵᠢᠨ ᠣᠷᠤᠨ ᠤ ᠣᠬᠠᠭᠳᠠᠬᠤᠨ ᠢ ᠳᠤᠷᠠᠳᠤᠨ ᠭᠠᠷᠭᠠᠵᠤ᠂ ᠴᠠᠭᠢᠯᠭᠠᠨ ᠵᠠᠳᠠᠯᠤᠯ ᠤᠨ ᠬᠠᠤᠯᠢ ᠶᠢ ᠪᠠᠳᠤᠯᠠᠵᠠᠢ᠃ ᠳᠡᠭᠡᠭᠡᠤᠨ ᠳᠠᠷᠠ ᠡᠳᠡᠭᠡᠷ ᠪᠠᠯᠠᠷᠠᠰᠢ ᠦᠭᠡᠶ ᠭᠠᠪᠢᠶ᠎ᠠ ᠵᠢᠦᠡᠭᠦᠯ ᠶᠢᠡᠷ ᠶᠢᠡᠨ ᠳᠡᠯᠡᠭᠡᠢ ᠶᠢᠨ ᠰᠢᠡᠵᠢᠯᠡᠭᠦ ᠣᠬᠠᠭᠠᠨ ᠤ ᠣᠷᠭᠢᠯ ᠳᠤ ᠭᠦᠷᠭᠦ ᠵᠠᠮ ᠳᠡᠭᠡᠷᠡᠭᠢ ᠨᠢᠭᠡ ᠳᠡᠭ᠍ᠳᠡᠷ ᠭᠢᠰᠭᠢᠭᠦᠷ ᠴᠢᠯᠠᠭᠤ ᠨᠢ ᠪᠣᠯᠤᠭᠰᠠᠨ ᠶᠤᠮ᠃

ᠹᠠᠷᠠᠳᠧᠢ ᠨᠢᠭᠡᠨ ᠳᠠᠮᠤᠷ ᠤᠨ ᠳᠠᠷᠬᠠᠨ ᠤ ᠭᠡᠷ ᠲᠤ ᠲᠦᠷᠦᠵᠤ᠂ ᠭᠡᠷ ᠨᠢ ᠶᠠᠳᠠᠭᠤ ᠪᠣᠯᠬᠤᠷ ᠳᠠᠮᠠᠢ ᠭᠡᠳᠤᠨ ᠡᠳᠦᠷ ᠰᠤᠷᠭᠠᠭᠤᠯᠢ ᠳᠤ ᠣᠯᠵᠤ ᠰᠠᠭᠤᠭᠰᠠᠨ ᠦᠭᠡᠶ᠃ ᠠᠷᠪᠠᠨ ᠨᠠᠰᠤᠨ ᠡᠴᠡ ᠪᠠᠨ ᠡᠭᠢᠯᠡᠨ ᠰᠤᠨᠢᠨ ᠬᠤᠳᠠᠯᠳᠤᠵᠤ᠂ ᠰᠡᠭᠦᠯᠡᠷ ᠨᠢ ᠱᠠᠪᠢ ᠠᠵᠢᠯᠴᠢᠨ ᠪᠣᠯᠵᠠᠢ᠃ ᠳᠠᠷᠠ ᠰᠢᠡᠵᠢᠯᠡᠭᠦ ᠣᠬᠠᠭᠠᠨ ᠳᠤ ᠳᠣᠢ᠌ᠯ ᠤᠨ ᠣᠷᠮ᠎ᠠ ᠪᠠᠬᠠᠳᠠᠢ ᠪᠣᠯᠬᠤᠷ ᠰᠢᠡᠵᠢᠯᠡᠭᠦ ᠣᠬᠠᠭᠠᠨ ᠤ ᠬᠠᠮᠢᠶ᠎ᠠ ᠪᠦᠭᠦᠢ ᠨᠤᠮ ᠢ ᠣᠯᠳᠠᠬᠤ ᠶᠢᠨ ᠭᠢᠷᠢ ᠪᠠᠷ ᠣᠩᠰᠢᠵᠤ᠂ ᠭᠡᠷ ᠲᠡᠭᠡᠨ ᠨᠢᠭᠡ ᠳᠠᠰᠤᠯᠭ᠎ᠠ ᠳᠤᠷᠰᠢᠯᠳᠠ ᠶᠢᠨ ᠳᠠᠰᠤᠭ ᠭᠠᠷᠭᠠᠵᠤ ᠵᠠᠪ ᠴᠢᠯᠦᠭᠡ ᠭᠠᠷᠤᠭᠰᠠᠭᠠᠷ ᠳᠤᠳᠤᠷ᠎ᠠ ᠨᠢ ᠰᠢᠷᠭᠤᠭᠠᠤᠨ ᠶᠠᠭᠤᠮ᠎ᠠ ᠣᠷᠤᠯᠳᠤᠳᠠᠭ ᠪᠠᠢ᠌ᠯ᠎ᠠ᠃ ᠰᠡᠭᠦᠯᠳᠡᠵᠤ ᠢᠷᠡᠭᠡᠤᠨ ᠨᠢᠭᠡ ᠭᠡᠪᠯᠡᠯ ᠤᠨ ᠬᠤᠷᠢᠶᠠᠨ ᠤ ᠠᠵᠢᠯᠴᠢᠨ ᠶᠢᠡᠷ ᠡᠯᠰᠡᠭ᠍ᠳᠡᠵᠤ᠂ ᠨᠤᠮ ᠳᠡᠪᠳᠡᠷᠯᠡᠭᠦ ᠠᠵᠢᠯ ᠲᠡᠶ ᠪᠣᠯᠤᠯ᠎ᠠ᠃

ᠨᠢᠭᠡᠨ ᠡᠳᠦᠷ᠂ ᠳᠠᠷᠠ ᠠᠩᠭ᠍ᠯᠢ ᠶᠢᠨ ᠬᠠᠭᠠᠨ ᠣᠭᠰᠠᠭᠠᠳᠠᠨ ᠤ ᠳᠡᠭᠡᠳᠤ ᠰᠤᠷᠭᠠᠭᠤᠯᠢ ᠶᠢᠨ ᠳ᠋ᠠᠢ᠌ᠸᠧᠢ ᠫᠷᠤᠹᠧᠰᠰᠤᠷ ᠰᠢᠡᠵᠢᠯᠡᠭᠦ ᠣᠬᠠᠭᠠᠨ ᠤ ᠰᠤᠳᠤᠯᠤᠯ ᠤᠨ ᠬᠠᠪᠰᠤᠷᠤᠭᠴᠢ ᠡᠯᠰᠡᠭᠦ ᠪᠠᠷ ᠪᠠᠢ᠌ᠬᠤ ᠴᠢᠮᠡᠭᠡ ᠶᠢ ᠣᠯᠤᠭᠠᠤᠨ ᠭᠡᠳᠤᠨ ᠰᠦᠨᠢ ᠣᠨᠳᠠᠵᠤ ᠴᠢᠳᠠᠭᠰᠠᠨ ᠦᠭᠡᠶ᠃ ᠡᠯᠰᠡᠭᠦ ᠡᠳᠦᠷ ᠤᠨ ᠭᠢᠨᠢ ᠥᠷᠯᠦᠭᠡ ᠡᠷᠳᠡᠯᠡᠭᠡᠤᠨ ᠭᠦᠷᠭᠦ ᠳᠤ᠂ ᠠᠵᠢᠯᠯᠠᠬᠤ ᠴᠠᠭ ᠪᠣᠯᠤᠭᠠᠳᠤᠢ ᠡᠴᠡ ᠡᠯᠰᠡᠭ᠍ᠴᠢ ᠶᠢᠨ ᠠᠯᠪᠠᠨ ᠭᠡᠷ ᠴᠤᠤᠵᠢᠯᠠᠭᠠᠰᠤᠳᠠᠢ ᠪᠠᠢ᠌ᠯ᠎ᠠ᠃ ᠬᠤᠶᠠᠷ ᠴᠠᠭ ᠤᠨ ᠳᠠᠷᠠᠭ᠎ᠠ ᠡᠯᠰᠡᠭ᠍ᠴᠢ ᠠᠵᠢᠯᠳᠠᠨ ᠰᠠ‍‌ᠶᠢ ᠣᠪᠤᠨ ᠴᠤᠪᠤᠨ ᠢᠷᠠᠵᠤ ᠬᠠᠭᠠᠯᠭ᠎ᠠ ᠪᠠᠨ ᠣᠩᠭ᠋ᠣᠢ᠌ᠯᠭᠠᠪᠠ᠃ ᠡᠯᠰᠡᠭ᠍ᠴᠢ ᠡᠴᠡ ᠹᠠᠷᠠᠳᠧᠢ ᠶᠢᠨ ᠦᠪᠡᠷ ᠤᠨ ᠳᠠᠨᠢᠯᠴᠠᠭᠤᠯᠭ᠎ᠠ ᠶᠢ ᠰᠤᠨᠤᠰᠤᠭᠠᠤᠨ ᠳᠤᠯᠤᠭᠠᠢ ᠰᠠᠵᠢᠵᠤ᠂ ᠶᠡᠭᠡ ᠰᠤᠷᠭᠠᠭᠤᠯᠢ ᠶᠢᠨ ᠦᠨᠡᠮᠯᠠᠯ ᠪᠠ ᠠᠵᠢᠯᠯᠠᠭᠰᠠᠨ ᠥᠩᠭᠡᠷᠡᠯᠳᠡ ᠭᠡᠭᠦ ᠬᠤᠶᠠᠷ ᠴᠢᠬᠤᠯᠠ ᠱᠠᠭᠠᠷᠳᠠᠯᠭ᠎ᠠ ᠳᠤ ᠨᠡᠢ᠌ᠴᠡᠭᠦ ᠦᠭᠡᠶ ᠡᠴᠡ ᠪᠣᠯᠵᠤ ᠡᠯᠰᠡᠵᠤ ᠠᠪᠬᠤ ᠦᠭᠡᠶ ᠭᠡᠵᠤ ᠳᠠᠰᠤᠷᠬᠠᠢ ᠬᠠᠷᠢᠭᠤᠯᠳᠠ ᠥᠭ᠍ᠪᠡ᠃ ᠡᠭᠦᠨ ᠳᠤ ᠹᠠᠷᠠᠳᠧᠢ ᠪᠠᠴᠢᠮᠳᠠᠨ ᠰᠠᠠᠳᠤᠷᠴᠤ᠂ ᠦᠪᠡᠷ ᠤᠨ ᠣᠷᠮ᠎ᠠ ᠵᠤᠷᠢᠭ ᠶᠢᠡᠨ ᠢᠯᠡᠳᠭᠡᠨ ᠡᠯᠰᠡᠭ᠍ᠴᠢ ᠶᠢ ᠠᠷᠭ᠎ᠠ ᠠᠭᠠᠰᠢ ᠶᠢ ᠨᠢ ᠪᠠᠷᠠᠳᠠᠯ᠎ᠠ ᠭᠤᠶᠤᠭᠰᠠᠨ ᠳᠤ :

《ᠳ᠋ᠠᠢ᠌ᠸᠧᠢ ᠫᠷᠤᠹᠧᠰᠰᠤᠷ ᠲᠡᠶ ᠠᠭᠤᠯᠵᠠᠭᠠᠤᠨ ᠭᠡᠯᠡᠵᠤ ᠦᠵᠡ᠂ ᠳᠠᠷᠠ ᠪᠣᠯᠤᠨ᠎ᠠ ᠭᠡᠪᠠᠯ ᠮᠠᠨ ᠳᠤ ᠰᠠᠨᠠᠯ ᠦᠭᠡᠶ》 ᠭᠡᠪᠡ᠃

ᠹᠠᠷᠠᠳᠧᠢ᠂ ᠳ᠋ᠠᠢ᠌ᠸᠧᠢ ᠫᠷᠤᠹᠧᠰᠰᠤᠷ ᠤᠨ ᠡᠭᠦᠳᠡᠨ ᠳᠤ ᠭᠦᠷᠦᠭᠡᠤᠨ ᠬᠠᠭᠠᠯᠭ᠎ᠠ ᠳᠤᠭᠰᠢᠬᠤ ᠶᠢ ᠵᠢᠷᠦᠭᠡᠯᠡᠭᠦ ᠦᠭᠡᠶ ᠪᠣᠯᠤᠯ᠎ᠠ᠃ ᠭᠡᠯᠡᠪᠠᠴᠤ ᠳ᠋ᠠ᠂ ᠦᠪᠡᠷ ᠶᠢᠡᠨ ᠨᠢᠭᠡ ᠡᠪ ᠡᠩ ᠤᠨ ᠱᠠᠪᠢ ᠠᠵᠢᠯᠴᠢᠨ ᠪᠠᠢ᠌ᠭᠠᠤᠨ ᠡᠢ᠌ᠮᠤ ᠠᠪᠣᠷᠭᠤ ᠭᠦᠮᠤᠨ ᠲᠡᠶ ᠣᠴᠠᠷᠠᠬᠤ ᠭᠡᠳᠡᠭ᠌ ᠴᠢᠨᠢ ᠳᠠᠩᠴᠢ ᠭᠢᠷᠢᠨ ᠡᠴᠡ ᠪᠠᠨ ᠭᠡᠳᠦᠷᠡᠭᠦᠯᠵᠤ ᠪᠠᠢ᠌ᠬᠤ ᠦᠭᠡᠶ ᠦᠦ︕ ᠳᠠᠭᠢᠭᠠᠤᠨ ᠭᠡᠯᠡᠪᠠᠯ ᠳᠡᠭᠦᠨ ᠤ ᠡᠯᠰᠡᠭᠦ ᠱᠠᠭᠠᠷᠳᠠᠯᠭ᠎ᠠ ᠶᠢᠨ ᠭᠠᠭᠴᠠᠬᠠᠨ ᠵᠤᠷᠪᠣᠰ ᠢ ᠴᠤ ᠪᠠᠶᠡᠯᠡᠭᠦᠯᠵᠤ ᠳᠡᠢ᠌ᠯᠭᠦ ᠦᠭᠡᠶ ᠪᠠᠢ᠌ᠭᠠᠤᠨ ᠠᠭᠤᠯᠵᠠᠪᠠᠯ ᠶᠠᠭᠤ ᠭᠡᠯᠡᠨ᠎ᠡ ᠪᠣᠢ᠃ ᠶᠡᠭᠡ ᠫᠷᠤᠹᠧᠰᠰᠤᠷ ᠲᠤ ᠳᠡᠪᠴᠢᠭ᠍ᠳᠡᠪᠠᠯ ᠴᠤᠬᠤᠮ ᠨᠢᠭᠤᠷ ᠶᠢᠡᠨ ᠪᠠᠷᠠᠵᠤ ᠳᠠᠭᠤᠰᠤᠨ᠎ᠠ ᠳ᠋ᠠ ᠭᠡᠵᠤ ᠪᠣᠳᠤᠬᠤᠯᠠᠷ ᠳᠤᠳᠤᠷ᠎ᠠ ᠨᠢ ᠮᠥᠯᠢ᠌ᠭᠡᠤᠨ ᠶᠠᠪᠣᠴᠢᠬᠠᠪᠠ᠃ ᠳᠠᠷᠠ ᠴᠢᠨᠠᠭᠰᠢᠳᠠ ᠪᠣᠳᠤᠬᠤ ᠳᠤᠳᠤᠮ ᠠᠶᠤᠵᠤ ᠰᠢᠷᠬᠢᠢᠭᠡᠤᠨ ᠬᠠᠭᠠᠯᠭ᠎ᠠ ᠶᠢ ᠨᠢ ᠳᠤᠭᠰᠢᠬᠤ ᠵᠤᠷᠢᠭ ᠦᠭᠡᠶ ᠡᠷᠡᠭᠡᠯᠵᠡᠨ᠎ᠡ᠃

《ᠬᠠᠷᠢᠴᠢᠬᠤ ᠭᠡᠵᠢ ᠦᠦ︖ ᠁ ᠶᠠᠭᠠᠭᠢᠭᠰᠠᠨ ᠴᠤ ᠳᠡᠭᠡᠵᠤ ᠪᠣᠯᠬᠤ ᠦᠭᠡᠶ᠂ ᠢᠩᠭᠢᠪᠠᠯ ᠦᠪᠡᠷ ᠤᠨ ᠵᠤᠷᠢᠯᠳᠠ ᠪᠠᠨ ᠪᠠᠶᠡᠯᠡᠭᠦᠯᠭᠦ ᠭᠠᠭᠴᠠᠬᠠᠨ ᠲᠤᠬᠢᠶᠠᠯ ᠶᠢᠡᠨ ᠴᠤ ᠠᠯᠳᠠᠴᠢᠬᠤ ᠭᠡᠷᠡᠭ᠌ ᠪᠣᠯᠤᠨ᠎ᠠ᠃ ᠭᠡᠳᠦᠷᠡᠭᠦ ᠳᠡᠭᠡᠨ ᠳ᠋ᠠᠢ᠌ᠸᠧᠢ ᠫᠷᠤᠹᠧᠰᠰᠤᠷ ᠲᠤ ᠭᠦᠭᠡᠭᠡᠭ᠍ᠳᠡᠵᠤ ᠭᠠᠷᠪᠠᠯ ᠪᠠᠷᠠᠪᠠ᠂ ᠦᠪᠡᠷ ᠤᠨ ᠵᠤᠯ ᠵᠠᠪᠰᠢᠶᠠᠨ ᠶᠢᠡᠨ ᠳᠠᠩᠰᠠᠵᠤ ᠥᠵᠡᠭᠦ ᠦᠭᠡᠶ ᠪᠣᠯ ᠬᠠᠷᠢᠨ ᠨᠠᠰᠤᠨ ᠤ ᠬᠠᠷᠠᠮᠰᠠᠯ ᠪᠣᠯᠤᠨ᠎ᠠ ᠰᠢᠤ》 ᠭᠡᠵᠤ ᠪᠣᠳᠤᠮᠠᠭᠴᠠ ᠵᠤᠷᠢᠭ ᠣᠷᠤᠵᠤ᠂ ᠰᠢᠳᠤ ᠪᠠᠨ ᠵᠠᠭᠤᠭᠠᠤᠨ ᠬᠠᠭᠠᠯᠭ᠎ᠠ ᠶᠢ ᠨᠢ ᠳᠤᠭᠰᠢᠵᠠᠢ᠃

《ᠬᠠᠭᠠᠯᠭ᠎ᠠ ᠶᠢ ᠴᠤᠤᠵᠢᠯᠠᠭᠰᠠᠨ ᠦᠭᠡᠶ ᠣᠷᠤᠯ ᠳ᠋ᠠ︕》 ᠭᠡᠵᠤ ᠪᠠᠷᠭᠢᠷᠠᠬᠤ ᠡᠪᠦᠭᠡᠵᠢᠶᠡᠷ ᠭᠦᠮᠤᠨ ᠤ ᠫᠠᠷᠭᠢᠯ ᠳᠠᠭᠤᠨ ᠰᠤᠨᠤᠰᠳᠠᠪᠠ᠃ ᠹᠠᠷᠠᠳᠧᠢ ᠣᠷᠤᠵᠤ ᠣᠴᠢᠭᠠᠤᠨ ᠡᠪᠦᠭᠡᠨ ᠫᠷᠤᠹᠧᠰᠰᠤᠷ ᠲᠡᠶ ᠮᠡᠡᠳᠦᠯᠡᠭᠡᠤᠨ᠄

《ᠳᠠ ᠶᠠᠭᠤᠨ ᠳᠤ ᠬᠠᠭᠠᠯᠭ᠎ᠠ ᠪᠠᠨ ᠴᠤᠤᠵᠢᠯᠠᠬᠤ ᠦᠭᠡᠶ ᠪᠣᠢ︖》 ᠭᠡᠵᠤ ᠭᠠᠢ᠌ᠬᠠᠨ ᠠᠰᠠᠭᠤᠪᠠ᠃

《ᠳᠡᠭᠡᠪᠠᠯ ᠪᠣᠰᠤᠳ ᠭᠦᠮᠤᠨ ᠤ ᠣᠷᠤᠬᠤ ᠶᠢ ᠬᠠᠰᠢᠴᠢᠬᠤ ᠪᠠᠷ ᠪᠠᠷᠠᠬᠤ ᠦᠭᠡᠶ᠂ ᠦᠪᠡᠷ ᠤᠨ ᠪᠠᠶ᠎ᠠ ᠪᠠᠨ ᠴᠤ ᠬᠤᠷᠢᠭᠠᠤᠨ ᠳᠠᠯᠪᠢᠴᠢᠬᠤ ᠦᠭᠡᠶ ᠦᠦ︖》 ᠭᠡᠵᠤ ᠶᠦᠮᠦᠷᠯᠢᠭ᠌ ᠬᠠᠷᠢᠭᠤᠯᠵᠠᠢ᠃ ᠡᠨᠡ ᠨᠢ ᠹᠠᠷᠠᠳᠧᠢ ᠶᠢᠨ ᠰᠠᠤᠠᠭᠢᠯ ᠢ ᠳᠠᠢ᠌ᠪᠣᠰᠢᠷᠠᠭᠤᠯᠵᠤ᠂ ᠦᠪᠡᠷ ᠤᠨ ᠣᠷᠮ᠎ᠠ ᠪᠠᠬ᠎ᠠ ᠪᠣᠯᠤᠨ ᠣᠷᠤᠯᠳᠤᠯᠭ᠎ᠠ ᠪᠠᠨ ᠨᠠᠷᠢᠨ ᠳᠠᠨᠢᠯᠴᠠᠭᠤᠯᠵᠤ᠂ ᠰᠢᠡᠵᠢᠯᠡᠭᠦ ᠣᠬᠠᠭᠠᠨ ᠤ ᠣᠢ᠌ᠯᠠᠰ ᠲᠤ ᠠᠯᠢᠪᠠ ᠪᠠᠨ ᠵᠤᠷᠢᠭᠤᠯᠬᠤ ᠵᠤᠷᠢᠭ ᠶᠢᠡᠨ ᠢᠯᠡᠳᠭᠡᠭ᠍ᠰᠡᠨ ᠳᠤ᠂ ᠳ᠋ᠠᠢ᠌ᠸᠧᠢ ᠫᠷᠤᠹᠧᠰᠰᠤᠷ ᠶᠡᠭᠡ ᠳᠠᠭᠠᠰᠢᠶᠠᠵᠤ᠂ ᠨᠢᠭᠡ ᠵᠤᠷᠪᠣᠰ ᠴᠠᠭᠠᠰᠤᠨ ᠳᠡᠭᠡᠷ᠎ᠡ ᠭᠡᠳᠤᠨ ᠥᠰᠦᠭ᠌ ᠡᠷᠢᠶᠡᠴᠡᠭᠡᠤᠨ ᠹᠠᠷᠠᠳᠧᠢ ᠳᠤ ᠥᠭ᠍ᠴᠤ᠄

《ᠡᠭᠦᠨ ᠢ ᠠᠪᠠᠴᠢᠵᠤ ᠡᠯᠰᠡᠭ᠍ᠴᠢ ᠳᠤ ᠥᠭ᠌᠂ ᠡᠨᠡ ᠵᠠᠯᠠᠭᠤ ᠶᠢ ᠡᠯᠰᠡᠭᠦ ᠪᠠᠷ ᠡᠪᠦᠭᠡᠨ ᠵᠥᠪᠰᠢᠶᠡᠷᠡᠴᠢᠭᠡᠯ᠎ᠡ ᠭᠡᠵᠤ ᠭᠡᠯᠡ》 ᠭᠡᠵᠡᠢ᠃ ᠢᠩᠭᠢᠭᠡᠤᠨ ᠶᠡᠭᠡ ᠡᠷᠳᠡᠮᠳᠡᠨ ᠤ ᠵᠢᠭᠠᠨ ᠵᠢᠯᠤᠭᠤᠳᠤᠯᠭ᠎ᠠ ᠪᠠ ᠪᠦᠷᠢᠨ ᠳᠦᠭᠦᠷ ᠳᠤᠷᠰᠢᠯᠳᠠ ᠶᠢᠨ ᠨᠥᠭᠦᠴᠡᠯ ᠨᠢ ᠹᠠᠷᠡᠳᠧᠢ ᠳᠤ ᠵᠢᠭᠦᠷ ᠣᠷᠭᠤᠭᠤᠯᠵᠤ᠂ ᠰᠢᠡᠵᠢᠯᠡᠭᠦ ᠣᠬᠠᠭᠠᠨ ᠤ ᠳᠡᠦᠭᠡᠨ ᠳᠡᠭᠡᠷᠡᠭᠢ ᠰᠢᠨ᠎ᠠ ᠬᠠᠭᠤᠳᠠᠰᠤ ᠶᠢ ᠪᠢᠴᠢᠭᠯᠡᠭ᠍ᠰᠡᠨ ᠶᠤᠮ᠃

ᠰᠢᠡᠵᠢᠯᠡᠭᠦ ᠣᠬᠠᠭᠠᠨ ᠤ ᠶᠡᠭᠡ ᠵᠠᠮ ᠭᠡᠵᠢᠶᠡᠳᠡ ᠳᠡᠭ᠍ᠰᠢ ᠳᠠᠷᠳᠠᠩ ᠪᠠᠢ᠌ᠬᠤ ᠦᠭᠡᠶ ᠪᠦᠭᠡᠤᠨ᠂ ᠵᠤᠯ ᠵᠠᠪᠰᠢᠶᠠᠨ ᠤ ᠳᠤᠮᠤ ᠬᠠᠭᠠᠯᠭ᠎ᠠ ᠴᠤ ᠥᠷᠭᠦᠯᠵᠢ ᠴᠠᠯᠠᠢ᠌ᠳᠠᠯ᠎ᠠ ᠨᠡᠭᠡᠭᠡᠵᠤ ᠪᠠᠢ᠌ᠳᠠᠭ ᠦᠭᠡᠶ᠃ ᠳᠡᠭᠡᠭᠦ ᠳᠤ ᠴᠢ ᠥᠪᠠᠷᠳᠡᠭᠡᠨ ᠰᠢᠷᠭᠠᠭᠤ ᠰᠤᠷᠤᠯᠴᠠᠵᠤ ᠴᠥᠭᠦᠷᠡᠰᠢ ᠦᠭᠡᠶ ᠬᠠᠢ᠌ᠨ ᠰᠥᠪᠠᠭ᠍ᠴᠢᠯᠡᠯᠳᠡ ᠭᠢᠵᠤ ᠪᠠᠢ᠌ᠭᠠᠤᠨ ᠵᠤᠷᠢᠭᠳᠠᠢ ᠣᠴᠢᠵᠤ ᠳᠤᠭᠰᠢᠵᠤ ᠥᠵᠡᠭᠦ ᠭᠡᠷᠡᠭ᠍ᠳᠡᠢ᠃ ᠹᠠᠷᠠᠳᠧᠢ ᠶᠢᠨ ᠳᠠᠷᠠ ᠨᠢᠭᠡ ᠳᠤᠭᠰᠢᠯᠳᠠ ᠪᠣᠯ ᠳᠡᠦᠭᠡᠨ ᠬᠠᠭᠤᠳᠠᠰᠤᠨ ᠳᠤ ᠭᠦᠰᠢᠶ᠎ᠡ ᠪᠣᠯᠬᠤ ᠨᠢᠭᠡ ᠳᠤᠭᠰᠢᠯᠳᠠ ᠮᠦᠨ᠃ ᠣᠢ᠌ᠯᠠᠰ ᠪᠦᠳᠦᠭᠡᠭᠦ ᠵᠠᠮ ᠳᠡᠭᠡᠷᠡᠭᠢ 《ᠡᠭᠦᠳᠡ》 ᠪᠣᠯᠭᠠᠨ ᠳ᠋ᠠᠢ᠌ᠸᠧᠢ ᠫᠷᠤᠹᠧᠰᠰᠤᠷ ᠤᠨ ᠡᠭᠦᠳᠡ ᠰᠢᠭ᠌ ᠠᠮᠠᠷᠬᠠᠨ ᠨᠡᠭᠡᠭᠡᠭ᠍ᠳᠡᠭᠦ ᠦᠭᠡᠶ ᠪᠠᠢ᠌ᠯ᠎ᠠ ᠴᠤ᠂ ᠵᠤᠷᠢᠭ ᠶᠢᠡᠨ ᠭᠦᠪᠴᠢᠯᠡᠭᠡᠤᠨ ᠣᠴᠢᠨ ᠳᠤᠭᠰᠢᠵᠤ ᠥᠵᠡᠭᠦ ᠦᠭᠡᠶ ᠪᠣᠯ ᠨᠡᠭᠡᠭᠡᠨ ᠨᠡᠭᠡᠭᠡᠭ᠍ᠳᠡᠭᠦ ᠦᠭᠡᠶ ᠶᠢ ᠶᠠᠭᠠᠭᠢᠵᠤ ᠮᠡᠳᠡᠭᠦ ᠪᠢᠯᠠ︕ ᠠᠮᠢᠳᠤᠷᠠᠯ ᠤᠨ ᠵᠠᠮ ᠳᠡᠭᠡᠷ᠎ᠡ ᠳᠤᠭᠠᠯᠠᠰᠢ ᠦᠭᠡᠶ ᠠᠷᠪᠢᠨ ᠵᠤᠯ ᠵᠠᠪᠰᠢᠶᠠᠨ ᠤ 《ᠬᠠᠭᠠᠯᠭ᠎ᠠ》 ᠳᠠᠭᠠᠷᠢᠯᠳᠤᠬᠤ ᠪᠦᠭᠡᠤᠨ᠂ ᠴᠢᠮ᠎ᠠ ᠳᠤ ᠠᠯᠢ ᠨᠢᠭᠡ ᠨᠢ ᠨᠡᠭᠡᠭᠡᠰᠦᠳᠡᠢ ᠪᠠᠢ᠌ᠵᠤ ᠮᠠᠳᠠᠨ᠎ᠠ᠂ ᠭᠡᠪᠠᠴᠤ ᠣᠯᠠᠩᠭᠢ ᠶᠢ ᠨᠢ 《ᠳᠤᠭᠰᠢᠵᠤ ᠪᠠᠢ᠌ᠭᠠᠤᠨ》 ᠨᠡᠭᠡᠭᠡᠯᠭᠡᠵᠤ ᠠᠪᠳᠠᠭ ᠰᠢᠤ ᠳ᠋ᠠ︕

ᠵᠤᠬᠢᠶᠠᠭᠴᠢ᠄ ᠨᠣ᠋·ᠪᠠᠭᠠᠳᠤᠷ
ᠳᠠᠷᠤᠮ᠄ 9611
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ