ᠭᠤᠷᠪᠠᠳᠤᠭᠠᠷ ᠪᠦᠯᠦᠭ ᠂ ᠵᠢᠳᠭᠦᠯ ᠲᠡᠮᠡᠴᠡᠯ ᠤᠨ ᠢᠷᠡᠭᠤ ᠳᠠᠭᠤᠯᠠᠯ
ᠲᠦᠷᠪᠡᠳᠦᠭᠡᠷ ᠬᠡᠰᠡᠭ ᠂ ᠮᠤᠬᠤᠰᠢ ᠦᠭᠡᠶ ᠭᠦᠭᠡᠭᠡᠴᠡᠯᠳᠦᠯ
ᠢᠯᠠᠭᠳᠠᠯ ᠨᠢ ᠰᠢᠠᠳᠠᠰᠤ ᠲᠡᠶ ᠭᠦᠮᠤᠨ ᠢ ᠣᠯᠠᠮ ᠬᠠᠳᠠᠭᠤᠵᠢᠭᠤᠯᠵᠤ᠂ ᠵᠤᠷᠢᠭ ᠮᠠᠭᠤᠳᠠᠢ ᠭᠦᠮᠤᠨ ᠢ ᠮᠤᠯᠭᠤ ᠴᠤᠭᠢᠴᠢᠬᠠᠳᠠᠭ ᠪᠠᠢ᠌ᠨ᠎ᠠ᠃
᠊᠊᠊᠊᠊᠊᠊᠊᠊᠊᠊᠊᠊᠊᠊᠊᠊᠊᠊᠊᠊᠊᠊᠊᠊᠊ ᠸᠢᠯᠳᠧ
1961 ᠣᠨ ᠤ ᠬᠠᠪᠣᠷ ᠤᠨ ᠨᠢᠭᠡᠨ ᠡᠳᠦᠷ᠂ ᠰᠢᠨ᠎ᠠ ᠽᠢᠨᠯᠠᠠᠳ᠋ ᠣᠯᠤᠰ ᠤᠨ ᠨᠢᠭᠡᠨ ᠵᠢᠵᠢᠭ᠌ ᠪᠠᠯᠭᠠᠰᠤᠨ ᠤ ᠺᠢᠨᠣ᠋ ᠳᠢᠶᠠᠲ᠋ᠷ ᠲᠤ᠂ ᠫᠧᠲ᠋ᠷ᠂ ᠵᠠᠺᠧᠰᠤᠨ ᠭᠡᠭᠦ ᠨᠠᠷᠠ ᠲᠡᠶ ᠠᠷᠪᠠᠨ ᠨᠠᠰᠤᠳᠠᠢ ᠭᠦᠤ᠂ ᠳᠦᠷᠦᠭ᠍ᠰᠡᠨ ᠡᠴᠡ ᠪᠠᠨ ᠠᠪᠣᠭᠠᠤᠨ ᠠᠩᠬ᠎ᠠ ᠣᠳᠠᠭ᠎ᠠ ᠺᠢᠨᠣ᠋ ᠭᠡᠭ᠍ᠴᠢ ᠶᠠᠭᠤᠮ᠎ᠠ ᠶᠢ ᠣᠯᠵᠤ ᠦᠵᠡᠪᠠ᠃ ᠡᠨᠡ ᠺᠢᠨᠣ᠋ ᠪᠣᠯ 《ᠠᠯᠮᠠᠰ》 ᠭᠡᠳᠡᠭ᠌ ᠨᠠᠷᠠ ᠲᠡᠶ᠂ 1933 ᠣᠨ ᠳᠤ ᠰᠡᠭᠦᠳᠡᠷᠯᠡᠭ᠍ᠰᠡᠨ ᠵᠡᠷᠯᠢᠭ᠌ ᠭᠦᠮᠤᠨ ᠪᠣᠯᠤᠨ ᠭᠤᠸ᠎ᠠ ᠦᠬᠢᠨ ᠶᠢᠡᠷ ᠰᠥᠪᠠᠭ᠍ᠴᠢ ᠪᠣᠯᠭᠠᠵᠤ ᠪᠠᠷᠳᠠᠭ᠎ᠠ ᠬᠠᠢ᠌ᠭᠰᠠᠨ ᠥᠯᠢᠭᠡᠷ ᠪᠣᠯᠤᠨ᠎ᠠ᠃ ᠡᠨᠡ ᠺᠢᠨᠣ᠋ ᠨᠢ ᠪᠢᠴᠢᠬᠠᠨ ᠵᠠᠺᠧᠰᠤᠨ ᠤ ᠣᠷᠮ᠎ᠠ ᠶᠢ ᠰᠥᠷᠡᠭᠡᠢ ᠳᠠᠳᠠᠵᠤ᠂ ᠰᠤᠨᠢᠨ ᠭᠠᠢ᠌ᠬᠠᠮᠰᠢᠭᠳᠠᠢ ᠥᠯᠢᠭᠡᠷ ᠪᠣᠯᠤᠨ ᠭᠤᠸ᠎ᠠ ᠰᠠᠢ᠌ᠬᠠᠨ ᠣᠷᠴᠢᠨ ᠠᠬᠤᠢ ᠨᠢ ᠳᠡᠭᠦᠨ ᠤ ᠪᠦᠭᠦ ᠣᠶᠤᠨ ᠢ ᠡᠵᠡᠮᠳᠡᠭ᠍ᠰᠡᠨ ᠪᠠᠢ᠌ᠨ᠎ᠠ᠃ ᠺᠢᠨᠣ᠊ ᠳᠢᠶᠠᠲ᠋ᠷ ᠡᠴᠡ ᠭᠠᠷᠴᠤ ᠢᠷᠡᠮᠡᠭ᠍ᠴᠡ ᠡᠨᠡ ᠭᠦᠤ ᠳᠤ ᠣᠳᠤᠷᠢᠳᠤᠭᠠᠴᠢ ᠪᠣᠯᠬᠤ ᠪᠣᠳᠤᠯ ᠣᠷᠤᠵᠤ᠂ ᠦᠪᠡᠷ ᠤᠨ ᠰᠠᠨᠠᠭ᠎ᠠ ᠪᠠᠷ ᠶᠢᠡᠨ ᠰᠢᠨ᠎ᠠ ᠮᠠᠶᠢᠭ ᠤᠨ 《ᠠᠯᠮᠠᠰ》 ᠺᠢᠨᠣ᠋ ᠰᠡᠭᠦᠳᠡᠷᠯᠡᠭᠦ ᠪᠠᠷ ᠵᠤᠷᠢᠭ ᠰᠢᠭᠤᠤᠠᠴᠠᠢ᠃ ᠪᠢᠴᠢᠬᠠᠨ ᠵᠠᠺᠧᠰᠤᠨ ᠤ ᠵᠤᠭᠰᠤᠯ ᠦᠭᠡᠶ ᠨᠡᠭᠡᠯᠳᠡ ᠳᠤᠤᠷ᠎ᠠ᠂ ᠠᠪᠣ ᠡᠵᠢ ᠨᠢ ᠭᠡᠳᠤᠨ ᠵᠢᠯ ᠢᠳᠠᠵᠤ ᠡᠮᠦᠰᠭᠦ ᠪᠠᠨ ᠠᠷᠪᠢᠯᠠᠵᠤ ᠪᠠᠢ᠌ᠭᠠᠤᠨ ᠨᠢᠭᠡ V8 ᠨᠠᠷᠠᠮᠵᠢᠳᠤ ᠰᠡᠭᠦᠳᠡᠷᠯᠡᠭᠦ ᠮᠠᠰᠢᠨ ᠠᠪᠴᠤ ᠥᠭ᠍ᠴᠡᠢ᠃ ᠡᠨᠡ ᠡᠳᠦᠷ ᠡᠴᠡ ᠬᠣᠢ᠌ᠰᠢ ᠪᠢᠴᠢᠬᠠᠨ ᠵᠠᠺᠧᠰᠤᠨ ᠢᠳᠠᠵᠤ ᠣᠤᠭᠤᠬᠤ ᠪᠠᠨ ᠣᠮᠠᠷᠳᠠᠨ ᠺᠢᠨᠣ᠋ ᠰᠡᠭᠦᠳᠡᠷᠯᠡᠭᠦ ᠪᠠᠬ᠎ᠠ ᠳᠤ ᠣᠷᠤᠭᠠᠤᠨ᠂ ᠬᠠᠳᠠᠭᠤ ᠴᠠᠭᠠᠰᠤ ᠪᠠᠷ ᠣᠯᠤᠰ ᠤᠨ ᠬᠤᠷᠠᠯ ᠤᠨ ᠶᠡᠭᠡ ᠠᠰᠠᠷ ᠤᠨ ᠵᠠᠭᠪᠣᠷ ᠣᠢ᠌ᠯᠠᠤᠠᠴᠤ᠂ ᠦᠪᠡᠷ ᠤᠨ ᠱᠤᠭᠤᠮᠠᠯᠯᠠᠭᠰᠠᠨ ᠵᠡᠷᠯᠢᠭ᠌ ᠭᠦᠮᠤᠨ ᠳᠡᠭᠡᠨ ᠡᠵᠢ ᠶᠢᠨ ᠶᠢᠡᠨ ᠦᠰᠦᠳᠠᠢ ᠳᠠᠪᠠᠯ ᠢ ᠡᠮᠦᠰᠭᠡᠵᠤ᠂ ᠬᠠᠨᠠᠨ ᠳᠡᠭᠡᠷ᠎ᠡ ᠪᠠᠨ ᠨᠢᠶᠦ᠋ ᠶᠤᠷᠺ ᠶᠢᠨ ᠦᠵᠡᠮᠵᠢ ᠲᠡᠶ ᠳᠤᠮᠤ ᠵᠢᠷᠤᠭ ᠨᠠᠭᠠᠭᠠᠤᠨ 《ᠵᠠᠺᠧᠰᠤᠨ ᠭᠡᠯᠪᠠᠷᠢ》 ᠵᠢᠨ 《ᠠᠯᠮᠠᠰ》 ᠺᠢᠨᠣ᠋ ᠪᠠᠨ ᠰᠡᠭᠦᠳᠡᠷᠯᠡᠵᠤ ᠡᠭᠢᠯᠡᠭ᠍ᠰᠡᠨ ᠪᠠᠢ᠌ᠯ᠎ᠠ᠃ ᠭᠡᠳᠡᠯ᠎ᠡ ᠪᠣᠳᠠᠳᠤ ᠠᠬᠤᠢ ᠨᠢ ᠭᠡᠦᠭᠡᠤᠨ ᠤᠨ ᠪᠣᠳᠤᠯ ᠰᠢᠭ ᠭᠢᠯᠪᠠᠷᠬᠠᠨ ᠶᠠᠭᠤᠮ᠎ᠠ ᠪᠢᠰᠢ ᠪᠠᠢ᠌ᠵᠤ᠂ ᠳᠠᠭᠤᠤ ᠭᠦᠭ᠍ᠵᠢᠮ᠂ ᠭᠡᠷᠡᠯ ᠳᠤᠳᠤᠷᠠᠴᠠ᠂ ᠵᠢᠷᠤᠭ ᠣᠷᠠᠯᠠᠯ᠂ ᠣᠢ᠌ᠯᠠ ᠭᠦᠳᠡᠯᠭᠡᠭᠡᠨ᠁ ᠵᠡᠷᠭᠡ ᠣᠯᠠᠨ ᠲᠦᠷᠦᠯ ᠤᠨ ᠣᠷᠠᠯᠢᠭ ᠢ ᠣᠷᠭᠠᠨᠢᠭ ᠶᠢᠡᠷ ᠨᠢᠭᠡᠳᠦᠷᠡᠭᠦᠯᠵᠤ ᠣᠯᠠᠨ ᠭᠦᠮᠤᠨ ᠤ ᠠᠷᠭ᠎ᠠ ᠣᠬᠠᠭᠠᠨ ᠢ ᠠᠰᠢᠭᠯᠠᠵᠤ ᠪᠠᠢ᠌ᠭᠠᠤᠨ ᠰᠠᠶᠢ ᠪᠦᠳᠦᠭᠡᠳᠡᠭ᠌ ᠡᠨᠡ ᠺᠢᠨᠣ᠋ ᠭᠡᠭ᠍ᠴᠢ ᠣᠷᠠᠯᠢᠭ ᠨᠢ ᠠᠷᠪᠠᠨ ᠨᠠᠰᠤᠳᠠᠢ ᠭᠡᠦᠭᠡᠤᠨ ᠤᠨ ᠭᠢᠵᠤ ᠳᠡᠢ᠌ᠯᠭᠦ ᠶᠠᠭᠤᠮ᠎ᠠ ᠪᠢᠰᠢ᠃ ᠰᠡᠭᠦᠳᠡᠷᠯᠡᠵᠤ ᠠᠪᠣᠭᠰᠠᠨ ᠶᠢᠡᠨ ᠪᠣᠴᠠᠭᠠᠵᠤ ᠳᠠᠯᠪᠢᠨ ᠥᠵᠡᠭ᠍ᠰᠡᠨ ᠳᠤ᠂ ᠶᠠᠭ ᠯᠠ ᠬᠤᠸᠭᠳᠧᠩ ᠵᠢᠷᠤᠭ ᠰᠢᠭ ᠭᠦᠰᠢᠭᠦᠨ ᠪᠣᠯᠭᠢ ᠨᠢ ᠠᠷᠭ᠎ᠠ ᠦᠭᠡᠶ ᠶᠠᠭᠤᠮ᠎ᠠ ᠪᠠᠢ᠌ᠵᠠᠢ᠃ ᠢᠯᠠᠭᠳᠠᠯ ᠬᠣᠢ᠌ᠨ᠎ᠠ ᠬᠣᠢ᠌ᠨ᠎ᠠ ᠡᠴᠡ ᠪᠠᠨ ᠴᠥᠷᠭᠦᠯᠡᠭᠡᠤᠨ᠂ ᠰᠡᠭᠦᠳᠡᠷᠯᠡᠭᠦ ᠮᠠᠰᠢᠨ ᠲᠡᠶ ᠯᠠ ᠪᠣᠯ ᠺᠢᠨᠣ᠋ ᠥᠢᠯᠡᠳᠴᠢᠭᠡᠭᠦ ᠰᠠᠢ᠌ᠬᠠᠨ ᠵᠡᠭᠦᠳᠤ ᠨᠢ ᠵᠠᠮᠬᠠᠷᠠᠭᠰᠠᠨ ᠪᠢᠯᠠ᠃ ᠵᠠᠺᠧᠰᠤᠨ ᠤ ᠨᠢᠯᠬ᠎ᠠ ᠪᠠᠯᠴᠢᠷ ᠭᠦᠰᠡᠯᠡᠩ ᠨᠢ ᠪᠣᠳᠠᠳᠤ ᠠᠬᠤᠢ ᠶᠢᠨ ᠬᠠᠳᠠᠭᠤ ᠬᠠᠨᠠᠨ ᠳᠤ ᠮᠥᠷᠭᠦᠭᠡᠤᠨ ᠣᠳᠤᠭ᠎ᠠ ᠣᠨᠢᠶᠠᠷ ᠰᠢᠭ ᠰᠠᠷᠨᠢᠭᠰᠠᠨ ᠪᠣᠯᠪᠠᠴᠤ᠂ ᠳᠠᠷᠠ ᠣᠳᠤᠷᠢᠳᠤᠭᠠᠴᠢ ᠪᠣᠯᠬᠤ ᠭᠦᠰᠡᠯ ᠶᠢᠡᠨ ᠣᠭᠳᠤ ᠳᠠᠶᠠᠭᠳᠠᠭᠰᠠᠨ ᠦᠭᠡᠶ᠂ ᠡᠨᠡ ᠨᠢ ᠵᠥᠪᠭᠡᠨ ᠴᠠᠭ ᠪᠣᠯᠤᠨ ᠨᠥᠭᠦᠴᠡᠯ ᠤᠨ ᠠᠰᠠᠭᠤᠳᠠᠯ ᠭᠡᠵᠤ ᠳᠤᠳᠤᠷ᠎ᠠ ᠪᠠᠨ ᠪᠠᠳᠤ ᠢᠳᠡᠭᠡᠵᠤ ᠪᠠᠢ᠌ᠯ᠎ᠠ᠃ ᠢᠯᠠᠭᠳᠠᠯ ᠤᠨ ᠡᠮᠦᠨ᠎ᠡ ᠳᠠᠷᠠ ᠵᠤᠷᠢᠭ ᠮᠤᠬᠤᠭᠰᠠᠨ ᠦᠭᠡᠶ᠂ ᠺᠢᠨᠣ᠋ ᠣᠷᠠᠯᠢᠭ ᠤᠨ ᠳᠤᠬᠠᠢ ᠨᠤᠮ ᠪᠢᠴᠢᠭ᠌ ᠢ ᠣᠯᠳᠠᠬᠤ ᠶᠢᠨ ᠭᠢᠷᠢ ᠪᠠᠷ ᠴᠤᠭᠯᠠᠭᠤᠯᠤᠨ ᠣᠩᠰᠢᠵᠤ᠂ ᠦᠪᠡᠷ ᠤᠨ ᠣᠯᠤᠯᠳᠠ ᠳᠦᠷᠦᠭ᠍ᠳᠡᠯ ᠶᠢᠡᠨ ᠳ᠋ᠦ᠋ᠩᠨᠠᠵᠤ ᠪᠢᠴᠢᠭᠦ ᠪᠠᠷ ᠪᠠᠷᠠᠬᠤ ᠦᠭᠡᠶ᠂ ᠪᠣᠰᠤᠳ ᠤᠨ ᠰᠡᠭᠦᠳᠡᠷᠯᠡᠭ᠍ᠰᠡᠨ ᠺᠢᠨᠣ᠋ ᠶᠢ ᠵᠠᠬ᠎ᠠ ᠡᠴᠡ ᠨᠢ ᠠᠯᠳᠠᠯ ᠦᠭᠡᠶ ᠦᠵᠡᠵᠤ ᠳᠤᠳᠠᠭᠳᠠᠯ ᠢ ᠨᠢ ᠳᠤᠩᠭ᠋ᠠᠨ ᠰᠢᠭᠦᠮᠵᠢᠯᠡᠳᠡᠭ᠌ ᠪᠠᠢ᠌ᠭᠰᠠᠨ᠃ ᠳᠡᠭᠦᠨ ᠤ ᠠᠮᠠᠨ ᠡᠴᠡ ᠭᠡᠵᠢᠶᠡᠳᠡ ᠪᠠᠨ ᠺᠢᠨᠣ᠋ ᠰᠠᠯᠳᠠᠭ ᠦᠭᠡᠶ ᠡᠴᠡ ᠣᠢ᠌ᠷ᠎ᠠ ᠣᠷᠴᠢᠨ ᠳᠠᠭᠠᠨ 《ᠺᠢᠨᠣ᠋ ᠶᠢᠨ ᠰᠤᠯᠢᠶᠠᠳᠤ》 ᠭᠡᠮᠡᠨ ᠠᠯᠳᠠᠷᠰᠢᠵᠠᠢ᠃
ᠳᠡᠭᠦᠨ ᠤ ᠴᠥᠭᠦᠷᠡᠰᠢ ᠦᠭᠡᠶ ᠴᠢᠷᠮᠠᠢ᠌ᠭᠰᠠᠨ ᠤ ᠠᠴᠢ ᠪᠠᠷ᠂ ᠬᠤᠷᠢᠨ ᠨᠢᠭᠡᠳᠡᠢ ᠵᠢᠯ ᠳᠡᠭᠡᠨ ᠣᠳᠤᠷᠢᠳᠤᠭᠠᠴᠢ ᠪᠣᠯᠬᠤ ᠭᠦᠰᠡᠯ ᠨᠢ ᠪᠠᠶᠡᠯᠡᠭ᠍ᠳᠡᠵᠤ᠂ ᠰᠡᠭᠦᠳᠡᠷᠯᠡᠭ᠍ᠰᠡᠨ ᠺᠢᠨᠣ᠋ ᠨᠢ ᠨᠠᠢ᠌ᠳᠠ ᠣᠯᠠᠨ ᠤ ᠰᠠᠢ᠌ᠰᠢᠶᠠᠯ ᠢ ᠣᠯᠤᠭᠠᠤᠨ ᠨᠢᠭᠡᠯᠡ ᠡᠷᠡᠨ ᠳᠤ ᠨᠠᠷᠠ ᠠᠯᠳᠠᠷᠰᠢᠪᠠ᠃ ᠡᠨᠡ ᠦᠶ᠎ᠡ ᠳᠤ ᠳᠤᠯᠵᠤ ᠢᠷᠡᠭᠡᠤᠨ ᠳᠠᠷᠠ ᠭᠡᠦᠭᠡᠤᠨ ᠦᠶ᠎ᠡ ᠶᠢᠨ ᠭᠦᠰᠡᠯ ᠶᠢᠡᠨ ᠪᠠᠶᠡᠯᠡᠭᠦᠯᠭᠦ ᠴᠠᠭ ᠮᠦᠴᠡ ᠭᠦᠷᠴᠤ ᠢᠷᠠᠯ᠎ᠠ ᠭᠡᠵᠤ ᠪᠠᠷᠳᠠᠮ ᠰᠠᠨᠠᠭᠠᠤᠨ᠂ ᠦᠪᠡᠷ ᠤᠨ ᠰᠠᠨᠠᠭ᠎ᠠ ᠪᠠᠷ ᠶᠢᠡᠨ ᠥᠭᠡᠷ᠎ᠡ ᠶᠠᠩᠵᠤ ᠶᠢᠨ 《ᠠᠯᠮᠠᠰ》 ᠰᠡᠭᠦᠳᠡᠷᠯᠡᠭᠦ ᠭᠡᠤᠨ ᠶᠢᠰᠤᠨ ᠰᠠᠷ᠎ᠠ ᠪᠠᠯᠡᠳᠭᠡᠵᠡᠢ᠃ ᠳᠡᠭᠦᠨ ᠢ ᠶᠠᠭ ᠡᠭᠢᠯᠡᠵᠤ ᠰᠡᠭᠦᠳᠡᠷᠯᠡᠭᠦ ᠭᠡᠵᠤ ᠪᠠᠢ᠌ᠳᠠᠯ᠎ᠠ ᠺᠢᠨᠣ᠋ ᠶᠢᠨ ᠺᠤᠮᠫᠠᠨᠢ ᠶᠢᠨ ᠳᠠᠭᠠᠭᠠᠮᠠᠯ ᠡᠴᠡ ᠵᠠᠷᠯᠢᠭ ᠪᠠᠭᠤᠯᠭᠠᠵᠤ᠂ ᠰᠡᠭᠦᠳᠡᠷᠯᠡᠭᠦ ᠶᠢ ᠨᠢ ᠠᠯᠪᠠ ᠪᠠᠷ ᠵᠤᠭᠰᠤᠭᠠᠭᠰᠠᠨ ᠪᠢᠯᠠ᠃ ᠡᠨᠡ ᠨᠢ ᠶᠠᠭ ᠬᠠᠯᠠᠭᠤᠨ ᠣᠷᠮ᠎ᠠ ᠨᠢ ᠭᠠᠯ ᠰᠢᠭ ᠳᠦᠷᠡᠯᠵᠡᠵᠤ ᠪᠠᠢ᠌ᠭᠰᠠᠨ ᠢᠳᠠᠨ ᠳᠡᠭᠡᠷ᠎ᠡ ᠭᠦᠢᠳᠡᠨ ᠣᠰᠤ ᠠᠰᠬᠠᠭᠰᠠᠨ ᠰᠢᠭ ᠬᠠᠳᠠᠭᠤ ᠴᠤᠭᠢᠯᠳᠠ ᠪᠣᠯᠤᠭᠰᠠᠨ ᠪᠣᠯᠪᠠᠴᠤ᠂ ᠢᠯᠠᠭᠳᠠᠯ ᠤᠨ ᠡᠮᠦᠨ᠎ᠡ ᠳᠤᠯᠤᠭᠠᠢ ᠪᠦᠭᠦᠢᠳᠡᠭ᠌ ᠦᠭᠡᠶ ᠵᠠᠺᠧᠰᠤᠨ᠂ ᠪᠦᠭᠦ ᠰᠠᠤᠠᠭᠢᠯ ᠪᠦᠭᠦ ᠵᠤᠷᠢᠭ ᠶᠢᠡᠨ ᠳᠦᠪᠯᠡᠷᠡᠭᠦᠯᠤᠨ ᠺᠢᠨᠣ᠋ ᠣᠷᠯᠢᠭ ᠤᠨ ᠬᠠᠮᠤᠭ ᠦᠨᠳᠦᠷ ᠮᠡᠷᠭᠡᠵᠢᠯ ᠢ ᠰᠤᠳᠤᠯᠤᠨ ᠭᠦᠭᠡᠭᠡᠴᠡᠯᠳᠦᠵᠤ᠂ ᠳᠤᠬᠠᠢ᠌ᠯᠠᠭᠰᠠᠨ ᠠᠵᠢᠯ ᠤᠨ ᠪᠠᠢ᠌ᠷᠢᠨ ᠳᠠᠭᠠᠨ ᠠᠯᠠᠭᠠᠰᠠᠯ ᠦᠭᠡᠶ ᠴᠢᠷᠮᠠᠢ᠌ᠨ ᠠᠵᠢᠯᠯᠠᠭᠰᠠᠨ ᠪᠠᠢ᠌ᠪᠠ᠃
ᠣᠨ ᠵᠢᠯ ᠤᠨ ᠣᠷᠴᠢᠯ ᠦᠳᠦᠳᠤ ᠰᠤᠮᠤ ᠰᠢᠭ ᠳᠦᠷᠭᠡᠨ᠂ ᠵᠢᠷᠤᠭᠯᠠᠬᠤ ᠮᠠᠰᠢᠨ ᠱᠠᠭᠠᠢ᠌ᠵᠤ ᠰᠡᠭᠦᠳᠡᠷᠯᠡᠭᠦ ᠫᠧᠩ ᠳᠤ ᠮᠤᠩᠭ᠋ᠠᠨᠢᠵᠤ ᠪᠠᠢ᠌ᠭᠠᠤᠨ ᠨᠢᠭᠡ ᠮᠡᠳᠡᠭᠦ ᠳᠤ ᠬᠤᠷᠢᠨ ᠵᠢᠯ ᠤᠨ ᠰᠡᠭᠦᠯᠡᠷᠭᠢ ᠣᠴᠢᠷ ᠪᠣᠯᠵᠤ᠂ ᠳᠡᠭᠦᠨ ᠤ ᠰᠡᠭᠦᠳᠡᠷᠯᠡᠭ᠍ᠰᠡᠨ ᠺᠢᠨᠣ᠋ 《ᠣᠪᠢᠳᠠᠰᠤᠳᠤ ᠪᠦᠭᠡᠵᠢ》 ᠨᠢ ᠳᠡᠯᠡᠭᠡᠢ ᠳᠠᠶᠠᠭᠠᠷ ᠴᠤᠤ ᠮᠠᠠᠳᠤᠵᠤ᠂ ᠭᠡᠳᠤᠨ ᠳᠠᠯ᠎ᠠ ᠪᠠᠷ 《ᠣᠤᠰᠺ》 ᠱᠠᠩᠨᠠᠯ ᠢ ᠭᠦᠷᠳᠡᠵᠡᠢ᠃ ᠡᠨᠡ ᠦᠶ᠎ᠡ ᠳᠤᠯᠵᠤ ᠢᠷᠡᠭᠡᠤᠨ ᠳᠡᠭᠦᠨ ᠤ ᠪᠠᠭ᠎ᠠ ᠶᠢᠨ ᠦᠶ᠎ᠡ ᠶᠢᠨ ᠭᠦᠰᠡᠯ ᠰᠠᠶᠢ ᠪᠠᠶᠡᠯᠡᠭ᠍ᠳᠡᠭᠦ ᠪᠣᠯᠵᠤ᠂ ᠴᠤ᠋ ᠰᠢᠨ᠎ᠠ 《ᠠᠯᠮᠠᠰ》 ᠊᠊᠊᠊᠊᠊᠊᠊᠊᠊᠊᠊᠊᠊᠊ ᠳᠠᠰ ᠡᠴᠡ ᠳᠠᠪᠠᠭᠰᠠᠨ ᠠᠪᠣᠷᠭᠤ ᠳᠤᠮᠤ ᠵᠡᠷᠯᠢᠭ᠌ ᠭᠦᠮᠤᠨ ᠤ ᠭᠠᠷ ᠲᠤ᠂ ᠶᠢᠷᠳᠢᠠᠴᠤ ᠶᠢᠨ ᠭᠦᠮᠤᠨ ᠨᠢ ᠪᠢᠯᠵᠤᠤᠬᠠᠢ ᠶᠢᠨ ᠭᠢᠷᠢᠭᠢᠨ ᠵᠢᠵᠢᠭ᠌ ᠪᠠᠢ᠌ᠳᠠᠭ ᠳᠤᠭᠠᠴᠠᠭᠠᠯᠠᠭᠰᠠᠨ ᠥᠯᠢᠭᠡᠷᠳᠤ ᠺᠢᠨᠣ᠋ ᠶᠢ ᠰᠡᠭᠦᠳᠡᠷᠯᠡᠨ ᠭᠠᠷᠭᠠᠵᠠᠢ᠃ ᠡᠨᠡ ᠺᠢᠨᠣ᠋ ᠨᠢ ᠰᠢᠨ᠎ᠠ ᠮᠡᠷᠭᠡᠵᠢᠯ ᠤᠨ ᠣᠷᠭᠢᠯ ᠢ ᠡᠭᠦᠳᠴᠤ᠂ ᠵᠠᠯᠠᠭᠤ ᠨᠢᠭᠡ ᠦᠶ᠎ᠡ ᠶᠢᠨ ᠭᠢᠨ ᠤ 《ᠠᠯᠮᠠᠰ ᠬᠠᠯᠠᠭᠤᠷᠠᠯ》 ᠢ ᠠᠪᠴᠢᠷᠠᠭᠠᠤᠨ ᠳᠡᠯᠡᠭᠡᠢ ᠳ᠋ᠠᠭᠢᠨ᠎ᠠ ᠠᠯᠳᠠᠷ ᠶᠢᠡᠨ ᠮᠠᠠᠳᠤᠭᠤᠯᠵᠠᠢ᠃ ᠡᠨᠡ ᠴᠤᠬᠤᠮ ᠭᠦ 《ᠳᠤᠤᠭᠠᠷᠬᠤ ᠦᠭᠡᠶ ᠪᠣᠯᠪᠠᠰᠤ ᠳᠠᠭ ᠳᠤᠭᠤᠢ᠂ ᠳᠤᠤᠭᠠᠷᠪᠠᠰᠤ ᠳᠡᠯᠡᠭᠡᠢ ᠶᠢ ᠳᠤᠩᠰᠤᠯᠭᠠᠮᠤᠢ》 ᠭᠡᠭ᠍ᠴᠢ ᠪᠣᠯᠵᠠᠢ᠃
ᠭᠦᠮᠤᠨ ᠤ ᠠᠮᠢᠳᠤᠷᠠᠯ ᠤᠨ ᠵᠠᠮ ᠳᠤ ᠭᠡᠳᠤᠨ ᠭᠤᠴᠢᠨ ᠵᠢᠯ ᠪᠠᠢ᠌ᠳᠠᠭ ᠪᠣᠯ︖ ᠭᠡᠳᠡᠯ᠎ᠡ ᠵᠠᠺᠧᠰᠤᠨ ᠪᠠᠭ᠎ᠠ ᠶᠢᠨ ᠭᠦᠰᠡᠯᠡᠩ ᠶᠢᠡᠨ ᠪᠦᠭᠦᠯᠢ ᠭᠤᠴᠢᠨ ᠵᠢᠯ ᠭᠦᠭᠡᠭᠡᠴᠡᠯᠳᠦᠵᠤ ᠪᠠᠢ᠌ᠭᠠᠤᠨ ᠰᠠᠶᠢ ᠪᠠᠶᠡᠯᠡᠭᠦᠯᠵᠤ᠂ ᠺᠢᠨᠣ᠋ ᠣᠷᠠᠯᠢᠭ ᠤᠨ ᠭᠢᠷᠢ ᠲᠦᠪᠰᠢᠨ ᠤ ᠦᠨᠳᠦᠷ ᠳᠡᠮᠳᠡᠭᠯᠡᠯ ᠢ ᠡᠭᠦᠳᠦᠭ᠍ᠰᠡᠨ ᠪᠠᠢ᠌ᠨ᠎ᠠ᠃ ᠳᠡᠭᠡᠭᠦ ᠳᠤ ᠮᠠᠨ ᠤ ᠵᠠᠷᠢᠮ ᠨᠥᠭᠦᠤᠨ ᠡᠳᠦᠷ ᠲᠤ ᠭᠡᠳᠤ ᠭᠡᠳᠤᠨ ᠭᠦᠰᠡᠯ ᠳᠦᠷᠦᠭ᠍ᠳᠡᠳᠡᠭ᠌ ᠪᠣᠯᠪᠠᠴᠤ᠂ ᠭᠡᠳᠤᠨ ᠡᠳᠦᠷ ᠥᠩᠭᠡᠷᠡᠭ᠍ᠰᠡᠭᠡᠷ ᠮᠠᠷᠳᠠᠭᠠᠤᠨ ᠣᠷᠭᠢᠳᠠᠭ ᠪᠠᠢ᠌ᠨ᠎ᠠ᠃ 《ᠢᠭᠢᠷ᠎ᠠ ᠶᠢ ᠰᠠᠨᠠᠭᠰᠠᠨ ᠢᠮᠠᠭᠠᠨ ᠳᠤ ᠢᠰᠢᠭᠡ ᠦᠭᠡᠶ》 ᠭᠡᠭ᠍ᠴᠢ ᠪᠠᠷ᠂ ᠭᠦᠰᠡᠯ ᠠᠷᠪᠢᠳᠤᠪᠠᠯ ᠶᠠᠭᠤ ᠭᠢᠭᠦ ᠪᠠᠨ ᠣᠯᠬᠤ ᠦᠭᠡᠶ ᠪᠣᠯᠵᠤ᠂ ᠭᠡᠢ ᠭᠦᠰᠡᠯ ᠳᠡᠭᠡᠨ ᠣᠶᠠᠭᠳᠠᠭᠰᠠᠭᠠᠷ ᠪᠠᠢ᠌ᠵᠤ ᠶᠠᠭᠤ ᠴᠤ ᠪᠦᠳᠦᠭᠡᠭᠦ ᠦᠭᠡᠶ ᠬᠤᠭᠤᠰᠤᠳᠠᠬᠤ ᠳᠤ ᠭᠦᠷᠦᠨ᠎ᠡ᠃ ᠳᠡᠭᠡᠭᠦ ᠳᠡᠭᠡᠨ ᠶᠠᠮᠠᠷ ᠭᠦᠰᠡᠯ ᠡᠪᠦᠷᠯᠡᠭ᠍ᠰᠡᠨ ᠴᠤ ᠪᠣᠯᠤᠭ᠂ ᠵᠠᠪᠠᠯ ᠦᠪᠡᠷ ᠤᠨ ᠪᠣᠳᠠᠳᠠᠢ ᠡᠴᠡ ᠡᠭᠦᠰᠴᠤ᠂ ᠭᠢᠵᠤ ᠳᠡᠢ᠌ᠯᠭᠦ ᠭᠡᠪᠴᠢᠶᠡᠨ ᠳᠤᠳᠤᠷ᠎ᠠ ᠪᠠᠨ ᠳᠡᠮᠡᠴᠡᠭᠦ ᠬᠠᠷᠠᠯᠳᠠ ᠪᠠᠨ ᠳᠤᠭᠳᠠᠭᠠᠪᠠᠯ ᠳᠠᠭᠠᠷᠠᠨ᠎ᠠ᠃ ᠵᠢᠱᠢᠶᠠᠯᠠᠪᠠᠯ ᠦᠨᠳᠦᠷ ᠡᠴᠡ ᠰᠥᠷᠳᠡᠭᠦ ᠭᠦᠮᠤᠨ ᠠᠰᠬ᠎ᠠ ᠬᠠᠳᠠ ᠠᠪᠠᠷᠢᠬᠤ᠂ ᠰᠢᠭᠤᠳ ᠰᠠᠷᠠᠯ ᠣᠳᠠᠭᠠᠯᠢᠭ ᠭᠦᠮᠤᠨ ᠣᠷᠤᠯᠳᠤᠭᠠᠨ ᠤ ᠳᠡᠷᠭᠡ ᠵᠢᠯᠤᠭᠤᠤᠠᠬᠤ ᠵᠡᠷᠭᠡ ᠪᠣᠯ ᠪᠦᠷ ᠭᠢᠷᠢᠨ ᠡᠴᠡ ᠭᠡᠳᠦᠷᠡᠭ᠍ᠰᠡᠨ ᠣᠷᠤᠯᠳᠤᠯᠭ᠎ᠠ ᠪᠣᠯᠬᠤᠷ ᠡᠴᠦᠰ ᠲᠡᠭᠡᠨ ᠬᠤᠭᠤᠰᠤᠳᠠᠬᠤ ᠯᠠ ᠳᠡᠭᠦᠰᠦᠯ ᠲᠡᠶ ᠠᠵᠢ᠃ ᠳᠠᠷᠠ ᠣᠯᠠᠨ ᠭᠢᠵᠤ ᠳᠡᠢ᠌ᠯᠭᠦ ᠦᠭᠡᠶ ᠭᠡᠢ ᠭᠦᠰᠡᠯ ᠶᠢᠡᠷ ᠣᠶᠤᠨ ᠰᠠᠨᠠᠭ᠎ᠠ ᠪᠠᠨ ᠮᠢᠡᠴᠦᠷᠡᠭᠦᠯᠭᠦ ᠶᠢᠨ ᠣᠷᠤᠨ ᠳᠤ᠂ ᠦᠪᠡᠷ ᠤᠨ ᠳᠡᠷᠭᠡᠳᠡᠭᠢ ᠪᠠᠭ᠎ᠠ ᠶᠠᠪᠣᠳᠠᠯ ᠡᠴᠡ ᠡᠭᠢᠯᠡᠨ ᠭᠢᠵᠤ ᠪᠠᠢ᠌ᠪᠠᠯ᠂ ᠣᠳᠠᠭᠠᠨ ᠡᠳᠦᠷ ᠵᠤᠵᠠᠭᠠᠨ ᠬᠤᠨᠤᠭ ᠲᠠᠭᠠᠨ ᠬᠤᠷᠠᠮᠳᠤᠭᠠᠤᠨ ᠶᠡᠭᠡ ᠣᠢ᠌ᠯᠠᠰ ᠪᠦᠳᠦᠵᠤ ᠪᠣᠯᠤᠨ᠎ᠠ᠃ ᠶᠠᠮᠠᠷᠪᠠ ᠠᠮᠵᠢᠯᠳᠠ ᠪᠦᠳᠦᠭᠡᠯ ᠨᠢ ᠴᠤ ᠭᠡᠤᠨ ᠨᠢᠭᠡ ᠥᠵᠦᠭᠦᠷᠳᠤ ᠰᠠᠤᠠᠭᠢᠯ ᠶᠢᠡᠷ ᠨᠢᠭᠡ ᠶᠠᠭᠤᠮ᠎ᠠ ᠶᠢ ᠭᠦᠭᠡᠭᠡᠴᠡᠯᠳᠦᠵᠤ ᠪᠠᠢ᠌ᠭᠠᠤᠨ ᠪᠦᠳᠦᠭᠡᠭ᠍ᠰᠡᠨ ᠶᠤᠮ ᠰᠢᠤ︕
ᠵᠤᠬᠢᠶᠠᠭᠴᠢ᠄ ᠨᠣ᠋·ᠪᠠᠭᠠᠳᠤᠷ
ᠳᠠᠷᠤᠮ᠄ 9848
ᠴᠠᠭ᠄ 2009 ᠤᠨ ᠤ 04 ᠰᠠᠷ᠎ᠠ ᠶᠢᠨ 29