ᠨᠡᠪᠲᠡᠷᠡᠨ ᠤᠷᠤᠬᠤ
ᠭᠤᠷᠪᠠᠳᠤᠭᠠᠷ ᠪᠦᠯᠦᠭ ᠂ ᠵᠢᠳᠭᠦᠯ ᠲᠡᠮᠡᠴᠡᠯ ᠤᠨ ᠢᠷᠡᠭᠤ ᠳᠠᠭᠤᠯᠠᠯ
ᠬᠤᠶᠠᠳᠤᠭᠠᠷ ᠬᠡᠰᠡᠭ ᠂ ᠠᠮᠵᠢᠯᠳᠠ ᠣᠯᠬᠤ ᠬᠤᠤᠰ ᠳᠠᠯᠠᠪᠴᠢ

ᠵᠤᠷᠢᠭ ᠳᠠᠪᠴᠢᠶᠠᠷᠢ ᠪᠣᠯᠤᠨ ᠢᠳᠡᠭᠡᠯ ᠵᠢᠷᠤᠮ ᠪᠣᠯ ᠠᠮᠵᠢᠯᠳᠠ ᠣᠯᠬᠤ ᠬᠤᠤᠰ ᠳᠠᠯᠠᠪᠴᠢ ᠮᠦᠨ᠃


᠊᠊᠊᠊᠊᠊᠊᠊᠊᠊᠊᠊᠊᠊᠊᠊᠊᠊᠊᠊᠊᠊᠊᠊᠊ ᠸᠧᠨ ᠯᠢᠶᠠᠩ


ᠳᠠᠷᠠ ᠰᠢᠶᠠᠩᠭ᠋ᠠᠩ ᠤᠨ ᠨᠢᠭᠡ ᠶᠠᠳᠠᠭᠤ ᠠᠢ᠌ᠯ ᠳᠤ ᠲᠦᠷᠦᠵᠤ᠂ ᠳᠤᠯᠤᠭᠠᠨ ᠨᠠᠰᠤᠳᠠᠢ ᠳᠠᠭᠠᠨ ᠰᠢ ᠶᠢᠨ ᠠᠩᠭᠢ ᠳᠤ ᠭᠦᠷᠭᠡᠭ᠍ᠳᠡᠵᠤ ᠰᠢ ᠰᠤᠷᠤᠯᠴᠠᠵᠠᠢ᠃ ᠳᠤᠬᠠᠢ ᠶᠢᠨ ᠦᠶᠡᠰ᠂ ᠰᠢ ᠵᠥᠴᠦᠭᠡᠴᠢᠨ ᠭᠡᠭ᠍ᠴᠢ ᠨᠡᠢ᠌ᠭᠡᠮ ᠤᠨ ᠳᠤᠤᠷᠠᠳᠤ ᠳᠠᠪᠬᠤᠷᠭ᠎ᠠ ᠶᠢᠨ ᠭᠦᠮᠤᠨ ᠤ ᠭᠢᠭᠦ ᠠᠵᠢᠯ ᠪᠠᠢ᠌ᠵᠤ᠂ ᠣᠠᠳᠤᠷᠤᠯᠭ᠎ᠠ ᠪᠠᠨ ᠠᠯᠳᠠᠭᠰᠠᠨ ᠨᠢᠴᠦᠭᠡᠨ ᠶᠠᠳᠠᠭᠤ ᠪᠢᠰᠢ ᠯᠠ ᠪᠣᠯ ᠭᠡᠦᠭᠡᠤᠨ ᠶᠢᠡᠨ ᠰᠢ ᠰᠤᠷᠭᠠᠳᠠᠭ ᠦᠭᠡᠶ᠃ ᠳᠡᠭᠡᠭᠦ ᠳᠡᠭᠡᠨ ᠰᠢ ᠶᠢᠨ ᠠᠩᠭᠢ ᠨᠢ ᠭᠡᠷ ᠤᠨ ᠠᠬᠠᠮᠠᠤᠨ ᠲᠡᠶ ᠥᠭᠦᠵᠤ ᠰᠡᠭᠡᠭᠦ ᠶᠢ ᠨᠢ ᠪᠠᠳᠤᠯᠠᠬᠤ ᠦᠭᠡᠶ ᠭᠡᠷ᠎ᠡ ᠳᠤᠭᠳᠠᠵᠤ᠂ ᠭᠡᠨᠡᠳᠡᠯ ᠭᠡᠮᠳᠦᠯ ᠶᠢᠡᠷ ᠥᠭᠦᠭᠦ ᠶᠢ ᠬᠠᠷᠢᠭᠤᠴᠠᠬᠤ ᠦᠭᠡᠶ ᠠᠵᠢ᠃ ᠰᠢ ᠰᠤᠷᠭᠠᠭᠴᠢ ᠨᠡᠷ ᠭᠡᠦᠭᠡᠤᠨ ᠲᠤ ᠳᠤᠩ ᠬᠠᠷᠠᠳᠠᠢ ᠪᠠᠢ᠌ᠵᠤ᠂ ᠥᠨᠡᠭᠡᠨ ᠬᠠᠷᠠᠩᠭ᠋ᠤᠢ ᠪᠠᠷ ᠪᠣᠰᠬᠠᠨ ᠪᠣᠯᠪᠠᠰᠤᠷᠠᠯ ᠭᠢᠯᠭᠡᠵᠤ᠂ ᠦᠳᠡᠰᠢ ᠶᠢᠨ ᠭᠦᠨ ᠪᠣᠯᠳᠠᠯ᠎ᠠ ᠬᠠᠷ᠎ᠠ ᠠᠵᠢᠯ ᠳᠠᠭᠠᠨ ᠪᠣᠭᠤᠯ ᠰᠢᠭ ᠶᠢᠡᠨ ᠵᠠᠷᠤᠬᠤ ᠪᠠᠷ ᠪᠠᠷᠠᠬᠤ ᠦᠭᠡᠶ᠂ ᠪᠠᠭ᠎ᠠ ᠯᠠ ᠰᠠᠨᠠᠭᠠᠨ ᠳ᠋ᠤᠨᠢ ᠨᠡᠢ᠌ᠯᠭᠦ ᠦᠭᠡᠶ ᠪᠣᠯᠤᠭᠰᠠᠭᠠᠷ ᠥᠭᠡᠷ ᠮᠠᠯ ᠢ ᠵᠤᠳᠤᠬᠤ ᠰᠢᠭ ᠡᠯᠳᠡᠨ ᠳᠠᠮᠤᠯᠠᠳᠠᠭ ᠪᠠᠢ᠌ᠪᠠ᠃ ᠳᠠᠷᠠ ᠭᠤᠶᠠᠳᠠᠭᠳᠠᠨ ᠴᠤᠭᠢᠭᠳᠠᠭᠠᠤᠨ ᠳᠡᠰᠭᠦ ᠦᠭᠡᠶ ᠪᠣᠯᠬᠤ ᠳᠠᠭᠠᠨ ᠭᠡᠷ ᠲᠡᠭᠡᠨ ᠳᠤᠳᠠᠭᠠᠵᠤ ᠬᠠᠷᠢᠭᠰᠠᠨ ᠳᠤ᠂ ᠡᠴᠢᠭᠡ ᠨᠢ ᠠᠭᠤᠷᠯᠠᠭᠠᠤᠨ ᠴᠢᠭᠢ ᠶᠢ ᠨᠢ ᠮᠤᠰᠭᠢᠨ ᠭᠦᠰᠡᠷ᠎ᠡ ᠵᠤᠭᠰᠤᠭᠠᠵᠤ :

《ᠭᠦᠮᠤᠨ ᠪᠣᠯᠬᠤ ᠶᠢᠨ ᠡᠭᠢᠨ ᠤ ᠠᠯᠬᠤᠮ ᠪᠣᠯ ᠢᠳᠡᠭᠡᠯ ᠵᠢᠷᠤᠮ ᠢ ᠰᠠᠭᠢᠬᠤ ᠶᠠᠪᠣᠳᠠᠯ ᠪᠣᠯᠤᠨ᠎ᠠ᠃ ᠨᠢᠭᠡ᠊ᠨᠳᠡ ᠭᠦᠮᠤᠨ ᠳᠤ ᠱᠠᠪᠢ ᠣᠷᠤᠬᠤ ᠪᠠᠷ ᠭᠡᠷ᠎ᠡ ᠳᠤᠭᠳᠠᠴᠢᠬᠠᠭᠰᠠᠨ ᠪᠠᠢ᠌ᠪᠠᠯ ᠢᠳᠡᠭᠡᠯ ᠵᠢᠷᠤᠮ ᠤᠨ ᠠᠮᠯᠠᠯ ᠶᠢᠡᠨ ᠦᠭ‍ᠭᠦᠭ᠍ᠰᠡᠨ ᠶᠠᠪᠣᠳᠠᠯ ᠮᠦᠨ᠂ ᠪᠢᠳᠠ ᠭᠦᠮᠤᠨ ᠨᠢ ᠶᠠᠳᠠᠭᠤ ᠴᠤ ᠰᠦᠰᠦ ᠵᠤᠷᠢᠭ ᠶᠢᠡᠷ ᠶᠠᠳᠠᠭᠤ ᠪᠠᠢ᠌ᠵᠤ ᠪᠣᠯᠬᠤ ᠦᠭᠡᠶ᠃ ᠶᠠᠮᠠᠷᠪᠠ ᠶᠠᠪᠣᠳᠠᠯ ᠢ ᠴᠤ ᠬᠠᠭᠠᠰ ᠬᠤᠭᠤᠰ ᠵᠤᠭᠰᠤᠳᠠᠭ ᠭᠦᠮᠤᠨ ᠨᠠᠰᠤᠨ ᠳᠠᠭᠠᠨ ᠳᠡᠪᠠᠯᠡᠭᠦ ᠦᠭᠡᠶ ᠶᠢ ᠮᠠᠳᠠᠵᠤ ᠠᠪ︕》 ᠭᠡᠵᠤ ᠴᠢᠩᠭ᠋᠎ᠠ ᠳᠤᠩᠭ᠋ᠤᠳᠤᠭᠠᠤᠨ ᠰᠢ ᠶᠢᠨ ᠠᠩᠭᠢ ᠳ᠋ᠤᠨᠢ ᠭᠦᠭᠡᠭᠡᠨ ᠶᠠᠪᠣᠭᠤᠯᠵᠠᠢ᠃ ᠳᠡᠭᠦᠨ ᠳᠤ ᠦᠶᠡᠴᠤᠤᠯ ᠲᠡᠶ ᠪᠠᠨ ᠠᠳᠠᠯᠢ ᠡᠴᠢᠭᠡ ᠡᠭᠡ ᠶᠢᠨ ᠡᠯᠢᠭᠡᠨ ᠳᠤ ᠡᠷᠭᠡᠯᠡᠵᠤ᠂ ᠡᠷᠪᠠᠭᠡᠢ ᠳᠤᠭᠤᠨ ᠬᠤᠷᠤᠬᠠᠢ ᠴᠢᠮᠭᠢᠭᠦ ᠬᠤᠪᠢ ᠵᠠᠶᠠᠭ᠎ᠠ ᠪᠠᠢ᠌ᠭᠰᠠᠨ ᠦᠭᠡᠶ᠂ ᠨᠠᠩ ᠴᠤ ᠭᠢᠴᠢᠶᠠᠯ ᠤᠨ ᠳᠠᠩᠭᠢᠮ ᠳᠤ ᠥᠰᠦᠭ᠌ ᠨᠢᠳᠦᠯᠡᠭᠦ ᠵᠤᠯ ᠵᠠᠪᠰᠢᠶᠠᠨ ᠪᠠᠢ᠌ᠭᠰᠠᠨ ᠦᠭᠡᠶ᠃ ᠵᠥᠪᠭᠡᠨ ᠰᠢ ᠰᠤᠷᠭᠠᠭᠴᠢ ᠶᠢᠨ ᠰᠤᠷ ᠳᠠᠰᠢᠭᠤᠷ ᠲᠤ ᠭᠦᠷᠪᠠᠢ᠌ᠳᠡᠯ᠎ᠡ ᠭᠤᠶᠠᠳᠠᠭᠳᠠᠭᠰᠠᠨ ᠰᠢᠷᠬ᠎ᠠ ᠰᠤᠷᠪᠢ ᠪᠠᠨ ᠢᠯᠪᠢᠯᠭᠢᠯᠠᠨ᠂ ᠣᠷᠤᠰᠬᠤ ᠨᠢᠯᠪᠣᠰᠤ ᠪᠠᠨ ᠳᠤᠳᠤᠭᠰᠢ ᠪᠠᠨ ᠵᠠᠯᠭᠢᠯᠠᠵᠤ ᠬᠠᠷᠢᠮᠠᠭ ᠳᠠᠭᠠᠷᠠᠭᠤᠯᠤᠭᠰᠠᠨ ᠡᠭᠡᠷᠦᠦᠯ ᠠᠳᠠᠯᠢ ᠵᠤᠭᠰᠤᠯ ᠦᠭᠡᠶ ᠭᠦᠶ‍ᠦᠵᠤ ᠪᠠᠢ᠌ᠯ᠎ᠠ᠃ ᠳᠠᠷᠠᠪᠠᠷ ᠡᠢ᠌ᠮᠦᠷᠭᠦ ᠬᠠᠳᠠᠭᠤ ᠪᠣᠯᠪᠠᠰᠤᠷᠠᠯ ᠳᠤ ᠰᠢᠮᠳᠠᠨ ᠰᠢᠷᠭᠠᠭᠤ ᠬᠠᠳᠠᠭᠤᠵᠢᠯᠳᠠᠢ ᠠᠷᠪᠠᠨ ᠭᠡᠳᠤᠨ ᠬᠠᠪᠣᠷ ᠨᠠᠮᠤᠷ ᠢ ᠣᠭᠳᠤᠨ ᠠᠪᠴᠢᠷᠠᠬᠤ ᠳᠤ᠂ 《ᠴᠢᠩᠭ᠋᠎ᠠ ᠪᠠᠭᠰᠢ ᠡᠴᠡ ᠴᠢᠳᠠᠯᠳᠠᠢ ᠱᠠᠪᠢ ᠭᠠᠷᠤᠨ᠎ᠠ》 ᠭᠡᠳᠡᠭ᠌ ᠶᠢᠡᠷ᠂ ᠰᠤᠷᠤᠭᠰᠠᠨ ᠮᠡᠷᠭᠡᠵᠢᠯ ᠨᠢ ᠳᠤᠩ ᠦᠨᠳᠦᠷ ᠭᠢᠷᠢ ᠲᠦᠪᠰᠢᠨ ᠳᠤ ᠭᠦᠷᠴᠤ ᠪᠢᠯᠠ᠃ ᠡᠨᠡ ᠦᠶᠡᠰ ᠳᠤᠮᠳᠠᠳᠤ ᠣᠯᠤᠰ ᠤᠨ ᠰᠢ ᠵᠥᠴᠦᠭᠡ ᠨᠢᠭᠡ᠊ᠨᠳᠡ ᠣᠷᠤᠭᠤᠳᠠᠬᠤ ᠵᠠᠮ ᠳᠠᠭᠠᠨ ᠣᠷᠤᠵᠤ 《ᠺᠢᠨᠣ᠋》 ᠭᠡᠭ᠍ᠴᠢ ᠰᠢᠨ᠎ᠠ ᠣᠷᠠᠯᠢᠭ ᠰᠡᠷᠭᠦᠨ ᠮᠠᠠᠳᠤᠵᠤ᠂ ᠵᠠᠬ᠎ᠠ ᠳᠡᠯᠭᠡᠭᠦᠷ ᠢ ᠡᠵᠡᠯᠡᠵᠤ ᠡᠭᠢᠯᠡᠭ᠍ᠰᠡᠨ ᠪᠠᠢ᠌ᠵᠠᠢ᠃ ᠳᠠᠷᠠ ᠦᠶ᠎ᠡ ᠶᠢᠨ ᠳᠤᠭᠯᠠᠭᠴᠢ ᠶᠢ ᠪᠦᠷ ᠰᠠᠢ᠌ᠬᠠᠨ ᠳᠦᠷᠦᠭ᠍ᠰᠡᠨ ᠭᠦᠮᠤᠨ ᠢ ᠰᠤᠩᠭ᠋ᠤᠳᠠᠭ ᠪᠣᠯᠬᠤᠷ᠂ ᠵᠥᠴᠦᠭᠡ ᠳᠤᠭᠯᠠᠬᠤ ᠮᠡᠷᠭᠡᠵᠢᠯ ᠨᠢ ᠭᠢᠷᠢ ᠵᠡᠷᠭᠡ ᠦᠨᠳᠦᠷ ᠪᠠᠢ᠌ᠯ᠎ᠠ ᠴᠤ᠂ ᠣᠨᠢᠭᠠᠷ ᠨᠢᠳᠤ ᠯᠠᠠᠳᠠᠭᠠᠷ ᠬᠠᠮᠠᠷ ᠲᠡᠶ ᠳᠡᠭᠦᠨ ᠢ ᠭᠡᠷᠡᠭᠯᠡᠭᠦ ᠭᠦᠮᠤᠨ ᠳᠠᠮᠠᠢ ᠭᠠᠷᠤᠭᠰᠠᠨ ᠦᠭᠡᠶ᠃

ᠭᠡᠳᠤᠨ ᠵᠢᠯ ᠤᠨ ᠳᠠᠷᠠᠭ᠎ᠠ᠂ ᠪᠣᠰᠤᠳ ᠤᠨ ᠳᠠᠨᠢᠯᠴᠠᠭᠤᠯᠭ᠎ᠠ ᠪᠠᠷ ᠳᠠᠷᠠ ᠰᠢᠶᠠᠩᠭ᠋ᠠᠩ ᠤᠨ 《ᠱᠤᠤ ᠣᠪᠣᠭᠳᠠᠨ ᠤ ᠺᠢᠨᠣ᠋ ᠥᠢᠯᠡᠳᠭᠦ ᠺᠤᠮᠫᠠᠨᠢ》 ᠳᠤ ᠣᠷᠤᠵᠤ ᠰᠤᠯᠠ ᠠᠵᠢᠯᠳᠠᠨ ᠪᠣᠯᠪᠠ᠃ ᠳᠡᠭᠦᠨ ᠤ ᠭᠢᠭᠦ ᠠᠵᠢᠯ ᠭᠡᠪᠠᠯ ᠵᠤᠷᠯᠤᠩ ᠴᠠᠪᠠᠷᠯᠠᠨ ᠭᠦᠷᠢᠶ᠎ᠡ ᠬᠠᠰᠢᠶ᠎ᠠ ᠱᠥᠭᠦᠷᠳᠡᠳᠡᠭ᠌᠃ ᠺᠢᠨᠣ᠋ ᠥᠢᠯᠡᠳᠭᠦ ᠦᠶᠡᠰ ᠰᠤᠯᠠ ᠳᠤᠭᠯᠠᠭᠴᠢ ᠳᠤᠳᠠᠭᠳᠠᠪᠠᠯ ᠳᠡᠭᠦᠨ ᠢ ᠲᠦᠷ ᠳᠠᠭᠤᠳᠠᠨ ᠭᠡᠷᠡᠭᠯᠡᠳᠡᠭ᠌ ᠪᠠᠢ᠌ᠯ᠎ᠠ᠃ ᠡᠨᠡ ᠦᠶᠡᠰ ᠣᠳᠤᠷᠢᠳᠤᠭᠠᠴᠢ ᠡᠴᠡ ᠡᠩ ᠤᠨ ᠳᠤᠭᠯᠠᠭᠴᠢ ᠭᠦᠷᠳᠡᠯ᠎ᠡ ᠪᠦᠷ ᠳᠡᠭᠦᠨ ᠳᠤ 《ᠨᠤᠶᠠᠨ》 ᠪᠠᠢ᠌ᠵᠤ᠂ 《ᠬᠠᠮᠠᠷᠳᠤ》 ᠭᠡᠵᠤ ᠬᠤᠴᠢᠯᠠᠭᠠᠤᠨ ᠬᠠᠷᠢᠶᠠᠨ ᠵᠠᠩᠨᠠᠵᠤ᠂ ᠵᠥᠭ᠌ ᠵᠥᠭ᠌ ᠲᠡᠭᠡᠨ ᠵᠠᠷᠤᠭᠠᠤᠨ ᠱᠤᠭᠰᠢᠳᠠᠯ᠎ᠠ ᠭᠦᠶ‍ᠦᠯᠭᠡᠵᠤ ᠪᠠᠢ᠌ᠪᠠ᠃ ᠳᠡᠭᠡᠯ᠎ᠡ ᠴᠤ ᠳᠡᠭᠦᠨ ᠤ ᠨᠢᠳᠤᠷᠭᠠᠨ ᠡᠷᠳᠡᠮ ᠨᠢ ᠵᠥᠴᠦᠭᠡᠴᠢᠨ ᠤ ᠡᠩᠨᠡᠭᠡᠨ ᠳᠡᠭᠡᠨ ᠣᠭᠢ ᠰᠤᠳᠤ ᠨᠢ ᠪᠣᠯᠵᠤ ᠪᠠᠢ᠌ᠭᠰᠠᠨ ᠶᠢᠡᠷ᠂ ᠵᠤᠳᠤᠭᠠᠨ ᠨᠥᠳᠦᠭᠡᠨ ᠤ ᠺᠢᠨᠣ᠋ ᠥᠢᠯᠡᠳᠭᠦ ᠪᠦᠷᠢ ᠳᠡᠭᠦᠨ ᠢ ᠪᠠᠶ᠎ᠠ ᠣᠷᠤᠯᠠᠬᠤ ᠳᠤᠭᠯᠠᠭᠴᠢ ᠪᠠᠷ ᠭᠡᠷᠡᠭᠯᠡᠳᠡᠭ᠌ ᠪᠠᠢ᠌ᠨ᠎ᠠ᠃

ᠨᠢᠭᠡᠨ ᠡᠳᠦᠷ᠂ ᠥᠭᠡᠷ᠎ᠡ ᠨᠢᠭᠡᠨ ᠺᠢᠨᠣ᠋ ᠥᠢᠯᠡᠳᠭᠦ ᠺᠤᠮᠫᠠᠨᠢ ᠶᠢᠨ ᠡᡁᠧ ᠣᠪᠣᠭᠳᠠᠢ ᠳᠠᠭᠠᠭᠠᠮᠠᠯ ᠳᠡᠭᠦᠨ ᠤ ᠡᠷᠳᠡᠮ ᠢ ᠳᠤᠭᠤᠵᠤ᠂ ᠳᠡᠭᠦᠨ ᠳᠤ ᠵᠠᠭᠤᠨ ᠲᠦᠮᠡᠨ ᠳᠦᠭᠦᠷᠢᠭ᠌ ᠤᠨ ᠵᠤᠭᠤᠰᠤᠨ ᠳᠡᠮᠳᠡᠭ᠌ ᠭᠠᠷᠳᠠᠭᠤᠯᠤᠭᠠᠤᠨ :

《ᠴᠢ ᠱᠤᠤ ᠣᠪᠣᠭᠳᠠᠨ ᠤ ᠺᠤᠮᠫᠠᠨᠢ ᠶᠢᠨ ᠠᠵᠢᠯ ᠶᠢᠡᠨ ᠬᠠᠶᠠᠭᠠᠤᠨ ᠮᠢᠨᠤ ᠳᠠᠠᠳᠠ ᠣᠴᠢ᠂ ᠪᠢ ᠦᠨᠳᠦᠷ ᠴᠠᠯᠢᠩ ᠥᠭ᠍ᠴᠤ ᠭᠤᠤᠯ ᠳᠤᠭᠯᠠᠭᠴᠢ ᠪᠣᠯᠭᠠᠶ᠎ᠠ》 ᠭᠡᠵᠡᠢ᠃ ᠡᠩ ᠤᠨ ᠨᠢᠭᠡ ᠠᠵᠢᠯᠴᠢᠨ ᠳᠤ ᠠᠪᠴᠤ ᠭᠡᠯᠡᠪᠠᠯ ᠵᠠᠭᠤᠨ ᠲᠦᠮᠡ ᠭᠡᠭ᠍ᠴᠢ ᠳᠤᠭᠠᠯᠠᠬᠤ ᠳᠤ ᠪᠠᠷᠭᠡᠳᠡᠢ ᠶᠡᠭᠡ ᠭᠦᠷᠦᠩᠭᠡ ᠪᠠᠢ᠌ᠭᠰᠠᠨ ᠶᠤᠮ᠃ ᠳᠠᠷᠠ ᠡᠨᠡ ᠵᠤᠭᠤᠰ ᠢ ᠡᠪᠦᠷᠳᠦᠯᠡᠭᠡᠤᠨ ᠬᠤᠶᠠᠷ ᠡᠳᠦᠷ ᠦᠵᠡᠯ ᠰᠠᠨᠠᠭᠠᠨ ᠤ ᠳᠠᠮᠠᠴᠠᠯ ᠪᠣᠯᠵᠤ᠂ ᠢᠳᠡᠭᠡᠤᠨ ᠠᠮᠳᠠ ᠦᠭᠡᠶ ᠣᠨᠳᠠᠭᠠᠤᠨ ᠨᠣᠢ᠌ᠷ ᠭᠦᠷᠭᠦ ᠦᠭᠡᠶ ᠪᠣᠯᠪᠠ᠃ ᠱᠤᠤ ᠣᠪᠣᠭᠳᠠᠨ ᠤ ᠺᠤᠮᠫᠠᠨᠢ ᠳᠡᠭᠦᠨ ᠢ ᠭᠡᠳᠥᠢ᠌ᠪᠠᠷ ᠭᠦᠡᠳᠤ ᠪᠠᠷ ᠭᠡᠷᠡᠭᠯᠡᠭ᠍ᠰᠡᠨ ᠦᠭᠡᠶ ᠪᠣᠯᠪᠠᠴᠤ᠂ ᠬᠠᠮᠤᠭ ᠠᠩᠬᠠᠨ ᠤ 《ᠪᠣᠳᠠᠭᠠᠨ ᠠᠶᠠᠭ᠎ᠠ》 ᠵᠢ ᠨᠢ ᠪᠠᠷᠢᠭᠤᠯᠤᠭᠰᠠᠨ ᠠᠴᠢᠳᠤ ᠭᠦᠮᠤᠨ ᠳᠤᠯᠠ ᠵᠤᠭᠤᠰ ᠥᠵᠡᠮᠡᠭ᠍ᠴᠡ ᠨᠢᠳᠤ ᠣᠯᠠᠢ᠌ᠵᠤ ᠣᠷᠭᠢᠭᠠᠤᠨ ᠶᠠᠪᠣᠴᠢᠬᠤ ᠨᠢ ᠵᠤᠭᠢᠬᠤ ᠦᠭᠡᠶ ᠰᠠᠨᠠᠭᠳᠠᠪᠠ᠃ ᠦᠪᠡᠷ ᠤᠨ ᠪᠠᠶ᠎ᠠ ᠨᠢ ᠶᠠᠭᠠᠭᠢᠵᠤ ᠭᠦᠴᠢᠷᠳᠡᠢ ᠠᠮᠢᠳᠤᠷᠠᠵᠤ ᠪᠠᠢ᠌ᠯ᠎ᠠ ᠴᠤ 《ᠭᠦᠮᠤᠨ ᠪᠣᠯᠬᠤ ᠳᠤ ᠣᠷᠢᠳᠠᠪᠠᠷ ᠢᠳᠡᠭᠡᠯ ᠵᠢᠷᠤᠮ ᠢ ᠡᠷᠭᠢᠮᠯᠡᠭᠦ ᠭᠡᠷᠡᠭ᠍ᠳᠡᠢ》 ᠭᠡᠰᠡᠨ ᠡᠴᠢᠭᠡ ᠶᠢᠨ ᠰᠤᠷᠭᠠᠯ ᠡᠷᠭᠢᠴᠡᠭᠦᠯᠦᠭ᠍ᠳᠡᠭᠡᠤᠨ ᠢᠷᠡᠭᠦ ᠪᠠᠷ᠂ ᠵᠤᠭᠤᠰ ᠢ ᠨᠢ ᠳᠤᠤᠷ᠎ᠠ ᠪᠠᠨ ᠪᠣᠴᠠᠭᠠᠭᠰᠠᠨ ᠪᠢᠯᠠ᠃

ᠡᠨᠡ ᠣᠴᠢᠷ ᠨᠡᠢ᠌ᠭᠡᠮ ᠳᠡᠭᠡᠷ᠎ᠡ ᠣᠯᠠᠮᠵᠢᠯᠠᠭᠳᠠᠮᠠᠭᠴᠠ ᠰᠤᠨᠤᠰᠤᠭᠰᠠᠨ ᠪᠦᠭᠦᠨ ᠤ ᠪᠢᠰᠢᠷᠠᠯ ᠢ ᠭᠦᠷᠳᠡᠵᠤ ᠳᠤᠩ ᠶᠡᠭᠡ ᠨᠥᠯᠦᠭᠡ ᠳᠤᠰᠬᠠᠯ ᠭᠠᠷᠭᠠᠵᠠᠢ᠃ ᠱᠤᠤ ᠣᠪᠣᠭᠳᠠᠨ ᠤ ᠺᠤᠮᠫᠠᠨᠢ ᠳᠡᠭᠦᠨ ᠢ ᠣᠯᠠᠮ ᠭᠦᠡᠳᠤ ᠪᠠᠷ ᠭᠡᠷᠡᠭᠯᠡᠵᠤ᠂ ᠳᠡᠭᠦᠨ ᠶᠢᠡᠷ 《ᠢᠨᠢᠶᠠᠳᠤᠮᠳᠤ ᠠᠪᠳᠠᠯ ᠰᠤᠨᠢᠨ ᠨᠢᠳᠤᠷᠭ᠎ᠠ》 ᠭᠡᠭᠦ ᠺᠢᠨᠣ᠋ ᠳᠤᠭᠯᠠᠭᠤᠯᠤᠭᠠᠤᠨ ᠪᠧᠯᠧᠲ᠋ ᠬᠤᠳᠠᠯᠳᠤᠭᠰᠠᠨ ᠦᠨᠳᠦᠷ ᠳᠡᠮᠳᠡᠭᠯᠡᠯ ᠢ ᠡᠭᠦᠳᠴᠡᠢ᠃ ᠢᠩᠭᠢᠭᠡᠤᠨ ᠳᠠᠷᠠ ᠨᠢᠭᠡᠯᠡ ᠳᠤᠤᠷ᠎ᠠ ᠨᠠᠷ᠎ᠠ ᠭᠠᠷᠴᠤ ᠳᠡᠯᠡᠭᠡᠢ ᠳ᠋ᠠᠭᠢᠨ᠎ᠠ ᠠᠯᠳᠠᠷ ᠶᠢᠡᠨ ᠮᠠᠠᠳᠤᠭᠤᠯᠵᠤ ᠭᠠᠷᠪᠠ᠃ ᠳᠠᠷᠠ ᠪᠣᠯ ᠰᠢᠶᠠᠩᠭ᠋ᠠᠩ ᠤᠨ ᠠᠯᠳᠠᠷᠳᠤ ᠳᠤᠭᠯᠠᠭᠴᠢ᠂ ᠨᠠᠷᠠᠳᠤ ᠳᠠᠭᠤᠴᠢᠨ ᠴᠸᠩ ᠯᠦᠩ ᠪᠣᠯᠤᠨ᠎ᠠ᠃ ᠳᠠᠷᠠᠪᠠᠷ ᠺᠢᠨᠣ᠋ ᠣᠷᠯᠢᠭ ᠤᠨ ᠬᠠᠷᠭᠤᠢ ᠳᠤ ᠭᠦᠯ ᠭᠢᠰᠭᠢᠭ᠍ᠰᠡᠨ ᠡᠴᠡ ᠠᠪᠣᠭᠠᠤᠨ ᠭᠤᠴᠢᠭᠠᠤᠨ ᠵᠢᠯ ᠤᠨ ᠳᠤᠷᠰᠢ ᠠᠮᠢ ᠴᠦᠯᠠᠨ ᠵᠥᠴᠦᠭᠡ ᠳᠤᠭᠯᠠᠵᠤ᠂ ᠬᠤᠷᠢ ᠶ‍ᠢᠰᠤᠨ ᠣᠳᠠᠭ᠎ᠠ ᠭᠦᠡᠳᠤ ᠰᠢᠷᠠᠭᠳᠤᠭᠰᠠᠨ ᠪᠣᠯᠪᠠᠴᠤ ᠠᠵᠢᠯ ᠶᠢᠡᠨ ᠵᠤᠭᠰᠤᠭᠰᠠᠨ ᠦᠭᠡᠶ᠂ ᠨᠠᠶᠠᠨ ᠭᠡᠳᠤᠨ ᠳᠤᠮᠤ ᠺᠢᠨᠣ᠋ ᠳᠤᠭᠯᠠᠭᠰᠠᠨ ᠪᠠᠢ᠌ᠨ᠎ᠠ᠃

ᠠᠯᠳᠠᠷ ᠨᠠᠷ᠎ᠠ ᠮᠠᠠᠳᠤᠨ᠎ᠠ ᠭᠡᠭ᠍ᠴᠢ ᠨᠢᠭᠡ ᠡᠳᠦᠷ ᠨᠢᠭᠡ ᠴᠠᠭ ᠤᠨ ᠴᠢᠷᠮᠠᠢ᠌ᠯᠭ᠎ᠠ ᠪᠠᠷ ᠢᠷᠡᠭᠦ ᠶᠠᠭᠤᠮ᠎ᠠ ᠪᠢᠰᠢ᠃ ᠴᠸᠩ ᠯᠦᠩ ᠤᠨ ᠠᠮᠵᠢᠯᠳᠠ ᠪᠣᠯ ᠳᠦᠴᠢᠨ ᠵᠢᠯ ᠤᠨ ᠰᠢᠷᠭᠠᠭᠤ ᠭᠦᠳᠡᠯᠮᠦᠷᠢ ᠪᠠᠷ ᠰᠤᠯᠢᠵᠤ ᠠᠪᠴᠢᠷᠠᠭᠰᠠᠨ ᠪᠠᠢ᠌ᠳᠠᠭ᠃ ᠡᠭᠦᠨ ᠶᠢᠡᠷ ᠪᠠᠷᠠᠬᠤ ᠦᠭᠡᠶ᠂ ᠢᠳᠡᠭᠡᠯ ᠵᠢᠷᠤᠮ ᠤᠨ ᠡᠷᠭᠢᠮᠯᠡᠯ ᠪᠣᠯ ᠴᠸᠩ ᠯᠦᠩ ᠤᠨ ᠠᠮᠵᠢᠯᠳᠠ ᠣᠯᠤᠭᠰᠠᠨ ᠪᠠᠰᠠ ᠨᠢᠭᠡᠨ ᠣᠨᠢᠭ᠎ᠠ ᠪᠣᠯᠬᠤ ᠶᠤᠮ᠃ ᠴᠸᠩ ᠯᠦᠩ ᠭᠡᠷᠪᠡ ᠳᠠᠷᠠ ᠵᠠᠭᠤᠨ ᠲᠦᠮᠡ ᠶᠢ ᠠᠪᠣᠭᠰᠠᠨ ᠶᠤᠮ ᠪᠣᠯ᠂ ᠡᡁᠧ ᠣᠪᠣᠭᠳᠤ ᠴᠤ ᠳᠡᠭᠦᠨ ᠢ ᠵᠤᠭᠤᠰ ᠦᠵᠡᠪᠠᠯ ᠵᠢᠷᠤᠮ ᠢ ᠳᠡᠪᠴᠢᠳᠡᠭ᠌ ᠭᠦᠮᠤᠨ ᠭᠡᠵᠤ ᠭᠤᠯᠤᠭᠠᠤᠨ ᠭᠦᠡᠳᠦᠯᠡᠭᠦ ᠦᠭᠡᠶ ᠪᠣᠯᠤᠭᠠᠤᠨ ᠨᠡᠢ᠌ᠭᠡᠮ ᠳᠡᠭᠡᠷ᠎ᠡ ᠮᠠᠭᠤ ᠳᠤᠰᠬᠠᠯ ᠭᠠᠷᠬᠤ ᠪᠣᠯᠤᠨ᠎ᠠ᠃ 《ᠰᠢᠭᠦᠮᠵᠢᠯᠡᠯ ᠥᠭᠦᠯᠡᠯ》 ᠳᠤ 《ᠨᠠᠷ᠎ᠠ ᠲᠦᠪ ᠦᠭᠡᠶ ᠪᠣᠯᠪᠠᠰᠤ ᠥᠭᠡ ᠶᠠᠪᠣᠭᠤᠷᠢ ᠦᠭᠡᠶ》 ᠭᠡᠳᠡᠭ᠌ ᠨᠢ ᠡᠭᠦᠨ ᠢ ᠶᠠᠷᠢᠭᠰᠠᠨ ᠪᠦᠭᠡᠤᠨ᠂ ᠡᠢ᠌ᠮᠦᠷᠭᠦᠤ ᠢᠳᠡᠭᠡᠯ ᠵᠢᠷᠤᠮ ᠤᠨ ᠨᠥᠯᠦᠭᠡ ᠳᠤᠰᠬᠠᠯ ᠨᠢ ᠨᠢᠭᠡ ᠭᠦᠮᠤᠨ ᠤ ᠣᠢ᠌ᠯᠠᠰ ᠪᠦᠳᠦᠭᠦ ᠶᠢᠨ ᠴᠢᠬᠤᠯᠠ ᠠᠨᠢᠰᠤ ᠪᠣᠯᠤᠭᠠᠤᠨ ᠪᠠᠢ᠌ᠳᠠᠭ ᠶᠤᠮ ᠰᠢᠤ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 10172
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ