ᠠᠷᠪᠠᠨ ᠨᠢᠭᠡᠳᠦᠭᠡᠷ ᠪᠦᠯᠦᠭ ᠂ ᠬᠢᠲᠠᠳ᠂ ᠲᠠᠩᠭᠤᠳ᠂ ᠰᠠᠷᠲᠠᠭᠤᠯ᠂ ᠪᠠᠭᠳᠠᠳ᠋ ᠪᠠ ᠤᠷᠤᠰ ᠢ ᠡᠵᠡᠯᠡᠭᠰᠡᠨ ᠨᠢ
247᠂ ᠳᠡᠬᠦᠨ ᠡᠴᠡ ᠬᠤᠢᠢᠰᠢ ᠴᠢᠩᠬᠢᠰ ᠬᠠᠭᠠᠨ ᠬᠤᠨᠢᠨ ᠵᠢᠯ (1211ᠤᠨ ᠳᠤ) ᠬᠢᠳᠡᠳ ᠢᠷᠭᠡᠨ ᠢ ᠡᠵᠡᠯᠠᠬᠥ ᠪᠠᠷ ᠮᠣᠷᠢᠯᠠᠪᠠ᠃ ᠹᠦ ᠵᠸᠤ ᠶᠢ (ᠴᠠᠭᠠᠨ ᠬᠡᠷᠡᠮ ᠤᠨ ᠤᠢ᠌ᠷ᠎ᠠ ᠪᠠᠢ᠌ᠭ᠎ᠠ ᠤᠳᠤ ᠶᠢᠨ ᠬᠠᠷ᠎ᠠ ᠪᠠᠯᠭᠠᠰᠤ ) ᠠᠪᠴᠣ [ᠴᠢᠭᠣᠯᠣᠯᠳᠣ ᠬᠠᠭᠠᠯᠭᠠᠨ ᠡᠴᠡ ᠪᠠᠷᠠᠭᠣᠨ ᠲᠠᠰᠢ ᠪᠠᠢ᠌ᠭ᠎ᠠ] ᠦᠨᠡᠬᠡᠨ ᠲᠠᠪᠠᠭ᠎ᠠ ᠪᠠᠷ ᠲᠠᠪᠠᠵᠣ ᠰᠢᠣᠧᠨᠨ ᠳ᠋ᠧ ᠹᠥ᠋ ᠶᠢ ᠠᠪᠴᠣ ᠵᠠᠪᠠ ᠬᠦᠢᠬᠥᠨᠡᠭ ᠪᠠᠭᠠᠳᠣᠷ ᠬᠣᠶᠠᠷ ᠢ ᠮᠠᠩᠯᠠᠢ ᠪᠣᠯᠭᠠᠵᠣ ᠢᠯᠡᠬᠡᠪᠡ᠃ ᠴᠠᠪᠴᠢᠶᠠᠯ ᠪᠤᠭᠤᠮᠳᠠ ᠳᠤ ᠣᠴᠢᠵᠣ ᠴᠠᠪᠴᠢᠶᠠᠯ ᠲᠠᠪᠠᠭᠠᠨ ᠤ ᠪᠠᠬᠢᠯᠠᠯᠳᠠ ᠶᠢ ᠬᠦᠷᠥᠬᠡᠥᠨ ᠵᠠᠪᠠ ᠦᠬᠥᠯᠡᠷᠥᠨ᠄ 《ᠲ᠋ᠠᠢ᠌ᠰᠣᠨ ᠢ ᠦᠲᠦᠬᠡᠵᠦ ᠪᠠᠬᠢᠯᠠᠯᠳᠠ ᠡᠴᠠ ᠭᠠᠷᠭᠠᠭᠠᠳ ᠪᠠᠢ᠌ᠯᠳᠣᠶ᠎ᠠ》 ᠬᠡᠥᠨ ᠴᠡᠷᠢᠭ᠌ ᠶᠢᠠᠨ ᠣᠬᠣᠷᠢᠭᠣᠯᠪᠠ᠃ ᠵᠠᠪᠠ ᠶᠢᠨ ᠴᠡᠷᠢᠭ᠌ ᠣᠬᠣᠷᠢᠬᠤ ᠶᠢ ᠦᠵᠡᠬᠡᠥᠨ 《ᠨᠡᠬᠡᠵᠦ ᠪᠠᠢ᠌ᠯᠳᠣᠶ᠎ᠠ》 ᠬᠡᠵᠦ ᠬᠢᠳᠠᠳ ᠤᠨ ᠴᠡᠷᠢᠭ᠌ ᠤᠳ ᠠᠭᠣᠯᠠ ᠶᠢ ᠪᠦᠷᠬᠥᠵᠦ᠂ ᠬᠦᠠᠳᠡᠢ ᠶᠢ ᠲᠦᠬᠥᠷᠠᠩ ᠨᠡᠬᠡᠵᠦ᠂ ᠰᠢᠣᠧᠨᠨ ᠳ᠋ᠧ ᠹᠥ᠋ ᠶᠢᠨ ᠬᠣᠰᠢᠭᠣ ᠶᠢ ᠬᠦᠷᠥᠮᠡᠭ᠍ᠴᠡ ᠵᠠᠪᠠ ᠬᠡᠳᠡᠷᠬᠥ ᠡᠷᠬᠢᠵᠣ ᠲᠣᠪᠳᠣᠯᠣᠭᠠᠳ ᠨᠡᠬᠡᠵᠦ ᠢᠷᠡᠭ᠍ᠰᠡᠨ ᠲᠠᠢ᠌ᠰᠣᠨ ᠤ ᠴᠡᠷᠢᠭ᠌ ᠢ ᠰᠦᠨᠦᠬᠡᠵᠦ ᠲᠠᠷᠣᠪᠠ᠃ ᠴᠢᠩᠬᠢᠰ ᠬᠠᠭᠠᠨ᠂ ᠭᠣᠣᠯ ᠴᠡᠷᠢᠭ᠌ ᠶᠢᠠᠨ ᠠᠪᠴᠣ ᠲᠠᠷᠣᠴᠠᠭᠠ ᠪᠠᠷ ᠬᠦᠷᠴᠦ ᠢᠷᠡᠬᠡᠥᠨ ᠬᠢᠳᠠᠳ ᠢ ᠬᠦᠬᠡᠬᠡᠵᠦ ᠬᠠᠷ᠎ᠠ ᠬᠢᠳᠠᠳ᠂ ᠵᠦᠷᠴᠢᠥᠨ᠂ ᠵᠢᠣᠢ ᠶᠢᠨ ᠰᠢᠯᠢᠳᠡᠭ ᠪᠠᠭᠠᠳᠣᠷ ᠴᠡᠷᠢᠭ᠌ ᠤᠳ ᠢ ᠲᠠᠷᠣᠵᠣ᠂ ᠴᠠᠪᠴᠢᠶᠠᠯ ᠢ ᠬᠦᠷᠳᠡᠯ᠎ᠡ ᠬᠢᠳᠠᠳ ᠤᠨ ᠴᠡᠷᠢᠭ᠌ ᠢ ᠬᠢᠶᠠᠷᠠᠳᠠᠯ᠎ᠠ ᠬᠢᠳᠣᠪᠠ᠃ ᠴᠠᠪᠴᠢᠶᠠᠯ ᠤᠨ ᠬᠠᠭᠠᠯᠭ᠎ᠠ ᠶᠢ ᠵᠠᠪᠠ ᠡᠵᠠᠯᠠᠵᠣ ᠠᠭᠣᠯᠠ ᠶᠢ ᠲᠠᠪᠠᠪᠠ᠃ ᠴᠢᠩᠬᠢᠰ ᠬᠠᠭᠠᠨ᠂ ᠰᠢᠷ᠎ᠠ ᠲᠡᠬᠡᠭ᠌ ᠲᠤ ᠪᠠᠭᠣᠪᠠ᠃ ᠵᠦᠩᠳᠤ (ᠠᠯᠳᠠᠨ ᠤᠯᠤᠰ ᠤᠨ ᠳᠤᠮᠳᠠᠳᠤ ᠨᠡᠢ᠌ᠰᠯᠡᠯ᠂ ᠤᠳᠤ ᠶᠢᠨ ᠪᠡᠭᠡᠵᠢᠩ) ᠬᠤᠳᠠ ᠵᠢ ᠡᠵᠡᠯᠡᠬᠦ ᠪᠠ ᠪᠤᠰᠤᠳ ᠬᠤᠳᠠ ᠪᠠᠯᠭᠠᠰᠤ ᠵᠢ ᠡᠵᠡᠯᠡᠬᠦᠯᠬᠦ ᠪᠠᠷ ᠴᠡᠷᠢᠭ᠌ ᠶᠠᠪᠤᠭᠤᠯᠪᠠ᠃ ᠵᠡᠪᠡ ᠵᠢ ᠳ᠋ᠦ᠋ᠩ ᠴᠠᠩ (ᠠᠯᠳᠠᠨ ᠤᠯᠤᠰ ᠤᠨ ᠵᠡᠬᠦᠨ ᠨᠡᠢ᠌ᠰᠯᠡᠯ ᠂ ᠤᠳᠤ ᠶᠢᠨ ᠯᠢᠶᠤᠤ ᠶᠠᠨ) ᠬᠤᠳᠠ ᠵᠢ ᠡᠵᠡᠯᠡᠬᠦᠯᠬᠦ ᠪᠠᠷ ᠢᠯᠡᠭᠡᠪᠡ᠃ ᠵᠡᠪᠡ ᠳ᠋ᠦ᠋ᠩ ᠴᠠᠩ ᠪᠠᠯᠭᠠᠰᠣᠨ ᠳᠤ ᠬᠦᠷᠥᠬᠡᠥᠨ ᠰᠢᠭᠣᠳ ᠡᠵᠠᠯᠠᠵᠣ ᠪᠠᠷᠠᠬᠣ ᠦᠭᠡᠶ ᠪᠣᠴᠠᠵᠣ ᠵᠢᠷᠭᠣᠭᠠᠨ ᠬᠣᠨᠣᠭ ᠤᠨ ᠭᠠᠵᠠᠷ ᠶᠠᠪᠣᠭᠠᠳ ᠬᠡᠨᠡᠳᠳᠡ ᠡᠷᠬᠢᠵᠣ ᠬᠦᠳᠡᠯᠣᠬᠡ ᠮᠣᠷᠢ ᠲᠡᠶ ᠴᠡᠷᠢᠭ᠌ ᠢ ᠰᠦᠨᠢ ᠲᠣᠷᠰᠢ ᠲᠠᠪᠬᠢᠭᠣᠯᠵᠣ ᠳ᠋ᠦ᠋ᠩ ᠴᠠᠩ ᠢ ᠰᠠᠨᠠᠮᠰᠠᠷ ᠦᠭᠡᠶ ᠪᠠᠢ᠌ᠬᠣ ᠳ᠋ᠣᠨᠢ ᠲᠠᠭᠠᠷᠢᠨ ᠡᠵᠠᠯᠠᠵᠠᠢ᠃
248᠂ ᠵᠠᠪᠠ᠂ ᠳ᠋ᠦ᠋ᠩ ᠴᠠᠩ ᠬᠣᠳᠠ ᠶᠢ ᠠᠪᠴᠣ ᠬᠠᠷᠢᠵᠣ ᠢᠷᠡᠬᠡᠥᠨ ᠴᠢᠩᠬᠢᠰ ᠬᠠᠭᠠᠨ ᠳᠤ ᠨᠠᠢ᠌ᠯᠠᠪᠠ᠃ ᠵᠦᠩᠲᠦ ᠬᠣᠳᠠ ᠵᠢ ᠪᠦᠰᠡᠯᠡᠨ ᠪᠠᠢ᠌ᠯᠳᠣᠵᠣ ᠪᠠᠢ᠌ᠬᠣ ᠳᠤ ᠠᠯᠳᠠᠨ ᠬᠠᠭᠠᠨ ᠤ ᠶᠡᠬᠡ ᠨᠣᠶᠠᠨ ᠸᠠᠩᠬᠢᠩ ᠴᠢᠩᠰᠠᠩ ᠠᠯᠳᠠᠨ ᠬᠠᠭᠠᠨ ᠳᠤ ᠲᠣᠷᠠᠳᠬᠠᠵᠣ ᠬᠡᠯᠡᠭ᠍ᠰᠡᠨ ᠨᠢ᠄ 《ᠲ᠋ᠡᠭ᠍ᠷᠢ ᠭᠠᠵᠠᠷ ᠤᠨ ᠵᠠᠶᠠᠭᠠᠭᠰᠠᠨ ᠴᠠᠭ᠂ ᠶᠡᠬᠡ ᠰᠠᠭᠣᠷᠢᠨ ᠰᠢᠯᠵᠢᠬᠥ ᠴᠠᠭ ᠲᠤ ᠬᠦᠷᠪᠡ ᠦᠦ︖ ᠮᠣᠩᠭ᠋ᠣᠯᠴᠣᠳ ᠮᠠᠰᠢ ᠬᠦᠴᠦ ᠲᠡᠶ ᠪᠣᠯᠵᠣ ᠢᠷᠡᠬᠡᠥᠨ ᠪᠢᠳᠠᠨ ᠤ ᠡᠷᠡᠯᠬᠡᠭ᠌ ᠰᠢᠯᠢᠳᠡᠭ ᠬᠠᠷ᠎ᠠ ᠬᠢᠳᠠᠳ᠂ ᠵᠦᠷᠴᠢᠥᠨ᠂ ᠵᠢᠣᠢ ᠶᠢᠨ ᠡᠷᠬᠢᠮ ᠴᠡᠷᠢᠭ᠌ ᠤᠳ ᠢ ᠪᠦᠷᠢᠯᠬᠡᠨ ᠬᠢᠳᠣᠵᠠᠢ᠃ ᠪᠠᠰᠠ ᠢᠳᠡᠬᠡᠯ ᠲᠡᠶ ᠪᠠᠳᠣ ᠴᠠᠪᠴᠢᠶᠠᠯ ᠪᠣᠭᠣᠮᠳᠠ ᠶᠢ ᠪᠣᠯᠢᠶᠠᠨ ᠠᠪᠴᠠᠢ᠃ ᠣᠳᠣ ᠪᠢᠳᠠ ᠪᠠᠰᠠ ᠴᠡᠷᠢᠭ᠌ ᠤᠳ ᠢ ᠲᠠᠢ᠌ᠴᠢᠯᠠᠨ ᠮᠣᠷᠳᠠᠭᠣᠯᠵᠣ ᠪᠣᠯᠬᠣ ᠪᠣᠯᠪᠠᠴᠣ ᠲᠠᠳᠠ᠂ ᠮᠣᠩᠭ᠋ᠣᠯᠴᠣᠳ ᠲᠤ ᠲᠠᠬᠢᠨ ᠲᠠᠷᠣᠭᠳᠠᠪᠠᠯ ᠦᠪᠡᠷᠰᠠᠥᠨ ᠤᠨ ᠬᠣᠳᠠ ᠪᠠᠯᠭᠠᠰᠣᠨ ᠳᠤ ᠪᠣᠳᠠᠷᠠᠨ ᠲᠠᠷᠬᠠᠵᠣ ᠲᠠᠬᠢᠨ ᠬᠣᠷᠠᠯᠳᠠᠭᠣᠯᠬᠣ ᠠᠷᠭ᠎ᠠ ᠦᠭᠡᠶ ᠪᠣᠯᠬᠣ ᠡᠴᠡ ᠭᠠᠳᠠᠨ᠎ᠠ᠂ ᠪᠢᠳᠠᠨ ᠳᠤ ᠢᠳᠡᠬᠡᠬᠥ ᠦᠭᠡᠶ ᠪᠣᠯᠵᠣ ᠣᠷᠪᠠᠵᠣ ᠲᠠᠢ᠌ᠰᠣᠩᠨᠠᠬᠣ ᠳᠤ ᠬᠦᠷᠦᠨ᠎ᠠ᠃ ᠠᠯᠳᠠᠨ ᠬᠠᠭᠠᠨ ᠰᠣᠶᠣᠷᠬᠠᠪᠠᠯ᠂ ᠮᠣᠩᠭ᠋ᠣᠯ ᠤᠨ ᠬᠠᠭᠠᠨ ᠳᠤ ᠡᠨᠠ ᠬᠢᠷᠢ ᠡᠯᠰᠠᠨ ᠨᠠᠢ᠌ᠷᠠᠮᠳᠠᠶ᠎ᠠ᠃ ᠨᠠᠢ᠌ᠷᠠᠮᠳᠠᠭᠠᠳ ᠪᠣᠴᠠᠪᠠᠯ ᠲᠠᠳᠠᠨ ᠢ ᠪᠣᠴᠠᠭᠰᠠᠨ ᠬᠤᠢ᠌ᠨ᠎ᠠ᠂ ᠵᠢᠴᠢ ᠦᠬᠡᠷ᠎ᠡ ᠰᠠᠨᠠᠯ ᠶᠢᠠᠨ ᠭᠠᠷᠭᠠᠵᠣ ᠵᠦᠪᠯᠡᠶ᠎ᠡ᠃ ᠮᠣᠩᠭ᠋ᠣᠯ ᠤᠨ ᠴᠡᠷᠢᠭ᠌ ᠠᠭᠳᠠ ᠡ᠊ᠠᠳᠠᠬᠢ ᠭᠠᠵᠠᠷ ᠤᠨ ᠬᠠᠯᠠᠭᠣᠨ ᠳᠤ ᠲᠠᠰᠴᠣ ᠶᠠᠳᠠᠵᠣ ᠪᠠᠢ᠌ᠨ᠎ᠠ ᠬᠡᠨ᠎ᠡ᠃ ᠬᠠᠭᠠᠨ ᠳᠤ ᠨᠢ ᠬᠡᠣᠬᠡᠨ ᠦᠭᠬᠦᠢ᠎ᠡ᠃ ᠴᠡᠷᠢᠭ᠌᠂ ᠲᠠᠷᠣᠭ᠎ᠠ ᠨᠡᠷ ᠲᠤ ᠨᠢ ᠠᠯᠳᠠ ᠮᠦᠩᠬᠥ᠂ ᠡᠳ᠋ ᠠᠭᠣᠷᠰᠣᠨ ᠢ ᠭᠠᠷᠭᠠᠵᠣ ᠦᠭᠬᠦᠢ᠎ᠡ᠃ ᠡᠨᠠ ᠠᠷᠭ᠎ᠠ ᠳᠤ ᠣᠷᠣᠬᠣ ᠡᠰᠠᠬᠥ ᠶᠢ ᠶᠠᠭᠠᠬᠢᠵᠣ ᠮᠡᠳᠡᠬᠥ ᠪᠣᠢ︖》 ᠬᠡᠵᠦ ᠲᠣᠷᠠᠳᠬᠠᠨ ᠬᠡᠯᠡᠭ᠍ᠰᠡᠨ ᠳᠤ ᠠᠯᠳᠠᠨ ᠬᠠᠭᠠᠨ᠂ ᠸᠠᠩᠬᠢᠩ ᠴᠢᠩᠰᠠᠩ ᠤᠨ ᠡᠨᠠ ᠦᠬᠡ ᠶᠢ ᠵᠦᠪᠰᠢᠶᠡᠷᠠᠵᠦ᠂ ᠡᠨᠠ ᠶᠣᠰᠣ ᠪᠠᠷ ᠬᠦᠢᠴᠡᠳᠬᠡᠢᠡ ᠬᠡᠵᠦ ᠨᠠᠢ᠌ᠷᠠᠮᠳᠠᠨ᠂ ᠴᠢᠩᠬᠢᠰ ᠬᠠᠭᠠᠨ ᠳᠤ ᠬᠦᠩᠵᠦ ᠦᠬᠢᠨ ᠢ ᠢᠯᠡᠬᠡᠵᠦ ᠠᠯᠳᠠ ᠮᠦᠩᠬᠥ᠂ ᠠᠭᠣᠷᠰᠣ ᠡᠳ᠋ ᠲᠡᠧᠨᠷ ᠢ ᠵᠦᠩᠲᠦ ᠡᠴᠡ ᠭᠠᠷᠭᠠᠵᠣ ᠴᠡᠷᠢᠭ᠌ ᠤᠨ ᠬᠦᠮᠥᠰ ᠲᠤ ᠲᠠᠭᠠᠭᠠᠬᠣ ᠬᠢᠷᠢ ᠪᠠᠷ ᠦᠭᠴᠦ᠂ ᠴᠢᠩᠬᠢᠰ ᠬᠠᠭᠠᠨ ᠳᠤ ᠲᠣᠰᠬᠠᠢ᠌ᠯᠠᠨ ᠸᠠᠩᠬᠢᠩ ᠴᠢᠩᠰᠠᠩ ᠢ ᠡᠯᠴᠢ ᠪᠣᠯᠭᠠᠵᠣ ᠢᠯᠡᠬᠡᠪᠡ᠃ ᠲᠠᠳᠠᠨ ᠤ ᠡᠯᠰᠠᠨ ᠲᠠᠭᠠᠵᠣ ᠨᠠᠢ᠌ᠷᠠᠮᠳᠠᠶ᠎ᠠ ᠬᠡᠰᠡᠨ ᠢ ᠴᠢᠩᠬᠢᠰ ᠬᠠᠭᠠᠨ ᠵᠦᠪᠰᠢᠶᠡᠷᠠᠵᠦ᠂ ᠣᠯᠠᠨ ᠬᠣᠳᠠ ᠶᠢ ᠡᠵᠡᠯᠠᠬᠥ ᠪᠠᠷ ᠪᠠᠢ᠌ᠯᠳᠣᠵᠣ ᠪᠠᠢ᠌ᠭᠰᠠᠨ ᠴᠡᠷᠢᠭ᠌ ᠤᠳ ᠢ ᠬᠡᠳᠡᠷᠬᠥ ᠲᠠᠳᠠᠵᠣ ᠢᠷᠡᠬᠥᠯᠪᠡ᠃ ᠸᠠᠩᠬᠢᠩ ᠴᠢᠩᠰᠠᠩ ᠮᠦᠸᠧ ᠵᠸᠤ᠂ ᠹᠥ᠋ ᠵᠧᠤ ᠨᠠᠷᠠᠳᠣ ᠬᠣᠰᠢᠭᠣ ᠬᠦᠷᠳᠡᠯ᠎ᠡ ᠴᠢᠩᠬᠢᠰ ᠬᠠᠭᠠᠨ ᠢ ᠦᠳᠡᠵᠦ ᠭᠠᠷᠭᠠᠭᠠᠳ ᠬᠠᠷᠢᠪᠠ᠃ ᠡᠳ᠋ ᠠᠭᠣᠷᠰᠣ ᠶᠢ ᠮᠠᠨ ᠤ ᠴᠡᠷᠢᠭ᠌ ᠲᠤ ᠡᠷᠬᠥᠵᠦ ᠳᠠᠭᠠᠭᠠᠬᠤᠢ᠌ᠴᠠ ᠠᠴᠢᠵᠣ᠂ ᠭ᠍ᠬᠢᠪ ᠲᠣᠷᠭ᠎ᠠ ᠪᠠᠷ ᠠᠴᠢᠶ᠎ᠠ ᠪᠠᠨ ᠲᠠᠳᠠᠵᠣ ᠶᠠᠪᠣᠪᠠ᠃
249᠂ ᠲᠠᠠᠳᠠ ᠡᠴᠡ ᠴᠢᠩᠬᠢᠰ ᠬᠠᠭᠠᠨ᠂ ᠬᠠᠰᠢᠨ ᠢᠷᠬᠡᠨ ᠢ ᠵᠤᠷᠢᠪᠠ᠃ (ᠳᠠᠩᠭ᠋ᠤᠳ ᠪᠤᠶᠤ ᠰᠢ ᠰᠢᠶᠠ ᠶᠢᠨ ᠬᠠᠨ᠂ ᠮᠤᠩᠭ᠋ᠤᠯ ᠤᠨ ᠳᠤᠳᠤᠷ᠎ᠠ ᠬᠠᠰᠢᠨ ᠬᠠᠨ ᠭᠡᠵᠦ ᠠᠯᠳᠠᠷᠰᠢᠵᠠᠢ) ᠬᠦᠷᠴᠤ ᠤᠴᠢᠪᠠᠯ᠂ ᠬᠠᠰᠢᠨ ᠤᠯᠤᠰ ᠤᠨ ᠪᠤᠷᠬᠠᠨ (ᠡᠵᠡᠨ) ᠳᠠᠭᠠᠷ᠎ᠠ ᠤᠷᠤᠵᠤ᠂ 《ᠪᠠᠷᠠᠭᠤᠨ ᠭᠠᠷ ᠴᠢᠨᠢ ᠪᠤᠯᠵᠤ ᠬᠦᠴᠦ ᠪᠠᠨ ᠦᠭᠬᠦᠶ᠎ᠠ》 ᠬᠡᠵᠦ ᠴᠠᠭ᠎ᠠ ᠨᠠᠷᠠᠳᠠᠢ ᠦᠬᠢᠨ ᠶᠢᠠᠨ ᠴᠢᠩᠬᠢᠰ ᠬᠠᠭᠠᠨ ᠳᠤ ᠠᠪᠠᠴᠢᠵᠣ ᠦᠭ᠍ᠪᠡ᠃ ᠪᠠᠰᠠ ᠪᠣᠷᠬᠠᠨ ᠦᠬᠥᠯᠡᠷᠥᠨ᠄ 《ᠴᠢᠩᠬᠢᠰ ᠬᠠᠭᠠᠨ ᠤ ᠨᠡᠷ᠎ᠡ ᠠᠯᠳᠠᠷ ᠢ ᠰᠣᠨᠣᠰᠴᠣ ᠠᠶᠣᠨ ᠪᠢᠰᠢᠷᠠᠵᠣ ᠪᠠᠢ᠌ᠪᠠ ᠪᠢᠳᠠ᠃ ᠣᠳᠣ ᠰᠥᠯᠳᠡᠲᠦ ᠪᠠᠶ᠎ᠠ ᠶᠢ ᠴᠢᠨᠢ ᠬᠦᠷᠴᠦ ᠢᠷᠡᠭ᠍ᠰᠡᠨ ᠳᠤ ᠰᠥᠷᠳᠡᠨ ᠶᠡᠬᠡ ᠠᠶᠣᠵᠣ ᠪᠠᠢ᠌ᠨ᠎ᠠ᠃ ᠠᠶᠣᠨ ᠰᠥᠷᠳᠡᠭ᠍ᠰᠡᠨ ᠮᠠᠨ ᠤ ᠲᠠᠩᠭ᠋ᠣᠳ ᠣᠯᠣᠰ ᠪᠠᠷᠠᠭᠣᠨ ᠭᠠᠷ ᠴᠢᠨᠢ ᠪᠣᠯᠵᠣ ᠬᠦᠴᠦ ᠪᠠᠨ ᠦᠭᠬᠦᠢ᠎ᠡ》 ᠬᠡᠪᠡ᠃ 《ᠬᠦᠴᠦ ᠪᠠᠨ ᠦᠭᠬᠦ ᠳᠡᠭᠡᠨ ᠪᠢᠳᠠ᠂
ᠪᠠᠢ᠌ᠭᠰᠠᠨ ᠭᠠᠵᠠᠷ ᠲᠤ ᠪᠠᠨ
ᠪᠠᠢ᠌ᠷᠢᠨ ᠨᠣᠳᠣᠭᠯᠠᠳᠠᠭ
ᠰᠢᠪᠠᠷ ᠬᠣᠳᠠᠨ ᠳᠠᠭᠠᠨ
ᠰᠢᠪᠠᠯᠳᠣᠨ ᠰᠠᠭᠣᠳᠠᠭ
ᠬᠦᠮᠥᠰ ᠲᠣᠯᠠ
ᠬᠣᠷᠳᠣᠨ ᠠᠶᠠᠨ ᠳᠤ
ᠲᠥᠷᠬᠡᠨ ᠬᠦᠳᠡᠯᠵᠦ ᠴᠢᠳᠠᠬᠣ ᠦᠭᠡᠶ
ᠬᠣᠷᠴᠠ ᠲᠠᠢ᠌ᠨ ᠳᠤ
ᠲᠠᠷᠣᠢ ᠮᠣᠷᠳᠠᠵᠣ ᠠᠮᠵᠢᠬᠤ ᠦᠭᠡᠶ᠃
ᠬᠠᠭᠠᠨ ᠴᠢᠩᠬᠢᠰ ᠰᠣᠶᠣᠷᠬᠠᠪᠠᠯ
ᠬᠠᠮᠣᠭ ᠲᠠᠩᠭ᠋ᠣᠳ ᠣᠯᠣᠰ
ᠦᠨᠳᠥᠷ ᠲᠠᠷᠠᠰᠣᠨ ᠤ ᠨᠥᠮᠥᠷᠢ ᠳᠤ
ᠦᠰᠬᠡᠭ᠍ᠰᠡᠨ ᠣᠯᠠᠨ ᠲᠡᠮᠠᠬᠡ ᠪᠠᠨ
ᠡᠷᠬᠥᠯ ᠪᠣᠯᠭᠠᠵᠣ ᠲᠣᠰᠠᠯᠠᠶ᠎ᠠ᠃
ᠦᠪᠡᠷ ᠤᠨ ᠭᠠᠷ ᠶᠢᠠᠷ ᠨᠡᠬᠡᠭ᠍ᠰᠡᠨ
ᠦᠷᠮᠥᠭ ᠪᠦᠰ ᠢᠳᠡᠬᠡ ᠶᠢ
ᠪᠡᠯᠡᠭ ᠪᠣᠯᠭᠠᠵᠣ ᠦᠭᠬᠦᠢ᠎ᠡ᠃
ᠠᠷᠭ᠎ᠠ ᠴᠢᠳᠠᠯ ᠶᠢᠠᠷ ᠰᠣᠷᠭᠠᠭᠰᠠᠨ
ᠠᠩᠴᠢ ᠱᠣᠩᠬᠣᠷ ᠰᠢᠪᠠᠭᠣᠳ ᠤᠨ
ᠠᠯᠢ ᠰᠠᠢ᠌ᠨ ᠢ ᠨᠢ ᠬᠦᠷᠬᠡᠢ᠎ᠡ》
ᠬᠡᠵᠦ ᠦᠴᠢᠪᠡ᠃ ᠲᠠᠷᠠ ᠬᠡᠯᠡᠭ᠍ᠰᠡᠨ ᠦᠬᠡᠨ ᠳᠤ ᠪᠠᠨ ᠬᠦᠷᠴᠦ᠂ ᠲᠠᠩᠭ᠋ᠣᠳ ᠢᠷᠬᠡᠨ ᠡᠴᠡ ᠲᠡᠮᠠᠬᠡ ᠲᠠᠳᠠᠪᠣᠷᠢᠯᠠᠵᠣ ᠲᠠᠭᠣᠵᠣ ᠪᠠᠷᠠᠭᠳᠠᠬᠣ ᠦᠭᠡᠶ ᠣᠯᠠᠨ ᠲᠡᠮᠠᠬᠡ ᠶᠢ ᠠᠪᠴᠢᠷᠠᠵᠣ ᠦᠭ᠍ᠪᠡ᠃
250᠂ ᠴᠢᠩᠬᠢᠰ ᠬᠠᠭᠠᠨ᠂ ᠡᠨᠠ ᠣᠳᠠᠭ᠎ᠠ ᠶᠢᠨ ᠶᠠᠪᠣᠳᠠᠯ ᠳᠤ ᠬᠢᠳᠠᠳ ᠣᠯᠣᠰ ᠤᠨ ᠠᠯᠳᠠᠨ ᠬᠠᠭᠠᠨ ᠢ ᠲᠠᠭᠠᠷ᠎ᠠ ᠣᠷᠣᠭᠣᠯᠵᠣ᠂ ᠶᠡᠬᠡ ᠡᠳ᠋ ᠠᠭᠣᠷᠰᠣ ᠠᠪᠣᠭᠠᠳ᠂ ᠬᠠᠰᠢᠨ ᠣᠯᠣᠰ ᠤᠨ ᠪᠣᠷᠬᠠᠨ ᠢ ᠡᠯᠰᠠᠬᠥᠯᠵᠦ ᠣᠯᠠᠨ ᠲᠡᠮᠠᠬᠡ ᠶᠢ ᠠᠪᠣᠪᠠ᠃ ᠲᠡᠢ᠌ᠠᠬᠥ ᠴᠢᠩᠬᠢᠰ ᠬᠠᠭᠠᠨ᠂ ᠲᠠᠷᠠ ᠬᠣᠨᠢᠨ ᠵᠢᠯ ᠮᠣᠷᠢᠯᠠᠭᠠᠳ ᠬᠢᠳᠠᠳ ᠢᠷᠬᠡᠨ ᠤ ᠠᠬᠣᠳᠠᠢ ᠨᠡᠷ᠎ᠡ ᠲᠡᠶ ᠠᠯᠳᠠᠨ ᠬᠠᠭᠠᠨ ᠢ ᠡᠯᠰᠠᠬᠥᠯᠵᠦ᠂ ᠲᠠᠩᠭ᠋ᠣᠳ ᠢᠷᠬᠡᠨ ᠤ ᠢᠯᠣᠬᠣ ᠪᠣᠷᠬᠠᠨ ᠢ ᠡᠯᠰᠠᠬᠥᠯᠥᠨ ᠬᠠᠷᠢᠵᠣ ᠰᠠᠭᠠᠷᠢ ᠬᠡᠬᠡᠷ᠎ᠡ ᠳᠤ ᠪᠠᠭᠣᠪᠠ᠃
251᠂ ᠪᠠᠰᠠ ᠲᠡᠬᠥᠨ ᠤ ᠬᠤᠢ᠌ᠨ᠎ᠠ᠂ ᠵᠤᠤ ᠭᠤᠸᠠᠨ ᠳᠤ (ᠪᠤᠶᠤ ᠰᠦᠩ ᠤᠯᠤᠰ ᠤᠨ ᠵᠤᠤ ᠬᠠᠭᠠᠨ) ᠨᠠᠢᠢᠷᠠᠮᠳᠠᠬᠤ ᠪᠠᠷ ᠢᠯᠡᠭᠡᠭ᠍ᠰᠡᠨ ᠳᠤ ᠵᠤᠪᠬᠠᠨ ᠳᠡᠷᠢᠬᠦᠳᠡᠨ ᠤᠯᠠᠨ ᠡᠯᠴᠢ ᠵᠢ ᠬᠢᠳᠡᠳ ᠤᠨ ᠠᠯᠳᠠᠨ ᠬᠠᠭᠠᠨ ᠠᠯᠠᠭᠰᠠᠨ ᠳᠤᠯᠠ᠂ ᠴᠢᠩᠬᠢᠰ ᠬᠠᠭᠠᠨ ᠨᠤᠬᠠᠢ ᠵᠢᠯ (1214 ᠤᠨ ᠳᠤ) ᠬᠢᠳᠡᠳ ᠳᠠᠢ ᠪᠠᠢ᠌ᠯᠳᠤᠬᠤ ᠪᠠᠷ ᠳᠠᠬᠢᠨ ᠮᠤᠷᠳᠠᠪᠠ᠃《ᠪᠢᠳᠠᠨ ᠲᠡᠶ ᠨᠠᠢ᠌ᠷᠠᠮᠳᠠᠭᠰᠠᠨ ᠪᠠᠢ᠌ᠳᠠᠯ᠎ᠠ᠂ ᠵᠤᠤ ᠭᠣᠧᠨᠨ ᠳᠤ ᠢᠯᠡᠬᠡᠭ᠍ᠰᠡᠨ ᠡᠯᠴᠢ ᠶᠢ ᠶᠠᠭᠠᠬᠢᠭᠠᠳ ᠨᠥᠭ᠍ᠴᠢᠬᠡᠭ᠍ᠰᠡᠨ ᠪᠢᠯᠠ︖》 ᠬᠡᠵᠦ ᠪᠠᠢ᠌ᠯᠳᠣᠬᠣ ᠪᠠᠷ ᠮᠣᠷᠳᠠᠭᠠᠳ ᠴᠢᠩᠬᠢᠰ ᠬᠠᠭᠠᠨ᠂ ᠲᠦᠩ ᠭᠣᠧᠨᠨ ᠪᠣᠭᠣᠮᠳᠠ ᠵᠢ ᠴᠢᠭ᠍ᠯᠠᠵᠣ᠂ ᠵᠠᠪᠠ ᠶᠢ ᠴᠠᠪᠴᠢᠶᠠᠯ ᠤᠨ ᠴᠢᠭ᠌ ᠶᠢᠠᠷ ᠪᠠᠢ᠌ᠯᠳᠣᠭᠣᠯᠪᠠ᠃ ᠴᠢᠩᠬᠢᠰ ᠬᠠᠭᠠᠨ ᠢ ᠲᠦᠩ ᠭᠣᠧᠨᠨ ᠪᠣᠭᠣᠮᠳᠠ ᠶᠢ ᠡᠵᠡᠯᠠᠬᠥ ᠪᠠᠷ ᠶᠠᠪᠣᠪᠠ ᠬᠡᠵᠦ ᠠᠯᠳᠠᠨ ᠬᠠᠭᠠᠨ ᠮᠠᠳᠠᠵᠣ᠂ ᠢᠯᠨ᠂ ᠬᠠᠳᠠ᠂ ᠦᠪᠥᠬᠡᠳᠥᠷ ᠭᠣᠷᠪᠠ ᠪᠠᠷ ᠴᠡᠷᠢᠭ᠌ ᠶᠢᠠᠨ ᠵᠠᠬᠢᠷᠣᠭᠣᠯᠵᠣ᠂ ᠪᠠᠰᠠ ᠨᠠᠮᠠᠯᠳᠠ ᠬᠦᠴᠦ ᠪᠣᠯᠭᠠᠵᠣ᠂ ᠣᠯᠠᠭᠠᠨ ᠲᠡᠬᠡᠯᠡᠨ ᠢ ᠮᠠᠩᠯᠠᠢ ᠳᠤ ᠶᠠᠪᠣᠭᠣᠯᠣᠭᠠᠳ ᠲᠦᠩ ᠭᠣᠧᠨᠨ ᠪᠣᠭᠣᠮᠳᠠ ᠶᠢ ᠪᠠᠬᠢᠯᠠᠵᠣ᠂ ᠲᠠᠪᠠᠭ᠎ᠠ ᠶᠢ ᠪᠣᠤ ᠲᠠᠪᠠᠭᠣᠯᠣᠭᠳᠣᠨ︕ ᠬᠡᠵᠦ ᠢᠯᠨ ᠬᠠᠳᠠ ᠦᠪᠥᠬᠡᠳᠥᠷ ᠭᠣᠷᠪᠠ ᠶᠢᠨ ᠴᠡᠷᠢᠭ᠌ ᠢ ᠬᠣᠷᠳᠣᠯᠠᠭᠣᠯᠣᠨ ᠢᠯᠡᠬᠡᠪᠡ᠃ ᠴᠢᠩᠬᠢᠰ ᠬᠠᠭᠠᠨ᠂ ᠲᠦᠩ ᠭᠣᠧᠨᠨ ᠪᠣᠭᠣᠮᠳᠠ ᠶᠢ ᠬᠦᠷᠪᠡᠯ ᠬᠢᠳᠠᠳ ᠤᠨ ᠴᠡᠷᠢᠭ᠌ ᠤᠳ ᠠᠭᠣᠯᠠ ᠶᠢ ᠪᠦᠷᠬᠥᠵᠦ᠂ ᠬᠦᠠᠳᠡᠢ ᠶᠢ ᠪᠢᠯᠬᠠᠵᠣ ᠪᠠᠢ᠌ᠨ᠎ᠠ᠃ ᠴᠢᠩᠬᠢᠰ ᠬᠠᠭᠠᠨ᠂ ᠢᠯᠨ ᠬᠠᠳᠠ ᠦᠪᠥᠬᠡᠳᠥᠷ ᠭᠣᠷᠪᠠ ᠲᠡᠶ ᠪᠠᠢ᠌ᠯᠳᠣᠵᠣ᠂ ᠢᠯᠨ ᠬᠠᠳᠠ ᠨᠡᠷ ᠢ ᠣᠬᠣᠷᠢᠭᠣᠯᠪᠠ᠃ ᠲᠣᠯᠣᠢ᠂ ᠴᠦᠬᠥ ᠬᠦᠷᠬᠡᠨ ᠬᠣᠶᠠᠷ᠂ ᠬᠦᠠᠳᠡᠯᠡᠨ ᠡᠴᠡ ᠲᠣᠪᠳᠣᠯᠵᠣ᠂ ᠣᠯᠠᠭᠠᠨ ᠲᠡᠬᠡᠯᠡᠨ ᠢ ᠨᠢᠴᠣᠭᠠᠨ ᠲᠠᠷᠣᠭᠠᠳ ᠢᠯᠨ ᠬᠠᠳᠠ ᠨᠡᠷ ᠢ ᠴᠡᠷᠢᠭ᠌ ᠤᠨ ᠬᠠᠵᠠᠭᠣ ᠡᠴᠡ ᠴᠣᠬᠢᠵᠣ᠂ ᠬᠢᠳᠠᠳ ᠢ ᠵᠤᠮᠭᠣᠯ ᠪᠣᠯᠳᠠᠯ᠎ᠠ ᠬᠢᠳᠣᠪᠠ᠃ ᠬᠢᠳᠡᠳ ᠤᠨ ᠴᠡᠷᠢᠭ᠌ ᠤᠳ ᠬᠢᠳᠤᠭᠳᠠᠨ ᠪᠠᠷᠠᠭᠳᠠᠪᠠ ᠭᠡᠵᠦ ᠠᠯᠳᠠᠨ ᠬᠠᠭᠠᠨ ᠪᠠᠯᠭᠠᠰᠤᠨ ᠡᠴᠡ ᠵᠠᠢ᠌ᠯᠠᠨ ᠳᠤᠳᠠᠭᠠᠵᠤ ᠨᠠᠨᠵᠢᠩ (ᠠᠯᠳᠠᠨ ᠤᠯᠤᠰ ᠤᠨ ᠡᠮᠦᠨ᠎ᠠ ᠨᠡᠢᠢᠰᠯᠡᠯ ᠪᠦᠭᠡᠳ ᠪᠢᠶᠠᠨ ᠯᠢᠶᠠᠩ ᠬᠤᠳᠠ᠂ ᠤᠳᠤ ᠶᠢᠨ ᠡᠾᠸᠨᠠᠨ ᠮᠤᠵᠢ ᠶᠢᠨ ᠺᠠᠢ᠌ᠹᠸᠩ ᠹᠦ᠋) ᠬᠤᠳᠠ ᠳᠤ ᠤᠴᠢᠵᠤ ᠰᠠᠭᠤᠪᠠ᠃ ᠦᠯᠠᠳᠡᠭ᠍ᠰᠡᠨ ᠴᠡᠷᠢᠭ᠌ ᠨᠢ ᠦᠯᠥᠰᠴᠦ ᠦᠬᠥᠵᠡᠬᠡᠭ᠍ᠰᠡᠨ ᠪᠠ ᠦᠪᠡᠷ ᠵᠠᠭᠣᠷ᠎ᠠ ᠪᠠᠨ ᠠᠯᠠᠯᠴᠠᠵᠣ᠂ ᠬᠦᠮᠥᠨ ᠤ ᠮᠢᠬ᠎ᠠ ᠶᠢ ᠢᠳᠠᠯᠴᠠᠵᠠᠢ᠃ ᠲᠣᠯᠣᠢ ᠴᠦᠬᠥ ᠬᠦᠷᠬᠡᠨ ᠬᠣᠶᠠᠷ ᠢ ᠰᠠᠢ᠌ᠨ ᠪᠠᠢ᠌ᠯᠳᠣᠪᠠ ᠬᠡᠵᠦ ᠴᠢᠩᠬᠢᠰ ᠬᠠᠭᠠᠨ ᠶᠡᠬᠡᠳᠡ ᠰᠠᠢ᠌ᠰᠢᠶᠠᠪᠠ᠃
252᠂ ᠴᠢᠩᠬᠢᠰ ᠬᠠᠭᠠᠨ ᠡᠾᠧ ᠰᠢ ᠹᠦ᠋ ᠳᠤ ᠪᠠᠭᠣᠭᠠᠳ ᠲᠠᠷᠠᠭ᠎ᠠ ᠨᠢ ᠵᠦᠩᠲᠦ ᠶᠢᠨ ᠰᠢᠷ᠎ᠠ ᠬᠡᠬᠡᠷ᠎ᠡ ᠳᠤ ᠪᠠᠭᠣᠪᠠ᠃ ᠵᠠᠪᠠ᠂ ᠴᠠᠪᠴᠢᠶᠠᠯ ᠪᠣᠭᠣᠮᠳᠠ ᠶᠢᠨ ᠬᠠᠭᠠᠯᠭ᠎ᠠ ᠶᠢ ᠡᠪᠳᠠᠵᠣ᠂ ᠲᠠᠠᠳᠠ ᠡᠴᠡ ᠴᠡᠷᠢᠭ᠌ ᠬᠦᠳᠡᠯᠬᠡᠵᠦ ᠴᠢᠩᠬᠢᠰ ᠬᠠᠭᠠᠨ ᠳᠤ ᠢᠷᠠᠵᠣ ᠨᠠᠢ᠌ᠯᠠᠪᠠ᠃ ᠠᠯᠳᠠᠨ ᠬᠠᠭᠠᠨ᠂ ᠵᠦᠩᠲᠦ ᠡᠴᠡ ᠵᠠᠢ᠌ᠯᠠᠬᠣ ᠳᠠᠭᠠᠨ ᠵᠦᠩᠲᠦ ᠬᠣᠳᠠ ᠳᠤ ᠬᠠᠳᠠ ᠨᠠᠷᠠᠳᠠᠢ ᠨᠣᠶᠠᠨ ᠢ ᠯᠢᠤ ᠱᠧᠤ ᠬᠡᠳᠡᠭ ᠰᠠᠢ᠌ᠳ ᠪᠣᠯᠭᠠᠵᠣ ᠣᠷᠬᠢᠭᠰᠠᠨ ᠠᠵᠢ᠃ ᠴᠢᠩᠬᠢᠰ ᠬᠠᠭᠠᠨ᠂ ᠵᠦᠩᠲᠦ ᠪᠠᠯᠭᠠᠰᠣᠨ ᠤ ᠠᠯᠳᠠ᠂ ᠮᠦᠩᠬᠥ᠂ ᠡᠳ᠋ ᠠᠭᠣᠷᠰᠣ᠂ ᠶᠠᠭᠣᠮ᠎ᠠ ᠶᠢ ᠲᠣᠭᠠᠯᠠᠭᠣᠯᠬᠣ ᠪᠠᠷ ᠥᠩᠬᠥᠷ ᠪᠠᠭᠣᠷᠴᠢ᠂ ᠠᠷᠬᠠᠢ ᠬᠠᠰᠠᠷ᠂ ᠰᠢᠬᠢᠬᠣᠳᠣᠭ ᠭᠣᠷᠪᠠ ᠶᠢ ᠢᠯᠡᠬᠡᠪᠡ᠃ ᠡᠳᠠ ᠭᠣᠷᠪᠠ ᠶᠢ ᠤᠴᠢᠬᠤ ᠳᠤ ᠬᠠᠳᠠ ᠨᠣᠶᠠᠨ ᠣᠭᠳᠣᠵᠣ᠂ ᠠᠯᠳᠠ ᠲᠡᠶ ᠬᠡ ᠲᠡᠶ ᠡᠳ᠋ ᠠᠭᠣᠷᠰᠣ ᠶᠢ ᠪᠠᠷᠢᠵᠣ ᠬᠣᠳᠠ ᠲᠣᠳᠣᠷ᠎ᠠ ᠡᠴᠡ ᠭᠠᠷᠴᠣ ᠠᠭᠣᠯᠵᠠᠪᠠ᠃ ᠬᠠᠳᠠ ᠳᠤ ᠰᠢᠬᠢᠬᠣᠳᠣᠭ ᠦᠬᠥᠯᠡᠷᠥᠨ᠄ 《ᠣᠷᠢᠳᠣ ᠡᠨᠠ ᠵᠦᠩᠲᠦ ᠬᠣᠳᠠ ᠪᠠ ᠵᠦᠩᠲᠦ ᠶᠢᠨ ᠡᠳ᠋ ᠶᠠᠭᠣᠮ᠎ᠠ ᠠᠯᠳᠠᠨ ᠬᠠᠭᠠᠨ ᠤ ᠬᠢ ᠪᠠᠢ᠌ᠪᠠ᠃ ᠣᠳᠣ ᠵᠦᠩᠲᠦ᠂ ᠴᠢᠩᠬᠢᠰ ᠬᠠᠭᠠᠨ ᠤ ᠬᠢ ᠪᠣᠯᠪᠠ᠃ ᠴᠢᠩᠬᠢᠰ ᠬᠠᠭᠠᠨ ᠤ ᠡᠳ᠋ ᠠᠭᠣᠷᠰᠣ ᠶᠢ ᠴᠢ ᠶᠠᠭᠠᠬᠢᠭᠠᠳ ᠲᠠᠯᠳᠠᠭᠣᠷ ᠬᠣᠯᠠᠭᠠᠢ᠌ᠯᠠᠨ ᠠᠪᠴᠢᠷᠠᠵᠣ ᠦᠭᠴᠦ ᠪᠠᠢ᠌ᠨ᠎ᠠ︖ ᠡᠬᠥᠨ ᠢ ᠪᠢ ᠠᠪᠬᠣ ᠦᠭᠡᠶ》 ᠬᠡᠵᠦ ᠰᠢᠬᠢᠬᠣᠳᠣᠭ ᠡᠰᠠ ᠠᠪᠣᠪᠠ᠃ ᠥᠩᠬᠥᠷ ᠪᠠᠭᠣᠷᠴᠢ᠂ ᠠᠷᠬᠠᠢ ᠬᠠᠰᠠᠷ ᠬᠣᠶᠠᠷ ᠠᠪᠣᠪᠠ᠃ ᠡᠨᠠ ᠭᠣᠷᠪᠠ ᠵᠦᠩᠲᠦ ᠶᠢᠨ ᠶᠠᠭᠣᠮ᠎ᠠ ᠶᠢ ᠲᠣᠭᠠᠯᠠᠵᠣ ᠢᠷᠠᠪᠠ᠃ ᠲᠠᠠᠳᠠ ᠴᠢᠩᠬᠢᠰ ᠬᠠᠭᠠᠨ᠂ ᠥᠩᠬᠥᠷ᠂ ᠠᠷᠬᠠᠢ᠂ ᠰᠢᠬᠢᠬᠣᠳᠣᠭ ᠭᠣᠷᠪᠠ ᠡᠴᠡ 《ᠬᠠᠳᠠ ᠶᠠᠭᠣ ᠦᠭ᠍ᠪᠡ︖》 ᠬᠡᠵᠦ ᠠᠰᠠᠭᠣᠪᠠᠯ ᠰᠢᠬᠢᠬᠣᠳᠣᠭ ᠦᠬᠥᠯᠡᠷᠥᠨ᠄ 《ᠠᠯᠳᠠ ᠲᠡᠶ᠂ ᠬᠡ ᠲᠡᠶ ᠠᠭᠣᠷᠰᠣ ᠶᠢ ᠠᠪᠴᠢᠷᠠᠵᠣ ᠦᠭ᠍ᠪᠡ᠃ ᠮᠢᠨᠣ ᠬᠢᠭ᠍ᠰᠡᠨ ᠨᠢ᠄ 〈ᠣᠷᠢᠳᠣ ᠡᠨᠠ ᠵᠦᠩᠲᠦ᠂ ᠠᠯᠳᠠᠨ ᠬᠠᠭᠠᠨ ᠤ ᠬᠢ ᠪᠠᠢ᠌ᠪᠠ᠃ ᠣᠳᠣ ᠴᠢᠩᠬᠢᠰ ᠬᠠᠭᠠᠨ ᠤ ᠬᠢ ᠪᠣᠯᠪᠠ᠃ ᠬᠠᠳᠠ ᠴᠢ᠂ ᠴᠢᠩᠬᠢᠰ ᠬᠠᠭᠠᠨ ᠤ ᠡᠳ᠋ ᠶᠠᠭᠣᠮ᠎ᠠ ᠶᠢ ᠲᠠᠯᠳᠠᠭᠣᠷ ᠬᠣᠯᠠᠭᠠᠢ᠌ᠯᠠᠵᠣ ᠶᠠᠭᠠᠬᠢᠨ ᠦᠭᠬᠦᠨ᠎ᠡ︖〉 ᠬᠡᠵᠦ ᠪᠢ ᠡᠰᠠ ᠠᠪᠣᠪᠠ᠃ ᠥᠩᠬᠥᠷ ᠠᠷᠬᠠᠢ ᠬᠣᠶᠠᠷ᠂ ᠦᠭᠬᠦᠭ᠍ᠰᠡᠨ ᠢ ᠨᠢ ᠠᠪᠣᠯ᠎ᠠ》 ᠬᠡᠪᠡ᠃ ᠲᠡᠬᠡᠬᠥ ᠳᠤ ᠴᠢᠩᠬᠢᠰ ᠬᠠᠭᠠᠨ᠂ ᠥᠩᠬᠥᠷ ᠠᠷᠬᠠᠢ ᠬᠣᠶᠠᠷ ᠢ ᠮᠠᠰᠢ ᠪᠣᠷᠣᠭᠣᠰᠢᠶᠠᠨ ᠲᠣᠩᠭ᠋ᠣᠳᠪᠠ᠃ ᠰᠢᠬᠢᠬᠣᠳᠣᠭ ᠢ 《ᠴᠢ ᠶᠡᠬᠡ ᠶᠣᠰᠣ ᠶᠢ ᠰᠠᠳᠬᠢᠵᠠᠢ》 ᠬᠡᠵᠦ ᠮᠠᠰᠢ ᠰᠠᠢ᠌ᠰᠢᠶᠠᠨ ᠰᠣᠶᠣᠷᠬᠠᠵᠣ᠂ 《ᠴᠢ ᠮᠢᠨᠣ ᠦᠵᠡᠬᠥ ᠨᠢᠳᠣ᠂ ᠰᠣᠨᠣᠰᠬᠣ ᠴᠢᠬᠢ ᠪᠢᠰᠢᠤ》 ᠬᠡᠵᠦ ᠵᠠᠷᠯᠢᠭ ᠪᠣᠯᠪᠠ᠃
253᠂ ᠠᠯᠳᠠᠨ ᠬᠠᠭᠠᠨ ᠨᠠᠠᠵᠢᠩ ᠣᠷᠣᠵᠣ ᠦᠪᠡᠷ ᠶᠢᠠᠨ ᠨᠠᠢ᠌ᠷᠠᠮᠳᠠᠶ᠎ᠠ ᠬᠡᠵᠦ ᠮᠥᠷᠬᠥᠵᠦ᠂ ᠲ᠋ᠡᠭ᠍ᠷᠢ ᠨᠠᠷᠠᠳᠣ ᠬᠦᠪᠡᠬᠥᠨ ᠶᠢᠠᠨ ᠵᠠᠭᠣᠨ ᠨᠦᠭᠦᠳ ᠲᠡᠶ ᠪᠠᠷ ᠴᠢᠩᠬᠢᠰ ᠬᠠᠭᠠᠨ ᠳᠤ ᠰᠢᠳᠠᠷ ᠴᠡᠷᠢᠭ᠌ ᠪᠣᠯᠳᠣᠭᠠᠢ︕ ᠬᠡᠵᠦ ᠢᠯᠡᠬᠡᠪᠡ᠃ ᠴᠢᠩᠬᠢᠰ ᠬᠠᠭᠠᠨ᠂ ᠲᠠᠳᠠᠨ ᠤ ᠨᠠᠢ᠌ᠷᠠᠮᠳᠠᠶ᠎ᠠ ᠬᠡᠰᠡᠨ ᠢ ᠵᠦᠪᠰᠢᠶᠡᠷᠠᠵᠦ 《ᠪᠣᠴᠠᠶ᠎ᠠ》 ᠬᠡᠵᠦ ᠦᠪᠡᠷ ᠶᠢᠠᠨ ᠴᠠᠪᠴᠢᠶᠠᠯ ᠪᠣᠭᠣᠮᠳᠠ ᠵᠢ ᠲᠠᠭᠠᠷᠢᠨ ᠪᠣᠴᠠᠬᠣ ᠬᠡᠵᠦ ᠬᠠᠰᠠᠷ ᠲᠤ ᠵᠠᠬᠥᠨ ᠭᠠᠷ ᠤᠨ ᠴᠡᠷᠢᠭ᠌ ᠢ ᠵᠠᠬᠢᠷᠣᠭᠣᠯᠣᠨ ᠲᠠᠯᠠᠢ ᠶᠢᠨ ᠬᠦᠪᠡᠬᠡ ᠪᠠᠷ ᠬᠢᠵᠢᠨ ᠶᠠᠪᠣᠵᠣ᠂ ᠪᠧᠢ᠌ᠬᠢᠩ ᠭᠡᠳᠡᠭ ᠬᠤᠢ᠌ᠳᠤ ᠨᠠᠢ᠌ᠰᠯᠡᠯ (ᠳᠠᠨᠠᠨ ᠪᠠᠯᠭᠠᠰᠤ) ᠳᠤ ᠪᠠᠭᠣᠭᠠᠳ ᠲᠠᠷᠠ ᠬᠣᠳᠠ ᠶᠢ ᠲᠠᠭᠠᠭᠣᠯᠵᠣ ᠲᠡᠬᠥᠨ ᠡᠴᠡ ᠴᠠᠰᠢ ᠵᠦᠷᠴᠢᠥᠨ ᠤᠨ ᠪᠣᠬᠠᠨᠣ ᠶᠢ (ᠤᠳᠤ ᠶᠢᠨ ᠦᠪᠤᠷ ᠮᠤᠩᠭ᠋ᠤᠯ ᠤᠨ ᠵᠡᠬᠦᠨ ᠬᠡᠰᠡᠭ) ᠲᠠᠭᠠᠷᠢᠨ᠂ ᠬᠡᠷᠪᠡ ᠪᠣᠬᠠᠨᠣ ᠶᠢ ᠪᠠᠢ᠌ᠯᠳᠣᠬᠣ ᠶᠢ ᠰᠠᠳᠬᠢᠪᠠᠯ ᠪᠠᠢ᠌ᠯᠳᠣᠭᠳᠣᠨ︕ ᠡᠯᠰᠠᠵᠣ ᠣᠷᠣᠪᠠᠯ ᠲᠡᠬᠥᠨ ᠤ ᠬᠢᠵᠠᠭᠠᠷ ᠤᠨ ᠬᠣᠳᠠ ᠤᠳ ᠢ ᠲᠠᠭᠠᠷᠢᠨ ᠤᠯᠠᠨᠣᠤ ᠮᠥᠷᠡᠨ ᠢ ᠣᠭᠳᠣᠯᠣᠨ ᠤᠳᠴᠣ᠂ ᠲᠣᠣᠷ ᠤᠨ ᠭᠣᠣᠯ ᠢ ᠦᠭᠰᠦᠵᠦ᠂ ᠬᠢᠩᠭ᠋ᠠᠨ ᠤ ᠲᠠᠪᠠᠭ᠎ᠠ ᠶᠢ ᠲᠠᠪᠠᠵᠣ᠂ ᠶᠡᠬᠡ ᠠᠭᠣᠷᠣᠭ ᠣᠷᠳᠣᠨ ᠳᠤ ᠨᠠᠢ᠌ᠯᠠᠨ ᠢᠷᠡᠲᠦᠬᠡᠢ︕》 ᠬᠡᠵᠦ ᠢᠯᠡᠬᠡᠪᠡ᠃ ᠬᠠᠰᠠᠷ ᠲᠡᠶ ᠵᠦᠷᠴᠢᠳᠡᠢ᠂ ᠠᠯᠴᠢ᠂ ᠲᠣᠯᠣᠨ ᠴᠢᠷᠪᠢ ᠭᠣᠷᠪᠠᠨ ᠨᠣᠶᠠᠨ ᠢ ᠢᠯᠡᠬᠡᠯᠴᠡᠪᠡ᠃ ᠬᠠᠰᠠᠷ ᠪᠧᠢ᠌ᠬᠢᠩ ᠬᠣᠳᠠ ᠶᠢ ᠣᠷᠣᠭᠣᠯᠵᠣ᠂ ᠵᠦᠷᠴᠢᠳ ᠤᠨ ᠪᠣᠬᠠᠨᠣ ᠶᠢ ᠲᠠᠭᠠᠷ᠎ᠠ ᠣᠷᠣᠭᠣᠯᠵᠣ᠂ ᠮᠦᠷ ᠲᠤ ᠲᠣᠬᠢᠶᠠᠯᠳᠣᠭᠰᠠᠨ ᠬᠣᠳᠠ ᠤᠳ ᠢ ᠡᠵᠡᠯᠠᠬᠡᠥᠨ ᠲᠣᠣᠷ ᠭᠣᠣᠯ ᠢ ᠦᠭᠰᠥᠨ ᠲᠠᠪᠠᠭ᠎ᠠ ᠶᠢ ᠲᠠᠪᠠᠵᠣ᠂ ᠴᠢᠩᠬᠢᠰ ᠤᠨ ᠣᠣᠯ ᠣᠷᠳᠣᠨ ᠳᠤ ᠪᠠᠭᠣᠵᠣ ᠢᠷᠠᠪᠠ᠃
254᠂ ᠲᠡᠬᠥᠨ ᠤ ᠬᠤᠢ᠌ᠨ᠎ᠠ ᠴᠢᠩᠬᠢᠰ ᠬᠠᠭᠠᠨ ᠤ ᠰᠠᠷᠳᠠᠭᠣᠯ (ᠳᠤᠮᠳᠠᠳᠤ ᠠᠽᠢᠶ᠎ᠠ ᠶᠢᠨ ᠲᠦᠷᠺᠡᠰᠲ᠋ᠠᠨ) ᠢᠷᠬᠡᠨ ᠳᠤ ᠶᠠᠪᠣᠭᠣᠯᠣᠭᠰᠠᠨ ᠤᠬᠤᠨ᠎ᠠ ᠲᠡᠷᠢᠬᠥᠳᠡᠨ ᠵᠠᠭᠣᠨ ᠡᠯᠴᠢ ᠠᠯᠠᠭᠳᠠᠭᠰᠠᠨ ᠳᠤ᠂ ᠴᠢᠩᠬᠢᠰ ᠬᠠᠭᠠᠨ ᠦᠬᠥᠯᠡᠷᠥᠨ᠄ 《ᠠᠯᠳᠠᠨ ᠠᠷᠭᠠᠮᠵᠢᠶ᠎ᠠ ᠪᠠᠨ ᠰᠠᠷᠳᠠᠭᠣᠯ ᠢᠷᠬᠡᠨ ᠶᠢᠠᠷ ᠲᠠᠰᠣᠯᠠᠭᠣᠯᠣᠭᠠᠳ ᠵᠦᠭᠡᠷ ᠣᠷᠬᠢᠵᠣ ᠪᠣᠯᠬᠣ ᠦᠦ︖ ᠤᠬᠤᠨ᠎ᠠ ᠲᠡᠷᠢᠬᠥᠳᠡᠢ ᠵᠠᠭᠣᠨ ᠡᠯᠴᠢ ᠶᠢᠨ ᠦᠰᠢᠯ ᠢ ᠦᠰᠢᠵᠦ᠂ ᠬᠢᠰᠠᠯ ᠢ ᠬᠢᠰᠠᠵᠣ᠂ ᠰᠠᠷᠳᠠᠭᠣᠯ ᠣᠯᠣᠰ ᠲᠡᠶ ᠪᠠᠢ᠌ᠯᠳᠣᠶ᠎ᠠ》 ᠬᠡᠵᠦ ᠮᠣᠷᠳᠠᠬᠣ ᠳᠤ ᠶᠢᠰᠣᠢ ᠬᠠᠳᠣᠨ ᠴᠢᠩᠬᠢᠰ ᠬᠠᠭᠠᠨ ᠳᠤ ᠲᠣᠷᠠᠳᠬᠠᠨ ᠦᠴᠢᠭ᠍ᠰᠡᠨ ᠨᠢ᠄
《ᠬᠠᠭᠠᠨ ᠦᠨᠳᠥᠷ ᠲᠠᠪᠠᠭ᠎ᠠ ᠶᠢ ᠲᠠᠪᠠᠵᠣ
ᠦᠷᠬᠡᠨ ᠮᠥᠷᠡᠨ ᠢ ᠬᠡᠳᠥᠯᠵᠦ
ᠣᠷᠳᠣ ᠠᠶᠠᠨ ᠳᠤ ᠮᠣᠷᠢᠯᠠᠬᠣ ᠳᠠᠭᠠᠨ
ᠣᠯᠣᠰ ᠢᠷᠬᠡᠨ ᠶᠢᠠᠨ ᠵᠠᠬᠢᠷᠬᠣ ᠶᠢ
ᠣᠷᠢᠳᠠᠯ ᠪᠣᠯᠭᠠᠵᠣ ᠰᠠᠳᠬᠢᠨᠠ᠃
ᠲᠥᠷᠥᠭᠰᠡᠨ ᠪᠠᠶ᠎ᠠ ᠶᠢ ᠲᠥᠯᠪᠡᠷᠡᠬᠥ
ᠲᠥᠮᠡᠨ ᠠᠮᠢᠳᠠᠨ ᠤ ᠬᠠᠣᠯᠢ ᠶᠢ
ᠲᠡᠬᠥᠰ ᠣᠬᠠᠭᠠᠨ ᠳᠠᠭᠠᠨ ᠰᠠᠨᠠᠭᠠᠰᠠᠢ᠃
ᠠᠭᠣᠯᠠ ᠮᠠᠳᠣ ᠪᠠᠶ᠎ᠠ ᠴᠢᠨᠢ
ᠨᠣᠷᠠᠵᠣ ᠤᠳᠪᠠᠯ
ᠣᠯᠣᠰ ᠣᠷᠣᠨ ᠮᠣᠩᠭ᠋ᠣᠯ ᠢ ᠴᠢᠨᠢ
ᠬᠡᠨ ᠵᠠᠬᠢᠷᠬᠣ ᠶᠣᠮ ᠪᠣᠢ︖
ᠲᠣᠯᠭᠠᠭᠣᠷᠢ ᠮᠠᠳᠣ ᠪᠠᠶ᠎ᠠ ᠴᠢᠨᠢ
ᠲᠣᠢ᠌ᠪᠠᠵᠣ ᠤᠳᠪᠠᠯ
ᠲᠣᠭ ᠶᠡᠬᠡ ᠰᠥᠯᠳᠡ ᠶᠢ ᠴᠢᠨᠢ
ᠬᠡᠨ ᠡᠷᠬᠥᠬᠥ ᠶᠣᠮ ᠪᠣᠢ︖
ᠲᠥᠷᠥᠭᠰᠡᠨ ᠲᠥᠷᠪᠡᠨ ᠬᠦᠤ ᠡᠴᠡ ᠴᠢᠨᠢ
ᠲᠥᠷᠤ ᠪᠠᠷᠢᠬᠤ ᠨᠢ ᠬᠡᠨ ᠪᠣᠢ︖
ᠬᠠᠨ ᠬᠦᠪᠡᠬᠥᠨ ᠲᠡᠬᠥᠤ ᠨᠡᠷ
ᠬᠠᠷᠠᠴᠣ ᠣᠯᠠᠨ ᠠᠷᠠᠳ ᠪᠠ
ᠬᠠᠳᠣᠳ ᠪᠢᠳᠠ ᠪᠦᠬᠥᠨ ᠳᠤ
ᠬᠠᠷᠢᠭᠣ ᠠᠢ᠌ᠯᠠᠳᠬᠣ ᠡᠰᠠᠬᠥ ᠶᠢ
ᠬᠠᠭᠠᠨ ᠤ ᠵᠠᠷᠯᠢᠭ ᠮᠡᠳᠡᠲᠦᠬᠡᠢ》
ᠬᠡᠵᠦ ᠦᠴᠢᠪᠡᠯ᠂ ᠴᠢᠩᠬᠢᠰ ᠬᠠᠭᠠᠨ ᠵᠠᠷᠯᠢᠭ ᠪᠣᠯᠣᠷᠣᠨ᠄ 《ᠬᠠᠳᠣᠨ ᠬᠦᠮᠥᠨ ᠪᠣᠯᠪᠠᠴᠣ ᠶᠢᠰᠣᠢ ᠶᠢᠨ ᠬᠡᠯᠡᠭ᠍ᠰᠡᠨ ᠦᠬᠡ ᠵᠦᠪ ᠡᠴᠡ ᠵᠦᠪ︕ ᠲᠡᠬᠥᠤ ᠨᠡᠷ ᠬᠦᠪᠡᠭᠦᠳ᠂ ᠪᠣᠭᠣᠷᠴᠣ᠂ ᠮᠣᠬᠣᠯᠠᠢ ᠲᠠ ᠨᠡᠷ ᠤᠨ ᠠᠯᠢ ᠨᠢ ᠴᠤ ᠡᠨᠠ ᠦᠬᠡ ᠶᠢ ᠲᠣᠷᠠᠳᠬᠠᠭᠰᠠᠨ ᠦᠭᠡᠶ᠃ ᠪᠢ᠂ ᠡᠪᠥᠬᠡᠥᠨ ᠤᠨ ᠬᠤᠢ᠌ᠨ᠎ᠠ ᠡᠴᠡ ᠤᠳᠬᠣ ᠦᠭᠡᠶ ᠮᠠᠳᠣ ᠦᠪᠡᠷ ᠶᠢᠠᠨ ᠮᠠᠷᠳᠠᠭᠰᠠᠨ ᠠᠵᠢ᠃ ᠦᠬᠥᠯ ᠨᠠᠳᠠ ᠡᠴᠡ ᠲᠤᠭᠤᠷᠢᠬᠤ ᠮᠠᠳᠣ ᠦᠨᠡᠬᠡᠷ ᠲᠡᠬᠥᠨ ᠢ ᠰᠠᠨᠠᠭᠰᠠᠨ ᠦᠭᠡᠶ》 ᠬᠡᠥᠨ᠂ 《ᠬᠦᠪᠡᠭᠦᠳ ᠤᠨ ᠡᠠᠬ᠎ᠠ ᠵᠦᠴᠢ ᠮᠦᠨ᠂ ᠶᠠᠭᠣ ᠬᠡᠯᠡᠨ᠎ᠡ︖ ᠴᠢ ᠬᠡᠯᠡ︕》 ᠬᠡᠪᠡ᠃ ᠵᠦᠴᠢ ᠦᠬᠥᠯᠡᠬᠥ ᠶᠢᠨ ᠣᠷᠢᠳᠠ ᠴᠠᠭᠠᠳᠠᠢ ᠦᠬᠥᠯᠡᠷᠥᠨ᠄ 《ᠵᠦᠴᠢ ᠦᠭᠡ ᠬᠡᠯᠡ ᠭᠡᠳ ᠵᠦᠴᠢ ᠵᠢ ᠶᠠᠭᠤᠨ ᠳᠤ ᠳᠤᠮᠢᠯᠠᠬᠤ ᠭᠡᠵᠦ ᠪᠠᠢ᠌ᠨ᠎ᠠ︖ ᠡᠨᠡ ᠮᠡᠷᠬᠢᠳ ᠤᠨ ᠤᠷᠬᠢᠳᠠᠰᠤ ᠳᠤ ᠪᠢᠳᠡ ᠵᠠᠬᠢᠷᠤᠭᠳᠠᠬᠤ ᠭᠡᠵᠦ ᠤᠤ︖》ᠭᠡᠰᠡᠨ ᠳᠤ᠂ (ᠪᠦᠷᠳᠡ ᠬᠠᠳᠤᠨ᠂ ᠮᠠᠷᠬᠢᠳ ᠲᠤ ᠤᠯᠵᠠᠯᠠᠭᠳᠠᠵᠤ ᠪᠠᠢ᠌ᠭᠠᠳ ᠵᠢᠷᠮᠤᠰᠤᠨ ᠪᠤᠯᠵᠤ ᠢᠷᠡᠭᠰᠡᠨ ᠤᠴᠢᠷ ᠡᠴᠡ ᠳᠡᠭᠡᠵᠤ ᠬᠡᠯᠡᠭᠰᠡ ᠳᠤ) ᠵᠦᠴᠢ ᠪᠤᠰᠤᠭᠠᠳ ᠴᠠᠭᠠᠳᠠᠢ ᠶᠢᠨ ᠡᠩᠭᠡᠷ ᠡᠴᠡ ᠰᠢᠬᠦᠷᠦᠨ ᠪᠠᠷᠢᠵᠤ ᠦᠬᠦᠯᠡᠷᠤᠨ᠄《ᠬᠠᠭᠠᠨ ᠡᠴᠢᠭᠡ ᠨᠠᠮᠢ᠋ᠢ ᠭᠠᠳᠠᠭᠣᠷᠬᠠᠵᠣ ᠦᠵᠡᠬᠡ ᠦᠭᠡᠶ ᠪᠠᠢ᠌ᠬᠣ ᠳᠤ ᠴᠢ ᠨᠠᠮᠢ᠋ᠢ ᠶᠠᠭᠠᠬᠢᠭᠠᠳ ᠢᠯᠭᠠᠵᠣ ᠪᠠᠢ᠌ᠨ᠎ᠠ︖ ᠴᠢ ᠨᠠᠳᠠ ᠡᠴᠡ ᠶᠠᠮᠠᠷ ᠡᠷᠳᠠᠮ ᠴᠢᠳᠠᠯ ᠶᠢᠠᠷ ᠢᠯᠡᠬᠥᠤ ᠪᠣᠢ︖ ᠴᠢ ᠭᠠᠭᠴᠠ ᠲᠣᠭᠰᠢᠨ ᠣᠮᠣᠭ ᠶᠢᠠᠷ ᠶᠢᠠᠨ ᠢᠯᠡᠬᠥᠤ ᠪᠢᠵᠠ᠃ ᠬᠠᠷᠪᠣᠯᠴᠠᠭᠠᠳ ᠴᠢᠮ᠎ᠠ ᠳᠤ ᠭᠠᠷᠳᠠᠪᠠᠯ ᠡᠷᠠᠬᠡᠢ ᠶᠢ ᠣᠭᠳᠣᠯᠵᠣ ᠬᠠᠶᠠᠰᠣᠭᠠᠢ︕ ᠪᠠᠷᠢᠯᠳᠣᠭᠠᠳ ᠴᠢᠮ᠎ᠠ ᠳᠤ ᠢᠯᠠᠭᠳᠠᠪᠠᠯ ᠣᠨᠠᠭᠰᠠᠨ ᠭᠠᠵᠠᠷ ᠡᠴᠡ ᠪᠦᠤ ᠪᠣᠰᠣᠰᠣᠭᠠᠢ︕ ᠬᠠᠭᠠᠨ ᠡᠴᠢᠬᠡ ᠶᠢᠨ ᠵᠠᠷᠯᠢᠭ ᠮᠡᠳᠡᠲᠦᠬᠡᠢ︕》 ᠬᠡᠪᠡ᠃ ᠵᠦᠴᠢ ᠴᠠᠭᠠᠳᠠᠢ ᠬᠣᠶᠠᠷ ᠡᠩᠬᠡᠷ ᠡᠴᠡ ᠪᠠᠨ ᠪᠠᠷᠢᠯᠴᠠᠭᠠᠳ ᠵᠦᠴᠢ ᠶᠢᠨ ᠭᠠᠷ ᠡᠴᠡ ᠪᠣᠭᠣᠷᠴᠣ ᠲᠠᠳᠠᠵᠣ᠂ ᠴᠠᠭᠠᠳᠠᠢ ᠶᠢᠨ ᠭᠠᠷ ᠡᠴᠡ ᠮᠣᠬᠣᠯᠠᠢ ᠲᠠᠳᠠᠵᠣ ᠪᠠᠢ᠌ᠬᠣ ᠳᠤ᠂ ᠴᠢᠩᠬᠢᠰ ᠬᠠᠭᠠᠨ ᠲᠠᠭᠣ ᠦᠭᠡᠶ ᠰᠠᠭᠣᠵᠣ ᠪᠠᠢ᠌ᠪᠠ᠃ ᠬᠦᠬᠡᠴᠥᠰ ᠵᠠᠬᠥᠨ ᠡᠳᠡᠬᠡᠥᠨ ᠲᠤ ᠪᠠᠢ᠌ᠵᠣ ᠦᠬᠥᠯᠡᠷᠥᠨ᠄
《ᠴᠠᠭᠠᠳᠠᠢ ᠴᠢ ᠶᠠᠭᠣᠨ ᠳᠤ ᠶᠠᠭᠠᠷᠠᠪᠠ︖ ᠬᠠᠭᠠᠨ ᠡᠴᠢᠬᠡ ᠴᠢᠨᠢ᠂ ᠬᠦᠪᠡᠭᠦᠳ ᠤᠨ ᠲᠣᠳᠣᠷ᠎ᠠ ᠡᠴᠡ ᠴᠢᠮ᠎ᠠ ᠳᠤ ᠢᠳᠡᠬᠡᠵᠦ ᠪᠠᠢ᠌ᠭᠰᠠᠨ ᠪᠢᠯᠠ᠃ ᠲᠠ ᠨᠡᠷ ᠢ ᠲᠥᠷᠣᠬᠥ ᠶᠢᠨ ᠣᠷᠢᠳᠠ
ᠣᠳᠣ ᠲᠡᠶ ᠲᠡᠭ᠍ᠷᠢ ᠣᠷᠴᠢᠵᠣ
ᠣᠯᠠᠨ ᠣᠯᠣᠰ ᠪᠠᠢ᠌ᠯᠳᠣᠵᠣ
ᠣᠷᠣᠨ ᠳᠠᠭᠠᠨ ᠣᠠᠳᠠᠬᠣ ᠵᠠᠪ ᠦᠭᠡᠶ
ᠣᠯᠵᠠᠯᠠᠨ ᠪᠣᠯᠢᠶᠠᠯᠳᠣᠵᠣ ᠪᠠᠢ᠌ᠪᠠ᠃
ᠬᠦᠷᠥᠰᠣᠲᠦ ᠲᠡᠯᠠᠬᠡᠢ ᠬᠦᠷᠪᠡᠵᠦ
ᠬᠦᠪᠴᠢᠨ ᠣᠯᠣᠰ ᠬᠢᠮᠣᠷᠠᠯᠳᠣᠵᠣ
ᠬᠦᠠᠵᠢᠯᠡ ᠳᠡᠭᠡᠨ ᠣᠠᠳᠠᠬᠣ ᠵᠠᠪ ᠦᠭᠡᠶ
ᠬᠦᠨᠦᠬᠡᠯᠳᠥᠨ ᠲᠠᠮᠠᠴᠠᠵᠣ ᠪᠠᠢ᠌ᠪᠠ᠃
ᠡᠷᠠᠬᠡᠯᠵᠡᠨ ᠪᠣᠳᠣᠬᠣ ᠴᠢᠯᠦᠬᠡ ᠦᠭᠡᠶ
ᠡᠯᠪᠠᠯᠳᠠᠨ ᠵᠢᠣᠠᠬᠥᠵᠦ ᠶᠠᠪᠣᠪᠠ
ᠣᠬᠣᠷᠢᠨ ᠲᠣᠳᠠᠭᠠᠬᠣ ᠭᠠᠵᠠᠷ ᠦᠭᠡᠶ
ᠣᠷᠣᠭᠰᠢᠯᠠᠨ ᠪᠠᠢ᠌ᠯᠳᠣᠵᠣ ᠶᠠᠪᠣᠪᠠ
ᠠᠮᠣᠷ ᠵᠢᠷᠭᠠᠬᠣ ᠠᠷᠭ᠎ᠠ ᠦᠭᠡᠶ
ᠠᠯᠠᠯᠳᠣᠨ ᠲᠠᠮᠠᠴᠠᠵᠣ ᠶᠠᠪᠣᠪᠠ᠃
ᠬᠠᠳᠣᠨ ᠰᠠᠢ᠌ᠬᠠᠨ ᠡᠬᠡ ᠶᠢᠨ ᠶᠢᠠᠨ
ᠬᠠᠯᠠᠭᠣᠨ ᠡᠯᠢᠬᠡ ᠶᠢ ᠬᠦᠷᠥᠬᠡᠵᠦ
ᠬᠠᠢ᠌ᠷᠠᠳᠣ ᠵᠢᠷᠥᠬᠡ ᠶᠢ ᠭᠣᠮᠣᠳᠠᠭᠠᠵᠣ
ᠲᠣᠰᠣ ᠰᠢᠭ ᠰᠠᠨᠠᠭ᠎ᠠ ᠶᠢ ᠴᠠᠷᠴᠠᠭᠣᠯᠵᠣ
ᠰᠥ᠋ ᠰᠢᠭ᠌ ᠰᠠᠳᠬᠢᠯ ᠢ ᠡᠬᠡᠳᠡᠬᠥᠯᠬᠥ
ᠴᠠᠯᠴᠢᠶ᠎ᠠ ᠮᠠᠭᠣ ᠦᠬᠡ ᠶᠢ
ᠴᠠᠭᠠᠳᠠᠢ ᠴᠢ ᠬᠡᠯᠡᠯ᠎ᠡ᠃
ᠪᠦᠯᠢᠶᠡᠨ ᠡᠯᠢᠬᠡ ᠨᠢᠬᠡ ᠲᠡᠶ
ᠪᠦᠷᠳᠡ ᠬᠠᠳᠣᠨ ᠤ ᠬᠡᠣᠬᠡᠥᠨ ᠪᠢᠰᠢᠤ
ᠬᠠᠯᠠᠭᠣᠨ ᠡᠯᠢᠬᠡ ᠨᠢᠬᠡ ᠲᠡᠶ
ᠬᠠᠮᠳᠣ ᠲᠥᠷᠥᠭᠰᠡᠨ ᠬᠡᠣᠬᠡᠥᠨ ᠪᠢᠰᠢᠤ᠃
ᠵᠢᠷᠥᠬᠡᠨ ᠤ ᠬᠠᠢ᠌ᠷᠠᠳᠣ ᠡᠬᠡ ᠶᠢᠨ
ᠵᠢᠣᠠᠬᠥᠭ᠍ᠰᠡᠨ ᠠᠴᠢ ᠶᠢ ᠮᠠᠷᠳᠠᠵᠣ
ᠵᠦᠢ ᠦᠭᠡᠶ ᠦᠬᠡ ᠪᠠᠷ ᠭᠣᠮᠣᠳᠠᠭᠠᠪᠠᠯ
ᠬᠡᠮᠰᠢᠪᠡᠴᠦ ᠨᠢᠬᠡᠠᠳᠡ ᠬᠣᠵᠢᠳᠠᠨᠠ᠃
ᠬᠡᠪᠡᠯᠢ ᠳᠡᠭᠡᠨ ᠲᠡᠬᠡᠬᠡᠭ᠍ᠰᠡᠨ ᠡᠬᠡ ᠶᠢᠨ
ᠬᠡᠳᠥᠷᠬᠡᠢ ᠠᠴᠢ ᠶᠢ ᠮᠠᠷᠳᠠᠵᠣ
ᠬᠡᠳᠡᠷ ᠦᠬᠡ ᠪᠠᠷ ᠭᠣᠮᠣᠳᠠᠭᠠᠪᠠᠯ
ᠬᠡᠵᠢᠶ᠎ᠡ ᠴᠤ ᠪᠠᠶᠠᠰᠬᠠᠵᠣ ᠴᠢᠳᠠᠬᠣ ᠦᠭᠡᠶ᠃
ᠬᠠᠭᠠᠨ ᠪᠣᠭᠳᠠ ᠡᠴᠢᠬᠡ ᠴᠢᠨᠢ
ᠬᠠᠮᠣᠭ ᠣᠯᠣᠰ ᠢ ᠪᠠᠢ᠌ᠭᠣᠯᠬᠣ ᠳᠠᠭᠠᠨ
ᠬᠠᠷ᠎ᠠ ᠲᠣᠯᠣᠭᠠᠢ ᠪᠠᠨ ᠬᠠᠢ᠌ᠷᠠᠯᠠᠬᠣ ᠦᠭᠡᠶ
ᠬᠠᠯᠠᠭᠣᠨ ᠴᠢᠰᠤ ᠪᠠᠨ ᠭᠠᠮᠨᠠᠬᠣ ᠦᠭᠡᠶ
ᠬᠠᠮᠬᠢᠬᠣ ᠨᠢᠳᠣ ᠪᠠᠨ ᠢᠷᠮᠡᠬᠥ ᠦᠭᠡᠶ
ᠭᠠᠷ ᠤᠨ ᠬᠠᠠᠴᠣᠢ ᠶᠢ ᠲᠠᠷᠠᠯᠠᠵᠣ
ᠭᠠᠳᠠᠭᠠᠳᠣ ᠬᠣᠷᠮᠣᠢ ᠪᠠᠨ ᠲᠠᠪᠢᠰᠴᠣ
ᠰᠢᠯᠣᠰᠣᠨ ᠤ ᠬᠦᠬᠡᠰᠦ ᠪᠠᠷ ᠣᠮᠳᠠᠯᠠᠵᠣ
ᠰᠢᠳᠣᠨ ᠤ ᠮᠢᠬ᠎ᠠ ᠪᠠᠷ ᠬᠣᠭᠣᠯᠠᠯᠠᠵᠣ
ᠮᠠᠩᠨᠠᠢ ᠶᠢᠨ ᠬᠦᠯᠥᠰᠤ ᠶᠢ ᠭᠣᠭᠣᠵᠢᠳᠠᠯᠠ
ᠮᠠᠴᠣᠵᠣ ᠴᠢᠷᠮᠠᠢ᠌ᠵᠤ ᠶᠠᠪᠣᠬᠣ ᠳᠤ
ᠣᠯᠠ ᠶᠢᠨ ᠬᠦᠯᠥᠰᠤ ᠶᠢ ᠣᠷᠣᠰᠳᠠᠯᠠ
ᠣᠯᠣᠰ ᠶᠢᠠᠨ ᠬᠣᠷᠢᠶᠠᠵᠣ ᠶᠠᠪᠣᠬᠣ ᠳᠤ
ᠬᠠᠢ᠌ᠷᠠᠳᠣ ᠬᠠᠳᠣᠨ ᠡᠬᠡ ᠴᠢᠨᠢ
ᠬᠠᠮᠳᠣ ᠵᠤᠪᠠᠵᠣ ᠶᠠᠪᠣᠵᠠᠢ᠃
ᠣᠶᠣᠨ ᠲᠡᠬᠥᠯᠳᠡᠷ ᠡᠬᠡ ᠴᠢᠨᠢ
ᠣᠶᠣᠳᠠᠯᠳᠣ ᠲᠠᠪᠠᠯ ᠶᠢᠠᠨ ᠣᠭᠰᠢᠭᠣᠯᠵᠣ
ᠣᠭᠳᠣᠷ ᠬᠣᠷᠮᠣᠢ ᠪᠠᠨ ᠰᠢᠭᠣᠵᠣ
ᠬᠡᠣᠬᠡᠥᠨ ᠶᠢᠠᠨ ᠦᠰᠬᠡᠬᠥ ᠶᠢᠨ ᠲᠣᠯᠠᠳᠠ
ᠬᠦᠴᠦ ᠴᠢᠳᠠᠯ ᠶᠢᠠᠨ ᠰᠢᠪᠬᠠᠵᠣ
ᠵᠠᠯᠬᠢᠬᠣ ᠬᠣᠭᠣᠯᠠ ᠶᠢᠨ ᠰᠢᠮ᠎ᠠ ᠲᠡᠶ ᠶᠢ
ᠵᠠᠶᠠᠭᠠᠭᠰᠠᠨ ᠬᠡᠣᠬᠡᠥᠨ ᠲᠡᠭᠡᠨ ᠦᠭᠴᠦ
ᠣᠣᠭᠣᠬᠣ ᠣᠮᠳᠠ ᠶᠢᠨ ᠲᠡᠬᠡᠵᠢ ᠶᠢ
ᠣᠷᠢᠳᠠᠪᠠᠷ ᠲᠠ ᠨᠡᠷ ᠲᠤ ᠦᠭᠴᠦ
ᠦᠰᠬᠥ ᠦᠷ᠎ᠡ ᠪᠠᠨ ᠲᠡᠵᠢᠬᠡᠵᠦ
ᠦᠯᠥᠰᠴᠦ ᠶᠠᠳᠠᠷᠠᠵᠣ ᠶᠠᠪᠣᠯ᠎ᠠ᠃
ᠡᠬᠡᠮ ᠡᠴᠡ ᠴᠢᠨᠢ ᠲᠠᠳᠠᠵᠣ
ᠡᠷ᠎ᠠ ᠶᠢᠨ ᠵᠠᠷᠬᠡ ᠳᠤ ᠬᠦᠷᠬᠡᠭ᠍ᠰᠡᠨ
ᠡᠷᠬᠢᠮ ᠠᠴᠢ ᠶᠢ ᠰᠠᠨᠠᠵᠠᠭᠠ
ᠬᠦᠵᠦᠬᠥᠨ ᠡᠴᠡ ᠴᠢᠨᠢ ᠲᠠᠳᠠᠵᠣ
ᠬᠦᠮᠥᠨ ᠤ ᠵᠠᠷᠬᠡ ᠪᠣᠯᠭᠠᠭᠰᠠᠨ
ᠬᠦᠠᠲᠦᠲᠦ ᠠᠴᠢ ᠶᠢ ᠪᠣᠳᠣᠵᠠᠭ᠎ᠠ᠃
ᠪᠣᠬᠢᠷ ᠢ ᠴᠢᠨᠢ ᠠᠷᠢᠯᠭᠠᠵᠣ
ᠪᠣᠷᠪᠢ ᠶᠢ ᠴᠢᠨᠢ ᠳᠠᠨᠡᠢ᠌ᠯᠭᠡᠵᠤ
ᠡᠷ᠎ᠠ ᠶᠢᠨ ᠵᠠᠷᠬᠡ ᠳᠤ ᠣᠷᠣᠭᠣᠯᠵᠣ
ᠡᠮᠠᠬᠡᠯ ᠤᠨ ᠲᠥᠷᠣᠬᠡᠨ ᠳᠤ ᠬᠦᠷᠬᠡᠬᠡᠥᠨ
ᠡᠩᠬᠥᠷᠡᠢ ᠬᠡᠣᠬᠡᠥᠨ ᠲᠠ ᠨᠡᠷ ᠤᠨ
ᠡᠷᠬᠢᠮ ᠰᠠᠢ᠌ᠬᠠᠨ ᠢ ᠦᠵᠡᠶ᠎ᠡ ᠬᠡᠵᠦ
ᠡᠬᠡ ᠴᠢᠨᠢ ᠣᠳᠣ ᠪᠣᠳᠣᠵᠣ ᠪᠠᠢ᠌ᠨ᠎ᠠ᠃
ᠨᠠᠷᠠ ᠰᠢᠭ ᠬᠡᠬᠡᠨ ᠣᠬᠠᠭᠠᠠᠳᠣ
ᠨᠠᠪᠴᠢ ᠰᠢᠭ ᠲᠡᠯᠬᠡᠷ ᠰᠠᠳᠬᠢᠯᠳᠣ
ᠰᠠᠢ᠌ᠨ ᠬᠠᠳᠣᠨ ᠡᠬᠡ ᠶᠢᠨ ᠶᠢᠠᠨ
ᠰᠠᠨᠠᠭ᠎ᠠ ᠶᠢ ᠪᠣᠤ ᠭᠣᠮᠣᠳᠠᠭᠣᠯ︕》 ᠬᠡᠪᠡ᠃
255᠂ ᠲᠠᠠᠳᠠ ᠡᠴᠡ ᠴᠢᠩᠬᠢᠰ ᠬᠠᠭᠠᠨ ᠦᠬᠥᠯᠡᠷᠥᠨ᠄ 《ᠵᠦᠴᠢ ᠶᠢ ᠲᠡᠬᠡᠵᠦ ᠬᠡᠯᠡᠵᠦ ᠶᠠᠭᠠᠬᠢᠵᠣ ᠪᠣᠯᠣᠨ᠎ᠠ︖ ᠬᠦᠪᠡᠭᠦᠳ ᠤᠨ ᠮᠢᠨᠢ ᠠᠬᠠᠮᠠᠳ ᠵᠦᠴᠢ ᠪᠢᠰᠢᠤ︖ ᠬᠣᠵᠢᠮ ᠲᠡᠬᠡᠵᠦ ᠪᠦᠤ ᠬᠡᠯᠡᠲᠦᠬᠡᠢ》 ᠬᠡᠵᠦ ᠵᠠᠷᠯᠢᠭ ᠪᠣᠯᠪᠠ᠃ ᠡᠨᠠ ᠦᠬᠡᠨ ᠳᠤ ᠴᠠᠭᠠᠳᠠᠢ ᠮᠥᠰᠢᠯᠵᠡᠵᠦ ᠦᠬᠥᠯᠡᠷᠥᠨ᠄ 《ᠵᠦᠴᠢ ᠶᠢᠨ ᠬᠦᠴᠦ ᠡᠷᠳᠠᠮ ᠢ ᠪᠠᠰᠣᠮᠵᠢᠯᠠᠬᠣ ᠦᠭᠡᠶ᠂
ᠠᠮᠨ ᠪᠠᠷ ᠠᠯᠠᠭᠰᠠᠨ ᠢ
ᠠᠴᠢᠵᠣ ᠪᠣᠯᠳᠠᠭ ᠦᠭᠡᠶ
ᠦᠬᠡ ᠪᠠᠷ ᠦᠬᠦᠬᠦᠯᠦᠭᠰᠡᠨ ᠢ
ᠦᠪᠴᠢᠵᠦ ᠪᠣᠯᠳᠠᠭ ᠦᠭᠡᠶ
ᠠᠪᠣ ᠶᠢᠨ ᠬᠦᠪᠡᠭᠦᠳ ᠤᠨ ᠠᠬᠠᠮᠠᠳ ᠨᠢ
ᠵᠦᠴᠢ ᠪᠢᠳᠠ ᠬᠣᠶᠠᠷ ᠪᠢᠵᠠ᠂
ᠬᠠᠭᠠᠨ ᠡᠴᠢᠬᠡ ᠳᠡᠭᠡᠨ ᠬᠠᠪᠰᠣᠷᠴᠣ
ᠬᠦᠴᠦ ᠪᠠᠨ ᠦᠭᠬᠦᠢ᠎ᠡ᠃
ᠲᠠᠯᠳᠠᠷᠢᠨ ᠵᠠᠢ᠌ᠯᠠᠭᠰᠠᠨ ᠡᠳᠡᠬᠡᠥᠨ ᠢ
ᠲᠠᠰᠣ ᠴᠠᠪᠴᠢᠵᠣ ᠰᠢᠳᠬᠡᠢ᠎ᠡ᠂
ᠰᠠᠯᠵᠣ ᠰᠠᠭᠠᠳᠠᠭᠰᠠᠨ ᠡᠳᠡᠬᠡᠥᠨ ᠢ
ᠰᠠᠯᠪᠠᠷᠠᠳᠠᠯᠠ ᠴᠠᠪᠴᠢᠵᠣ ᠪᠠᠢ᠌ᠶ᠎ᠠ᠂
ᠦᠬᠡᠳᠡᠢ ᠦᠷᠥᠰᠢᠶᠡᠯ ᠲᠡᠶ ᠲᠣᠯᠠ
ᠡᠷᠬᠥᠮᠵᠢᠯᠡᠬᠥ ᠳᠤ ᠪᠣᠯᠣᠨ᠎ᠠ᠂
ᠬᠠᠭᠠᠨ ᠡᠴᠢᠬᠡ ᠶᠢᠨ ᠲᠡᠷᠬᠡᠳᠡ
ᠬᠠᠮᠳᠣ ᠣᠢ᠌ᠷ᠎ᠠ ᠪᠠᠢ᠌ᠯᠭᠠᠵᠣ
ᠪᠠᠷᠠᠭᠠᠳᠣ ᠶᠡᠬᠡ ᠮᠠᠯᠠᠭᠠᠢ ᠶᠢ
ᠪᠠᠷᠢᠭᠣᠯᠣᠨ ᠮᠡᠳᠡᠬᠥᠯᠵᠦ ᠪᠣᠯᠣᠨ᠎ᠠ》ᠬᠡᠪᠡ᠃ ᠡᠨᠠ ᠦᠬᠡᠨ ᠳᠤ ᠴᠢᠩᠬᠢᠰ ᠬᠠᠭᠠᠨ ᠦᠬᠥᠯᠡᠷᠥᠨ᠄ 《ᠵᠦᠴᠢ ᠶᠠᠭᠣ ᠬᠡᠯᠡᠬᠥ ᠪᠠᠨ ᠬᠡᠯᠡᠭ᠍ᠳᠥᠨ︕》 ᠬᠡᠪᠡ᠃ ᠵᠦᠴᠢ ᠦᠬᠥᠯᠡᠷᠥᠨ᠄ 《ᠴᠠᠭᠠᠳᠠᠢ ᠶᠢᠨ ᠬᠡᠯᠡᠭ᠍ᠰᠡᠨ ᠶᠣᠰᠣᠭᠠᠷ ᠴᠠᠭᠠᠳᠠᠢ ᠪᠢᠳᠠ ᠬᠣᠶᠠᠷ ᠬᠠᠪᠰᠣᠷᠴᠣ ᠬᠦᠴᠦ ᠪᠠᠨ ᠦᠭᠬᠦᠢ᠎ᠡ᠃ ᠦᠬᠡᠳᠡᠢ ᠶᠢ ᠡᠷᠬᠥᠮᠵᠢᠯᠡᠶᠡ︕》 ᠬᠡᠪᠡ᠃ ᠴᠢᠩᠬᠢᠰ ᠬᠠᠭᠠᠨ ᠵᠠᠷᠯᠢᠭ ᠪᠣᠯᠣᠷᠣᠨ᠄ 《ᠬᠠᠪᠰᠣᠷᠬᠣ ᠨᠢ ᠶᠠᠭᠣ ᠪᠣᠢ︖ ᠡᠬᠡ ᠲᠡᠯᠠᠬᠡᠢ ᠠᠭᠣᠤ ᠪᠦᠬᠡᠥᠨ ᠣᠰᠣ ᠮᠥᠷᠡᠨ ᠣᠯᠠᠨ ᠪᠣᠢ᠃ ᠬᠠᠷᠢ ᠣᠯᠣᠰ ᠢ ᠡᠵᠡᠯᠠᠬᠥᠯᠥᠨ ᠲᠣᠰ ᠲᠣᠰ ᠰᠠᠯᠭᠠᠶ᠎ᠠ᠃ ᠦᠪᠡᠷ ᠦᠪᠡᠷ ᠤᠨ ᠨᠣᠳᠣᠭ ᠢ ᠦᠷᠬᠡᠣᠠᠬᠡᠵᠦ ᠶᠠᠪᠣᠭᠠᠷᠠᠢ᠃ ᠬᠠᠷᠢᠨ ᠵᠦᠴᠢ ᠴᠠᠭᠠᠳᠠᠢ ᠲᠠ ᠬᠣᠶᠠᠷ᠂ ᠬᠡᠯᠡᠭ᠍ᠰᠡᠨ ᠦᠬᠡᠨ ᠳᠡᠭᠡᠨ ᠬᠦᠷᠴᠦ᠂ ᠠᠷᠠᠳ ᠤᠨ ᠢᠨᠢᠶᠠᠳᠣᠮ᠂ ᠠᠮᠢᠳᠠᠨ ᠤ ᠲᠣᠭᠯᠠᠭᠠᠮ ᠪᠣᠯᠬᠣ ᠦᠭᠡᠶ᠂ ᠡᠪ ᠨᠠᠢ᠌ᠷᠳᠠᠢ ᠶᠠᠪᠣᠭᠠᠷᠠᠢ᠃ ᠡᠷᠳᠠ ᠴᠠᠭ ᠲᠤ ᠠᠯᠳᠠᠨ ᠬᠣᠴᠠᠷ ᠬᠣᠶᠠᠷ ᠡᠨᠠ ᠮᠠᠳᠣ ᠪᠠᠷ ᠦᠬᠡ ᠪᠠᠷᠢᠯᠳᠣᠭᠰᠠᠨ ᠪᠠᠢ᠌ᠳᠠᠯ᠎ᠠ᠂ ᠬᠡᠯᠡᠭ᠍ᠰᠡᠨ ᠦᠬᠡᠨ ᠳᠡᠭᠡᠨ ᠬᠦᠷᠥᠭᠰᠡᠨ ᠦᠭᠡᠶ᠂ ᠬᠡᠳᠥᠨ ᠵᠠᠩ ᠭᠠᠷᠭᠠᠭᠠᠳ ᠶᠠᠭᠣ ᠪᠣᠯᠣᠭᠰᠠᠨ ᠢ ᠲᠠ ᠨᠡᠷ ᠮᠠᠳᠠᠵᠣ ᠪᠠᠢ᠌ᠭ᠎ᠠ ᠪᠢᠵᠠ᠃ ᠣᠳᠣ ᠠᠯᠳᠠᠨ ᠬᠣᠴᠠᠷ ᠬᠣᠶᠠᠷ ᠤᠨ ᠬᠠᠷᠢᠶᠠᠳᠣ ᠨᠡᠷ ᠢ ᠲᠠ ᠨᠡᠷ ᠲᠤ ᠬᠣᠪᠢᠶᠠᠵᠣ ᠦᠭᠬᠦᠨ᠎ᠡ᠃ ᠲᠠᠳᠠᠨ ᠢ ᠦᠵᠡᠵᠦ ᠴᠡᠬᠡᠷᠯᠡᠯ ᠪᠣᠯᠭᠠᠵᠣ ᠶᠠᠪᠣᠭᠳᠣᠨ︕》 ᠬᠡᠥᠨ 《ᠦᠬᠡᠳᠡᠢ ᠶᠠᠭᠣ ᠬᠡᠯᠡᠬᠥ ᠪᠣᠢ︖ ᠬᠡᠯᠡᠭ᠍ᠳᠥᠨ︕》 ᠬᠡᠪᠡ᠃ ᠦᠬᠡᠳᠡᠢ ᠦᠬᠥᠯᠡᠷᠥᠨ᠄ 《ᠬᠠᠭᠠᠨ ᠡᠴᠢᠬᠡ ᠰᠣᠶᠣᠷᠬᠠᠵᠣ᠂ ᠦᠬᠡ ᠬᠡᠯᠡ ᠬᠡᠬᠥ ᠳᠤ ᠪᠢ ᠶᠠᠭᠣ ᠪᠠᠨ ᠬᠡᠯᠡᠬᠥ ᠪᠣᠢ︖ ᠴᠢᠳᠠᠬᠣ ᠦᠭᠡᠶ ᠬᠡᠵᠦ ᠶᠠᠭᠠᠬᠢᠵᠣ ᠬᠡᠯᠡᠬᠥ ᠪᠣᠢ︖ ᠴᠢᠳᠠᠬᠣ ᠶᠢ ᠬᠢᠴᠢᠶᠠᠶᠠ︕ ᠭᠠᠭᠴᠠ ᠬᠥ ᠬᠤᠢ᠌ᠲᠤ ᠦᠶ᠎ᠡ ᠶᠢᠨ ᠬᠦᠪᠡᠭᠦᠳ ᠠᠴᠢ ᠨᠡᠷ ᠮᠢᠨᠢ᠂ ᠡᠪᠠᠰᠣᠨ ᠳᠤ ᠣᠷᠢᠶᠠᠪᠠᠴᠣ ᠦᠬᠡᠷ ᠲᠣᠭᠣᠵᠣ ᠢᠳᠡᠬᠥ ᠦᠬᠡᠢ᠂ ᠦᠬᠡᠬᠥᠨ ᠳᠤ ᠬᠣᠴᠢᠪᠠᠴᠣ ᠨᠣᠬᠠᠢ ᠲᠣᠭᠣᠵᠣ ᠢᠳᠡᠬᠥ ᠦᠭᠡᠶ ᠶᠠᠭᠣᠮ᠎ᠠ ᠲᠥᠷᠣᠬᠡᠥᠨ ᠬᠠᠠᠳᠠᠭᠠᠢ ᠶᠢ ᠬᠠᠷᠪᠣᠭᠠᠳ ᠣᠭᠣᠳᠣᠨᠠ ᠵᠢ ᠣᠨᠣᠬᠣ ᠪᠣᠯᠭᠣᠵᠠᠢ᠃ ᠪᠢ ᠡᠬᠥᠨ ᠡᠴᠡ ᠦᠬᠡᠷ᠎ᠡ ᠶᠠᠭᠣ ᠶᠢ ᠬᠡᠯᠡᠬᠥ ᠪᠣᠢ︖》 ᠬᠡᠪᠡ᠃ ᠡᠨᠠ ᠦᠬᠡ ᠶᠢ ᠰᠣᠨᠣᠰᠣᠭᠠᠳ ᠴᠢᠩᠬᠢᠰ ᠬᠠᠭᠠᠨ ᠵᠠᠷᠯᠢᠭ ᠪᠣᠯᠣᠷᠣᠨ᠄ 《ᠦᠬᠡᠳᠡᠢ ᠡᠢ᠌ᠮᠣ ᠦᠬᠡ ᠶᠢ ᠬᠡᠯᠡᠬᠥ ᠪᠣᠯ ᠪᠣᠯᠵᠠᠢ᠃ ᠪᠠᠰᠠ ᠲᠣᠯᠣᠢ ᠶᠠᠭᠣ ᠬᠡᠯᠡᠬᠥ ᠪᠣᠢ︖ ᠬᠡᠯᠡᠭ᠍ᠳᠥᠨ︕》 ᠬᠡᠪᠡ᠃ ᠲᠣᠯᠣᠢ ᠦᠬᠥᠯᠡᠷᠥᠨ᠄ 《ᠪᠢ ᠬᠠᠭᠠᠨ ᠡᠴᠢᠬᠡ ᠶᠢᠨ ᠨᠡᠷᠡᠯᠡᠭ᠍ᠰᠡᠨ ᠡᠠᠬ᠎ᠠ ᠶᠢᠨ ᠲᠡᠷᠬᠡᠳᠡ ᠪᠠᠢ᠌ᠵᠣ᠂ ᠮᠠᠷᠳᠠᠭᠰᠠᠨ ᠢ ᠨᠢ ᠰᠠᠨᠠᠭᠣᠯᠵᠣ᠂ ᠣᠠᠳᠠᠭᠰᠠᠨ ᠢ ᠨᠢ ᠰᠡᠷᠢᠬᠥᠯᠵᠦ᠂ ᠣᠷᠢᠶᠠᠯᠠᠬᠣ ᠲᠠᠭᠣᠨ ᠳ᠋ᠣᠨᠢ ᠣᠣᠬᠠᠢ ᠪᠣᠯᠵᠣ᠂ ᠣᠨᠣᠬᠣ ᠮᠣᠷᠢᠨ ᠳ᠋ᠣᠨᠢ ᠲᠠᠰᠢᠭᠣᠷ ᠪᠣᠯᠵᠣ᠂ ᠬᠣᠯᠠ ᠶᠢᠨ ᠠᠶᠠᠨ ᠳᠤ ᠶᠠᠪᠣᠯᠴᠠᠵᠣ᠂ ᠣᠢ᠌ᠷ᠎ᠠ ᠶᠢᠨ ᠲᠠᠢ᠌ᠨ ᠳᠤ ᠣᠷᠣᠯᠴᠠᠵᠣ ᠲᠣᠰᠠᠯᠠᠶ᠎ᠠ》 ᠬᠡᠵᠦ ᠬᠡᠯᠡᠪᠡᠯ᠂ ᠴᠢᠩᠬᠢᠰ ᠬᠠᠭᠠᠨ ᠵᠦᠪᠰᠢᠶᠡᠨ ᠵᠠᠷᠯᠢᠭ ᠪᠣᠯᠣᠷᠣᠨ᠄ 《ᠬᠠᠰᠠᠷ ᠢ ᠲᠡᠬᠥᠨ ᠤ ᠦᠷ᠎ᠡ ᠬᠡᠣᠬᠡᠥᠨ ᠤᠨ ᠨᠢᠬᠡ ᠨᠢ ᠵᠠᠯᠭᠠᠮᠵᠢᠯᠨ᠃ ᠠᠯᠴᠢᠳᠠᠢ ᠶᠢ ᠲᠡᠬᠥᠨ ᠤ ᠦᠷ᠎ᠡ ᠬᠡᠣᠬᠡᠥᠨ ᠤᠨ ᠨᠢᠬᠡ ᠨᠢ ᠵᠠᠯᠭᠠᠮᠵᠢᠯᠨ︕ ᠤᠳᠴᠢᠬᠢᠨ ᠢ ᠲᠡᠬᠥᠨ ᠤ ᠦᠷ᠎ᠡ ᠬᠡᠣᠬᠡᠥᠨ ᠤᠨ ᠨᠢᠬᠡ ᠨᠢ ᠵᠠᠯᠭᠠᠮᠵᠢᠯᠨ︕ ᠪᠡᠯᠬᠥᠳᠡᠢ ᠶᠢ ᠲᠡᠬᠥᠨ ᠤ ᠦᠷ᠎ᠡ ᠬᠡᠣᠬᠡᠥᠨ ᠤᠨ ᠨᠢᠬᠡ ᠨᠢ ᠵᠠᠯᠭᠠᠮᠵᠢᠯᠨ︕ ᠲᠠᠷᠠᠴᠢᠯᠠᠨ ᠨᠠᠮᠢ᠋ᠢ ᠮᠢᠨᠣ ᠦᠷ᠎ᠡ ᠬᠡᠣᠬᠡᠥᠨ ᠤᠨ ᠨᠢᠬᠡ ᠨᠢ ᠵᠠᠯᠭᠠᠮᠵᠢᠯᠠᠵᠣ᠂ ᠮᠢᠨᠣ ᠵᠠᠷᠯᠢᠭ ᠢ ᠦᠬᠡᠷᠡᠴᠢᠯᠡᠬᠥ ᠦᠭᠡᠶ᠂ ᠵᠠᠳᠠᠯᠬᠣ ᠦᠭᠡᠶ᠂ ᠣᠰᠣᠯᠳᠠᠬᠣ ᠦᠭᠡᠶ᠂ ᠠᠯᠳᠠᠬᠣ ᠦᠭᠡᠶ ᠪᠠᠷᠢᠮᠳᠠᠯᠠᠵᠣ ᠶᠠᠪᠣᠳᠣᠭᠠᠢ︕ ᠦᠬᠡᠳᠡᠢ ᠶᠢᠨ ᠦᠷ᠎ᠡ ᠬᠡᠣᠬᠡᠥᠨ ᠡᠪᠠᠰᠣᠨ ᠳᠤ ᠣᠷᠢᠶᠠᠪᠠᠴᠣ ᠦᠬᠡᠷ ᠲᠣᠭᠣᠵᠣ ᠢᠳᠡᠬᠥ ᠦᠭᠡᠶ᠂ ᠦᠬᠡᠬᠥᠨ ᠳᠤ ᠬᠣᠴᠢᠪᠠᠴᠣ ᠨᠣᠬᠠᠢ ᠲᠣᠭᠣᠵᠣ ᠢᠳᠡᠬᠥ ᠦᠭᠡᠶ ᠶᠠᠭᠣᠮ᠎ᠠ ᠲᠥᠷᠣᠪᠡᠯ᠂ ᠮᠢᠨᠣ ᠣᠷᠣᠭ ᠲᠥᠷᠥᠯ ᠤᠨ ᠲᠣᠳᠣᠷ᠎ᠠ ᠨᠢᠬᠡ ᠬᠦᠪᠡᠬᠥᠨ ᠨᠢ ᠰᠠᠢ᠌ᠨ ᠲᠥᠷᠣᠬᠥ ᠦᠬᠡᠢ ᠦᠦ︖》 ᠬᠡᠵᠦ ᠵᠠᠷᠯᠢᠭ ᠪᠣᠯᠪᠠ᠃
256᠂ ᠴᠢᠩᠬᠢᠰ ᠬᠠᠭᠠᠨ (ᠪᠠᠷᠠᠭᠤᠨ ᠵᠦᠭ) ᠪᠠᠢ᠌ᠯᠳᠤᠭᠠᠨ ᠳᠤ ᠮᠤᠷᠳᠠᠭᠠᠳ᠂ ᠲᠠᠩᠭ᠋ᠣᠳ ᠣᠯᠣᠰ ᠤᠨ ᠪᠣᠷᠬᠠᠨ ᠳᠤ ᠡᠯᠴᠢ ᠶᠠᠪᠣᠭᠣᠯᠵᠣ ᠬᠡᠯᠡᠬᠥᠯᠥᠭᠰᠡᠨ ᠨᠢ᠄ 《ᠪᠠᠷᠠᠭᠣᠨ ᠭᠠᠷ ᠴᠢᠨᠢ ᠪᠣᠯᠣᠶ᠎ᠠ ᠬᠡᠵᠦ ᠴᠢ ᠬᠡᠯᠡᠭ᠍ᠰᠡᠨ ᠪᠢᠰᠢᠤ︖ ᠰᠠᠷᠳᠠᠭᠣᠯ ᠣᠯᠣᠰ ᠲᠤ ᠠᠯᠳᠠᠨ ᠠᠷᠭᠠᠮᠵᠢᠶ᠎ᠠ ᠲᠠᠰᠣᠳᠠᠭᠣᠯᠣᠭᠠᠳ ᠪᠢ ᠬᠠᠷᠢᠭᠣ ᠠᠪᠬᠣ ᠪᠠᠷ ᠮᠣᠷᠳᠠᠪᠠ᠂ ᠪᠠᠷᠠᠭᠣᠨ ᠭᠠᠷ ᠪᠣᠯᠵᠣ ᠮᠣᠷᠢᠯᠨ︕》 ᠬᠡᠵᠦ ᠢᠯᠡᠬᠡᠪᠡᠯ᠂ ᠪᠣᠷᠬᠠᠨ ᠢ ᠦᠬᠡ ᠬᠡᠯᠡᠬᠥ ᠶᠢᠨ ᠣᠷᠢᠳᠠ ᠠᠱᠠ ᠭᠣᠮᠪᠣ ᠦᠬᠥᠯᠡᠷᠥᠨ᠄ 《ᠬᠦᠴᠦ ᠬᠦᠷᠬᠥ ᠦᠭᠡᠶ ᠪᠣᠯ ᠬᠠᠭᠠᠨ ᠶᠠᠭᠣᠨ ᠳᠤ ᠪᠣᠯᠪᠠ︖》 ᠬᠡᠥᠨ ᠲᠣᠰᠠᠯᠠᠬᠣ ᠴᠡᠷᠢᠭ᠌ ᠦᠭᠬᠦᠭ᠍ᠰᠡᠨ ᠦᠭᠡᠶ ᠣᠮᠣᠭ ᠲᠡᠶ ᠶᠡᠬᠡ ᠦᠬᠡ ᠬᠡᠯᠡᠵᠦ ᠡᠯᠴᠢ ᠶᠢ ᠪᠣᠴᠠᠭᠠᠵᠠᠢ᠃ ᠲᠠᠠᠳᠠ ᠴᠢᠩᠬᠢᠰ ᠬᠠᠭᠠᠨ ᠦᠬᠥᠯᠡᠷᠥᠨ᠄ 《ᠠᠱᠠ ᠭᠣᠮᠪᠣ ᠳᠤ ᠶᠠᠭᠠᠬᠢᠵᠣ ᠢᠩᠬᠢᠵᠣ ᠬᠡᠯᠡᠭ᠍ᠳᠡᠬᠥ ᠪᠢᠯᠠ︖ ᠣᠷᠢᠳᠠᠪᠠᠷ ᠲᠠᠳᠠᠨ ᠲᠡᠶ ᠣᠴᠢᠵᠣ ᠪᠠᠢ᠌ᠯᠳᠣᠪᠠᠯ ᠵᠤᠬᠢᠯᠳᠠᠢ ᠪᠢᠰᠢᠤ︖ ᠬᠡᠪᠡᠴᠦ ᠦᠬᠡᠷ᠎ᠡ ᠬᠦᠮᠥᠨ ᠳᠤ ᠵᠤᠷᠢᠵᠣ ᠶᠠᠪᠣᠭ᠎ᠠ ᠴᠠᠭ ᠲᠣᠯᠠ ᠡᠨᠠ ᠣᠳᠠᠭ᠎ᠠ ᠪᠣᠯᠢᠶ᠎ᠠ᠃ ᠮᠦᠩᠬᠡ ᠲᠡᠭ᠍ᠷᠢ ᠳᠤ ᠢᠪᠡᠬᠡᠭ᠍ᠳᠡᠵᠦ ᠠᠯᠳᠠᠨ ᠵᠢᠯᠣᠭᠣ ᠪᠠᠨ ᠪᠠᠳᠣ ᠲᠠᠳᠠᠵᠣ ᠢᠷᠠᠪᠠᠯ᠂ ᠲᠠᠷᠠ ᠴᠠᠭ ᠲᠤ ᠮᠠᠭᠠᠳ ᠪᠣᠯᠳᠣᠭᠠᠢ︕》 ᠬᠡᠵᠡᠢ᠃
257᠂ ᠳᠠᠥᠯᠠᠢ ᠵᠢᠯ (1219 ᠤᠨ) ᠴᠢᠩᠬᠢᠰ ᠬᠠᠭᠠᠨ᠂ ᠬᠠᠳᠣᠨ ᠡᠴᠡ ᠬᠣᠯᠠᠨ ᠬᠠᠳᠣᠨ ᠢ ᠠᠪᠴᠣ ᠲᠡᠬᠥᠤ ᠨᠡᠷ ᠡᠴᠡ ᠤᠳᠴᠢᠬᠢᠨ ᠨᠣᠶᠠᠨ ᠢ ᠶᠡᠬᠡ ᠣᠷᠳᠣᠨ ᠳᠠᠭᠠᠨ ᠦᠯᠠᠳᠡᠬᠡᠬᠡᠥᠨ᠂ ᠠᠷᠠᠢ ᠶᠢᠨ ᠲᠠᠪᠠᠭ᠎ᠠ ᠪᠠᠷ ᠲᠠᠪᠠᠵᠣ ᠰᠠᠷᠳᠠᠭᠣᠯ ᠣᠯᠣᠰ ᠲᠡᠶ ᠪᠠᠢ᠌ᠯᠳᠣᠬᠣ ᠪᠠᠷ ᠮᠣᠷᠢᠯᠠᠪᠠ᠃ ᠵᠠᠪᠠ ᠶᠢ ᠮᠠᠩᠯᠠᠢ ᠳᠤ ᠢᠯᠡᠬᠡᠪᠡ᠃ ᠵᠠᠪᠠ ᠶᠢᠨ ᠲᠠᠷᠠᠭ᠎ᠠ ᠬᠡᠵᠢᠬᠡ ᠰᠦᠪᠡᠬᠡᠳᠡᠢ ᠶᠢ ᠢᠯᠡᠬᠡᠪᠡ᠃ ᠰᠦᠪᠡᠬᠡᠳᠡᠢ ᠶᠢᠨ ᠬᠡᠵᠢᠬᠡ ᠲᠣᠭᠣᠴᠠᠷ ᠢ ᠢᠯᠡᠬᠡᠪᠡ᠃ ᠡᠨᠠ ᠭᠣᠷᠪᠠ ᠶᠢ ᠢᠯᠡᠬᠡᠬᠥ ᠳᠡᠭᠡᠨ ᠲᠣᠰᠢᠶᠠᠭᠰᠠᠨ ᠨᠢ᠄ 《ᠰᠣᠯᠳᠠᠨ ᠬᠠᠭᠠᠨ ᠤ ᠨᠣᠳᠣᠭ ᠤᠨ ᠭᠠᠳᠠᠭᠣᠷ ᠶᠠᠪᠣᠵᠣ ᠴᠠᠭᠠᠨ᠎ᠠ ᠨᠢ ᠭᠠᠷᠣᠭᠠᠳ ᠪᠢᠳᠠᠨ ᠢ ᠤᠴᠢᠬᠤ ᠳᠤ ᠬᠠᠮᠳᠣᠷᠠᠵᠣ ᠨᠡᠢ᠌ᠯᠡᠲᠦᠬᠡᠢ︕》 ᠬᠡᠪᠡ᠃ ᠵᠠᠪᠠ ᠶᠠᠪᠣᠭᠠᠳ ᠬᠠᠨ ᠮᠠᠨᠯᠢᠭ᠌ ᠤᠨ ᠪᠠᠯᠭᠠᠰᠣ ᠤᠳ ᠢ ᠣᠭᠳᠣ ᠲᠦᠢᠪᠡᠬᠡᠯ ᠦᠭᠡᠶ ᠭᠠᠳᠠᠭᠣᠷ ᠨᠢ ᠭᠠᠷᠴᠣ ᠤᠳᠪᠠ᠃ ᠲᠡᠬᠥᠨ ᠤ ᠬᠤᠢ᠌ᠨ᠎ᠠ ᠡᠴᠡ ᠰᠦᠪᠡᠬᠡᠳᠡᠢ ᠮᠦᠨ ᠶᠣᠰᠣᠭᠠᠷ ᠲᠦᠢᠪᠡᠬᠡᠯ ᠦᠭᠡᠶ ᠶᠠᠪᠣᠵᠣ ᠥᠩᠬᠡᠷᠡᠪᠡ᠃ ᠲᠡᠬᠥᠨ ᠤ ᠬᠤᠢ᠌ᠨ᠎ᠠ ᠡᠴᠡ ᠲᠣᠭᠣᠴᠠᠷ ᠶᠠᠪᠣᠬᠣ ᠳᠠᠭᠠᠨ ᠬᠠᠨ ᠮᠡᠨᠯᠢᠭ᠌ ᠤᠨ ᠬᠢᠵᠠᠭᠠᠷ ᠤᠨ ᠬᠣᠳᠠ ᠤᠳ ᠢ ᠲᠡᠬᠡᠷᠡᠮᠳᠡᠨ᠂ ᠲᠠᠷᠢᠶᠠᠴᠢᠳ ᠢ ᠣᠯᠵᠠᠯᠠᠵᠠᠢ᠃ ᠬᠠᠨ ᠮᠠᠨᠯᠢᠭ᠌ ᠬᠣᠳᠠ ᠤᠳ ᠶᠢᠠᠨ ᠰᠦᠢᠳᠬᠡᠬᠥᠯᠪᠡ ᠬᠡᠵᠦ ᠲᠣᠳᠠᠭᠠᠨ ᠬᠦᠳᠡᠯᠵᠦ᠂ ᠵᠠᠯᠠᠯᠳᠢᠨ ᠰᠣᠯᠳᠠᠨ ᠲᠡᠶ ᠨᠠᠢ᠌ᠯᠠᠵᠣ᠂ ᠴᠢᠩᠬᠢᠰ ᠬᠠᠭᠠᠨ ᠤ ᠡᠰᠡᠷᠬᠥ ᠪᠠᠢ᠌ᠯᠳᠣᠪᠠ᠃ ᠴᠢᠩᠬᠢᠰ ᠬᠠᠭᠠᠨ ᠤ ᠣᠷᠢᠳᠠ ᠰᠢᠬᠢᠬᠣᠳᠣᠭ ᠮᠠᠩᠯᠠᠢ᠌ᠯᠠᠨ ᠶᠠᠪᠣᠪᠠ᠃ ᠵᠠᠯᠠᠯᠳᠢᠨ ᠰᠣᠯᠳᠠᠨ᠂ ᠬᠠᠨ ᠮᠠᠨᠯᠢᠭ᠌ ᠬᠣᠶᠠᠷ᠂ ᠰᠢᠬᠢᠬᠣᠳᠣᠭ ᠲᠡᠶ ᠪᠠᠢ᠌ᠯᠳᠣᠵᠣ᠂ ᠴᠢᠩᠬᠢᠰ ᠬᠠᠭᠠᠨ ᠳᠤ ᠬᠦᠷᠳᠡᠯ᠎ᠡ ᠬᠦᠬᠡᠬᠡᠨ ᠢᠷᠡᠬᠥ ᠳᠤ᠂ ᠵᠠᠪᠠ᠂ ᠰᠦᠪᠡᠬᠡᠳᠡᠢ᠂ ᠲᠣᠭᠣᠴᠠᠷ ᠭᠣᠷᠪᠠᠭᠣᠯᠠ᠂ ᠵᠠᠯᠠᠯᠳᠢᠨ ᠰᠣᠯᠳᠠᠨ᠂ ᠬᠠᠨ ᠮᠠᠨᠯᠢᠭ᠌ ᠬᠣᠶᠠᠷ ᠤᠨ ᠬᠤᠢ᠌ᠨ᠎ᠠ ᠡᠴᠡ ᠨᠡᠬᠡᠨ ᠪᠠᠢ᠌ᠯᠳᠣᠵᠣ᠂ ᠲᠠᠳᠠᠨ ᠢ ᠲᠠᠷᠣᠵᠣ ᠬᠢᠳᠣᠭᠠᠳ ᠪᠣᠬᠠᠷ᠂ ᠰᠡᠮᠢᠰᠬᠡᠪ᠂ ᠣᠳᠠᠷᠠᠷ ᠬᠣᠳᠠ ᠶᠢᠨ ᠠᠯᠢᠨ ᠳᠤ ᠨᠢ ᠴᠤ ᠣᠷᠣᠭᠣᠯᠣᠯ ᠦᠭᠡᠶ ᠪᠠᠷ ᠬᠦᠬᠡᠬᠡᠵᠦ ᠪᠠᠢ᠌ᠯᠳᠣᠭᠰᠠᠭᠠᠷ ᠰᠢᠨ(ᠢᠨᠳ᠋) ᠮᠥᠷᠡᠨ ᠢ ᠬᠦᠷᠪᠡᠯ ᠰᠠᠷᠳᠠᠭᠣᠯ ᠤᠨ ᠴᠡᠷᠢᠭ᠌ ᠰᠢᠨ ᠮᠥᠷᠡᠨ ᠳᠤ ᠬᠠᠷᠠᠢ᠌ᠨ ᠣᠷᠣᠵᠣ᠂ ᠣᠯᠠᠩᠬᠢ ᠨᠢ ᠵᠢᠪᠴᠣ ᠦᠬᠥᠪᠡ᠃ ᠵᠠᠯᠠᠯᠳᠢᠨ ᠰᠣᠯᠳᠠᠨ ᠬᠠᠨ ᠮᠠᠨᠯᠢᠭ᠌ ᠬᠣᠶᠠᠷ ᠠᠮᠢ ᠬᠣᠷᠭᠣᠳᠠᠬᠣ ᠶᠢᠨ ᠲᠣᠯᠠ ᠰᠢᠨ ᠮᠥᠷᠡᠨ ᠢ ᠦᠭᠰᠥᠨ ᠲᠣᠳᠠᠭᠠᠪᠠ᠃ ᠴᠢᠩᠬᠢᠰ ᠬᠠᠭᠠᠨ᠂ ᠰᠢᠨ ᠮᠥᠷᠡᠨ ᠤ ᠦᠬᠡᠳᠡ ᠶᠠᠪᠣᠵᠣ ᠪᠡᠲᠦᠬᠡᠰᠡᠨ ᠢ ᠲᠠᠭᠠᠷᠢᠨ ᠤᠳᠴᠣ᠂ ᠡᠬᠡ ᠭᠣᠷᠣᠬ᠎ᠠ᠂ ᠬᠡᠬᠥᠨ ᠭᠣᠷᠣᠬᠠᠨ ᠳᠤ ᠬᠦᠷᠴᠦ ᠪᠠᠷᠣᠯᠠ ᠬᠡᠬᠡᠷ᠎ᠡ ᠳᠤ ᠪᠠᠭᠣᠪᠠ᠃ ᠵᠠᠯᠠᠯᠳᠢᠨ ᠰᠣᠯᠳᠠᠨ᠂ ᠬᠠᠨ ᠮᠡᠨᠯᠢᠭ᠌ ᠬᠣᠶᠠᠷ ᠢ ᠨᠡᠬᠡᠬᠥᠯᠬᠥ ᠪᠠᠷ ᠵᠠᠯᠠᠢ᠌ᠷ ᠤᠨ ᠪᠠᠯᠠ ᠶᠢ ᠢᠯᠡᠬᠡᠪᠡ᠃ ᠴᠢᠩᠬᠢᠰ ᠬᠠᠭᠠᠨ᠂ ᠵᠠᠪᠠ ᠰᠦᠪᠡᠬᠡᠳᠡᠢ ᠬᠣᠶᠠᠷ ᠢ ᠮᠠᠰᠢ ᠰᠠᠢ᠌ᠰᠢᠶᠠᠵᠣ ᠦᠬᠥᠯᠡᠷᠥᠨ᠄ 《ᠵᠡᠪᠡ ᠴᠢᠨᠣ ᠨᠡᠷ᠎ᠡ ᠵᠢᠷᠭᠣᠭᠠᠳᠠᠢ ᠪᠢᠯᠠ᠃ ᠲᠠᠢ᠌ᠴᠣᠭᠣᠳ ᠡᠴᠡ ᠢᠷᠠᠵᠣ ᠵᠠᠪᠠ ᠨᠡᠷ᠎ᠡ ᠲᠡᠶ ᠪᠣᠯᠪᠠ》 ᠬᠡᠥᠨ ᠲᠣᠭᠣᠴᠠᠷ ᠢ ᠬᠠᠨ ᠮᠡᠨᠯᠢᠭ᠌ ᠤᠨ ᠬᠢᠵᠠᠭᠠᠷ ᠤᠨ ᠬᠣᠳᠠ ᠤᠳ ᠢ ᠦᠪᠡᠷ ᠤᠨ ᠲᠤᠷ᠎ᠠ ᠪᠠᠷ ᠰᠦᠢᠳᠬᠡᠵᠦ᠂ ᠬᠠᠭᠠᠨ ᠮᠡᠨᠯᠢᠭ᠌ ᠢ ᠲᠠᠢ᠌ᠰᠣᠨ ᠪᠣᠯᠭᠠᠪᠠ᠃ ᠴᠡᠬᠡᠷᠯᠡᠯ ᠪᠣᠯᠭᠠᠵᠣ ᠲᠡᠬᠥᠨ ᠢ ᠠᠯᠠᠶ᠎ᠠ ᠬᠡᠵᠦ ᠬᠡᠯᠡᠭ᠍ᠰᠡᠨ ᠪᠣᠯᠪᠠᠴᠣ᠂ ᠲᠠᠷᠣᠢ ᠠᠯᠠᠬᠣ ᠪᠠᠨ ᠪᠠᠢ᠌ᠵᠣ ᠮᠠᠰᠢ ᠪᠣᠷᠣᠭᠣᠰᠢᠶᠠᠨ ᠵᠢᠮᠠᠯᠠᠵᠣ᠂ ᠴᠡᠷᠢᠭ᠌ ᠵᠠᠬᠢᠷᠬᠣ ᠡᠷᠬᠡ ᠶᠢ ᠬᠠᠰᠣᠪᠠ᠃
258᠂ ᠲᠠᠷᠠ ᠪᠠᠷᠣᠯᠠ ᠬᠡᠬᠡᠷ᠎ᠡ ᠡᠴᠡ ᠴᠢᠩᠬᠢᠰ ᠬᠠᠭᠠᠨ ᠦᠪᠡᠷ ᠶᠢᠠᠨ ᠪᠣᠴᠠᠵᠣ᠂ ᠵᠦᠴᠢ᠂ ᠴᠠᠭᠠᠳᠠᠢ᠂ ᠦᠬᠡᠳᠡᠢ ᠭᠣᠷᠪᠠᠨ ᠬᠦᠪᠡᠬᠥᠨ ᠶᠢᠠᠨ ᠪᠠᠷᠠᠭᠣᠨ ᠭᠠᠷ ᠤᠨ ᠴᠡᠷᠢᠭ᠌ ᠢ ᠵᠠᠬᠢᠷᠴᠣ᠂ ᠠᠮᠣᠢ ᠮᠥᠷᠡᠨ ᠢ ᠬᠡᠳᠥᠯᠥᠨ ᠦᠷᠣᠩᠬᠡᠴᠢ ᠬᠣᠳᠠ ᠶᠢ ᠬᠦᠷᠥᠭᠳᠥᠨ ᠬᠡᠵᠦ ᠶᠠᠪᠣᠭᠣᠯᠪᠠ᠃ ᠲᠣᠯᠣᠢ ᠶᠢ ᠢᠷᠤ ᠢᠰᠠᠪᠣᠷ ᠲᠡᠷᠢᠬᠥᠳᠡᠨ ᠣᠯᠠᠨ ᠬᠣᠳᠠ ᠶᠢ ᠡᠵᠡᠯᠠᠬᠥᠯᠬᠥ ᠪᠠᠷ ᠢᠯᠡᠬᠡᠪᠡ᠃ ᠴᠢᠩᠬᠢᠰ ᠬᠠᠭᠠᠨ ᠦᠪᠡᠷ ᠶᠢᠠᠨ ᠣᠳᠠᠷᠠᠷ ᠬᠣᠳᠠ ᠳᠤ ᠪᠠᠭᠣᠪᠠ᠃ ᠵᠦᠴᠢ᠂ ᠴᠠᠭᠠᠳᠠᠢ᠂ ᠦᠬᠡᠳᠡᠢ ᠭᠣᠷᠪᠠᠨ ᠬᠦᠪᠡᠬᠥᠨ ᠣᠴᠢᠭᠠᠳ ᠬᠡᠳᠡᠷᠬᠥ ᠯᠠᠪᠯᠠᠭᠰᠠᠨ ᠨᠢ᠄ 《ᠴᠡᠷᠢᠭ᠌ ᠪᠦᠷᠢᠲᠦᠪᠡ᠃ ᠦᠷᠣᠩᠬᠡᠴᠢ ᠬᠣᠳᠠ ᠶᠢ ᠬᠦᠷᠪᠡ᠃ ᠪᠢᠳᠠ ᠬᠡᠨ ᠤ ᠪᠠᠨ ᠦᠬᠡ ᠶᠢ ᠲᠠᠭᠠᠵᠣ ᠶᠠᠪᠣᠬᠣ ᠪᠣᠢ︖》 ᠬᠡᠵᠦ ᠦᠴᠢᠵᠦ ᠢᠯᠡᠬᠡᠪᠡᠯ᠂ ᠴᠢᠩᠬᠢᠰ ᠬᠠᠭᠠᠨ ᠵᠠᠷᠯᠢᠭ ᠪᠣᠯᠣᠷᠣᠨ᠄ 《ᠦᠬᠡᠳᠡᠢ ᠶᠢᠨ ᠦᠬᠡ ᠪᠠᠷ ᠶᠠᠪᠣᠳᠣᠭᠠᠢ》 ᠬᠡᠵᠦ ᠢᠯᠡᠬᠡᠪᠡ᠃
259᠂ ᠲᠠᠠᠳᠠ ᠡᠴᠡ ᠴᠢᠩᠬᠢᠰ ᠬᠠᠭᠠᠨ᠂ ᠣᠳᠠᠷᠠᠷ ᠬᠣᠳᠠ ᠳᠤ ᠪᠠᠭᠣᠭᠠᠳ ᠪᠠᠰᠠ ᠬᠦᠳᠡᠯᠵᠦ᠂ ᠰᠡᠮᠢᠰᠬᠡᠪ ᠬᠣᠳᠠ ᠳᠤ ᠪᠠᠭᠣᠪᠠ᠃ ᠰᠡᠮᠢᠰᠬᠡᠪ ᠬᠣᠳᠠ ᠡᠴᠡ ᠬᠦᠳᠡᠯᠵᠦ᠂ ᠪᠣᠬᠠᠷ ᠬᠣᠳᠠ ᠳᠤ ᠪᠠᠭᠣᠪᠠ᠃ ᠲᠠᠠᠳᠠ ᠴᠢᠩᠬᠢᠰ ᠬᠠᠭᠠᠨ᠂ ᠪᠠᠯᠠ ᠨᠣᠶᠠᠨ ᠢ ᠬᠦᠯᠢᠶᠡᠵᠦ᠂ ᠠᠯᠳᠠᠨ ᠭᠣᠷᠣᠬ᠎ᠠ ᠶᠢᠨ ᠨᠢᠷᠣᠭᠣᠨ ᠳᠤ ᠰᠣᠯᠳᠠᠨ ᠬᠠᠭᠠᠨ ᠤ ᠵᠤᠰᠠᠯᠠᠩ ᠳᠤ ᠵᠤᠰᠠᠵᠣ᠂ ᠲᠣᠯᠣᠢ ᠳᠤ ᠡᠯᠴᠢ ᠢᠯᠡᠬᠡᠵᠦ ᠬᠡᠯᠡᠬᠥᠯᠥᠭᠰᠡᠨ ᠨᠢ᠄ 《ᠵᠤᠨ ᠤ ᠬᠠᠯᠠᠭᠣᠨ ᠪᠣᠯᠪᠠ᠃ ᠴᠡᠷᠢᠭ᠌ ᠶᠢᠠᠨ ᠠᠮᠣᠰᠬᠢᠵᠣ ᠪᠠᠭᠣᠯᠭᠠ᠃ ᠴᠢ ᠪᠢᠳᠠᠨ ᠳᠤ ᠢᠷᠠᠵᠣ ᠨᠠᠢ᠌ᠯᠠ︕》 ᠬᠡᠵᠦ ᠢᠯᠡᠬᠡᠪᠡ᠃ ᠲᠣᠯᠣᠢ᠂ ᠢᠷᠤ᠂ ᠢᠰᠠᠪᠣᠷ ᠬᠣᠳᠠ ᠶᠢ ᠠᠪᠣᠭᠠᠳ ᠰᠢᠰᠳᠠᠨ ᠬᠣᠳᠠ ᠶᠢ ᠡᠪᠳᠠᠵᠣ᠂ ᠴᠣᠭ ᠴᠠᠷᠠᠨ ᠬᠣᠳᠠ ᠶᠢ ᠡᠪᠳᠠᠵᠣ ᠪᠠᠢ᠌ᠬᠣ ᠳᠤ ᠡᠯᠴᠢ ᠬᠦᠷᠴᠦ ᠣᠴᠢᠪᠠ᠃ ᠲᠣᠯᠣᠢ ᠴᠣᠭ ᠴᠠᠷᠠᠨ ᠬᠣᠳᠠ ᠶᠢ ᠡᠪᠳᠡᠬᠡᠥᠨ ᠪᠣᠴᠠᠵᠣ ᠢᠷᠡᠬᠡᠥᠨ ᠴᠢᠩᠬᠢᠰ ᠬᠠᠭᠠᠨ ᠳᠤ ᠨᠠᠢ᠌ᠯᠠᠪᠠ᠃
260᠂ ᠵᠦᠴᠢ᠂ ᠴᠠᠭᠠᠳᠠᠢ᠂ ᠦᠬᠡᠳᠡᠢ ᠭᠣᠷᠪᠠᠨ ᠬᠦᠪᠡᠬᠥᠨ᠂ ᠦᠷᠣᠩᠬᠡᠴᠢ ᠬᠣᠳᠠ ᠳᠤ ᠣᠷᠣᠵᠣ ᠭᠣᠷᠪᠠᠭᠣᠯᠠ ᠣᠯᠠᠨ ᠬᠣᠳᠠ ᠪᠠ ᠢᠷᠬᠡᠨ ᠶᠢᠠᠨ ᠬᠣᠪᠢᠶᠠᠵᠣ ᠠᠪᠣᠭᠠᠳ ᠴᠢᠩᠬᠢᠰ ᠬᠠᠭᠠᠨ ᠳᠤ ᠬᠣᠪᠢ ᠭᠠᠷᠭᠠᠵᠣ ᠦᠭᠬᠦᠭ᠍ᠰᠡᠨ ᠦᠭᠡᠶ᠃ ᠭᠣᠷᠪᠠᠨ ᠬᠦᠪᠡᠬᠥᠨ ᠪᠣᠴᠠᠵᠣ ᠢᠷᠠᠪᠠᠯ ᠴᠢᠩᠬᠢᠰ ᠬᠠᠭᠠᠨ᠂ ᠵᠦᠴᠢ᠂ ᠴᠠᠭᠠᠳᠠᠢ᠂ ᠦᠬᠡᠳᠡᠢ ᠭᠣᠷᠪᠠᠨ ᠬᠦᠪᠡᠬᠥᠨ ᠳᠤ ᠠᠭᠣᠷᠯᠠᠵᠣ᠂ ᠭᠣᠷᠪᠠᠨ ᠡᠳᠣᠷ ᠡᠰᠠ ᠠᠭᠣᠯᠵᠠᠪᠠ᠃ ᠲᠡᠬᠡᠬᠥ ᠳᠤ ᠪᠣᠭᠣᠷᠴᠣ᠂ ᠮᠣᠬᠣᠯᠠᠢ᠂ ᠰᠢᠬᠢᠬᠣᠳᠣᠭ ᠭᠣᠷᠪᠠ ᠦᠴᠢᠷᠥᠨ᠄ 《ᠲᠠᠮᠠᠴᠠᠨ ᠮᠥᠯᠵᠢᠵᠦ ᠪᠠᠢ᠌ᠭᠰᠠᠨ ᠰᠠᠷᠳᠠᠭᠣᠯ ᠣᠯᠣᠰ ᠤᠨ ᠰᠣᠯᠳᠠᠨ ᠢ ᠲᠣᠷᠣᠢ᠌ᠳᠠᠭᠣᠯᠵᠣ᠂ ᠬᠣᠳᠠ ᠪᠠ ᠢᠷᠬᠡᠨ ᠢ ᠨᠢ ᠠᠪᠣᠯ᠎ᠠ᠂ ᠪᠢᠳᠠ᠃ ᠬᠣᠪᠢᠶᠠᠭᠳᠠᠵᠣ ᠠᠪᠳᠠᠬᠣ ᠦᠷᠣᠩᠬᠡᠴᠢ ᠬᠣᠳᠠ ᠵᠢ ᠬᠣᠪᠢᠶᠠᠵᠣ ᠠᠪᠬᠣ ᠬᠦᠪᠡᠭᠦᠳ ᠪᠦᠬᠥᠳᠡ ᠴᠢᠩᠬᠢᠰ ᠬᠠᠭᠠᠨ ᠤ ᠬᠢ ᠪᠢᠯᠠ᠃ ᠲᠡᠭ᠍ᠷᠢ ᠭᠠᠵᠠᠷ ᠲᠤ ᠬᠦᠴᠦ ᠨᠡᠮᠡᠭ᠍ᠳᠡᠵᠦ᠂ ᠰᠠᠷᠳᠠᠭᠣᠯ ᠢᠷᠬᠡᠨ ᠢ ᠢᠩᠬᠢᠵᠣ ᠲᠣᠷᠣᠢ᠌ᠳᠠᠭᠣᠯᠣᠭᠰᠠᠨ ᠳᠤ ᠣᠯᠠᠨ ᠪᠢᠳᠠ᠂ ᠴᠡᠷᠢᠭ᠌ ᠮᠣᠷᠢ ᠴᠢᠨᠢ ᠪᠦᠬᠥᠳᠡᠬᠡᠷ ᠪᠠᠶᠠᠰᠴᠣ ᠪᠠᠬᠠᠳᠣᠵᠣ ᠪᠠᠢ᠌ᠨ᠎ᠠ᠃ ᠬᠠᠭᠠᠨ ᠶᠠᠭᠣᠨ ᠳᠤ ᠢᠩᠬᠢᠵᠣ ᠬᠢᠯᠢᠩᠨᠠᠪᠠ︖ ᠬᠦᠪᠡᠭᠦᠳ ᠨᠢᠬᠡᠠᠳᠡ ᠪᠣᠷᠣᠭᠣ ᠪᠠᠨ ᠮᠡᠳᠡᠬᠡᠥᠨ ᠠᠶᠣᠵᠣ ᠪᠠᠢ᠌ᠨ᠎ᠠ᠃ ᠬᠤᠢ᠌ᠰᠢᠳᠠ ᠰᠣᠷᠭᠠᠯ ᠪᠣᠯᠳᠣᠭᠠᠢ︕ ᠬᠦᠪᠡᠭᠦᠳ ᠤᠨ ᠠᠪᠣᠷᠢ ᠠᠯᠭᠠᠰᠣᠩᠭ᠋ᠣᠢ ᠪᠣᠯᠭᠣᠵᠠᠢ᠃ ᠬᠠᠭᠠᠨ ᠰᠣᠶᠣᠷᠬᠠᠪᠠᠯ᠂ ᠬᠦᠪᠡᠭᠦᠳ ᠢ ᠠᠭᠣᠯᠵᠠᠭᠣᠯᠵᠣ ᠪᠣᠯᠬᠣ ᠦᠦ︖》 ᠬᠡᠵᠦ ᠦᠴᠢᠪᠡᠯ᠂ ᠴᠢᠩᠬᠢᠰ ᠬᠠᠭᠠᠨ ᠲᠠᠢ᠌ᠳᠬᠣᠷᠠᠵᠣ ᠵᠦᠴᠢ᠂ ᠴᠠᠭᠠᠳᠠᠢ᠂ ᠦᠬᠡᠳᠡᠢ ᠭᠣᠷᠪᠠᠨ ᠬᠦᠪᠡᠬᠥᠨ ᠢ ᠠᠭᠣᠯᠵᠠᠭᠣᠯᠵᠣ ᠲᠣᠩᠭ᠋ᠣᠳᠴᠣ᠂ ᠡᠪᠥᠬᠡᠥᠨ ᠤᠨ ᠦᠬᠡ ᠶᠢ ᠦᠪ ᠪᠣᠯᠭᠠᠵᠣ᠂ ᠬᠠᠭᠣᠴᠢᠨ ᠦᠬᠡ ᠶᠢ ᠬᠠᠣᠯᠢ ᠪᠣᠯᠭᠠᠵᠣ᠂ ᠪᠠᠢ᠌ᠭᠰᠠᠨ ᠭᠠᠵᠠᠷ ᠨᠢ ᠲᠣᠭᠳᠠᠵᠣ ᠶᠠᠳᠠᠳᠠᠯ᠎ᠠ᠂ ᠮᠠᠩᠨᠠᠢ ᠶᠢᠨ ᠬᠦᠯᠥᠰᠤ ᠶᠢ ᠠᠷᠴᠢᠵᠣ ᠶᠠᠳᠠᠳᠠᠯ᠎ᠠ ᠵᠢᠮᠠᠯᠠᠵᠣ ᠪᠣᠷᠣᠭᠣᠰᠢᠶᠠᠵᠣ ᠪᠠᠢ᠌ᠬᠣ ᠳᠤ ᠬᠣᠩᠬᠠᠢ᠂ ᠬᠣᠩᠳᠠᠭᠠᠷ᠂ ᠴᠣᠷᠮᠠᠬᠠᠨ ᠡᠨᠠ ᠭᠣᠷᠪᠠᠨ ᠬᠣᠷᠴᠢᠨ᠂ ᠴᠢᠩᠬᠢᠰ ᠬᠠᠭᠠᠨ ᠳᠤ ᠦᠴᠢᠷᠥᠨ᠄ 《ᠬᠦᠷᠥᠬᠡ ᠳᠤ ᠰᠠᠶᠢ ᠭᠠᠷᠴᠣ ᠪᠠᠢ᠌ᠭ᠎ᠠ ᠵᠠᠯᠠᠭᠣ ᠬᠠᠷᠴᠠᠭᠠᠢ ᠮᠠᠳᠣ᠂ ᠬᠦᠪᠡᠭᠦᠳ ᠰᠠᠶᠢ ᠲᠠᠢ᠌ᠨ ᠳᠤ ᠶᠠᠪᠣᠵᠣ ᠡᠳᠦᠢ᠌ᠴᠢᠨᠡᠬᠡᠨ ᠰᠣᠷᠴᠣ ᠪᠠᠢ᠌ᠬᠣ ᠳᠤ᠂ ᠬᠦᠪᠡᠭᠦᠳ ᠤᠨ ᠵᠤᠷᠢᠭ ᠢ ᠰᠢᠨᠳᠠᠷᠠᠭᠣᠯᠣᠨ ᠡᠨᠠ ᠮᠠᠳᠣ ᠪᠠᠷ ᠶᠠᠭᠠᠬᠢᠵᠣ ᠲᠣᠩᠭ᠋ᠣᠳᠴᠣ ᠪᠣᠯᠬᠣ ᠪᠣᠢ︖ ᠬᠦᠪᠡᠭᠦᠳ ᠠᠶᠣᠵᠣ ᠰᠠᠳᠬᠢᠯ ᠠᠯᠭᠠᠰᠠᠩᠭ᠋ᠣᠢ ᠪᠣᠯᠭᠣᠵᠠᠢ᠃ ᠣᠷᠭᠣᠬᠣ ᠨᠠᠷᠠᠨ ᠡᠴᠡ ᠰᠢᠩᠬᠡᠬᠥ ᠨᠠᠷᠠᠨ ᠳᠤ ᠬᠦᠷᠳᠡᠯ᠎ᠡ ᠲᠠᠢ᠌ᠰᠣᠨ ᠢᠷᠬᠡᠨ ᠣᠯᠠᠨ ᠪᠠᠢ᠌ᠨ᠎ᠠ᠃ ᠪᠢᠳᠠᠨ ᠲᠦᠪᠡᠥᠨ ᠲᠤ ᠨᠣᠬᠠᠳ ᠢ ᠲᠣᠬᠢᠷᠴᠣ ᠶᠠᠪᠣᠭᠣᠯᠪᠠᠯ᠂ ᠲᠠᠢ᠌ᠰᠣᠨ ᠣᠯᠣᠰ ᠢ ᠪᠢᠳᠠᠨ ᠲᠠᠷᠣᠵᠣ᠂ ᠲᠡᠭ᠍ᠷᠢ ᠭᠠᠵᠠᠷ ᠤᠨ ᠦᠮᠥᠭ ᠶᠢᠠᠷ ᠬᠦᠴᠦ ᠪᠠᠨ ᠨᠡᠮᠡᠭ᠍ᠳᠡᠬᠥᠯᠵᠦ᠂ ᠠᠯᠳᠠ᠂ ᠮᠦᠩᠬᠥ᠂ ᠡᠳ᠋ ᠠᠭᠣᠷᠰᠣ ᠡᠯ᠎ᠠ ᠪᠦᠬᠥᠢ ᠶᠠᠭᠣᠮ᠎ᠠ ᠶᠢ ᠴᠢᠮ᠎ᠠ ᠳᠤ ᠠᠪᠴᠢᠷᠠᠵᠣ ᠦᠭᠬᠦᠢ᠎ᠡ︕ ᠠᠯᠢ ᠣᠯᠣᠰ ᠲᠤ ᠶᠠᠪᠣᠭᠣᠯᠬᠣ ᠪᠣᠢ ᠬᠡᠪᠡᠯ᠂ ᠪᠠᠭᠳᠠᠳ᠋ ᠢᠷᠬᠡᠨ ᠤ ᠬᠠᠯᠢᠪᠠᠢ ᠰᠣᠯᠳᠠᠨ ᠬᠡᠵᠦ ᠪᠣᠢ ᠬᠡᠨ᠎ᠡ᠃ ᠲᠡᠬᠥᠨ ᠢ ᠡᠵᠡᠯᠠᠬᠥ ᠪᠠᠷ ᠪᠢᠳᠠ ᠠᠶᠠᠯᠠᠨ ᠶᠠᠪᠣᠶ᠎ᠠ︕》 ᠬᠡᠵᠦ ᠦᠴᠢᠪᠡᠯ ᠡᠨᠠ ᠦᠬᠡ ᠶᠢ ᠰᠢᠬᠥᠮᠵᠢᠯᠡᠨ ᠪᠣᠳᠣᠵᠣ᠂ ᠴᠢᠩᠬᠢᠰ ᠬᠠᠭᠠᠨ ᠤ ᠬᠢᠯᠢᠩ ᠲᠠᠢ᠌ᠳᠬᠣᠷᠠᠵᠣ ᠵᠦᠪᠰᠢᠶᠡᠷᠠᠬᠡᠥᠨ ᠬᠣᠩᠬᠠᠢ᠂ ᠬᠣᠩᠳᠠᠭᠠᠷ᠂ ᠴᠣᠷᠮᠠᠬᠠᠨ ᠭᠣᠷᠪᠠᠨ ᠬᠣᠷᠴᠢᠨ ᠢ ᠰᠣᠶᠣᠷᠬᠠᠵᠣ᠂ ᠠᠳᠠᠷᠬᠢᠨ ᠤ ᠬᠣᠩᠬᠠᠢ᠂ ᠲᠣᠯᠣᠩᠬᠢᠷᠳᠠᠢ ᠬᠣᠩᠳᠠᠭᠠᠷ ᠬᠣᠶᠠᠷ ᠢ 《ᠮᠢᠨᠣ ᠲᠡᠷᠬᠡᠳᠡ ᠪᠠᠢ᠌ᠳᠣᠭᠠᠢ︕》 ᠬᠡᠵᠦ ᠨᠦᠬᠥᠬᠡ ᠦᠳᠡᠬᠡᠳᠡᠢ ᠴᠣᠷᠮᠠᠬᠠᠨ ᠢ ᠪᠠᠭᠳᠠᠳ᠋ ᠣᠯᠣᠰ ᠤᠨ ᠬᠠᠯᠢᠪᠠᠢ ᠰᠣᠯᠳᠠᠨ ᠳᠤ ᠠᠶᠠᠯᠠᠭᠣᠯᠪᠠ᠃
261᠂ ᠪᠠᠰᠠ ᠢᠨᠳᠦᠰ (ᠡᠨᠡᠳᠭᠡᠭ᠌)ᠢᠷᠭᠡᠨ᠂ ᠪᠠᠭᠳᠠᠳ᠋ ᠢᠷᠭᠡᠨ ᠬᠤᠶᠠᠷ ᠤᠨ ᠵᠠᠪᠰᠠᠷ ᠲᠤ ᠪᠠᠢ᠌ᠭ᠎ᠠ ᠠᠷᠤ᠂ ᠮᠠᠷᠣ᠂ ᠮᠠᠳᠠᠰᠠᠷᠢ ᠣᠯᠣᠰ ᠤᠨ ᠠᠪᠳᠣ ᠬᠣᠳᠠ ᠶᠢ ᠡᠵᠡᠯᠠᠬᠥ ᠪᠠᠷ ᠲᠥᠷᠪᠡᠥᠨ ᠤᠨ ᠲᠥᠷᠪᠡᠢ ᠲᠣᠭᠰᠢᠨ ᠢ ᠠᠶᠠᠯᠠᠭᠣᠯᠪᠠ᠃
262᠂ ᠪᠠᠰᠠ ᠰᠦᠪᠡᠬᠡᠳᠡᠢ ᠪᠠᠭᠠᠳᠣᠷ ᠢ ᠣᠮᠠᠷ᠎ᠠ ᠵᠦᠭ᠌ ᠤᠨ ᠬᠠᠩᠯᠢᠨ᠂ ᠬᠢᠪᠴᠠᠭ᠂ ᠪᠠᠵᠢᠭᠢᠳ᠂ ᠣᠷᠣᠰ᠂ ᠮᠠᠵᠠᠷ᠂ ᠠᠰᠤ᠂ ᠰᠠᠰᠣ᠂ ᠰᠡᠷᠬᠡᠰ᠂ ᠺᠠᠰᠢᠮᠢᠷ᠂ ᠪᠣᠯᠠᠷ (ᠪᠤᠶᠤ ᠪᠤᠯᠭᠠᠷᠢ)᠂ ᠷᠠᠷᠠᠯ ᠡᠳᠡᠬᠡᠷ ᠠᠷᠪᠠᠨ ᠨᠢᠬᠡᠨ ᠠᠢ᠌ᠮᠠᠭ ᠬᠠᠷᠢ ᠣᠯᠣᠰ ᠢ ᠬᠦᠷᠳᠡᠯ᠎ᠡ ᠢᠵᠢᠯ (ᠸᠤᠯᠭ᠎ᠠ)᠂ ᠵᠠᠶᠠᠭ (ᠤᠷᠠᠯ ᠭᠤᠤᠯ) ᠮᠥᠷᠡᠨ ᠢ ᠬᠡᠳᠥᠯᠠᠬᠥᠯᠥᠨ᠂ ᠺᠢᠧᠨᠮᠡᠨ (ᠺᠢᠸᠠᠮᠠᠨ ᠪᠤᠶᠤ ᠺᠢᠶᠠᠪ) ᠂ ᠬᠡᠷᠮᠡᠨ ᠬᠣᠳᠠ ᠤᠳ ᠢ ᠬᠦᠷᠳᠡᠯ᠎ᠡ ᠠᠶᠠᠯᠠᠭᠣᠯᠪᠠ᠃
263᠂ ᠪᠠᠰᠠ ᠰᠠᠷᠳᠠᠭᠣᠯ ᠣᠯᠣᠰ ᠢ ᠡᠵᠠᠯᠠᠵᠣ ᠲᠠᠭᠣᠰᠣᠭᠠᠳ ᠴᠢᠩᠬᠢᠰ ᠬᠠᠭᠠᠨ ᠤ ᠵᠠᠷᠯᠢᠭ ᠶᠢᠠᠷ ᠬᠣᠳᠠ᠂ ᠬᠣᠳᠠ ᠳᠤ ᠲᠠᠷᠣᠭ᠎ᠠ ᠲᠠᠯᠪᠢᠬᠣ ᠳᠤ ᠦᠷᠣᠩᠬᠡᠴᠢ ᠬᠣᠳᠠ ᠡᠴᠡ ᠬᠣᠷᠣᠮᠰᠢ ᠣᠪᠣᠭ ᠲᠡᠶ ᠰᠠᠷᠳᠠᠭᠣᠯ ᠶᠡᠯᠠᠧᠨᠴᠢ᠂ ᠮᠠᠰᠠᠬᠣᠳ ᠬᠡᠳᠡᠭ ᠨᠡᠷ᠎ᠡ ᠲᠡᠶ ᠡᠴᠢᠬᠡ ᠬᠦᠪᠡᠬᠥᠨ ᠬᠣᠶᠠᠷ ᠢᠷᠠᠵᠣ᠂ ᠬᠣᠳᠠ ᠭᠠᠵᠠᠷ ᠤᠨ ᠶᠣᠰᠣ ᠵᠠᠩᠰᠢᠯ ᠤᠨ ᠲᠣᠬᠠᠢ ᠴᠢᠩᠬᠢᠰ ᠬᠠᠭᠠᠨ ᠲᠡᠶ ᠶᠠᠷᠢᠯᠴᠠᠪᠠ᠃ ᠲᠠᠳᠠ᠂ ᠬᠣᠳᠠ ᠭᠠᠵᠠᠷ ᠤᠨ ᠵᠠᠩᠰᠢᠯ ᠶᠣᠰᠣ ᠶᠢ ᠰᠠᠢ᠌ᠨ ᠮᠡᠳᠡᠬᠥ ᠲᠣᠯᠠ ᠬᠦᠪᠡᠬᠥᠨ ᠬᠣᠷᠣᠮᠰᠢ ᠮᠠᠰᠠᠬᠣᠳ ᠢ ᠮᠣᠩᠭ᠋ᠣᠯ ᠲᠠᠷᠣᠭ᠎ᠠ ᠨᠡᠷ ᠤᠨ ᠬᠠᠮᠳᠣ ᠪᠣᠬᠠᠷ᠂ ᠰᠡᠮᠢᠰᠬᠡᠪ᠂ ᠦᠷᠣᠩᠬᠡᠴᠢ᠂ ᠣᠳᠠᠨ᠂ ᠬᠢᠰᠬᠠᠷ᠂ ᠣᠷᠢᠶᠠᠩ᠂ ᠬᠦᠰᠡᠨᠳᠡᠷᠢᠯ ᠲᠡᠷᠢᠬᠥᠳᠡᠨ ᠬᠣᠳᠠ ᠶᠢ ᠵᠠᠬᠢᠷᠣᠭᠣᠯᠣᠭᠠᠳ ᠡᠴᠢᠬᠡ ᠬᠣᠷᠣᠮᠰᠢ ᠶᠡᠯᠠᠧᠨᠴᠢ ᠵᠢ ᠠᠪᠴᠢᠷᠠᠵᠣ᠂ ᠬᠢᠳᠠᠳ ᠤᠨ ᠵᠦᠩᠲᠦ ᠬᠣᠳᠠ ᠶᠢ ᠵᠠᠬᠢᠷᠣᠭᠣᠯᠪᠠ᠃ ᠶᠡᠯᠠᠧᠨᠴᠢ᠂ ᠮᠠᠰᠠᠬᠣᠳ ᠨᠡᠷ ᠬᠣᠳᠠ ᠰᠠᠭᠣᠷᠢᠨ ᠭᠠᠵᠠᠷ ᠤᠨ ᠵᠢᠷᠣᠮ ᠶᠣᠰᠣ ᠶᠢ ᠰᠠᠢ᠌ᠨ ᠮᠡᠳᠡᠬᠥ ᠲᠣᠯᠠ ᠬᠢᠳᠠᠳ ᠣᠯᠣᠰ ᠢ ᠵᠠᠬᠢᠷᠬᠣ ᠮᠣᠩᠭ᠋ᠣᠯ ᠲᠠᠷᠣᠭ᠎ᠠ ᠨᠡᠷ ᠤᠨ ᠲᠡᠷᠬᠡᠳᠡ ᠰᠠᠷᠳᠠᠭᠣᠯ ᠬᠦᠮᠥᠰ ᠢ ᠵᠦᠪᠯᠡᠭ᠍ᠴᠢ ᠨᠡᠷ ᠶᠢᠠᠷ ᠲᠣᠮᠢᠯᠠᠪᠠ᠃
264᠂ ᠴᠢᠩᠬᠢᠰ ᠬᠠᠭᠠᠨ᠂ ᠰᠠᠷᠳᠠᠭᠣᠯ ᠣᠯᠣᠰ ᠲᠤ ᠲᠣᠯᠣᠭᠠᠨ ᠵᠢᠯ ᠶᠠᠪᠣᠭᠠᠳ ᠲᠠᠠᠳᠠ ᠵᠠᠯᠠᠢ᠌ᠷ ᠤᠨ ᠪᠠᠯᠠ ᠨᠣᠶᠠᠨ ᠢ ᠬᠦᠯᠢᠶᠡᠵᠦ ᠪᠠᠢ᠌ᠬᠣ ᠳᠤ ᠪᠠᠯᠠ ᠨᠣᠶᠠᠨ ᠰᠢᠨ ᠮᠥᠷᠡᠨ ᠢ ᠬᠡᠳᠥᠯᠵᠦ᠂ ᠵᠠᠯᠠᠯᠳᠢᠨ ᠰᠣᠯᠳᠠᠨ᠂ ᠬᠠᠨ ᠮᠡᠨᠯᠢᠭ᠌ ᠬᠣᠶᠠᠷ ᠢ ᠢᠨᠳᠣᠰ ᠭᠠᠵᠠᠷ ᠬᠦᠷᠳᠡᠯ᠎ᠡ ᠨᠡᠬᠡᠪᠡᠯ ᠵᠠᠯᠠᠯᠳᠢᠨ ᠰᠣᠯᠳᠠᠨ᠂ ᠬᠠᠨ ᠮᠡᠨᠯᠢᠭ᠌ ᠬᠣᠶᠠᠷ ᠨᠢᠬᠡᠠᠳᠡ ᠵᠠᠯᠬᠠᠭᠰᠠᠨ ᠲᠣᠯᠠ ᠢᠨᠳᠣᠰ ᠤᠨ ᠬᠢᠵᠠᠭᠠᠷ ᠤᠨ ᠢᠷᠬᠡᠥᠨ ᠢ ᠣᠯᠵᠠᠯᠠᠵᠣ ᠲᠣᠨᠣᠭᠠᠳ ᠣᠯᠠᠨ ᠲᠡᠮᠠᠬᠡ᠂ ᠢᠮᠠᠭ᠎ᠠ ᠶᠢ ᠠᠪᠴᠣ ᠪᠣᠴᠠᠵᠣ ᠢᠷᠠᠵᠠᠢ᠃ ᠲᠠᠠᠳᠠ ᠡᠴᠡ ᠴᠢᠩᠬᠢᠰ ᠬᠠᠭᠠᠨ᠂ ᠪᠣᠴᠠᠬᠣ ᠵᠠᠮ ᠳᠠᠭᠠᠨ ᠡᠷᠴᠢᠰ ᠮᠥᠷᠡᠨ ᠳᠤ ᠵᠤᠰᠠᠵᠣ᠂ ᠲᠣᠯᠣᠳᠣᠭᠠᠷ ᠣᠨ ᠲᠠᠬᠢᠶ᠎ᠠ ᠵᠢᠯ ᠤᠨ (1225) ᠨᠠᠮᠣᠷ ᠲᠣᠣᠯᠠ ᠭᠣᠣᠯ ᠤᠨ ᠬᠠᠷ᠎ᠠ ᠰᠢᠭᠣᠢ ᠳᠤ ᠶᠡᠬᠡ ᠣᠷᠳᠣ ᠪᠠᠨ ᠵᠠᠰᠠᠵᠣ ᠪᠠᠭᠣᠪᠠ᠃
ᠳᠠᠷᠤᠮ᠄ 70551
ᠴᠠᠭ᠄ 2008 ᠤᠨ ᠤ 07 ᠰᠠᠷ᠎ᠠ ᠶᠢᠨ 09