ᠨᠡᠪᠲᠡᠷᠡᠨ ᠤᠷᠤᠬᠤ
ᠠᠷᠪᠠᠳᠤᠭᠠᠷ ᠪᠦᠯᠦᠭ ᠂ ᠤᠢ᠌ᠭᠤᠷ ᠪᠠ ᠤᠢ ᠶᠢᠨ ᠢᠷᠭᠡᠳ ᠢ ᠡᠵᠡᠯᠡᠭᠰᠡᠨ ᠨᠢ

230᠂ ᠴᠢᠩᠬᠢᠰ ᠬᠠᠭᠠᠨ ᠦᠬᠥᠯᠡᠷᠥᠨ᠄

《ᠡᠬᠥᠯᠡ ᠲᠡᠶ ᠰᠦᠨᠢ

ᠡᠬᠥᠳᠡ ᠲᠡᠶ ᠬᠡᠷ ᠢ ᠮᠢᠨᠢ

ᠦᠷᠬᠥᠯᠵᠢ ᠰᠠᠬᠢᠵᠣ

ᠡᠨᠠ ᠪᠠᠶ᠎ᠠ ᠶᠢ ᠮᠢᠨᠢ

ᠡᠩᠬᠡ ᠣᠠᠳᠠᠭᠣᠯᠵᠣ

ᠡᠷᠳᠠᠨᠢ ᠶᠢᠨ ᠰᠠᠭᠣᠷᠢᠨ ᠳᠤ

ᠬᠦᠷᠬᠡᠭ᠍ᠰᠡᠨ ᠡᠷᠳᠠᠨ ᠤ

ᠡᠬᠡᠯᠢᠲᠦ ᠬᠡᠪᠳᠡᠬᠥᠯ ᠮᠢᠨᠢ︕

ᠣᠳᠣ ᠲᠡᠶ ᠰᠦᠨᠢ

ᠣᠷᠳᠣ ᠬᠡᠷ ᠤᠨ ᠮᠢᠨᠢ

ᠣᠷᠴᠢᠮ ᠳᠤ ᠬᠡᠪᠳᠡᠵᠦ

ᠦᠯᠣᠬᠡᠢ ᠲᠡᠪᠢᠰᠬᠡᠷ ᠤᠨ ᠮᠢᠨᠢ

ᠦᠮᠥᠭ ᠪᠣᠯᠵᠣ

ᠦᠴᠥᠬᠡᠨ ᠪᠠᠶ᠎ᠠ ᠶᠢᠨ ᠮᠢᠨᠢ

ᠲᠥᠰᠢᠭ᠌ ᠪᠣᠯᠵᠣ

ᠦᠨᠳᠥᠷ ᠰᠠᠭᠣᠷᠢᠨ ᠳᠤ

ᠬᠦᠷᠬᠡᠭ᠍ᠰᠡᠨ

ᠦᠯᠵᠡᠢ᠌ᠲᠦ ᠪᠣᠶᠠᠠᠳᠣ ᠬᠡᠪᠳᠡᠬᠥᠯ ᠮᠢᠨᠢ︕

ᠬᠠᠯᠢᠬᠤ ᠣᠰᠣᠨ ᠪᠣᠷᠣᠭᠠᠨ ᠳᠤ

ᠬᠠᠭᠠᠷᠢᠬᠤ ᠬᠦᠢᠳᠡᠨ ᠵᠢᠪᠠᠷ ᠲᠤ

ᠬᠠᠨ᠎ᠠ ᠲᠡᠶ ᠬᠡᠷ ᠢ ᠮᠢᠨᠢ

ᠬᠠᠷᠠᠭᠠᠯᠵᠠᠨ ᠪᠠᠢ᠌ᠵᠣ

ᠬᠠᠯᠠᠭᠣᠨ ᠠᠮᠢ ᠶᠢ ᠮᠢᠨᠢ

ᠬᠠᠮᠠᠭᠠᠯᠠᠨ ᠮᠠᠨᠠᠵᠣ

ᠬᠠᠭᠠᠨ ᠰᠠᠭᠣᠷᠢᠨ ᠳᠤ ᠬᠦᠷᠬᠡᠭ᠍ᠰᠡᠨ

ᠬᠠᠢ᠌ᠷ᠎ᠠ ᠢᠪᠡᠬᠡᠯᠲᠦ ᠬᠡᠪᠳᠡᠬᠥᠯ ᠮᠢᠨᠢ︕

ᠦᠷᠢᠰᠦᠬᠥ ᠲᠠᠢ᠌ᠰᠣᠨ ᠤ ᠮᠦᠷ ᠡᠴᠡ

ᠦᠰᠢᠬᠥ ᠬᠣᠣᠷᠳᠠᠨ ᠤ ᠭᠠᠷ ᠡᠴᠡ

ᠦᠷᠯᠦᠬᠡ ᠦᠳᠡᠰᠢ ᠢᠯᠭᠠᠯ ᠦᠭᠡᠶ

ᠡᠷᠣᠬᠡ ᠬᠡᠷ ᠢ ᠮᠢᠨᠢ ᠬᠠᠮᠠᠭᠠᠯᠠᠵᠣ᠂

ᠦᠪᠡᠷ ᠤᠨ ᠨᠢᠳᠣ ᠶᠢ ᠴᠠᠪᠴᠢᠯ ᠦᠭᠡᠶ

ᠦᠪᠴᠢ ᠪᠠᠶ᠎ᠠ ᠶᠢ ᠮᠢᠨᠢ ᠠᠷᠠᠴᠢᠯᠠᠭᠰᠠᠨ

ᠦᠨᠢ ᠶᠢᠨ ᠢᠳᠡᠬᠡᠯᠲᠦ ᠬᠡᠪᠳᠡᠬᠥᠯ ᠮᠢᠨᠢ︕

ᠬᠣᠯᠳᠠᠰᠣᠨ ᠬᠣᠷᠮᠣᠰᠬ᠎ᠠ ᠶᠢᠨ

ᠬᠣᠷᠳ᠋ ᠬᠡᠬᠥ ᠴᠢᠮᠡᠬᠡᠨ ᠡᠴᠡ

ᠬᠣᠴᠣᠷᠣᠯ ᠦᠭᠡᠶ ᠢᠷᠡᠭ᠍ᠴᠢ

ᠬᠣᠳᠠᠯᠠ ᠶᠢᠨ ᠰᠠᠢ᠌ᠬᠠᠨ ᠬᠡᠪᠳᠡᠬᠥᠯ ᠮᠢᠨᠢ︕

ᠰᠢᠨᠡᠭ᠍ᠰᠡᠨ ᠨᠣᠮᠣ ᠶᠢᠨ

ᠰᠢᠷᠳ᠋ ᠬᠡᠬᠥ ᠴᠢᠮᠡᠬᠡᠨ ᠡᠴᠡ

ᠰᠢᠯᠵᠢᠷᠠᠯ ᠦᠭᠡᠶ ᠢᠷᠡᠭ᠍ᠴᠢ

ᠰᠢᠭ᠍ᠰᠢᠮᠡᠯ ᠰᠠᠢ᠌ᠨ ᠬᠡᠪᠳᠡᠬᠥᠯ ᠮᠢᠨᠢ︕

ᠦᠨᠢ ᠬᠡᠳᠦᠢ᠌ᠨᠡᠢ

ᠦᠯᠵᠡᠢ᠌ᠲᠦ ᠬᠡᠪᠳᠡᠬᠥᠯ ᠢ ᠮᠢᠨᠢ

ᠡᠪᠥᠬᠡᠨ ᠬᠡᠪᠳᠡᠬᠥᠯ ᠬᠡᠭ᠍ᠳᠥᠨ᠃

ᠢᠳᠡᠬᠡᠯᠲᠦ ᠦᠬᠡᠯᠡᠨ ᠴᠠᠷᠪᠢ ᠶᠢᠨ

ᠢᠪᠡᠬᠡᠯᠲᠦ ᠲᠠᠯᠠᠨ ᠲᠣᠷᠬᠠᠭ ᠤᠳ ᠢ

ᠶᠡᠬᠡ ᠲᠣᠷᠬᠠᠭ ᠤᠳ ᠬᠡᠭ᠍ᠳᠥᠨ᠃

ᠠᠷᠬᠠᠢ ᠬᠠᠰᠠᠷ ᠤᠨ ᠬᠠᠷᠢᠶᠠᠳᠣ

ᠠᠴᠢᠳᠣ ᠰᠢᠯᠢᠳᠡᠭ ᠪᠠᠭᠠᠳᠣᠷ ᠤᠳ ᠢ

ᠠᠬᠠᠮᠠᠳ ᠪᠠᠭᠠᠳᠣᠷ ᠤᠳ ᠬᠡᠭ᠍ᠳᠥᠨ᠃

ᠶᠢᠰᠦᠠᠳᠡᠬᠡ ᠪᠦᠬᠢᠳᠡᠢ ᠶᠢᠨ ᠬᠠᠷᠢᠶᠠᠳᠣ

ᠢᠷᠥᠬᠡᠯᠲᠦ ᠬᠠᠭᠣᠴᠢᠨ ᠬᠣᠷᠴᠢᠨ ᠢ

ᠶᠡᠷᠣᠩᠬᠡᠢ ᠬᠣᠷᠴᠢᠨ ᠬᠡᠭ᠍ᠳᠥᠨ》ᠬᠡᠵᠦ ᠵᠠᠷᠯᠢᠭ ᠪᠣᠯᠪᠠ᠃

231᠂ 《ᠶᠠᠷᠠᠨ ᠲᠠᠪᠣᠨ ᠮᠢᠩᠭ᠋ᠠᠳᠣ ᠡᠴᠡ ᠮᠢᠨᠣ ᠪᠠᠶ᠎ᠠ ᠶᠢᠨ ᠰᠢᠳᠠᠷ ᠦᠮᠴᠢ ᠪᠣᠯᠭᠠᠨ ᠢᠯᠡᠬᠡᠭ᠍ᠰᠡᠨ ᠲᠥᠮᠡᠨ ᠬᠡᠰᠢᠭ᠍ᠳᠡᠨ ᠢ ᠮᠢᠨᠣ ᠬᠤᠢ᠌ᠨ᠎ᠠ ᠶᠡᠬᠡ ᠰᠠᠭᠣᠷᠢ ᠶᠢ ᠵᠠᠯᠭᠠᠮᠵᠢᠯᠠᠭᠰᠠᠨ ᠬᠦᠪᠡᠭᠦᠳ᠂ ᠣᠷᠣᠭ ᠤᠨ ᠣᠷᠣᠭ ᠲᠤ ᠬᠦᠷᠳᠡᠯ᠎ᠡ ᠮᠢᠨᠣ ᠬᠡᠷᠢᠶᠡᠰ ᠲᠣᠷᠠᠰᠬᠠᠯ ᠮᠠᠳᠣ ᠰᠠᠳᠬᠢᠵᠣ᠂ ᠠᠯᠢᠪᠠ ᠭᠠᠰᠠᠯᠠᠩ ᠳᠤ ᠬᠦᠷᠥᠬᠥᠯᠥᠯ ᠦᠭᠡᠶ ᠰᠠᠢ᠌ᠳᠣᠷ ᠠᠰᠠᠷᠠᠭᠳᠣᠨ᠃ ᠡᠳᠡᠬᠡᠷ ᠲᠥᠮᠡᠨ ᠬᠡᠰᠢᠭ᠍ᠳᠡᠨ ᠢ ᠮᠢᠨᠣ ᠡᠷᠬᠢᠮᠰᠥᠭ ᠬᠡᠰᠢᠭ᠍ᠳᠡᠨ ᠬᠡᠵᠦ ᠡᠷᠬᠥᠮᠵᠢᠯᠡᠬᠥ ᠦᠭᠡᠶ ᠪᠠᠢ᠌ᠵᠣ ᠪᠣᠯᠬᠣ ᠦᠦ︖》 ᠬᠡᠪᠡ᠃

232᠂ ᠪᠠᠰᠠ ᠴᠢᠩᠬᠢᠰ ᠬᠠᠭᠠᠨ ᠦᠬᠥᠯᠡᠷᠥᠨ᠄ 《ᠣᠷᠳᠣᠨ ᠤ ᠴᠠᠷᠪᠢ ᠶᠢᠨ ᠦᠬᠢᠥᠨ᠂ ᠬᠡᠷ ᠤᠨ ᠬᠦᠮᠥᠰ᠂ ᠲᠡᠮᠠᠬᠡᠴᠢᠨ ᠦᠬᠡᠷᠴᠢᠨ ᠨᠠᠷ ᠢ ᠬᠡᠪᠳᠡᠬᠥᠯ ᠡᠷᠬᠢᠯᠠᠨ ᠮᠠᠳᠠᠵᠣ᠂ ᠣᠷᠳᠣᠨ ᠤ ᠬᠡᠷ ᠲᠡᠷᠬᠡ ᠶᠢ ᠪᠠᠰᠠ ᠮᠡᠳᠡᠲᠦᠬᠡᠢ᠃ ᠲᠣᠭ᠂ ᠬᠡᠩᠬᠡᠷᠬᠡ᠂ ᠲᠥᠷᠣᠬᠡ᠂ ᠵᠢᠳᠠ ᠶᠢ ᠬᠡᠪᠳᠡᠬᠥᠯ ᠲᠠᠷᠣᠭᠠᠯᠠᠳᠣᠭᠠᠢ᠃ ᠠᠶᠠᠭ᠎ᠠ ᠰᠠᠪᠠ ᠶᠢ ᠮᠦᠨ ᠬᠡᠪᠳᠡᠬᠥᠯ ᠡᠷᠬᠢᠯᠡᠲᠦᠬᠡᠢ᠃ ᠪᠢᠳᠠᠨ ᠤ ᠣᠮᠳᠠ ᠢᠳᠡᠬᠡ ᠶᠢ ᠬᠡᠪᠳᠡᠬᠥᠯ ᠲᠠᠷᠣᠭᠠᠯᠠᠳᠣᠭᠠᠢ᠃ ᠲᠠᠬᠢᠯᠭ᠎ᠠ ᠶᠢᠨ ᠮᠢᠬ᠎ᠠ ᠢᠳᠡᠬᠡ ᠶᠢ ᠬᠡᠪᠳᠡᠬᠥᠯ ᠲᠠᠷᠣᠭᠠᠯᠠᠵᠣ ᠪᠣᠯᠭᠣᠭᠠᠳᠣᠭᠠᠢ᠃ ᠣᠮᠳᠠ ᠢᠳᠡᠬᠡ ᠬᠣᠷ ᠬᠣᠮᠰᠠ ᠪᠣᠯᠪᠠᠯ ᠲᠠᠷᠣᠭᠠᠯᠠᠭᠰᠠᠨ ᠬᠡᠪᠳᠡᠬᠥᠯ ᠡᠴᠡ ᠱᠠᠭᠠᠷᠳᠠᠶ᠎ᠠ》 ᠬᠡᠪᠡ᠃ 《ᠬᠣᠷᠴᠢᠨ ᠨᠡᠷ ᠣᠮᠳᠠ ᠢᠳᠡᠬᠡ ᠶᠢ ᠲᠦᠬᠡᠬᠡᠬᠥ ᠳᠡᠭᠡᠨ ᠲᠠᠷᠣᠭᠠᠯᠠᠭᠰᠠᠨ ᠬᠡᠪᠳᠡᠬᠥᠯ ᠤᠨ ᠵᠦᠪᠰᠢᠶᠡᠷᠡᠯ ᠦᠭᠡᠶ ᠪᠠᠷ ᠲᠠᠷᠬᠠᠭᠠᠨ ᠦᠭᠴᠦ ᠦᠯᠤ ᠪᠣᠯᠣᠨ᠎ᠠ᠃ ᠢᠳᠡᠬᠡ ᠶᠢ ᠲᠦᠬᠡᠬᠡᠬᠥ ᠳᠡᠭᠡᠨ ᠣᠷᠢᠳᠠᠪᠠᠷ ᠬᠡᠪᠳᠡᠬᠥᠯ ᠡᠴᠡ ᠡᠬᠢᠯᠠᠨ ᠲᠦᠬᠡᠬᠡᠲᠦᠬᠡᠢ》 ᠬᠡᠪᠡ᠃ 《ᠣᠷᠳᠣ ᠬᠡᠷ ᠲᠤ ᠣᠷᠣᠬᠣ ᠭᠠᠷᠬᠣ ᠶᠠᠭᠣᠮ᠎ᠠ ᠶᠢ ᠬᠡᠪᠳᠡᠬᠥᠯ ᠡᠷᠬᠢᠯᠠᠨ ᠮᠡᠳᠡᠲᠦᠬᠡᠢ᠃ ᠬᠡᠷ ᠤᠨ ᠣᠢ᠌ᠷ᠎ᠠ ᠡᠬᠥᠳᠡᠨ ᠳᠤ ᠬᠡᠪᠳᠡᠬᠥᠯ ᠤᠨ ᠬᠠᠭᠠᠯᠭᠠᠴᠢᠨ ᠪᠠᠢ᠌ᠳᠣᠭᠠᠢ᠃ ᠬᠡᠪᠳᠡᠬᠥᠯ ᠤᠨ ᠬᠣᠶᠠᠷ ᠬᠦᠮᠥᠨ ᠲᠣᠳᠣᠭᠰᠢ ᠣᠷᠣᠵᠣ᠂ ᠶᠡᠬᠡ ᠰᠦᠩ ᠢ ᠲᠥᠰᠢᠵᠦ ᠪᠠᠢ᠌ᠳᠣᠭᠠᠢ᠃ ᠬᠡᠪᠳᠡᠬᠥᠯ ᠡᠴᠡ ᠨᠣᠳᠣᠭ ᠡᠷᠢᠨ ᠦᠵᠡᠵᠦ ᠣᠷᠳᠣ ᠬᠡᠷ ᠢ ᠪᠠᠭᠣᠯᠭᠠᠳᠣᠭᠠᠢ》 ᠬᠡᠪᠡ᠃ 《ᠪᠢᠳᠠᠨ ᠢ ᠰᠢᠪᠠᠭᠣ ᠠᠪᠠᠯᠠᠬᠣ ᠳᠣ ᠬᠡᠪᠳᠡᠬᠥᠯ ᠪᠢᠳᠠᠨ ᠲᠡᠶ ᠬᠠᠮᠳᠣ ᠰᠢᠪᠠᠭᠣ ᠠᠪᠠᠯᠠᠨ ᠶᠠᠪᠣᠳᠣᠭᠠᠢ᠃ ᠬᠡᠷ ᠲᠡᠷᠬᠡ ᠶᠢᠨ ᠲᠡᠷᠬᠡᠳᠡ ᠵᠠᠷᠢᠮ ᠢ ᠨᠢ ᠴᠠᠭ ᠤᠨ ᠪᠠᠢ᠌ᠳᠠᠯ ᠶᠢᠠᠷ ᠦᠯᠠᠳᠡᠬᠡᠲᠦᠬᠡᠢ》 ᠬᠡᠪᠡ᠃

233᠂ ᠪᠠᠰᠠ ᠴᠢᠩᠬᠢᠰ ᠬᠠᠭᠠᠨ ᠦᠬᠥᠯᠡᠷᠥᠨ᠄ 《ᠪᠢᠳᠠᠨ ᠤ ᠪᠠᠶ᠎ᠠ ᠪᠠᠢ᠌ᠯᠳᠣᠭᠠᠨ ᠳᠤ ᠡᠰᠠ ᠮᠣᠷᠳᠠᠪᠠᠯ ᠬᠡᠪᠳᠡᠬᠥᠯ ᠪᠢᠳᠠᠨ ᠡᠴᠡ ᠠᠩᠬᠢᠳᠠ ᠪᠠᠢ᠌ᠯᠳᠣᠭᠠᠨ ᠳᠤ ᠮᠣᠷᠳᠠᠵᠣ ᠦᠯᠤ ᠪᠣᠯᠣᠨ᠎ᠠ》 ᠬᠡᠪᠡ᠃ 《ᠡᠨᠠ ᠵᠠᠷᠯᠢᠭ ᠢ ᠮᠡᠳᠡᠭ᠍ᠰᠠᠬᠡᠷ ᠪᠠᠢ᠌ᠭᠠᠳ ᠠᠳᠠᠭᠠᠷᠬᠠᠨ ᠵᠦᠷᠢᠴᠡᠵᠦ᠂ ᠬᠡᠪᠳᠡᠬᠥᠯ ᠢ ᠪᠠᠢ᠌ᠯᠳᠣᠭᠠᠨ ᠳᠤ ᠮᠣᠷᠳᠠᠭᠣᠯᠪᠠᠯ ᠴᠡᠷᠢᠭ᠌ ᠤᠨ ᠬᠡᠷᠡᠭ ᠢ ᠡᠷᠬᠢᠯᠡᠬᠥ ᠴᠠᠷᠪᠢ ᠶᠢ ᠪᠣᠷᠣᠭᠣᠰᠢᠶᠠᠨ ᠰᠢᠳᠬᠡᠨ᠎ᠡ》 ᠬᠡᠵᠦ ᠵᠠᠷᠯᠢᠭ ᠪᠣᠯᠪᠠ᠃ 《ᠬᠡᠪᠳᠡᠬᠥᠯ ᠤᠨ ᠴᠡᠷᠢᠭ᠌ ᠢ ᠪᠠᠢ᠌ᠯᠳᠣᠭᠠᠨ ᠳᠤ ᠦᠯᠤ ᠮᠣᠷᠳᠠᠭᠣᠯᠬᠣ ᠰᠢᠯᠳᠠᠭᠠᠨ ᠢ ᠲᠠ ᠨᠡᠷ ᠠᠰᠠᠭᠣᠪᠠᠯ᠂ ᠬᠡᠪᠳᠡᠬᠥᠯ᠂ ᠮᠢᠨᠣ ᠠᠯᠳᠠᠨ ᠠᠮᠢ ᠶᠢ ᠰᠠᠬᠢᠨ᠎ᠠ᠃ ᠰᠢᠪᠠᠭᠣ᠂ ᠬᠦᠷᠥᠬᠡᠰᠦ ᠶᠢ ᠠᠪᠠᠯᠠᠬᠣ ᠳᠤ ᠬᠠᠮᠳᠣ ᠵᠤᠪᠠᠵᠣ ᠵᠦᠳᠡᠨ᠎ᠡ᠃ ᠨᠡᠬᠥᠬᠥ ᠰᠠᠭᠣᠬᠣ ᠳᠤ ᠣᠷᠳᠣ ᠵᠢ ᠬᠠᠮᠠᠭᠠᠯᠠᠵᠣ᠂ ᠬᠦᠰᠬᠡ ᠲᠡᠷᠬᠡ ᠶᠢ ᠬᠠᠷᠠᠭᠠᠯᠵᠠᠨ᠎ᠠ᠃ ᠮᠢᠨᠣ ᠪᠠᠶ᠎ᠠ ᠶᠢ ᠰᠠᠬᠢᠵᠣ ᠬᠣᠨᠣᠬᠣ ᠬᠢᠯᠪᠠᠷ ᠦᠦ︖ ᠬᠡᠷ ᠲᠡᠷᠬᠡ᠂ ᠶᠡᠬᠡ ᠠᠭᠣᠷᠣᠭ ᠢ  (ᠭᠤᠤᠯ ᠤᠷᠳᠤ) ᠨᠡᠬᠥᠬᠥ ᠳᠤ ᠬᠠᠮᠠᠭᠠᠯᠠᠬᠣ ᠬᠡᠳᠡᠭ ᠬᠢᠯᠪᠠᠷ ᠦᠦ︖ ᠡᠢ᠌ᠮᠣ ᠳᠠᠪᠬᠤᠷ ᠰᠠᠯᠪᠣᠷᠢ ᠶᠢᠨ ᠠᠵᠢᠯ ᠲᠡᠶ ᠲᠣᠯᠠ ᠲᠠᠳᠠᠨ ᠢ ᠪᠢᠳᠠᠨ ᠡᠴᠡ ᠠᠩᠬᠢᠳᠠ ᠪᠠᠢ᠌ᠯᠳᠣᠭᠠᠨ ᠳᠤ ᠶᠠᠪᠣᠭᠣᠯᠬᠣ ᠦᠭᠡᠶ ᠬᠡᠰᠡᠨ ᠣᠴᠢᠷ ᠲᠠᠢ᠌ᠮᠣ ᠪᠢᠵᠠ》 ᠬᠡᠵᠡᠢ᠃

234᠂ ᠪᠠᠰᠠ ᠵᠠᠷᠯᠢᠭ ᠪᠣᠯᠣᠷᠣᠨ᠄ 《ᠰᠢᠬᠢᠬᠣᠳᠣᠭ ᠤᠨ ᠵᠠᠷᠭᠣ ᠰᠢᠳᠬᠡᠬᠥ ᠳᠤ ᠬᠡᠪᠳᠡᠬᠥᠯ ᠡᠴᠡ ᠰᠣᠨᠣᠰᠣᠯᠴᠠᠨ ᠣᠷᠣᠯᠴᠠᠳᠣᠭᠠᠢ᠃ ᠬᠡᠪᠳᠡᠬᠥᠯ ᠡᠴᠡ ᠨᠣᠮᠣ᠂ ᠰᠠᠭᠠᠳᠠᠭ᠂ ᠬᠣᠶᠠᠭ᠂ ᠵᠠᠪᠠ ᠶᠢ ᠬᠠᠳᠠᠭᠠᠯᠠᠬᠣ᠂ ᠲᠦᠬᠡᠬᠡᠬᠥ ᠠᠵᠢᠯ ᠢ ᠡᠷᠬᠢᠯᠡᠲᠦᠬᠡᠢ᠃ ᠠᠭᠳᠠ ᠮᠣᠷᠢᠳ  ᠢ ᠠᠪᠴᠢᠷᠠᠵᠣ ᠠᠴᠢᠶ᠎ᠠ ᠶᠠᠭᠣᠮ᠎ᠠ ᠶᠢ ᠠᠴᠢᠵᠣ ᠶᠠᠪᠣᠳᠣᠭᠠᠢ》 ᠬᠡᠪᠡ᠃ 《ᠬᠡᠪᠳᠡᠬᠥᠯ᠂ ᠴᠠᠷᠪᠢ ᠨᠡᠷ ᠤᠨ ᠬᠠᠮᠳᠣ ᠡᠳ᠋ ᠠᠭᠣᠷᠰᠣᠨ ᠢ ᠲᠦᠬᠡᠬᠡᠵᠦ ᠪᠠᠢ᠌ᠭᠳᠣᠨ᠃ ᠬᠣᠷᠴᠢᠨ᠂ ᠲᠣᠷᠬᠠᠭ ᠤᠳ ᠨᠡᠷ ᠨᠣᠳᠣᠭ ᠵᠢᠭᠠᠭᠠᠳ ᠨᠡᠬᠥᠬᠥ ᠳᠤ ᠶᠢᠰᠦᠠᠳᠡᠬᠡ᠂ ᠪᠦᠬᠢᠳᠡᠢ ᠨᠡᠷ ᠤᠨ ᠬᠣᠷᠴᠢᠨ᠂ ᠠᠯᠴᠢᠳᠠᠢ᠂ ᠦᠬᠡᠯᠡᠨ᠂ ᠠᠬᠣᠳᠠᠢ ᠨᠡᠷ ᠤᠨ ᠲᠣᠷᠬᠠᠭ ᠤᠳ ᠣᠷᠳᠣᠨ ᠤ ᠪᠠᠷᠠᠭᠣᠨ ᠡᠳᠡᠬᠡᠥᠨ ᠲᠤ ᠶᠠᠪᠣᠳᠣᠭᠠᠢ》 ᠬᠡᠪᠡ᠃ 《ᠪᠣᠬ᠎ᠠ᠂ ᠲᠣᠳᠠᠢ ᠴᠠᠷᠪᠢ᠂ ᠴᠠᠨᠠᠢ ᠨᠡᠷ ᠤᠨ ᠲᠣᠷᠬᠠᠭ ᠤᠳ ᠣᠷᠳᠣᠨ ᠤ ᠵᠠᠬᠥᠨ ᠡᠳᠡᠬᠡᠥᠨ ᠲᠤ ᠶᠠᠪᠣᠳᠣᠭᠠᠢ》 ᠬᠡᠪᠡ᠃ 《ᠠᠷᠬᠠᠢ ᠶᠢᠨ ᠪᠠᠭᠠᠳᠣᠷ ᠤᠳ ᠣᠷᠳᠣᠨ ᠤ ᠣᠷᠢᠳ ᠶᠠᠪᠣᠳᠣᠭᠠᠢ》 ᠬᠡᠪᠡ᠃ 《ᠬᠡᠪᠳᠡᠬᠥᠯ᠂ ᠣᠷᠳᠣ ᠬᠡᠷ᠂ ᠲᠡᠷᠬᠡ ᠶᠢ ᠬᠠᠮᠠᠭᠠᠯᠠᠵᠣ ᠣᠷᠳᠣᠨ ᠤ ᠲ᠋ᠡᠷᠬᠡᠳᠡ᠂ ᠵᠠᠬᠥᠨ ᠡᠳᠡᠬᠡᠥᠨ ᠲᠤ ᠶᠠᠪᠣᠳᠣᠭᠠᠢ》 ᠬᠡᠪᠡ᠃ 《ᠪᠦᠬᠥ ᠬᠡᠰᠢᠭ᠍ᠳᠡᠨ᠂ ᠲᠣᠷᠬᠠᠭ ᠤᠳ ᠪᠠ ᠣᠷᠳᠣᠨ ᠤ ᠣᠷᠴᠢᠮ ᠶᠠᠪᠣᠬᠣ᠂ ᠣᠷᠳᠣ ᠬᠡᠷ ᠤᠨ ᠬᠦᠪᠡᠭᠦᠳ ᠠᠳᠣᠭᠣᠴᠢᠨ᠂ ᠬᠣᠨᠢᠴᠢᠨ᠂ ᠲᠡᠮᠠᠬᠡᠴᠢᠨ᠂ ᠦᠬᠡᠷᠴᠢᠨ ᠢ ᠣᠷᠳᠣᠨ ᠤ ᠲᠠᠷᠠᠭ᠎ᠠ ᠠᠷᠤ ᠳᠤ ᠶᠠᠪᠣᠬᠣ ᠲᠣᠳᠠᠢ ᠴᠢᠷᠪᠢ ᠵᠠᠬᠢᠷᠳᠤᠭᠠᠢ》 ᠬᠡᠵᠦ ᠲᠣᠰᠢᠶᠠᠪᠠ᠃ 《ᠲᠣᠳᠠᠢ ᠴᠠᠷᠪᠢ᠂ ᠬᠣᠳᠠᠯᠠ ᠣᠷᠳᠣᠨ ᠤ ᠬᠤᠢ᠌ᠨ᠎ᠠ ᠡᠴᠡ ᠲᠠᠭᠠᠵᠣ᠂ ᠬᠣᠭ ᠢᠳᠠᠵᠣ᠂ ᠬᠣᠮᠣᠣᠯ ᠲᠡᠬᠥᠵᠦ ᠶᠠᠪᠣᠳᠣᠭᠠᠢ》 ᠬᠡᠵᠦ ᠵᠠᠷᠯᠢᠭ ᠪᠣᠯᠪᠠ᠃

235᠂ ᠬᠣᠪᠢᠯᠠᠢ ᠨᠣᠶᠠᠨ ᠢ ᠬᠠᠷᠯᠣᠭ ᠤᠳ ᠲᠤ ᠮᠣᠷᠳᠠᠭᠣᠯᠪᠠ᠃ ᠬᠠᠷᠯᠣᠭ ᠤᠨ ᠠᠷᠰᠯᠠᠨ ᠬᠠᠨ᠂ ᠬᠣᠪᠢᠯᠠᠢ ᠳᠤ ᠡᠶᠠᠰᠣᠨ ᠢᠷᠡᠭ᠍ᠰᠡᠨ ᠳᠤ ᠬᠣᠪᠢᠯᠠᠢ ᠨᠣᠶᠠᠨ᠂ ᠠᠷᠰᠯᠠᠨ ᠬᠠᠨ ᠢ ᠠᠪᠴᠢᠷᠠᠵᠣ᠂ ᠴᠢᠩᠬᠢᠰ ᠬᠠᠭᠠᠨ ᠳᠤ ᠠᠭᠣᠯᠵᠠᠭᠣᠯᠪᠠ᠃ ᠴᠢᠩᠬᠢᠰ ᠬᠠᠭᠠᠨ᠂ ᠠᠷᠰᠯᠠᠨ ᠢ ᠪᠠᠢ᠌ᠯᠳᠣᠭᠰᠠᠨ ᠦᠭᠡᠶ ᠲᠠᠭᠠᠪᠠ ᠬᠡᠵᠦ ᠰᠠᠢ᠌ᠰᠢᠶᠠᠨ ᠰᠣᠶᠣᠷᠬᠠᠵᠣ᠂ ᠦᠬᠢᠨ ᠶᠢᠠᠨ ᠦᠭ‍ᠬᠦᠢ᠎ᠡ ᠬᠡᠵᠦ ᠵᠠᠷᠯᠢᠭ ᠪᠣᠯᠪᠠ᠃ [ᠬᠠᠷᠯᠣᠭ ᠤᠳ ᠤᠨ ᠠᠷᠰᠯᠠᠨ ᠳᠤ ᠠᠯᠠᠭ᠎ᠠ ᠪᠠᠬᠢ ᠶᠢ ᠦᠭᠴᠦ ᠴᠢᠩᠬᠢᠰ ᠬᠠᠭᠠᠨ ᠰᠣᠶᠣᠨ ᠵᠠᠷᠯᠢᠭ ᠪᠣᠯᠣᠷᠣᠨ᠄

ᠬᠠᠷᠠᠢ᠌ᠬᠣ ᠳᠤ ᠮᠢᠨᠢ ᠬᠦᠯ ᠪᠣᠯᠵᠣ

ᠬᠠᠵᠠᠢ᠌ᠬᠣ ᠳᠤ ᠮᠢᠨᠢ ᠲᠥᠰᠢᠭ᠌ ᠪᠣᠯᠵᠣ

ᠬᠠᠯᠳᠠᠷᠢᠬᠤ ᠳᠤ ᠮᠢᠨᠢ ᠲᠠᠬ᠎ᠠ ᠪᠣᠯᠵᠣ

ᠬᠠᠯᠠᠮᠵᠢ ᠲᠣᠰᠠ ᠬᠦᠷᠬᠡᠬᠥ ᠪᠠᠨ

ᠬᠠᠢ᠌ᠷᠠᠳᠣ ᠠᠯᠠᠭ᠎ᠠ ᠮᠢᠨᠢ ᠮᠡᠳᠡᠲᠦᠬᠡᠢ᠃

ᠡᠨᠠ ᠪᠠᠶ᠎ᠠ ᠬᠡᠪᠡᠷᠡᠭ ᠪᠣᠯᠪᠠᠴᠣ

ᠡᠷᠬᠢᠮ ᠨᠡᠷ᠎ᠡ ᠮᠦᠩᠬᠡ ᠰᠢᠤ ᠂

ᠰᠠᠷᠠᠭᠣᠯ ᠣᠬᠠᠭᠠᠨ ᠡᠴᠡ ᠢᠯᠡᠬᠥᠤ

ᠰᠠᠢ᠌ᠨ ᠨᠦᠬᠥᠷ ᠪᠠᠢ᠌ᠳᠠᠭ ᠦᠭᠡᠶ

ᠮᠣᠩᠬᠠᠭ ᠬᠢᠯᠢᠩ ᠡᠴᠡ ᠢᠯᠡᠬᠥᠤ

ᠮᠠᠭᠣ ᠲᠠᠢ᠌ᠰᠣᠨ ᠪᠠᠢ᠌ᠳᠠᠭ ᠦᠭᠡᠶ᠃

ᠡᠷᠬᠢᠮ ᠢᠳᠡᠬᠡᠯ ᠣᠯᠠᠨ ᠪᠣᠯᠪᠠᠴᠣ

ᠡᠨᠠ ᠪᠠᠶ᠎ᠠ ᠪᠦᠬᠥᠳᠡ ᠡᠴᠡ ᠢᠳᠡᠬᠡᠯ ᠲᠡᠶ

ᠬᠠᠢ᠌ᠷᠠᠯᠠᠬᠣ ᠶᠠᠭᠣᠮ᠎ᠠ ᠣᠯᠠᠨ ᠪᠣᠯᠪᠠᠴᠣ

ᠬᠠᠯᠠᠭᠣᠨ ᠠᠮᠢ ᠬᠠᠮᠣᠭ ᠡᠴᠡ ᠬᠠᠢ᠌ᠷᠠᠯᠠᠯᠳᠠᠢ

ᠬᠠᠳᠠᠭᠣᠵᠢᠵᠣ ᠶᠠᠪᠣᠪᠠᠯ ᠬᠠᠮᠣᠭ ᠲᠤ ᠬᠡᠷᠡᠭ ᠲᠡᠶ

ᠠᠷᠢᠭᠣᠨ ᠶᠠᠪᠣᠪᠠᠯ ᠠᠰᠢᠭ ᠲᠣᠰᠠ ᠲᠡᠶ ᠬᠡᠵᠦ

ᠰᠣᠷᠭᠠᠭᠰᠠᠨ ᠠᠵᠠᠢ᠃ ]

236᠂ ᠰᠦᠪᠡᠬᠡᠳᠡᠢ ᠪᠠᠭᠠᠳᠣᠷ᠂ ᠲᠠᠮᠣᠷ ᠲᠡᠷᠬᠡ ᠲᠡᠶ ᠴᠡᠷᠢᠭ᠌ ᠶᠢᠠᠨ ᠠᠪᠴᠣ ᠶᠠᠪᠣᠭᠠᠳ ᠮᠠᠷᠭᠢᠳ ᠤᠨ ᠲᠣᠭᠳᠠᠬ᠎ᠠ ᠶᠢᠨ ᠬᠣᠳᠣ᠂ ᠴᠢᠯᠠᠭᠣᠨ ᠵᠠᠷᠬᠡ ᠬᠦᠪᠡᠭᠦᠳ ᠢ ᠨᠡᠬᠡᠨ ᠲᠣᠪᠳᠣᠯᠵᠣ᠂ ᠴᠦᠢ ᠮᠥᠷᠡᠨ ᠤ ᠲᠠᠠᠳᠠ ᠬᠦᠢᠴᠡᠵᠦ ᠰᠦᠨᠦᠬᠡᠬᠡᠥᠨ ᠢᠷᠠᠪᠠ᠃

237᠂ ᠵᠠᠪᠠ ᠨᠢ᠋ᠮᠠᠨ ᠤ ᠬᠦᠴᠥᠯᠥᠭ ᠬᠠᠭᠠᠨ ᠢ ᠨᠡᠬᠡᠵᠦ ᠰᠠᠷᠢᠭ ᠬᠣᠨ ᠬᠡᠳᠡᠭ ᠭᠠᠵᠠᠷ ᠬᠦᠢᠴᠡᠵᠦ ᠰᠦᠨᠦᠬᠡᠬᠡᠥᠨ ᠢᠷᠠᠪᠠ᠃

238᠂ ᠣᠢ᠌ᠭᠣᠷ ᠤᠨ ᠢᠲᠦᠭᠦᠳ ᠬᠠᠨ᠂ ᠴᠢᠩᠬᠢᠰ ᠬᠠᠭᠠᠨ ᠳᠤ ᠠᠳᠬᠢᠷᠠᠭ ᠲᠠᠷᠪᠠᠢ ᠬᠣᠶᠠᠷ ᠡᠯᠴᠢ ᠶᠢ ᠢᠯᠡᠬᠡᠵᠦ ᠬᠡᠯᠡᠬᠥᠯᠥᠭᠰᠡᠨ ᠨᠢ᠄ 《ᠡᠬᠥᠯᠡ ᠠᠷᠢᠯᠵᠣ ᠬᠡᠬᠡᠨ ᠨᠠᠷᠠᠨ ᠲᠣᠳᠣᠷᠠᠭᠰᠠᠨ ᠮᠠᠳᠣ᠂ ᠮᠥᠰᠤ ᠬᠠᠢ᠌ᠯᠵᠣ ᠲᠣᠩᠭ᠋ᠠᠯᠠᠭ ᠮᠥᠷᠡᠨ ᠣᠷᠣᠰᠣᠭᠰᠠᠨ ᠮᠠᠳᠣ᠂ ᠴᠢᠩᠬᠢᠰ ᠬᠠᠭᠠᠨ ᠰᠣᠶᠣᠷᠬᠠᠪᠠᠯ᠂ ᠠᠯᠳᠠᠨ ᠪᠦᠰᠡ ᠶᠢᠨ ᠴᠢᠨᠢ ᠭᠣᠷᠬᠢ ᠡᠴᠡ ᠪᠠᠷᠢᠵᠣ᠂ ᠠᠷᠢᠭᠣᠨ ᠲᠠᠪᠠᠯ ᠤᠨ ᠴᠢᠨᠢ ᠦᠷᠳᠡᠰᠥᠨ ᠡᠴᠡ ᠣᠯᠵᠣ᠂ ᠲᠠᠪᠣᠳᠣᠭᠠᠷ ᠬᠦᠪᠡᠬᠥᠨ ᠴᠢᠨᠢ ᠪᠣᠯᠵᠣ ᠬᠦᠴᠦ ᠦᠭ‍ᠬᠦᠢ᠎ᠡ》 ᠬᠡᠵᠦ ᠦᠴᠢᠵᠦ ᠢᠯᠡᠬᠡᠵᠡᠢ᠃ ᠲᠠᠷᠠ ᠦᠬᠡ ᠶᠢ ᠰᠣᠨᠣᠰᠣᠭᠠᠳ ᠴᠢᠩᠬᠢᠰ ᠬᠠᠭᠠᠨ ᠰᠣᠶᠣᠷᠬᠠᠵᠣ ᠬᠠᠷᠢᠭᠣ ᠬᠡᠯᠡᠵᠦ ᠢᠯᠡᠬᠡᠭ᠍ᠰᠡᠨ ᠨᠢ᠄ 《ᠦᠬᠢᠨ ᠶᠢᠠᠨ ᠦᠭ‍ᠬᠦᠢ᠎ᠡ᠃ ᠲᠠᠪᠣᠳᠣᠭᠠᠷ ᠬᠦᠪᠡᠬᠥᠨ ᠪᠣᠯᠳᠣᠭᠠᠢ᠃ ᠠᠯᠳᠠ ᠮᠦᠩᠬᠥ᠂ ᠰᠣᠪᠣᠳ᠂ ᠲᠠᠨ᠎ᠠ᠂ ᠬᠣᠷᠭᠣᠢ ᠬᠡ ᠲᠡᠶ ᠣᠶᠣᠮᠠᠯ᠂ ᠲᠣᠷᠭ᠎ᠠ ᠠᠭᠣᠷᠰᠣ ᠶᠢ ᠠᠪᠴᠣ ᠢᠷᠡᠲᠦᠬᠡᠢ》 ᠬᠡᠵᠦ ᠢᠯᠡᠬᠡᠪᠡᠯ᠂ ᠢᠲᠦᠭᠦᠳ ᠰᠣᠶᠣᠷᠬᠠᠭᠳᠠᠪᠠ ᠬᠡᠵᠦ ᠪᠠᠶᠠᠰᠴᠣ᠂ ᠠᠯᠳᠠ᠂ ᠮᠦᠩᠬᠥ᠂ ᠰᠣᠪᠣᠳ᠂ ᠲᠠᠨ᠎ᠠ᠂ ᠲᠣᠷᠭ᠎ᠠ᠂ ᠬᠣᠷᠭᠣᠢ ᠵᠠᠷᠬᠡ ᠠᠭᠣᠷᠰᠣ ᠠᠪᠴᠣ ᠢᠷᠡᠬᠡᠥᠨ ᠴᠢᠩᠬᠢᠰ ᠬᠠᠭᠠᠨ ᠲ᠋ᠠᠢ ᠠᠭᠣᠯᠵᠠᠪᠠ᠃ ᠴᠢᠩᠬᠢᠰ ᠬᠠᠭᠠᠨ᠂ ᠢᠲᠦᠭᠦᠳ ᠢ ᠰᠣᠶᠣᠷᠬᠠᠵᠣ᠂ ᠡᠠᠯ ᠠᠯᠳᠣᠨ ᠪᠠᠬᠢ ᠦᠬᠢᠨ ᠶᠢᠠᠨ ᠦᠭ᠍ᠪᠡ᠃ [ᠣᠢ᠌ᠭᠣᠷ ᠤᠨ ᠢᠲᠦᠭᠦᠳ ᠲᠤ ᠡᠠᠯ ᠠᠯᠳᠣᠨ ᠪᠠᠬᠢ ᠶᠢ ᠦᠭ‍ᠬᠦ ᠳᠤ ᠴᠢᠩᠬᠢᠰ ᠬᠠᠭᠠᠨ ᠰᠣᠷᠭᠠᠭᠰᠠᠨ ᠨᠢ᠄ 《ᠬᠠᠳᠣᠭᠳᠠᠢ ᠬᠦᠮᠥᠨ ᠳᠤ ᠭᠣᠷᠪᠠᠨ ᠡᠷ᠎ᠠ ᠪᠣᠢ᠃ ᠠᠩᠬᠠᠨ ᠤ ᠡᠷ᠎ᠠ ᠨᠢ ᠠᠯᠳᠠᠨ ᠲᠥᠷᠤ᠂ ᠲᠡᠬᠥᠨ ᠤ ᠲᠠᠷᠠᠭᠠᠬᠢ ᠡᠷ᠎ᠠ ᠨᠢ ᠠᠷᠢᠭᠣᠨ ᠨᠡᠷ᠎ᠡ᠂ ᠲᠡᠬᠥᠨ ᠤ ᠲᠠᠷᠠᠭᠠᠬᠢ ᠡᠷ᠎ᠠ ᠨᠢ ᠠᠪᠣᠭᠰᠠᠨ ᠡᠷ᠎ᠠ ᠮᠦᠨ ᠪᠢᠯᠠ᠃ ᠠᠯᠳᠠᠨ ᠲᠥᠷᠤ ᠶᠢ ᠬᠠᠳᠠᠭᠣᠵᠢᠵᠣ ᠲᠠᠭᠠᠪᠠᠯ ᠠᠷᠢᠭᠣᠨ ᠨᠡᠷ᠎ᠡ ᠪᠠᠯᠠᠨ ᠪᠣᠯᠣᠨ᠎ᠠ᠃ ᠠᠷᠢᠭᠣᠨ ᠨᠡᠷ᠎ᠡ ᠵᠢ ᠪᠠᠬᠢᠯᠠᠪᠠᠯ᠂ ᠠᠪᠣᠭᠰᠠᠨ ᠡᠷ᠎ᠠ ᠠᠩᠬᠢᠳᠠ ᠦᠯᠤ ᠣᠳᠣᠨ᠎ᠠ》 ᠬᠡᠵᠦ ᠵᠠᠷᠯᠢᠭ ᠪᠣᠯᠣᠭᠰᠠᠨ ᠠᠵᠠᠢ᠃ ]

239᠂ ᠲᠠᠣᠯᠠᠢ ᠵᠢᠯ (1207 ᠤᠨ ᠳᠤ )᠂ ᠵᠦᠴᠢ᠂ ᠪᠠᠷᠠᠭᠤᠨ ᠭᠠᠵᠠᠷ ᠤᠨ ᠴᠡᠷᠢᠭ᠌ ᠢ ᠠᠪᠴᠤ ᠤᠢ ᠶᠢᠨ ᠢᠷᠭᠡᠨ ᠢ ᠡᠵᠡᠯᠡᠬᠦ ᠪᠠᠷ  ᠮᠣᠷᠳᠠᠬᠣ ᠳᠤ ᠪᠣᠬ᠎ᠠ ᠭᠠᠵᠠᠷᠴᠢᠯᠠᠵᠣ ᠶᠠᠪᠣᠪᠠ᠃ ᠣᠢ᠌ᠷᠠᠳ ᠤᠨ ᠬᠣᠳᠣᠭ᠎ᠠ ᠪᠠᠬᠢ ᠲᠥᠮᠡᠨ ᠣᠢ᠌ᠷᠠᠳ ᠶᠢᠠᠨ ᠠᠪᠴᠣ ᠲᠠᠭᠠᠷ᠎ᠠ ᠢᠷᠠᠪᠠ᠃ ᠬᠣᠳᠣᠭ᠎ᠠ ᠪᠠᠬᠢ ᠢᠷᠡᠬᠡᠥᠨ ᠵᠦᠴᠢ ᠶᠢ ᠭᠠᠵᠠᠷᠴᠢᠯᠠᠨ ᠲᠥᠮᠡᠨ ᠣᠢ᠌ᠷᠠᠳ ᠤᠨ ᠨᠣᠳᠣᠭ ᠶᠢᠠᠷ ᠶᠠᠪᠣᠵᠣ ᠰᠢᠭ᠌ᠰᠢᠳ (ᠭᠤᠤᠯ) ᠲᠤ ᠬᠦᠷᠪᠡ᠃ ᠵᠦᠴᠢ᠂ ᠣᠢ᠌ᠷᠠᠳ (ᠤᠢ ᠶᠢᠨ ᠠᠷᠠᠳ)᠂ ᠪᠣᠷᠢᠶᠠᠳ᠂ ᠪᠠᠷᠭᠣᠨ᠂ ᠣᠷᠰᠣᠳ᠂ ᠬᠠᠪᠬᠠᠨᠠᠰ᠂ ᠬᠠᠩᠬᠠᠰ᠂ ᠲᠣᠪᠠᠰ ᠠᠢ᠌ᠮᠠᠭ ᠢ ᠣᠷᠣᠭᠣᠯᠣᠭᠠᠳ ᠲᠥᠮᠡᠨ ᠬᠢᠷᠬᠢᠰ ᠤᠨ ᠨᠣᠳᠣᠭ ᠲᠤ ᠬᠦᠷᠪᠡᠯ᠂ ᠬᠢᠷᠬᠢᠰ ᠤᠨ ᠨᠣᠶᠠᠳ᠂ ᠶᠠᠳᠠᠢ᠂ ᠢᠨᠠᠯ᠂ ᠡᠡᠯᠳᠢᠬᠡᠷ᠂ ᠦᠷᠠᠪᠡᠭ᠌ ᠲᠢᠬᠢᠨ ᠨᠡᠷ ᠡᠯᠰᠠᠨ ᠣᠷᠣᠵᠣ ᠴᠠᠭᠠᠨ ᠱᠣᠩᠬᠣᠷ᠂ ᠴᠠᠭᠠᠨ ᠮᠣᠷᠢ᠂ ᠬᠠᠷ᠎ᠠ ᠪᠣᠯᠠᠭ᠎ᠠ ᠠᠪᠴᠢᠷᠠᠭᠠᠳ ᠵᠦᠴᠢ ᠲᠡᠶ ᠠᠭᠣᠯᠵᠠᠪᠠ᠃ ᠰᠢᠪᠢᠷ᠂ ᠬᠡᠰᠳᠢᠶ‍ᠢᠮ᠂ ᠪᠠᠢ᠌ᠳ᠂ ᠲᠣᠬᠠᠰ᠂ ᠲᠠᠩᠯᠢᠭ᠌᠂ ᠲᠦᠬᠡᠯᠡᠰ᠂ ᠲᠠᠰ᠂ ᠪᠠᠵᠠᠭᠢᠳ ᠵᠠᠷᠬᠡ ᠪᠠᠢ᠌ᠳ ᠡᠴᠠ ᠨᠠᠰᠢᠬᠢ ᠣᠢ ᠶᠢᠨ ᠢᠷᠬᠡᠨ ᠢ ᠡᠵᠠᠯᠠᠵᠣ ᠣᠷᠣᠭᠣᠯᠣᠭᠠᠳ ᠬᠢᠷᠬᠢᠰ ᠤᠨ ᠲᠥᠮᠡᠨ ᠤ ᠨᠣᠶᠠᠳ᠂ ᠮᠢᠩᠭ᠋ᠠᠨ ᠤ ᠨᠣᠶᠠᠳ ᠪᠠ ᠣᠢ ᠶᠢᠨ ᠢᠷᠬᠡᠨ ᠤ ᠨᠣᠶᠠᠳ ᠢ ᠠᠪᠣᠭᠠᠳ ᠢᠷᠡᠭ᠍ᠰᠡᠨ ᠳᠤ ᠲᠠᠳᠠ᠂ ᠴᠢᠩᠬᠢᠰ ᠬᠠᠭᠠᠨ ᠳᠤ ᠴᠠᠭᠠᠨ ᠱᠣᠩᠬᠣᠷ ᠤᠳ᠂ ᠴᠠᠭᠠᠨ ᠮᠣᠷᠢᠳ᠂ ᠬᠠᠷ᠎ᠠ ᠪᠣᠯᠠᠭᠠᠨ ᠨᠣᠭᠣᠳ ᠶᠢᠠᠨ ᠪᠡᠯᠡᠭᠯᠡᠵᠤ ᠠᠭᠣᠯᠵᠠᠪᠠ᠃ ᠣᠢ᠌ᠷᠠᠳ ᠤᠨ ᠬᠣᠳᠣᠭ᠎ᠠ ᠪᠠᠬᠢ ᠶᠢ ᠣᠷᠢᠳᠠ ᠡᠴᠡ ᠣᠭᠳᠣᠨ᠂ ᠲᠥᠮᠡᠨ ᠣᠢ᠌ᠷᠠᠳ ᠶᠢᠠᠨ ᠲᠠᠭᠠᠭᠣᠯᠣᠨ ᠡᠯᠰᠠᠵᠣ ᠢᠷᠠᠪᠠ ᠬᠡᠵᠦ ᠰᠣᠶᠣᠷᠬᠠᠵᠣ᠂ ᠲᠡᠬᠥᠨ ᠤ ᠬᠦᠪᠡᠬᠥᠨ ᠢᠨᠠᠯᠴᠢ ᠳᠤ ᠴᠡᠴᠡᠢ᠌ᠬᠡᠨ ᠦᠬᠢᠨ ᠶᠢᠠᠨ ᠦᠭᠪᠡ᠃ ᠢᠨᠠᠯᠴᠢ ᠶᠢᠨ ᠡᠠᠬ᠎ᠠ ᠲᠥᠷᠥᠯᠴᠢ ᠳᠤ ᠵᠦᠴᠢ ᠶᠢᠨ ᠦᠬᠢᠨ ᠣᠯᠣᠢ᠌ᠬᠠᠨ ᠢ ᠦᠭ᠍ᠪᠡ᠃ ᠠᠯᠠᠭ᠎ᠠ ᠪᠠᠬᠢ ᠦᠬᠢᠨ ᠢ ᠣᠩᠭ᠋ᠣᠳ ᠲᠤ ᠦᠭ᠍ᠪᠡ᠃ ᠴᠢᠩᠬᠢᠰ ᠬᠠᠭᠠᠨ᠂ ᠵᠦᠴᠢ ᠶᠢ ᠰᠣᠶᠣᠷᠬᠠᠵᠣ ᠦᠬᠥᠯᠡᠷᠥᠨ᠄ 《ᠬᠦᠪᠡᠭᠦᠳ ᠤᠨ ᠮᠢᠨᠢ ᠠᠬᠠᠮᠠᠳ ᠴᠢ᠂ ᠬᠡᠷ ᠲᠤ ᠡᠴᠡ ᠠᠩᠬ᠎ᠠ ᠭᠠᠷᠣᠭᠠᠳ ᠮᠦᠷ ᠰᠠᠢ᠌ᠳᠠᠢ ᠶᠠᠪᠣᠵᠣ ᠬᠦᠷᠥᠭᠰᠡᠨ ᠭᠠᠵᠠᠷ ᠲᠤ ᠬᠦᠮᠥᠨ᠂ ᠮᠣᠷᠢ ᠶᠢ ᠭᠠᠵᠠᠷᠳᠠᠵᠣ ᠵᠤᠪᠠᠭᠠᠭᠰᠠᠨ ᠦᠬᠡᠢ᠂ ᠦᠯᠵᠡᠢ᠌ᠲᠦ ᠣᠢ ᠶᠢᠨ ᠢᠷᠬᠡᠨ ᠢ ᠣᠷᠣᠭᠣᠯᠵᠣ ᠢᠷᠠᠪᠠ᠂ ᠴᠢ᠃ ᠡᠳᠡᠬᠡᠷ ᠢᠷᠬᠡᠨ ᠢ ᠴᠢᠮ᠎ᠠ ᠳᠤ ᠦᠭ‍ᠬᠦᠢ᠎ᠡ》 ᠬᠡᠵᠦ ᠵᠠᠷᠯᠢᠭ ᠪᠣᠯᠪᠠ᠃

240᠂ ᠪᠠᠰᠠ ᠪᠤᠷᠤᠬᠤᠯ ᠨᠣᠶᠠᠨ ᠢ ᠬᠣᠷᠢ ᠲᠥᠮᠠᠥᠨ ᠢᠷᠬᠡᠨ ᠢ ᠡᠵᠡᠯᠠᠬᠥᠯᠬᠥ ᠪᠠᠷ ᠶᠠᠪᠣᠭᠣᠯᠪᠠ᠃ ᠬᠣᠷᠢ ᠲᠦᠮᠡᠳ ᠢᠷᠬᠡᠨ ᠤ ᠨᠣᠶᠠᠨ ᠳᠠᠢ᠌ᠳᠤᠬᠤᠯ ᠰᠤᠬᠤᠷ ᠢ ᠦᠬᠥᠭ᠍ᠰᠡᠨ ᠤ ᠬᠤᠢ᠌ᠨ᠎ᠠ ᠲᠡᠬᠥᠨ ᠤ ᠬᠡᠷᠬᠡᠢ ᠨᠢ ᠲᠠᠷᠭᠣᠨ ᠪᠣᠳᠣᠬᠣᠢ ᠬᠣᠷᠢ ᠲᠥᠮᠠᠥᠨ ᠢ ᠵᠠᠬᠢᠷᠴᠣ ᠪᠠᠢ᠌ᠵᠠᠢ᠃ ᠪᠤᠷᠤᠬᠤᠯ ᠨᠣᠶᠠᠨ᠂ ᠲᠠᠠᠳᠠ ᠣᠴᠢᠭᠠᠳ ᠭᠣᠷᠪᠠᠨ ᠬᠦᠮᠥᠨ ᠢ ᠲᠠᠭᠠᠭᠣᠯᠣᠨ ᠶᠡᠬᠡ ᠴᠡᠷᠢᠭ᠌ ᠤᠨ ᠲᠡᠷᠢᠬᠥᠨ ᠦᠳᠡ ᠣᠷᠣᠢ ᠶᠢ ᠣᠢ᠌ᠯᠠᠭᠠᠬᠣ ᠳᠤ ᠪᠡᠷᠬᠡ ᠣᠢ ᠶᠢᠨ ᠲᠣᠳᠣᠷ᠎ᠠ ᠨᠠᠷᠢᠨ ᠬᠠᠷᠭᠣᠢ ᠪᠠᠷ ᠶᠠᠪᠣᠵᠣ ᠪᠠᠢ᠌ᠳᠠᠯ᠎ᠠ ᠬᠣᠷᠢ ᠲᠥᠮᠠᠥᠨ ᠤᠨ ᠬᠠᠷᠠᠭᠣᠯ ᠤᠨ ᠬᠦᠮᠥᠰ ᠲᠠᠳᠠᠨ ᠤ ᠠᠷᠤ ᠳᠤ ᠭᠠᠷᠴᠣ ᠵᠠᠮ ᠪᠣᠭᠣᠭᠠᠳ ᠪᠤᠷᠤᠬᠤᠯ ᠨᠣᠶᠠᠨ ᠢ ᠪᠠᠷᠢᠵᠣ ᠠᠯᠠᠵᠠᠢ᠃ ᠪᠤᠷᠤᠬᠤᠯ  ᠢ ᠬᠣᠷᠢ ᠲᠦᠮᠡᠳ  ᠲᠤ ᠠᠯᠠᠭᠳᠠᠭᠰᠠᠨ ᠢ ᠰᠣᠨᠣᠰᠣᠭᠠᠳ ᠴᠢᠩᠬᠢᠰ ᠬᠠᠭᠠᠨ ᠮᠠᠰᠢ ᠬᠢᠯᠢᠩᠨᠠᠵᠣ ᠦᠪᠡᠷ ᠶᠢᠠᠨ ᠮᠣᠷᠢᠯᠠᠬᠣ ᠶᠢ ᠵᠠᠪᠳᠣᠳᠠᠯ᠎ᠠ᠂ ᠪᠣᠭᠣᠷᠴᠣ ᠮᠣᠬᠣᠯᠠᠢ ᠬᠣᠶᠠᠭᠣᠯᠠ ᠴᠢᠩᠬᠢᠰ ᠬᠠᠭᠠᠨ ᠢ ᠢᠳᠬᠠᠵᠣ ᠪᠣᠯᠢᠭᠣᠯᠪᠠ᠃ ᠵᠢᠴᠢ ᠲᠥᠷᠪᠡᠥᠨ ᠤᠨ ᠲᠥᠷᠪᠡᠢ ᠲᠣᠭᠰᠢᠨ ᠳᠤ ᠲᠣᠰᠢᠶᠠᠭᠰᠠᠨ ᠨᠢ᠄ 《ᠴᠡᠷᠢᠭ᠌ ᠢ ᠴᠢᠩᠭ᠎ᠠ ᠵᠠᠬᠢᠷᠴᠣ ᠮᠦᠩᠬᠡ ᠲᠡᠭ᠍ᠷᠢ ᠳᠤ ᠵᠠᠯᠪᠠᠷᠢᠵᠣ᠂ ᠬᠣᠷᠢ ᠲᠥᠮᠠᠥᠨ ᠢᠷᠬᠡᠨ ᠢ ᠡᠵᠡᠯᠠᠬᠥ ᠶᠢ ᠣᠷᠣᠯᠳᠣᠭᠳᠣᠨ》 ᠬᠡᠵᠦ ᠵᠠᠷᠯᠢᠭ ᠪᠣᠯᠪᠠ᠃ ᠲᠥᠷᠪᠡᠢ᠂ ᠴᠡᠷᠢᠭ᠌ ᠶᠢᠠᠨ ᠠᠪᠣᠭᠠᠳ ᠣᠷᠢᠳᠠ ᠴᠡᠷᠢᠭ᠌ ᠨᠢ ᠶᠠᠪᠣᠵᠣ᠂ ᠬᠠᠷᠠᠭᠣᠯ ᠤᠨ ᠰᠠᠬᠢᠭᠰᠠᠨ ᠵᠠᠮ ᠰᠦᠪᠡ ᠪᠠᠷ ᠴᠦᠬᠡᠨ ᠴᠡᠷᠢᠭ᠌ ᠢ ᠶᠠᠪᠣᠭᠣᠯᠵᠣ ᠰᠦᠷ ᠦᠵᠡᠬᠥᠯᠵᠦ ᠮᠡᠬᠡᠯᠡᠬᠡᠥᠨ ᠦᠪᠡᠷ ᠶᠢᠠᠨ ᠣᠯᠠᠨ ᠴᠡᠷᠢᠭ᠌ ᠶᠢᠠᠨ ᠠᠪᠴᠣ ᠣᠯᠠᠭᠠᠨ ᠪᠣᠬ᠎ᠠ ᠶᠢᠨ ᠬᠠᠷᠭᠣᠢ ᠪᠠᠷ ᠣᠷᠣᠭᠰᠢ ᠲᠠᠪᠰᠢᠪᠠ᠃ ᠴᠡᠷᠢᠭ᠌ ᠤᠨ ᠠᠯᠢᠪᠠ ᠬᠦᠮᠥᠨ ᠤ ᠵᠢᠷᠥᠬᠡ ᠰᠢᠨᠳᠠᠷᠠᠪᠠᠯ ᠵᠠᠨᠴᠢᠬᠤ ᠶᠢᠨ ᠲᠣᠯᠠᠳᠠ ᠬᠦᠮᠥᠨ ᠪᠦᠷᠢ ᠳᠤ ᠠᠷᠪᠠᠨ ᠰᠠᠪᠠᠭ᠎ᠠ ᠡᠬᠥᠷᠥᠬᠥᠯᠵᠦ᠂ ᠡᠷ᠎ᠠ ᠪᠦᠷᠢ ᠳᠤ ᠰᠦᠬᠡ᠂ ᠣᠭᠣᠯᠢ᠂ ᠬᠢᠷᠥᠬᠡ᠂ ᠴᠦᠴᠡ ᠪᠠᠷ ᠵᠠᠪᠰᠩᠯᠠᠬᠥᠯᠦᠬᠡᠥᠨ ᠣᠯᠠᠭᠠᠨ ᠪᠣᠬ᠎ᠠ ᠶᠢᠨ ᠶᠠᠪᠣᠭᠰᠠᠨ ᠮᠦᠷ ᠶᠢᠠᠷ ᠣᠷᠣᠭᠰᠢ ᠲᠠᠪᠰᠢᠵᠣ᠂ ᠮᠦᠷ ᠲᠤ ᠲᠣᠬᠢᠶᠠᠯᠳᠣᠭᠰᠠᠨ ᠮᠣᠳᠣ ᠶᠢ ᠣᠭᠳᠣᠴᠢᠨ ᠴᠠᠪᠴᠢᠭᠣᠯᠵᠣ᠂ ᠬᠢᠷᠥᠬᠡᠲᠦᠬᠥᠯᠵᠦ ᠵᠠᠮ ᠢ ᠴᠡᠪᠡᠷᠯᠡᠬᠡᠥᠨ᠂ ᠠᠭᠣᠯᠠᠨ ᠲᠡᠬᠡᠷ᠎ᠡ ᠭᠠᠷᠣᠭᠠᠳ᠂ ᠬᠣᠷᠢᠮᠯᠠᠨ ᠰᠠᠭᠣᠭ᠎ᠠ ᠲᠥᠮᠠᠥᠨ ᠢᠷᠬᠡᠨ ᠤ ᠣᠷᠣᠢ ᠲᠡᠬᠡᠷ᠎ᠡ ᠡᠴᠡ ᠲᠣᠪᠳᠣᠯᠣᠨ ᠣᠷᠣᠪᠠ᠃

241᠂ ᠣᠷᠢᠳᠠ ᠬᠣᠷᠴᠢ ᠨᠣᠶᠠᠨ᠂ ᠬᠣᠳᠣᠭ᠎ᠠ ᠪᠠᠬᠢ ᠬᠣᠶᠠᠷ ᠬᠣᠷᠢ ᠲᠥᠮᠠᠥᠨ ᠲᠤ ᠪᠠᠷᠢᠭᠳᠠᠭᠠᠳ ᠲᠠᠷᠭᠣᠨ ᠪᠣᠳᠣᠬᠣᠢ ᠶᠢᠨ ᠲᠠᠠᠳᠠ ᠪᠠᠢ᠌ᠭᠰᠠ ᠠᠵᠢ᠃ ᠬᠣᠷᠴᠢ ᠶᠢᠨ ᠪᠠᠷᠢᠭᠳᠠᠭᠰᠠᠨ ᠣᠴᠢᠷ ᠨᠢ᠄ ᠬᠣᠷᠢ ᠲᠥᠮᠠᠥᠨ ᠡᠴᠡ ᠭᠣᠸ᠎ᠠ ᠰᠠᠢ᠌ᠬᠠᠨ ᠬᠡᠣᠬᠡᠨ ᠭᠣᠴᠢ ᠵᠢ ᠰᠢᠯᠢᠵᠣ ᠡᠠᠪ ᠬᠡᠰᠡᠨ ᠵᠠᠷᠯᠢᠭ ᠪᠣᠯᠣᠭᠰᠠᠨ ᠳᠤ ᠬᠣᠷᠴᠢ ᠨᠣᠶᠠᠨ᠂ ᠬᠣᠷᠢ ᠲᠥᠮᠠᠥᠨ ᠡᠴᠡ ᠬᠡᠣᠬᠡᠨ ᠨᠤᠬᠦᠳ ᠢ ᠠᠪᠬᠣ ᠬᠡᠵᠦ ᠣᠴᠢᠳᠠᠯ᠎ᠠ᠂ ᠣᠷᠢᠳᠠ ᠲᠠᠭᠠᠭᠰᠠᠨ ᠬᠣᠷᠢ ᠲᠥᠮᠠᠥᠨ ᠲᠠᠬᠢᠨ ᠲᠠᠢ᠌ᠰᠣᠨ ᠪᠣᠯᠵᠣ ᠬᠣᠷᠴᠢ ᠨᠣᠶᠠᠨ ᠢ ᠪᠠᠷᠢᠵᠣ ᠠᠪᠴᠠᠢ᠃ ᠬᠣᠷᠴᠢ ᠶᠢ ᠲᠥᠮᠠᠥᠨ ᠲᠤ ᠪᠠᠷᠢᠭᠳᠠᠭᠰᠠᠨ ᠢ ᠰᠣᠨᠣᠰᠣᠭᠠᠳ ᠴᠢᠩᠬᠢᠰ ᠬᠠᠭᠠᠨ ᠣᠢ ᠶᠢᠨ ᠢᠷᠬᠡᠨ ᠤ ᠪᠠᠢ᠌ᠳᠠᠯ ᠢ ᠮᠡᠳᠡᠬᠥ ᠬᠦᠮᠥᠨ ᠬᠡᠵᠦ ᠬᠣᠳᠣᠭ᠎ᠠ ᠪᠠᠬᠢ ᠶᠢ ᠢᠯᠡᠬᠡᠪᠡᠯ᠂ ᠬᠣᠳᠣᠭ᠎ᠠ ᠪᠠᠬᠢ ᠪᠠᠰᠠ ᠪᠠᠷᠢᠭᠳᠠᠵᠠᠢ᠃ ᠬᠣᠷᠢ ᠲᠥᠮᠠᠥᠨ ᠢ ᠡᠵᠠᠯᠠᠵᠣ ᠲᠠᠭᠣᠰᠣᠭᠠᠳ ᠪᠤᠷᠤᠬᠤᠯ  ᠤᠨ ᠬᠡᠬᠥᠷ ᠶᠠᠰᠣ ᠶᠢᠨ ᠲᠣᠯᠠ ᠵᠠᠭᠣᠨ ᠲᠦᠮᠡᠳ ᠢ ᠲᠡᠬᠥᠨ ᠤ ᠬᠡᠷ ᠪᠦᠯᠢ ᠳᠤ ᠦᠭ᠍ᠪᠡ᠃ ᠬᠣᠷᠴᠢ ᠳᠤ ᠭᠣᠴᠢᠨ ᠦᠬᠢᠨ ᠢ ᠦᠭ᠍ᠪᠡ᠃ ᠲᠠᠷᠭᠣᠨ ᠪᠣᠳᠣᠬᠣᠢ ᠬᠠᠳᠣᠨ ᠢ ᠬᠣᠳᠣᠭ᠎ᠠ ᠪᠠᠬᠢ ᠳᠤ ᠦᠭ᠍ᠪᠡ᠃

242᠂ ᠴᠢᠩᠬᠢᠰ ᠬᠠᠭᠠᠨ ᠵᠠᠷᠯᠢᠭ ᠪᠣᠯᠵᠣ᠂ ᠡᠬᠡ᠂ ᠬᠦᠪᠡᠭᠦᠳ᠂ ᠲᠡᠬᠥᠤ ᠨᠡᠷ ᠲᠠᠭᠠᠨ ᠢᠷᠬᠡᠨ ᠢ ᠬᠣᠪᠢᠶᠠᠵᠣ ᠦᠭ‍ᠬᠦᠭ᠍ᠰᠡᠨ ᠨᠢ᠄ 《ᠣᠯᠣᠰ ᠢ ᠬᠣᠷᠢᠶᠠᠬᠣ ᠳᠤ ᠵᠤᠪᠠᠵᠣ ᠵᠦᠳᠡᠭ᠍ᠰᠡᠨ ᠡᠬᠡ ᠮᠢᠨᠢ ᠪᠢᠵᠠ᠃ ᠬᠦᠪᠡᠭᠦᠳ ᠤᠨ ᠮᠢᠨᠢ ᠡᠠᠬ᠎ᠠ ᠵᠦᠴᠢ ᠪᠢᠵᠠ᠃ ᠲᠡᠬᠥᠤ ᠨᠡᠷ ᠤᠨ ᠮᠢᠨᠢ ᠪᠠᠭ᠎ᠠ ᠤᠳᠴᠢᠬᠢᠨ ᠪᠢᠵᠠ》 ᠬᠡᠥᠨ ᠡᠬᠡ ᠤᠳᠴᠢᠬᠢᠨ ᠬᠣᠶᠠᠷ ᠲᠤ ᠨᠢᠬᠡᠨ ᠲᠦᠮᠠᠨ ᠢᠷᠬᠡᠨ ᠢ ᠦᠭ᠍ᠪᠡᠯ ᠡᠬᠡ ᠴᠢᠮᠠᠯᠠᠵᠣ ᠡᠰᠠ ᠲᠣᠣᠭᠠᠷᠪᠠ᠃ ᠵᠦᠴᠢ ᠳᠤ ᠶᠢᠰᠣᠨ ᠮᠢᠩᠭ᠋ᠠᠨ ᠢᠷᠬᠡᠨ ᠢ ᠦᠭ᠍ᠪᠡ᠃ ᠴᠠᠭᠠᠳᠠᠢ ᠳᠤ ᠨᠢ᠋ᠮᠠᠨ ᠮᠢᠩᠭ᠋ᠠᠨ ᠢᠷᠬᠡᠨ ᠢ ᠦᠭ᠍ᠪᠡ᠃ ᠦᠬᠡᠳᠡᠢ ᠳᠤ ᠲᠠᠪᠣᠨ ᠮᠢᠩᠭ᠋ᠠᠨ ᠢᠷᠬᠡᠨ ᠢ ᠦᠭ᠍ᠪᠡ᠃ ᠲᠣᠯᠣᠢ ᠳᠣ ᠲᠠᠪᠣᠨ ᠮᠢᠩᠭ᠋ᠠᠨ ᠢᠷᠬᠡᠨ ᠢ ᠦᠭ᠍ᠪᠡ᠃ ᠬᠠᠰᠠᠷ ᠲᠤ ᠲᠥᠷᠪᠡᠨ ᠮᠢᠩᠭ᠋ᠠᠨ ᠢᠷᠬᠡᠨ ᠢ ᠦᠭ᠍ᠪᠡ᠃ ᠠᠯᠴᠢᠳᠠᠢ ᠳᠤ ᠬᠣᠶᠠᠷ ᠮᠢᠩᠭ᠋ᠠᠨ ᠢᠷᠬᠡᠨ ᠢ ᠦᠭ᠍ᠪᠡ᠃ ᠪᠡᠯᠬᠥᠳᠡᠢ ᠳᠤ ᠨᠢᠬᠡ ᠮᠢᠩᠭ᠎ᠠ ᠲᠠᠪᠣᠨ ᠵᠠᠭᠣᠨ ᠢᠷᠬᠡᠨ ᠢ ᠦᠭ᠍ᠪᠡ᠃ ᠠᠪᠠᠭ᠎ᠠ ᠲᠠᠭᠠᠷᠢᠳᠠᠢ ᠶᠢ ᠬᠡᠷᠡᠢ᠌ᠳ ᠲᠡᠶ ᠨᠠᠢ᠌ᠯᠠᠵᠣ ᠶᠠᠪᠣᠭᠰᠠᠨ ᠬᠡᠵᠦ 《ᠨᠢᠳᠣᠨ ᠡᠴᠡ ᠲᠠᠯᠳᠠ ᠪᠣᠯᠭᠠᠶ᠎ᠠ》 ᠬᠡᠪᠡᠯ᠂ ᠪᠣᠭᠣᠷᠴᠣ ᠮᠣᠬᠣᠯᠠᠢ ᠰᠢᠬᠢᠬᠣᠳᠣᠭ ᠭᠣᠷᠪᠠᠭᠣᠯᠠ ᠦᠬᠥᠯᠡᠷᠥᠨ᠄ 《ᠦᠪᠡᠷ ᠤᠨ ᠭᠣᠯᠣᠮᠳᠠ ᠶᠢ ᠰᠦᠨᠦᠬᠡᠬᠥ ᠮᠠᠳᠣ᠂ ᠦᠪᠡᠷ ᠤᠨ ᠬᠡᠷ ᠢ ᠡᠪᠳᠡᠬᠥ ᠮᠠᠳᠣ ᠪᠣᠯᠬᠣ ᠪᠢᠰᠢᠤ᠃ ᠰᠠᠢ᠌ᠨ ᠡᠴᠢᠬᠡ ᠶᠢᠨ ᠴᠢᠨᠢ ᠬᠡᠷᠢᠶᠡᠰᠤ ᠪᠣᠯᠵᠣ ᠦᠯᠠᠳᠡᠭ᠍ᠰᠡᠨ ᠭᠠᠭᠴᠠ ᠠᠪᠠᠭ᠎ᠠ ᠴᠢᠨᠢ ᠪᠢᠰᠢᠤ᠃ ᠲᠡᠬᠥᠨ ᠢ ᠦᠭᠡᠶ ᠬᠢᠵᠣ ᠶᠠᠭᠠᠬᠢᠵᠣ ᠪᠣᠯᠣᠨ᠎ᠠ︖ ᠲᠡᠬᠥᠨ ᠤ ᠣᠬᠠᠵᠣ ᠮᠡᠳᠡᠭ᠍ᠰᠡᠨ ᠦᠬᠡᠢ ᠶᠢ ᠠᠭᠣᠴᠢᠯᠠᠳᠣᠭᠠᠢ᠃ ᠰᠠᠢ᠌ᠨ ᠡᠴᠢᠬᠡ ᠶᠢᠨ ᠴᠢᠨᠢ ᠪᠠᠭ᠎ᠠ ᠶᠢᠨ ᠨᠣᠳᠣᠭ ᠲᠤ ᠭᠣᠯᠣᠮᠳᠠ ᠳᠤ ᠪᠠᠨ ᠣᠳᠣᠭ᠎ᠠ ᠭᠠᠷᠭᠠᠵᠣ ᠶᠠᠪᠣᠭ》 ᠬᠡᠵᠦ ᠬᠠᠯᠠᠭᠣᠨ ᠰᠠᠳᠬᠢᠯ ᠶᠢᠠᠷ ᠢᠳᠬᠠᠵᠣ ᠬᠠᠮᠠᠷ ᠡᠴᠡ ᠪᠠᠨ ᠣᠳᠣᠭ᠎ᠠ ᠭᠠᠷᠳᠠᠯ᠎ᠠ ᠬᠡᠯᠡᠭ᠍ᠰᠡᠨ ᠳᠤ᠄ 《ᠵᠠ ᠲᠠᠢ᠌ᠮᠣ ᠪᠣᠯᠣᠭ》 ᠬᠡᠵᠦ ᠰᠠᠢ᠌ᠨ ᠡᠴᠢᠬᠡ ᠪᠠᠨ ᠰᠠᠨᠠᠵᠣ᠂ ᠪᠣᠭᠣᠷᠴᠣ ᠮᠣᠬᠣᠯᠠᠢ ᠰᠢᠬᠢᠬᠣᠳᠣᠭ ᠭᠣᠷᠪᠠ ᠶᠢᠨ ᠦᠬᠡᠨ ᠳᠤ ᠣᠷᠣᠵᠣ ᠠᠮᠣᠷᠢᠯᠠᠪᠠ᠃

243᠂ 《ᠪᠢ᠂ ᠡᠬᠡ ᠤᠳᠴᠢᠬᠢᠨ ᠬᠣᠶᠠᠷ ᠲᠤ ᠲᠥᠮᠡᠨ ᠢᠷᠬᠡᠨ ᠢ ᠦᠭ‍ᠬᠦᠬᠡᠥᠨ᠂ ᠬᠦᠴᠦ᠂ ᠬᠦᠬᠡᠴᠦ᠂ ᠵᠤᠩᠰᠠᠢ᠂ ᠬᠣᠷᠭᠠᠰᠣᠨ ᠳᠦᠷᠪᠡᠨ ᠨᠣᠶᠠᠳ ᠢ ᠲᠣᠰᠢᠶᠠᠵᠣ ᠦᠭ᠍ᠪᠡ᠃ ᠵᠦᠴᠢ ᠳᠤ᠂ ᠬᠣᠨᠠᠨ᠂ ᠮᠦᠩᠬᠡᠬᠥᠷ᠂ ᠬᠡᠳᠡ ᠭᠣᠷᠪᠠ ᠶᠢ ᠲᠣᠰᠢᠶᠠᠵᠣ ᠦᠭ᠍ᠪᠡ᠃ ᠴᠠᠭᠠᠳᠠᠢ ᠳᠤ᠂ ᠬᠠᠷᠠᠴᠠᠷ᠂ ᠮᠦᠩᠬᠡ᠂ ᠢᠳᠣᠬᠣᠳᠠᠢ ᠭᠣᠷᠪᠠ ᠶᠢ ᠲᠣᠰᠢᠶᠠᠵᠣ ᠦᠭ᠍ᠪᠡ》᠃ ᠪᠠᠰᠠ ᠴᠢᠩᠬᠢᠰ ᠬᠠᠭᠠᠨ ᠦᠬᠥᠯᠡᠷᠥᠨ᠄ 《ᠴᠠᠭᠠᠳᠠᠢ ᠬᠡᠴᠡᠬᠥᠤ ᠲᠣᠭᠰᠢᠨ ᠠᠪᠣᠷᠢ ᠲᠡᠶ ᠲᠣᠯᠠ ᠬᠦᠬᠡᠴᠥᠰ ᠦᠷᠯᠦᠬᠡ ᠦᠳᠡᠰᠢ ᠲᠡᠷᠬᠡᠳᠡ ᠨᠢ ᠪᠠᠢ᠌ᠵᠣ ᠰᠠᠨᠠᠭᠰᠠᠨ ᠶᠢᠠᠨ ᠬᠡᠯᠡᠵᠦ ᠵᠦᠪᠯᠠᠵᠦ ᠪᠠᠢ᠌ᠳᠣᠭᠠᠢ》 ᠬᠡᠵᠦ ᠵᠠᠷᠯᠢᠭ ᠪᠣᠯᠪᠠ᠃ ᠦᠬᠡᠳᠡᠢ ᠳᠤ ᠢᠯᠦᠬᠡ᠂ ᠲᠡᠬᠡᠢ ᠬᠣᠶᠠᠷ ᠢ ᠲᠣᠰᠢᠶᠠᠵᠣ ᠦᠭ᠍ᠪᠡ᠃ ᠲᠣᠯᠣᠢ ᠳᠤ ᠵᠠᠳᠠᠢ᠂ ᠪᠠᠯᠠ ᠬᠣᠶᠠᠷ ᠢ ᠲᠣᠰᠢᠶᠠᠵᠣ ᠦᠭ᠍ᠪᠡ᠃ ᠬᠠᠰᠠᠷ ᠲᠤ ᠵᠠᠪᠬᠡ ᠶᠢ ᠲᠣᠰᠢᠶᠠᠵᠣ ᠦᠭ᠍ᠪᠡ᠃ ᠠᠯᠴᠢᠳᠠᠢ ᠳᠤ ᠴᠠᠭᠣᠷᠬᠠᠢ ᠶᠢ ᠲᠣᠰᠢᠶᠠᠵᠣ ᠦᠭ᠍ᠪᠡ᠃

244᠂ ᠬᠣᠩᠬᠣᠳᠠᠢ ᠶᠢᠨ ᠮᠠᠩᠬᠡᠯᠢᠭ᠌ ᠡᠴᠢᠬᠡ ᠶᠢᠨ ᠬᠦᠪᠡᠭᠦᠳ ᠲᠣᠯᠣᠭ᠎ᠠ ᠪᠢᠯᠠ᠃ ᠲᠣᠯᠣᠭᠠᠨ ᠬᠦᠪᠡᠬᠥᠨ ᠤ ᠲᠣᠮᠳᠠᠬᠢ ᠨᠢ ᠬᠦᠬᠡᠴᠦ ᠲᠠᠪ ᠲ᠋ᠡᠭ᠍ᠷᠢ ᠪᠦᠬᠡ ᠪᠦᠯᠦᠬᠡ᠃ ᠲᠠᠷᠠ ᠬᠣᠩᠬᠣᠳᠠᠢ ᠶᠢᠨ ᠲᠣᠯᠣᠭᠠᠨ ᠬᠦᠪᠡᠭᠦᠳ᠂ ᠬᠠᠰᠠᠷ ᠢ ᠪᠠᠷᠢᠭᠠᠳ ᠡᠯᠪᠠᠵᠣ ᠵᠠᠠᠴᠢᠵᠠᠢ᠃ ᠬᠠᠰᠠᠷ᠂ ᠲᠣᠯᠣᠭᠠᠨ ᠬᠣᠩᠬᠣᠳᠠᠢ ᠳᠤ ᠵᠠᠠᠴᠢᠭᠳᠠᠪᠠ ᠬᠡᠵᠦ ᠴᠢᠩᠬᠢᠰ ᠬᠠᠭᠠᠨ ᠳᠤ ᠰᠣᠨᠣᠰᠬᠠᠪᠠᠯ ᠴᠢᠩᠬᠢᠰ ᠬᠠᠭᠠᠨ ᠪᠣᠰᠣᠳ ᠬᠡᠷᠡᠭ ᠲᠤ ᠬᠢᠯᠢᠩᠨᠠᠵᠣ ᠪᠠᠢ᠌ᠭᠰᠠᠨ ᠴᠠᠭ ᠲᠣᠯᠠ ᠬᠢᠯᠢᠩᠳᠠᠢ ᠪᠠᠷ ᠬᠠᠰᠠᠷ ᠲᠤ ᠦᠬᠥᠯᠡᠷᠥᠨ᠄ 《ᠠᠮᠢᠳᠠᠨ ᠳᠤ ᠲᠡᠢ᠌ᠯᠥᠭᠳᠡᠳᠡᠭ ᠦᠭᠡᠶ ᠬᠦᠮᠥᠨ ᠬᠡᠳᠡᠭ ᠪᠢᠰᠢ ᠪᠢᠯᠢᠤ᠂ ᠴᠢ︖ ᠶᠠᠭᠠᠬᠢᠭᠠᠳ ᠲᠡᠢ᠌ᠯᠥᠭᠳᠡᠪᠡ︖》 ᠬᠡᠪᠡᠯ ᠬᠠᠰᠠᠷ ᠨᠢᠯᠪᠣᠰᠣ ᠣᠨᠠᠭᠠᠵᠣ ᠪᠣᠰᠣᠭᠠᠳ ᠭᠠᠷᠪᠠ᠃ ᠬᠠᠰᠠᠷ ᠭᠣᠮᠣᠳᠠᠵᠣ᠂ ᠭᠣᠷᠪᠠᠨ ᠡᠳᠣᠷ ᠢᠷᠡᠭ᠍ᠰᠡᠨ ᠦᠭᠡᠶ᠃ ᠲᠠᠷᠠ ᠴᠠᠭ ᠲᠤ ᠲᠠᠪ ᠲᠡᠭ᠍ᠷᠢ᠂ ᠴᠢᠩᠬᠢᠰ ᠬᠠᠭᠠᠨ ᠳᠤ ᠦᠬᠥᠯᠡᠷᠥᠨ᠄ 《ᠮᠦᠩᠬᠡ ᠲᠡᠭ᠍ᠷᠢ ᠶᠢᠨ ᠰᠠᠬᠢᠭᠣᠰᠣ᠂ ᠨᠢᠬᠡᠨ ᠣᠳᠠᠭ᠎ᠠ ᠲᠠᠮᠣᠵᠢᠨ᠂ ᠣᠯᠣᠰ ᠤᠨ ᠡᠷᠬᠡ ᠶᠢ ᠪᠠᠷᠢᠨ᠎ᠠ᠃ ᠨᠢᠬᠡᠨ ᠣᠳᠠᠭ᠎ᠠ ᠬᠠᠰᠠᠷ᠂ ᠣᠯᠣᠰ ᠤᠨ ᠡᠷᠬᠡ ᠶᠢ ᠪᠠᠷᠢᠨ᠎ᠠ ᠬᠡᠵᠦ ᠵᠦᠩ ᠮᠡᠳᠡᠭ᠍ᠳᠡᠪᠡ᠃ ᠬᠠᠰᠠᠷ ᠡᠴᠡ ᠡᠰᠠ ᠪᠣᠯᠭᠣᠮᠵᠢᠯᠠᠪᠠᠯ ᠶᠠᠭᠣ ᠪᠣᠯᠬᠣ ᠶᠢ ᠮᠡᠳᠡᠬᠥ ᠦᠭᠡᠶ》 ᠬᠡᠰᠡᠨ ᠳᠤ᠂ ᠴᠢᠩᠬᠢᠰ ᠬᠠᠭᠠᠨ ᠮᠦᠨ ᠰᠦᠨᠢ ᠮᠣᠷᠢᠯᠠᠵᠣ᠂ ᠬᠠᠰᠠᠷ ᠢ ᠪᠠᠷᠢᠬᠤ ᠪᠠᠷ ᠣᠳᠣᠪᠠᠯ᠂ ᠬᠦᠴᠦ ᠬᠦᠬᠡᠴᠦ ᠬᠣᠶᠠᠷ᠂ 《ᠬᠠᠰᠠᠷ ᠢ ᠪᠠᠷᠢᠬᠤ ᠪᠠᠷ ᠣᠳᠣᠪᠠ》 ᠬᠡᠵᠦ ᠦᠬᠡᠯᠥᠨ ᠡᠬᠡ ᠳᠤ ᠮᠡᠳᠡᠬᠡᠯᠪᠡ᠃ ᠦᠬᠡᠯᠥᠨ ᠡᠬᠡ ᠰᠡᠣᠬᠡ ᠲᠡᠷᠬᠡᠨ ᠳᠤ ᠴᠠᠭᠠᠨ ᠲᠡᠮᠠᠬᠡ ᠬᠦᠯᠯᠡᠬᠡᠥᠨ ᠰᠦᠨᠢ ᠲᠣᠷᠰᠢ ᠶᠠᠪᠣᠵᠣ᠂ ᠨᠠᠷᠠᠨ ᠣᠷᠭᠣᠬᠣ ᠦᠶ᠎ᠡ ᠪᠠᠷ ᠬᠦᠷᠴᠦ ᠢᠷᠠᠪᠠᠯ᠂ ᠴᠢᠩᠬᠢᠰ ᠬᠠᠭᠠᠨ᠂ ᠬᠠᠰᠠᠷ ᠤᠨ ᠬᠠᠠᠴᠣᠢ ᠶᠢ ᠣᠶᠠᠵᠣ᠂ ᠮᠠᠯᠠᠭᠠᠢ ᠪᠦᠰᠡ ᠶᠢ ᠨᠢ ᠠᠪᠣᠭᠠᠳ ᠪᠠᠢ᠌ᠴᠠᠭᠠᠨ ᠠᠰᠠᠭᠣᠵᠣ ᠪᠠᠢ᠌ᠪᠠ᠃ ᠴᠢᠩᠬᠢᠰ ᠬᠠᠭᠠᠨ ᠡᠬᠡ ᠪᠠᠨ ᠦᠵᠡᠬᠡᠥᠨ ᠡᠮᠢᠶᠠᠨ ᠵᠠᠢ᠌ᠯᠠᠪᠠ᠃ ᠦᠬᠡᠯᠦᠨ ᠡᠬᠡ ᠠᠭᠣᠷᠯᠠᠵᠣ ᠲᠡᠷᠬᠡᠨ ᠡᠴᠡ ᠪᠠᠭᠣᠮᠠᠭᠴᠠ᠂ ᠬᠠᠰᠠᠷ ᠤᠨ ᠬᠠᠠᠴᠣᠢ ᠶᠢᠨ ᠬᠦᠯᠢᠶ᠎ᠡ ᠶᠢ ᠦᠪᠡᠷ ᠶᠢᠠᠨ ᠲᠠᠢ᠌ᠯᠵᠣ ᠲᠠᠯᠪᠢᠭᠠᠳ ᠮᠠᠯᠠᠭᠠᠢ᠂ ᠪᠦᠰᠡ ᠶᠢ ᠨᠢ ᠬᠠᠰᠠᠷ ᠲᠤ ᠦᠭ‍ᠬᠦᠬᠡᠥᠨ ᠠᠭᠣᠷ ᠬᠢᠯᠢᠩ ᠶᠢᠠᠨ ᠲᠠᠷᠣᠨ ᠶᠠᠳᠠᠵᠣ ᠵᠠᠪᠢᠯᠠᠨ ᠰᠠᠭᠣᠭᠠᠳ ᠬᠣᠶᠠᠷ ᠬᠦᠬᠥ ᠪᠠᠨ ᠭᠠᠷᠭᠠᠵᠣ᠂ ᠬᠣᠶᠠᠷ ᠡᠪᠥᠳᠥᠭ ᠲᠡᠬᠡᠷ᠎ᠡ ᠪᠠᠨ ᠪᠠᠷᠢᠵᠣ ᠦᠬᠥᠯᠡᠷᠥᠨ᠄ 《ᠡᠬᠥᠨ ᠢ ᠬᠠᠷᠠᠵᠣ ᠪᠠᠢ᠌ᠨ᠎ᠠ ᠦᠦ︖ ᠬᠦᠬᠥᠭ᠍ᠰᠡᠨ ᠬᠦᠬᠥ ᠴᠢᠨᠢ ᠡᠨᠠ ᠪᠠᠢ᠌ᠨ᠎ᠠ᠃ ᠬᠠᠪᠢᠷᠭ᠎ᠠ ᠪᠠᠨ ᠬᠠᠳᠠᠷᠠᠨ ᠬᠠᠵᠠᠭᠴᠢᠳ᠂ ᠬᠦᠤ ᠪᠠᠨ ᠬᠦᠴᠥᠷᠬᠡᠨ ᠲᠠᠰᠣᠯᠠᠭᠴᠢᠳ︕ ᠬᠠᠰᠠᠷ ᠶᠠᠭᠠᠬᠢᠪᠠ︕ ᠲᠠᠮᠣᠵᠢᠨ ᠡᠨᠠ ᠨᠢᠬᠡᠨ ᠬᠦᠬᠥ ᠶᠢᠨ ᠰᠥ᠋ ᠶᠢ ᠬᠦᠬᠥᠵᠦ ᠪᠠᠷᠠᠬᠣ ᠪᠢᠯᠠ᠃ ᠬᠠᠴᠢᠭᠣᠨ ᠤᠳᠴᠢᠬᠢᠨ ᠬᠣᠶᠠᠷ ᠨᠢᠬᠡᠨ ᠬᠦᠬᠥ ᠶᠢᠨ ᠰᠥ᠋ ᠶᠢ ᠬᠦᠬᠥᠵᠦ ᠦᠯᠤ ᠪᠠᠷᠠᠬᠣ ᠪᠢᠯᠠ᠂ ᠬᠠᠰᠠᠷ ᠪᠣᠯ ᠬᠣᠶᠠᠷ ᠬᠦᠬᠥ ᠶᠢᠨ ᠮᠢᠨᠢ ᠰᠥ᠋ ᠶᠢ ᠲᠠᠭᠣᠰᠳᠠᠯ᠎ᠠ ᠬᠦᠬᠥᠵᠦ᠂ ᠴᠡᠬᠡᠵᠢ ᠶᠢ ᠮᠢᠨᠢ ᠠᠭᠣᠵᠢᠮ ᠪᠣᠯᠭᠠᠵᠣ ᠠᠮᠣᠷᠢᠯᠠᠭᠣᠯᠳᠠᠭ ᠪᠢᠯᠠ᠃ ᠲ᠋ᠡᠢ᠌ᠠᠬᠥ

ᠲᠠᠮᠣᠵᠢᠨ ᠴᠡᠬᠡᠵᠢᠨ ᠳᠡᠭᠡᠨ ᠡᠷᠳᠠᠮ ᠲᠡᠶ᠂

ᠬᠠᠰᠠᠷ ᠬᠠᠪᠣ ᠬᠦᠴᠦ ᠲᠡᠶ ᠲᠣᠯᠠ

ᠬᠠᠳᠬᠣᠯᠳᠣᠨ ᠵᠠᠢ᠌ᠯᠠᠭᠰᠠᠳ ᠢ

ᠬᠠᠷᠪᠣᠬᠣ ᠰᠣᠮᠣ ᠶᠢᠨ ᠬᠦᠴᠦ ᠪᠠᠷ

ᠬᠠᠮᠣᠵᠣ ᠠᠪᠴᠢᠷᠠᠳᠠᠭ ᠪᠢᠯᠠ᠃

ᠣᠭᠰᠢᠵᠣ ᠲᠣᠳᠠᠭᠠᠭᠰᠠᠳ ᠢ

ᠣᠨᠣᠬᠣ ᠰᠣᠮᠣ ᠶᠢᠨ ᠬᠦᠴᠦ ᠪᠠᠷ

ᠣᠷᠣᠭᠣᠯᠣᠨ ᠠᠪᠴᠢᠷᠠᠳᠠᠭ ᠪᠢᠯᠠ᠃

ᠣᠳᠣ ᠲᠠᠢ᠌ᠰᠣᠨ ᠢ ᠲᠠᠷᠣᠵᠣ ᠲᠡᠬᠥᠰᠪᠡ ᠬᠡᠵᠦ ᠬᠠᠰᠠᠷ ᠢ ᠦᠵᠡᠨ ᠶᠠᠳᠠᠵᠣ ᠪᠠᠢ᠌ᠨ᠎ᠠ ᠦᠦ︖》 ᠬᠡᠪᠡ᠃ ᠡᠬᠡ ᠶᠢᠨ ᠠᠭᠣᠷ ᠢ ᠠᠮᠣᠷᠯᠢᠭᠣᠯᠣᠭᠠᠳ ᠴᠢᠩᠬᠢᠰ ᠬᠠᠭᠠᠨ ᠦᠬᠥᠯᠡᠷᠥᠨ᠄ 《ᠡᠬᠡ ᠶᠢ ᠬᠢᠯᠢᠩᠨᠡᠭ᠍ᠰᠡᠨ ᠳᠤ ᠪᠢ ᠠᠶᠣᠬᠣ ᠶᠢᠨ ᠶᠡᠬᠡ ᠪᠠᠷ ᠠᠶᠣᠵᠣ᠂ ᠢᠴᠢᠬᠥ ᠶᠢᠨ ᠶᠡᠬᠡ ᠪᠠᠷ ᠢᠴᠢᠪᠠ᠃ ᠪᠢᠳᠠ ᠣᠳᠣ ᠢᠩᠬᠢᠬᠥ ᠪᠠᠨ ᠪᠣᠯᠢᠶ᠎ᠠ︕》 ᠬᠡᠪᠡ᠃ ᠡᠬᠡ ᠳᠡᠭᠡᠨ ᠬᠡᠯᠡᠯ ᠦᠭᠡᠶ ᠲᠠᠯᠳᠠᠭᠣᠷ ᠬᠠᠰᠠᠷ ᠤᠨ ᠵᠠᠷᠢᠮ ᠢᠷᠬᠡᠨ ᠢ ᠪᠣᠯᠢᠶᠠᠨ ᠠᠪᠴᠣ ᠬᠠᠰᠠᠷ ᠲᠤ ᠨᠢᠬᠡᠨ ᠮᠢᠩᠭ᠎ᠠ ᠲᠥᠷᠪᠡᠨ ᠵᠠᠭᠣᠨ ᠢᠷᠬᠡᠨ ᠢ ᠦᠯᠠᠳᠡᠬᠡᠪᠡ᠃ ᠡᠬᠥᠨ ᠢ ᠦᠬᠡᠯᠡᠨ ᠡᠬᠡ ᠮᠡᠳᠡᠬᠡᠥᠨ ᠰᠠᠳᠬᠢᠯ ᠶᠢᠠᠨ ᠵᠤᠪᠠᠭᠰᠠᠭᠠᠷ ᠬᠣᠷᠳᠣᠨ ᠬᠥᠭ᠍ᠰᠢᠷᠡᠵᠡᠢ᠃ ᠬᠠᠰᠠᠷ ᠲᠤ ᠦᠭ‍ᠬᠦᠭ᠍ᠰᠡᠨ ᠵᠠᠯᠠᠢ᠌ᠷ ᠤᠨ ᠵᠠᠪᠬᠡ ᠲᠠᠠᠳᠠ ᠡᠴᠡ ᠵᠠᠢ᠌ᠯᠠᠵᠣ ᠪᠠᠷᠠᠭᠣᠵᠢᠨ ᠣᠷᠣᠨ ᠳᠤ ᠲᠣᠳᠠᠭᠠᠪᠠ᠃

245᠂ ᠲᠡᠬᠥᠨ ᠡᠴᠡ ᠬᠤᠢ᠌ᠰᠢ ᠶᠢᠰᠣᠨ ᠬᠡᠯᠡᠳᠡᠨ (ᠬᠠᠮᠤᠭ)  ᠣᠯᠣᠰ ᠲᠠᠪ ᠲᠡᠭ᠍ᠷᠢ ᠳᠤ ᠬᠣᠷᠠᠯᠳᠣᠨ ᠣᠴᠢᠭᠰᠠᠨ ᠪᠠ ᠴᠢᠩᠬᠢᠰ ᠬᠠᠭᠠᠨ ᠤ ᠠᠭᠳᠠ ᠶᠢᠨ ᠬᠣᠷᠢᠶᠠᠨ ᠡᠴᠡ ᠴᠤ ᠣᠯᠠᠩᠬᠢ ᠨᠢ ᠲᠠᠪ ᠲᠡᠭ᠍ᠷᠢ ᠳᠤ ᠣᠴᠢᠵᠣ ᠵᠠᠬᠢᠷᠣᠭᠳᠠᠪᠠ᠃ ᠪᠠᠰᠠ ᠤᠳᠴᠢᠬᠢᠨ ᠨᠣᠶᠠᠨ ᠲ᠋ᠡᠮᠣᠬᠡ ᠶᠢᠨ ᠬᠠᠷᠢᠶᠠᠳᠣ ᠢᠷᠬᠡᠨ᠂ ᠲᠠᠪ ᠲᠡᠭ᠍ᠷᠢ ᠳᠤ ᠣᠴᠢᠵᠠᠢ᠃ ᠤᠳᠴᠢᠬᠢᠨ ᠨᠣᠶᠠᠨ᠂ ᠣᠴᠢᠭᠰᠠᠨ ᠢᠷᠬᠡᠨ ᠶᠢᠠᠨ ᠠᠪᠴᠢᠷᠠᠭᠣᠯᠬᠣ ᠪᠠᠷ ᠰᠤᠬᠤᠷ ᠨᠠᠷᠠᠳᠣ ᠡᠯᠴᠢ ᠶᠢ ᠢᠯᠡᠬᠡᠪᠡᠯ᠂ ᠲᠠᠪ ᠲᠡᠭ᠍ᠷᠢ᠂ ᠡᠯᠴᠢ ᠰᠤᠬᠤᠷ ᠲᠤ ᠦᠬᠥᠯᠡᠷᠥᠨ᠄ 《ᠣᠳᠴᠢᠬᠢᠨ ᠲᠠ ᠬᠣᠶᠠᠷ᠂ ᠶᠡᠬᠡ ᠡᠯᠴᠢ ᠢᠯᠡᠬᠡᠳᠡᠭ ᠪᠣᠯᠵᠠᠢ》 ᠬᠡᠵᠦ ᠡᠯᠴᠢ ᠰᠤᠬᠤᠷ ᠢ ᠵᠤᠳᠣᠵᠣ᠂ ᠡᠮᠠᠬᠡᠯ ᠢ ᠨᠢ ᠡᠬᠥᠷᠥᠬᠥᠯᠥᠨ ᠶᠠᠪᠠᠭᠠᠨ ᠪᠣᠴᠠᠭᠠᠵᠠᠢ᠃ ᠡᠯᠴᠢ ᠰᠣᠬᠣᠷ ᠢ ᠵᠤᠳᠣᠭᠣᠯᠵᠣ ᠶᠠᠪᠠᠭᠠᠨ ᠢᠷᠡᠭ᠍ᠰᠡᠨ ᠤ ᠮᠠᠷᠭᠠᠰᠢ ᠤᠳᠴᠢᠬᠢᠨ ᠨᠣᠶᠠᠨ ᠦᠪᠡᠷ ᠶᠢᠠᠨ ᠲᠠᠪ ᠲᠡᠭ᠍ᠷᠢ ᠶᠢᠨ ᠳᠤ ᠣᠴᠢᠵᠣ ᠦᠬᠥᠯᠡᠷᠥᠨ᠄ 《ᠡᠯᠴᠢ ᠰᠤᠬᠤᠷ ᠢ ᠢᠯᠡᠬᠡᠪᠡᠯ ᠵᠤᠳᠣᠭᠠᠳ ᠶᠠᠪᠠᠭᠠᠨ ᠪᠣᠴᠠᠭᠠᠵᠠᠢ᠃ ᠣᠳᠣ ᠪᠢ ᠢᠷᠬᠡᠨ ᠶᠢᠠᠨ ᠠᠪᠬᠣ ᠪᠠᠷ ᠢᠷᠠᠪᠠ》 ᠬᠡᠪᠡᠯ᠂ ᠲᠣᠯᠣᠭᠠᠨ ᠬᠣᠩᠬᠣᠳᠠᠢ᠂ ᠤᠳᠴᠢᠬᠢᠨ ᠨᠣᠶᠠᠨ ᠢ ᠡ᠊ᠠᠳᠠ ᠲᠠᠠᠳᠠ ᠡᠴᠡ ᠬᠠᠭᠠᠵᠣ 《ᠡᠯᠴᠢ ᠰᠤᠬᠤᠷ ᠢ ᠢᠯᠡᠬᠡᠳᠡᠭ ᠴᠢᠨᠢ ᠵᠦᠪ ᠦᠦ︖》 ᠬᠡᠵᠦ ᠪᠠᠷᠢᠵᠣ ᠵᠤᠳᠤᠬᠤ ᠶᠢ ᠵᠠᠪᠳᠣᠭᠰᠠᠨ ᠳᠤ᠂ ᠤᠳᠴᠢᠬᠢᠨ ᠨᠣᠶᠠᠨ ᠠᠶᠣᠵᠣ ᠦᠬᠥᠯᠡᠷᠥᠨ᠄ 《ᠡᠯᠴᠢ ᠢᠯᠡᠬᠡᠭ᠍ᠰᠡᠨ ᠮᠢᠨᠢ ᠪᠣᠷᠣᠭᠣ ᠪᠣᠯᠵᠠᠢ》 ᠬᠡᠪᠡ᠃ ᠬᠣᠩᠬᠣᠳᠠᠢ ᠶᠢᠨ ᠲᠣᠯᠣᠭᠠᠨ ᠬᠦᠪᠡᠭᠦᠳ ᠦᠬᠥᠯᠡᠷᠥᠨ᠄ 《ᠪᠣᠷᠣᠭᠣ ᠪᠠᠨ ᠮᠡᠳᠡᠭ᠍ᠰᠡᠨ ᠪᠣᠯ ᠨᠠᠮᠠᠠᠴᠢᠯᠠᠨ ᠰᠦᠭᠦᠳ︕》 ᠬᠡᠵᠦ ᠤᠳᠴᠢᠬᠢᠨ ᠢ ᠲᠠᠪ ᠲᠡᠭ᠍ᠷᠢ ᠶᠢᠨ ᠬᠤᠢ᠌ᠨ᠎ᠠ ᠡᠴᠡ ᠰᠦᠬᠥᠲᠦᠬᠥᠯᠵᠡᠢ᠃ ᠲᠡᠬᠡᠬᠡᠥᠨ ᠤᠳᠴᠢᠬᠢᠨ ᠨᠣᠶᠠᠨ ᠢᠷᠬᠡᠨ ᠶᠢᠠᠨ ᠠᠪᠴᠣ ᠴᠢᠳᠠᠭᠰᠠᠨ ᠦᠭᠡᠶ ᠪᠣᠴᠠᠵᠣ ᠮᠠᠷᠭᠠᠰᠢ ᠦᠷᠯᠦᠬᠡ ᠨᠢ ᠴᠢᠩᠬᠢᠰ ᠬᠠᠭᠠᠨ ᠢ ᠪᠣᠰᠣᠭ᠎ᠠ ᠦᠭᠡᠶ᠂ ᠣᠷᠣᠨ ᠲᠣᠳᠣᠷ᠎ᠠ ᠪᠠᠨ ᠪᠠᠢ᠌ᠬᠣ ᠳᠤ ᠣᠷᠣᠵᠣ ᠢᠷᠡᠬᠡᠥᠨ ᠣᠬᠢᠯᠠᠨ ᠰᠦᠭᠦᠳᠴᠦ ᠦᠬᠥᠯᠡᠷᠥᠨ᠄ 《ᠶᠢᠰᠣᠨ ᠬᠡᠯᠡᠳᠡᠨ ᠢᠷᠬᠡᠨ᠂ ᠲᠠᠪ ᠲᠡᠭ᠍ᠷᠢ ᠳᠤ ᠴᠣᠭᠯᠠᠯᠳᠣᠵᠣ ᠪᠠᠢ᠌ᠭ᠎ᠠ ᠡᠬᠥᠨ ᠳᠤ᠂ ᠲᠠᠪ ᠲᠡᠭ᠍ᠷᠢ ᠡᠴᠠ ᠬᠠᠷᠢᠶᠠᠳᠣ ᠢᠷᠬᠡᠨ ᠶᠢᠠᠨ ᠠᠪᠬᠣ ᠪᠠᠷ ᠡᠯᠴᠢ ᠰᠤᠬᠤᠷ ᠢ ᠢᠯᠡᠬᠡᠪᠡ᠃ ᠡᠯᠴᠢ ᠰᠤᠬᠤᠷ ᠵᠤᠳᠣᠭᠣᠯᠵᠣ ᠡᠮᠠᠬᠡᠯ ᠶᠢᠠᠨ ᠡᠬᠥᠷᠴᠦ ᠶᠠᠪᠠᠭᠠᠨ ᠢᠷᠡᠭ᠍ᠰᠡᠨ ᠳᠤ᠂ ᠪᠢ ᠦᠪᠡᠷ ᠶᠢᠠᠨ ᠣᠴᠢᠪᠠᠯ᠂ ᠲᠣᠯᠣᠭᠠᠨ ᠬᠣᠩᠬᠣᠳᠠᠢ᠂ ᠨᠠᠮᠢ᠋ᠢ ᠡ᠊ᠠᠳᠠ ᠲᠠᠠᠳᠠ ᠡᠴᠡ ᠬᠠᠭᠠᠵᠣ ᠲᠣᠯᠭᠠᠵᠣ ᠪᠣᠷᠣᠭᠣ ᠶᠢ ᠬᠦᠯᠢᠶᠡᠯᠬᠡᠨ ᠨᠠᠮᠠᠠᠴᠢᠯᠠᠭᠣᠯᠪᠠ᠃ ᠲᠠᠪ ᠲᠡᠭ᠍ᠷᠢ ᠶᠢᠨ ᠬᠤᠢ᠌ᠨ᠎ᠠ ᠡᠴᠡ ᠰᠦᠬᠥᠲᠦᠬᠥᠯᠪᠡ》 ᠬᠡᠥᠨ ᠣᠬᠢᠯᠠᠪᠠ᠃ ᠴᠢᠩᠬᠢᠰ ᠬᠠᠭᠠᠨ ᠢ ᠦᠬᠡ ᠬᠡᠯᠡᠬᠥ ᠶᠢᠨ ᠡᠮᠣᠨ᠎ᠠ ᠪᠦᠷᠳᠡ ᠦᠵᠢᠨ᠂ ᠣᠷᠣᠨ ᠲᠣᠳᠣᠷ᠎ᠠ ᠡᠴᠡ ᠪᠠᠨ ᠦᠨᠳᠡᠢ᠌ᠨ ᠰᠠᠭᠣᠵᠣ ᠬᠦᠠᠵᠢᠯᠡ ᠶᠢᠨ ᠵᠠᠬ᠎ᠠ ᠪᠠᠷ ᠡᠪᠴᠢᠬᠥᠤ ᠪᠠᠨ ᠪᠦᠷᠬᠥᠵᠦ᠂ ᠤᠳᠴᠢᠬᠢᠨ ᠤ ᠣᠬᠢᠯᠠᠬᠣ ᠶᠢ ᠦᠵᠡᠵᠦ᠂ ᠨᠢᠯᠪᠣᠰᠣ ᠣᠨᠠᠭᠠᠵᠣ ᠦᠬᠥᠯᠡᠷᠥᠨ᠄ 《ᠲᠠᠳᠠ ᠬᠣᠩᠬᠣᠳᠠᠢ ᠨᠡᠷ ᠶᠠᠭᠠᠬᠢᠭᠰᠠᠨ ᠬᠡᠴᠡᠬᠥᠤ ᠬᠦᠮᠥᠰ ᠪᠢᠯᠠ︖ ᠣᠷᠢᠳ ᠬᠠᠰᠠᠷ ᠢ ᠪᠦᠰᠡᠯᠡᠨ ᠵᠠᠠᠴᠢᠭᠰᠠᠨ᠃ ᠣᠳᠣ ᠪᠠᠰᠠ ᠡᠨᠠ ᠤᠳᠴᠢᠬᠢᠨ ᠢ ᠶᠠᠭᠠᠬᠢᠭᠠᠳ ᠬᠤᠢ᠌ᠨ᠎ᠠ ᠡᠴᠡ ᠪᠠᠨ ᠰᠦᠬᠥᠲᠦᠬᠥᠯᠪᠡ︖ ᠡᠨᠠ ᠶᠠᠮᠠᠷ ᠶᠣᠰᠣ ᠪᠣᠢ︖ [ᠴᠢᠮᠢ᠋ᠢ ᠪᠡᠯᠡᠬᠡᠨ ᠠᠮᠢᠳᠣ ᠪᠠᠢ᠌ᠬᠣ ᠳᠤ] ᠣᠢ ᠶᠢᠨ ᠨᠠᠷᠠᠰᠣ ᠮᠠᠳᠣ ᠣᠯᠠᠨ ᠰᠠᠢ᠌ᠬᠠᠨ ᠲᠡᠬᠥᠤ ᠨᠡᠷ ᠢ ᠴᠢᠨᠢ ᠢᠩᠬᠢᠵᠣ ᠲᠠᠷᠣᠯᠠᠵᠣ ᠪᠠᠢ᠌ᠨ᠎ᠠ᠃

ᠡᠬᠥᠨ ᠡᠴᠡ ᠬᠤᠢ᠌ᠰᠢ ᠲᠠᠳᠠ

ᠡᠬᠥᠯᠡ ᠮᠠᠳᠣ ᠪᠠᠶ᠎ᠠ ᠶᠢ ᠴᠢᠨᠢ

ᠦᠭᠡᠶ ᠪᠣᠯᠵᠣ ᠣᠳᠣᠪᠠᠯ

ᠦᠯᠡᠭ᠍ᠰᠡᠨ ᠶᠡᠬᠡ ᠣᠯᠣᠰ ᠢ ᠴᠢᠨᠢ

ᠦᠷ᠎ᠡ ᠬᠡᠣᠬᠡᠥᠨ ᠶᠢᠠᠷ ᠴᠢᠨᠢ ᠮᠡᠳᠡᠬᠥᠯᠬᠥ ᠦᠦ︖

ᠰᠡᠬᠥᠯ ᠤᠨ ᠴᠠᠭ ᠲᠤ ᠲᠠᠳᠠ ᠰᠥᠯᠳᠡ ᠬᠡᠬᠡᠨ ᠪᠠᠶ᠎ᠠ ᠶᠢ ᠴᠢᠨᠢ

ᠰᠡᠬᠥᠳᠡᠷ ᠪᠣᠯᠵᠣ ᠣᠳᠣᠪᠠᠯ

ᠰᠥᠷᠥᠭ ᠶᠡᠬᠡ ᠣᠯᠣᠰ ᠢ ᠴᠢᠨᠢ

ᠰᠦᠢᠳᠬᠡᠬᠥ ᠳᠤ ᠬᠦᠷᠬᠥ ᠪᠢᠰᠢᠤ᠂

ᠦᠨᠳᠥᠷ ᠠᠭᠣᠯᠠ ᠶᠢᠨ ᠨᠠᠷᠠᠰᠣ ᠮᠠᠳᠣ

ᠦᠨᠢᠷ ᠰᠠᠢ᠌ᠬᠠᠨ ᠲᠡᠬᠥᠤ ᠨᠡᠷ ᠢ ᠴᠢᠨᠢ

ᠦᠰᠢᠨ ᠲᠠᠷᠣᠯᠠᠭᠴᠢ ᠲᠠᠳᠠ

ᠦᠰᠴᠦ ᠪᠣᠶ᠋‍ᠢᠵᠢᠵᠣ ᠠᠮᠵᠢᠭ᠎ᠠ ᠦᠭᠡᠶ

ᠦᠴᠥᠬᠡᠨ ᠬᠡᠳᠥᠨ ᠬᠡᠣᠬᠡᠥᠨ ᠲᠤ ᠴᠢᠨᠢ

ᠦᠷᠬᠡᠨ ᠣᠯᠣᠰ ᠢ ᠮᠡᠳᠡᠬᠥᠯᠬᠥ ᠦᠭᠡᠶ᠂

ᠶᠠᠭᠠᠬᠢᠭᠰᠠᠨ ᠬᠡᠴᠡᠬᠥᠤ ᠬᠣᠩᠬᠣᠳᠠᠢ ᠨᠡᠷ ᠪᠢᠯᠠ︖ ᠲᠡᠬᠥᠤ ᠨᠡᠷ ᠶᠢᠠᠨ ᠢᠩᠬᠢᠵᠣ ᠲᠠᠷᠣᠯᠠᠬᠣ ᠶᠢ ᠦᠵᠡᠭ᠍ᠰᠠᠬᠡᠷ ᠪᠠᠢ᠌ᠭᠠᠳ ᠵᠦᠬᠡᠷ ᠦᠩᠭᠡᠷᠡᠬᠦᠯᠦᠨ᠎ᠠ ᠤᠤ᠂ ᠴᠢ︖》 ᠬᠡᠥᠨ ᠪᠦᠷᠳᠡ ᠦᠵᠢᠨ ᠨᠢᠯᠪᠣᠰᠣ ᠴᠣᠪᠣᠷᠠᠭᠣᠯᠪᠠ᠃ ᠪᠦᠷᠳᠡ ᠦᠵᠢᠨ ᠤ ᠡᠨᠠ ᠦᠬᠡ ᠶᠢ ᠰᠣᠨᠣᠰᠣᠭᠠᠳ ᠴᠢᠩᠬᠢᠰ ᠬᠠᠭᠠᠨ ᠤᠳᠴᠢᠬᠢᠨ ᠳᠤ ᠦᠬᠥᠯᠡᠷᠥᠨ᠄ 《ᠲ᠋ᠠᠪ ᠲᠡᠭ᠍ᠷᠢ ᠣᠳᠣ ᠢᠷᠠᠨ᠎ᠠ᠂ ᠦᠰᠢᠶ᠎ᠡ ᠪᠠᠨ ᠶᠠᠭᠠᠬᠢᠵᠣ ᠠᠪᠬᠣ ᠪᠠᠨ ᠴᠢ ᠦᠪᠡᠷ ᠶᠢᠠᠨ ᠮᠠᠳᠠ》 ᠬᠡᠪᠡ᠃ ᠲᠡᠬᠡᠬᠥ ᠳᠤ ᠤᠳᠴᠢᠬᠢᠨ ᠪᠣᠰᠴᠣ ᠨᠢᠯᠪᠣᠰᠣ ᠪᠠᠨ ᠠᠷᠴᠢᠵᠣ ᠭᠠᠳᠠᠨ᠎ᠠ ᠭᠠᠷᠣᠭᠠᠳ ᠭᠣᠷᠪᠠᠨ ᠪᠦᠬᠡ ᠶᠢ ᠪᠡᠯᠡᠳᠬᠡᠵᠦ ᠵᠤᠭᠰᠣᠭᠠᠪᠠ᠃ ᠣᠳᠠᠯ ᠦᠭᠡᠶ ᠮᠠᠩᠬᠡᠯᠢᠭ᠌ ᠡᠴᠢᠬᠡ᠂ ᠲᠣᠯᠣᠭᠠᠨ ᠬᠦᠪᠡᠬᠥᠨ ᠶᠢᠠᠨ ᠲᠠᠭᠠᠭᠣᠯᠣᠨ ᠢᠷᠠᠵᠣ ᠪᠦᠬᠥᠳᠡᠬᠡᠷ ᠬᠡᠷ ᠲ᠋ᠤ ᠣᠷᠣᠵᠣ᠂ ᠲᠠᠪ ᠲᠡᠭ᠍ᠷᠢ᠂ ᠰᠦᠩ ᠤᠨ ᠪᠠᠷᠠᠭᠣᠨ ᠡᠳᠡᠬᠡᠥᠨ ᠲᠤ ᠰᠠᠭᠣᠪᠠ᠃ ᠤᠳᠴᠢᠬᠢᠨ᠂ ᠲᠠᠪ ᠲᠡᠭ᠍ᠷᠢ ᠶᠢᠨ ᠲᠠᠪᠠᠯ ᠤᠨ ᠵᠠᠬ᠎ᠠ ᠡᠴᠠ ᠪᠠᠷᠢᠵᠣ 《ᠦᠴᠥᠬᠡᠳᠥᠷ ᠴᠢ ᠨᠠᠮ᠎ᠠ ᠶᠢ ᠨᠠᠮᠠᠠᠴᠢᠯᠠᠭᠣᠯᠣᠭᠰᠠ ᠪᠢᠯᠢᠤ︖ ᠬᠦᠴᠦ ᠪᠠᠨ ᠦᠵᠡᠯᠴᠡᠶ᠎ᠡ》 ᠬᠡᠵᠦ ᠡᠬᠥᠳᠡᠨ ᠲᠠᠰᠢ ᠴᠢᠷᠣᠪᠠ᠃ ᠲ᠋ᠠᠪ ᠲᠡᠭ᠍ᠷᠢ᠂ ᠤᠳᠴᠢᠬᠢᠨ ᠢ ᠡᠰᠡᠷᠬᠥᠴᠡᠵᠦ᠂ ᠲᠡᠬᠥᠨ ᠤ ᠲᠠᠪᠠᠯ ᠤᠨ ᠵᠠᠬ᠎ᠠ ᠡᠴᠡ ᠪᠠᠷᠢᠪᠠ᠃ ᠲᠠᠷᠠ ᠬᠣᠶᠠᠷ ᠢ ᠪᠠᠷᠢᠯᠳᠣᠬᠣ ᠳᠤ ᠲᠠᠪ ᠲ᠋ᠡᠭ᠍ᠷᠢ ᠶᠢᠨ ᠮᠠᠯᠠᠭᠠᠢ᠂ ᠭᠣᠯᠣᠮᠳᠠ ᠶᠢᠨ ᠲᠡᠬᠡᠷ᠎ᠡ ᠣᠨᠠᠪᠠ᠃ ᠮᠠᠩᠬᠡᠯᠢᠭ᠌ ᠡᠴᠢᠬᠡ ᠣᠨᠠᠭᠰᠠᠨ ᠮᠠᠯᠠᠭᠠᠢ ᠶᠢ ᠠᠪᠴᠣ ᠦᠨᠥᠰᠣᠬᠡᠥᠨ ᠡᠪᠣᠷ ᠲᠡᠭᠡᠨ ᠬᠢᠪᠠ᠃ ᠴᠢᠩᠬᠢᠰ ᠬᠠᠭᠠᠨ ᠦᠬᠥᠯᠡᠷᠥᠨ᠄ 《ᠭᠠᠳᠠᠭᠰᠢ ᠭᠠᠷᠴᠣ ᠪᠦᠬᠥ ᠬᠦᠴᠦ ᠪᠠᠷ ᠶᠢᠠᠨ ᠲᠡᠮᠠᠴᠡᠯᠳᠡᠭ᠍ᠳᠥᠨ》 ᠬᠡᠪᠡ᠃ ᠤᠳᠴᠢᠬᠢᠨ᠂ ᠲ᠋ᠠᠪ ᠲᠡᠭ᠍ᠷᠢ ᠶᠢ ᠪᠣᠱᠣᠭ᠎ᠠ ᠲᠡᠬᠡᠬᠥᠷ ᠴᠢᠷᠴᠣ ᠭᠠᠷᠬᠣ ᠳᠤ ᠣᠷᠢᠳᠠ ᠪᠡᠯᠡᠳᠬᠡᠭ᠍ᠰᠡᠨ ᠭᠣᠷᠪᠠᠨ ᠪᠦᠬᠡ ᠣᠭᠳᠣᠵᠣ ᠲᠠᠪ ᠲᠡᠭ᠍ᠷᠢ ᠶᠢ ᠪᠠᠷᠢᠭᠠᠳ ᠴᠢᠷᠣᠯᠴᠠᠵᠣ᠂ ᠨᠢᠷᠣᠭᠣ ᠶᠢ ᠬᠣᠭᠣᠯᠣᠭᠠᠳ ᠵᠠᠬᠥᠨ ᠡᠳᠡᠬᠡᠥᠨ ᠤᠨ ᠣᠭᠰᠠᠷᠠᠭᠰᠠᠨ ᠲᠡᠷᠬᠡᠨ ᠤ ᠦᠵᠦᠬᠥᠷ ᠲᠤ ᠣᠷᠬᠢᠪᠠ᠃ ᠤᠳᠴᠢᠬᠢᠨ ᠣᠷᠣᠵᠣ ᠦᠬᠥᠯᠡᠷᠥᠨ᠄ 《ᠲ᠋ᠠᠪ ᠲᠡᠭ᠍ᠷᠢ᠂ ᠨᠠᠮᠢ᠋ᠢ ᠨᠠᠮᠠᠠᠴᠢᠯᠠᠭᠣᠯᠵᠣ ᠪᠠᠢ᠌ᠭᠰᠠᠨ ᠪᠢᠯᠠ᠃ ᠣᠳᠣ ᠬᠦᠴᠦ ᠪᠠᠨ ᠦᠵᠡᠬᠥᠯᠥᠢ᠎ᠡ ᠬᠡᠪᠡᠯ᠂ ᠦᠯᠤ ᠵᠦᠪᠰᠢᠶᠡᠷᠠᠵᠦ ᠪᠠᠰᠢᠷᠯᠠᠨ ᠬᠡᠪᠳᠡᠵᠦ ᠪᠠᠢ᠌ᠨ᠎ᠠ》 ᠬᠡᠪᠡᠯ᠂ ᠮᠠᠩᠬᠡᠯᠢᠭ᠌ ᠡᠴᠢᠬᠡ᠂ ᠣᠴᠢᠷ ᠢ ᠮᠠᠳᠠᠵᠣ ᠨᠢᠯᠪᠣᠰᠣ ᠴᠣᠪᠣᠷᠠᠭᠣᠯᠣᠨ ᠦᠬᠥᠯᠡᠷᠥᠨ᠄

《ᠠᠭᠣᠵᠢᠮ ᠶᠡᠬᠡ ᠭᠠᠵᠠᠷ ᠢ

ᠲᠣᠪᠣ ᠶᠢᠨ ᠲᠠᠳᠣᠢ ᠪᠠᠢ᠌ᠬᠣ ᠳᠤ

ᠠᠭᠣᠯᠵᠠᠵᠣ ᠨᠦᠬᠥᠷᠯᠡᠭ᠍ᠰᠡᠨ ᠪᠢᠯᠠ᠂ ᠪᠢ

ᠣᠰᠣᠨ ᠶᠡᠬᠡ ᠮᠥᠷᠡᠨ ᠢ

ᠭᠣᠷᠣᠬ᠎ᠠ ᠶᠢᠨ ᠲᠠᠳᠣᠢ ᠪᠠᠢ᠌ᠬᠣ ᠳᠤ

ᠣᠴᠠᠷᠠᠵᠣ ᠲᠠᠨᠢᠯᠴᠠᠭᠰᠠᠨ ᠪᠢᠯᠠ᠂ ᠪᠢ》

ᠬᠡᠬᠥ ᠳᠤ ᠬᠣᠩᠬᠣᠳᠠᠢ ᠶᠢᠨ ᠵᠢᠷᠭᠣᠭᠠᠨ ᠬᠦᠪᠡᠭᠦᠳ ᠡᠬᠥᠳᠡ ᠶᠢ ᠬᠠᠭᠠᠵᠣ᠂ ᠭᠣᠯᠣᠮᠳᠠ ᠶᠢ ᠲᠣᠭᠣᠷᠢᠨ ᠬᠠᠠᠴᠣᠢ ᠪᠠᠨ ᠰᠢᠮᠠᠯᠠᠵᠣ ᠲ᠋ᠥᠷᠢᠮᠡᠬᠡᠢ᠌ᠯᠡᠬᠥ ᠶᠢ ᠵᠠᠪᠳᠣᠬᠣ ᠳᠤ᠂ ᠴᠢᠩᠬᠢᠰ ᠬᠠᠭᠠᠨ ᠪᠠᠴᠢᠮᠳᠠᠨ ᠰᠢᠬᠠᠭᠳᠠᠵᠣ᠂ 《ᠵᠠᠢ᠌ᠯᠠ᠂ ᠭᠠᠷᠣᠶ᠎ᠠ》 ᠬᠡᠥᠨ ᠬᠡᠷ ᠡᠴᠡ ᠭᠠᠷᠪᠠᠯ᠂ ᠣᠷᠴᠢᠮ ᠳᠤ ᠪᠠᠢ᠌ᠭᠰᠠᠨ ᠬᠣᠷᠴᠢᠨ ᠲᠣᠷᠬᠠᠭ ᠤᠳ ᠨᠡᠷ ᠢᠷᠠᠵᠣ ᠲᠣᠭᠣᠷᠢᠨ ᠬᠠᠮᠠᠭᠠᠯᠠᠪᠠ᠃ ᠲᠠᠪ ᠲᠡᠭ᠍ᠷᠢ ᠶᠢ ᠣᠭᠰᠠᠷᠠᠭᠰᠠᠨ ᠲᠡᠷᠬᠡᠨ ᠪ ᠠᠳᠠᠭ ᠲᠤ ᠨᠢᠷᠣᠭᠣ ᠶᠢ ᠬᠣᠭᠣᠯᠣᠭᠠᠳ ᠣᠷᠬᠢᠭᠰᠠᠨ ᠢ ᠴᠢᠩᠬᠢᠰ ᠬᠠᠭᠠᠨ ᠦᠵᠡᠵᠦ ᠬᠤᠢ᠌ᠲᠤᠭᠣᠯ ᠡᠴᠡ ᠨᠢᠬᠡᠨ ᠪᠣᠷᠣ ᠬᠡᠷ ᠢ ᠠᠪᠴᠢᠷᠠᠭᠣᠯᠵᠣ᠂ ᠲᠠᠪ ᠲᠡᠭ᠍ᠷᠢ ᠶᠢᠨ ᠲᠡᠬᠡᠷ᠎ᠡ ᠨᠢ ᠪᠠᠷᠢᠭᠣᠯᠣᠭᠠᠳ 《ᠬᠦᠰᠬᠡ ᠪᠠᠨ ᠪᠡᠯᠡᠳᠬᠡ︕ ᠨᠡᠬᠥᠢ᠎ᠡ》 ᠬᠡᠥᠨ ᠲᠠᠠᠳᠠ ᠡᠴᠡ ᠨᠡᠬᠥᠪᠡ᠃

246᠂ ᠲᠠᠪ ᠲᠡᠭ᠍ᠷᠢ ᠶᠢ ᠲᠠᠯᠪᠢᠭᠰᠠᠨ ᠬᠡᠷ ᠤᠨ ᠡᠷᠣᠬᠡ ᠶᠢ ᠪᠦᠳᠡᠬᠡᠵᠦ᠂ ᠡᠬᠥᠳᠡ ᠶᠢ ᠲᠠᠷᠣᠵᠣ ᠬᠦᠮᠥᠨ ᠶᠢᠠᠷ ᠰᠠᠬᠢᠭᠣᠯᠪᠠᠯ᠂ ᠭᠣᠷᠪᠠᠳᠣᠭᠠᠷ ᠰᠦᠨᠢ ᠦᠷ ᠴᠠᠢ᠌ᠵᠣ ᠪᠠᠢ᠌ᠬᠣ ᠳᠤ ᠬᠡᠷ ᠤᠨ ᠡᠷᠣᠬᠡ ᠨᠡᠬᠡᠬᠡᠭ᠍ᠳᠡᠵᠦ᠂ ᠲᠠᠪ ᠲᠡᠭ᠍ᠷᠢ ᠶᠢᠨ ᠪᠠᠶ᠎ᠠ ᠦᠭᠡᠶ ᠪᠣᠯᠵᠠᠢ᠃ ᠨᠢᠠᠠᠳᠠᠯᠠᠵᠤ ᠦᠵᠡᠪᠡᠯ ᠦᠨᠡᠬᠡᠷ ᠲᠡᠬᠥᠨ ᠤ ᠬᠡᠬᠥᠷ ᠠᠯᠠᠭ᠎ᠠ ᠪᠠᠢ᠌ᠪᠠ᠃ ᠴᠢᠩᠬᠢᠰ ᠬᠠᠭᠠᠨ ᠦᠬᠥᠯᠡᠷᠥᠨ᠄ 《ᠲ᠋ᠠᠪ ᠲᠡᠭ᠍ᠷᠢ᠂ ᠮᠢᠨᠣ ᠲᠡᠬᠥᠤ ᠨᠡᠷ ᠲᠤ ᠭᠠᠷ ᠬᠦᠯ ᠬᠦᠷᠥᠭᠰᠡᠨ ᠪᠠ ᠮᠢᠨᠣ ᠲᠡᠬᠥᠤ ᠨᠡᠷ ᠤᠨ ᠬᠣᠭᠣᠷᠣᠠᠳᠣ ᠣᠷᠣ ᠦᠭᠡᠶ ᠬᠣᠪ ᠦᠬᠡ ᠬᠡᠯᠡᠭ᠍ᠰᠡᠨ ᠤ ᠲᠣᠯᠠ ᠲᠡᠭ᠍ᠷᠢ ᠶᠢᠨ ᠲᠠᠭᠠᠯᠠᠯ ᠳᠤ ᠡᠰᠠ ᠨᠠᠢ᠌ᠯᠠᠵᠣ᠂ ᠲᠡᠬᠥᠨ ᠤ ᠠᠮᠢ ᠪᠠᠶ᠎ᠠ ᠬᠣᠶᠠᠭᠣᠯᠠ ᠶᠢ ᠲᠡᠭ᠍ᠷᠢ ᠠᠪᠴᠣ ᠤᠳᠪᠠ》 ᠬᠡᠪᠡ᠃ ᠴᠢᠩᠬᠢᠰ ᠬᠠᠭᠠᠨ᠂ ᠮᠠᠩᠬᠡᠯᠢᠭ᠌ ᠡᠴᠢᠬᠡ ᠶᠢ ᠲᠠᠠᠳᠠ ᠲᠣᠩᠭ᠋ᠣᠳᠴᠣ ᠬᠡᠯᠡᠭ᠍ᠰᠡᠨ ᠨᠢ᠄ 《ᠲ᠋ᠨ ᠬᠦᠪᠡᠭᠦᠳ ᠤᠨ ᠶᠢᠠᠨ ᠠᠪᠣᠷᠢ ᠵᠠᠩ ᠢ ᠢᠳᠬᠠᠬᠣ ᠦᠬᠡᠢ ᠲᠣᠯᠠ ᠲᠠᠳᠠ᠂ ᠪᠢᠳᠠᠨ ᠲᠡᠶ ᠲᠡᠮᠠᠴᠡᠬᠥ ᠬᠡᠥᠨ ᠲᠠᠪ ᠲᠡᠭ᠍ᠷᠢ ᠶᠢᠨ ᠲᠣᠯᠣᠭᠠᠢ ᠶᠢ ᠠᠯᠳᠠᠪᠠ᠃ ᠲᠠ ᠨᠡᠷ ᠤᠨ ᠡᠢ᠌ᠮᠣ ᠵᠠᠩ ᠭᠠᠷᠭᠠᠬᠣ ᠵᠢ ᠮᠡᠳᠡᠭ᠍ᠰᠡᠨ ᠪᠣᠯ ᠲᠠ ᠨᠡᠷ ᠢ ᠬᠡᠳᠦᠢ᠌ᠨ ᠵᠠᠮᠣᠬ᠎ᠠ᠂ ᠠᠯᠳᠠᠨ᠂ ᠬᠣᠴᠠᠷ ᠨᠡᠷ ᠤᠨ ᠠᠳᠠᠯᠢ ᠪᠣᠯᠭᠠᠬᠣ ᠪᠢᠯᠠ》 ᠬᠡᠵᠦ ᠮᠠᠩᠬᠡᠯᠢᠭ᠌ ᠡᠴᠢᠬᠡ ᠶᠢ ᠪᠣᠷᠣᠭᠣᠰᠢᠶᠠᠨ ᠲᠣᠩᠭ᠋ᠣᠳᠣᠭᠠᠳ᠂ ᠵᠢᠴᠢ 《ᠦᠷᠯᠦᠬᠡ ᠬᠡᠯᠡᠭ᠍ᠰᠡᠨ ᠶᠢᠠᠨ ᠦᠳᠡᠰᠢ ᠨᠢᠴᠣᠵᠣ᠂ ᠦᠳᠡᠰᠢ ᠬᠡᠯᠡᠭ᠍ᠰᠡᠨ ᠶᠢᠠᠨ ᠦᠷᠯᠦᠬᠡ ᠨᠢᠴᠣᠵᠣ ᠶᠠᠪᠣᠪᠠᠯ ᠢᠴᠢᠬᠥᠷᠢᠳᠡᠢ ᠪᠢᠰᠢᠤ᠃ ᠣᠷᠢᠳᠣ ᠬᠡᠯᠡᠭ᠍ᠰᠡᠨ ᠶᠢᠠᠨ ᠬᠠᠳᠠᠭᠣ ᠪᠠᠷᠢᠵᠣ ᠶᠠᠪᠣᠪᠠᠯ ᠲᠡᠬᠡᠷ᠎ᠡ ᠪᠢᠰᠢᠤ》 ᠬᠡᠥᠨ ᠪᠠᠰᠠ ᠵᠠᠷᠯᠢᠭ ᠪᠣᠯᠣᠷᠣᠨ 《ᠠᠭᠠᠰᠢ ᠠᠪᠣᠷᠢ ᠪᠠᠨ ᠲᠠᠳᠠᠵᠣ ᠶᠠᠪᠣᠭᠰᠠᠨ ᠪᠣᠯ ᠮᠠᠩᠬᠡᠯᠢᠭ᠌ ᠡᠴᠢᠬᠡ ᠶᠢᠨ ᠣᠷᠣᠭ ᠲᠡᠶ ᠬᠡᠨ ᠲᠠᠩᠴᠡᠬᠥ ᠪᠢᠯᠠ》 ᠬᠡᠪᠡ᠃ ᠲᠠᠪ ᠲᠡᠭ᠍ᠷᠢ ᠶᠢ ᠦᠭᠡᠶ ᠪᠣᠯᠣᠭᠰᠠᠨ ᠡᠴᠡ ᠬᠤᠢ᠌ᠰᠢ ᠬᠣᠩᠬᠣᠳᠠᠢ ᠶᠢᠨ ᠬᠦᠪᠡᠭᠦᠳ ᠨᠣᠮᠣᠬᠠᠷᠠᠪᠠ᠃

ᠳᠠᠷᠤᠮ᠄ 71296
ᠴᠠᠭ᠄ 2008 ᠤᠨ ᠤ 07 ᠰᠠᠷ᠎ᠠ ᠶᠢᠨ 09
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ