ᠠᠷᠪᠠᠨ ᠬᠤᠶᠠᠳᠤᠭᠠᠷ ᠪᠦᠯᠦᠭ ᠂ ᠴᠢᠩᠭᠢᠰ ᠤᠨ ᠨᠠᠰᠤ ᠪᠠᠷᠠᠭᠰᠠᠨ ᠪᠠ ᠦᠭᠡᠳᠡᠢ ᠶᠢᠨ ᠬᠠᠭᠠᠨ ᠪᠤᠯᠤᠭᠰᠠᠨ ᠨᠢ
265᠂ ᠲᠠᠷᠠ ᠡᠪᠣᠯ ᠡᠪᠣᠯᠵᠢᠵᠣ᠂ ᠲᠠᠩᠭ᠋ᠣᠳ ᠢᠷᠬᠡᠨ ᠳᠤ ᠮᠣᠷᠢᠯᠠᠶ᠎ᠠ ᠬᠡᠵᠦ ᠴᠡᠷᠢᠭ᠌ ᠶᠢᠠᠨ ᠰᠢᠨ᠎ᠠ ᠪᠠᠷ ᠲᠣᠭᠠᠯᠠᠨ ᠪᠦᠷᠢᠳᠬᠡᠵᠦ᠂ ᠨᠣᠬᠠᠢ ᠵᠢᠯ ᠤᠨ (1226 ᠤᠨ) ᠨᠠᠮᠤᠷ ᠴᠢᠩᠬᠢᠰ ᠬᠠᠭᠠᠨ᠂ ᠳᠠᠩᠭ᠋ᠤᠳ ᠢᠷᠭᠡᠨ ᠳᠠᠢ ᠪᠠᠢ᠌ᠯᠳᠤᠬᠤ ᠪᠠᠷ ᠮᠤᠷᠳᠠᠪᠠ᠃ ᠬᠠᠳᠤᠳ ᠡᠴᠡ ᠶᠢᠰᠤᠢ ᠬᠠᠳᠤᠨ ᠢ ᠠᠪᠴᠤ ᠶᠠᠪᠤᠪᠠ᠃ ᠵᠠᠮ ᠤᠨ ᠵᠠᠭᠤᠷ᠎ᠠ ᠡᠪᠤᠯ᠂ ᠠᠷᠪᠤᠬ᠎ᠠ ᠳᠤ ᠤᠯᠠᠨ ᠬᠤᠯᠠᠨ ᠠᠪᠠᠯᠠᠬᠤ ᠳᠤ ᠴᠢᠩᠬᠢᠰ ᠬᠠᠭᠠᠨ᠂ ᠵᠤᠰᠤᠳᠤ (ᠳᠤᠯᠪᠤᠳᠤ) ᠪᠤᠷᠤ ᠮᠤᠷᠢ ᠵᠢ ᠤᠨᠤᠵᠤ ᠶᠠᠪᠤᠪᠠ᠃ ᠤᠯᠠᠨ ᠬᠤᠯᠠᠨ ᠳᠠᠭᠠᠷᠢᠵᠤ ᠢᠷᠡᠬᠦ ᠳᠤ ᠵᠤᠰᠤᠳᠤ ᠪᠤᠷᠤ ᠮᠤᠷᠢ ᠦᠷᠬᠦᠵᠤ ᠴᠢᠩᠬᠢᠰ ᠬᠠᠭᠠᠨ ᠢ ᠤᠨᠠᠭᠠᠪᠠᠯ᠂ ᠬᠠᠭᠠᠨ ᠤ ᠪᠡᠶ᠎ᠠ ᠮᠠᠰᠢ ᠴᠢᠯᠡᠭᠡᠷᠭᠡᠵᠤ ᠴᠤᠭᠤᠷᠬᠠᠳ ᠭᠡᠳᠡᠭ ᠭᠠᠵᠠᠷ ᠪᠠᠭᠤᠪᠠ᠃ ᠲᠠᠷᠠ ᠰᠦᠨᠢ ᠬᠣᠨᠣᠭᠠᠳ ᠦᠷᠯᠦᠬᠡ ᠶᠢᠰᠣᠢ ᠬᠠᠳᠣᠨ ᠦᠬᠥᠯᠡᠷᠥᠨ᠄ 《ᠬᠦᠪᠡᠭᠦᠳ ᠨᠣᠶᠠᠳ ᠬᠡᠯᠡᠯᠴᠡᠭ᠍ᠳᠥᠨ︕ ᠬᠠᠭᠠᠨ ᠤ ᠪᠠᠶ᠎ᠠ ᠰᠦᠨᠢ ᠶᠡᠬᠡ ᠬᠠᠯᠠᠭᠣᠷᠠᠵᠣ ᠬᠣᠨᠣᠪᠠ》 ᠬᠡᠪᠡ᠃ ᠬᠦᠪᠡᠭᠦᠳ ᠨᠣᠶᠠᠳ ᠬᠣᠷᠠᠯᠳᠣᠭᠰᠠᠨ ᠳᠤ ᠬᠣᠩᠬᠣᠳᠠᠨ ᠤ ᠲᠣᠯᠣᠨ ᠴᠠᠷᠪᠢ ᠦᠬᠥᠯᠡᠷᠥᠨ᠄ 《ᠲᠠᠩᠭ᠋ᠣᠳ ᠢᠷᠬᠡᠨ᠂ ᠪᠠᠢ᠌ᠭᠰᠠᠨ ᠭᠠᠵᠠᠷ ᠲᠤ ᠪᠠᠨ ᠪᠠᠢ᠌ᠷᠢᠨ ᠨᠣᠳᠣᠭᠯᠠᠳᠠᠭ᠂ ᠰᠢᠪᠠᠷ ᠬᠣᠳᠠᠨ ᠳᠠᠭᠠᠨ ᠰᠢᠪᠠᠯᠳᠣᠨ ᠰᠠᠭᠣᠳᠠᠭ ᠲᠣᠯᠠ ᠪᠠᠢ᠌ᠷᠢᠨ ᠨᠣᠳᠣᠭ᠂ ᠰᠢᠪᠠᠷ ᠬᠣᠳᠠ ᠪᠠᠨ ᠬᠠᠶᠠᠵᠣ ᠲᠠᠳᠠ ᠬᠠᠮᠢᠭ᠎ᠠ ᠤᠴᠢᠬᠤ ᠪᠣᠢ︖ ᠪᠢᠳᠠ ᠪᠣᠴᠠᠵᠣ᠂ ᠬᠠᠭᠠᠨ ᠤ ᠪᠠᠶ᠎ᠠ ᠶᠢ ᠰᠠᠢ᠌ᠵᠢᠷᠠᠭᠣᠯᠣᠨ᠂ ᠵᠢᠴᠢ ᠲᠠᠬᠢᠨ ᠪᠠᠢ᠌ᠯᠳᠣᠬᠣ ᠪᠠᠷ ᠮᠣᠷᠳᠠᠶ᠎ᠠ︕》 ᠬᠡᠪᠡᠯ᠂ ᠬᠦᠪᠡᠭᠦᠳ ᠨᠣᠶᠠᠳ ᠴᠦᠮ ᠶᠢᠠᠷ ᠲᠠᠷᠠ ᠦᠬᠡ ᠶᠢ ᠵᠦᠪᠰᠢᠶᠡᠷᠠᠵᠦ᠂ ᠴᠢᠩᠬᠢᠰ ᠬᠠᠭᠠᠨ ᠳᠤ ᠠᠢ᠌ᠯᠠᠳᠬᠠᠪᠠᠯ ᠴᠢᠩᠬᠢᠰ ᠬᠠᠭᠠᠨ ᠦᠬᠥᠯᠡᠷᠥᠨ᠄ 《ᠲᠠᠩᠭ᠋ᠣᠳ ᠢᠷᠬᠡᠨ ᠪᠢᠳᠠᠨ ᠢ ᠵᠢᠷᠥᠬᠡ ᠰᠢᠨᠳᠠᠷᠠᠵᠣ ᠪᠣᠴᠠᠪᠠ ᠬᠡᠬᠥ ᠪᠣᠯᠣᠨ᠎ᠠ᠃ ᠪᠢᠳᠠ ᠡᠯᠴᠢ ᠢᠯᠡᠬᠡᠵᠦ᠂ ᠮᠦᠨ ᠡᠯᠴᠢ ᠶᠢ ᠢᠷᠠᠳᠠᠯ᠎ᠠ ᠡ᠊ᠠᠳᠠ ᠴᠤᠭᠤᠷᠬᠠᠳ ᠳᠤ ᠪᠠᠶ᠎ᠠ ᠪᠠᠨ ᠰᠣᠪᠢᠯᠠᠵᠣ ᠪᠠᠢ᠌ᠭᠠᠳ ᠲᠠᠩᠭ᠋ᠣᠳ ᠤᠨ ᠬᠡᠯᠡᠬᠥ ᠦᠬᠡ ᠶᠢ ᠰᠣᠨᠣᠰᠴᠣ ᠪᠣᠴᠠᠪᠠᠯ ᠪᠣᠯᠣᠨ᠎ᠠ》 ᠬᠡᠵᠦ ᠡᠯᠴᠢ ᠶᠢ ᠲᠣᠮᠢᠯᠠᠭᠠᠳ ᠲᠠᠭᠣᠤ ᠪᠠᠷᠢᠭᠣᠯᠵᠣ (ᠠᠯᠪᠠᠨ ᠪᠢᠴᠢᠭ᠌ ᠨᠢ ᠶᠡᠬᠡ ᠳᠦᠯᠦᠪ ᠰᠢᠯᠦᠭ ᠪᠦᠭᠡᠳ ᠴᠡᠭᠡᠵᠢᠯᠡᠪᠡᠴᠤ ᠠᠮᠠᠷᠬᠠᠨ ᠳᠤᠯᠠ ᠳᠠᠭᠤᠤ ᠭᠡᠵᠦ ᠨᠡᠷᠡᠯᠡᠭᠰᠡᠨ) ᠬᠡᠯᠡᠬᠥᠯᠥᠭᠰᠡᠨ ᠨᠢ᠄ 《ᠣᠷᠢᠳᠠ ᠲᠠᠩᠭ᠋ᠣᠳ ᠢᠷᠬᠡᠥᠨ ᠪᠠᠷᠠᠭᠣᠨ ᠭᠠᠷ ᠪᠣᠯᠵᠣ ᠲᠣᠰᠠᠯᠠᠶ᠎ᠠ︕ ᠬᠡᠵᠦ ᠪᠣᠷᠬᠠᠨ ᠴᠢ ᠬᠡᠯᠡᠭ᠍ᠰᠡᠨ ᠪᠢᠯᠠ᠃ ᠴᠢᠨᠣ ᠲᠠᠷᠠ ᠦᠬᠡ ᠶᠢᠨ ᠶᠣᠰᠣᠭᠠᠷ ᠪᠢᠳᠠ ᠰᠠᠷᠳᠠᠭᠣᠯ ᠢᠷᠬᠡᠨ ᠢ ᠡᠷᠬᠡᠨ ᠳᠡᠭᠡᠨ ᠣᠷᠣᠭᠣᠯᠬᠣ ᠪᠠᠷ ᠮᠣᠷᠳᠠᠬᠣ ᠳᠠᠭᠠᠨ ᠴᠢᠮ᠎ᠠ ᠳᠤ ᠮᠡᠳᠡᠭ᠍ᠳᠡᠪᠡᠯ᠂ ᠪᠣᠷᠬᠠᠨ ᠴᠢ ᠬᠡᠯᠡᠭ᠍ᠰᠡᠨ ᠦᠬᠡᠨ ᠳᠡᠭᠡᠨ ᠬᠦᠷᠥᠭᠰᠡᠨ ᠦᠭᠡᠶ᠃ ᠴᠡᠷᠢᠭ᠌ ᠴᠤ ᠦᠭᠬᠦᠭ᠍ᠰᠡᠨ ᠦᠬᠡᠢ᠂ ᠬᠠᠷᠢᠨ ᠶᠡᠬᠡ ᠦᠬᠡ ᠪᠠᠷ ᠲᠠᠭᠠᠷᠢᠭᠰᠠᠨ ᠪᠢᠯᠠ᠃ ᠲᠠᠷᠠ ᠦᠶ᠎ᠡ ᠳᠤ ᠪᠢᠳᠠ ᠦᠬᠡᠷ᠎ᠡ ᠣᠯᠣᠰ ᠲᠤ ᠵᠤᠷᠢᠭᠰᠠᠨ ᠲᠣᠯᠠ ᠲᠠᠷᠠᠭ᠎ᠠ ᠣᠴᠢᠷ ᠶᠢᠠᠨ ᠣᠯᠣᠯᠴᠠᠶ᠎ᠠ ᠬᠡᠵᠦ ᠰᠠᠷᠳᠠᠭᠣᠯ ᠢᠷᠬᠡᠨ ᠳᠤ ᠮᠣᠷᠢᠯᠠᠵᠣ᠂ ᠮᠦᠩᠬᠡ ᠲᠡᠭ᠍ᠷᠢ ᠳᠤ ᠢᠪᠡᠬᠡᠭ᠍ᠳᠡᠵᠦ᠂ ᠰᠠᠷᠳᠠᠭᠣᠯ ᠢᠷᠬᠡᠨ ᠢ ᠡᠷᠬᠡᠨ ᠳᠡᠭᠡᠨ ᠣᠷᠣᠭᠣᠯᠵᠣ᠂ ᠣᠳᠣ ᠪᠣᠷᠬᠠᠨ ᠴᠢᠮ᠎ᠠ ᠲᠡᠶ ᠣᠴᠢᠷ ᠶᠢᠠᠨ ᠣᠯᠣᠯᠴᠠᠶ᠎ᠠ ᠬᠡᠵᠦ ᠢᠷᠠᠪᠠ》 ᠬᠡᠵᠦ ᠢᠯᠡᠬᠡᠪᠡᠯ᠂ ᠪᠣᠷᠬᠠᠨ ᠦᠬᠥᠯᠡᠷᠥᠨ᠄ 《ᠳᠠᠭᠠᠷᠢᠬᠤ ᠮᠠᠭᠣ ᠦᠬᠡ ᠶᠢ ᠪᠢ ᠬᠡᠯᠡᠭ᠍ᠰᠡᠨ ᠦᠭᠡᠶ》 ᠬᠡᠪᠡ᠃ ᠠᠱᠠ ᠭᠣᠮᠪᠣ ᠦᠬᠥᠯᠡᠷᠥᠨ᠄ 《ᠲᠠᠭᠠᠷᠢᠬᠤ ᠦᠬᠡ ᠶᠢ ᠪᠢ ᠬᠡᠯᠡᠭ᠍ᠰᠡᠨ᠃ ᠣᠳᠣ ᠮᠣᠩᠭ᠋ᠣᠯᠴᠣᠳ ᠲᠠ ᠨᠡᠷ ᠪᠠᠢ᠌ᠯᠳᠣᠵᠣ ᠰᠣᠷᠣᠭᠠᠳ ᠪᠠᠢ᠌ᠯᠳᠣᠶ᠎ᠠ︕ ᠬᠡᠪᠡᠯ ᠮᠢᠨᠣ ᠪᠦᠬᠥ ᠠᠯᠠᠱᠠ ᠨᠣᠳᠣᠭ ᠲ᠋ᠤ ᠲᠠᠷᠠᠮ (ᠬᠠᠨᠠᠳᠤ) ᠭᠡᠷ ᠳᠠᠢ᠂ ᠳᠡᠮᠡᠭᠡᠨ ᠠᠴᠢᠶ᠎ᠠ ᠳᠠᠢ ᠬᠦᠮᠦᠰ ᠪᠤᠢ ᠃ ᠠᠯᠠᠱᠠ ᠳᠤ ᠠᠶᠠᠯᠠᠵᠣ ᠨᠠᠳᠠ ᠳᠤ ᠢᠷᠡᠭ᠍ᠳᠥᠨ︕ ᠲᠠᠠᠳᠠ ᠪᠠᠢ᠌ᠯᠳᠣᠶ᠎ᠠ︕ ᠠᠯᠳᠠ᠂ ᠮᠦᠩᠬᠥ᠂ ᠠᠭᠣᠷᠰᠣ᠂ ᠲᠠᠸᠠᠷ ᠬᠡᠷᠡᠭᠳᠡᠢ ᠪᠤᠯ ᠢᠷᠭᠠᠢ (ᠨᠢᠩᠰᠢᠶᠠ)᠂ ᠡᠷᠵᠢᠤ (ᠰᠢᠯᠢᠶᠠᠩ) ᠬᠤᠳᠠᠨ ᠳᠤ ᠢᠷᠡᠭ᠍ᠳᠥᠨ︕》 ᠬᠡᠵᠦ ᠢᠯᠡᠬᠡᠵᠡᠢ᠃ ᠡᠨᠠ ᠦᠬᠡ ᠶᠢ ᠴᠢᠩᠬᠢᠰ ᠬᠠᠭᠠᠨ ᠳᠤ ᠰᠣᠨᠣᠰᠬᠠᠪᠠᠯ᠂ ᠴᠢᠩᠬᠢᠰ ᠬᠠᠭᠠᠨ ᠪᠠᠶ᠎ᠠ ᠶᠡᠬᠡ ᠬᠠᠯᠠᠭᠣᠨ ᠲᠡᠶ ᠪᠠᠷ ᠦᠬᠥᠯᠡᠷᠥᠨ᠄ 《ᠵᠠ ᠲᠠᠷᠠ ᠪᠢᠰᠢᠤ᠃ ᠲᠠᠳᠠ ᠡᠢ᠌ᠮᠣ ᠶᠡᠬᠡ ᠦᠬᠡ ᠬᠡᠯᠡᠵᠦ ᠪᠠᠢ᠌ᠬᠣ ᠳᠤ ᠪᠢᠳᠠ ᠶᠠᠭᠠᠬᠢᠵᠣ ᠪᠣᠴᠠᠵᠣ ᠪᠣᠯᠣᠨ᠎ᠠ︖ ᠦᠬᠥᠪᠡᠴᠦ ᠲᠠᠷᠠ ᠶᠡᠬᠡ ᠦᠬᠡ ᠶᠢ ᠵᠦᠬᠡᠷ ᠣᠷᠬᠢᠬᠣ ᠦᠭᠡᠶ᠃ ᠮᠦᠩᠬᠡ ᠲᠡᠭ᠍ᠷᠢ ᠴᠢ ᠮᠠᠳᠠ︕》 ᠬᠡᠵᠦ ᠴᠢᠩᠬᠢᠰ ᠬᠠᠭᠠᠨ ᠠᠯᠠᠱᠠ ᠶᠢ ᠵᠤᠷᠢᠵᠣ ᠬᠦᠷᠥᠬᠡᠥᠨ ᠠᠱᠠ ᠭᠣᠮᠪᠣ ᠲᠡᠶ ᠪᠠᠢ᠌ᠯᠳᠣᠵᠣ᠂ ᠠᠯᠠᠱᠠ ᠳᠤ ᠪᠦᠰᠡᠯᠠᠵᠦ ᠠᠱᠠ ᠭᠣᠮᠪᠣ ᠶᠢ ᠪᠠᠷᠢᠵᠣ ᠲᠡᠬᠥᠨ ᠤ ᠲᠠᠷᠠᠮ ᠬᠡᠷ ᠲᠡᠶ᠂ ᠲᠡᠮᠠᠬᠡᠨ ᠠᠴᠢᠶ᠎ᠠ ᠲᠡᠶ ᠢᠷᠬᠡᠨ ᠢ ᠦᠨᠡᠰᠥᠨ ᠲᠣᠪᠷᠣᠭ ᠪᠣᠯᠳᠠᠯ᠎ᠠ ᠲᠠᠯᠠᠵᠣ ᠰᠦᠢᠳᠬᠡᠪᠡ᠃ 《ᠲᠠᠩᠭ᠋ᠣᠳ ᠤᠨ ᠣᠮᠣᠭ ᠲᠡᠶ ᠲᠣᠭᠣᠯᠭᠠᠷ ᠭᠤᠸᠠᠢ ᠶᠢ ᠨᠢ ᠬᠢᠳᠣᠵᠣ ᠣᠷᠣᠵᠣ ᠲᠠᠭᠠᠭᠰᠠᠳ ᠢ ᠮᠠᠨ ᠤ ᠴᠡᠷᠢᠭ᠌ ᠤᠳ ᠳᠤᠷ᠎ᠠ ᠪᠠᠷ ᠪᠠᠷᠢᠵᠣ ᠣᠯᠵᠠᠯᠠᠵᠣ ᠠᠪᠣᠳᠣᠭᠠᠢ︕》 ᠬᠡᠵᠦ ᠵᠠᠷᠯᠢᠭ ᠪᠣᠯᠪᠠ᠃
266᠂ ᠴᠢᠩᠬᠢᠰ ᠬᠠᠭᠠᠨ᠂ ᠴᠠᠰᠣᠳᠣ ᠠᠭᠣᠯᠠᠨ ᠳᠤ ᠵᠤᠰᠠᠵᠣ᠂ ᠴᠡᠷᠢᠭ᠌ ᠶᠢᠠᠨ ᠶᠠᠪᠣᠭᠣᠯᠵᠣ᠂ ᠠᠱᠠ ᠭᠣᠮᠪᠣ ᠶᠢ ᠲᠠᠭᠠᠵᠣ ᠠᠭᠣᠯᠠᠨ ᠳᠤ ᠲᠣᠳᠠᠭᠠᠨ ᠪᠦᠬᠥᠭ᠍ᠰᠡᠨ ᠲᠠᠷᠠᠮ ᠬᠡᠷᠳᠡᠨ᠂ ᠲᠡᠮᠠᠬᠡᠨ ᠠᠴᠢᠶᠠᠳᠠᠨ ᠲᠠᠩᠭ᠋ᠣᠳ ᠢ ᠬᠣᠷᠢᠶᠠᠨ ᠡᠵᠠᠯᠠᠵᠣ ᠠᠪᠣᠪᠠ᠃ ᠲᠠᠠᠳᠠ ᠡᠴᠡ ᠪᠣᠭᠣᠷᠴᠣ ᠮᠣᠬᠣᠯᠠᠢ ᠬᠣᠶᠠᠷ ᠲᠤ 《ᠲᠠᠩᠭ᠋ᠣᠳ ᠢᠷᠬᠡᠨ ᠡᠴᠡ ᠴᠢᠳᠠᠯ ᠤᠨ ᠬᠢᠷᠢ ᠪᠠᠷ ᠠᠪᠣᠳᠣᠭᠠᠢ︕》 ᠬᠡᠵᠦ ᠰᠣᠶᠣᠷᠬᠠᠭᠠᠳ ᠵᠠᠷᠯᠢᠭ ᠪᠣᠯᠣᠷᠣᠨ᠄ 《ᠪᠣᠭᠣᠷᠴᠣ ᠮᠣᠬᠣᠯᠠᠢ ᠬᠣᠶᠠᠷ ᠲᠤ ᠬᠢᠳᠠᠳ ᠢᠷᠬᠡᠨ ᠡᠴᠡ ᠰᠣᠶᠣᠷᠬᠠᠵᠣ ᠡᠰᠠ ᠦᠭᠬᠦᠭ᠍ᠰᠡᠨ ᠪᠢᠯᠠ᠃ ᠬᠢᠳᠠᠳ ᠢᠷᠬᠡᠨ ᠤ ᠵᠢᠶᠦ᠋ᠨ ᠢ ᠲ᠋ᠨ ᠬᠣᠶᠠᠷ ᠠᠳᠠᠯᠢ ᠬᠣᠪᠢᠶᠠᠵᠣ ᠠᠪᠣᠭᠳᠣᠨ︕ ᠲᠠᠳᠠᠨ ᠤ ᠰᠠᠢ᠌ᠨ ᠡᠷᠠᠰ ᠶᠢᠠᠷ ᠰᠢᠪᠠᠭᠣ ᠪᠠᠨ ᠪᠠᠷᠢᠭᠣᠯᠵᠣ ᠲᠠᠭᠠᠭᠣᠯᠵᠣ ᠶᠠᠪᠣᠭᠳᠣᠨ︕ ᠰᠠᠢ᠌ᠬᠠᠨ ᠬᠡᠣᠬᠡᠨ ᠶᠢᠠᠷ ᠨᠢ ᠡᠬᠡᠨᠡᠷ ᠤᠳ ᠤᠨ ᠶᠢᠠᠨ ᠬᠣᠷᠮᠣᠢ ᠶᠢ ᠵᠠᠰᠠᠭᠣᠯᠵᠣ ᠶᠠᠪᠣᠭᠳᠣᠨ︕ ᠬᠢᠳᠠᠳ ᠢᠷᠬᠡᠨ ᠤ ᠠᠯᠳᠠᠨ ᠬᠠᠭᠠᠨ ᠤ ᠢᠳᠡᠬᠡᠯᠲᠦ ᠢᠨᠠᠭ ᠤᠳ ᠨᠢ ᠮᠣᠩᠭ᠋ᠣᠯ ᠤᠨ ᠡᠪᠥᠬᠡ ᠡᠴᠢᠬᠡ ᠶᠢ ᠬᠣᠣᠷᠯᠠᠭᠰᠠᠨ ᠬᠠᠷ᠎ᠠ ᠬᠢᠳᠠᠳ ᠤᠨ ᠵᠢᠶᠦ᠋ᠨ ᠪᠠᠢ᠌ᠭᠰᠠᠨ ᠪᠢᠯᠠ᠃ ᠣᠳᠣ ᠮᠢᠨᠣ ᠢᠳᠡᠬᠡᠯᠲᠦ ᠢᠨᠠᠭ ᠨᠦᠭᠦᠳ ᠪᠣᠭᠣᠷᠴᠣ ᠮᠣᠬᠣᠯᠠᠢ ᠲᠠ ᠬᠣᠶᠠᠷ ᠪᠢᠰᠢᠤ︕》 ᠬᠡᠵᠦ ᠵᠠᠷᠯᠢᠭ ᠪᠣᠯᠪᠠ᠃
267᠂ ᠴᠢᠩᠬᠢᠰ ᠬᠠᠭᠠᠨ᠂ ᠴᠠᠰᠣᠳᠣ ᠠᠭᠣᠯᠠᠨ ᠡᠴᠡ ᠬᠦᠳᠡᠯᠵᠦ᠂ ᠢᠷᠭᠠᠢ ᠬᠣᠳᠠ ᠳᠤ ᠪᠠᠭᠣᠵᠣ᠂ ᠶᠠᠷᠭᠠᠢ ᠬᠣᠳᠠ ᠡᠴᠡ ᠬᠦᠳᠡᠯᠵᠦ᠂ ᠲᠥᠷᠢᠮᠡᠬᠡᠢ ᠬᠣᠳᠠ ᠶᠢ ᠡᠪᠳᠠᠵᠣ ᠪᠠᠢ᠌ᠬᠣ ᠳᠤ ᠪᠣᠷᠬᠠᠨ᠂ ᠴᠢᠩᠬᠢᠰ ᠬᠠᠭᠠᠨ ᠲᠡᠶ ᠠᠭᠣᠯᠵᠠᠬᠣ ᠪᠠᠷ ᠢᠷᠠᠪᠠ᠃ ᠲᠠᠠᠳᠠ ᠪᠣᠷᠬᠠᠨ ᠠᠭᠣᠯᠵᠠᠵᠣ ᠠᠯᠳᠠᠨ ᠰᠦᠮ᠎ᠡ ᠲᠡᠷᠢᠬᠥᠳᠡᠨ ᠠᠯᠳᠠᠨ ᠮᠦᠩᠬᠥᠨ ᠠᠶᠠᠭ᠎ᠠ ᠰᠠᠪᠠ ᠶᠢᠰᠣᠨ ᠶᠢᠰᠤ᠂ ᠬᠦᠪᠡᠭᠦᠳ ᠦᠬᠢᠥᠨ ᠶᠢᠰᠣᠨ ᠶᠢᠰᠤ᠂ ᠮᠣᠷᠢ ᠲᠡᠮᠠᠬᠡ ᠶᠢᠰᠣᠨ ᠶᠢᠰᠤ᠂ ᠡᠯᠳᠠᠪ ᠵᠦᠢᠯ ᠲᠣᠰ ᠪᠦᠷᠢ ᠶᠢᠰᠣᠨ ᠶᠢᠰᠤ ᠶᠢ ᠪᠠᠯᠩᠯᠠᠨ ᠠᠭᠣᠯᠵᠠᠬᠣ ᠳᠤ ᠪᠣᠷᠬᠠᠨ ᠢ ᠡᠬᠥᠳᠡᠨ ᠤ ᠭᠠᠳᠠᠨ᠎ᠠ ᠪᠠᠷᠠᠭᠠᠯᠠᠬᠠᠭᠣᠯᠪᠠ᠃ ᠲᠠᠷᠠ ᠠᠭᠣᠯᠵᠠᠬᠣ ᠦᠶ᠎ᠡ ᠳᠤ ᠴᠢᠩᠬᠢᠰ ᠬᠠᠭᠠᠨ ᠤ ᠲᠣᠳᠣᠷ᠎ᠠ ᠮᠠᠭᠣᠬᠠᠢ ᠪᠣᠯᠪᠠ᠃ ᠲᠡᠬᠥᠨ ᠡᠴᠠ ᠬᠤᠢ᠌ᠰᠢ ᠭᠣᠷᠪᠠᠳᠣᠭᠠᠷ ᠡᠳᠣᠷ ᠴᠢᠩᠬᠢᠰ ᠬᠠᠭᠠᠨ ᠵᠠᠷᠯᠢᠭ ᠪᠣᠯᠵᠣ᠂ ᠢᠯᠠᠬᠣ ᠪᠣᠷᠬᠠᠨ ᠳᠤ ᠰᠢᠳᠣᠷᠭᠣ ᠨᠡᠷ᠎ᠡ ᠶᠢ ᠦᠭᠴᠦ᠂ ᠢᠯᠠᠬᠣ ᠪᠣᠷᠬᠠᠨ ᠢ ᠰᠢᠳᠣᠷᠭᠣ ᠶᠢ ᠡᠷᠢᠬᠥᠯᠦᠬᠡᠥᠨ ᠴᠢᠩᠬᠢᠰ ᠬᠠᠭᠠᠨ᠂ ᠢᠯᠠᠬᠣ ᠶᠢ ᠲᠣᠯᠣᠨ ᠴᠢᠷᠪᠢ ᠭᠠᠷᠳᠠᠵᠣ ᠨᠥᠭ᠍ᠴᠢᠬᠡᠲᠦᠬᠡᠢ︕ ᠬᠡᠵᠦ ᠵᠠᠷᠯᠢᠭ ᠪᠣᠯᠪᠠ᠃ ᠲᠣᠯᠣᠨ ᠴᠠᠷᠪᠢ᠂ ᠢᠯᠠᠬᠣ ᠶᠢ ᠭᠠᠷᠳᠠᠵᠣ ᠲᠣᠨᠢᠯᠭᠠᠪᠠ ᠬᠡᠵᠦ ᠠᠢ᠌ᠯᠠᠳᠬᠠᠪᠠᠯ᠂ ᠴᠢᠩᠬᠢᠰ ᠬᠠᠭᠠᠨ ᠵᠠᠷᠯᠢᠭ ᠪᠣᠯᠣᠷᠣᠨ᠄ 《ᠲᠠᠩᠭ᠋ᠣᠳ ᠣᠯᠣᠰ ᠲᠡᠶ ᠣᠴᠢᠷ ᠶᠢᠠᠨ ᠣᠯᠣᠯᠴᠠᠬᠣ ᠬᠡᠵᠦ ᠢᠷᠡᠬᠥ ᠵᠠᠮ ᠳᠤ ᠠᠷᠪᠣᠬᠠ ᠳᠤ ᠬᠣᠯᠠᠨ ᠠᠪᠠᠯᠠᠵᠣ ᠡᠪᠡᠳᠥᠭᠰᠡᠨ ᠪᠠᠶ᠎ᠠ ᠶᠢ ᠮᠢᠨᠢ ᠠᠨᠠᠭᠠᠶ᠎ᠠ ᠬᠡᠵᠦ ᠠᠮᠢ ᠪᠠᠶ᠎ᠠ ᠶᠢ ᠮᠢᠨᠢ ᠬᠠᠢ᠌ᠷᠠᠯᠠᠵᠣ ᠦᠬᠡ ᠲᠣᠷᠠᠳᠬᠠᠭᠰᠠᠨ ᠲᠣᠯᠣᠨ ᠴᠢ ᠮᠦᠨ ᠪᠢᠵᠠ᠃ ᠲᠠᠢ᠌ᠰᠣᠨ ᠬᠦᠮᠥᠨ ᠤ ᠬᠣᠣᠷᠳᠣ ᠦᠬᠡᠨ ᠳᠤ ᠬᠣᠷᠣᠰᠴᠣ ᠶᠠᠪᠣᠭᠠᠳ ᠮᠦᠩᠬᠡ ᠲᠡᠭ᠍ᠷᠢ ᠶᠢᠨ ᠬᠦᠴᠦ ᠨᠡᠮᠡᠭ᠍ᠰᠡᠨ ᠤ ᠠᠴᠢ ᠪᠠᠷ ᠲᠠᠢ᠌ᠰᠣᠨ ᠢ ᠭᠠᠷ ᠲᠠᠭᠠᠨ ᠣᠷᠣᠭᠣᠯᠵᠣ ᠦᠰᠢᠶ᠎ᠡ ᠪᠠᠨ ᠠᠪᠣᠪᠠ ᠪᠢᠳᠠ᠃ ᠢᠯᠠᠬᠤ ᠶᠢᠨ ᠠᠪᠴᠢᠷᠠᠭᠰᠠᠨ ᠨᠡᠬᠦᠳᠡᠯ ᠤᠨ ᠬᠠᠷᠰᠢ (ᠲᠠᠭᠰᠢᠶ᠎ᠠ ᠤᠷᠳᠤ)᠂ ᠠᠶᠠᠭ᠎ᠠ ᠰᠠᠪᠠ ᠰᠠᠯᠳᠠ ᠶᠢ ᠲᠣᠯᠣᠨ ᠴᠢ ᠠᠪᠣᠳᠣᠭᠠᠢ︕》 ᠬᠡᠵᠦ ᠵᠠᠷᠯᠢᠭ ᠪᠣᠯᠪᠠ᠃
268᠂ ᠲᠠᠩᠭ᠋ᠣᠳ ᠣᠯᠣᠰ ᠢ ᠡᠵᠠᠯᠠᠵᠣ᠂ ᠢᠯᠠᠬᠣ ᠪᠣᠷᠬᠠᠨ ᠳᠤ ᠰᠢᠳᠣᠷᠭᠣ ᠨᠡᠷ᠎ᠡ ᠦᠭᠬᠦᠬᠡᠥᠨ ᠲᠡᠬᠥᠨ ᠢ ᠲᠣᠨᠢᠯᠭᠠᠵᠣ᠂ ᠲᠠᠩᠭ᠋ᠣᠳ ᠢᠷᠬᠡᠨ ᠢ ᠣᠭ ᠣᠳᠣᠮ ᠶᠢᠠᠷ ᠨᠢ ᠬᠦᠷᠳᠡᠯ᠎ᠡ ᠮᠤᠬᠤᠯ ᠮᠣᠰᠬᠢᠯ ᠦᠭᠡᠶ ᠪᠤᠯᠭᠠᠵᠤ (ᠦᠷ᠎ᠠ ᠦᠯᠡᠳᠡᠭᠳᠡᠯ ᠦᠭᠡᠢ ᠪᠤᠯᠭᠠᠵᠤ ᠡᠬᠦᠨ ᠢ ᠳᠡᠮᠳᠡᠭᠯᠡᠬᠦ ᠶᠢᠨ ᠤᠴᠢᠷ) ᠢᠳᠡᠭᠡᠨ ᠤᠮᠳᠠ ᠪᠠᠨ ᠢᠳᠡᠵᠤ ᠤᠤᠭᠤᠭᠠᠳ᠄ 《ᠮᠤᠬᠤᠯ ᠮᠣᠰᠬᠢᠯ ᠦᠭᠡᠶ ᠪᠣᠯᠣᠭᠰᠠᠨ ᠬᠡᠵᠦ ᠬᠡᠯᠡᠵᠦ ᠲᠡᠬᠥᠰᠬᠡᠵᠦ ᠪᠠᠢ︕》 ᠬᠡᠵᠦ ᠵᠠᠷᠯᠢᠭ ᠪᠣᠯᠪᠠ᠃ ᠲᠠᠩᠭ᠋ᠣᠳ ᠣᠯᠣᠰ᠂ ᠦᠬᠡ ᠪᠠᠨ ᠪᠠᠳᠤᠯᠠᠵᠤ ᠬᠡᠯᠡᠭᠡᠳ ᠳᠡᠷᠡ ᠦᠭᠡᠨ ᠳᠡᠭᠡᠨ ᠬᠦᠷᠦᠭᠰᠡᠨ ᠦᠭᠡᠢ ᠳᠤᠯᠠ ᠳᠠᠬᠢᠨ ᠪᠠᠢ᠌ᠯᠳᠤᠬᠤ ᠪᠠᠷ ᠶᠠᠪᠤᠵᠤ᠂ ᠳᠠᠩᠭ᠋ᠤᠳ ᠤᠯᠤᠰ ᠢ ᠰᠦᠨᠦᠭᠡᠨ ᠳᠠᠷᠤᠭᠠᠳ ᠭᠠᠬᠠᠢ ᠵᠢᠯ (1227 ᠤᠨ) [7 ᠰᠠᠷᠠᠢ᠌ᠨ 12 ᠳᠤ ᠲᠥᠷᠢᠮᠡᠬᠡᠢ ᠪᠠᠯᠭᠠᠰᠣᠨ ᠳᠤ] ᠴᠢᠩᠬᠢᠰ ᠬᠠᠭᠠᠨ᠂ ᠲᠡᠭ᠍ᠷᠢ ᠳᠤ ᠬᠠᠯᠢᠪᠠ᠃ ᠬᠠᠯᠢᠬᠤ ᠶᠢᠨ ᠡᠮᠣᠨ᠎ᠠ᠂ ᠲᠠᠩᠭ᠋ᠣᠳ ᠢᠷᠬᠡᠨ ᠡᠴᠡ ᠮᠠᠰᠢ ᠣᠯᠠᠨ ᠢ ᠶᠢᠰᠣᠢ ᠬᠠᠳᠣᠨ ᠳᠤ ᠦᠭ᠍ᠪᠡ᠃ [ᠡᠵᠠᠨ ᠤ ᠠᠯᠳᠠᠨ ᠬᠡᠬᠥᠷ ᠢ ᠬᠠᠰᠠᠭ ᠲᠡᠷᠬᠡᠨ ᠳᠤ ᠲᠡᠬᠡᠬᠡᠵᠦ ᠬᠠᠷᠢᠨ ᠦᠬᠡᠳᠡ ᠪᠣᠯᠣᠨ ᠢᠷᠡᠬᠥ ᠳᠤ ᠰᠦᠨᠢᠥᠨ ᠤᠨ ᠬᠢᠯᠦᠬᠡᠳᠡᠢ ᠪᠠᠭᠠᠳᠣᠷ ᠮᠠᠭᠳᠠᠨ ᠰᠢᠯᠦᠭ᠍ᠯᠡᠭ᠍ᠰᠡᠨ ᠨᠢ᠄
《ᠬᠠᠮᠣᠭ ᠤᠨ ᠬᠠᠭᠠᠨ᠂ ᠣᠯᠣᠰ ᠤᠨ ᠡᠵᠠᠨ ᠮᠢᠨᠢ
ᠬᠠᠷᠴᠠᠭᠠᠢ ᠰᠢᠪᠠᠭᠣᠨ ᠤ ᠵᠢᠬᠥᠷ ᠪᠣᠯᠣᠨ ᠤᠳᠪᠠ
ᠬᠠᠩᠬᠢᠨᠠᠬᠣ ᠲᠡᠷᠬᠡᠨ ᠤ ᠲᠡᠬᠡᠬᠡᠰᠢ ᠪᠣᠯᠣᠨ ᠤᠳᠪᠠ
ᠵᠢᠷᠬᠢᠬᠥ ᠰᠢᠪᠠᠭᠣᠨ ᠤ ᠵᠢᠬᠥᠷ ᠪᠣᠯᠣᠨ ᠤᠳᠪᠠ
ᠵᠢᠭ᠍ᠳᠡᠷᠠᠬᠥ ᠲᠡᠷᠬᠡᠨ ᠤ ᠠᠴᠢᠶ᠎ᠠ ᠪᠣᠯᠣᠨ ᠤᠳᠪᠠ》
ᠬᠡᠵᠦ ᠮᠠᠭᠳᠠᠨ ᠲᠠᠭᠣᠯᠠᠪᠠ᠃
ᠮᠣᠨᠠ ᠶᠢᠨ ᠬᠦᠬᠡᠪᠥᠷ ᠲᠤ ᠬᠠᠰᠠᠭ ᠲᠡᠷᠬᠡ ᠪᠣᠯᠣ ᠳᠤ ᠬᠦᠷᠳᠡᠯ᠎ᠡ ᠰᠢᠭᠢᠳᠴᠣ ᠲᠠᠪᠣᠨ ᠬᠦᠯᠥᠭ ᠶᠢᠠᠷ ᠲᠠᠳᠠᠵᠣ ᠬᠦᠳᠡᠯᠥᠨ ᠶᠠᠳᠠᠵᠣ᠂ ᠬᠦᠷ ᠶᠡᠬᠡ ᠣᠯᠣᠰ ᠵᠤᠪᠠᠬᠣ ᠳᠤ ᠰᠦᠨᠢᠥᠨ ᠤᠨ ᠬᠢᠯᠦᠬᠡᠳᠡᠢ ᠪᠠᠭᠠᠳᠣᠷ ᠦᠴᠢᠷᠥᠨ᠄
《ᠬᠦᠬᠡ ᠮᠦᠩᠬᠡ ᠲᠡᠭ᠍ᠷᠢ ᠡᠴᠡ ᠵᠠᠶᠠᠭ᠎ᠠ ᠪᠠᠷ ᠲᠥᠷᠥᠭᠰᠡᠨ
ᠬᠦᠯᠥᠭ ᠪᠣᠭᠳᠠ ᠡᠵᠠᠨ ᠮᠢᠨᠢ︕
ᠬᠦᠷ ᠶᠡᠬᠡ ᠣᠯᠣᠰ ᠶᠢᠠᠨ ᠣᠷᠬᠢᠵᠣ ᠤᠳᠪᠠ ᠦᠦ᠂ ᠴᠢ︖
ᠲᠥᠪᠰᠢᠳᠬᠡᠨ ᠪᠠᠢ᠌ᠭᠣᠯᠣᠭᠰᠠᠨ ᠣᠯᠣᠰ ᠲᠥᠷᠤ ᠴᠢᠨᠢ
ᠲᠡᠬᠥᠰ ᠵᠠᠶᠠᠭᠠᠳᠣ ᠬᠠᠳᠣᠳ ᠬᠦᠪᠡᠭᠦᠳ ᠴᠢᠨᠢ
ᠲᠥᠷᠥᠭᠰᠡᠨ ᠶᠡᠬᠡ ᠭᠠᠵᠠᠷ ᠣᠰᠣ ᠴᠢᠨᠢ
ᠲᠠᠮᠣᠵᠢᠨ ᠡᠵᠠᠨ ᠴᠢᠮ᠎ᠠ ᠶᠢ ᠬᠦᠯᠢᠶᠡᠵᠦ ᠪᠠᠢ᠌ᠨ᠎ᠠ᠂
ᠠᠷᠢᠭᠣᠨ ᠶᠢᠠᠷ ᠪᠠᠢ᠌ᠭᠣᠯᠣᠭᠰᠠᠨ ᠲᠥᠷᠤ ᠴᠢᠨᠢ
ᠠᠯᠪᠠᠳᠣ ᠣᠯᠠᠨ ᠣᠯᠣᠰ ᠴᠢᠨᠢ
ᠠᠮᠠᠷᠠᠭ ᠬᠠᠳᠣᠳ ᠬᠦᠪᠡᠭᠦᠳ ᠴᠢᠨᠢ
ᠠᠯᠳᠠᠨ ᠣᠷᠳᠣ ᠬᠠᠷᠰᠢ ᠴᠢᠨᠢ
ᠠᠯᠣᠰ ᠭᠠᠵᠠᠷ ᠪᠢᠯᠠ᠂
ᠣᠳᠣᠷᠢᠳᠣᠨ ᠪᠠᠢ᠌ᠭᠣᠯᠣᠭᠰᠠᠨ ᠲᠥᠷᠤ ᠴᠢᠨᠢ
ᠣᠴᠠᠷᠠᠭᠰᠠᠨ ᠬᠠᠳᠣᠳ ᠬᠦᠪᠡᠭᠦᠳ ᠴᠢᠨᠢ
ᠣᠷᠣᠭ ᠡᠯᠢᠬᠡᠨ ᠮᠣᠩᠭ᠋ᠣᠯ ᠴᠢᠨᠢ
ᠣᠯᠣᠰ ᠣᠯᠠᠨ ᠢᠷᠬᠡᠨ ᠴᠢᠨᠢ
ᠣᠨᠠᠭᠰᠠᠨ ᠲᠡᠯᠢᠬᠥᠨ ᠪᠣᠯᠳᠠᠭ ᠴᠢᠨᠢ
ᠲᠠᠠᠳᠠ ᠬᠣᠯᠠ ᠪᠠᠢ᠌ᠨ᠎ᠠ᠂
ᠬᠡᠬᠡᠷ ᠠᠵᠢᠷᠭᠠᠨ ᠤ ᠬᠦᠬᠥᠯ ᠶᠢᠠᠷ ᠬᠢᠭ᠍ᠰᠡᠨ
ᠬᠢᠬᠢᠷᠢ ᠲᠣᠭ ᠰᠥᠯᠳᠡ ᠴᠢᠨᠢ
ᠬᠡᠩᠬᠡᠷᠬᠡ ᠪᠦᠷᠢᠶ᠎ᠡ ᠣᠷᠢᠶ᠎ᠠ ᠴᠢᠨᠢ
ᠬᠡᠯᠡᠬᠥ ᠦᠭᠡᠶ ᠪᠦᠬᠥᠳᠡ ᠣᠯᠣᠰ ᠴᠢᠨᠢ
ᠬᠡᠷᠡᠯᠥᠨ ᠤ ᠬᠦᠳᠡᠬᠡ ᠠᠷᠠᠯ ᠴᠢᠨᠢ
ᠲᠠᠠᠳᠠ ᠪᠢᠯᠠ᠂ ᠡᠵᠠᠨ ᠮᠢᠨᠢ︕
ᠪᠦᠲᠦᠬᠥ ᠶᠢᠨ ᠣᠷᠢᠳ ᠣᠴᠠᠷᠠᠭᠰᠠᠨ
ᠪᠦᠷᠳᠡᠬᠡᠯᠵᠢᠨ ᠰᠠᠴᠠᠨ ᠬᠠᠳᠣᠨ ᠴᠢᠨᠢ
ᠪᠣᠶᠠᠠᠳᠣ ᠭᠠᠵᠠᠷ ᠨᠣᠳᠣᠭ ᠴᠢᠨᠢ
ᠪᠣᠭᠣᠷᠴᠣ ᠮᠣᠬᠣᠯᠠᠢ ᠨᠦᠭᠦᠳ ᠴᠢᠨᠢ
ᠪᠣᠯᠳᠣ ᠶᠡᠬᠡ ᠣᠯᠣᠰ ᠴᠢᠨᠢ
ᠲᠠᠠᠳᠠ ᠪᠢᠯᠠ᠂ ᠡᠵᠠᠨ ᠮᠢᠨᠢ︕
ᠬᠣᠪᠢᠯᠭᠠᠨ ᠶᠢᠠᠷ ᠣᠴᠠᠷᠠᠭᠰᠠᠨ
ᠬᠣᠯᠠᠨ ᠬᠠᠳᠣᠨ ᠴᠢᠨᠢ
ᠬᠣᠭᠣᠷ ᠴᠣᠭᠣᠷ ᠬᠦᠭ ᠲᠠᠭᠣᠤ ᠴᠢᠨᠢ
ᠬᠣᠳᠠᠯᠠ ᠪᠦᠬᠥᠳᠡ ᠣᠯᠣᠰ ᠴᠢᠨᠢ
ᠬᠣᠳᠣᠭᠳᠣ ᠡᠷᠬᠢᠮ ᠭᠠᠵᠠᠷ ᠣᠰᠣ ᠴᠢᠨᠢ
ᠲᠠᠠᠳᠠ ᠪᠢᠯᠠ᠂ ᠡᠵᠠᠨ ᠮᠢᠨᠢ︕
ᠬᠠᠷᠣᠭᠣᠨᠠ ᠠᠭᠣᠯᠠ ᠶᠢ ᠲᠣᠯᠠᠭᠠᠨ ᠬᠡᠵᠦ
ᠬᠠᠷᠢ ᠲᠠᠩᠭ᠋ᠣᠳ ᠢ ᠣᠯᠠᠨ ᠬᠡᠵᠦ
ᠬᠠᠳᠣᠳ ᠦᠬᠢᠥᠨ ᠢ ᠭᠣᠸ᠎ᠠ ᠬᠡᠵᠦ
ᠬᠠᠮᠣᠭ ᠮᠣᠩᠭ᠋ᠣᠯ ᠶᠢᠠᠨ ᠮᠠᠷᠳᠠᠪᠠ ᠦᠦ
ᠬᠠᠢ᠌ᠷᠠᠳᠣ ᠡᠵᠠᠨ ᠮᠢᠨᠢ︕
ᠬᠠᠯᠠᠭᠣᠨ ᠠᠮᠢ ᠶᠢ ᠴᠢᠨᠢ ᠠᠯᠳᠠᠪᠠᠴᠣ
ᠬᠠᠰ ᠡᠷᠳᠠᠨᠢ ᠮᠠᠳᠣ ᠬᠡᠬᠥᠷ ᠢ ᠴᠢᠨᠢ
ᠬᠠᠮᠠᠭᠠᠯᠠᠨ ᠠᠪᠴᠣ ᠬᠠᠷᠢᠶ᠎ᠠ ᠡᠵᠠᠨ ᠮᠢᠨᠢ︕
ᠬᠠᠳᠣᠨ ᠪᠦᠷᠳᠡᠬᠡᠯᠵᠢᠨ ᠳᠤ ᠴᠢᠨᠢ ᠦᠵᠡᠬᠥᠯᠥᠢ᠎ᠡ
ᠬᠠᠮᠣᠭ ᠣᠯᠣᠰ ᠲᠤ ᠴᠢᠨᠢ ᠬᠦᠷᠬᠡᠢ᠎ᠡ》
ᠬᠡᠵᠦ ᠦᠴᠢᠪᠡᠯ
ᠬᠠᠭᠠᠨ ᠡᠵᠠᠨ ᠡᠨᠠᠷᠢᠨ ᠰᠣᠶᠣᠷᠬᠠᠪᠠ
ᠬᠠᠰᠠᠭ ᠲᠡᠷᠬᠡ ᠬᠠᠩᠬᠢᠷᠰᠠᠨ ᠬᠦᠳᠡᠯᠪᠡ
ᠬᠠᠮᠣᠭ ᠣᠯᠣᠰ ᠪᠠᠶᠠᠰᠬᠣᠯᠠᠩᠳᠣ ᠪᠣᠯᠪᠠ
ᠬᠠᠨ ᠶᠡᠬᠡ ᠭᠠᠵᠠᠷ ᠲᠠᠠᠳᠠ ᠬᠦᠷᠪᠡ
ᠬᠠᠮᠣᠭ ᠤᠨ ᠮᠦᠩᠬᠡ ᠶᠢ ᠲᠠᠠᠳᠠ ᠣᠷᠣᠰᠢᠭᠣᠯᠵᠣ
ᠬᠠᠭᠠᠨ ᠵᠠᠢ᠌ᠰᠠᠩ ᠤᠳ ᠤᠨ ᠲᠣᠯᠭᠠᠭᠣᠷᠢ ᠪᠣᠯᠵᠣ
ᠬᠠᠮᠣᠭ ᠣᠯᠣᠰ ᠤᠨ ᠰᠢᠲᠦᠬᠡᠨ ᠪᠣᠯᠣᠭᠠᠳ
ᠨᠢ᠋ᠮᠠᠨ ᠴᠠᠭᠠᠨ ᠬᠡᠷ ᠪᠣᠯᠪᠠ ᠵᠠ ᠃
ᠡᠨᠠ ᠶᠡᠬᠡ ᠣᠯᠣᠰ ᠲᠤ ᠲᠣᠩᠬᠠᠭ ᠵᠠᠷᠯᠠᠵᠣ
ᠡᠮᠥᠰᠥᠭᠰᠡᠨ ᠴᠠᠮᠴᠠ᠂ ᠦᠷᠬᠥᠬᠡ ᠬᠡᠷ
ᠣᠷᠢᠶᠠᠭᠰᠠᠨ ᠣᠢ᠌ᠮᠣᠰᠣ ᠶᠢ ᠲᠠᠠᠳᠠ ᠣᠩᠭ᠋ᠣᠯᠠᠪᠠ᠃
ᠦᠨᠡᠨ ᠬᠡᠬᠥᠷ ᠢ ᠨᠢ ᠵᠠᠷᠢᠮ ᠤᠳ ᠪᠣᠷᠬᠠᠨ ᠬᠠᠯᠳᠣᠨ ᠳᠤ ᠣᠩᠭ᠋ᠣᠯᠠᠪᠠ ᠬᠡᠬᠥ᠂ ᠵᠠᠷᠢᠮ ᠤᠳ ᠠᠯᠳᠠᠢ ᠬᠠᠨ ᠤ ᠠᠷᠤ ᠳᠤ᠂ ᠬᠡᠠᠳᠡᠢ ᠬᠠᠨ ᠤ ᠦᠪᠥᠷ ᠲᠤ ᠶᠡᠬᠡ ᠬᠦᠳᠥᠭ ᠨᠠᠷᠠᠳᠣ ᠭᠠᠵᠠᠷ ᠣᠩᠭ᠋ᠣᠯᠠᠪᠠ ᠬᠡᠬᠥ ᠪᠣᠢ᠃ ]
269᠂ ᠬᠣᠯᠣᠭᠠᠨ᠎ᠠ ᠵᠢᠯ (1228 ᠤᠨ) ᠴᠠᠭᠠᠳᠠᠢ᠂ ᠪᠠᠳᠤ ᠳᠡᠷᠢᠬᠦᠳᠡᠨ ᠪᠠᠷᠠᠭᠤᠨ ᠭᠠᠷ ᠢ ᠡᠵᠡᠯᠡᠭᠰᠡᠨ ᠬᠦᠪᠡᠬᠦᠳ᠂ ᠤᠳᠴᠢᠬᠢᠨ ᠨᠤᠶᠠᠨ᠂ ᠶᠡᠬᠦ᠂ ᠶᠢᠰᠦᠢ᠌ᠭᠡ ᠳᠡᠷᠢᠬᠦᠳᠡᠨ ᠵᠡᠬᠦᠨ ᠭᠠᠷ ᠢ ᠡᠵᠡᠯᠡᠭᠰᠡᠨ ᠬᠦᠪᠡᠭᠦᠳ᠂ ᠲᠣᠯᠣᠢ ᠲᠡᠷᠢᠬᠥᠳᠡᠨ ᠭᠣᠣᠯ ᠢ ᠡᠵᠡᠯᠡᠭ᠍ᠰᠡᠨ ᠬᠦᠪᠡᠭᠦᠳ ᠦᠬᠢᠥᠨ᠂ ᠲᠥᠮᠡᠨ ᠤ ᠨᠣᠶᠠᠳ᠂ ᠮᠢᠩᠭ᠋ᠠᠨ ᠤ ᠨᠣᠶᠠᠳ ᠪᠦᠬᠦᠳᠡᠭᠡᠷ ᠬᠡᠷᠦᠯᠤᠨ ᠤ ᠬᠦᠳᠡᠭᠡ ᠠᠷᠠᠯ ᠳᠤ (ᠤᠳᠤ ᠶᠢᠨ ᠪᠠᠶᠠᠨ ᠤᠯᠠᠭᠠᠨ) ᠬᠤᠷᠠᠵᠤ᠂ ᠴᠢᠩᠬᠢᠰ ᠬᠠᠭᠠᠨ ᠤ ᠬᠡᠷᠢᠶᠠᠰᠦᠯᠡᠭᠰᠡᠨ ᠵᠠᠷᠯᠢᠭ ᠤᠨ ᠶᠤᠰᠤ ᠪᠠᠷ ᠦᠭᠡᠳᠡᠢ ᠵᠢ ᠬᠠᠭᠠᠨ ᠡᠷᠬᠦᠮᠵᠢᠯᠡᠪᠡ᠃ ᠴᠠᠭᠠᠳᠠᠢ ᠡᠠᠬ᠎ᠠ᠂ ᠦᠬᠡᠳᠡᠢ ᠲᠡᠬᠥᠤ ᠪᠠᠨ ᠬᠠᠭᠠᠨ ᠡᠷᠬᠥᠮᠵᠢᠯᠡᠬᠡᠥᠨ ᠴᠢᠩᠬᠢᠰ ᠬᠠᠭᠠᠨ ᠡᠴᠢᠬᠡ ᠶᠢᠨ ᠠᠯᠳᠠᠨ ᠠᠮᠢ ᠶᠢ ᠰᠠᠬᠢᠵᠣ ᠪᠠᠢ᠌ᠭᠰᠠᠨ ᠬᠡᠪᠳᠡᠬᠥᠯ᠂ ᠬᠣᠷᠴᠢᠨ᠂ ᠮᠢᠩᠭ᠋ᠠᠨ ᠲᠣᠷᠬᠠᠭ ᠤᠳ ᠬᠠᠭᠠᠨ ᠡᠴᠢᠬᠡ ᠶᠢᠨ ᠰᠢᠳᠠᠷ ᠶᠠᠪᠣᠭᠰᠠᠨ ᠦᠮᠴᠢ ᠲᠥᠮᠡᠨ ᠬᠡᠰᠢᠭ᠍ᠳᠡᠨ ᠢ ᠴᠠᠭᠠᠳᠠᠢ ᠲᠣᠯᠣᠢ ᠬᠣᠶᠠᠷ᠂ ᠦᠬᠡᠳᠡᠢ ᠬᠠᠭᠠᠨ ᠳᠤ ᠦᠭ᠍ᠪᠡ᠃ ᠭᠣᠣᠯ ᠤᠨ ᠣᠯᠣᠰ ᠢ ᠮᠦᠨ ᠶᠣᠰᠣ ᠪᠠᠷ ᠦᠬᠡᠳᠡᠢ ᠬᠠᠭᠠᠨ ᠳᠤ ᠦᠭ᠍ᠪᠡ᠃
270᠂ ᠦᠬᠡᠳᠡᠢ᠂ ᠬᠠᠭᠠᠨ ᠡᠷᠬᠥᠮᠵᠢᠯᠡᠭ᠍ᠳᠡᠬᠡᠥᠨ ᠰᠢᠳᠠᠷ ᠪᠠᠷ᠎ᠠ ᠪᠣᠯᠬᠣ ᠲᠥᠮᠡᠨ ᠬᠡᠰᠢᠭ᠍ᠳᠡᠨ᠂ ᠭᠣᠣᠯ ᠤᠨ ᠣᠯᠣᠰ ᠢ ᠦᠪᠡᠷ ᠶᠢᠠᠨ ᠵᠠᠬᠢᠷᠴᠣ ᠣᠷᠢᠳᠠᠪᠠᠷ ᠴᠠᠭᠠᠳᠠᠢ ᠡᠠᠬ᠎ᠠ ᠲᠡᠶ ᠵᠦᠪᠯᠠᠬᠡᠥᠨ᠂ ᠴᠢᠩᠬᠢᠰ ᠬᠠᠭᠠᠨ ᠡᠴᠢᠬᠡ ᠶᠢᠨ ᠲᠠᠭᠣᠰᠭᠠᠭᠠ ᠦᠭᠡᠶ ᠪᠠᠭᠳᠠᠳ᠋ ᠣᠯᠣᠰ ᠤᠨ ᠬᠠᠯᠢᠫ ᠰᠣᠯᠳᠠᠨ ᠳᠤ ᠠᠶᠠᠯᠠᠭᠰᠠᠨ ᠴᠣᠷᠮᠠᠬᠠᠨ ᠬᠣᠷᠴᠢ ᠶᠢᠨ ᠬᠤᠢ᠌ᠨ᠎ᠠ ᠡᠴᠡ ᠣᠭᠣᠳᠣᠷ ᠮᠦᠩᠬᠡᠲᠦ ᠬᠣᠶᠠᠷ ᠢ ᠢᠯᠡᠬᠡᠪᠡ᠃ ᠪᠠᠰᠠ ᠣᠷᠢᠳᠣ ᠰᠦᠪᠡᠬᠡᠳᠡᠢ ᠪᠠᠭᠠᠳᠣᠷ ᠢ ᠬᠠᠩᠯᠢᠨ᠂ ᠬᠢᠪᠴᠠᠭ᠂ ᠪᠠᠵᠢᠭᠢᠳ᠂ ᠣᠷᠣᠰ᠂ ᠠᠰᠤ᠂ ᠰᠠᠰᠣ᠂ ᠮᠠᠵᠠᠷ᠂ ᠬᠡᠰᠢᠮᠢᠷ᠂ ᠰᠡᠷᠬᠡᠰ᠂ ᠪᠣᠬᠠᠷ (ᠪᠣᠯᠭᠠᠷᠢ)᠂ ᠭᠡᠷᠡᠯ ᠤᠯᠤᠰ ᠤᠳ ᠲᠤ ᠬᠦᠷᠳᠡᠯ᠎ᠠ᠂ ᠢᠵᠢᠯ᠂ ᠵᠠᠶᠠᠭ ᠮᠦᠷᠡᠨ ᠤᠳ ᠢ ᠬᠡᠳᠦᠯᠤᠬᠦᠯᠤᠨ᠂ ᠮᠠᠺᠠᠳᠮᠠᠨ᠂ ᠬᠡᠷᠡᠮᠡᠨ᠂ ᠬᠡᠢ᠌ᠪᠡ ᠲᠡᠷᠢᠬᠥᠳᠡᠨ ᠬᠣᠳᠠ ᠶᠢ ᠪᠠᠢ᠌ᠯᠳᠣᠨ ᠡᠵᠡᠯᠠᠬᠥᠯᠬᠥ ᠪᠠᠷ ᠶᠠᠪᠣᠭᠣᠯᠣᠭᠰᠠᠨ ᠨᠢ ᠲᠡᠳᠡᠬᠡᠷ ᠣᠯᠣᠰ ᠤᠨ ᠡᠰᠡᠷᠬᠥᠴᠡᠯ ᠦᠯᠡᠮᠵᠢ ᠬᠡᠬᠥ ᠮᠡᠳᠡᠬᠡ ᠶᠢ ᠠᠪᠣᠭᠠᠳ ᠰᠦᠪᠡᠬᠡᠳᠡᠢ ᠶᠢᠨ ᠬᠤᠢ᠌ᠨ᠎ᠠ ᠡᠴᠡ ᠪᠠᠳᠣ᠂ ᠪᠦᠷᠢ᠂ ᠬᠦᠶᠥᠭ᠂ ᠮᠦᠩᠬᠡ ᠲᠡᠷᠢᠬᠥᠳᠡᠨ ᠬᠠᠭᠠᠨ ᠤ ᠲᠥᠷᠥᠯ ᠤᠨ ᠠᠬᠠᠮᠠᠳ ᠬᠦᠪᠡᠭᠦᠳ ᠨᠣᠶᠠᠳ ᠢ ᠮᠣᠷᠢᠯᠠᠭᠣᠯᠪᠠ᠃ ᠡᠨᠠ ᠠᠶᠠᠨ ᠳᠤ ᠮᠣᠷᠳᠠᠭᠰᠠᠨ ᠬᠦᠪᠡᠭᠦᠳ ᠨᠣᠶᠠᠳ ᠢ ᠪᠠᠳᠣ ᠠᠬᠠᠯᠠᠨ ᠵᠠᠬᠢᠷᠳᠣᠭᠠᠢ︕ ᠬᠡᠵᠦ ᠵᠠᠷᠯᠢᠭ ᠪᠣᠯᠪᠠ᠃ ᠭᠣᠣᠯ ᠣᠯᠣᠰ ᠡᠴᠡ ᠭᠠᠷᠣᠭᠰᠠᠨ ᠴᠡᠷᠢᠭ᠌ ᠢ ᠬᠦᠶᠥᠭ ᠠᠬᠠᠯᠠᠳᠣᠭᠠᠢ︕ ᠬᠡᠵᠦ ᠵᠠᠷᠯᠢᠭ ᠪᠣᠯᠪᠠ᠃ ᠡᠨᠠ ᠠᠶᠠᠨ ᠳᠤ ᠣᠯᠣᠰ ᠢᠷᠬᠡᠨ ᠢ ᠵᠠᠬᠢᠷᠣᠭᠰᠠᠨ ᠬᠠᠨ ᠬᠦᠪᠡᠭᠦᠳ ᠦᠪᠡᠷᠰᠠᠥᠨ ᠤᠨ ᠬᠦᠪᠡᠭᠦᠳ ᠤᠨ ᠠᠬᠠᠮᠠᠳ ᠢ ᠶᠠᠪᠣᠭᠣᠯᠳᠣᠭᠠᠢ︕ ᠣᠯᠣᠰ ᠢ ᠡᠰᠠ ᠵᠠᠬᠢᠷᠤᠭᠰᠠᠨ ᠬᠠᠨ ᠬᠦᠪᠡᠭᠦᠳ᠂ ᠲᠥᠮᠡᠨ᠂ ᠮᠢᠩᠭ᠋ᠠᠨ᠂ ᠵᠠᠭᠣᠨ᠂ ᠠᠷᠪᠠᠨ ᠤ ᠨᠣᠶᠠᠳ᠂ ᠣᠯᠠᠨ ᠬᠦᠮᠥᠨ ᠬᠡᠨ ᠪᠣᠯᠪᠠᠴᠣ᠂ ᠮᠦᠨ ᠲᠠᠷᠠᠴᠢᠯᠠᠨ ᠦᠪᠡᠷ ᠤᠨ ᠬᠦᠪᠡᠭᠦᠳ ᠤᠨ ᠠᠬᠠᠮᠠᠳ ᠢ ᠶᠠᠪᠣᠭᠣᠯᠳᠣᠭᠠᠢ︕ ᠬᠠᠨ ᠤ ᠦᠬᠢᠥᠨ ᠬᠦᠷᠬᠡᠥᠨ ᠮᠦᠨ ᠲᠡᠬᠥᠨ ᠤ ᠠᠳᠠᠯᠢ ᠪᠠᠷ ᠬᠦᠪᠡᠭᠦᠳ ᠤᠨ ᠶᠢᠠᠨ ᠠᠬᠠᠮᠠᠳ ᠢ ᠶᠠᠪᠣᠭᠣᠯᠳᠣᠭᠠᠢ︕ ᠬᠡᠵᠦ ᠵᠠᠷᠯᠢᠭ ᠪᠣᠯᠣᠭᠠᠳ ᠪᠠᠰᠠ ᠦᠬᠡᠳᠡᠢ ᠬᠠᠭᠠᠨ ᠦᠬᠥᠯᠡᠷᠥᠨ᠄ 《ᠬᠦᠪᠡᠭᠦᠳ ᠤᠨ ᠠᠬᠠᠮᠠᠳ ᠢ ᠢᠩᠬᠢᠵᠣ ᠠᠶᠠᠨ ᠳᠤ ᠶᠠᠪᠣᠭᠣᠯᠬᠣ ᠰᠠᠨᠠᠯ ᠢ ᠴᠠᠭᠠᠳᠠᠢ ᠡᠠᠬ᠎ᠠ ᠭᠠᠷᠭᠠᠪᠠ᠃ ᠴᠠᠭᠠᠳᠠᠢ ᠡᠠᠬ᠎ᠠ ᠶᠢᠨ ᠬᠡᠯᠡᠬᠥᠯᠥᠭᠰᠡᠨ ᠨᠢ᠄ 〈ᠰᠦᠪᠡᠬᠡᠳᠡᠢ ᠶᠢᠨ ᠬᠤᠢ᠌ᠨ᠎ᠠ ᠡᠴᠡ ᠬᠦᠪᠡᠭᠦᠳ ᠤᠨ ᠶᠢᠠᠨ ᠡᠠᠬ᠎ᠠ ᠪᠦᠷᠢ ᠶᠢ ᠶᠠᠪᠣᠭᠣᠯᠣᠨ᠎ᠠ᠃ ᠬᠦᠪᠡᠭᠦᠳ ᠤᠨ ᠡᠠᠬ᠎ᠠ ᠠᠶᠠᠯᠠᠪᠠᠯ ᠴᠡᠷᠢᠭ᠌ ᠠᠷᠪᠢᠨ ᠪᠣᠯᠣᠨ᠎ᠠ᠃ ᠴᠡᠷᠢᠭ᠌ ᠣᠯᠠᠨ ᠪᠣᠯ ᠦᠵᠡᠭ᠍ᠳᠡᠬᠥ ᠰᠦᠷ ᠬᠦᠴᠦ ᠶᠡᠬᠡ ᠪᠣᠯᠣᠨ᠎ᠠ᠃ ᠲᠠᠠᠳᠠ᠂ ᠲᠠᠢ᠌ᠰᠣᠨ ᠤ ᠬᠦᠮᠥᠨ ᠦᠯᠡᠮᠵᠢ᠂ ᠬᠠᠷᠢ ᠶᠢᠨ ᠣᠯᠣᠰ ᠣᠯᠠᠨ ᠪᠣᠢ᠃ ᠲᠠᠷᠠ ᠬᠢᠵᠠᠭᠠᠷ ᠤᠨ ᠣᠯᠣᠰ ᠤᠳ ᠬᠡᠴᠡᠬᠥᠤ᠃ ᠬᠢᠯᠢᠩᠨᠠᠪᠠᠯ ᠦᠪᠡᠷ ᠤᠨ ᠪᠠᠶ᠎ᠠ ᠶᠢ ᠮᠠᠰᠠ ᠪᠠᠷ ᠬᠣᠣᠷᠯᠠᠵᠣ ᠦᠬᠥᠬᠥ ᠣᠯᠣᠰ ᠪᠣᠢ᠃ ᠬᠣᠷᠴᠠ ᠮᠠᠰᠠ ᠲᠡᠶ ᠬᠡᠨ᠎ᠡ〉 ᠬᠡᠵᠦ ᠢᠯᠡᠬᠡᠯᠡ᠃ ᠴᠠᠭᠠᠳᠠᠢ ᠡᠠᠬ᠎ᠠ ᠶᠢᠨ ᠬᠢᠴᠢᠶᠠᠨ ᠪᠣᠯᠭᠣᠮᠵᠢᠯᠠᠵᠣ ᠬᠡᠯᠡᠭ᠍ᠰᠡᠨ ᠡᠨᠠ ᠦᠬᠡ ᠶᠢᠨ ᠶᠣᠰᠣ ᠪᠠᠷ ᠬᠦᠪᠡᠭᠦᠳ ᠤᠨ ᠠᠬᠠᠮᠠᠳ ᠢ ᠲᠣᠮᠢᠯᠠᠵᠣ ᠶᠠᠪᠣᠭᠣᠯᠣᠶ᠎ᠠ︕ ᠬᠡᠵᠦ ᠵᠦᠭ᠌ ᠵᠦᠭ᠌ ᠲᠤ ᠲᠣᠩᠬᠠᠭ ᠵᠠᠷᠯᠠᠵᠣ ᠪᠠᠳᠣ᠂ ᠪᠦᠷᠢ᠂ ᠬᠦᠶᠥᠭ᠂ ᠮᠦᠩᠬᠡ ᠲᠡᠷᠢᠬᠥᠳᠡᠨ ᠢ ᠠᠶᠠᠨ ᠳᠤ ᠮᠣᠷᠳᠠᠭᠣᠯᠬᠣ ᠪᠣᠯᠣᠭᠰᠠᠨ ᠣᠴᠢᠷ ᠡᠢ᠌ᠮᠣ ᠪᠢᠯᠠ》 ᠬᠡᠵᠡᠢ᠃
271᠂ ᠪᠠᠰᠠ ᠦᠬᠡᠳᠡᠢ ᠬᠠᠭᠠᠨ᠂ ᠴᠠᠭᠠᠳᠠᠢ ᠡᠠᠬ᠎ᠠ ᠳᠤ ᠵᠦᠪᠯᠠᠵᠦ ᠢᠯᠡᠬᠡᠭ᠍ᠰᠡᠨ ᠨᠢ᠄ 《ᠪᠢ ᠴᠢᠩᠬᠢᠰ ᠬᠠᠭᠠᠨ ᠡᠴᠢᠬᠡ ᠶᠢᠨ ᠶᠢᠠᠨ ᠪᠠᠯᠠᠨ ᠰᠠᠭᠣᠷᠢᠨ ᠳᠤ ᠰᠠᠭᠣᠪᠠ᠃ ᠶᠠᠮᠠᠷ ᠡᠷᠳᠠᠮ ᠶᠢᠠᠷ ᠬᠠᠭᠠᠨ ᠰᠠᠭᠣᠪᠠ︖ ᠬᠡᠵᠦ ᠪᠢ ᠬᠡᠯᠡᠳᠡᠭ ᠪᠢᠰᠢᠤ︖ ᠴᠠᠭᠠᠳᠠᠢ ᠡᠠᠬ᠎ᠠ ᠵᠦᠪᠰᠢᠶᠠᠷᠡᠪᠡᠯ ᠪᠢᠳᠠᠨ ᠤ ᠬᠠᠭᠠᠨ ᠡᠴᠢᠬᠡ ᠶᠢᠨ ᠡᠵᠠᠯᠠᠵᠣ ᠲᠠᠭᠣᠰᠣᠭᠠ ᠦᠭᠡᠶ ᠣᠷᠬᠢᠭᠰᠠᠨ ᠬᠢᠳᠠᠳ ᠣᠯᠣᠰ ᠤᠨ ᠠᠯᠳᠠᠨ ᠬᠠᠭᠠᠨ ᠢ ᠡᠵᠡᠯᠠᠬᠥ ᠪᠠᠷ ᠮᠣᠷᠢᠯᠠᠶ᠎ᠠ》 ᠬᠡᠵᠦ ᠵᠦᠪᠯᠠᠵᠦ ᠢᠯᠡᠬᠡᠪᠡᠯ ᠴᠠᠭᠠᠳᠠᠢ ᠡᠠᠬ᠎ᠠ ᠵᠦᠪᠰᠢᠶᠡᠷᠠᠵᠦ 《ᠶᠠᠭᠣ ᠠᠯᠵᠢᠬᠤ ᠪᠣᠢ︖ ᠠᠭᠣᠷᠣᠭ ᠣᠷᠳᠣ ᠪᠠᠨ ᠰᠠᠢ᠌ᠨ ᠬᠦᠮᠥᠨ ᠳᠤ ᠲᠣᠰᠢᠶᠠᠭᠠᠳ ᠮᠣᠷᠢᠯᠠᠭᠳᠣᠨ︕ ᠪᠢ ᠡ᠊ᠠᠳᠠ ᠡᠴᠡ ᠴᠡᠷᠢᠭ᠌ ᠭᠠᠷᠭᠠᠵᠣ ᠢᠯᠡᠬᠡᠢ᠎ᠡ︕》 ᠬᠡᠵᠡᠢ᠃ ᠶᠡᠬᠡ ᠣᠷᠳᠣ ᠪᠠᠨ ᠣᠯᠳᠠᠭᠠᠷ ᠬᠣᠷᠴᠢ ᠳᠤ ᠲᠣᠰᠢᠶᠠᠪᠠ᠃
272᠂ ᠲᠠᠣᠯᠠᠢ ᠵᠢᠯ (1231ᠤᠨ) ᠦᠭᠡᠳᠡᠢ ᠬᠠᠭᠠᠨ᠂ ᠬᠢᠳᠡᠳ ᠢᠷᠭᠡᠨ ᠳᠤ ᠮᠤᠷᠢᠯᠠᠵᠤ᠂ ᠵᠡᠪᠡᠵᠢ ᠮᠠᠩᠯᠠᠢ ᠪᠤᠯᠭᠠᠵᠤ ᠢᠯᠡᠬᠡᠪᠡ᠃ ᠲᠡᠬᠡᠬᠡᠥᠨ ᠬᠢᠳᠠᠳ ᠤᠨ ᠴᠡᠷᠢᠭ᠌ ᠢ ᠬᠢᠶᠠᠷᠠᠳᠠᠯ᠎ᠠ ᠬᠢᠳᠣᠵᠣ᠂ ᠴᠠᠪᠴᠢᠶᠠᠯ ᠤᠨ ᠲᠠᠪᠠᠭ᠎ᠠ ᠪᠠᠷ ᠲᠠᠪᠠᠵᠣ ᠵᠦᠭ᠌ ᠵᠦᠭ᠌ ᠲᠤ ᠣᠯᠠᠨ ᠬᠣᠳᠠ ᠶᠢ ᠬᠠᠭᠠᠵᠣ ᠪᠠᠢ᠌ᠯᠳᠣᠬᠣ ᠴᠡᠷᠢᠭ᠌ ᠤᠳ ᠢ ᠶᠠᠪᠣᠭᠣᠯᠪᠠ᠃ ᠲᠠᠷᠠ ᠦᠶ᠎ᠡ ᠳᠤ ᠦᠬᠡᠳᠡᠢ ᠬᠠᠭᠠᠨ ᠡᠪᠠᠳᠴᠢᠨ ᠬᠦᠷᠴᠦ ᠦᠬᠡ ᠬᠡᠯᠡᠵᠦ ᠴᠢᠳᠠᠬᠣ ᠦᠭᠡᠶ ᠪᠣᠯᠪᠠ᠃ ᠪᠦᠬᠡ᠂ ᠲᠥᠯᠬᠡᠴᠢᠨ ᠨᠡᠷ ᠶᠢᠠᠷ ᠮᠡᠷᠬᠡᠯᠡᠬᠥᠯᠪᠡᠯ ᠬᠢᠳᠠᠳ ᠣᠯᠣᠰ ᠤᠨ ᠭᠠᠵᠠᠷ ᠣᠰᠣᠨ ᠤ ᠡᠵᠠᠳ᠂ ᠬᠦᠮᠥᠨ ᠬᠦᠷᠣᠩᠬᠡ ᠪᠠᠨ ᠰᠦᠢᠲᠦᠬᠥᠯᠵᠦ᠂ ᠬᠣᠳᠠ ᠪᠠᠯᠭᠠᠰᠣ ᠪᠠᠨ ᠡᠪᠳᠡᠬᠥᠯᠥᠭᠰᠡᠨ ᠤ ᠣᠴᠢᠷ ᠬᠢᠯᠢᠩᠨᠠᠨ ᠬᠠᠭᠠᠨ ᠳᠤ ᠬᠣᠣᠷ ᠬᠦᠷᠬᠡᠵᠦ ᠪᠠᠢ᠌ᠨ᠎ᠠ ᠬᠡᠪᠡ᠃ ᠬᠦᠮᠥᠨ ᠬᠦᠷᠣᠩᠬᠡ᠂ ᠠᠯᠳᠠ ᠮᠦᠩᠬᠥ᠂ ᠠᠳᠣᠭᠣᠰᠣ ᠢᠷᠬᠡᠨ ᠶᠢᠠᠷ ᠵᠤᠯᠢᠶ᠎ᠠ ᠦᠭᠬᠦᠢ᠎ᠡ ᠬᠡᠵᠦ ᠲᠥᠯᠬᠡᠳᠡᠪᠡᠯ ᠢᠯᠡᠷᠢᠰᠢᠬᠥ ᠦᠭᠡᠶ ᠬᠠᠷᠢᠨ ᠣᠯᠠᠮ ᠬᠦᠠᠲᠦ ᠪᠣᠯᠪᠠ᠃ ᠣᠢ᠌ᠷ᠎ᠠ ᠲᠥᠷᠥᠯ ᠤᠨ ᠬᠦᠮᠥᠰ ᠡᠴᠡ ᠵᠤᠯᠢᠶ᠎ᠠ ᠪᠣᠯᠭᠠᠵᠣ ᠦᠭᠬᠦᠢ᠎ᠡ ᠬᠡᠵᠦ ᠲᠥᠯᠬᠡᠳᠡᠪᠡᠯ ᠬᠠᠭᠠᠨ ᠬᠡᠨᠡᠳᠳᠡ ᠨᠢᠳᠣ ᠪᠠᠨ ᠨᠡᠬᠡᠬᠡᠵᠦ ᠣᠰᠣ ᠬᠦᠶᠥᠵᠦ ᠣᠣᠭᠣᠭᠠᠳ 《ᠶᠠᠭᠣ ᠪᠣᠯᠪᠠ︖》 ᠬᠡᠵᠦ ᠠᠰᠠᠭᠣᠪᠠ᠃ ᠪᠦᠬᠡ ᠨᠡᠷ ᠦᠬᠥᠯᠡᠷᠥᠨ᠄ 《ᠬᠢᠳᠠᠳ ᠣᠯᠣᠰ ᠤᠨ ᠭᠠᠵᠠᠷ ᠣᠰᠣᠨ ᠤ ᠡᠵᠠᠳ ᠭᠠᠵᠠᠷ ᠶᠢᠠᠨ ᠰᠦᠢᠳᠬᠡᠬᠥᠯᠵᠦ᠂ ᠬᠦᠮᠥᠨ ᠬᠦᠷᠣᠩᠬᠡ ᠪᠠᠨ ᠲᠠᠯᠠᠯᠠᠭᠣᠯᠣᠭᠠᠳ ᠬᠣᠣᠷᠯᠠᠵᠣ ᠡᠢ᠌ᠮᠣ ᠡᠪᠠᠳᠴᠢᠨ ᠬᠦᠷᠬᠡᠵᠡᠢ᠃ ᠡᠯᠳᠠᠪ ᠪᠣᠰᠣᠳ ᠶᠠᠭᠣᠮ᠎ᠠ ᠪᠠᠷ ᠵᠤᠯᠢᠶ᠎ᠠ ᠲᠥᠯᠣᠬᠡᠰᠦ ᠦᠭᠬᠦᠢ᠎ᠡ ᠬᠡᠬᠥ ᠳᠤ ᠵᠦᠪᠰᠢᠶᠡᠷᠠᠬᠥ ᠦᠭᠡᠶ ᠣᠯᠠᠮ ᠬᠢᠯᠢᠩᠨᠠᠵᠣ ᠪᠠᠢ᠌ᠨ᠎ᠠ᠃ ᠭᠠᠭᠴᠠ ᠬᠥ ᠣᠶ᠋ᠢᠷ᠎ᠠ ᠲᠥᠷᠥᠯ ᠤᠨ ᠬᠦᠮᠥᠨ ᠢ ᠵᠤᠯᠢᠶ᠎ᠠ ᠪᠣᠯᠭᠠᠵᠣ ᠦᠭᠬᠦᠢ᠎ᠡ ᠬᠡᠪᠡᠯ ᠵᠦᠪᠰᠢᠶᠡᠷᠠᠵᠦ ᠡᠪᠠᠳᠴᠢᠨ ᠢ ᠬᠦᠩᠬᠡᠷᠡᠬᠥᠯᠵᠦ ᠪᠠᠢ᠌ᠨ᠎ᠠ᠃ ᠣᠳᠣ ᠶᠠᠭᠠᠬᠢᠬᠣ ᠶᠢ ᠵᠠᠷᠯᠢᠭ ᠮᠠᠳᠠᠨ᠎ᠠ︕》 ᠬᠡᠵᠦ ᠦᠴᠢᠪᠡᠯ ᠦᠬᠡᠳᠡᠢ ᠵᠠᠷᠯᠢᠭ ᠪᠣᠯᠣᠷᠣᠨ᠄ 《ᠬᠠᠨ ᠬᠦᠪᠡᠭᠦᠳ ᠡᠴᠡ ᠮᠢᠨᠣ ᠲᠡᠷᠬᠡᠳᠡ ᠬᠡᠨ ᠪᠠᠢ᠌ᠨ᠎ᠠ︖》 ᠬᠡᠪᠡᠯ᠂ ᠲᠡᠷᠬᠡᠳᠡ ᠨᠢ ᠪᠠᠢ᠌ᠭᠰᠠᠨ ᠲᠣᠯᠣᠢ ᠦᠬᠥᠯᠡᠷᠥᠨ᠄ 《ᠰᠣᠣᠳᠣ ᠴᠢᠩᠬᠢᠰ ᠬᠠᠭᠠᠨ ᠡᠴᠢᠬᠡ ᠮᠢᠨᠢ᠂ ᠲᠡᠬᠡᠷ᠎ᠡ ᠴᠢᠨᠢ ᠡᠠᠬ᠎ᠠ ᠨᠡᠷ᠂ ᠲᠣᠣᠷ᠎ᠠ ᠴᠢᠨᠢ ᠲᠡᠬᠥᠤ ᠨᠡᠷ ᠪᠠᠢ᠌ᠳᠠᠯ᠎ᠠ᠂ ᠬᠠᠭᠠᠨ ᠡᠠᠬ᠎ᠠ ᠲᠠᠨ ᠢ ᠠᠭᠳᠠ ᠮᠣᠷᠢ ᠰᠢᠭ ᠰᠣᠷᠢᠵᠣ᠂ ᠢᠷᠬᠡ ᠬᠣᠨᠢ ᠰᠢᠭ ᠪᠠᠷᠢᠯᠠᠵᠣ ᠦᠵᠡᠬᠡᠥᠨ ᠶᠡᠬᠡ ᠰᠠᠭᠣᠷᠢᠨ ᠳᠤ ᠰᠠᠭᠣᠯᠭᠠᠵᠣ᠂ ᠣᠯᠠᠨ ᠣᠯᠣᠰ ᠢ ᠵᠠᠬᠢᠷᠬᠣ ᠲᠡᠬᠡᠲᠦ ᠡᠬᠥᠷᠬᠡ ᠶᠢ ᠲᠠᠭᠠᠭᠠᠯᠭᠠᠪᠠ᠃ ᠨᠠᠮᠢ᠋ᠢ ᠬᠠᠭᠠᠨ ᠡᠠᠬ᠎ᠠ ᠶᠢᠨ ᠲᠡᠷᠬᠡᠳᠡ ᠪᠠᠢ᠌ᠵᠣ᠂ ᠮᠠᠷᠳᠠᠭᠰᠠᠨ ᠢ ᠰᠠᠨᠠᠭᠣᠯᠵᠣ᠂ ᠣᠠᠳᠠᠭᠰᠠᠨ ᠢ ᠰᠡᠷᠢᠬᠥᠯᠵᠦ ᠶᠠᠪᠣ ᠬᠡᠰᠡᠨ ᠪᠢᠯᠠ᠃ ᠣᠳᠣ ᠬᠠᠭᠠᠨ ᠡᠠᠬ᠎ᠠ ᠴᠢᠮᠢ᠋ᠢ ᠠᠯᠳᠠᠪᠠᠯ᠂ ᠪᠢ ᠬᠡᠨ ᠤ ᠮᠠᠷᠳᠠᠭᠰᠠᠨ ᠢ ᠰᠠᠨᠠᠭᠣᠯᠵᠣ᠂ ᠬᠡᠨ ᠤ ᠣᠠᠳᠠᠭᠰᠠᠨ ᠢ ᠰᠡᠷᠢᠬᠥᠯᠬᠥ ᠪᠣᠢ︖ ᠦᠨᠡᠬᠡᠷ ᠬᠠᠭᠠᠨ ᠡᠠᠬ᠎ᠠ ᠮᠠᠭᠣᠵᠢᠷᠠᠪᠠᠯ᠂ ᠣᠯᠠᠨ ᠮᠣᠩᠭ᠋ᠣᠯ ᠣᠯᠣᠰ ᠦᠨᠦᠴᠢᠷᠡᠵᠦ᠂ ᠬᠢᠳᠠᠳ ᠣᠯᠣᠰ ᠪᠠᠶᠠᠰᠬᠣ ᠪᠣᠯᠣᠨ᠎ᠠ᠃ ᠬᠠᠭᠠᠨ ᠡᠠᠬ᠎ᠠ ᠶᠢᠨ ᠣᠷᠣᠨ ᠳᠤ ᠪᠢ ᠵᠤᠯᠢᠶ᠎ᠠ ᠪᠣᠯᠣᠶ᠎ᠠ︕ ᠲᠣᠯᠠᠨ ᠵᠢᠭᠠᠰᠣᠨ ᠤ ᠨᠢᠷᠣᠭᠣ ᠶᠢ ᠲᠣᠭᠳᠠᠷᠠᠵᠣ ᠶᠠᠪᠣᠯ᠎ᠠ ᠪᠢ᠂ ᠬᠠᠯᠢᠮᠤ ᠵᠢᠭᠠᠰᠣᠨ ᠤ ᠨᠢᠷᠣᠭᠣ ᠶᠢ ᠬᠢᠷᠠᠭᠠᠵᠣ ᠶᠠᠪᠣᠯ᠎ᠠ ᠪᠢ᠃ ᠢᠯᠨ ᠶᠢ ᠢᠯᠠᠵᠣ᠂ ᠲᠠᠯᠳᠠ ᠶᠢ ᠲᠠᠷᠣᠵᠣ ᠪᠠᠢ᠌ᠪᠠ᠃ ᠮᠢᠨᠣ ᠨᠢᠭᠣᠷ ᠭᠣᠸ᠎ᠠ᠂ ᠨᠢᠷᠣᠭᠣ ᠦᠨᠳᠥᠷ ᠪᠢᠵᠠ᠃ ᠪᠦᠬᠡ ᠨᠡᠷ ᠪᠦᠬᠡᠯᠡᠵᠦ ᠵᠠᠯᠪᠠᠷᠢᠭᠳᠣᠨ︕》 ᠬᠡᠪᠡ᠃ ᠪᠦᠬᠡ ᠨᠡᠷ ᠪᠦᠬᠡᠯᠡᠨ ᠵᠠᠯᠪᠠᠷᠢᠵᠣ᠂ ᠠᠳᠢᠰᠯᠠᠨ ᠣᠰᠤ ᠶᠢ ᠲᠣᠯᠣᠢ ᠳᠤ ᠣᠣᠭᠣᠯᠭᠠᠪᠠ᠃ ᠪᠢᠴᠢᠬᠠᠨ ᠰᠠᠭᠣᠭᠠᠳ ᠦᠬᠥᠯᠡᠷᠥᠨ᠄ 《ᠰᠣᠭᠳᠣᠪᠠ ᠪᠢ᠃ ᠰᠣᠭᠳᠣᠭᠰᠠᠨ ᠡᠴᠡ ᠰᠡᠷᠬᠥᠳᠡᠯᠡ ᠦᠨᠦᠴᠢᠨ ᠦᠴᠥᠬᠡᠨ ᠲᠡᠬᠥᠤ ᠨᠡᠷ ᠪᠠ ᠪᠠᠯᠪᠠᠰᠣᠨ ᠪᠠᠷᠢ ᠪᠠᠷᠢᠶᠠᠳ ᠢ ᠬᠦᠮᠦᠵᠢᠬᠥᠯᠥᠨ ᠠᠰᠠᠷᠠᠬᠣ ᠶᠢ ᠬᠠᠭᠠᠨ ᠡᠠᠬ᠎ᠠ ᠮᠡᠳᠡᠲᠦᠬᠡᠢ︕ ᠠᠯᠢᠪᠠ ᠦᠬᠡ ᠪᠠᠨ ᠬᠡᠯᠡᠪᠡ ᠪᠢ᠃ ᠰᠣᠭᠳᠣᠪᠠ︕》 ᠬᠡᠥᠨ ᠭᠠᠷᠣᠨ ᠤᠳᠴᠣ ᠮᠠᠭᠣᠵᠢᠷᠠᠭᠰᠠᠨ ᠪᠢᠯᠠ᠃
273᠂ ᠦᠬᠡᠳᠡᠢ ᠬᠠᠭᠠᠨ᠂ ᠲᠡᠬᠡᠬᠡᠥᠨ ᠠᠯᠳᠠᠨ ᠬᠠᠭᠠᠨ ᠢ ᠮᠦᠬᠦᠭᠡᠵᠤ ᠰᠠᠥᠰᠠ (ᠵᠠᠷᠤᠴᠠ) ᠨᠡᠷ᠎ᠠ ᠵᠢ ᠦᠭᠴᠤ ᠂ ᠠᠯᠳᠠ᠂ ᠮᠦᠩᠬᠥ᠂ ᠠᠯᠳᠠᠳᠠᠢ ᠬᠡ ᠲᠡᠶ ᠠᠭᠣᠷᠰᠣ ᠲᠡᠧᠨᠷ᠂ ᠠᠭᠳᠠ ᠮᠣᠷᠢ ᠠᠯᠪᠠᠳᠣ ᠵᠠᠷᠣᠴᠠ ᠶᠢ ᠬᠤᠷᠢᠶᠠᠵᠤ ᠠᠪᠣᠭᠠᠳ ᠵᠠᠬᠢᠷᠣᠭᠴᠢ᠂ ᠮᠡᠳᠡᠬᠡᠯᠡᠭ᠍ᠴᠢ ᠨᠡᠷ ᠢ ᠲᠣᠮᠢᠯᠠᠭᠠᠳ ᠨᠠᠠᠵᠢᠩ᠂ ᠵᠦᠩᠲᠦ ᠪᠠ ᠵᠦᠭ᠌ ᠵᠦᠭ᠌ ᠤᠨ ᠬᠣᠳᠠ ᠤᠳ ᠲᠤ ᠲᠠᠷᠣᠭ᠎ᠠ ᠨᠡᠷ ᠢ ᠲᠠᠯᠪᠢᠵᠣ ᠲᠥᠪᠰᠢᠨ ᠮᠠᠠᠳᠣ ᠪᠠᠷ ᠪᠣᠴᠠᠵᠣ᠂ ᠬᠠᠷᠠᠬᠤᠷᠤᠮ ᠬᠣᠳᠠ ᠳᠤ ᠢᠷᠠᠵᠣ ᠪᠠᠭᠣᠪᠠ᠃
274᠂ ᠴᠣᠷᠮᠠᠬᠠᠨ ᠬᠣᠷᠴᠢ᠂ ᠪᠠᠭᠳᠠᠳ᠋ ᠣᠯᠣᠰ ᠢ ᠲᠠᠭᠠᠭᠣᠯᠵᠠᠢ᠃ ᠲᠠᠠᠳᠠᠬᠢ ᠶᠢᠨ ᠭᠠᠵᠠᠷ ᠰᠠᠢ᠌ᠨ᠂ ᠡᠳ᠋ ᠡᠷᠬᠢᠮ ᠬᠡᠳᠡᠭ ᠢ ᠮᠡᠳᠡᠬᠡᠥᠨ ᠦᠬᠡᠳᠡᠢ ᠬᠠᠭᠠᠨ ᠵᠠᠷᠯᠢᠭ ᠪᠣᠯᠣᠷᠣᠨ᠄ 《ᠴᠣᠷᠮᠠᠬᠠᠨ ᠬᠣᠷᠴᠢ᠂ ᠮᠦᠨ ᠲᠠᠷᠠ ᠭᠠᠵᠠᠷ ᠲᠤ ᠵᠠᠬᠢᠷᠤᠭᠴᠢ (ᠳᠠᠮᠠᠭᠠᠴᠢ) ᠪᠣᠯᠵᠣ᠂ ᠰᠢᠷ᠎ᠠ ᠠᠯᠳᠠ᠂ ᠰᠢᠷᠠᠮᠠᠯ ᠴᠢᠮᠡᠭ᠂ ᠬᠣᠷᠭᠣᠢ᠂ ᠮᠠᠩᠨᠣᠭ᠂ ᠭ᠍ᠬᠢᠪ᠂ ᠲᠣᠷᠭ᠎ᠠ᠂ ᠰᠣᠪᠣᠳ᠂ ᠲᠠᠨ᠎ᠠ᠂ ᠣᠷᠳᠣ ᠬᠦᠵᠦᠬᠥᠳᠡᠢ᠂ ᠦᠨᠳᠥᠷ ᠬᠦᠯ ᠲᠡᠶ ᠠᠷᠭᠣᠮᠠᠭ ᠮᠣᠷᠢ᠂ ᠠᠴᠢᠶᠠᠨ ᠤ ᠲᠡᠮᠠᠬᠡ᠂ ᠯᠠᠭᠣᠰᠠ ᠵᠠᠷᠬᠡ ᠶᠠᠭᠣᠮ᠎ᠠ ᠶᠢ ᠵᠢᠯ ᠪᠦᠷᠢ ᠬᠦᠷᠬᠡᠨ ᠢᠷᠡᠬᠥᠯᠵᠦ ᠪᠠᠢ᠌ᠭᠳᠣᠨ︕》 ᠬᠡᠪᠡ᠃ ᠰᠦᠪᠡᠬᠡᠳᠡᠢ ᠪᠠᠭᠠᠳᠣᠷ ᠤᠨ ᠬᠤᠢ᠌ᠨ᠎ᠠ ᠡᠴᠡ ᠶᠠᠪᠣᠭᠰᠠᠨ ᠪᠠᠳᠣ᠂ ᠪᠦᠷᠢ᠂ ᠬᠦᠶᠥᠭ᠂ ᠮᠦᠩᠬᠡ ᠲᠡᠷᠢᠬᠥᠳᠡᠨ ᠣᠯᠠᠨ ᠬᠦᠪᠡᠭᠦᠳ ᠬᠠᠩᠯᠢᠨ᠂ ᠬᠢᠪᠴᠠᠭ᠂ ᠪᠠᠵᠢᠭᠢᠳ ᠢ ᠣᠷᠣᠭᠣᠯᠵᠣ᠂ ᠢᠵᠢᠯ᠂ ᠵᠠᠶᠠᠭ ᠮᠥᠷᠡᠨ ᠢ ᠬᠡᠳᠥᠯᠵᠦ ᠮᠡᠬᠡᠥᠨ ᠬᠣᠳᠠ ᠶᠢ ᠡᠪᠳᠠᠵᠣ ᠣᠷᠣᠰ ᠢ ᠬᠢᠳᠣᠵᠣ ᠰᠦᠢᠳᠬᠡᠪᠡ᠃ ᠠᠰᠤ᠂ ᠰᠠᠰᠣ᠂ ᠪᠣᠯᠭᠠᠷᠢ᠂ ᠬᠡᠷᠡᠮᠡᠨ᠂ ᠬᠢᠧᠨ ᠵᠠᠷᠬᠡ ᠬᠣᠳᠠ ᠶᠢᠨ ᠢᠷᠬᠡᠨ ᠢ ᠡᠵᠠᠯᠠᠨ ᠲᠠᠭᠠᠭᠣᠯᠵᠣ᠂ ᠲᠠᠷᠣᠭ᠎ᠠ ᠵᠠᠬᠢᠷᠣᠭᠴᠢ ᠨᠡᠷ ᠢ ᠲᠠᠯᠪᠢᠭᠠᠳ ᠪᠣᠴᠠᠪᠠ᠃ ᠣᠷᠢᠳᠣ ᠵᠦᠷᠴᠢᠥᠨ ᠰᠣᠯᠣᠩᠭ᠋ᠣᠰ ᠢ ᠡᠵᠡᠯᠠᠬᠥ ᠪᠠᠷ ᠠᠶᠠᠯᠠᠭᠰᠠᠨ ᠵᠠᠯᠠᠢ᠌ᠷᠳᠠᠢ ᠬᠣᠷᠴᠢ ᠶᠢᠨ ᠬᠤᠢ᠌ᠨ᠎ᠠ ᠡᠴᠡ ᠶᠢᠰᠣᠳᠠᠷ ᠬᠣᠷᠴᠢ ᠶᠢ ᠶᠠᠪᠣᠭᠣᠯᠪᠠ᠃ ᠲᠡᠬᠥᠨ ᠢ ᠲᠠᠠᠳᠠ ᠵᠠᠬᠢᠷᠣᠭᠴᠢ ᠰᠠᠭᠣᠳᠣᠭᠠᠢ︕ ᠬᠡᠵᠦ ᠵᠠᠷᠯᠢᠭ ᠪᠣᠯᠪᠠ᠃
275᠂ ᠪᠠᠳᠣ᠂ ᠬᠢᠪᠴᠠᠭ ᠨᠣᠳᠣᠭ ᠡᠴᠡ ᠦᠬᠡᠳᠡᠢ ᠬᠠᠭᠠᠨ ᠳᠤ ᠨᠢᠭᠣᠴᠠ ᠪᠠᠷ ᠦᠴᠢᠵᠤ ᠢᠯᠡᠬᠡᠭ᠍ᠰᠡᠨ ᠨᠢ᠄ 《ᠮᠦᠩᠬᠡ ᠲᠡᠭ᠍ᠷᠢ ᠶᠢᠨ ᠬᠦᠴᠥᠨ ᠳᠤ᠂ ᠬᠠᠭᠠᠨ ᠠᠪᠠᠭ᠎ᠠ ᠶᠢᠨ ᠰᠣᠤ ᠳᠤ ᠮᠡᠬᠡᠥᠨ ᠬᠣᠳᠠ ᠶᠢ ᠡᠪᠳᠠᠵᠣ᠂ ᠣᠷᠣᠰ ᠣᠯᠣᠰ ᠢ ᠡᠵᠠᠯᠠᠵᠣ᠂ ᠵᠦᠭ᠌ ᠵᠦᠭ᠌ ᠲ᠋ᠤ ᠠᠷᠪᠠᠨ ᠨᠢᠬᠡᠨ ᠬᠠᠷᠢ ᠣᠯᠣᠰ ᠢ ᠣᠷᠣᠭᠣᠯᠵᠣ᠂ ᠠᠯᠳᠠᠨ ᠵᠢᠯᠣᠭᠣ ᠪᠠᠨ ᠲᠠᠳᠠᠵᠣ ᠰᠠᠯᠣᠯᠴᠠᠬᠣ ᠪᠣᠯᠬᠣ ᠳᠤ ᠶᠡᠬᠡ ᠠᠰᠠᠷ ᠪᠣᠰᠬᠠᠵᠣ ᠬᠣᠷᠢᠮ ᠢ ᠬᠣᠷᠢᠮᠯᠠᠪᠠ᠃ ᠡᠨᠠ ᠬᠣᠷᠢᠮ ᠲᠡᠬᠡᠷ᠎ᠡ ᠪᠢ ᠪᠦᠬᠥ ᠬᠠᠨ ᠬᠦᠪᠡᠭᠦᠳ ᠤᠨ ᠠᠬᠠᠮᠠᠳ ᠲᠣᠯᠠ ᠨᠢᠬᠡ ᠬᠣᠶᠠᠷ ᠠᠶᠠᠭ᠎ᠠ ᠰᠠᠷᠬᠣᠳ ᠲ᠋ᠡᠷᠢᠬᠥᠯᠡᠨ ᠣᠣᠭᠣᠪᠠ᠃ ᠬᠡᠳᠡᠯ᠎ᠡ᠂ ᠪᠦᠷᠢ ᠬᠦᠶᠥᠭ ᠬᠣᠶᠠᠷ ᠨᠠᠳᠠ ᠳᠤ ᠮᠠᠭᠣᠳᠠᠵᠣ ᠬᠣᠷᠢᠮ ᠡᠴᠡ ᠭᠠᠷᠴᠣ ᠤᠳᠪᠠ᠃ ᠶᠠᠪᠣᠬᠣ ᠳᠠᠭᠠᠨ ᠪᠦᠷᠢ ᠬᠡᠯᠡᠭ᠍ᠰᠡᠨ ᠨᠢ᠄ 〈ᠪᠠᠳᠣ ᠪᠢᠳᠠ ᠠᠳᠠᠯᠢ ᠪᠠᠢ᠌ᠳᠠᠯ᠎ᠠ᠂ ᠶᠠᠭᠠᠬᠢᠭᠠᠳ ᠲᠡᠷᠢᠬᠥᠯᠡᠨ ᠣᠣᠭᠣᠬᠣ ᠪᠢᠯᠠ︖ ᠲᠠᠷᠠ ᠰᠠᠴᠠᠭᠣᠷᠠᠬᠣ ᠰᠠᠨᠠᠭᠠᠳᠠᠢ ᠰᠠᠬᠠᠯᠳᠣ ᠡᠮᠠᠬᠡᠨ ᠤ ᠦᠰᠣᠬᠡᠢ ᠪᠠᠷ ᠲᠠᠪᠳᠠᠵᠣ ᠦᠯᠮᠡᠢ ᠪᠠᠷ ᠬᠢᠰᠬᠢᠴᠢᠬᠡᠬᠥ ᠶᠣᠮᠰᠠᠨ︕〉 ᠬᠡᠵᠡᠢ᠃ ᠬᠦᠶᠥᠭ ᠤᠨ ᠬᠡᠯᠡᠭ᠍ᠰᠡᠨ ᠨᠢ᠄ 〈ᠪᠢᠳᠠ ᠬᠣᠶᠠᠷ ᠲᠠᠷᠠ ᠨᠣᠮᠣ ᠰᠣᠮᠣ ᠠᠭᠰᠠᠭᠰᠠᠨ ᠡᠮᠠᠬᠡᠥᠨ ᠤᠨ ᠡᠬᠡᠮ ᠢ ᠬᠠᠷᠪᠣᠯᠳᠣᠶᠠ〉 ᠬᠡᠵᠡᠢ᠃ ᠡᠯᠵᠢᠬᠡᠳᠡᠢ ᠶᠢᠨ ᠬᠦᠪᠡᠬᠥᠨ ᠠᠷᠭᠠᠰᠣᠨ ᠤ ᠬᠡᠯᠡᠭ᠍ᠰᠡᠨ ᠨᠢ᠄ 〈ᠲᠠᠳᠠ ᠮᠣᠳᠣᠨ ᠰᠡᠬᠥᠯ ᠵᠠᠬᠥᠪᠡᠯ ᠵᠤᠬᠢᠨ᠎ᠠ〉 ᠬᠡᠪᠡ᠃ ᠪᠢᠳᠠ᠂ ᠬᠠᠷᠢ ᠡᠯᠢᠬᠡ ᠲᠡᠶ᠂ ᠲᠠᠭᠠᠭᠰᠠᠨ ᠣᠯᠣᠰ ᠤᠨ ᠲᠣᠳᠣᠷ᠎ᠠ ᠶᠠᠪᠣᠵᠣ ᠪᠠᠢ᠌ᠭ᠎ᠠ ᠣᠴᠢᠷ ᠵᠦᠢ ᠶᠢ ᠭᠠᠷᠭᠠᠵᠣ ᠬᠡᠯᠡᠭ᠍ᠰᠡᠨ ᠪᠣᠯᠪᠠᠴᠣ᠂ ᠪᠦᠷᠢ᠂ ᠬᠦᠶᠥᠭ ᠬᠣᠶᠠᠷ ᠲᠡᠬᠡᠵᠦ ᠬᠡᠷᠡᠬᠥᠯ ᠤᠨ ᠦᠬᠡ ᠶᠢ ᠬᠡᠯᠡᠬᠡᠥᠨ ᠨᠠᠢ᠌ᠷᠠᠮᠳᠠᠯ ᠦᠭᠡᠶ ᠲᠠᠷᠬᠠᠪᠠ᠃ ᠣᠳᠣ ᠶᠠᠭᠠᠬᠢᠬᠣ ᠶᠢ ᠬᠠᠭᠠᠨ ᠠᠪᠠᠭ᠎ᠠ ᠮᠡᠳᠡᠲᠦᠬᠡᠢ︕》 ᠬᠡᠵᠦ ᠦᠴᠢᠵᠦ ᠢᠯᠡᠬᠡᠵᠡᠢ᠃
276᠂ ᠪᠠᠳᠣ ᠶᠢᠨ ᠡᠨᠠ ᠦᠬᠡ ᠶᠢ ᠰᠣᠨᠣᠰᠣᠭᠠᠳ ᠦᠬᠡᠳᠡᠢ ᠬᠠᠭᠠᠨ ᠮᠠᠰᠢ ᠶᠡᠬᠡ ᠬᠢᠯᠢᠩᠨᠠᠵᠣ᠂ ᠬᠦᠶᠥᠭ ᠢ ᠪᠠᠷᠠᠯᠠᠬᠠᠭᠣᠯᠣᠭᠰᠠᠨ ᠦᠬᠡᠢ ᠪᠠᠷ ᠦᠬᠥᠯᠡᠷᠥᠨ᠄ 《ᠡᠨᠠ ᠲᠥᠷᠢᠮᠡᠬᠡᠢ ᠭᠠᠢ᠌ᠬᠠᠯ᠂ ᠬᠡᠨ ᠤ ᠦᠬᠡᠨ ᠳᠤ ᠣᠷᠣᠵᠣ ᠡᠠᠬ᠎ᠠ ᠬᠦᠮᠥᠨ ᠢ ᠠᠮᠨ ᠮᠠᠳᠠᠨ ᠲᠣᠷᠣᠮᠵᠢᠯᠠᠬᠣ ᠪᠣᠯᠪᠠ︖ ᠭᠠᠭᠴᠠ ᠮᠠᠭᠣ ᠦᠨᠳᠡᠬᠡ ᠢᠯᠵᠠᠷᠠᠵᠠᠢ᠃ ᠡᠠᠬ᠎ᠠ ᠬᠦᠮᠥᠨ ᠤ ᠦᠬᠡᠳᠡ ᠡᠴᠡ ᠡᠰᠡᠷᠬᠥᠴᠡᠭ᠍ᠰᠡᠨ ᠠᠵᠠᠢ᠃ ᠬᠠᠷᠢ ᠬᠣᠯᠠ ᠭᠠᠵᠠᠷ ᠬᠠᠢ᠌ᠭᠣᠯ ᠳᠤ ᠶᠠᠪᠣᠭᠣᠯᠵᠣ᠂ ᠠᠷᠪᠠᠨ ᠬᠣᠷᠣᠭᠣᠨ ᠤ ᠬᠢᠨᠢ ᠬᠢᠮᠣᠰᠣ ᠶᠢ ᠬᠠᠩᠵᠠᠷᠠᠳᠠᠯᠠ ᠠᠭᠣᠯᠠ ᠮᠠᠳᠣ ᠬᠣᠳᠠ ᠶᠢ ᠡᠵᠡᠯᠠᠬᠥᠯᠬᠥ ᠪᠠᠷ ᠣᠷᠣᠭᠰᠢ ᠵᠢᠣᠠᠬᠥᠬᠥᠯᠥᠢᠡ︕ ᠵᠠᠬ᠎ᠠ ᠬᠣᠯᠠ ᠭᠠᠵᠠᠷ ᠤᠨ ᠵᠠᠬᠢᠷᠣᠭᠴᠢ ᠪᠣᠯᠭᠠᠵᠣ ᠲᠠᠪᠣᠨ ᠬᠣᠷᠣᠭᠣᠨ ᠤ ᠬᠢᠨᠢ ᠬᠢᠮᠣᠰᠣ ᠶᠢ ᠲᠠᠮᠳᠣᠷᠠᠳᠠᠯᠠ ᠪᠠᠳᠣ ᠪᠠᠬᠢ ᠬᠣᠳᠠ ᠶᠢ ᠪᠠᠢ᠌ᠯᠳᠣᠭᠣᠯᠣᠨ ᠠᠪᠠᠷᠢᠭᠣᠯᠣᠶᠠ︕ ᠪᠣᠵᠠᠷ ᠮᠠᠭᠣ ᠲᠥᠷᠢᠮᠡᠬᠡᠢ ᠠᠷᠭᠠᠰᠣᠨ᠂ ᠬᠡᠨ ᠢ ᠲᠠᠭᠣᠷᠢᠶᠠᠵᠣ᠂ ᠪᠢᠳᠠᠨ ᠤ ᠣᠷᠣᠭ ᠤᠨ ᠬᠦᠮᠥᠨ ᠳᠤ ᠠᠮᠨ ᠭᠠᠷᠴᠣ ᠲᠣᠷᠣᠮᠵᠢᠯᠠᠳᠠᠭ ᠦᠬᠡ ᠬᠡᠯᠡᠪᠡ︖ ᠬᠦᠶᠥᠭ ᠠᠷᠭᠠᠰᠣᠨ ᠬᠣᠶᠠᠷ ᠢ ᠬᠠᠮᠳᠣ ᠢᠯᠡᠬᠡᠢ᠎ᠡ︕ ᠵᠦᠢ ᠨᠢ ᠠᠷᠭᠠᠰᠣᠨ ᠢ ᠠᠯᠠᠪᠠᠯ ᠵᠤᠬᠢᠬᠣ ᠪᠢᠯᠠ᠃ ᠬᠡᠳᠡᠯ᠎ᠡ᠂ ᠲᠠ ᠨᠡᠷ ᠠᠯᠠᠭᠴᠢᠯᠠᠪᠠ ᠬᠡᠬᠥ ᠪᠢᠵᠠ᠃ ᠪᠦᠷᠢ ᠶᠢᠨ ᠲᠣᠬᠠᠢ ᠪᠣᠯ ᠪᠠᠳᠣ ᠳᠣ ᠬᠡᠯᠡᠭ᠍ᠳᠥᠨ︕ ᠴᠠᠭᠠᠳᠠᠢ ᠡᠠᠬ᠎ᠠ ᠳᠤ ᠬᠡᠯᠡᠵᠦ ᠢᠯᠡᠬᠡᠲᠦᠬᠡᠢ︕ ᠴᠠᠭᠠᠳᠠᠢ ᠡᠠᠬ᠎ᠠ ᠮᠡᠳᠡᠲᠦᠬᠡᠢ︕》 ᠬᠡᠪᠡ᠃
277᠂ ᠬᠠᠭᠠᠨ ᠬᠦᠪᠡᠭᠦᠳ ᠡᠴᠡ ᠮᠠᠩᠬᠡᠢ᠂ ᠨᠣᠶᠠᠳ ᠡᠴᠡ ᠠᠯᠴᠢᠳᠠᠢ᠂ ᠬᠣᠩᠬᠣᠷᠳᠠᠢ᠂ ᠵᠠᠩᠬᠢ ᠲᠡᠷᠢᠬᠥᠳᠡᠨ ᠨᠣᠶᠠᠳ ᠲᠣᠷᠠᠳᠬᠠᠨ ᠦᠴᠢᠷᠥᠨ᠄ 《ᠴᠢᠩᠬᠢᠰ ᠬᠠᠭᠠᠨ ᠡᠴᠢᠬᠡ ᠶᠢᠨ ᠴᠢᠨᠢ ᠵᠠᠷᠯᠢᠭ ᠪᠢᠯᠠ᠄ ᠬᠡᠬᠡᠷ᠎ᠡ ᠶᠢᠨ ᠣᠢ᠌ᠯᠠ ᠶᠢ ᠬᠡᠬᠡᠷ᠎ᠡ ᠰᠢᠳᠬᠡᠵᠦ᠂ ᠬᠡᠷ ᠤᠨ ᠦᠢᠯᠡ ᠶᠢ ᠬᠡᠷ ᠲᠤ ᠰᠢᠳᠬᠡᠬᠥ ᠪᠢᠯᠠ᠃ ᠬᠠᠭᠠᠨ᠂ ᠣᠳᠣ ᠬᠦᠶᠥᠭ ᠲᠤ ᠬᠢᠯᠢᠩᠨᠠᠵᠣ ᠪᠠᠢ᠌ᠨ᠎ᠠ᠂ ᠡᠨᠠ ᠪᠣᠯ ᠬᠡᠬᠡᠷ᠎ᠡ ᠶᠢᠨ ᠣᠢ᠌ᠯᠠ ᠬᠡᠷᠡᠭ ᠮᠦᠨ᠂ ᠬᠠᠭᠠᠨ ᠰᠣᠶᠣᠷᠬᠠᠪᠠᠯ ᠡᠨᠠ ᠬᠡᠷᠡᠭ ᠢ ᠪᠠᠳᠣ ᠳᠤ ᠲᠣᠰᠢᠶᠠᠵᠣ ᠢᠯᠡᠬᠡᠪᠡᠯ ᠪᠣᠯᠬᠣ ᠦᠦ︖》 ᠬᠡᠵᠦ ᠦᠴᠢᠪᠡᠯ ᠡᠨᠠ ᠦᠬᠡ ᠶᠢ ᠬᠠᠭᠠᠨ ᠵᠦᠪᠰᠢᠶᠡᠷᠡᠵᠤ ᠲᠠᠢ᠌ᠳᠬᠣᠷᠠᠭᠠᠳ᠂ ᠬᠦᠶᠥᠭ ᠢ ᠠᠭᠣᠯᠵᠠᠭᠣᠯᠵᠣ ᠪᠣᠷᠣᠭᠣᠰᠢᠶᠠᠨ ᠲᠣᠩᠭ᠋ᠣᠳᠴᠣ ᠰᠣᠷᠭᠠᠭᠰᠠᠨ ᠨᠢ᠄ 《ᠠᠶᠠᠨ ᠳᠤ ᠶᠠᠪᠣᠬᠣ ᠵᠠᠭᠣᠷ᠎ᠠ ᠡᠷᠠᠬᠥᠯ ᠪᠥᠭ᠍ᠰᠡ ᠲᠡᠶ ᠬᠦᠮᠥᠨ ᠢ ᠡᠰᠠ ᠦᠯᠠᠳᠡᠬᠡᠭ᠍ᠰᠡᠨ ᠬᠡᠨ᠎ᠡ ᠴᠢ᠂ ᠴᠡᠷᠢᠭ᠌ ᠤᠨ ᠬᠦᠮᠥᠨ ᠤ ᠨᠢᠭᠣᠷ ᠤᠨ ᠠᠷᠠᠰᠣ ᠵᠢ ᠬᠠᠣᠯᠠᠵᠣ ᠶᠠᠪᠣᠭᠰᠠᠨ ᠬᠡᠨ᠎ᠡ᠂ ᠴᠢ᠃ ᠴᠢᠨᠣ ᠲᠠᠷᠠ ᠠᠭᠣᠷ ᠬᠢᠯᠢᠩ ᠡᠴᠡ ᠠᠶᠣᠵᠣ᠂ ᠣᠷᠣᠰ ᠣᠯᠣᠰ ᠢ ᠲᠠᠭᠠᠵᠣ ᠣᠷᠣᠭᠰᠠᠨ ᠬᠡᠵᠦ ᠪᠣᠳᠣᠵᠣ ᠪᠠᠢ᠌ᠨ᠎ᠠ ᠦᠦ︖ ᠴᠢ ᠣᠷᠣᠰ ᠢᠷᠬᠡᠨ ᠢ ᠭᠠᠭᠴᠠᠭᠠᠷ ᠲᠠᠭᠠᠭᠣᠯᠵᠣ ᠣᠷᠣᠭᠣᠯᠣᠭᠰᠠᠨ ᠮᠠᠳᠣ ᠰᠠᠨᠠᠵᠣ᠂ ᠪᠠᠷᠳᠠᠮ ᠣᠮᠣᠭ ᠭᠠᠷᠭᠠᠵᠣ᠂ ᠡᠠᠬ᠎ᠠ ᠬᠦᠮᠥᠨ ᠤ ᠦᠬᠡᠳᠡ ᠡᠴᠡ ᠡᠰᠡᠷᠬᠥᠴᠡᠪᠡ ᠦᠦ︖ ᠴᠢᠩᠬᠢᠰ ᠬᠠᠭᠠᠨ ᠡᠴᠢᠬᠡ ᠶᠢᠨ ᠵᠠᠷᠯᠢᠭ ᠲᠤ᠄ ᠣᠯᠠᠨ ᠬᠦᠮᠥᠨ ᠬᠦᠴᠦ ᠲᠡᠶ᠂ ᠬᠦᠨ ᠣᠰᠣ ᠠᠶᠣᠯ ᠲᠡᠶ︕ ᠬᠡᠵᠦ ᠪᠣᠢ ᠪᠢᠰᠢᠤ᠃ ᠰᠦᠪᠡᠬᠡᠳᠡᠢ ᠪᠦᠵᠢᠭ᠌ ᠬᠣᠶᠠᠷ ᠤᠨ ᠲᠠᠯᠠᠪᠴᠢ ᠲᠣᠣᠷ᠎ᠠ ᠶᠠᠪᠣᠵᠣ ᠣᠯᠠᠨ ᠪᠦᠬᠥᠳᠡᠬᠡᠷ ᠬᠠᠮᠰᠠᠵᠣ᠂ ᠣᠷᠣᠰ᠂ ᠬᠢᠪᠴᠠᠭ ᠤᠳ ᠢ ᠣᠷᠣᠭᠣᠯᠵᠣ ᠠᠪᠣᠭᠰᠠᠨ ᠪᠠᠢ᠌ᠳᠠᠯ᠎ᠠ᠂ ᠴᠢ ᠠᠩᠬ᠎ᠠ ᠣᠳᠠᠭ᠎ᠠ ᠬᠡᠷ ᠡᠴᠡ ᠭᠠᠷᠣᠭᠠᠳ ᠣᠷᠣᠰ᠂ ᠬᠢᠪᠴᠠᠭ ᠤᠳ ᠤᠨ ᠨᠢᠬᠡ ᠴᠣ ᠬᠦᠮᠥᠨ ᠢ ᠣᠯᠵᠣ ᠪᠠᠷᠢᠭᠰᠠᠨ ᠦᠭᠡᠶ᠂ ᠠᠳᠠᠭᠯᠠᠪᠠᠯ ᠢᠰᠢᠬᠡ ᠶᠢᠨ ᠰᠢᠬᠢᠷ᠎ᠠ ᠴᠤ ᠣᠯᠵᠣ ᠠᠪᠣᠭᠰᠠᠨ ᠦᠭᠡᠶ ᠪᠠᠢ᠌ᠵᠣ᠂ ᠡᠷᠡᠮᠠᠬᠡᠢ ᠲ᠋ᠥᠷᠢᠮᠡᠬᠡᠢ ᠵᠠᠩ ᠭᠠᠷᠭᠠᠵᠣ᠂ ᠡᠢ᠌ᠮᠣ ᠲᠠᠢ᠌ᠮᠣ ᠦᠬᠡ ᠬᠡᠯᠡ ᠪᠣᠯᠵᠣ᠂ ᠭᠠᠭᠴᠠ ᠪᠠᠶ᠎ᠠ ᠪᠠᠨ ᠭᠠᠢ᠌ᠬᠠᠭᠤᠯᠵᠤ ᠶᠠᠪᠣᠳᠠᠭ ᠴᠢᠨᠢ ᠶᠠᠭᠣ ᠪᠣᠢ︖ ᠬᠠᠷᠢᠨ ᠠᠯᠴᠢᠳᠠᠢ᠂ ᠬᠣᠩᠬᠣᠷᠳᠠᠢ᠂ ᠵᠠᠩᠬᠢ ᠨᠡᠷ᠂ ᠪᠣᠷᠬᠢᠯᠣᠭᠰᠠᠨ ᠵᠢᠷᠥᠬᠡ ᠶᠢ ᠲᠠᠷᠣᠬᠣ ᠨᠦᠬᠥᠷ ᠪᠣᠯᠵᠣ᠂ ᠪᠣᠴᠠᠯᠣᠭᠰᠠᠨ ᠣᠰᠤ ᠶᠢ ᠰᠡᠪᠢᠬᠥ ᠰᠢᠨᠠᠭ᠎ᠠ ᠪᠣᠯᠵᠣ᠂ ᠠᠭᠣᠷ ᠬᠢᠯᠢᠩ ᠢ ᠮᠢᠨᠢ ᠠᠮᠣᠷᠢᠯᠠᠭᠣᠯᠪᠠ᠃ ᠬᠡᠬᠡᠷ᠎ᠡ ᠪᠣᠯᠣᠭᠰᠠᠨ ᠬᠡᠷᠡᠭ ᠲᠣᠯᠠ ᠡᠬᠥᠨ ᠢ ᠪᠠᠳᠣ ᠰᠢᠳᠬᠡᠪᠡᠯ ᠵᠤᠬᠢᠨ᠎ᠠ᠃ ᠬᠦᠶᠥᠭ᠂ ᠠᠷᠭᠠᠰᠣᠨ ᠬᠣᠶᠠᠷ ᠢ ᠪᠠᠳᠣ ᠮᠡᠳᠡᠲᠦᠬᠡᠢ︕ ᠪᠦᠷᠢ ᠶᠢ ᠴᠠᠭᠠᠳᠠᠢ ᠡᠠᠬ᠎ᠠ ᠮᠠᠳᠠᠵᠣ ᠰᠢᠳᠬᠡᠲᠦᠬᠡᠢ︕》 ᠬᠡᠪᠡ᠃
278᠂ ᠪᠠᠰᠠ ᠦᠬᠡᠳᠡᠢ ᠬᠠᠭᠠᠨ ᠵᠠᠷᠯᠢᠭ ᠪᠣᠯᠣᠷᠣᠨ᠄ 《ᠴᠢᠩᠬᠢᠰ ᠬᠠᠭᠠᠨ ᠡᠴᠢᠬᠡ ᠶᠢ ᠮᠢᠨᠢ ᠬᠠᠮᠠᠭᠠᠯᠠᠵᠣ ᠶᠠᠪᠣᠭᠰᠠᠨ ᠬᠡᠪᠳᠡᠬᠥᠯ᠂ ᠬᠣᠷᠴᠢᠨ᠂ ᠲᠣᠷᠬᠠᠭ ᠤᠳ᠂ ᠪᠦᠬᠥ ᠬᠡᠰᠢᠭ᠍ᠳᠡᠨ ᠤ ᠲᠣᠬᠠᠢ ᠨᠠᠢ᠌ᠳᠠ ᠳᠤ ᠲᠣᠩᠬᠠᠭ ᠵᠠᠷᠯᠢᠭ ᠢ ᠪᠠᠭᠣᠯᠭᠠᠬᠣ ᠨᠢ᠄ ᠬᠠᠭᠠᠨ ᠡᠴᠢᠬᠡ ᠶᠢᠨ ᠵᠠᠷᠯᠢᠭ ᠢ ᠣᠷᠢᠳᠣ ᠶᠢᠨ ᠶᠣᠰᠣ ᠪᠠᠷ ᠲᠠᠭᠠᠵᠣ ᠶᠠᠪᠣᠳᠣᠭᠠᠢ︕ ᠬᠣᠷᠴᠢᠨ᠂ ᠲᠣᠷᠬᠠᠭ ᠤᠳ ᠣᠷᠢᠳᠣ ᠶᠣᠰᠣ ᠪᠠᠷ ᠡᠳᠣᠷ ᠲᠠᠷᠠᠭᠠᠯᠠᠨ ᠡᠬᠡᠯᠵᠢᠯᠡᠨ ᠮᠠᠨᠠᠵᠣ᠂ ᠨᠠᠷᠠᠨ ᠰᠢᠩᠬᠡᠮᠡᠭ᠍ᠴᠡ ᠡᠬᠥᠷᠬᠡ ᠪᠠᠨ ᠬᠡᠪᠳᠡᠬᠥᠯ ᠳᠤ ᠰᠢᠯᠵᠢᠬᠥᠯᠦᠬᠡᠥᠨ ᠭᠠᠳᠠᠨ᠎ᠠ ᠭᠠᠷᠴᠣ ᠬᠣᠨᠣᠳᠣᠭᠠᠢ᠃ ᠰᠦᠨᠢ ᠪᠢᠳᠠᠨ ᠤ ᠬᠡᠷ ᠢ ᠬᠣᠷᠴᠢᠨ ᠬᠡᠪᠳᠡᠬᠥᠯ ᠰᠠᠬᠢᠳᠣᠭᠠᠢ᠃ ᠨᠠᠷᠠᠨ ᠰᠢᠩᠬᠡᠭ᠍ᠰᠡᠨ ᠤ ᠬᠤᠢ᠌ᠨ᠎ᠠ ᠰᠦᠨᠢ ᠶᠠᠪᠣᠬᠣ ᠠᠷᠠᠳ ᠢ ᠬᠡᠪᠳᠡᠬᠥᠯ ᠪᠠᠷᠢᠵᠣ ᠬᠣᠨᠣᠳᠣᠭᠠᠢ᠃ ᠣᠯᠠᠨ ᠬᠦᠮᠥᠨ ᠢ ᠲᠠᠷᠬᠠᠭᠰᠠᠨ ᠤ ᠰᠡᠬᠥᠯᠡᠷ ᠬᠣᠨᠣᠭᠰᠠᠨ ᠬᠡᠪᠳᠡᠬᠥᠯ ᠡᠴᠡ ᠦᠬᠡᠷ᠎ᠡ ᠬᠦᠮᠥᠨ ᠲᠣᠳᠣᠭᠰᠢ ᠣᠷᠳᠣᠨ ᠳᠤ ᠣᠷᠣᠪᠠᠯ᠂ ᠬᠡᠪᠳᠡᠬᠥᠯ ᠮᠠᠨᠠᠭᠠᠴᠢ ᠲᠠᠷᠠ ᠬᠦᠮᠥᠨ ᠤ ᠲᠣᠯᠣᠭᠠᠢ ᠶᠢ ᠴᠠᠪᠴᠢᠵᠣ ᠬᠠᠶᠠᠳᠣᠭᠠᠢ᠂ ᠰᠦᠨᠢ ᠶᠠᠭᠠᠷᠠᠯᠳᠠᠢ ᠮᠡᠳᠡᠬᠡ ᠶᠢ ᠬᠦᠮᠥᠨ ᠬᠦᠷᠬᠡᠵᠦ ᠢᠷᠠᠪᠠᠯ ᠬᠡᠪᠳᠡᠬᠥᠯ ᠤᠨ ᠬᠠᠮᠳᠣ ᠬᠡᠷ ᠤᠨ ᠬᠤᠢ᠌ᠨ᠎ᠠ ᠪᠠᠢ᠌ᠵᠣ᠂ ᠮᠡᠳᠡᠬᠡ ᠪᠠᠨ ᠬᠡᠯᠡᠲᠦᠬᠡᠢ︕ ᠣᠷᠳᠣ ᠬᠡᠷ ᠲᠤ ᠣᠷᠣᠬᠣ ᠭᠠᠷᠬᠣ ᠪᠦᠬᠥ ᠵᠦᠢᠯ ᠢ ᠬᠣᠩᠬᠣᠷᠳᠠᠢ᠂ ᠰᠢᠷᠠᠬᠠᠨ ᠬᠣᠶᠠᠷ ᠬᠡᠪᠳᠡᠬᠥᠯ ᠤᠨ ᠬᠠᠮᠳᠣ ᠡᠯᠪᠠᠵᠣ ᠡᠷᠬᠢᠯᠠᠨ ᠮᠡᠳᠡᠲᠦᠬᠡᠢ᠃ ᠡᠯᠵᠢᠬᠡᠳᠡᠢ ᠢᠳᠡᠬᠡᠯ ᠲ᠋ᠠᠢ ᠬᠦᠮᠥᠨ ᠪᠣᠯᠪᠠᠴᠣ ᠦᠳᠡᠰᠢ ᠬᠡᠪᠳᠡᠬᠥᠯ ᠤᠨ ᠲᠡᠷᠬᠡᠳᠡᠬᠥᠷ ᠶᠠᠪᠣᠭᠠᠳ ᠬᠡᠪᠳᠡᠬᠥᠯ ᠳᠤ ᠪᠠᠷᠢᠭᠳᠠᠭᠰᠠᠨ ᠤ ᠠᠳᠠᠯᠢ ᠪᠠᠷ ᠵᠠᠷᠯᠢᠭ ᠢ ᠲᠠᠭᠠᠵᠣ᠂ ᠬᠡᠳᠥᠢ ᠢᠳᠡᠬᠡᠯ ᠲᠡᠶ ᠬᠦᠮᠥᠨ ᠪᠣᠯᠪᠠᠴᠣ ᠬᠡᠪᠳᠡᠬᠥᠯ ᠤᠨ ᠣᠢ᠌ᠷ᠎ᠠ ᠣᠴᠢᠵᠣ ᠦᠯᠤ ᠪᠣᠯᠬᠣ ᠪᠠ ᠬᠡᠪᠳᠡᠬᠥᠯ ᠤᠨ ᠲᠣᠭ᠎ᠠ ᠶᠢ ᠠᠰᠠᠭᠣᠵᠣ ᠦᠯᠤ ᠪᠣᠯᠣᠨ᠎ᠠ᠃ ᠬᠡᠪᠳᠡᠬᠥᠯ ᠤᠨ ᠲᠡᠷᠬᠡᠳᠡᠬᠥᠷ ᠪᠦᠤ ᠶᠠᠪᠣᠳᠣᠭᠠᠢ︕ ᠬᠡᠪᠳᠡᠬᠥᠯ ᠤᠨ ᠵᠠᠪᠰᠠᠷ ᠶᠢᠠᠷ ᠪᠦᠤ ᠶᠠᠪᠣᠳᠣᠭᠠᠢ︕ ᠬᠡᠪᠳᠡᠬᠥᠯ ᠤᠨ ᠲᠡᠷᠬᠡᠳᠡᠬᠥᠷ ᠶᠠᠪᠣᠵᠣ᠂ ᠬᠡᠪᠳᠡᠬᠥᠯ ᠤᠨ ᠵᠠᠪᠰᠠᠷ ᠶᠢᠠᠷ ᠣᠷᠣᠭᠰᠠᠨ ᠠᠷᠠᠳ ᠢ ᠬᠡᠪᠳᠡᠬᠥᠯ ᠪᠠᠷᠢᠳᠣᠭᠠᠢ︕ ᠬᠡᠪᠳᠡᠬᠥᠯ ᠤᠨ ᠲᠣᠭ᠎ᠠ ᠠᠰᠠᠭᠣᠭᠰᠠᠨ ᠬᠦᠮᠥᠨ ᠢ ᠲᠠᠷᠠ ᠡᠳᠣᠷ ᠤᠨ ᠣᠨᠣᠵᠣ ᠶᠠᠪᠣᠭᠰᠠᠨ ᠡᠮᠠᠬᠡᠯ ᠬᠠᠵᠠᠭᠠᠷ ᠲᠡᠶ ᠮᠣᠷᠢ ᠶᠢ ᠪᠦᠬᠥ ᠬᠣᠪᠴᠠᠰᠣᠨ ᠤ ᠬᠠᠮᠳᠣ ᠬᠡᠪᠳᠡᠬᠥᠯ ᠠᠪᠣᠳᠣᠭᠠᠢ᠃ ᠬᠡᠪᠳᠡᠬᠥᠯ ᠤᠨ ᠪᠠᠢ᠌ᠷᠢᠨ ᠤ ᠲᠡᠬᠡᠷ᠎ᠡ ᠬᠡᠨ ᠴᠤ ᠰᠠᠭᠣᠵᠣ ᠦᠯᠤ ᠪᠣᠯᠣᠨ᠎ᠠ᠃ ᠬᠡᠪᠳᠡᠬᠥᠯ᠂ ᠲᠣᠭ ᠬᠡᠩᠬᠡᠷᠬᠡ᠂ ᠲᠥᠷᠣᠬᠡ᠂ ᠵᠢᠳᠠ᠂ ᠠᠶᠠᠭ᠎ᠠ ᠰᠠᠪᠠ ᠶᠢ ᠠᠰᠠᠷᠠᠵᠣ ᠬᠠᠳᠠᠭᠠᠯᠠᠳᠣᠭᠠᠢ︕ ᠢᠳᠡᠬᠡ ᠣᠮᠳᠠ᠂ ᠠᠷᠢᠬᠢ ᠠᠢ᠌ᠷᠠᠭ᠂ ᠮᠢᠬ᠎ᠠ ᠰᠢᠬᠥᠰᠦ ᠶᠢ ᠬᠡᠪᠳᠡᠬᠥᠯ ᠲᠠᠷᠣᠭᠠᠯᠠᠵᠣ ᠮᠡᠳᠡᠲᠦᠬᠡᠢ︕》 ᠬᠡᠵᠦ ᠵᠠᠷᠯᠢᠭ ᠪᠣᠯᠪᠠ᠃ 《ᠣᠷᠳᠣ ᠲᠡᠷᠬᠡ ᠶᠢ ᠬᠡᠪᠳᠡᠬᠥᠯ ᠠᠰᠠᠷᠠᠵᠣ ᠮᠡᠳᠡᠲᠦᠬᠡᠢ︕ ᠪᠢᠳᠠᠨ ᠤ ᠪᠠᠶ᠎ᠠ ᠪᠠᠢ᠌ᠯᠳᠣᠭᠠᠨ ᠳᠤ ᠡᠰᠠ ᠮᠣᠷᠳᠠᠪᠠᠯ᠂ ᠬᠡᠪᠳᠡᠬᠥᠯ ᠪᠢᠳᠡᠨ ᠡᠴᠡ ᠠᠩᠬᠢᠳᠠ ᠴᠡᠷᠢᠭ᠌ ᠲᠤ ᠪᠦᠤ ᠮᠣᠷᠳᠠᠳᠣᠭᠠᠢ︕ ᠪᠢᠳᠠᠨ ᠢ ᠰᠢᠪᠠᠭᠣ ᠠᠪᠠᠯᠠᠬᠣ ᠳᠤ ᠬᠡᠪᠳᠡᠬᠥᠯ ᠤᠨ ᠵᠠᠷᠢᠮ ᠨᠢ ᠣᠷᠳᠣ ᠬᠡᠷ᠂ ᠲᠡᠷᠬᠡ ᠶᠢ ᠰᠠᠬᠢᠵᠣ᠂ ᠵᠠᠷᠢᠮ ᠨᠢ ᠪᠢᠳᠠᠨ ᠲᠡᠶ ᠬᠠᠮᠳᠣ ᠶᠠᠪᠣᠳᠣᠭᠠᠢ︕ ᠬᠡᠪᠳᠡᠬᠥᠯᠴᠢᠨ᠂ ᠨᠣᠳᠣᠭ ᠦᠵᠡᠵᠦ᠂ ᠣᠷᠳᠣ ᠦᠷᠬᠥᠬᠡ ᠶᠢ ᠨᠡᠬᠥᠯᠬᠡᠵᠦ ᠪᠠᠭᠣᠯᠭᠠᠳᠣᠭᠠᠢ︕ ᠣᠷᠳᠣᠨ ᠤ ᠡᠬᠥᠳᠡᠨ ᠳᠤ ᠬᠠᠭᠠᠯᠭᠠᠴᠢᠨ ᠬᠡᠪᠳᠡᠬᠥᠯ ᠦᠷᠬᠥᠯᠵᠢ ᠰᠠᠬᠢᠵᠣ ᠪᠠᠢ᠌ᠳᠣᠭᠠᠢ︕ ᠪᠦᠬᠥ ᠬᠡᠪᠳᠡᠬᠥᠯ ᠢ ᠮᠢᠩᠭ᠋ᠠᠨ ᠤ ᠨᠣᠶᠠᠨ ᠬᠠᠳᠠᠭᠠᠨ ᠵᠠᠬᠢᠷᠴᠣ ᠮᠡᠳᠡᠲᠦᠬᠡᠢ︕》 ᠬᠡᠵᠦ ᠵᠠᠷᠯᠢᠭ ᠪᠣᠯᠪᠠ᠃ 《ᠪᠠᠰᠠ ᠬᠡᠪᠳᠡᠬᠥᠯ ᠤᠨ ᠡᠬᠡᠯᠵᠢ ᠬᠡᠰᠢᠭ᠌ ᠤᠨ ᠨᠣᠶᠠᠳ ᠬᠠᠳᠠᠭᠠᠨ ᠪᠣᠯᠬᠠᠳᠠᠷ ᠬᠣᠶᠠᠷ᠂ ᠨᠢᠬᠡ ᠡᠬᠡᠯᠵᠢ ᠪᠣᠯᠣᠨ ᠬᠠᠪᠰᠣᠷᠴᠣ᠂ ᠨᠢᠬᠡ ᠡᠬᠡᠯᠵᠢ ᠪᠣᠯᠣᠨ ᠮᠠᠨᠠᠵᠣ᠂ ᠣᠷᠳᠣᠨ ᠤ ᠪᠠᠷᠠᠭᠣᠨ ᠵᠡᠬᠦᠨ ᠡᠳᠡᠬᠡᠥᠨ ᠲᠤ ᠣᠨᠣᠭᠳᠠᠭᠰᠠᠨ ᠬᠠᠭᠠᠰ ᠡᠴᠡ ᠰᠡᠷᠬᠡᠢ᠌ᠯᠡᠵᠦ ᠮᠠᠨᠠᠳᠣᠭᠠᠢ᠃ ᠠᠮᠠᠯ ᠴᠠᠨᠠᠷ ᠬᠣᠶᠠᠷ ᠬᠠᠪᠰᠣᠷᠴᠣ ᠨᠢᠬᠡ ᠡᠬᠡᠯᠵᠢ ᠪᠣᠯᠵᠣ ᠣᠷᠳᠣᠨ ᠤ ᠪᠠᠷᠠᠭᠣᠨ ᠵᠠᠬᠥᠨ ᠡᠳᠡᠬᠡᠥᠨ ᠲᠤ ᠣᠨᠣᠭᠳᠠᠭᠰᠠᠨ ᠬᠠᠭᠠᠰ ᠶᠢᠠᠨ ᠰᠡᠷᠬᠡᠢ᠌ᠯᠡᠨ ᠮᠠᠨᠠᠳᠣᠭᠠᠢ︕ ᠬᠠᠳᠠᠢ ᠬᠤᠷᠢᠴᠡᠷ ᠬᠣᠶᠠᠷ ᠬᠠᠪᠰᠤᠷᠴᠤ ᠨᠢᠬᠡᠨ ᠡᠬᠡᠯᠵᠢ ᠪᠣᠯᠣᠨ ᠣᠷᠣᠵᠣ ᠣᠷᠳᠣᠨ ᠤ ᠪᠠᠷᠠᠭᠣᠨ ᠵᠠᠬᠥᠨ ᠡᠳᠡᠬᠡᠥᠨ ᠲᠤ ᠣᠨᠣᠭᠳᠠᠭᠰᠠᠨ ᠬᠠᠭᠠᠰ ᠶᠢᠠᠨ ᠰᠠᠬᠢᠵᠣ ᠮᠠᠨᠠᠳᠣᠭᠠᠢ︕ ᠶᠠᠯᠪᠠᠭ ᠬᠠᠷᠠᠭᠣᠳᠠᠷ ᠬᠣᠶᠠᠷ ᠬᠠᠪᠰᠣᠷᠴᠣ ᠨᠢᠬᠡ ᠡᠬᠡᠯᠵᠢ ᠪᠣᠯᠣᠨ ᠣᠷᠣᠵᠣ ᠣᠷᠳᠣᠨ ᠤ ᠪᠠᠷᠠᠭᠣᠨ ᠡᠳᠡᠬᠡᠥᠨ ᠲ᠋ᠤ ᠣᠨᠣᠭᠳᠠᠭᠰᠠᠨ ᠬᠠᠭᠠᠰ ᠶᠢᠠᠨ ᠰᠠᠬᠢᠵᠣ ᠮᠠᠨᠠᠳᠣᠭᠠᠢ︕ ᠪᠠᠰᠠ ᠬᠠᠳᠠᠭᠠᠨ᠂ ᠪᠣᠯᠬᠠᠳᠠᠷ ᠤᠨ ᠡᠬᠡᠯᠵᠢ᠂ ᠠᠮᠠᠯ᠂ ᠴᠠᠨᠠᠷ ᠤᠨ ᠡᠬᠡᠯᠵᠢ᠂ ᠡᠨᠠ ᠬᠣᠶᠠᠷ ᠡᠬᠡᠯᠵᠢ ᠵᠢᠰᠢᠶᠠᠨ ᠤ ᠮᠠᠨᠠᠭᠠᠴᠢᠳ ᠣᠷᠳᠣᠨ ᠤ ᠵᠠᠬᠥᠨ ᠡᠳᠡᠬᠡᠥᠨ ᠲᠤ ᠪᠠᠢ᠌ᠷᠢᠯᠠᠵᠣ ᠰᠠᠭᠣᠳᠣᠭᠠᠢ᠃ ᠬᠠᠳᠠᠢ ᠬᠣᠷᠢᠴᠠᠷ ᠬᠣᠶᠠᠷ ᠤᠨ ᠡᠬᠡᠯᠵᠢ᠂ ᠶᠠᠯᠪᠠᠭ ᠬᠠᠷᠠᠭᠣᠳᠠᠷ ᠬᠣᠶᠠᠷ ᠤᠨ ᠡᠬᠡᠯᠵᠢ ᠡᠨᠠ ᠬᠣᠶᠠᠷ ᠡᠬᠡᠯᠵᠢ ᠵᠢᠰᠢᠶᠠᠨ ᠤ ᠮᠠᠨᠠᠭᠠᠴᠢᠳ ᠣᠷᠳᠣᠨ ᠤ ᠪᠠᠷᠠᠭᠣᠨ ᠡᠳᠡᠬᠡᠥᠨ ᠲᠤ ᠪᠠᠢ᠌ᠷᠢᠯᠠᠵᠣ ᠰᠠᠭᠣᠳᠣᠭᠠᠢ᠃ ᠡᠨᠠ ᠲᠥᠷᠪᠡᠨ ᠡᠬᠡᠯᠵᠢ ᠶᠢᠨ ᠬᠡᠪᠳᠡᠬᠥᠯ ᠢ ᠬᠠᠳᠠᠭᠠᠨ ᠨᠣᠶᠠᠨ ᠵᠠᠬᠢᠷᠣᠨᠠ᠃ ᠪᠠᠰᠠ ᠬᠡᠪᠳᠡᠬᠥᠯ ᠮᠢᠨᠣ ᠪᠠᠶ᠎ᠠ ᠶᠢᠨ ᠰᠢᠳᠠᠷ ᠣᠷᠳᠣ ᠶᠢ ᠲᠣᠭᠣᠷᠢᠨ ᠪᠠᠢ᠌ᠵᠣ ᠡᠬᠥᠳᠡ ᠶᠢ ᠰᠠᠬᠢᠵᠣ ᠬᠠᠷᠠᠭᠠᠯᠵᠠᠳᠣᠭᠠᠢ᠃ ᠬᠡᠪᠳᠡᠬᠥᠯ ᠤᠨ ᠬᠣᠶᠠᠷ ᠬᠦᠮᠥᠨ ᠣᠷᠳᠣᠨ ᠳᠤ ᠣᠷᠣᠵᠣ ᠰᠦᠩ ᠲᠥᠰᠢᠵᠦ ᠪᠠᠷᠢᠳᠣᠭᠠᠢ︕》 ᠬᠡᠵᠦ ᠵᠠᠷᠯᠢᠭ ᠪᠣᠯᠪᠠ᠃ 《ᠪᠠᠰᠠ ᠬᠣᠷᠴᠢᠨ ᠢ ᠵᠠᠬᠢᠷᠣᠭᠰᠠᠨ ᠶᠢᠰᠦᠠᠳᠡᠬᠡ᠂ ᠪᠦᠬᠢᠳᠡᠢ᠂ ᠬᠣᠷᠬᠣᠳᠠᠭ᠂ ᠯᠠᠪᠯᠠᠬᠠ ᠲᠥᠷᠪᠡᠬᠥᠯᠡ ᠨᠣᠮᠣ ᠰᠣᠮᠣ ᠠᠭᠰᠠᠭᠰᠠᠨ ᠲᠣᠷᠬᠠᠭ ᠤᠳ ᠶᠢᠠᠨ ᠲᠥᠷᠪᠡᠨ ᠡᠬᠡᠯᠵᠢ ᠪᠣᠯᠭᠠᠵᠣ᠂ ᠡᠬᠡᠯᠵᠢ ᠪᠦᠷᠢ ᠶᠢᠨ ᠬᠣᠷᠴᠢᠨ ᠶᠢᠠᠨ ᠵᠠᠬᠢᠷᠣᠨ ᠣᠷᠣᠵᠣ ᠰᠠᠬᠢᠳᠣᠭᠠᠢ︕》 ᠬᠡᠵᠦ ᠵᠠᠷᠯᠢᠭ ᠪᠣᠯᠪᠠ᠃ 《ᠪᠠᠰᠠ ᠲᠣᠷᠬᠠᠭ ᠤᠳ ᠤᠨ ᠡᠬᠡᠯᠵᠢ ᠶᠢᠨ ᠠᠬᠠᠯᠠᠭᠴᠢᠳ ᠢ ᠣᠷᠢᠳᠠ ᠶᠢᠨ ᠵᠠᠬᠢᠷᠣᠨ ᠮᠠᠳᠠᠵᠣ ᠪᠠᠢ᠌ᠭᠰᠠᠨ ᠬᠦᠮᠥᠨ ᠤ ᠣᠷᠣᠭ ᠡᠴᠡ ᠪᠣᠯᠭᠠᠵᠣ᠂ ᠣᠷᠢᠳᠠ ᠮᠠᠳᠠᠵᠣ ᠪᠠᠢ᠌ᠭᠰᠠᠨ ᠠᠯᠴᠢᠳᠠᠢ ᠬᠣᠩᠬᠣᠷᠳᠠᠢ ᠬᠣᠶᠠᠷ ᠬᠠᠪᠰᠣᠷᠴᠣ ᠨᠢᠬᠡ ᠡᠬᠡᠯᠵᠢ ᠲᠣᠷᠬᠠᠭ ᠤᠳ ᠢ ᠵᠠᠬᠢᠷᠴᠣ ᠣᠷᠣᠳᠣᠭᠠᠢ᠃ ᠲᠠᠮᠣᠳᠠᠷ ᠵᠡᠬᠦ ᠬᠣᠶᠠᠷ ᠬᠠᠪᠰᠣᠷᠴᠣ ᠨᠢᠬᠡ ᠡᠬᠡᠯᠵᠢ ᠲᠣᠷᠬᠠᠭ ᠤᠳ ᠢ ᠵᠠᠬᠢᠷᠴᠣ ᠣᠷᠣᠳᠣᠭᠠᠢ︕ ᠮᠠᠩᠭ᠋ᠣᠳᠠᠢ ᠬᠡᠵᠢᠬᠡᠯᠡᠬᠥᠯ (ᠳᠤᠰᠠᠯᠠᠬᠤ) ᠨᠢᠬᠡᠨ ᠡᠬᠡᠯᠵᠢ ᠶᠢᠨ ᠲᠣᠷᠬᠠᠭ ᠤᠳ ᠢ ᠵᠠᠬᠢᠷᠴᠣ ᠣᠷᠣᠳᠣᠭᠠᠢ︕》 ᠪᠠᠰᠠ ᠬᠠᠭᠠᠨ ᠵᠠᠷᠯᠢᠭ ᠪᠣᠯᠣᠷᠣᠨ᠄ 《ᠪᠦᠬᠥ ᠨᠣᠶᠠᠳ ᠢ ᠡᠯᠵᠢᠬᠡᠳᠡᠢ ᠠᠬᠠᠯᠠᠵᠣ᠂ ᠡᠯᠵᠢᠬᠡᠳᠡᠢ ᠶᠢᠨ ᠦᠬᠡ ᠪᠠᠷ ᠶᠠᠪᠣᠳᠣᠭᠠᠢ︕ ᠡᠬᠡᠯᠵᠢ ᠶᠢᠨ ᠮᠠᠨᠠᠭᠠᠴᠢ᠂ ᠴᠠᠭ ᠡᠴᠡ ᠬᠣᠵᠢᠮᠳᠠᠪᠠᠯ ᠣᠷᠢᠳᠠᠬᠢ ᠵᠠᠷᠯᠢᠭ ᠤᠨ ᠶᠣᠰᠣ ᠪᠠᠷ ᠭᠣᠷᠪᠠᠨ ᠪᠠᠷᠢᠶ᠎ᠠ ᠵᠠᠠᠴᠢᠳᠣᠭᠠᠢ︕ ᠮᠦᠨ ᠬᠦᠮᠥᠨ ᠳᠡᠭᠡᠨ ᠡᠬᠡᠯᠵᠢ ᠡᠴᠡ ᠬᠣᠵᠢᠳᠠᠪᠠᠯ ᠲᠣᠯᠣᠭᠠᠨ ᠪᠠᠷᠢᠶ᠎ᠠ ᠵᠠᠠᠴᠢᠳᠣᠭᠠᠢ︕ ᠪᠠᠰᠠ ᠲᠠᠷᠠ ᠬᠦᠮᠥᠨ ᠡᠪᠠᠳᠴᠢᠨ ᠤ ᠰᠢᠯᠳᠠᠭᠠᠨ ᠦᠭᠡᠶ᠂ ᠡᠬᠡᠯᠵᠢ ᠶᠢᠨ ᠠᠬᠠᠯᠠᠭᠴᠢ ᠶᠢᠨ ᠵᠦᠪᠰᠢᠶᠡᠷᠡᠯ ᠦᠭᠡᠶ ᠪᠠᠷ ᠭᠣᠷᠪᠠᠳᠠᠬᠢ ᠣᠳᠠᠭ᠎ᠠ ᠲᠠᠰᠣᠯᠪᠠᠯ ᠪᠢᠳᠠᠨ ᠳᠤ ᠪᠠᠷ᠎ᠠ ᠪᠣᠯᠬᠣ ᠡᠴᠡ ᠪᠡᠷᠬᠡᠰᠢᠶᠡᠭ᠍ᠰᠡᠨ ᠡᠳᠡᠬᠡᠥᠨ ᠬᠡᠵᠦ ᠦᠵᠡᠬᠡᠥᠨ᠂ ᠭᠣᠴᠢᠨ ᠲᠣᠯᠣᠭᠠᠨ ᠪᠠᠷᠢᠶ᠎ᠠ ᠪᠠᠷ ᠵᠠᠠᠴᠢᠭᠠᠳ ᠬᠣᠯᠠ ᠭᠠᠵᠠᠷ ᠨᠢᠳᠣᠨ ᠤ ᠲᠠᠯᠳᠠ ᠴᠥᠯᠠᠵᠦ ᠣᠷᠬᠢᠶ᠎ᠠ᠃ ᠪᠠᠰᠠ ᠡᠬᠡᠯᠵᠢ ᠶᠢᠨ ᠠᠬᠠᠯᠠᠭᠴᠢᠳ᠂ ᠬᠠᠷᠢᠶᠠᠳᠣ ᠬᠡᠰᠢᠭ᠍ᠳᠡᠨ ᠶᠢᠠᠨ ᠪᠦᠷᠢᠳᠬᠡᠨ ᠵᠢᠠᠠᠰᠠᠭᠠᠭᠰᠠᠨ ᠦᠭᠡᠶ ᠪᠠᠷ ᠮᠠᠨᠠᠭᠠᠨ ᠳᠤ ᠣᠷᠣᠪᠠᠯ ᠡᠬᠡᠯᠵᠢ ᠶᠢᠨ ᠠᠬᠠᠯᠠᠭᠴᠢ ᠶᠢ ᠰᠢᠳᠬᠡᠢ᠎ᠡ︕ ᠪᠠᠰᠠ ᠡᠬᠡᠯᠵᠢ ᠶᠢᠨ ᠠᠬᠠᠯᠠᠭᠴᠢᠳ ᠭᠣᠷᠪᠠᠨ ᠡᠬᠡᠯᠵᠢ ᠰᠣᠯᠢᠯᠴᠠᠬᠣ ᠳᠠᠭᠠᠨ ᠡᠨᠠ ᠵᠠᠷᠯᠢᠭ ᠢ ᠬᠡᠰᠢᠭ᠍ᠳᠡᠨ ᠳᠡᠭᠡᠨ ᠰᠣᠨᠣᠰᠬᠠᠵᠣ ᠪᠠᠢ᠌ᠳᠣᠭᠠᠢ᠃ ᠵᠠᠷᠯᠢᠭ ᠢ ᠰᠣᠨᠣᠰᠣᠭᠰᠠᠨ ᠪᠦᠬᠡᠳᠡᠯ᠎ᠡ ᠬᠡᠰᠢᠭ᠍ᠳᠡᠨ ᠡᠬᠡᠯᠵᠢ ᠲᠠᠰᠣᠯᠪᠠᠯ ᠵᠠᠷᠯᠢᠭ ᠶᠣᠰᠣ ᠪᠠᠷ ᠰᠢᠳᠬᠡᠢ᠎ᠡ︕ ᠡᠨᠠ ᠵᠠᠷᠯᠢᠭ ᠢ ᠬᠡᠰᠢᠭ᠍ᠳᠡᠨ ᠳᠡᠭᠡᠨ ᠡᠰᠠ ᠰᠣᠨᠣᠰᠬᠠᠭᠰᠠᠨ ᠪᠣᠯ ᠡᠬᠡᠯᠵᠢ ᠶᠢᠨ ᠠᠬᠠᠯᠠᠭᠴᠢᠳ ᠤᠨ ᠪᠣᠷᠣᠭᠣ ᠪᠣᠯᠣᠨ᠎ᠠ᠃ ᠪᠠᠰᠠ ᠡᠬᠡᠯᠵᠢ ᠶᠢᠨ ᠠᠬᠠᠯᠠᠭᠴᠢᠳ ᠬᠠᠷᠢᠶᠠᠯᠠᠵᠣ ᠬᠠᠮᠳᠣ ᠮᠠᠨᠠᠵᠣ ᠪᠠᠢ᠌ᠭ᠎ᠠ ᠮᠢᠨᠣ ᠬᠡᠰᠢᠭ᠍ᠳᠡᠨ ᠨᠡᠷ ᠢ ᠠᠬᠠᠯᠠᠭᠴᠢ ᠬᠡᠰᠡᠨ ᠲᠠᠳᠣᠢ ᠪᠠᠷ ᠲᠤᠷ᠎ᠠ ᠮᠠᠳᠠᠨ ᠰᠢᠳᠬᠡᠵᠦ ᠦᠯᠤ ᠪᠣᠯᠣᠨ᠎ᠠ᠃ ᠲᠠᠳᠠ᠂ ᠵᠠᠰᠠᠭ ᠢ ᠵᠦᠷᠢᠴᠡᠪᠡᠯ ᠪᠢᠳᠠᠨ ᠳᠤ ᠮᠡᠳᠡᠭ᠍ᠳᠡᠵᠦ ᠢᠷᠡᠬᠥᠯᠲᠦᠬᠡᠢ︕ ᠠᠯᠠᠬᠣ ᠶᠣᠰᠣᠳᠠᠢ ᠶᠢ ᠪᠢᠳᠠ ᠠᠯᠠᠨ᠎ᠠ᠃ ᠰᠢᠳᠬᠡᠬᠥ ᠶᠣᠰᠣᠳᠠᠢ ᠶᠢ ᠪᠢᠳᠠ ᠰᠢᠳᠬᠡᠨ᠎ᠡ᠃ ᠠᠬᠠᠯᠠᠭᠴᠢ ᠬᠡᠰᠡᠨ ᠲᠠᠳᠣᠢ ᠪᠠᠷ ᠪᠢᠳᠠᠨ ᠳᠤ ᠮᠡᠳᠡᠭ᠍ᠳᠡᠬᠥ ᠦᠬᠡᠢ ᠪᠠᠷ᠂ ᠮᠢᠨᠣ ᠬᠡᠰᠢᠭ᠍ᠳᠡᠨ ᠳᠤ ᠭᠠᠷ ᠬᠦᠯ ᠬᠦᠷᠬᠡᠪᠡᠯ ᠨᠢᠳᠣᠷᠭ᠎ᠠ ᠶᠢᠨ ᠣᠷᠣᠨ ᠳᠤ ᠨᠢᠳᠣᠷᠭ᠎ᠠ ᠪᠠᠷ᠂ ᠪᠠᠷᠢᠶᠠᠨ ᠤ ᠣᠷᠣᠨ ᠳᠤ ᠪᠠᠷᠢᠶ᠎ᠠ ᠪᠠᠷ ᠴᠣᠬᠢᠵᠣ ᠬᠠᠷᠢᠭᠣᠯᠣᠨᠠ᠃ ᠭᠠᠳᠠᠨᠠᠬᠢ ᠮᠢᠩᠭ᠋ᠠᠨ ᠤ ᠨᠣᠶᠠᠳ ᠡᠴᠡ ᠮᠢᠨᠣ ᠬᠡᠰᠢᠭ᠍ᠳᠡᠨ ᠲᠡᠬᠡᠷ᠎ᠡ ᠪᠠᠢ᠌ᠵᠣ᠂ ᠭᠠᠳᠠᠨᠠᠬᠢ ᠮᠢᠩᠭ᠋ᠠᠨ ᠤ ᠨᠣᠶᠠᠳ᠂ ᠮᠢᠨᠣ ᠬᠡᠰᠢᠭ᠍ᠳᠡᠨ ᠲᠡᠶ ᠬᠡᠷᠡᠯᠲᠦᠪᠡᠯ ᠮᠢᠩᠭ᠋ᠠᠨ ᠤ ᠨᠣᠶᠠᠳ ᠢ ᠰᠢᠳᠬᠡᠨ᠎ᠡ》 ᠬᠡᠵᠦ ᠵᠠᠷᠯᠢᠭ ᠪᠣᠯᠪᠠ᠃
279᠂ ᠪᠠᠰᠠ ᠦᠬᠡᠳᠡᠢ ᠬᠠᠭᠠᠨ ᠦᠬᠥᠯᠡᠷᠥᠨ᠄ 《ᠴᠢᠩᠬᠢᠰ ᠬᠠᠭᠠᠨ ᠡᠴᠢᠬᠡ ᠶᠢᠨ ᠵᠤᠪᠠᠵᠣ ᠪᠠᠢ᠌ᠭᠣᠯᠣᠭᠰᠠᠨ ᠣᠯᠣᠰ ᠢ ᠪᠦᠤ ᠵᠤᠪᠠᠭᠠᠶ᠎ᠠ᠃ ᠬᠦᠯ ᠢ ᠨᠢ ᠬᠦᠰᠡᠷ᠂ ᠭᠠᠷ ᠢ ᠨᠢ ᠭᠠᠵᠠᠷ ᠲᠤ ᠲᠠᠯᠪᠢᠭᠣᠯᠵᠣ ᠵᠢᠷᠭᠠᠭᠣᠯᠣᠶᠠ᠃ ᠬᠠᠭᠠᠨ ᠡᠴᠢᠬᠡ ᠶᠢᠨ ᠪᠠᠯᠠᠨ ᠰᠠᠭᠣᠷᠢ ᠵᠢ ᠡᠵᠡᠯᠠᠬᠡᠥᠨ ᠢᠷᠬᠡᠨ ᠢ ᠦᠯᠤ ᠵᠤᠪᠠᠭᠠᠬᠣ ᠶᠢ ᠡᠷᠬᠢᠮ ᠪᠣᠯᠭᠠᠨ᠎ᠠ᠃ ᠱᠥᠯᠤ ᠰᠢᠬᠥᠰᠦ ᠪᠣᠯᠭᠠᠵᠣ ᠬᠠᠷᠢᠶᠠᠳᠣ ᠣᠯᠣᠰ ᠤᠨ ᠰᠥᠷᠥᠭ ᠬᠣᠨᠢ ᠪᠦᠷᠢ ᠡᠴᠡ ᠨᠢᠵᠡᠬᠡᠥᠨ ᠬᠣᠨᠢ ᠵᠢᠯ ᠲᠣᠳᠣᠮ ᠠᠪᠴᠣ ᠪᠠᠢ᠌ᠨ᠎ᠠ᠃ ᠵᠠᠭᠣᠨ ᠬᠣᠨᠢ ᠡᠴᠡ ᠨᠢᠵᠡᠬᠡᠥᠨ ᠬᠣᠨᠢ ᠭᠠᠷᠭᠠᠵᠣ ᠣᠯᠣᠰ ᠤᠨ ᠲᠣᠳᠣᠷᠠᠬᠢ ᠦᠬᠡᠬᠥᠤ ᠶᠠᠳᠠᠭᠣᠴᠣᠳ ᠤᠨ ᠲᠣᠰᠠᠯᠠᠮᠵᠢ ᠪᠣᠯᠭᠠᠵᠣ ᠦᠭᠲᠦᠬᠡᠢ᠃ ᠪᠠᠰᠠ ᠣᠯᠠᠨ ᠡᠠᠬ᠎ᠠ ᠲᠡᠬᠥᠤ ᠡᠷ᠎ᠠ ᠴᠡᠷᠢᠭ᠌᠂ ᠠᠭᠳᠠ ᠮᠣᠷᠢ ᠲᠠᠷᠠᠭᠠᠯᠠᠨ ᠴᠣᠭᠯᠠᠷᠠᠬᠣ ᠪᠣᠯ ᠴᠣᠭᠯᠠᠷᠠᠭᠰᠠᠳ ᠤᠨ ᠣᠮᠳᠠ ᠶᠢ ᠲᠣᠬᠠᠢ ᠪᠦᠷᠢ ᠠᠷᠠᠳ ᠡᠴᠡ ᠲᠠᠳᠠᠪᠣᠷᠢᠯᠠᠨ ᠠᠪᠬᠣ ᠨᠢ ᠵᠤᠬᠢᠯᠳᠤᠬᠤ ᠦᠭᠡᠶ᠃ ᠵᠦᠭ᠌ ᠵᠦᠭ᠌ ᠤᠨ ᠮᠢᠩᠭ᠋ᠠᠳᠣ ᠪᠦᠷᠢ ᠡᠴᠡ ᠬᠡᠬᠥᠤ ᠭᠠᠷᠭᠠᠵᠣ᠂ ᠮᠦᠨ ᠰᠠᠭᠠᠬᠣ ᠰᠠᠭᠠᠯᠢᠴᠢᠨ ᠠᠳᠣᠭᠣᠯᠠᠬᠣ ᠨᠣᠳᠣᠭᠴᠢᠨ ᠢ ᠲᠣᠮᠢᠯᠠᠵᠣ ᠦᠷᠢ ᠬᠦᠯᠥᠰᠤ ᠶᠢ ᠨᠢ ᠲᠥᠯᠣᠬᠡᠥᠨ ᠣᠨᠠᠭᠠᠴᠢᠨ ᠪᠣᠯᠭᠠᠳᠣᠭᠠᠢ᠃ ᠪᠠᠰᠠ ᠨᠣᠶᠠᠳ ᠡᠠᠬ᠎ᠠ ᠲᠡᠬᠥᠤ ᠨᠡᠷ ᠴᠣᠭᠯᠠᠷᠠᠪᠠᠯ ᠦᠭ᠍ᠯᠢᠬᠡ ᠰᠣᠶᠣᠷᠬᠠᠯ ᠢ ᠦᠭᠴᠦ ᠪᠠᠢ᠌ᠶ᠎ᠠ᠃ ᠡᠬᠥᠨ ᠤ ᠲᠣᠯᠠ ᠡᠳ᠋ ᠠᠭᠣᠷᠰᠣ᠂ ᠮᠦᠩᠬᠥ᠂ ᠰᠦᠬᠡ᠂ ᠨᠣᠮᠣ᠂ ᠰᠠᠭᠠᠳᠠᠭ ᠬᠣᠶᠠᠭ᠂ ᠵᠠᠪᠠ ᠵᠡᠷᠭᠡ ᠶᠢ ᠪᠠᠢ᠌ᠰᠢᠩ ᠵᠤᠭᠣᠷᠢᠨ ᠳᠤ ᠬᠠᠳᠠᠭᠠᠯᠠᠵᠣ᠂ ᠲᠠᠷᠠ ᠪᠠᠢ᠌ᠰᠢᠩ ᠪᠠᠯᠭᠠᠰᠣ ᠶᠢ ᠰᠠᠬᠢᠭᠣᠯᠣᠶ᠎ᠠ᠃ ᠡᠬᠥᠨ ᠢ ᠵᠦᠭ᠌ ᠪᠦᠷᠢ ᠡᠴᠡ ᠪᠠᠯᠭᠠᠰᠣᠴᠢᠨ᠂ ᠠᠮᠣᠴᠢᠨ (ᠠᠮᠤ ᠪᠤᠳᠠᠭ᠎ᠠ ᠬᠠᠳᠠᠭᠠᠯᠠᠭᠴᠢ) ᠨᠡᠷ ᠢ ᠲᠣᠮᠢᠯᠠᠵᠣ ᠰᠠᠬᠢᠭᠣᠯᠣᠶ᠎ᠠ᠃ ᠪᠠᠰᠠ ᠣᠯᠣᠰ ᠢᠷᠬᠡᠨ ᠢ ᠨᠣᠳᠣᠭ ᠣᠰᠤ ᠶᠢ ᠬᠣᠪᠢᠶᠠᠵᠣ ᠦᠭᠬᠦᠢ᠎ᠡ᠃ ᠨᠣᠳᠣᠭ ᠢ ᠬᠣᠪᠢᠶᠠᠵᠣ ᠰᠣᠩᠭ᠋ᠣᠵᠣ ᠨᠣᠳᠣᠭᠯᠠᠬᠣ ᠳᠤ ᠮᠢᠩᠭ᠋ᠠᠳᠣ ᠪᠦᠷᠢ ᠡᠴᠡ ᠨᠣᠳᠣᠭᠴᠢᠨ ᠢ ᠢᠯᠭᠠᠵᠣ ᠭᠠᠷᠭᠠᠪᠠᠯ ᠪᠣᠯᠣᠨ᠎ᠠ᠃ ᠪᠠᠰᠠ ᠴᠦᠯ ᠭᠣᠪᠢ ᠨᠣᠳᠣᠭ ᠲᠤ ᠬᠦᠷᠥᠬᠡᠰᠥᠨ ᠡᠴᠡ ᠦᠬᠡᠷ᠎ᠡ ᠠᠮᠢᠳᠠᠨ ᠦᠭᠡᠶ ᠪᠠᠢ᠌ᠨ᠎ᠠ᠃ ᠠᠷᠠᠳ ᠢᠷᠬᠡᠨ᠂ ᠠᠭᠣᠵᠢᠮ ᠰᠠᠭᠣᠬᠣ ᠶᠢ ᠬᠦᠰᠡᠨ᠎ᠡ᠃ ᠴᠠᠨᠠᠢ ᠣᠢ᠌ᠭᠣᠷᠳᠠᠢ ᠬᠣᠶᠠᠷ ᠲᠡᠷᠢᠬᠥᠳᠡᠢ ᠨᠣᠳᠣᠭᠴᠢᠨ ᠢ ᠶᠠᠪᠣᠭᠣᠯᠵᠣ᠂ ᠴᠦᠯ ᠭᠣᠪᠢ ᠳᠤ ᠬᠣᠳᠳᠣᠭ ᠮᠠᠯᠳᠠᠭᠣᠯᠵᠣ ᠬᠠᠰᠢᠭᠣᠯᠣᠶᠠ᠃ ᠪᠠᠰᠠ ᠡᠯᠴᠢ ᠨᠡᠷ ᠢ ᠣᠳᠣ ᠶᠢᠨ ᠪᠠᠢ᠌ᠳᠠᠯ ᠶᠢᠠᠷ ᠶᠠᠪᠣᠭᠣᠯᠬᠣ ᠳᠤ ᠡᠯᠴᠢ ᠨᠡᠷ ᠣᠳᠠᠭᠠᠨ ᠶᠠᠪᠣᠬᠣ ᠪᠠ ᠠᠷᠠᠳ ᠣᠯᠠᠨ ᠳᠤ ᠵᠤᠪᠠᠯᠠᠩ ᠴᠢᠷᠥᠭᠳᠡᠯ ᠦᠯᠡᠮᠵᠢ ᠪᠠᠢ᠌ᠨ᠎ᠠ᠃ ᠣᠳᠣ ᠪᠢᠳᠠ ᠪᠠᠢ᠌ᠩᠭ᠋ᠤ ᠵᠢᠷᠣᠮ ᠪᠣᠯᠭᠠᠵᠣ ᠵᠦᠭ᠌ ᠵᠦᠭ᠌ ᠤᠨ ᠮᠢᠩᠭ᠋ᠠᠳᠣ ᠡᠴᠡ ᠵᠠᠮᠴᠢᠨ ᠣᠯᠠᠭᠠᠴᠢᠨ ᠭᠠᠷᠭᠠᠵᠣ᠂ ᠰᠠᠭᠣᠷᠢ ᠰᠠᠭᠣᠷᠢᠨ ᠳᠤ ᠦᠷᠳᠡᠬᠡ ᠲᠠᠯᠪᠢᠵᠣ ᠡᠯᠴᠢ ᠨᠡᠷ ᠢ ᠠᠷᠠᠳ ᠣᠯᠠᠨ ᠤ ᠲᠣᠮᠳᠠᠭᠣᠷ ᠬᠠᠮᠢᠶ᠎ᠠ ᠦᠭᠡᠶ ᠣᠷᠣᠭ ᠤᠨ ᠣᠯᠠᠭ᠎ᠠ ᠣᠨᠣᠵᠣ ᠬᠡᠰᠦᠴᠢᠯᠡᠨ ᠲᠠᠪᠬᠢᠬᠣ ᠦᠭᠡᠶ ᠭᠠᠭᠴᠠ ᠬᠥ ᠦᠷᠳᠡᠬᠡ ᠵᠠᠮ ᠶᠢᠠᠷ ᠶᠠᠪᠣᠬᠣ ᠪᠣᠯᠭᠠᠶ᠎ᠠ᠃ ᠡᠨᠠ ᠣᠢ᠌ᠯᠠ ᠬᠡᠷᠡᠭ ᠢ ᠢᠩᠬᠢᠵᠣ ᠶᠠᠪᠣᠭᠣᠯᠣᠶ᠎ᠠ ᠬᠡᠵᠦ ᠴᠠᠨᠠᠢ ᠪᠣᠯᠬᠠᠳᠠᠷ ᠬᠣᠶᠠᠷ ᠰᠠᠨᠠᠵᠣ ᠪᠢᠳᠠᠨ ᠳᠤ ᠲᠣᠷᠠᠳᠬᠠᠭᠰᠠᠨ ᠨᠢ ᠵᠦᠪ ᠵᠦᠢᠳᠡᠢ ᠰᠠᠨᠠᠭᠳᠠᠬᠣ ᠪᠣᠯᠪᠠᠴᠣ᠂ ᠴᠠᠭᠠᠳᠠᠢ ᠡᠠᠬ᠎ᠠ ᠮᠡᠳᠡᠲᠦᠬᠡᠢ︕ ᠡᠳᠡᠬᠡᠷ ᠬᠡᠯᠡᠭ᠍ᠰᠡᠨ ᠣᠢ᠌ᠯᠠᠰ ᠢ ᠵᠤᠬᠢᠮᠵᠢᠳᠠᠢ ᠬᠡᠵᠦ ᠵᠦᠪᠰᠢᠶᠡᠬᠦ ᠡᠰᠠᠬᠥ ᠶᠢ ᠴᠠᠭᠠᠳᠠᠢ ᠡᠠᠬ᠎ᠠ ᠰᠢᠢᠳᠳᠦᠭᠡᠢ !》 ᠬᠡᠵᠦ ᠢᠯᠡᠬᠡᠪᠡᠯ᠂ ᠡᠳᠡᠬᠡᠷ ᠠᠰᠠᠭᠣᠵᠣ ᠢᠯᠡᠬᠡᠭ᠍ᠰᠡᠨ ᠪᠦᠬᠥ ᠣᠢ᠌ᠯᠠ ᠬᠡᠷᠡᠭ ᠢ ᠴᠦᠮ ᠵᠦᠪᠰᠢᠶᠡᠷᠠᠵᠦ 《ᠲᠠᠷᠠ ᠶᠣᠰᠣ ᠪᠠᠷ ᠬᠢᠲᠦᠬᠡᠢ︕》 ᠬᠡᠵᠦ ᠬᠠᠷᠢᠭᠣ ᠢᠯᠡᠬᠡᠵᠡᠢ᠃ ᠪᠠᠰᠠ ᠴᠠᠭᠠᠳᠠᠢ ᠡᠠᠬ᠎ᠠ ᠶᠢᠨ ᠬᠡᠯᠡᠵᠦ ᠢᠯᠡᠬᠡᠭ᠍ᠰᠡᠨ ᠨᠢ᠄ 《ᠪᠢ ᠡ᠊ᠠᠳᠠ ᠡᠴᠡ ᠣᠭᠳᠣᠭᠣᠯᠣᠨ ᠦᠷᠳᠡᠬᠡ ᠵᠠᠮ ᠢ ᠪᠠᠢ᠌ᠭᠣᠯᠰᠣᠭᠠᠢ᠃ ᠪᠠᠰᠠ ᠡ᠊ᠠᠳᠠ ᠡᠴᠡ ᠪᠠᠳᠣ ᠳᠤ ᠡᠯᠴᠢ ᠢᠯᠡᠬᠡᠢ᠎ᠡ᠃ ᠪᠠᠳᠣ ᠣᠭᠳᠣᠭᠣᠯᠣᠨ ᠦᠷᠳᠡᠬᠡ ᠵᠠᠮ ᠪᠠᠢ᠌ᠭᠣᠯᠵᠣ ᠬᠣᠯᠪᠣᠳᠣᠭᠠᠢ︕》 ᠬᠡᠥᠨ ᠪᠠᠰᠠ ᠦᠬᠥᠯᠡᠭ᠍ᠰᠡᠨ ᠨᠢ᠄ 《ᠪᠦᠬᠥᠳᠡ ᠶᠢᠨ ᠬᠣᠭᠣᠷᠣᠠᠳᠣ ᠦᠷᠳᠡᠬᠡ ᠵᠠᠮ ᠲᠠᠯᠪᠢᠶ᠎ᠠ ᠬᠡᠳᠡᠭ᠂ ᠵᠦᠪ ᠡᠴᠡ ᠵᠦᠪ ᠦᠬᠡ ᠶᠢ ᠲᠣᠷᠠᠳᠬᠠᠵᠠᠢ︕》 ᠬᠡᠵᠦ ᠢᠯᠡᠬᠡᠵᠡᠢ᠃
280᠂ ᠲᠠᠠᠳᠠ ᠡᠴᠡ ᠦᠬᠡᠳᠡᠢ ᠬᠠᠭᠠᠨ ᠦᠬᠥᠯᠡᠷᠥᠨ᠄ 《ᠡᠨᠠ ᠶᠠᠪᠣᠳᠠᠯ ᠢ ᠴᠠᠭᠠᠳᠠᠢ ᠡᠠᠬ᠎ᠠ᠂ ᠪᠠᠳᠣ ᠲᠡᠷᠢᠬᠥᠳᠡᠨ ᠪᠠᠷᠠᠭᠣᠨ ᠭᠠᠷ ᠤᠨ ᠬᠦᠪᠡᠭᠦᠳ᠂ ᠡᠠᠬ᠎ᠠ ᠲᠡᠬᠥᠤ ᠨᠡᠷ ᠴᠦᠮ᠂ ᠤᠳᠴᠢᠬᠢᠨ ᠨᠣᠶᠠᠨ᠂ ᠵᠠᠬᠥ ᠲᠡᠷᠢᠬᠥᠳᠡᠨ ᠵᠠᠬᠥᠨ ᠭᠠᠷ ᠤᠨ ᠬᠦᠪᠡᠭᠦᠳ ᠡᠠᠬ᠎ᠠ ᠲᠡᠬᠥᠤ ᠨᠠᠷ ᠴᠦᠮ᠂ ᠭᠣᠣᠯ ᠤᠨ ᠦᠬᠢᠥᠨ᠂ ᠬᠦᠷᠬᠡᠥᠨ᠂ ᠲᠥᠮᠡᠨ ᠤ ᠨᠣᠶᠠᠳ᠂ ᠮᠢᠩᠭ᠋ᠠᠨ ᠤ ᠨᠣᠶᠠᠳ᠂ ᠵᠠᠭᠣᠨ ᠤ ᠨᠣᠶᠠᠳ᠂ ᠠᠷᠪᠠᠨ ᠤ ᠨᠣᠶᠠᠳ ᠴᠦᠮ ᠵᠦᠪᠰᠢᠶᠡᠷᠠᠵᠡᠢ᠃ ᠵᠦᠪᠰᠢᠶᠡᠷᠡᠭ᠍ᠰᠡᠨ ᠵᠦᠢᠯ ᠨᠢ᠄ ᠲᠠᠯᠠᠢ ᠬᠠᠭᠠᠨ ᠤ (ᠦᠭᠡᠳᠡᠢ ᠬᠠᠭᠠᠨ ᠢ ᠵᠢᠵᠢᠭ᠌ ᠬᠠᠭᠠᠳ ᠡᠴᠡ ᠢᠯᠭᠠᠪᠤᠷᠢᠯᠠᠵᠤ᠂ ᠶᠡᠬᠡ ᠬᠠᠭᠠᠨ ᠪᠤᠶᠤ ᠳᠠᠯᠠᠢ ᠬᠠᠭᠠᠨ ᠭᠡᠨ᠎ᠠ) ᠱᠦᠯᠦ ᠳᠤ ᠬᠡᠷᠡᠭᠯᠡᠬᠦ ᠪᠠᠷ ᠵᠢᠯ ᠳᠤᠳᠤᠮ ᠰᠦᠷᠦᠭ ᠪᠦᠷᠢ ᠡᠴᠡ ᠨᠢᠵᠡᠬᠡᠥᠨ ᠱᠥᠯᠥᠨ ᠢᠷᠬᠡ ᠶᠢ ᠭᠠᠷᠭᠠᠵᠣ ᠦᠭᠬᠦᠨ᠎ᠡ᠂ ᠵᠠᠭᠣᠨ ᠬᠣᠨᠢᠨ ᠡᠴᠡ ᠨᠢᠵᠡᠬᠡᠥᠨ ᠵᠤᠰᠠᠭ ᠬᠣᠨᠢ ᠭᠠᠷᠭᠠᠵᠣ ᠦᠬᠡᠬᠥᠤ ᠶᠠᠳᠠᠭᠣ ᠬᠦᠮᠥᠰ ᠤᠨ ᠲᠣᠰᠠᠯᠠᠮᠵᠢ ᠪᠣᠯᠭᠠᠵᠣ ᠦᠭ᠍ᠪᠡᠯ ᠰᠠᠢ᠌ᠨ ᠪᠣᠢ᠃ ᠦᠷᠳᠡᠬᠡ ᠲᠠᠯᠪᠢᠭᠣᠯᠵᠣ᠂ ᠵᠠᠮᠴᠢᠨ᠂ ᠣᠯᠠᠭᠠᠴᠢ ᠶᠢ ᠭᠠᠷᠭᠠᠪᠠᠯ ᠣᠯᠠᠨ ᠣᠯᠣᠰ ᠢᠷᠬᠡᠨ ᠳᠤ ᠠᠮᠣᠭᠣᠯᠠᠩ ᠪᠣᠯᠬᠣ ᠪᠠ ᠡᠯᠴᠢ ᠨᠡᠷ ᠲᠤ ᠲᠦᠬᠥᠮ ᠲᠡᠶ ᠬᠡᠰᠡᠨ ᠢ ᠪᠦᠬᠥᠳᠡᠬᠡᠷ ᠵᠦᠪᠰᠢᠶᠡᠷᠠᠵᠡᠢ ᠬᠡᠵᠦ ᠬᠠᠭᠠᠨ ᠵᠠᠷᠯᠢᠭ ᠪᠣᠯᠵᠣ᠂ ᠴᠠᠭᠠᠳᠠᠢ ᠡᠠᠬ᠎ᠠ ᠲᠡᠶ ᠵᠦᠪᠯᠠᠬᠡᠥᠨ ᠴᠠᠭᠠᠳᠠᠢ ᠡᠠᠬ᠎ᠠ ᠵᠦᠪᠰᠢᠶᠡᠷᠡᠭ᠍ᠰᠡᠨ ᠲᠣᠯᠠ ᠪᠦᠬᠥ ᠣᠯᠣᠰ ᠡᠴᠡ᠂ ᠵᠦᠭ᠌ ᠵᠦᠭ ᠤᠨ ᠮᠢᠩᠭ᠋ᠠᠳᠣ ᠡᠴᠡ ᠬᠠᠭᠠᠨ ᠤ ᠵᠠᠷᠯᠢᠭ ᠶᠢᠠᠷ ᠵᠢᠯ ᠲᠣᠳᠣᠮ᠂ ᠰᠥᠷᠥᠭ ᠬᠣᠨᠢ ᠡᠴᠡ ᠨᠢᠵᠡᠬᠡᠥᠨ ᠱᠥᠯᠥᠨ ᠢᠷᠬᠡ ᠵᠠᠭᠣᠨ ᠬᠣᠨᠢᠨ ᠡᠴᠡ ᠨᠢᠵᠡᠬᠡᠥᠨ ᠵᠤᠰᠠᠭ ᠬᠣᠨᠢ ᠭᠠᠷᠭᠠᠭᠣᠯᠪᠠ᠃ ᠬᠡᠬᠥᠤ ᠶᠢ ᠭᠠᠷᠭᠠᠭᠣᠯᠣᠨ ᠴᠣᠭᠯᠠᠭᠣᠯᠵᠣ ᠣᠨᠠᠭᠠᠴᠢᠨ ᠢ ᠰᠠᠭᠣᠯᠭᠠᠪᠠ᠃ ᠣᠨᠠᠭᠠᠴᠢᠨ᠂ ᠪᠠᠯᠭᠠᠰᠣᠴᠢᠨ᠂ ᠠᠮᠣᠴᠢᠨ ᠢ ᠲᠣᠮᠢᠯᠠᠵᠣ ᠭᠠᠷᠭᠠᠭᠣᠯᠪᠠ᠃ ᠵᠠᠮᠴᠢᠨ᠂ ᠣᠯᠠᠭᠠᠴᠢᠨ ᠢ ᠭᠠᠷᠭᠠᠭᠣᠯᠵᠣ ᠰᠠᠭᠣᠷᠢᠯᠠᠬᠣ ᠭᠠᠵᠠᠷ ᠢ ᠲᠣᠭᠳᠠᠭᠠᠵᠣ᠂ ᠦᠷᠳᠡᠬᠡ ᠵᠠᠮ ᠢ ᠲᠠᠯᠪᠢᠭᠣᠯᠣᠭᠠᠳ ᠠᠷᠠᠴᠠᠨ ᠲᠣᠭᠣᠴᠠᠷ ᠬᠣᠶᠠᠷ ᠶᠢᠠᠷ ᠵᠠᠬᠢᠷᠣᠭᠣᠯᠵᠣ᠂ ᠵᠠᠮ ᠤᠨ ᠨᠢᠬᠡᠨ ᠰᠠᠭᠣᠷᠢ ᠦᠷᠳᠡᠬᠡᠨ ᠳᠤ ᠬᠣᠷᠢᠨ ᠣᠯᠠᠭᠠᠴᠢᠨ ᠢ ᠭᠠᠷᠭᠠᠪᠠ᠃ ᠰᠠᠭᠣᠷᠢ ᠲᠣᠳᠣᠮ ᠢ ᠬᠣᠷᠢᠭᠠᠳ ᠣᠯᠠᠭᠠᠴᠢ ᠲᠡᠶ ᠪᠣᠯᠭᠠᠪᠠ᠃ ᠣᠯᠠᠭ᠎ᠠ ᠶᠢᠨ ᠮᠣᠷᠢ᠂ ᠰᠢᠬᠥᠰᠥᠨ ᠤ ᠬᠣᠨᠢ᠂ ᠰᠠᠭᠠᠯᠢ ᠶᠢᠨ ᠬᠡᠬᠥᠤ᠂ ᠬᠦᠯᠯᠡᠬᠥ ᠦᠬᠡᠷ᠂ ᠠᠴᠢᠬᠤ ᠲᠡᠷᠬᠡ ᠵᠠᠷᠬᠡ ᠶᠢ ᠲᠣᠭᠳᠠᠭᠠᠭᠰᠠᠨ ᠬᠡᠮᠵᠢᠶ᠎ᠡ ᠪᠠᠷ ᠪᠡᠯᠡᠳᠬᠡᠵᠦ᠂ ᠤᠬᠤᠷ ᠰᠢᠳᠠᠮ ᠡᠴᠡ ᠲᠣᠳᠠᠭᠣᠯᠪᠠᠯ ᠣᠷᠣᠭᠣᠯ ᠶᠢᠠᠷ ᠬᠠᠭᠠᠰ ᠠᠯᠳᠠᠯ ᠲᠡᠶ ᠪᠣᠯᠳᠣᠭᠠᠢ᠃ ᠬᠠᠯᠪᠠᠭ᠎ᠠ ᠬᠡᠬᠢᠶᠡᠰᠤ ᠲᠣᠳᠠᠭᠣᠯᠪᠠᠯ ᠬᠠᠮᠠᠷ ᠤᠨ ᠬᠠᠭᠠᠰ ᠢ ᠠᠯᠳᠠᠯ ᠲᠡᠶ ᠪᠣᠯᠳᠣᠭᠠᠢ》 ᠬᠡᠵᠦ ᠵᠠᠷᠯᠢᠭ ᠪᠣᠯᠪᠠ᠃
281᠂ ᠦᠬᠡᠳᠡᠢ ᠬᠠᠭᠠᠨ ᠦᠬᠥᠯᠡᠷᠥᠨ᠄ 《ᠡᠴᠢᠬᠡ ᠶᠢᠨ ᠶᠢᠠᠨ ᠶᠡᠬᠡ ᠰᠠᠭᠣᠷᠢᠨ ᠳᠤ ᠰᠠᠭᠣᠵᠣ᠂ ᠬᠠᠭᠠᠨ ᠡᠴᠢᠬᠡ ᠡᠴᠡ ᠬᠤᠢ᠌ᠰᠢ ᠦᠢᠯᠡᠳᠥᠭᠰᠡᠨ ᠬᠡᠷᠡᠭ ᠮᠢᠨᠢ᠄ ᠨᠢᠬᠡᠲᠦᠬᠡᠷ ᠲᠤ᠂ ᠪᠢ ᠠᠯᠳᠠᠨ ᠣᠯᠣᠰ ᠢ ᠡᠵᠠᠯᠠᠨ ᠲᠠᠭᠠᠭᠣᠯᠪᠠ᠃ ᠬᠣᠶᠠᠳᠣᠭᠠᠷ ᠲᠤ᠂ ᠪᠢᠳᠠᠨ ᠤ ᠬᠣᠭᠣᠷᠣᠠᠳᠣ ᠡᠯᠴᠢ ᠶᠠᠪᠣᠭᠣᠯᠵᠣ ᠬᠠᠷᠢᠯᠴᠠᠬᠣ ᠪᠠ ᠡᠯᠳᠠᠪ ᠬᠡᠷᠡᠭ ᠢ ᠵᠦᠬᠡᠬᠡᠯᠬᠡᠬᠥ ᠦᠷᠳᠡᠬᠡ ᠵᠠᠮ ᠢ ᠲᠠᠯᠪᠢᠭᠣᠯᠪᠠ᠃ ᠭᠣᠷᠪᠠᠳᠣᠭᠠᠷ ᠲ᠋ᠤ᠂ ᠣᠰᠣ ᠦᠭᠡᠶ ᠭᠠᠵᠠᠷ ᠲᠤ ᠬᠣᠳᠳᠣᠭ ᠮᠠᠯᠳᠠᠭᠣᠯᠵᠣ ᠭᠠᠷᠭᠠᠭᠣᠯᠣᠭᠠᠳ ᠣᠯᠣᠰ ᠢᠷᠬᠡᠨ ᠢ ᠣᠰᠣ ᠡᠪᠠᠰᠣᠨ ᠳᠤ ᠬᠦᠷᠥᠯᠴᠡᠬᠡᠳᠡᠢ ᠪᠣᠯᠭᠠᠪᠠ᠃ ᠲᠥᠷᠪᠡᠲᠦᠬᠡᠷ ᠲᠤ᠂ ᠵᠦᠭ᠌ ᠵᠦᠭ᠌ ᠤᠨ ᠰᠠᠭᠣᠷᠢᠨ ᠣᠯᠣᠰ ᠤᠨ ᠬᠣᠳᠠ ᠤᠳ ᠲᠤ ᠮᠡᠳᠡᠬᠡᠯᠡᠭ᠍ᠴᠢ᠂ ᠵᠠᠬᠢᠷᠣᠭᠴᠢ ᠨᠡᠷ ᠢ ᠲᠠᠯᠪᠢᠵᠣ᠂ ᠣᠯᠣᠰ ᠢᠷᠬᠡᠨ ᠢ ᠬᠦᠯ ᠬᠦᠰᠡᠷ᠂ ᠭᠠᠷ ᠭᠠᠵᠠᠷ ᠲᠠᠯᠪᠢᠭᠣᠯᠵᠣ ᠠᠮᠣᠷ ᠲᠥᠪᠰᠢᠨ ᠪᠣᠯᠭᠠᠪᠠ᠃ ᠬᠠᠭᠠᠨ ᠡᠴᠢᠬᠡ ᠡᠴᠡ ᠬᠤᠢ᠌ᠰᠢ᠂ ᠡᠨᠠ ᠲᠥᠷᠪᠡᠨ ᠣᠢ᠌ᠯᠠ ᠶᠢ ᠨᠠᠮᠠᠪᠠ᠂ ᠪᠢ᠃ ᠪᠠᠰᠠ ᠬᠠᠭᠠᠨ ᠡᠴᠢᠬᠡ ᠶᠢᠨ ᠶᠡᠬᠡ ᠰᠠᠭᠣᠷᠢᠨ ᠳᠤ ᠰᠠᠭᠣᠵᠣ᠂ ᠣᠯᠠᠨ ᠣᠯᠣᠰ ᠢᠷᠬᠡᠨ ᠢ ᠵᠠᠬᠢᠷᠬᠣ ᠶᠡᠬᠡ ᠡᠬᠥᠷᠬᠡ ᠶᠢ ᠬᠦᠯᠢᠶᠡᠭ᠍ᠰᠡᠨ ᠪᠠᠢ᠌ᠳᠠᠯ᠎ᠠ ᠪᠣᠷᠣ ᠲᠠᠷᠠᠰᠣᠨ ᠳᠤ ᠣᠷᠣᠭᠰᠠᠨ ᠮᠢᠨᠢ ᠨᠢᠬᠡᠲᠦᠬᠡᠷ ᠪᠣᠷᠣᠭᠣ ᠪᠣᠯᠪᠠ᠃ ᠬᠣᠶᠠᠳᠣᠭᠠᠷ ᠲ᠋ᠤ ᠶᠣᠰᠣ ᠦᠭᠡᠶ ᠶᠠᠭᠣᠮ᠎ᠠ ᠬᠦᠮᠥᠨ ᠤ ᠦᠬᠡᠨ ᠳᠤ ᠣᠷᠣᠵᠣ ᠤᠳᠴᠢᠬᠢᠨ ᠠᠪᠠᠭ᠎ᠠ ᠶᠢᠨ ᠬᠠᠷᠢᠶᠠᠳᠣ ᠨᠡᠷ ᠤᠨ ᠲᠣᠳᠣᠷ᠎ᠠ ᠡᠴᠡ ᠬᠡᠣᠬᠡᠨ ᠠᠪᠴᠢᠷᠠᠭᠣᠯᠣᠭᠰᠠᠨ ᠨᠢ ᠪᠣᠷᠣᠭᠣ ᠪᠣᠯᠪᠠ᠃ ᠣᠯᠣᠰ ᠤᠨ ᠡᠵᠠᠨ ᠬᠠᠭᠠᠨ ᠬᠦᠮᠥᠨ ᠪᠠᠢ᠌ᠳᠠᠯ᠎ᠠ᠂ ᠶᠣᠰᠣ ᠦᠭᠡᠶ ᠮᠠᠭᠣ ᠠᠯᠵᠢᠶᠠᠰ ᠣᠢ᠌ᠯᠠ ᠳᠣ ᠠᠪᠳᠠᠭᠳᠠᠭᠰᠠᠨ ᠮᠢᠨᠢ ᠪᠠᠰᠠ ᠨᠢᠬᠡ ᠪᠣᠷᠣᠭᠣ᠃ ᠭᠣᠷᠪᠠᠳᠣᠭᠠᠷ ᠲᠤ᠂ ᠲᠣᠭᠣᠯᠬᠣ ᠶᠢ ᠲᠠᠯᠳᠠ ᠡᠴᠡ ᠬᠠᠷᠠᠳᠠᠭᠰᠠᠨ ᠨᠢᠬᠡ ᠪᠣᠷᠣᠭᠣ ᠪᠣᠢ᠃ ᠶᠠᠮᠠᠷ ᠪᠣᠷᠣᠭᠣ ᠪᠣᠢ ᠬᠡᠪᠡᠯ᠂ ᠬᠠᠭᠠᠨ ᠡᠴᠢᠬᠡ ᠶᠢᠨ ᠮᠢᠨᠢ ᠬᠠᠷᠠᠬᠣ ᠨᠢᠳᠣᠨ ᠤ ᠡᠮᠣᠨ᠎ᠠ᠂ ᠬᠠᠮᠣᠭ ᠡᠴᠡ ᠲᠥᠷᠣᠬᠥᠨ ᠳᠤ ᠬᠠᠳᠬᠣᠯᠳᠣᠵᠣ ᠶᠠᠪᠣᠭᠰᠠᠨ ᠲᠣᠭᠣᠯᠬᠣ ᠶᠢ ᠬᠣᠣᠷᠳᠣ ᠮᠠᠭᠣ ᠦᠬᠡᠨ ᠳᠤ ᠣᠷᠣᠵᠣ ᠬᠣᠷᠣᠭᠠᠵᠠᠢ᠃ ᠣᠳᠣ ᠮᠢᠨᠣ ᠡᠮᠣᠨ᠎ᠠ ᠬᠡᠨ ᠲᠡᠬᠡᠵᠦ ᠲᠡᠷᠢᠬᠥᠯᠡᠨ ᠲᠠᠪᠰᠢᠵᠣ ᠦᠭᠬᠦ ᠪᠣᠢ︖ ᠬᠠᠭᠠᠨ ᠡᠴᠢᠬᠡ ᠶᠢᠨ ᠮᠢᠨᠢ ᠡᠮᠣᠨ᠎ᠠ ᠵᠢᠣᠠᠬᠥᠭ᠍ᠰᠡᠨ ᠵᠢᠷᠣᠮᠳᠣ ᠬᠦᠮᠥᠨ ᠢ ᠮᠡᠳᠡᠬᠥ ᠦᠭᠡᠶ ᠪᠠᠷ ᠦᠰᠢᠶᠡᠯᠡᠭ᠍ᠰᠡᠨ ᠢ ᠦᠪᠡᠷ ᠶᠢᠠᠨ ᠪᠢ ᠪᠣᠷᠣᠭᠣᠰᠢᠶᠠᠨᠠ᠃ ᠲᠥᠷᠪᠡᠲᠦᠬᠡᠷ ᠲᠤ᠂ ᠲᠡᠭ᠍ᠷᠢ ᠭᠠᠵᠠᠷ ᠤᠨ ᠵᠠᠶᠠᠭ᠎ᠠ ᠪᠠᠷ ᠲᠥᠷᠥᠭᠰᠡᠨ ᠬᠦᠷᠥᠬᠡᠰᠦ ᠶᠢ ᠪᠣᠰᠣᠳ ᠡᠠᠬ᠎ᠠ ᠲᠡᠬᠥᠤ ᠨᠡᠷ ᠤᠨ ᠨᠣᠳᠣᠭ ᠲᠤ ᠤᠴᠢᠬᠤ ᠪᠣᠯᠭᠣᠵᠠᠢ ᠬᠡᠵᠦ ᠬᠠᠷᠠᠮᠯᠠᠵᠣ᠂ ᠰᠢᠪᠠᠷ ᠬᠡᠷᠡᠮ ᠪᠠᠷᠢᠭᠣᠯᠵᠣ᠂ ᠡᠠᠬ᠎ᠠ ᠲᠡᠬᠥᠤ ᠨᠡᠷ ᠡᠴᠡ ᠭᠣᠮᠣᠳᠠᠬᠣ ᠦᠬᠡ ᠶᠢ ᠰᠣᠨᠣᠰᠪᠠ᠂ ᠪᠢ᠃ ᠡᠨᠠ ᠪᠠᠰᠠ ᠨᠢᠬᠡ ᠪᠣᠷᠣᠭᠣ ᠪᠣᠢ᠃ ᠬᠠᠭᠠᠨ ᠡᠴᠢᠬᠡ ᠡᠴᠡ ᠬᠤᠢ᠌ᠰᠢ ᠲᠥᠷᠪᠡᠨ ᠣᠢ᠌ᠯᠠ ᠶᠢ ᠨᠠᠮᠠᠪᠠ᠂ ᠪᠠᠰᠠ ᠲᠥᠷᠪᠡᠨ ᠪᠣᠷᠣᠭᠣ ᠣᠢ᠌ᠯᠠᠳᠴᠠᠢ︕》 ᠬᠡᠪᠡ᠃
282᠂ ᠶᠡᠬᠡ ᠬᠤᠷᠠᠯᠳᠤᠭᠠᠨ ᠪᠤᠯᠵᠤ᠂ ᠬᠤᠯᠤᠭᠠᠨ᠎ᠠ ᠵᠢᠯ (1240 ᠤᠨ) ᠬᠤᠷᠠᠨ (ᠳᠤᠯᠤᠳᠤᠭᠠᠷ) ᠰᠠᠷ᠎ᠠ ᠳᠤ ᠬᠡᠷᠦᠯᠤᠨ ᠤ ᠬᠦᠳᠡᠭᠡ ᠠᠷᠠᠯ ᠤᠨ ᠳᠤᠯᠤᠭᠠᠨ ᠪᠤᠯᠳᠤᠭ᠂ ᠰᠢᠯᠭᠢᠨᠴᠡᠭ ᠬᠤᠶᠠᠷ ᠤᠨ ᠵᠠᠪᠰᠠᠷ ᠬᠠᠭᠠᠨ ᠤᠷᠳᠤ ᠪᠠᠭᠤᠵᠤ ᠪᠠᠢ᠌ᠬᠤ ᠳᠤ ᠪᠢᠴᠢᠵᠦ ᠳᠡᠬᠦᠰᠭᠡᠪᠡ᠃
ᠳᠠᠷᠤᠮ᠄ 71385
ᠴᠠᠭ᠄ 2008 ᠤᠨ ᠤ 07 ᠰᠠᠷ᠎ᠠ ᠶᠢᠨ 09