ᠨᠡᠪᠲᠡᠷᠡᠨ ᠤᠷᠤᠬᠤ
ᠨᠢ᠋ᠮᠠᠳᠤᠭᠠᠷ ᠪᠦᠯᠦᠭ ᠂ ᠰᠡᠳᠬᠢᠯ ᠳᠤ ᠬᠤᠨᠤᠭᠰᠢᠭᠰᠠᠨ ᠬᠠᠢ᠌ᠷ᠎ᠠ
ᠵᠢᠷᠭᠤᠳᠤᠭᠠᠷ ᠬᠡᠰᠡᠭ ᠂ ᠠᠯᠲᠠᠨ ᠪᠢᠷᠠᠭᠤ ᠶᠢᠨ ᠳᠤᠮᠤᠭ

ᠨᠠᠳᠠᠳᠤ ᠦᠪᠡᠷ ᠤᠨ ᠭᠡᠰᠡᠨ ᠭᠦᠮᠤᠨ ᠮᠦᠰᠤ ᠪᠠ ᠶᠤᠰᠤ ᠰᠤᠷᠳᠠᠬᠤᠨ ᠤ ᠪᠠᠷᠢᠮᠵᠢᠶ᠎ᠠ ᠪᠠᠢ᠌ᠳᠠᠭ᠃ ᠲ᠋ᠡᠭᠦᠨ ᠢ ᠭᠡᠳᠥᠢ᠌ᠴᠢᠨᠡᠨ ᠵᠤᠭᠤᠰ ᠶᠢᠡᠷ ᠴᠤ ᠬᠤᠳᠠᠯᠳᠤᠨ ᠠᠪᠴᠤ ᠴᠢᠳᠠᠬᠤ ᠦᠭᠡᠶ᠃


᠊᠊᠊᠊᠊᠊᠊᠊᠊᠊᠊᠊᠊᠊᠊᠊᠊᠊᠊᠊᠊᠊᠊ ᠰᠢᠶᠠᠨ ᠰᠢᠩ ᠬᠠᠢ


ᠥᠵᠡᠰᠭᠦᠯᠡᠩ ᠰᠠᠢ᠌ᠬᠠᠨ ᠪᠢᠷᠠᠭᠤ ᠬᠠᠢ᠌ᠷᠬᠠᠨ ᠦᠶᠡᠯᠠᠨ ᠳᠠᠪᠠᠯᠭᠠᠯᠠᠭᠰᠠᠨ ᠠᠭᠤᠯᠠᠰ ᠤᠨ ᠳᠤᠮᠳᠠ ᠶᠠᠭ ᠯᠠ ᠬᠤᠨᠢᠨ ᠰᠥᠷᠦᠭ᠌ ᠤᠨ ᠳᠤᠮᠳᠠ ᠵᠡᠭᠡᠷ᠎ᠡ ᠣᠷᠤᠭᠰᠠᠨ ᠠᠳᠠᠯᠢ ᠭᠦᠷᠥᠢᠵᠤ᠂ ᠡᠮᠦᠨ᠎ᠡ ᠪᠠᠨ ᠣᠰᠤᠨ ᠳᠦᠷᠦᠭᠦᠤ ᠬᠠᠨ ᠠᠭᠤᠯᠠ ᠶᠢ ᠢᠰᠭᠦᠯᠤᠨ ᠬᠣᠢ᠌ᠨ᠎ᠠ ᠪᠠᠨ ᠪᠠᠶᠠᠨ ᠭᠢᠩᠭ᠋ᠠᠨ ᠢ ᠳᠠᠷᠠᠯᠠᠵᠤ᠂ ᠪᠠᠷᠠᠭᠤᠨ ᠵᠡᠭᠦᠨ ᠰᠤᠭᠤᠨ ᠳᠠᠭᠠᠨ ᠪᠠᠶᠠᠨ ᠭᠤᠤᠯ ᠪᠣᠯᠤᠨ ᠶᠤᠯᠤᠳᠤ ᠶᠢᠨ ᠭᠤᠤᠯ ᠢ ᠳᠤᠭᠣᠢ᠌ᠯᠠᠭᠠᠤᠨ ᠠᠭᠤᠯᠠ ᠣᠰᠤᠨ ᠤ ᠳᠡᠭᠦᠰ ᠦᠵᠡᠮᠵᠢ ᠶᠢ ᠪᠦᠷᠢᠳᠦᠭᠦᠯᠵᠡᠢ᠃ ᠨᠡᠮᠬᠠᠨ ᠭᠢᠷ᠎ᠠ ᠠᠭᠤᠳᠠᠮ ᠰᠢᠯᠢ ᠪᠠᠷ ᠨᠢ ᠱᠡᠭᠡᠷ ᠬᠠᠷᠠᠭᠠᠨ᠎ᠠ ᠪᠦᠷᠭᠦᠵᠤ᠂ ᠪᠤᠳᠡ ᠰᠦᠯᠵᠢᠨ ᠰᠤᠵᠠᠭ ᠣᠭᠳᠤᠯᠵᠤ ᠳᠡᠷᠭᠡ ᠮᠤᠷᠢ ᠳᠤᠷᠠᠯ ᠦᠭᠡᠶ ᠶᠠᠪᠣᠬᠤ ᠳᠤ᠂ ᠠᠰᠬ᠎ᠠ ᠬᠠᠳᠠ ᠱᠤᠪᠬᠤ ᠭᠢᠩᠭ᠋᠎ᠠ ᠪᠠᠷ ᠨᠢ ᠶᠠᠩᠭᠢᠷ ᠣᠭᠠᠯᠵᠠ ᠴᠤ ᠬᠠᠯᠳᠤᠷᠢᠮ᠎ᠠ ᠪᠠᠷᠳᠠᠭᠠᠳᠠᠢ ᠪᠠᠢ᠌ᠳᠠᠭ ᠪᠢᠯᠠ᠃ ᠠᠷᠤ ᠬᠠᠪᠴᠢᠯ ᠶᠢᠡᠷ ᠨᠢ ᠠᠯᠳᠠᠨ ᠣᠯᠤᠰ ᠤᠨ ᠣᠳᠠᠰᠤᠨ ᠭᠡᠷᠡᠮ ᠱᠤᠭᠤᠮᠳᠠᠭᠰᠠᠨ ᠰᠢᠭ ᠣᠭᠳᠤᠯᠤᠨ ᠭᠠᠷᠴᠤ ᠵᠡᠭᠦᠨ ᠬᠣᠢ᠌ᠰᠢ ᠬᠠᠠᠳᠤᠨ ᠰᠤᠨᠤᠯᠵᠠᠭᠠᠤᠨ᠂ ᠣᠢ ᠶᠢᠨ ᠵᠠᠪᠰᠠᠷ ᠶᠢᠡᠷ ᠭᠡᠷᠡᠮ ᠶᠢᠡᠨ ᠲᠠᠭᠠᠨ ᠶᠤᠯᠤ ᠶᠢᠨ ᠠᠷᠤ ᠭᠦᠷᠭᠦ ᠳᠠᠪᠠᠭᠠᠨ ᠵᠠᠮ ᠮᠤᠷᠤᠯᠵᠠᠨ ᠴᠠᠢ᠌ᠯᠵᠠᠨ᠎ᠠ᠃ ᠪᠢᠷᠠᠭᠤ ᠬᠠᠢ᠌ᠷᠬᠠᠨ ᠤ ᠠᠷᠤ ᠦᠪᠣᠷ ᠬᠠᠵᠠᠭᠤ ᠪᠠᠷ ᠢᠭᠴᠢ ᠰᠠᠬᠤᠯᠢᠭ ᠬᠤᠰᠤ ᠣᠯᠢᠶᠠᠰᠤᠨ ᠣᠢ ᠢᠭᠴᠤᠷᠠᠨ ᠵᠢᠭ᠍ᠳᠡᠷᠡᠵᠤ᠂ ᠮᠤᠳᠤᠨ ᠳᠡᠭᠡᠷ᠎ᠡ ᠨᠢ ᠡᠭᠦᠷᠯᠡᠭ᠍ᠰᠡᠨ ᠵᠠᠭᠤᠨ ᠰᠢᠪᠠᠭᠤᠳ ᠬᠤᠭᠤᠯᠠᠢ ᠮᠦᠷᠣᠢ᠌ᠴᠠᠨ ᠵᠢᠷᠭᠢᠨ ᠳᠤᠩᠭ᠋ᠤᠤᠠᠬᠤ ᠨᠢ ᠶᠠᠮᠠᠷ ᠴᠤ ᠨᠠᠢ᠌ᠷᠠᠯ ᠭᠦᠭ᠍ᠵᠢᠮ ᠡᠴᠡ ᠴᠤ ᠭᠡᠳᠥᠢᠦᠡᠴᠤ᠂ ᠴᠡᠭᠡᠯᠭᠡᠨ ᠢᠷᠠᠭᠤᠯᠢᠭ ᠠᠶᠠᠰ ᠶᠢᠡᠷ ᠶᠢᠡᠨ ᠰᠤᠨᠤᠰᠤᠭᠰᠠᠨ ᠪᠣᠯᠭᠠᠨ ᠤ ᠣᠷᠮ᠎ᠠ ᠶᠢ ᠰᠡᠷᠭᠦᠭᠡᠨ ᠰᠠᠤᠠᠭᠢᠯ ᠢ ᠪᠠᠶᠠᠰᠬᠠᠳᠠᠭ ᠰᠠᠨ᠃ ᠣᠢ ᠶᠢᠨ ᠴᠢᠯᠦᠭᠡ ᠠᠭᠤᠯᠠᠨ ᠤ ᠬᠠᠵᠠᠭᠤ ᠪᠠᠷ ᠡᠪᠠᠰᠤ ᠴᠡᠯᠭᠡᠷᠡᠨ ᠴᠡᠴᠡᠭ᠌ ᠮᠢᠷᠠᠯᠵᠠᠵᠤ᠂ ᠣᠷᠬᠤᠳᠠᠢ ᠡᠴᠡ ᠳᠡᠷᠢᠭᠦᠯᠡᠨ ᠬᠤᠪᠣᠷ ᠴᠤᠬᠠᠭ ᠡᠮᠳᠤ ᠣᠷᠭᠤᠮᠠᠯ ᠡᠯᠪᠠᠭ᠌ ᠣᠷᠭᠤᠳᠠᠭ ᠶᠢᠡᠷ ᠶᠢᠡᠨ ᠠᠯᠳᠠᠷᠳᠠᠢ ᠪᠠᠢ᠌ᠳᠠᠭ ᠨᠢ ᠪᠠᠯᠭᠡ ᠳᠠᠮᠪᠠᠷᠢᠯ ᠤᠨ ᠰᠢᠳᠦᠭᠡᠨ ᠪᠣᠯᠤᠭᠰᠠᠨ ᠠᠯᠳᠠᠨ ᠪᠢᠷᠠᠭᠤ ᠡᠴᠡ ᠢᠷᠠᠯᠳᠠᠢ ᠭᠡᠵᠤ ᠨᠠᠰᠤᠳᠠᠢ᠌ᠴᠤᠤᠯ ᠬᠠᠭᠤᠴᠢᠯᠠᠳᠠᠭ ᠶᠤᠮ᠃ ᠱᠤᠪᠬᠤ ᠣᠷᠭᠢᠯ ᠠᠰᠬ᠎ᠠ ᠬᠠᠳᠠᠨ ᠳᠡᠭᠡᠷ᠎ᠡ ᠨᠢ ᠨᠤᠭᠤᠭᠠᠨ ᠵᠠᠮᠠᠭ ᠣᠷᠭᠤᠨ ᠭᠦᠭᠡ ᠬᠠᠭᠳᠠ ᠬᠤᠴᠢᠭᠳᠠᠭᠰᠠᠨ ᠶᠢᠡᠷ ᠵᠢᠯ ᠤᠨ ᠳᠦᠷᠪᠡᠨ ᠣᠯᠠᠷᠢᠯ ᠳᠤ ᠭᠦᠭᠡᠷᠡᠨ ᠴᠡᠩᠭᠡᠷᠯᠡᠵᠤ᠂ ᠭᠤᠤᠯ ᠣᠷᠤᠢ ᠨᠢᠰᠭᠦ ᠱᠤᠪᠬᠤ ᠳᠡᠭᠡᠷ᠎ᠡ ᠨᠢ ᠠᠷᠪᠠᠭᠠᠤᠨ ᠳᠤᠭᠠᠨ ᠤ ᠠᠷᠭᠠᠯᠢ ᠣᠭᠠᠯᠵᠠ ᠣᠳᠤ ᠪᠣᠯᠳᠠᠯ᠎ᠠ ᠬᠠᠷᠠᠢ᠌ᠯᠳᠤᠨ ᠳᠤᠭᠯᠠᠯᠳᠤᠵᠤ ᠨᠤᠳᠤᠭ ᠣᠰᠤᠨ ᠤ ᠰᠦᠯᠳᠡ ᠴᠢᠮᠡᠭ᠌ ᠪᠣᠯᠵᠤ ᠪᠠᠢ᠌ᠨ᠎ᠠ᠃ ᠲ᠋ᠠᠪᠢᠨ ᠵᠢᠯ ᠤᠨ ᠡᠮᠦᠨ᠎ᠡ ᠡᠨᠡ ᠠᠭᠤᠯᠠᠨ ᠳᠤ ᠠᠷᠭᠠᠯᠢ ᠣᠭᠠᠯᠵᠠ ᠰᠥᠷᠦᠭᠯᠡᠭᠡᠤᠨ ᠭᠤᠷ ᠵᠦᠷ᠎ᠠ ᠳᠠᠯ᠎ᠠ ᠶᠢ ᠪᠦᠷᠭᠦᠨ ᠬᠠᠷᠠᠢ᠌ᠯᠳᠤᠵᠤ ᠪᠠᠢ᠌ᠵᠠᠢ᠃ ᠠᠮᠢ ᠠᠬᠤᠢ ᠶᠢᠨ ᠭᠤᠤᠯ ᠳᠠᠢ᠌ᠰᠤᠨ ᠪᠣᠯᠤᠭᠰᠠᠨ ᠬᠤᠶᠠᠷ ᠭᠦᠯᠳᠡᠢ 《ᠴᠢᠨ᠋ᠸ᠎ᠡ》 ᠲᠤᠭᠰᠢᠷᠠᠵᠤ᠂ ᠡᠷᠦᠢ ᠬᠤᠷᠤᠢ ᠠᠩᠨᠠᠵᠤ ᠭᠦᠷᠦᠭᠡᠯᠡᠭᠦ ᠡᠴᠡ ᠪᠣᠯᠤᠭᠠᠤᠨ ᠭᠦᠮᠤᠨ ᠣᠢ᠌ᠷᠠᠳᠤᠵᠤ ᠴᠢᠳᠠᠬᠤ ᠦᠭᠡᠶ ᠬᠠᠯᠢᠯ ᠬᠠᠳᠠᠨ ᠳᠡᠭᠡᠷ᠎ᠡ ᠨᠢ ᠡᠨᠡ ᠭᠡᠳᠤᠨ ᠭᠦᠭᠡᠷᠦᠭᠦᠢ ᠠᠮᠢᠳᠠᠨ ᠳᠦᠩᠭᠡᠵᠢ ᠳᠦᠯᠵᠢᠨ ᠥᠯᠡᠳᠡᠭ᠍ᠰᠡᠨ ᠢ ᠪᠣᠳᠤᠬᠤᠯᠠᠷ ᠳᠤᠳᠤᠷ᠎ᠠ ᠬᠠᠷᠠᠭᠤᠰᠤᠮᠠᠷ ᠡ᠃ ᠭᠡᠷᠴᠡᠭᠡᠢ ᠴᠢᠨ᠋ᠸ᠎ᠠ ᠰᠢᠭ ᠠᠮᠢᠳᠠᠨ ᠭᠤᠤᠯᠳᠠᠨ ᠳᠤ ᠮᠠᠷᠢᠶᠠᠭᠠᠤᠨ ᠪᠠᠢ᠌ᠳᠠᠭ ᠠᠩᠴᠢ ᠴᠢᠦᠡᠭᠦᠷ ᠤᠳ ᠪᠠᠰᠠ ᠦᠨᠳᠦᠰᠦ ᠳᠠᠰᠤᠷᠠᠭ᠎ᠠ ᠦᠭᠡᠶ᠂ ᠬᠠᠤᠯᠢ ᠡᠴᠡ ᠭᠠᠳᠠᠭᠤᠷ ᠬᠤᠯᠠᠭᠠᠢ᠌ᠯᠠᠵᠤ ᠢᠷᠡᠭ᠍ᠰᠡᠨ ᠠᠪᠠ ᠶᠢᠨ ᠫᠣᠤ ᠪᠠᠨ ᠣᠨᠢᠯᠠᠭᠠᠤᠨ ᠡᠨᠡ ᠭᠡᠳᠤᠨ ᠠᠮᠢᠳᠠᠨ ᠢ ᠠᠮᠠᠷ ᠠᠮᠢᠳᠤᠷᠠᠭᠤᠯᠬᠤ ᠦᠭᠡᠶ ᠰᠢᠩᠰᠢᠵᠤ ᠪᠠᠢ᠌ᠬᠤ ᠰᠤᠷᠠᠭ ᠳᠤᠭᠤᠯᠤᠭᠠᠤᠨ ᠣᠳᠠᠵᠤ ᠪᠠᠢ᠌ᠨ᠎ᠡ᠃ ᠭᠡᠭᠡᠷ᠎ᠡ ᠶᠢᠨ ᠠᠮᠢᠳᠠᠨ ᠶᠠᠭᠠᠭᠢᠵᠤ ᠣᠶᠠᠨ ᠬᠠᠳᠠᠨ ᠪᠠᠢ᠌ᠯ᠎ᠠ ᠴᠤ ᠭᠦᠭ᠍ᠵᠢᠭ᠍ᠰᠡᠨ ᠳᠠᠷᠢᠭᠢ ᠲᠡᠶ ᠬᠤᠶᠠᠷ ᠭᠦᠯᠳᠡᠨ ᠢ ᠶᠠᠭᠠᠭᠢᠵᠤ ᠭᠦᠷᠭᠦ ᠪᠢᠯᠡ᠂ ᠠᠭᠠᠵᠢᠮ ᠳᠠᠭᠠᠨ ᠠᠮᠢᠳᠠᠨ ᠤ ᠮᠦᠽᠠᠢ ᠳᠤ ᠵᠠᠭᠪᠣᠷ ᠰᠤᠨᠢᠷᠬᠠᠬᠤ ᠯᠠ ᠬᠤᠪᠢ ᠳᠠᠪᠢᠯᠠᠩ ᠲᠡᠶ ᠪᠣᠯᠪᠠ ᠭᠡᠵᠢ ᠦᠦ︖ ᠭᠡᠭᠦ ᠡᠴᠡ ᠬᠤᠷᠤ ᠪᠣᠴᠠᠯᠤᠭᠠᠤᠨ ᠪᠠᠢ᠌ᠳᠠᠭ ᠪᠣᠯᠪᠠ᠃ ᠣᠢ᠌ᠷ᠎ᠠ ᠶᠢᠨ ᠵᠢᠯ ᠡᠴᠡ ᠨᠠᠭᠠᠰᠢ ᠠᠮᠢ ᠠᠬᠤᠢ ᠶᠢᠨ ᠡᠪᠳᠡᠭ᠍ᠳᠡᠯ ᠡᠳᠦᠷ ᠢᠷᠡᠭᠦᠶ᠎ᠡ ᠭᠡᠴᠡᠭᠦᠳᠡᠵᠤ᠂ ᠪᠠᠢ᠌ᠭᠠᠯᠢ ᠡᠭᠡ ᠶᠢᠨ ᠬᠠᠳᠠᠵᠤ ᠬᠤᠷᠴᠡᠢ᠌ᠭᠰᠡᠨ 《ᠭᠦᠭᠦᠨ ᠳᠤᠪᠴᠢᠨ》 ᠳ᠋ᠤ ᠥᠯᠡᠳᠡᠭ᠍ᠰᠡᠨ ᠡᠨᠡ ᠭᠡᠳᠦᠭᠡᠨ 《ᠳᠤᠰᠦᠯ ᠰᠥ᠋》 ᠨᠢ ᠴᠤ ᠰᠢᠷᠭᠢᠭᠦ ᠣᠢ᠌ᠷᠠᠳᠤᠵᠤ᠂ ᠠᠶᠠᠰ ᠤᠨ ᠰᠠᠯᠭᠢᠨ ᠤ ᠢᠰᠭᠢᠷᠤᠯ ᠶᠢᠡᠷ ᠪᠠᠢ᠌ᠭᠠᠯᠢ ᠡᠭᠡ ᠶᠢᠨ ᠣᠶᠠᠷᠠᠭᠤᠨ ᠵᠢᠪᠬᠤᠯᠠᠩᠳᠠᠢ ᠭᠤᠮᠤᠳᠠᠯ ᠤᠨ ᠠᠶᠠᠯᠭᠤ ᠶᠢ ᠴᠢᠪᠬᠠᠳᠠᠵᠤ ᠪᠠᠢ᠌ᠨ᠎ᠠ ᠡ᠃

ᠪᠢᠷᠠᠭᠤ ᠬᠠᠢ᠌ᠷᠬᠠᠨ ᠤ ᠪᠠᠷᠠᠭᠤᠨ ᠬᠠᠵᠠᠭᠤ ᠪᠠᠷ ᠳᠤᠭᠤᠭᠰᠢ ᠰᠤᠨᠤᠭᠰᠠᠨ ᠬᠠᠮᠠᠷ ᠳᠡᠭᠡᠷ᠎ᠡ ᠨᠢᠭᠡᠨ ᠭᠡᠰᠡᠭ᠌ ᠪᠣᠰᠤᠭ᠎ᠠ ᠬᠠᠳᠠ ᠪᠠᠢ᠌ᠵᠤ᠂ ᠬᠠᠳᠠᠨ ᠤ ᠡᠩᠭᠡᠷ ᠳᠤᠨᠢ ᠠᠷᠪᠠᠭᠠᠤᠨ ᠮᠸᠲ᠋ᠷ ᠦᠨᠳᠦᠷ ᠰᠠᠠᠵᠢ ᠠᠳᠠᠯᠢ ᠠᠭᠤᠢ ᠪᠠᠢ᠌ᠨ᠎ᠠ᠃ ᠠᠭᠤᠢ ᠶᠢᠨ ᠳᠤᠳᠤᠷ᠎ᠠ ᠣᠷᠤᠭᠠᠤᠨ ᠣᠴᠢᠪᠠᠯ ᠳᠡᠭ᠌ ᠳᠤᠮᠳᠠ ᠨᠢ ᠬᠤᠶᠠᠷ ᠳᠤᠬᠤᠢ ᠪᠣᠰᠤᠭ᠎ᠠ᠂ ᠣᠷᠳᠤ ᠥᠷᠭᠡᠨ ᠶᠢᠡᠷ ᠶᠢᠡᠨ ᠠᠯᠳᠠ ᠳᠠᠯᠢᠮ ᠤᠷᠳᠤ᠂ ᠵᠥᠯᠭᠦᠭᠡᠤᠨ ᠠᠪᠣᠪᠠᠯ ᠵᠢᠰᠤ ᠥᠵᠡᠭ᠍ᠳᠡᠮ᠎ᠡ ᠭᠦᠯᠢᠭᠡᠷ ᠴᠢᠯᠠᠭᠤᠨ ᠰᠢᠷᠡᠭᠡ ᠲᠡᠶ ᠪᠠᠢ᠌ᠳᠡᠭ᠃ ᠰᠢᠷᠡᠭᠡᠨ ᠤ ᠬᠠᠵᠠᠭᠤᠳᠠᠭᠢ ᠴᠢᠯᠠᠭᠤᠨ ᠱᠠᠯᠠᠨ ᠤ ᠠᠩ ᠵᠠᠪᠰᠠᠷ ᠡᠴᠡ ᠠᠶᠠᠭᠠᠨ ᠭᠢᠷᠢ ᠪᠦᠳᠦᠭᠦᠨ ᠭᠦᠢᠯᠡᠰᠤᠨ ᠮᠤᠳᠤ ᠤᠷᠭᠤᠵᠤ᠂ ᠲ᠋ᠡᠭ᠍ᠰᠢ ᠭᠡᠮ ᠲᠡᠶ ᠳᠦᠷᠪᠡ ᠰᠠᠯᠠᠭᠠᠯᠠᠨ ᠳᠦᠷᠪᠡᠨ ᠵᠥᠭ᠌ ᠢ ᠵᠢᠭᠠᠭᠰᠠᠨ ᠨᠢ ᠪᠠᠢ᠌ᠭᠠᠯᠢ ᠶᠢᠨ ᠨᠢᠭᠡ ᠰᠤᠨᠢᠨ ᠭᠠᠢ᠌ᠬᠠᠯᠳᠠᠢ ᠥᠵᠡᠭ᠍ᠳᠡᠯ ᠪᠠᠢ᠌ᠯ᠎ᠠ᠃ ᠵᠤᠨ ᠤ ᠨᠠᠷᠠᠨ ᠳᠦᠭᠡᠨᠡᠮ᠎ᠡ ᠬᠠᠯᠠᠭᠤᠨ ᠡᠳᠦᠷ ᠡᠨᠡ ᠠᠭᠤᠢ ᠳᠤ ᠣᠷᠤᠬᠤ ᠳᠤ ᠮᠥᠯᠢᠭᠦᠨ ᠠᠮᠢᠰᠬᠤᠯ ᠮᠠᠷ ᠰᠠᠷ ᠥᠯᠢᠶᠡᠵᠤ᠂ ᠰᠡᠷᠢᠭᠦᠨ ᠰᠠᠯᠭᠢ ᠬᠠᠤᠭᠢᠭᠰᠠᠨ ᠠᠭᠤᠢ ᠳᠤ ᠭᠦᠢᠯᠡᠰᠤᠨ ᠮᠤᠳᠤ ᠬᠠᠷᠢᠨ ᠶᠡᠭᠡᠯ᠎ᠡ ᠳᠤᠷᠨᠢᠭᠤᠨ ᠣᠷᠭᠤᠳᠠᠭ ᠨᠢ ᠣᠩᠭ᠋ᠤᠨ ᠪᠠᠢ᠌ᠭᠠᠯᠢ ᠶᠢᠨ ᠭᠠᠢ᠌ᠬᠠᠮᠰᠢᠭ ᠢ ᠬᠠᠷᠠᠭᠤᠯᠤᠨ᠎ᠠ᠃ ᠵᠢᠯ ᠪᠦᠷᠢ ᠶᠢᠨ ᠵᠤᠨ ᠤ ᠡᠴᠦᠰ ᠪᠣᠯᠬᠤ ᠪᠦᠷᠢ᠂ ᠨᠤᠳᠤᠭ ᠤᠨ ᠯᠠᠮ᠎ᠠ ᠡᠮᠴᠢ ᠢᠳᠰᠢᠠᠨᠤᠷᠪᠣ ᠮᠠᠮ᠎ᠠ ᠵᠡᠮᠳᠡᠭ᠌ ᠭᠦᠯ ᠶᠢᠡᠨ ᠴᠢᠷᠴᠤ ᠡᠨᠡ ᠠᠭᠤᠢ ᠳᠤ ᠠᠪᠠᠷᠢᠨ ᠭᠦᠢᠯᠡᠰᠤ ᠳᠡᠭᠦᠵᠤ᠂ ᠴᠥᠮ᠎ᠡ ᠪᠠᠷ ᠨᠢ ᠡᠮ ᠨᠠᠢ᠌ᠷᠠᠳᠠᠭ ᠪᠠᠢ᠌ᠪᠠ᠃ ᠲ᠋ᠤᠬᠠᠢ ᠶᠢᠨ ᠦᠶ᠎ᠡ ᠶᠢᠨ ᠡᠮᠨᠡᠯᠭᠡ ᠶᠢᠨ ᠨᠥᠭᠦᠴᠡᠯ ᠠᠳᠠᠭ ᠳᠤᠤᠷ᠎ᠠ ᠪᠠᠢ᠌ᠳᠠᠭ ᠠᠬᠤᠢ ᠪᠠᠢ᠌ᠳᠠᠯ ᠳᠤ᠂ ᠢᠳᠰᠢᠠᠨᠤᠷᠪᠣ ᠶᠢᠨ ᠬᠤᠶᠠᠷ ᠳᠤᠩ ᠳᠠᠯᠬ᠎ᠠ ᠡᠮ ᠨᠢ ᠪᠠᠷᠤᠭ ᠤᠨ ᠡᠪᠠᠦᠡᠴᠢᠨ ᠢ ᠪᠦᠷ ᠠᠨᠠᠭᠠᠴᠢᠳᠠᠭ ᠪᠤᠯᠬᠤᠷ᠂ ᠭᠦᠮᠦᠰ ᠪᠦᠷ ᠡᠨᠡ ᠰᠠᠭᠤᠷᠢ ᠭᠦᠢᠯᠡᠰᠤᠨ ᠮᠤᠳᠤᠨ ᠤ ᠷᠢᠳᠢ ᠰᠢᠳᠢ ᠭᠡᠯᠴᠡᠨ᠎ᠡ᠃ ᠡᠨᠡ ᠠᠭᠤᠢ ᠪᠠᠷ ᠳᠤᠳᠤᠭᠰᠢ ᠶᠠᠪᠣᠭᠠᠤᠨ ᠬᠣᠢ᠌ᠳᠤ ᠬᠠᠨ᠎ᠠ ᠳᠤᠯᠪᠠᠯ ᠵᠢᠰᠢᠭᠦᠤ ᠪᠠᠷ ᠳᠡᠭᠡᠭ᠍ᠰᠢ ᠮᠠᠴᠤᠬᠤ ᠬᠠᠳᠠᠨ ᠳᠡᠭ᠍ᠳᠡᠷ ᠲᠡᠶ ᠪᠠᠢ᠌ᠵᠤ᠂ ᠵᠠᠩ ᠢᠯᠡᠭᠦᠤ ᠳᠡᠭᠡᠭ᠍ᠰᠢ ᠠᠪᠠᠷᠢᠭᠠᠤᠨ ᠪᠠᠷᠠᠭᠤᠠᠰᠢ ᠮᠤᠷᠣᠢ᠌ᠵᠤ᠂ ᠮᠤᠩᠭ᠋ᠤᠯ ᠭᠡᠷ ᠤᠨ ᠡᠭᠦᠳᠡ ᠰᠢᠭ᠌ ᠨᠥᠭᠡ ᠪᠠᠷ ᠰᠢᠷᠭᠤᠭᠠᠤᠨ ᠭᠠᠷᠪᠠᠯ ᠨᠠᠯᠠᠤᠬᠠᠨ ᠠᠭᠤᠯᠠᠨ ᠭᠢᠷ᠎ᠠ ᠪᠣᠯᠬᠤ ᠶᠤᠮ᠃ ᠨᠤᠳᠤᠭ ᠤᠨ ᠮᠤᠩᠭ᠋ᠤᠯᠴᠤᠳ ᠡᠭᠦᠨ ᠢ 《ᠰᠠᠠᠵᠢᠨ ᠰᠢᠷᠭᠤᠭᠤᠯ》 ᠭᠡᠵᠤ ᠨᠠᠷᠠᠯᠠᠨ᠂ ᠣᠷᠳᠤ ᠬᠤᠭᠤᠴᠠᠭᠠᠨ ᠤ ᠳᠤᠷᠰᠢ ᠳᠠᠭᠢᠯ ᠳᠠᠪᠢᠯᠭ᠎ᠠ ᠡᠷᠭᠦᠭ᠍ᠰᠡᠭᠡᠷ ᠢᠷᠡᠵᠡᠢ᠃ ᠡᠨᠡ ᠠᠭᠤᠢ ᠶᠢᠨ ᠬᠠᠮᠤᠭ ᠭᠠᠢ᠌ᠬᠠᠮᠰᠢᠭᠳᠠᠢ ᠭᠠᠵᠠᠷ ᠨᠢ᠂ ᠭᠠᠯᠵᠢᠭᠤ ᠨᠤᠬᠠᠢ ᠳᠤ ᠬᠠᠵᠠᠭᠳᠠᠭᠰᠠᠨ ᠪᠣᠯᠭᠠᠨ ᠡᠭᠦᠪᠠᠷ ᠰᠢᠷᠭᠤᠭᠠᠤᠨ ᠭᠠᠷᠤᠭᠰᠠᠭᠠᠷ ᠶᠠᠮᠠᠷᠴᠤ ᠭᠡᠮ ᠠᠷᠬᠠᠭ ᠥᠯᠡᠳᠡᠭᠦ ᠦᠭᠡᠶ ᠡᠷᠡᠭᠦᠯᠵᠢᠳᠡᠭ᠌ ᠪᠠᠢ᠌ᠵᠠᠢ᠃ ᠰᠠᠠᠵᠢᠨ ᠰᠢᠷᠭᠤᠭᠤᠯ ᠢᠩᠭᠢᠭᠡᠤᠨ ᠨᠠᠷ᠎ᠠ ᠠᠯᠳᠠᠷᠰᠢᠵᠤ᠂ ᠬᠤᠯᠠ ᠣᠢ᠌ᠷ᠎ᠠ ᠶᠢᠨ ᠭᠢᠨ ᠴᠢᠮᠡᠭᠡ ᠠᠪᠣᠯᠴᠠᠨ ᠭᠠᠯᠵᠢᠭᠤ ᠰᠢᠷᠬ᠎ᠠ ᠡᠴᠡ ᠭᠠᠳᠠᠨ᠎ᠠ ᠵᠠᠰᠠᠯᠭ᠎ᠠ ᠠᠯᠳᠠᠭᠰᠠᠨ ᠡᠪᠠᠦᠡᠴᠢᠳᠡᠨ ᠭᠦᠷᠳᠡᠯ᠎ᠡ ᠳᠠᠮᠨᠠᠭᠤᠯᠵᠤ ᠢᠷᠡᠭᠡᠤᠨ ᠰᠢᠷᠭᠤᠵᠤ ᠪᠠᠢ᠌ᠭᠰᠠᠨ᠃ ᠲ᠋ᠠᠷᠠ ᠴᠠᠭ ᠡᠴᠡ ᠡᠭᠢᠯᠡᠨ ᠡᠨᠡ ᠨᠤᠳᠤᠭ ᠲᠤ :

ᠠᠪᠣᠷᠭᠤ ᠭᠢᠩᠭ᠋ᠠᠨ ᠤ ᠳᠦᠰᠢᠭ᠌ ᠲᠡᠶ

ᠠᠭᠤᠳᠠᠮ ᠰᠠᠷᠠᠭᠤᠯ ᠣᠯᠠᠭᠠᠠᠪᠠᠢ᠌ᠴᠠ ᠨᠤᠳᠤᠭ ᠡ ᠭᠦᠢ

ᠷᠠᠰᠢᠶᠠᠨ ᠪᠣᠯᠠᠭ ᠤᠨ ᠣᠠᠳᠤᠷᠤᠯ ᠲᠡᠶ

ᠠᠷᠢᠭᠤᠨ ᠳᠤᠩᠭ᠋ᠠᠯᠠᠭ ᠪᠠᠶᠠᠨ ᠭᠤᠤᠯ ᠡ ᠭᠦᠢ

ᠡᠨ ᠬᠨ ᠭᠦᠢ ᠊᠊᠊᠊᠊᠊᠊᠊᠊᠊᠊᠊᠊᠊᠊ ᠊᠊᠊᠊᠊᠊᠊᠊᠊᠊᠊᠊᠊᠊᠊

ᠡᠵᠢ ᠶᠢᠨ ᠮᠢᠨᠢ ᠥᠰᠭᠡᠭ᠍ᠰᠡᠨ

ᠡᠩᠭᠡ ᠵᠢᠷᠭᠠᠯ ᠤᠨ ᠣᠷᠤᠨ

ᠠᠷᠤ ᠦᠪᠣᠷ ᠲᠡᠭᠡᠨ ᠠᠯᠳᠠᠷ ᠲᠡᠶ

ᠠᠮᠢᠨ ᠠᠪᠣᠷᠠᠯᠳᠤ ᠰᠠᠠᠵᠢᠨ ᠰᠢᠷᠭᠤᠭᠤᠯ ᠡ ᠭᠦᠢ

ᠠᠯᠳᠠᠨ ᠪᠢᠷᠠᠭᠤ ᠶᠢᠨ ᠳᠤᠮᠤᠭ ᠲᠡᠶ

ᠠᠰᠤᠷᠤ ᠪᠠᠶᠠᠯᠢᠭ ᠪᠢᠷᠠᠭᠤ ᠬᠠᠢ᠌ᠷᠬᠠᠨ ᠡ ᠭᠦᠢ

ᠡᠨ ᠬᠨ ᠭᠦᠢ ᠊᠊᠊᠊᠊᠊᠊᠊᠊᠊᠊᠊᠊᠊᠊ ᠊᠊᠊᠊᠊᠊᠊᠊᠊᠊᠊᠊᠊᠊᠊

ᠠᠪᠣ ᠶᠢᠨ ᠮᠢᠨᠢ ᠳᠤᠷᠨᠢᠭᠤᠯᠤᠭᠰᠠᠨ

ᠠᠵᠠ ᠵᠢᠷᠭᠠᠯ ᠤᠨ ᠤᠷᠤᠨ᠁ ᠭᠡᠰᠡᠨ ᠠᠷᠠᠤᠨ ᠤᠨ ᠳᠠᠭᠤᠤ ᠵᠤᠬᠢᠶᠠᠭᠳᠠᠨ ᠳᠡᠯᠭᠡᠷᠡᠵᠤ᠂ ᠭᠢᠩᠭ᠋ᠡᠨ ᠨᠢᠷᠤᠭᠤᠨ ᠤ ᠠᠷᠤ ᠦᠪᠣᠷ ᠶᠢᠡᠷ ᠬᠠᠩᠭᠢᠨᠠᠳᠠᠯ᠎ᠠ ᠳᠠᠭᠤᠯᠠᠭᠳᠠᠬᠤ ᠪᠣᠯᠤᠭᠰᠠᠨ ᠪᠠᠢ᠌ᠨ᠎ᠠ᠃ ᠬᠠᠷᠠᠮᠰᠠᠯᠳᠠᠢ ᠨᠢ 1983 ᠣᠨ ᠤ ᠵᠤᠨ᠂ ᠨᠢᠭᠡᠨ ᠣᠳᠠᠭᠠᠨ ᠤ ᠠᠭᠠᠳᠠᠷ ᠪᠣᠷᠤᠭᠠᠨ ᠤ ᠠᠶᠤᠩᠭ᠋ᠠᠨ ᠳᠤ ᠰᠠᠠᠵᠢᠨ ᠰᠢᠷᠭᠤᠭᠤᠯ ᠮᠢᠨᠢ ᠨᠤᠷᠠᠴᠢᠬᠠᠵᠠᠢ᠃ ᠲ᠋ᠡᠭᠡᠪᠠᠴᠤ ᠪᠢᠷᠠᠭᠤ ᠬᠠᠢ᠌ᠷᠬᠠᠨ ᠤ ᠳᠤᠮᠤᠭ ᠬᠠᠷᠢᠨ ᠠᠷᠠᠤᠨ ᠤᠨ ᠰᠠᠤᠠᠭᠢᠯ ᠳᠤ ᠬᠠᠳᠠᠩᠰᠢᠭᠠᠤᠨ ᠦᠨᠡᠨ ᠴᠤ ᠶ‍ᠤᠮᠰᠢᠭ᠂ ᠥᠴᠦᠭᠡᠳᠦᠷ ᠤᠨ ᠶᠠᠪᠣᠳᠠᠯ ᠴᠤ ᠠᠳᠠᠯᠢ ᠳᠤᠷᠠᠰᠤᠭᠳᠠᠭᠰᠠᠭᠠᠷ ᠪᠠᠢ᠌ᠨ᠎ᠠ᠃

ᠡᠷᠳᠡ ᠳᠡᠭᠡᠳᠤ ᠦᠶ᠎ᠡ ᠳᠤ᠂ ᠪᠢᠷᠠᠭᠤ ᠬᠠᠢ᠌ᠷᠬᠠᠨ ᠤ ᠪᠠᠷᠠᠭᠤᠨ ᠳᠤᠤᠷ᠎ᠠ ᠪᠠᠶᠠᠨ ᠭᠤᠤᠯ ᠤᠨ ᠳᠠᠠᠵᠢᠨ ᠳᠡᠭᠡᠷ᠎ᠡ ᠡᠪᠦᠭᠡᠨ ᠭᠦᠭ᠍ᠰᠢᠨ ᠬᠤᠶᠠᠷ ᠠᠷᠢᠭᠤᠠᠭᠤᠸ᠎ᠠ ᠭᠡᠭ᠍ᠴᠢ ᠭᠠᠭᠴᠠ ᠦᠬᠢᠨ ᠲᠡᠶ ᠪᠠᠨ ᠦᠪᠣᠩ ᠳᠠᠷᠤᠭᠠᠤᠨ ᠠᠮᠢᠳᠤᠷᠠᠵᠤ ᠪᠠᠢ᠌ᠵᠠᠢ᠃ ᠠᠷᠢᠭᠤᠠᠭᠤᠸ᠎ᠠ ᠭᠡᠦᠭᠡᠨ ᠭᠦᠭᠦᠭᠡ ᠶᠢᠨ ᠳᠠᠭᠤᠨ ᠶᠢᠡᠷ ᠶ‍ᠢᠷᠳᠢᠠᠴᠤ ᠳᠤ ᠮᠡᠡᠳᠦᠯᠡᠭᠦ ᠳᠡᠭᠡᠨ ᠭᠦᠮᠤᠨ ᠲᠦᠷᠦᠯᠭᠢᠳᠠᠨ ᠤ ᠬᠠᠮᠤᠭ ᠰᠠᠢ᠌ᠬᠠᠨ ᠥᠩᠭᠡ ᠵᠢᠰᠤ᠂ ᠣᠰᠬᠠᠯ ᠠᠷᠤᠤᠬᠠᠨ ᠵᠠᠩ ᠠᠭᠠᠯᠢ ᠪᠦᠭᠦᠨ ᠢ ᠬᠤᠷᠸ᠎ᠠ ᠳᠤ ᠠᠪᠴᠤ ᠳᠦᠷᠦᠭᠡᠤᠨ᠂ ᠠᠭᠤᠯᠠ ᠣᠰᠤᠨ ᠤ ᠭᠡᠰᠢᠭ᠌ ᠠᠭᠤᠤ ᠪᠠᠢ᠌ᠭᠠᠯᠢ ᠶᠢᠨ ᠰᠢᠮ᠎ᠠ ᠪᠦᠭᠦᠨ ᠢ ᠨᠢᠭᠡ ᠪᠠᠶ᠎ᠠ ᠳᠡᠭᠡᠨ ᠰᠢᠩᠭᠡᠭᠡᠵᠡᠢ᠃ ᠤᠶᠡᠭᠠᠨ ᠢᠷᠠᠭᠤᠯᠢᠭ ᠣᠷᠳᠤ ᠶᠢᠨ ᠳᠠᠭᠤᠨ ᠳ᠋ᠤᠨᠢ ᠠᠭᠤᠯᠠ ᠬᠠᠢ᠌ᠷᠬᠠᠨ ᠴᠤᠤᠷᠢᠶᠠᠯᠠᠨ ᠬᠠᠩᠭᠢᠨᠠᠵᠤ ᠣᠳᠠ ᠣᠯᠢᠶᠠᠰᠤ ᠨᠠᠢ᠌ᠭᠤᠨ ᠪᠦᠵᠢᠭᠯᠡᠭᠡᠤᠨ᠂ ᠪᠠᠶᠡᠨ ᠭᠤᠤᠯ ᠤᠨ ᠣᠰᠤ ᠱᠤᠤᠭᠢᠨ ᠳᠤᠯᠭᠢᠶᠠᠯᠠᠵᠤ ᠠᠭᠤᠯᠠ ᠣᠰᠤᠨ ᠤ ᠨᠠᠪᠳᠠᠭ ᠱᠠᠪᠳᠠᠭ ᠭᠦᠭ᠍ᠵᠢᠯᠳᠤᠨ ᠪᠠᠶᠠᠰᠳᠠᠭ ᠪᠠᠢ᠌ᠪᠠ᠃ ᠥᠷᠯᠦᠭᠡ ᠪᠦᠷᠢ ᠦᠨᠢᠶ᠎ᠡ ᠪᠠᠨ ᠰᠠᠭᠠᠭᠠᠤᠨ ᠪᠠᠯᠴᠢᠭᠡᠷ ᠳᠤᠨᠢ ᠵᠠᠯᠠᠬᠤ ᠳᠤ᠂ ᠪᠢᠷᠠᠭᠤ ᠬᠠᠢ᠌ᠷᠬᠠᠨ ᠡᠴᠡ ᠨᠢᠭᠡᠨ ᠴᠤᠯ ᠠᠯᠳᠠᠨ ᠪᠢᠷᠠᠭᠤ ᠪᠠᠭᠤᠵᠤ ᠢᠷᠡᠭᠡᠤᠨ ᠪᠠᠶᠠᠨ ᠭᠤᠤᠯ ᠤᠨ ᠣᠰᠤ ᠶᠢ ᠣᠤᠭᠤᠵᠤ᠂ ᠠᠷᠢᠭᠤᠠᠭᠤᠸ᠎ᠠ ᠶᠢᠨ ᠥᠭᠡᠷ ᠲᠡᠶ ᠨᠡᠢ᠌ᠯᠡᠭᠡᠤᠨ ᠣᠭᠤᠳᠤᠩᠨᠠᠳᠤᠨ ᠳᠤᠭᠯᠠᠵᠤ ᠬᠠᠨᠤᠭᠠᠤᠨ ᠰᠠ‍‌ᠶᠢ ᠠᠭᠤᠯᠠᠨ ᠳᠠᠭᠠᠨ ᠪᠣᠴᠠᠳᠠᠭ ᠪᠠᠢ᠌ᠪᠠ᠃ ᠬᠠᠶᠠ ᠵᠠᠷᠢᠮ ᠳᠠᠭᠠᠨ ᠭᠤᠤᠯ ᠤᠨ ᠵᠡᠭᠦᠨ ᠳᠠᠠᠵᠢᠨ ᠳᠡᠭᠡᠷ᠎ᠡ ᠡᠪᠠᠷ ᠶᠢᠡᠷ ᠶᠢᠡᠨ ᠰᠠᠵᠢᠯᠭᠢᠯᠠᠨ ᠳᠤᠭᠤᠷᠠᠢ ᠪᠠᠷ ᠶᠢᠡᠨ ᠴᠠᠪᠴᠢᠯᠠᠭᠰᠠᠭᠠᠷ ᠪᠠᠢ᠌ᠵᠤ᠂ ᠡᠨᠡ ᠭᠠᠵᠠᠷ ᠡᠴᠡ ᠷᠠᠰᠢᠶᠠᠨ ᠪᠣᠯᠠᠭ ᠣᠠᠳᠤᠷᠤᠨ ᠭᠠᠷᠴᠤ 《ᠪᠣᠯᠠᠭ ᠤᠨ ᠳᠤᠬᠤᠢ》 ᠭᠡᠵᠤ ᠨᠡᠷᠡᠯᠡᠭ᠍ᠳᠡᠵᠡᠢ᠃

ᠠᠷᠢᠭᠤᠠᠭᠤᠸ᠎ᠠ ᠶᠢᠨ ᠭᠢ ᠡᠴᠡ ᠪᠠᠷᠠᠭᠤᠠᠰᠢ ᠭᠤᠷᠪᠠᠨ ᠭᠠᠵᠠᠷ ᠵᠠᠢ᠌ᠳᠠᠢ ᠠᠭᠤᠯᠠᠨ ᠭᠦᠡᠳᠡᠢ ᠳᠤ ᠪᠣᠷᠤᠯᠳᠠᠢ ᠭᠡᠭ᠍ᠴᠢ ᠴᠢᠪᠠᠭᠠᠠᠴᠠ ᠬᠠᠳᠠ ᠭᠡᠳᠡᠭ᠌ ᠭᠠᠭᠴᠠ ᠭᠦᠤ ᠲᠡᠶ ᠪᠠᠨ ᠬᠤᠶᠠᠭᠤᠯᠠ ᠭᠡᠳᠤᠨ ᠮᠠᠯ ᠶᠢᠡᠨ ᠠᠷᠠᠴᠢᠯᠠᠭᠠᠤᠨ ᠣᠠᠳᠤᠷᠤᠯ ᠠᠪᠴᠤ ᠪᠠᠢ᠌ᠵᠡᠢ᠃ ᠡᠨᠡ ᠬᠠᠳᠠ ᠭᠦᠤ ᠭᠦᠳᠡᠷᠯᠢᠭ᠌ ᠳᠤᠮᠤ ᠪᠠᠶ᠎ᠠ ᠲᠡᠶ᠂ ᠭᠦᠷᠦᠰᠦᠯᠢᠭ᠌ ᠪᠣᠷᠤ ᠴᠢᠷᠠᠢ ᠳᠡᠭᠡᠷ᠎ᠡ ᠪᠠᠨ ᠵᠠᠯᠢᠳᠠᠢ ᠭᠤᠷᠪᠠᠯᠵᠢᠨ ᠨᠢᠳᠤ ᠠᠨᠢᠪᠴᠢᠭᠠᠤᠨ ᠠᠵᠢᠯ ᠭᠦᠳᠡᠯᠮᠦᠷᠢ ᠳᠤ ᠱᠡᠯᠡᠮᠡᠭᠠᠢ᠂ ᠡᠮᠨᠢᠭ᠌ ᠰᠤᠷᠭᠠᠬᠤ ᠳᠠᠭᠠᠨ ᠴᠢᠳᠠᠮᠠᠭᠠᠢ ᠪᠠᠢ᠌ᠳᠠᠭ ᠶᠢᠡᠷ ᠶᠢᠡᠨ ᠠᠷᠢᠭᠤᠠᠭᠤᠸ᠎ᠠ ᠶᠢᠨ ᠡᠴᠢᠭᠡ ᠡᠭᠡ ᠳᠤ ᠶᠡᠭᠡ ᠳᠤᠭᠤᠭᠳᠠᠵᠤ᠂ ᠭᠦᠷᠭᠡᠨ ᠶᠢᠡᠨ ᠪᠣᠯᠭᠠᠬᠤ ᠰᠠᠨᠠᠭ᠎ᠠ ᠣᠷᠤᠭᠠᠤᠨ ᠤᠳᠡᠵᠡᠢ᠃ ᠭᠡᠳᠡᠯ᠎ᠡ ᠠᠷᠢᠭᠤᠠᠭᠤᠸ᠎ᠠ ᠭᠡᠦᠭᠡᠨ ᠬᠠᠳᠠ ᠶᠢᠨ ᠵᠥᠭᠡᠯᠡᠨ ᠬᠤᠩᠰᠢᠶᠠᠷ ᠨᠢᠯᠤᠭᠤᠨ ᠵᠠᠩ ᠢ ᠭᠤᠯᠤᠵᠤ᠂ ᠣᠳᠠᠭ᠎ᠠ ᠳᠠᠷᠠᠭ᠎ᠠ ᠶᠢᠨ ᠣᠷᠤᠭ ᠭᠤᠶᠤᠯᠳᠠ ᠡᠴᠡ ᠨᠢ ᠳᠠᠳᠠᠭᠠᠯᠵᠠᠭᠰᠠᠭᠠᠷ ᠢᠷᠡᠪᠡ᠃ ᠡᠨᠡᠭᠦ ᠣᠷᠤᠭ ᠭᠤᠶᠤᠯᠳᠠ ᠶᠠᠭ ᠢᠳᠠ ᠶᠠᠪᠣᠭᠳᠠᠵᠤ ᠪᠠᠢ᠌ᠬᠤ ᠳᠤ᠂ ᠬᠤᠶᠠᠷ ᠰᠠᠬᠤᠤᠯ ᠨᠠᠠᠮᠠᠠᠽᠢ (ᠡᠮᠦᠨ᠎ᠡ ᠣᠷᠤᠨ ᠤ ᠭᠢᠳᠠᠤᠨ ᠠᠷᠠᠯᠵᠢᠶᠠᠴᠢᠨ)ᠶᠡᠭᠡ ᠪᠠᠭ᠎ᠠ ᠪᠣᠭᠤᠳᠠᠯ ᠶᠢᠡᠨ ᠡᠭᠦᠷᠦᠭᠡᠤᠨ ᠪᠣᠷᠤᠯᠳᠠᠢ ᠴᠢᠪᠠᠭᠠᠠᠴᠠ ᠶᠢᠨ ᠳᠤ ᠪᠠᠭᠤᠵᠤ ᠬᠤᠨᠤᠭᠯᠠᠵᠠᠢ᠃ ᠦᠷ ᠶᠢᠡᠷ ᠪᠣᠰᠴᠤ ᠵᠡᠭᠦᠡᠰᠢ ᠬᠠᠷᠠᠬᠤᠯ᠎ᠠ ᠪᠣᠯᠠᠭ ᠤᠨ ᠳᠤᠬᠤᠢ ᠳᠤ ᠠᠷᠪᠠᠨ ᠵᠠᠩ ᠤᠨ ᠠᠯᠳᠠᠨ ᠭᠡᠷᠡᠯ ᠰᠠᠴᠤᠷᠠᠵᠤ ᠪᠠᠢ᠌ᠯ᠎ᠠ ᠭᠡᠨ᠎ᠡ᠃ ᠡᠨᠡ ᠬᠤᠶᠠᠷ ᠨᠠᠠᠮᠠᠠᠽᠢ ᠠᠭᠤᠯᠠ ᠣᠰᠤᠨ ᠤ ᠭᠡᠰᠢᠭ᠌ ᠡᠷᠳᠡᠨᠢ ᠪᠠᠭᠤᠭᠠᠤᠨ ᠢᠷᠡᠴᠢᠭ᠍ᠰᠡᠨ ᠢ ᠮᠠᠳᠠᠵᠤ᠂ ᠪᠣᠭᠤᠳᠠᠯ ᠶᠢᠡᠨ ᠬᠠᠶᠠᠭᠠᠤᠨ ᠪᠣᠯᠠᠭ ᠤᠨ ᠳᠤᠬᠤᠢ ᠳᠤ ᠱᠤᠭᠰᠢᠭ᠎ᠠ ᠪᠠᠷ ᠭᠦᠷᠭᠦ ᠳᠤ᠂ ᠵᠢᠰᠤ ᠪᠣᠷᠤᠭᠤ ᠠᠮᠢᠳᠠᠨ ᠥᠵᠡᠭ᠍ᠰᠡᠨ ᠠᠯᠳᠠᠨ ᠪᠢᠷᠠᠭᠤ ᠭᠠᠭᠴᠠᠬᠠᠨ ᠳᠤᠭᠯᠠᠮᠠᠭᠴᠠ ᠊ᠭ᠍ᠱᠡᠨ ᠵᠠᠭᠤᠷ᠎ᠠ ᠪᠢᠷᠠᠭᠤ ᠬᠠᠢ᠌ᠷᠬᠠᠨ ᠳᠤ ᠰᠢᠷᠭᠤᠭᠠᠤᠨ ᠣᠷᠤᠴᠢᠬᠠᠵᠠᠢ᠃ ᠬᠤᠪᠳᠤᠭ ᠰᠢᠯᠤᠰᠤ ᠪᠠᠨ ᠵᠠᠯᠭᠢᠯᠠᠭᠰᠠᠨ ᠬᠤᠶᠠᠷ ᠨᠠᠠᠮᠠᠠᠽᠢ᠂ ᠪᠠᠶᠠᠨ ᠭᠤᠤᠯ ᠤᠨ ᠳᠠᠠᠵᠢᠨ᠎ᠠ ᠣᠳᠠᠳᠠᠯ᠎ᠠ ᠮᠡᠨᠡᠭ᠍ᠷᠡᠨ ᠵᠤᠭᠰᠤᠭᠠᠤᠨ᠂ ᠰᠢᠨᠤᠬᠠᠢ ᠮᠡᠭᠡ ᠪᠠᠨ ᠪᠢᠰᠢᠯᠭᠠᠨ ᠵᠠᠯᠢᠳᠤ ᠠᠷᠭ᠎ᠠ ᠪᠠᠨ ᠵᠥᠪᠯᠡᠯᠳᠦᠭᠡᠤᠨ ᠪᠣᠷᠤᠯᠳᠠᠢ ᠶᠢᠨ ᠳᠤ ᠬᠠᠷᠢᠵᠤ᠂ ᠵᠠᠭᠤᠨ ᠠᠯᠳᠠᠨ ᠶᠤᠸᠠᠮᠪᠣᠤ ᠪᠠᠷ ᠠᠯᠳᠠᠨ ᠪᠢᠷᠠᠭᠤ ᠶᠢ ᠵᠤᠯᠢᠵᠤ ᠠᠪᠬᠤ ᠪᠠᠷ ᠦᠨ᠎ᠡ ᠬᠠᠶᠠᠵᠠᠢ᠃ 《ᠵᠠᠭᠤᠨ ᠠᠯᠳᠠᠨ ᠶ‍ᠦᠸᠡᠮᠪᠦᠤ》 ᠭᠡᠵᠤ ᠰᠤᠨᠤᠰᠤᠨᠠᠷᠠᠨ ᠪᠣᠷᠤᠯᠳᠠᠢ ᠴᠢᠪᠠᠭᠠᠠᠴᠠ ᠶᠢᠨ ᠨᠢᠳᠤ ᠨᠢ ᠣᠷᠤᠢ ᠳᠡᠭᠡᠷ᠎ᠡ ᠪᠠᠨ ᠳᠤᠭᠳᠠᠵᠤ᠂ ᠮᠠᠩᠨᠠᠢ ᠳᠡᠭᠡᠷ᠎ᠡ ᠪᠠᠨ ᠵᠠᠯᠪᠠᠷᠢᠬᠤ ᠡᠴᠡ ᠥᠭᠡᠷ᠎ᠡ ᠥᠭᠡ ᠭᠡᠯᠡᠵᠤ ᠭᠠᠷᠬᠤ ᠦᠭᠡᠶ ᠪᠣᠯᠪᠠ᠃ ᠬᠠᠭ᠎ᠠ ᠪᠠᠶᠠᠷᠯᠠᠭᠰᠠᠨ ᠬᠠᠳᠠ ᠭᠠᠢ᠌ᠬᠠᠯ ᠡᠢ᠌ᠮᠤ ᠠᠷᠪᠢᠨ ᠵᠤᠭᠤᠰ ᠢ ᠬᠠᠮᠢᠭ᠎ᠠ ᠵᠠᠷᠤᠬᠤ ᠪᠠᠨ ᠲᠦᠰᠤᠪᠯᠠᠨ ᠪᠣᠳᠤᠵᠤ᠂ ᠬᠤᠭᠤᠰᠤᠨ ᠰᠢᠨᠤᠬᠠᠢ᠌ᠷᠠᠯ ᠳᠠᠭᠠᠨ ᠰᠤᠭᠳᠤᠭᠤᠷᠠᠭᠰᠠᠭᠠᠷ ᠪᠠᠢ᠌ᠵᠤ ᠨᠠᠠᠮᠠᠠᠽᠢ ᠶᠢᠨ ᠭᠡᠳᠦᠡᠳᠡ ᠳᠠᠭᠤᠳᠠᠬᠤ ᠶᠢ ᠰᠠᠷᠠᠵᠤ ᠮᠡᠳᠡᠭ᠍ᠰᠡᠨ ᠦᠭᠡᠶ᠃ ᠨᠤᠳᠤᠭ ᠤᠨ ᠭᠡᠰᠢᠭ᠌ ᠶᠢᠡᠨ ᠬᠤᠳᠠᠯᠳᠤᠬᠤ ᠪᠣᠵᠠᠷ ᠠᠷᠠᠯᠵᠢᠶ᠎ᠠ ᠢᠩᠭᠢᠭᠡᠤᠨ ᠪᠦᠳᠦᠵᠤ᠂ ᠠᠯᠳᠠᠨ ᠪᠢᠷᠠᠭᠤ ᠶᠢ ᠪᠠᠷᠢᠬᠤ ᠳᠤ ᠣᠷᠢᠳᠠᠪᠠᠷ ᠠᠷᠢᠭᠤᠠᠭᠤᠸ᠎ᠠ ᠶᠢ ᠠᠷᠭᠠᠯᠠᠬᠤ ᠨᠢ ᠵᠠᠩᠭᠢᠯᠭ᠎ᠠ ᠪᠣᠯᠵᠠᠢ᠃ ᠠᠯᠳᠠᠨ ᠪᠢᠷᠠᠭᠤ ᠭᠠᠭᠴᠠᠬᠦ ᠠᠷᠢᠭᠤᠠᠭᠤᠸ᠎ᠠ ᠶᠢ ᠣᠢ᠌ᠷᠠᠳᠤᠭᠤᠯᠵᠤ ᠳᠡᠮᠳᠡᠷᠢᠭᠦᠯᠳᠡᠭ᠌ ᠳᠤᠯᠠ ᠡᠪᠳᠡᠢ ᠣᠬᠠᠭᠠᠯᠠᠬᠤ ᠦᠭᠡᠶ ᠪᠣᠯ ᠣᠪ ᠶᠠᠪᠣᠭᠤᠯᠤᠯᠭ᠎ᠠ ᠬᠤᠭᠤᠰᠤᠳᠠᠬᠤ ᠶᠢ ᠮᠡᠳᠡᠭ᠍ᠰᠡᠨ ᠬᠠᠳᠠ ᠭᠠᠢ᠌ᠬᠠᠯ᠂ ᠭᠤᠷᠪᠠᠯᠵᠢᠨ ᠨᠢᠳᠤ ᠪᠠᠨ ᠠᠨᠢᠪᠴᠢᠭᠰᠠᠭᠠᠷ ᠪᠣᠯᠠᠭ ᠤᠨ ᠳᠤᠬᠤᠢ ᠳᠤ ᠳᠤᠭᠤᠯ ᠬᠠᠷᠢᠭᠤᠯᠵᠤ ᠪᠠᠢ᠌ᠭᠰᠠᠨ ᠠᠷᠢᠭᠤᠠᠭᠤᠸ᠎ᠠ ᠶᠢᠨ ᠳᠡᠷᠭᠡᠳᠡ ᠭᠦᠷᠦᠭᠡᠤᠨ ᠤᠴᠢᠵᠡᠢ᠃ ᠲ᠋ᠡᠭᠡᠭᠡᠤᠨ ᠠᠷᠢᠭᠤᠠᠭᠤᠸ᠎ᠠ ᠳᠤ᠄

《ᠪᠣᠶᠠᠨ ᠨᠢ ᠢᠷᠡᠭᠦᠯᠡᠷ ᠪᠣᠬ᠎ᠠ ᠨᠢ ᠳᠤᠭᠤᠯᠯᠠᠨ᠎ᠠ ᠭᠡᠭ᠍ᠴᠢ ᠪᠠᠷ ᠮᠠᠨ ᠤ ᠳᠠᠯᠪᠠ ᠪᠠᠶᠠᠵᠢᠬᠤ ᠴᠠᠭ ᠭᠦᠷᠦᠭᠡᠤᠨ ᠢᠷᠠᠯ᠎ᠠ ᠰᠢᠤ︕ ᠪᠢ ᠣᠷᠢᠳᠠᠪᠠᠷ ᠨᠢᠭᠡ ᠸᠠᠩ ᠭᠦᠩ ᠤᠨ ᠵᠡᠷᠭᠡ ᠬᠤᠳᠠᠯᠳᠤᠨ ᠠᠪᠴᠤ᠂ ᠨᠠᠢ᠌ᠰᠯᠠᠯ ᠬᠤᠳᠠᠨ ᠳᠤ ᠶᠡᠭᠡ ᠣᠷᠳᠤᠨ ᠪᠠᠢ᠌ᠭᠤᠯᠤᠭᠠᠤᠨ ᠴᠢᠮᠠᠶ᠋ᠢ ᠳᠡᠭᠡᠳᠤ ᠵᠡᠷᠭᠡ ᠶᠢᠨ ᠹᠦᠵᠢᠨ ᠡᠷᠭᠦᠮᠵᠢᠯᠡᠵᠤ ᠪᠣᠭᠤᠯ ᠰᠢᠪᠠᠭ᠍ᠴᠢᠨ ᠢ ᠭᠡᠳᠤᠨ ᠠᠷᠪᠠ ᠪᠠᠷ ᠵᠠᠷᠤᠭᠤᠯᠤᠨ᠎ᠠ ᠳ᠋ᠡ》 ᠭᠡᠰᠡᠨ ᠳᠤ᠂ ᠠᠷᠢᠭᠤᠠᠭᠤᠸ᠎ᠠ ᠭᠡᠦᠭᠡᠨ ᠭᠡᠭᠡᠨ ᠪᠣᠯᠤᠷ ᠰᠢᠭ ᠨᠢᠳᠤ ᠪᠠᠨ ᠳᠤᠨᠤᠷᠠᠭᠤᠯᠤᠨ ᠬᠠᠳᠠ ᠶᠢ ᠪᠠᠰᠤᠮᠵᠢᠯᠠᠨ ᠳᠤᠭᠤᠭᠢᠯᠠᠵᠤ :

《ᠬᠠᠳᠠ ᠠᠬ᠎ᠠ ᠳᠠ ᠬᠠᠯᠠᠭᠤᠷᠠᠵᠤ ᠪᠠᠢ᠌ᠭ᠎ᠠ ᠪᠢᠵᠡ︖ ᠰᠡᠷᠢᠭᠦᠨ ᠶᠢᠡᠷ ᠶᠢᠡᠨ ᠵᠡᠭᠦᠳᠤᠨ ᠥᠭᠡ ᠶᠠᠷᠢᠨ᠎ᠠ ᠭᠡᠭ᠍ᠴᠢ︕》 ᠭᠡᠪᠠᠯ᠂ ᠬᠠᠳᠡ ᠭᠠᠢ᠌ᠬᠠᠯ᠄

《ᠵᠡᠭᠦᠳᠤ ᠪᠢᠰᠢ ᠦᠨᠡᠨ ᠰᠢᠤ᠃ ᠦᠭᠢᠨ ᠳᠡᠭᠦᠤ ᠮᠢᠨᠢ ᠢᠳᠡᠭᠡᠴᠢ᠂ ᠥᠴᠦᠭᠡᠳᠦᠷ ᠬᠤᠶᠠᠷ ᠨᠠᠠᠮᠠᠠᠽᠢ ᠢᠷᠠᠵᠤ ᠠᠯᠳᠠᠨ ᠪᠢᠷᠠᠭᠤ ᠶᠢ ᠳᠤᠭᠤᠭᠠᠤᠨ ᠵᠠᠭᠤᠨ ᠠᠯᠳᠠᠨ ᠶᠤᠸᠠᠮᠪᠣᠤ ᠪᠠᠷ ᠬᠤᠳᠠᠯᠳᠤᠨ ᠠᠪᠬᠤ ᠪᠠᠷ ᠭᠡᠯᠡᠯᠴᠡᠭᠡᠤᠨ ᠳᠤᠭᠢᠷᠠᠭᠰᠠᠨ ᠰᠢᠤ》 ᠭᠡᠭᠦ ᠶᠢ ᠰᠤᠨᠤᠰᠤᠮᠠᠭᠴᠠ ᠠᠷᠢᠭᠤᠠᠭᠤᠸ᠎ᠠ ᠴᠡᠴᠡᠭ᠌ ᠤᠨ ᠴᠢᠷᠠᠢ ᠪᠠᠨ ᠴᠢᠨᠤᠷᠠᠳᠠᠯ᠎ᠠ ᠠᠭᠤᠷᠯᠠᠵᠤ᠂ ᠬᠠᠳᠠ ᠶᠢᠨ ᠥᠭᠡᠳᠡ ᠡᠴᠡ 《ᠳᠦᠢ︕》 ᠭᠡᠳᠡᠯ᠎ᠡ ᠨᠢᠯᠪᠣᠭᠠᠤᠨ᠄

《ᠭᠦᠮᠤᠨ ᠤ ᠴᠢᠨᠠᠷ ᠦᠭᠡᠶ ᠠᠳᠠᠭᠤᠰᠤ ᠴᠢ᠂ ᠠᠪᠣ ᠶᠢᠨ ᠨᠤᠳᠤᠭ ᠡᠵᠢ ᠶᠢᠨ ᠭᠤᠯᠤᠮᠳᠠ ᠶᠢᠨ ᠶᠢᠡᠨ ᠣᠩᠭ᠋ᠤᠨ ᠰᠢᠳᠦᠭᠡᠨ ᠶᠢᠡᠨ ᠬᠤᠳᠠᠯᠳᠤᠨ᠎ᠠ ᠭᠡᠭ᠍ᠴᠢ ᠳᠤᠯᠤᠭᠠᠢ ᠴᠢᠨᠢ ᠪᠣᠷᠤᠭᠤ ᠪᠠᠷ ᠡᠷᠭᠢᠭ᠍ᠰᠡᠨ ᠠᠮᠢᠳᠠᠨ ᠪᠠᠢ᠌ᠨ᠎ᠠ ᠳ᠋ᠠ︕》 ᠭᠡᠵᠤ ᠠᠭᠰᠤᠴᠢᠪᠠᠯ᠂ ᠬᠠᠳᠠ ᠬᠠᠷᠢᠨ ᠮᠠᠷᠰᠠᠭᠠᠨᠠᠨ ᠢᠨᠢᠶᠠᠵᠤ ᠪᠦᠭᠦᠯᠵᠡᠭ᠍ᠰᠡᠭᠡᠷ᠄

《ᠦᠭᠢᠨ ᠳᠡᠭᠦᠤ ᠮᠢᠨᠢ ᠪᠢᠳᠡᠭᠡᠢ ᠠᠭᠤᠷᠯᠠᠵᠤ ᠪᠠᠢ᠂ ᠣᠷᠢᠳᠠᠪᠠᠷ ᠮᠢᠨᠤ ᠨᠠᠷᠢᠨ ᠳᠠᠢ᠌ᠯᠪᠣᠷᠢᠯᠠᠬᠤ ᠶᠢ ᠰᠤᠨᠤᠰ ᠡ᠃ ᠠᠭᠤᠯᠠᠨ ᠵᠢᠯᠠᠭ᠎ᠠ ᠳᠤ ᠠᠷᠳᠠᠭ ᠪᠠᠢ᠌ᠭᠠᠯᠢ ᠲᠡᠶ ᠦᠵᠡᠯᠴᠠᠵᠤ ᠪᠠᠢ᠌ᠭᠠᠤᠨ ᠠᠮᠢ ᠵᠢᠭᠤᠬᠤ ᠨᠢ ᠶᠠᠳᠠᠭᠤ ᠬᠤᠭᠤᠰᠤᠨ ᠡᠴᠡ ᠪᠣᠯᠤᠭᠰᠠᠨ ᠭᠡᠷᠡᠭ᠌᠂ ᠮᠥᠩᠭᠦ ᠲᠡᠶ ᠪᠣᠯᠤᠭᠠᠤᠨ ᠬᠠᠭᠠᠨ ᠤ ᠨᠠᠢ᠌ᠰᠯᠠᠯ ᠳᠤ ᠬᠠᠳᠤᠨ ᠰᠠᠭᠤᠵᠤ ᠵᠢᠷᠭᠠᠪᠠᠯ ᠰᠠ‍‌ᠶᠢ ᠭᠦᠮᠤᠨ ᠪᠣᠯᠵᠤ ᠳᠦᠷᠦᠭ᠍ᠰᠡᠨ ᠤ ᠥᠷᠳᠡᠭ᠌ ᠲᠡᠶ ᠰᠢᠤ》 ᠭᠡᠵᠤ ᠭᠡᠯᠡᠳᠡᠯ᠎ᠡ ᠠᠷᠢᠭᠤᠠᠭᠤᠸ᠎ᠠ ᠥᠭᠡ ᠶᠢ ᠨᠢ ᠳᠠᠰᠤᠯᠵᠤ :

《ᠪᠢᠳᠡᠭᠡᠢ ᠴᠠᠯᠴᠢ︕ ᠬᠠᠷᠠᠴᠤ ᠶᠢᠨ ᠦᠬᠢᠨ ᠨᠠᠳᠠᠳᠤ ᠬᠠᠳᠤᠨ ᠰᠠᠭᠤᠬᠤ ᠪᠣᠶᠠᠨ ᠦᠭᠡᠶ᠃ ᠠᠳᠤᠭᠤ ᠮᠠᠯ ᠶᠢᠡᠨ ᠠᠷᠠᠴᠢᠯᠠᠨ ᠠᠷᠢᠭᠤᠨ ᠪᠠᠢ᠌ᠭᠠᠯᠢ ᠳᠠᠭᠠᠨ ᠴᠡᠩᠭᠡᠵᠤ ᠶᠠᠪᠣᠬᠤ ᠨᠢ ᠨᠠᠳᠠᠳᠤ ᠳᠠᠭᠠᠨ ᠳᠡᠭᠡᠳᠤ ᠵᠢᠷᠭᠠᠯ ᠶ‍ᠦᠮ᠃ ᠭᠡᠨ ᠭᠡᠷᠪᠡ ᠠᠭᠤᠯᠠ ᠣᠰᠤᠨ ᠤ ᠭᠡᠰᠢᠭ᠌ ᠰᠢᠳᠦᠭᠡᠨ ᠲᠡᠶ ᠬᠠᠯᠳᠠᠪᠠᠯ ᠪᠢ ᠳᠡᠭᠦᠨ ᠲᠡᠶ ᠠᠮᠢ ᠪᠠᠨ ᠥᠵᠡᠯᠴᠡᠨ᠎ᠡ》 ᠭᠡᠵᠤ ᠡᠷᠡᠰ ᠳᠠᠰᠤ ᠭᠡᠯᠡᠭ᠍ᠰᠡᠨ ᠳᠤ᠂ ᠬᠠᠳᠠ ᠭᠠᠢ᠌ᠬᠠᠯ ᠭᠡᠢ ᠨᠢ ᠭᠠᠷᠤᠭᠰᠠᠨ ᠪᠦᠮᠪᠦᠭᠡ ᠰᠢᠭ᠌ ᠬᠠᠮᠰᠢ᠌ᠵᠤ ᠯᠠᠪᠳᠠᠢ᠌ᠭᠰᠠᠭᠠᠷ ᠬᠠᠷᠢᠭᠠᠤᠨ ᠦᠨᠦ ᠨᠠᠠᠮᠠᠠᠽᠢ ᠳᠠᠭᠠᠨ ᠭᠡᠯᠡᠭ᠍ᠰᠡᠨ ᠳᠤ᠂ ᠨᠢᠭᠡ ᠨᠢ᠄

《ᠭᠠᠢ᠌ᠭᠤᠢ᠂ ᠪᠢᠳᠠᠨ ᠳᠤ ᠳᠡᠭᠦᠨ ᠢ ᠪᠠᠷᠢᠬᠤ ᠠᠮᠠᠷᠬᠠᠨ ᠠᠷᠭ᠎ᠠ ᠪᠠᠢ᠌ᠨ᠎ᠡ》 ᠭᠡᠤᠨ ᠬᠠᠳᠠ ᠪᠠᠷ ᠳᠤᠯᠤᠭᠠᠨ ᠥᠩᠭᠡ ᠶᠢᠨ ᠠᠵᠢᠷᠭᠠᠨ ᠳᠠᠯ ᠡᠷᠢᠭᠦᠯᠵᠤ ᠲᠦᠷᠦ ᠳᠠᠮᠤᠭᠠᠤᠨ᠂ ᠪᠠᠶᠠᠨ ᠭᠢᠩᠭ᠋ᠠᠨ ᠤ ᠭᠤᠤᠯ ᠣᠷᠤᠢ ᠡᠴᠡ ᠪᠢᠯᠢᠭ᠍ᠳᠤ ᠳᠠᠯᠳᠠᠤ ᠳᠡᠭᠦᠯᠭᠡᠨ ᠠᠪᠴᠢᠷᠠᠵᠤ ᠠᠯᠳᠠᠨ ᠪᠢᠷᠠᠭᠤᠨ ᠤ ᠴᠤᠪᠣᠭᠠᠨ ᠳᠡᠭᠡᠷ᠎ᠡ ᠳᠠᠯᠪᠢᠭᠠᠤᠨ᠂ ᠣᠷᠭᠠᠨ ᠤ ᠥᠵᠦᠭᠦᠷ ᠲᠤ ᠲᠦᠷᠦ ᠪᠠᠨ ᠭᠤᠭᠴᠤᠭᠠᠯᠠᠨ ᠡᠯᠭᠦᠵᠤ ᠪᠣᠳᠠᠨ ᠤ ᠳᠤᠮᠳᠠ ᠭᠡᠪᠳᠡᠭᠡᠤᠨ ᠨᠢᠭᠤᠵᠠᠢ᠃

ᠬᠠᠳᠠ ᠶᠢ ᠵᠠᠩᠨᠠᠵᠤ ᠪᠣᠴᠠᠭᠠᠭᠰᠠᠨ ᠡᠴᠡ ᠬᠣᠢ᠌ᠰᠢ᠂ ᠠᠯᠳᠠᠨ ᠪᠢᠷᠠᠭᠤ ᠶᠢᠨ ᠴᠤᠪᠣᠭ᠎ᠠ ᠬᠠᠪᠢ ᠪᠠᠷ ᠡᠳᠦᠷ ᠪᠦᠷᠢ ᠵᠢᠰᠤ ᠪᠣᠷᠤᠭᠤ ᠠᠮᠢᠳᠠᠨ ᠡᠷᠭᠢᠴᠡᠭᠦ ᠪᠣᠯᠵᠤ᠂ ᠠᠯᠳᠠᠨ ᠪᠢᠷᠠᠭᠤ ᠴᠤ ᠣᠰᠤ ᠪᠠᠨ ᠣᠤᠭᠤᠭᠠᠤᠨ ᠪᠠᠷᠠᠪᠠᠯ ᠥᠭᠡᠷ ᠤᠨ ᠰᠥᠷᠦᠭ᠌ ᠲᠤ ᠬᠤᠷᠭᠤᠳᠠᠬᠤ ᠪᠠᠨ ᠪᠣᠯᠢᠭᠠᠤᠨ ᠳᠠᠷᠣᠢ᠌ᠬᠠᠨ ᠠᠭᠤᠯᠠᠨ ᠳᠠᠭᠠᠨ ᠭᠠᠷᠳᠠᠭ ᠪᠣᠯᠤᠯ᠎ᠠ᠃ 《ᠮᠠᠭᠤ ᠠᠮᠢᠳᠠᠨ ᠢᠷᠡᠭᠦ ᠡᠴᠡ ᠠᠶᠤᠬᠤ ᠦᠭᠡᠶ᠂ ᠮᠠᠭᠤ ᠠᠮᠢᠳᠠᠨ ᠭᠤᠷᠢᠳᠠᠬᠤ ᠡᠴᠡ ᠡᠡᠶ‍ᠦᠨ᠎ᠡ》 ᠭᠡᠭ᠍ᠴᠢ ᠪᠠᠷ᠂ ᠠᠷᠢᠭᠤᠠᠭᠤᠸ᠎ᠠ ᠴᠤ ᠳᠤᠳᠤᠷ᠎ᠠ ᠪᠠᠨ ᠳᠤᠩ ᠳᠠᠩ ᠲᠡᠶ ᠪᠣᠯᠵᠤ ᠡᠳᠦᠷ ᠪᠦᠷᠢ ᠡᠷᠳᠡ ᠪᠣᠰᠤᠨ ᠠᠯᠳᠠᠨ ᠪᠢᠷᠠᠭᠤ ᠶᠢᠨ ᠶᠢᠡᠨ ᠪᠠᠷ᠎ᠠ ᠶᠢ ᠬᠠᠷᠠᠵᠤ᠂ ᠠᠯᠳᠠᠨ ᠪᠢᠷᠠᠭᠤ ᠣᠰᠤ ᠪᠠᠨ ᠣᠤᠭᠤᠵᠤ ᠪᠠᠷᠠᠮᠠᠭᠴᠠ ᠭᠦᠵᠦᠭᠦᠤ ᠶᠢ ᠨᠢ ᠳᠠᠪᠠᠷᠢᠨ ᠬᠠᠴᠠᠷ ᠶᠢᠡᠨ ᠨᠠᠭᠠᠵᠤ ᠳᠠᠭᠠᠯᠠᠭᠠᠤᠨ ᠠᠭᠤᠯᠠᠨ ᠳᠠᠭᠠᠨ ᠣᠷᠤᠳᠠᠯ᠎ᠠ ᠨᠢ ᠪᠠᠷᠠᠯᠠᠳᠠᠭ ᠪᠣᠯᠪᠠ᠃

ᠪᠢᠯᠢᠭ᠌ ᠤᠨ ᠣᠯᠠᠷᠢᠯ ᠤᠨ ᠳᠠᠪᠤᠨ ᠰᠠᠷᠠᠢ᠌ᠨ ᠠᠷᠪᠠᠨ ᠨᠢᠭᠡᠨ ᠤ ᠥᠷᠯᠦᠭᠡ᠂ ᠡᠡᠯᠳᠡᠨ ᠪᠢᠷᠠᠭᠤ ᠨᠢ ᠳᠤᠭᠳᠠᠭᠰᠠᠨ ᠴᠠᠭ ᠲᠠᠭᠠᠨ ᠪᠠᠭᠤᠵᠤ ᠢᠷᠡᠭ᠍ᠰᠡᠨ ᠦᠭᠡᠶ ᠳᠤ ᠠᠷᠢᠭᠤᠭᠤᠸ᠎ᠠ ᠶᠡᠭᠡ ᠰᠤᠴᠢᠵᠤ ᠬᠠᠷᠠᠭ᠎ᠠ ᠪᠠᠯᠴᠢᠭᠡᠨ ᠳᠦᠷᠪᠡᠨ ᠵᠥᠭ᠌ ᠲᠤ ᠪᠠᠷᠡᠯᠡᠪᠠᠯ᠂ ᠡᠮᠦᠨ᠎ᠡ ᠵᠥᠭ᠌ ᠤᠨ ᠬᠤᠶᠠᠷ ᠠᠢ᠌ᠰ ᠤᠨ ᠵᠠᠪᠰᠠᠷ ᠶᠢᠡᠷ ᠣᠯᠠᠭᠠᠨ ᠳᠤᠭᠤᠰᠤ ᠮᠠᠠᠳᠤᠵᠤ᠂ ᠲ᠋ᠤᠭᠤᠰᠤᠨ ᠤ ᠳᠡᠭᠡᠭᠦᠷ ᠪᠦᠷᠦᠭ᠌ ᠪᠠᠷᠤᠭ ᠠᠯᠳᠠᠨ ᠭᠡᠷᠡᠯ ᠰᠠᠴᠤᠷᠠᠵᠤ ᠬᠠᠷᠠᠭᠳᠠᠨ᠎ᠠ᠃ ᠠᠷᠢᠭᠤᠠᠭᠤᠸ᠎ᠠ ᠭᠡᠦᠭᠡᠨ ᠳᠣᠢ᠌ᠯ ᠶᠢᠡᠷ ᠪᠠᠴᠢᠮᠳᠠᠵᠤ᠂ ᠬᠤᠨᠢ ᠬᠠᠢ᠌ᠴᠢᠯᠠᠭᠰᠠᠨ ᠬᠠᠢ᠌ᠴᠢ ᠪᠠᠨ ᠪᠠᠷᠢᠭᠰᠠᠨ ᠭᠡᠪ ᠶᠢᠡᠷ ᠴᠤᠮᠤᠭ᠎ᠠ ᠮᠤᠷᠢ ᠪᠠᠨ ᠳᠠᠢ᠌ᠯᠵᠤ ᠠᠪᠣᠮᠠᠭᠴᠠ ᠠᠯᠠᠪᠭᠢᠨ ᠮᠤᠷᠳᠠᠵᠤ ᠬᠣᠢ᠌ᠨ᠎ᠠ ᠡᠴᠡ ᠨᠢ ᠨᠡᠭᠡᠵᠡᠢ᠃ ᠠᠷᠢᠭᠤᠨᠭᠤᠸ᠎ᠡ ᠳᠦᠷᠭᠡᠨ ᠮᠤᠷᠢᠨ ᠳᠠᠭᠠᠨ ᠳᠠᠰᠢᠭᠤᠷ ᠨᠡᠮᠡᠭᠦ ᠶᠢᠨ ᠳᠠᠭᠠᠤ᠄

《ᠠᠭᠤᠯᠠ ᠣᠰᠤᠨ ᠤ ᠨᠠᠪᠳᠠᠭ ᠰᠠᠪᠳᠠᠭ ᠳᠦᠷᠭᠡᠨ ᠳᠤᠰᠡᠯᠡᠭᠠᠴᠢ᠂ ᠡᠰᠡᠷᠭᠦ ᠳᠠᠯ᠎ᠠ ᠡᠴᠡ ᠬᠠᠰᠢᠭᠠᠤᠨ ᠥᠭ᠌》 ᠭᠡᠵᠤ ᠳᠠᠭᠠᠤᠠᠬᠠᠬᠤ ᠳᠤ᠂ ᠡᠵᠡᠳ ᠰᠠᠭᠢᠭᠤᠯᠰᠤᠨ ᠰᠠᠤᠠᠭᠢᠯ ᠭᠦᠳᠡᠯᠵᠤ ᠠᠢ᠌ᠰ ᠤᠨ ᠳᠠᠯ᠎ᠠ ᠶᠢᠨ ᠡᠮᠦᠨ᠎ᠡ ᠵᠠᠬ᠎ᠠ ᠳᠤ ᠳᠦᠴᠢᠨ ᠮᠸᠲ᠋ᠷ ᠪᠣᠰᠤᠭ᠎ᠠ᠂ ᠲ᠋ᠠᠪᠤᠨ ᠵᠠᠭᠤᠨ ᠮᠸᠲ᠋ᠷ ᠣᠷᠳᠤ ᠬᠠᠰᠢᠯᠭ᠎ᠠ ᠬᠤᠧᠨ ᠪᠣᠰᠬᠠᠵᠤ ᠥᠭ᠍ᠴᠡᠢ᠃ ᠤᠳᠤ ᠨᠤᠳᠤᠭ ᠤᠨ ᠮᠠᠯᠴᠢᠳ ᠡᠨᠡ ᠬᠤᠧᠨ ᠵᠢ 《ᠡᠰᠡᠷᠡᠭ᠌》 ᠭᠡᠵᠤ ᠨᠠᠷᠠᠯᠠᠨ ᠳᠠᠭᠤᠳᠠᠵᠤ ᠪᠠᠢ᠌ᠨ᠎ᠠ᠃

ᠲ᠋ᠡᠭ᠍ᠷᠢ ᠳᠤᠯᠤᠮ᠎ᠠ ᠶᠡᠭᠡ ᠠᠰᠢᠭ ᠣᠯᠴᠢᠬᠠᠯ᠎ᠠ ᠭᠡᠵᠤ ᠦᠰᠦᠷᠳᠠᠯ᠎ᠠ ᠪᠠᠶᠠᠷᠯᠠᠭᠰᠠᠨ ᠬᠤᠶᠠᠷ ᠨᠠᠠᠮᠠᠠᠽᠢ ᠡᠮᠦᠨ᠎ᠡ ᠵᠥᠭ᠌ ᠢ ᠪᠠᠷᠢᠨ ᠳᠡᠪᠭᠡᠴᠡᠨ ᠭᠦᠶ‍ᠦᠵᠤ ᠪᠠᠢ᠌ᠳᠠᠯ᠎ᠠ ᠠᠰ ᠡᠮᠦᠨ᠎ᠡ ᠡᠴᠡ ᠨᠢ ᠡᠭ᠍ᠴᠡ ᠪᠣᠰᠤᠭ᠎ᠠ ᠬᠠᠰᠢᠯᠭ᠎ᠠ ᠬᠤᠧᠨ ᠣᠷᠭᠤᠭᠠᠤᠨ ᠭᠠᠷᠴᠤ ᠢᠷᠡᠭᠦ ᠳᠤ ᠬᠠᠯᠵᠠ ᠮᠥᠷᠭᠦᠨ ᠵᠤᠭᠰᠤᠵᠤ ᠰᠤᠴᠢᠨ ᠠᠶᠤᠭᠰᠠᠨ ᠭᠡᠭ᠍ᠴᠢ ᠣᠮ ᠬᠤᠮ ᠦᠭᠡᠶ᠃ ᠠᠶᠤᠭᠰᠠᠨ ᠭᠦᠴᠤᠨ ᠳᠡᠭᠡᠨ ᠵᠡᠭᠦᠡᠰᠢ ᠡᠷᠭᠢᠨ ᠳᠦᠷᠪᠡᠯᠵᠢᠨ ᠭᠡᠷᠡᠮ ᠤᠨ ᠵᠢᠯᠠᠭ᠎ᠠ ᠶᠢ ᠴᠢᠭᠯᠡᠳᠡᠯ᠎ᠡ ᠠᠷᠢᠭᠤᠠᠭᠤᠸ᠎ᠠ ᠭᠡᠦᠭᠡᠨ ᠭᠦᠢᠴᠡᠵᠤ ᠢᠷᠡᠭᠡᠤᠨ᠂ ᠮᠤᠷᠢᠨ ᠡᠴᠡ ᠪᠠᠨ ᠦᠰᠦᠷᠤᠨ ᠪᠠᠭᠤᠵᠤ ᠠᠯᠳᠠᠨ ᠪᠢᠷᠠᠭᠤ ᠪᠠᠨ ᠭᠦᠵᠦᠭᠦᠳᠡᠨ ᠠᠪᠬᠤ ᠳᠤ᠂ ᠠᠯᠳᠠᠨ ᠪᠢᠷᠠᠭᠤ ᠶᠢᠨ ᠨᠢᠳᠤᠨ ᠡᠴᠡ ᠮᠥᠩᠭᠦᠨ ᠨᠢᠯᠪᠣᠰᠤ ᠪᠦᠮᠪᠦᠷᠢᠭᠦᠯᠵᠤ ᠪᠠᠢ᠌ᠵᠠᠢ᠃ ᠣᠯᠵᠠᠨ ᠳᠤ ᠣᠯᠠᠢ᠌ᠷᠠᠭᠰᠠᠨ ᠬᠤᠶᠠᠷ ᠨᠠᠠᠮᠠᠠᠽᠢ ᠪᠠᠷᠭᠢᠷᠠᠵᠤ ᠵᠠᠩᠳᠤᠷᠬᠤ ᠶᠢ ᠬᠠᠢ᠌ᠬᠤᠷᠤᠯ ᠦᠭᠡᠶ᠂ ᠲᠦᠷᠦ ᠪᠠᠨ ᠪᠦᠰᠡᠯᠡᠭᠦᠷ ᠡᠴᠡ ᠪᠠᠨ ᠵᠠᠩᠭᠢᠳᠤᠭᠠᠤᠨ ᠴᠢᠭᠯᠡᠭ᠍ᠰᠡᠨ ᠵᠥᠭ᠌ ᠲᠡᠭᠡᠨ ᠱᠤᠭᠰᠢᠵᠤ ᠯᠠ ᠪᠠᠢ᠌ᠯ᠎ᠠ᠃ ᠠᠷᠢᠭᠤᠠᠭᠤᠸ᠎ᠠ ᠭᠡᠦᠭᠡᠨ ᠭᠡᠳᠤᠨ ᠠᠯᠳᠠ ᠭᠠᠵᠠᠷ ᠴᠢᠷᠦᠭ᠍ᠳᠡᠵᠤ ᠶᠠᠪᠣᠭᠠᠤᠨ ᠭᠡᠨᠡᠳᠲᠡ ᠰᠡᠭᠡᠰᠭᠢᠵᠤ᠂ ᠠᠳᠬᠤᠨ ᠳ᠋ᠠᠭᠢ ᠬᠠᠢ᠌ᠴᠢ ᠪᠠᠷ ᠶᠢᠡᠨ ᠥᠭᠡᠷ ᠤᠨ ᠲᠦᠷᠦ ᠶᠢ ᠳᠠᠰᠤ ᠬᠠᠢ᠌ᠴᠢᠯᠠᠭᠠᠤᠨ ᠠᠯᠳᠠᠨ ᠪᠢᠷᠠᠭᠤᠨ ᠤ ᠨᠢᠷᠤᠭᠤᠨ᠎ᠠ ᠠᠯᠠᠪᠭᠢᠨ ᠮᠤᠷᠳᠠᠭᠠᠤᠨ ᠪᠢᠷᠠᠭᠤ ᠬᠠᠢ᠌ᠷᠬᠠᠨ ᠤ ᠵᠥᠭ᠌ ᠳᠠᠪᠭᠢᠭᠤᠯᠵᠠᠢ᠃ ᠰᠤᠴᠢᠨ ᠪᠠᠯᠮᠠᠭᠳᠠᠭᠰᠠᠨ ᠠᠯᠳᠠᠨ ᠪᠢᠷᠠᠭᠤ ᠨᠢᠳᠤ ᠦᠭᠡᠶ ᠭᠦᠭᠯᠡᠵᠤ ᠠᠷᠢᠭᠤᠠᠭᠤᠸ᠎ᠠ ᠶᠢ ᠣᠨᠤᠭᠤᠯᠤᠭᠰᠠᠨ ᠭᠡᠪ ᠶᠢᠡᠷ ᠪᠢᠷᠠᠭᠤ ᠬᠠᠢ᠌ᠷᠬᠠᠨ ᠤ ᠪᠠᠷᠠᠭᠤᠨ ᠬᠠᠮᠠᠷ ᠤᠨ ᠠᠰᠬ᠎ᠠ ᠬᠠᠳᠠ ᠶᠢ ᠴᠤᠭᠤ ᠮᠥᠷᠭᠦᠭᠡᠤᠨ ᠠᠭᠤᠯᠠᠨ ᠳᠤ ᠰᠢᠷᠭᠤᠴᠢᠬᠠᠯ᠎ᠠ᠃ ᠠᠯᠳᠠᠨ ᠪᠢᠷᠠᠭᠤ ᠶᠢᠨ ᠴᠤᠭᠤᠯᠠᠭᠰᠠᠨ ᠬᠠᠳᠠ ᠨᠢ ᠰᠢᠷᠭᠤᠭᠤᠯ ᠠᠭᠤᠢ ᠪᠣᠯᠤᠨ ᠪᠦᠳᠦᠵᠤ᠂ ᠠᠯᠳᠠᠨ ᠪᠢᠷᠠᠭᠤ ᠡᠭᠦᠨ ᠡᠴᠡ ᠬᠣᠢ᠌ᠰᠢ ᠳᠤᠯᠤᠭᠠᠢ ᠪᠠᠨ ᠪᠣᠯᠳᠠᠢ᠌ᠯᠭᠠᠬᠤ ᠦᠭᠡᠶ ᠪᠣᠯᠪᠠ᠃ ᠠᠷᠢᠭᠤᠠᠭᠤᠸ᠎ᠠ ᠴᠤ ᠡᠨᠡ ᠨᠤᠳᠤᠭ ᠤᠨ ᠶᠢᠡᠨ ᠮᠥᠩᠭᠡ ᠶᠢᠨ ᠰᠢᠳᠦᠭᠡᠨ ᠨᠢ ᠪᠣᠯᠤᠭᠠᠤᠨ ᠠᠷᠤᠤᠬᠠᠨ ᠪᠠᠢ᠌ᠭᠠᠯᠢ ᠳᠠᠭᠠᠨ ᠠᠭᠤᠰᠤᠨ ᠰᠢᠩᠭᠡᠴᠢᠭᠡᠯ᠎ᠡ ᠰᠢᠤ᠃ ᠬᠠᠢ᠌ᠷᠠᠳᠤ ᠦᠬᠢᠨ ᠶᠢᠡᠨ ᠥᠭᠡᠢ᠌ᠯᠡᠭ᠍ᠰᠡᠨ ᠠᠪᠣ ᠡᠵᠢ ᠨᠢ ᠪᠠᠶᠠᠨ ᠭᠤᠤᠯ ᠤᠨ ᠪᠠᠷᠠᠭᠤᠨ ᠭᠦᠪᠠᠭᠡᠨ ᠳᠡᠭᠡᠷ᠎ᠡ ᠰᠠᠷᠠᠪᠴᠢᠯᠠᠨ ᠰᠠᠷᠠᠪᠴᠢᠯᠠᠨ ᠪᠠᠷᠠᠭᠠᠯᠠᠭᠰᠠᠭᠠᠷ ᠪᠠᠢ᠌ᠵᠤ ᠬᠤᠶᠠᠷ ᠰᠠᠭᠤᠷᠢ ᠭᠡᠳᠤᠨ ᠳᠠᠪᠠᠷᠢ ᠪᠦᠳᠦᠭᠦᠨ ᠬᠠᠢ᠌ᠯᠠᠰᠤᠨ ᠱᠠᠩᠰᠢ ᠪᠣᠯᠤᠨ ᠰᠢᠭᠦᠷᠯᠡᠨ ᠰᠥᠭᠯᠥᠢ᠌ᠭᠡᠤᠨ ᠤᠷᠭᠤᠴᠢᠬᠠᠵᠡᠢ᠃ ᠡᠨᠡ ᠬᠤᠶᠠᠷ ᠱᠠᠩᠰᠢ ᠣᠳᠤ ᠣᠯᠠᠭᠠᠠᠪᠠᠢ᠌ᠴᠠ ᠨᠤᠳᠤᠭ ᠤᠨ ᠰᠢᠳᠦᠭᠡᠨ ᠱᠠᠩᠰᠢ ᠪᠣᠯᠤᠭᠠᠤᠨ᠂ ᠰᠠᠯᠠᠭ᠎ᠠ ᠮᠦᠴᠢᠷ ᠪᠣᠯᠭᠠᠨ ᠳᠠᠭᠠᠨ ᠡᠭᠡ ᠶᠢᠨ ᠬᠠᠢ᠌ᠷ᠎ᠠ ᠡᠴᠢᠭᠡ ᠶᠢᠨ ᠡᠨᠡᠷᠢᠯ ᠶᠢᠡᠷ ᠭᠦᠯᠦᠭᠯᠡᠨ ᠮᠤᠠᠴᠤᠭᠯᠠᠭᠠᠤᠨ ᠠᠶᠠᠰ ᠤᠨ ᠰᠠᠯᠭᠢᠨ᠎ᠠ ᠣᠳᠠᠭᠠᠨ ᠣᠨ ᠤ ᠳᠡᠦᠭᠡ ᠶᠢᠨ ᠬᠠᠭᠤᠴᠢ ᠪᠠᠷ ᠱᠤᠤᠭᠢᠨᠠᠳᠤᠵᠤ ᠯᠠ ᠪᠠᠢ᠌ᠨ᠎ᠠ ᠪᠢᠯᠠ᠃

ᠠᠯᠠᠭᠠᠨ ᠳᠠᠭᠠᠨ ᠣᠷᠤᠭᠤᠯᠤᠭᠰᠠᠨ ᠣᠯᠵᠠ ᠪᠠᠨ ᠊ᠭ᠍ᠱᠡᠨ ᠵᠠᠭᠤᠷ᠎ᠠ ᠠᠯᠳᠠᠭᠠᠤᠨ ᠶᠠᠪᠣᠭᠤᠯᠤᠭᠰᠠᠨ ᠬᠤᠶᠠᠷ ᠨᠠᠠᠮᠠᠠᠽᠢ ᠡᠴᠢᠭᠡ ᠡᠭᠡ ᠪᠠᠨ ᠳᠠᠭᠤᠳᠠᠨ ᠬᠠᠷ᠎ᠠ ᠬᠠᠷᠢᠶᠠᠯ ᠳᠠᠯᠪᠢᠵᠤ ᠪᠢᠷᠠᠭᠤ ᠬᠠᠢ᠌ᠷᠬᠠᠨ ᠤ ᠵᠥᠭ᠌ ᠡᠷᠭᠢᠨ ᠡᠷᠭᠢᠨ ᠬᠠᠷᠠᠭᠰᠠᠭᠠᠷ ᠪᠣᠴᠠᠬᠤ ᠳᠠᠭᠠᠨ᠂ ᠠᠷᠢᠭᠤᠠᠭᠤᠸ᠎ᠠ ᠶᠢᠨ ᠣᠷᠭᠢᠭᠰᠠᠨ ᠬᠠᠢ᠌ᠴᠢ ᠵᠢ 《ᠴᠠᠷᠴᠠᠬᠠᠢ ᠪᠣᠯᠪᠠᠴᠤ ᠰᠢᠳᠤ ᠴᠢᠭ᠍ᠵᠢᠭᠦ ᠮᠢᠬ᠎ᠠ》 ᠭᠡᠵᠤ ᠭᠤᠯᠤᠯ ᠦᠭᠡᠶ ᠳᠡᠭᠦᠵᠤ ᠠᠪᠣᠭᠠᠤᠨ ᠪᠣᠴᠠᠨ ᠶᠠᠪᠣᠭᠰᠠᠭᠠᠷ ᠯᠢᠠᠲᠦ᠋ᠩ ᠪᠠᠯᠭᠠᠰᠤᠨ ᠡᠴᠡ ᠠᠷᠪᠠᠭᠠᠤᠨ ᠭᠠᠵᠠᠷ ᠣᠢ᠌ᠷᠠᠳᠤᠵᠤ ᠭᠦᠷᠦᠭᠡᠤᠨ ᠨᠢᠭᠡ ᠨᠢᠭᠡ ᠪᠠᠨ ᠪᠣᠷᠤᠭᠤᠤᠠᠬᠠᠵᠤ ᠪᠠᠢ᠌ᠭᠠᠤᠨ ᠬᠠᠷ᠎ᠠ ᠭᠡᠷᠡᠭᠦᠯ ᠪᠣᠯᠵᠤ᠂ ᠦᠨᠦ ᠬᠠᠢ᠌ᠴᠢ ᠶᠢ ᠪᠣᠯᠢᠶᠠᠯᠳᠤᠨ ᠨᠢᠭᠡ ᠨᠢᠭᠡ ᠪᠠᠨ ᠴᠢᠴᠢᠯᠡᠭ᠍ᠰᠡᠭᠡᠷ ᠪᠠᠢ᠌ᠵᠤ ᠭᠦᠡᠳᠤ ᠰᠢᠷᠠᠭᠳᠤᠭᠠᠤᠨ᠂ ᠬᠤᠶᠠᠭᠤᠯᠠ ᠪᠠᠨ ᠯᠢᠠᠲᠦ᠋ᠩ ᠭᠦᠷᠴᠤ ᠴᠢᠳᠠᠯ ᠦᠭᠡᠶ ᠦᠳᠦᠵᠤ ᠥᠭᠦᠯ᠎ᠡ ᠭᠡᠳᠡᠭ᠌᠃ ᠲ᠋ᠡᠭᠡᠭᠡᠤᠨ ᠠᠷᠢᠭᠤᠠᠭᠤᠸ᠎ᠠ ᠶᠢᠨ ᠬᠠᠢ᠌ᠴᠢ ᠶᠢ ᠣᠷᠭᠢᠭᠰᠠᠨ ᠭᠠᠵᠠᠷ ᠢ 《ᠬᠠᠢ᠌ᠴᠢᠨ ᠳᠡᠯ᠎ᠡ》 ᠭᠡᠵᠤ ᠣᠳᠤ ᠪᠣᠯᠳᠠᠯ᠎ᠠ ᠨᠠᠷᠠᠯᠠᠨ ᠳᠠᠭᠤᠳᠠᠭᠰᠠᠭᠠᠷ ᠪᠠᠢ᠌ᠨ᠎ᠠ᠃

ᠠᠷᠪᠠᠨ ᠲᠦᠷᠦᠯ ᠳᠡᠭᠡᠨ ᠣᠯᠵᠤ ᠴᠢᠳᠠᠬᠤ ᠦᠭᠡᠶ ᠶᠡᠭᠡ ᠣᠯᠵᠠ ᠶᠢ ᠭᠠᠷ ᠤᠨ ᠠᠯᠠᠭ᠎ᠠ ᠣᠷᠪᠠᠭᠤᠯᠬᠤ ᠠᠳᠠᠯᠢ ᠭᠢᠯᠪᠠᠷ ᠣᠯᠤᠭᠰᠠᠨ ᠳᠠᠭᠠᠨ ᠭᠢᠵᠠᠭᠠᠷ ᠦᠭᠡᠶ ᠭᠦᠭ᠍ᠰᠡᠨ ᠪᠠᠶᠠᠷᠯᠠᠭᠰᠠᠨ ᠬᠠᠳᠠ ᠭᠠᠢ᠌ᠬᠠᠯ᠂ ᠠᠯᠳᠠᠨ ᠶᠤᠸᠠᠮᠪᠣᠤ ᠪᠠᠨ ᠠᠭᠢᠨ ᠳᠠᠭᠢᠨ ᠳᠠᠮᠳᠠᠷᠢᠵᠤ ᠡᠷᠭᠢᠭᠦᠯᠵᠤ ᠣᠷᠪᠠᠭᠤᠯᠤᠨ ᠳᠤᠭᠠᠯᠠᠵᠤ ᠪᠠᠢ᠌ᠳᠠᠯ᠎ᠠ ᠰᠢᠷ᠎ᠠ ᠪᠠᠷ ᠰᠢᠷᠳᠡᠭ᠍ᠰᠡᠨ ᠰᠢᠷ ᠨᠢ ᠣᠨᠠᠭᠠᠤᠨ ᠳᠤᠭᠤᠯᠭᠠᠨ ᠶᠤᠸᠠᠮᠪᠣᠤ ᠶᠢᠨ ᠣᠭ ᠳᠦᠷᠰᠦ ᠨᠢ ᠢᠯᠡᠷᠡᠴᠢᠭ᠍ᠰᠡᠨ ᠪᠠᠢ᠌ᠪᠠ᠃ ᠨᠠᠠᠮᠠᠠᠽᠢ ᠳᠤ ᠮᠡᠭᠡᠯᠡᠭ᠍ᠳᠡᠭᠡᠤᠨ ᠳᠠᠯᠪᠠ ᠠᠭᠤᠷᠯᠠᠭᠰᠠᠨ ᠬᠠᠳᠠ ᠭᠠᠢ᠌ᠬᠠᠯ ᠴᠡᠭᠡᠵᠢ ᠪᠠᠨ ᠰᠢᠭᠠᠵᠤ ᠭᠠᠵᠠᠷ ᠳᠡᠪᠰᠡᠯᠡᠭ᠍ᠰᠡᠭᠡᠷ ᠪᠠᠶᠠᠨ ᠭᠤᠤᠯ ᠤᠨ ᠳᠠᠠᠵᠢᠨ ᠳ᠋ᠠᠭᠢ ᠣᠯᠠᠭᠠᠠᠪᠠᠢ᠌ᠴᠠ ᠠᠭᠤᠯᠠᠨ ᠤ ᠵᠡᠭᠦᠨ ᠭᠢᠷ᠎ᠠ ᠳᠡᠭᠡᠷ᠎ᠡ ᠢᠷᠡᠵᠤ᠂ ᠭᠡᠵᠢᠭᠡ ᠪᠠᠨ ᠪᠠᠵᠠᠯᠭᠢᠯᠠᠨ ᠴᠦᠮᠴᠣᠢ᠌ᠵᠤ ᠰᠠᠭᠤᠭᠠᠤᠨ᠂ ᠸᠠᠩ ᠭᠦᠩ ᠤᠨ ᠵᠡᠭᠦᠳᠤ ᠨᠢ ᠵᠠᠮᠬᠠᠷᠠᠭᠠᠤᠨ ᠣᠨᠠᠭᠠᠨ ᠬᠠᠢ᠌ᠷᠠᠳᠠᠢ ᠠᠮᠠᠷᠠᠭ ᠶᠢᠡᠨ ᠴᠤ ᠠᠯᠳᠠᠭᠰᠠᠨ ᠳᠠᠭᠠᠨ ᠳᠠᠭᠤ ᠳᠠᠯᠪᠢᠨ ᠣᠭᠢᠯᠠᠵᠤ᠂ ᠪᠠᠷᠢ ᠴᠤ ᠦᠭᠡᠶ ᠪᠢᠷᠠᠭᠤ ᠴᠤ ᠠᠯᠠᠭ᠎ᠠ ᠪᠣᠯᠤᠭᠰᠠᠨ ᠳᠤ ᠭᠡᠮᠰᠢᠨ ᠡᠮᠭᠡᠨᠢᠭ᠍ᠰᠡᠭᠡᠷ ᠪᠣᠰᠤᠭ᠎ᠠ ᠬᠠᠳᠠ ᠪᠣᠯᠤᠨ ᠴᠢᠯᠠᠭᠤᠵᠢᠴᠢᠬᠠᠵᠠᠢ᠃ ᠣᠭᠢᠯᠠᠭᠰᠠᠭᠠᠷ ᠪᠠᠢ᠌ᠵᠤ ᠨᠢᠳᠤᠨ ᠨᠢᠯᠪᠣᠰᠤ ᠨᠢ ᠬᠠᠳᠠᠭᠠᠤᠨ ᠴᠢᠰᠤ ᠪᠠᠷ ᠮᠡᠭ᠍ᠰᠢᠭ᠍ᠰᠡᠭᠡᠷ ᠪᠠᠢ᠌ᠵᠤ ᠬᠠᠳᠠ ᠴᠢᠯᠠᠭᠤ ᠨᠢ ᠣᠯᠠᠢ᠌ᠵᠤ ᠪᠣᠷᠤᠯᠠᠭᠰᠠᠨ ᠶᠢᠡᠷ ᠡᠨᠡ ᠬᠠᠳᠠ ᠵᠢ 《ᠤᠯᠠᠭᠠᠨᠪᠠᠢ᠌ᠴᠡ》 ᠭᠡᠵᠤ ᠨᠡᠷᠡᠯᠡᠭ᠍ᠰᠡᠨ ᠪᠠᠢ᠌ᠵᠤ᠂ ᠬᠠᠵᠠᠭᠤᠳᠠᠭᠢ ᠠᠢ᠌ᠯ ᠢ ᠴᠤ 《ᠣᠯᠠᠭᠠᠠᠪᠠᠢ᠌ᠴᠠ ᠭᠠᠴᠠᠭ᠎ᠠ》 ᠭᠡᠵᠤ ᠨᠡᠷᠡᠢ᠌ᠦᠡᠭᠦ ᠪᠣᠯᠪᠠ᠃

ᠲ᠋ᠡᠦᠭᠡ ᠶᠢᠨ ᠭᠦᠷᠳᠤ ᠳᠦᠷᠭᠡᠨ ᠡᠷᠭᠢᠯᠳᠦᠭ᠍ᠰᠡᠭᠡᠷ ᠪᠠᠢ᠌ᠵᠤ 2002 ᠣᠨ ᠤ ᠵᠤᠨ ᠤ ᠰᠠᠢ᠌ᠬᠠᠨ ᠣᠯᠠᠷᠢᠯ ᠪᠣᠯᠬᠤ ᠳᠤ᠂ ᠮᠠᠯᠴᠢᠨ ᠣᠶᠤᠳᠠᠨ ᠶᠢᠡᠷ ᠪᠦᠷᠢᠯᠳᠦᠭ᠍ᠰᠡᠨ ᠨᠢᠭᠡ ᠪᠦᠯᠦᠭ᠌ ᠮᠤᠩᠭ᠋ᠤᠯ ᠰᠤᠶᠤᠯ ᠳᠠᠭᠠᠨ ᠬᠠᠢ᠌ᠷᠳᠠᠢ ᠭᠦᠮᠦᠰ ᠪᠠᠶᠠᠨ ᠭᠢᠩᠭ᠋ᠠᠨ ᠤ ᠡᠩᠭᠡᠷ᠂ ᠪᠢᠷᠡᠭᠤ ᠬᠠᠢ᠌ᠷᠬᠠᠨ ᠤ ᠪᠠᠷᠠᠭᠤᠨ ᠰᠤᠭᠤ ᠳᠤ ᠬᠤᠷᠡᠯᠳᠤᠨ 《ᠵᠡᠭᠦᠳᠤᠨ ᠮᠦᠷ ᠤᠨ ᠤᠯᠡᠭᠠᠡᠪᠠᠢ᠌ᠴᠡ》 ᠭᠡᠭᠦ ᠰᠠᠳᠤᠪ ᠶᠢᠡᠷ ᠪᠢᠯᠢᠭ᠌ ᠤᠨ ᠴᠤᠭᠯᠠᠭᠠᠨ ᠭᠢᠵᠠᠢ᠃ ᠣᠩᠭ᠋ᠤᠨ ᠨᠤᠳᠤᠭ ᠤᠨ ᠶᠢᠡᠨ ᠠᠤᠠᠬᠤ ᠰᠢᠷᠤᠢ ᠭᠡᠰᠡᠭ᠌ ᠴᠢᠯᠠᠭᠤ ᠶᠢ ᠴᠤ ᠦᠨᠡᠯᠠᠰᠢ ᠦᠭᠡᠶ ᠨᠠᠠᠳᠢᠩᠨᠠᠵᠤ᠂ ᠲ᠋ᠠᠷᠬᠠᠨ ᠪᠠᠢ᠌ᠭᠠᠯᠢ ᠶᠢᠨ ᠶᠢᠡᠨ ᠰᠢᠷᠭᠡᠭ᠌ ᠡᠪᠠᠰᠤ ᠢᠮᠠᠬᠤ ᠶᠢᠨ ᠮᠦᠴᠢᠷ ᠢ ᠴᠤ ᠭᠢᠵᠠᠭᠠᠯᠠᠰᠢ ᠦᠭᠡᠶ ᠭᠢᠮᠠᠭᠠᠳᠠᠳᠠᠭ ᠡᠷᠭᠢᠮ ᠳᠡᠭᠡᠳᠤ ᠭᠡᠪ ᠰᠤᠷᠳᠠᠯ ᠶᠢᠡᠨ ᠦᠶ᠎ᠡ ᠣᠯᠠᠮᠵᠢᠯᠠᠨ ᠪᠠᠳᠠᠷᠠᠭᠤᠯᠵᠤ᠂ ᠣᠯᠠᠭᠠᠠᠪᠠᠢ᠌ᠴᠠ ᠨᠤᠳᠤᠭ ᠤᠨ ᠶᠢᠡᠨ ᠣᠳᠠᠭᠠᠨ ᠣᠨ ᠤ ᠳᠡᠦᠭᠡ ᠶᠢᠨ ᠨᠤᠭᠤᠴᠠᠭᠠᠨ ᠳᠤ ᠬᠤᠪᠢᠰᠴᠤ ᠣᠯᠠᠷᠢᠭᠰᠠᠨ ᠥᠩᠭᠡᠷᠡᠯᠳᠡ ᠶᠢ ᠰᠤᠷᠪᠣᠯᠵᠢᠯᠠᠨ ᠳᠡᠮᠳᠡᠭᠯᠡᠵᠤ ᠪᠢᠴᠢᠭ᠌ ᠰᠤᠳᠤᠷ ᠲᠤ ᠴᠠᠳᠢᠭᠯᠠᠭᠠᠤᠨ᠂ ᠪᠠᠭᠠᠷᠢᠨ ᠰᠤᠶᠤᠯ ᠤᠨ ᠭᠤᠯᠤᠮᠳᠠ ᠳᠠᠭᠠᠨ ᠣᠴᠤᠭ ᠴᠢᠯᠠᠭᠤ ᠨᠡᠮᠡᠷᠢᠯᠡᠭᠦ ᠪᠠᠷ ᠴᠢᠭᠤᠯᠭᠠᠨ ᠶᠢᠡᠨ ᠳᠤᠩ ᠭᠦᠭ᠍ᠵᠢᠶᠡᠨ ᠲᠡᠶ ᠶᠠᠪᠣᠭᠳᠠᠭᠤᠯᠵᠠᠢ᠃ ᠦᠨᠳᠦᠰᠦᠳᠠᠨ ᠶᠢᠡᠨ ᠮᠠᠠᠳᠤᠭᠤᠯᠬᠤ ᠭᠡᠰᠡᠨ ᠬᠠᠯᠠᠭᠤᠨ ᠰᠠᠤᠠᠭᠢᠯ ᠳ᠋ᠤᠨᠢ ᠡᠴᠢᠭᠡ ᠳᠡᠭ᠍ᠷᠢ ᠳᠤᠭᠳᠤᠯᠵᠤ ᠭᠦᠪᠦᠩ ᠴᠠᠭᠠᠨ ᠡᠭᠦᠯᠡᠨ ᠭᠦᠰᠢᠭᠡ ᠳᠠᠳᠠᠵᠤ ᠬᠤᠷᠴᠠ ᠨᠠᠷᠠᠨ ᠤ ᠭᠡᠷᠡᠯ ᠢ ᠬᠠᠯᠬᠠᠯᠠᠨ ᠰᠡᠷᠢᠭᠦᠴᠡᠭᠦᠯᠵᠡᠢ᠃ ᠰᠤᠶᠤᠯ ᠤᠨ ᠭᠦᠭᠡᠭᠡᠴᠡᠯᠳᠦᠯ ᠰᠤᠳᠤᠨ ᠡᠷᠢᠯᠭᠢᠯᠡᠯ ᠳ᠋ᠤᠨᠢ ᠡᠭᠡ ᠳᠡᠯᠡᠭᠡᠢ ᠢᠭ᠍ᠳᠦᠯᠵᠤ᠂ ᠴᠡᠴᠡᠭ᠌ ᠤᠨ ᠳᠤᠭᠤᠰᠤ ᠲᠡᠶ ᠵᠥᠭᠡᠯᠡᠨ ᠰᠠᠯᠭᠢ ᠪᠠᠷ ᠶᠢᠡᠨ ᠠᠶᠠᠨ ᠤ ᠭᠦᠯᠦᠰᠤ ᠶᠢ ᠨᠢ ᠰᠡᠪᠭᠡᠭᠡᠵᠡᠢ᠃ ᠤᠭᠰᠠᠭ᠎ᠠ ᠠᠢ᠌ᠮᠠᠭᠳᠠᠨ ᠤ ᠪᠠᠨ ᠮᠠᠠᠳᠤᠯ ᠭᠦᠭ᠍ᠵᠢᠯ ᠳᠤ ᠰᠠᠤᠠᠭᠢᠯ ᠠᠯᠭᠠᠰᠴᠤ ᠪᠠᠢ᠌ᠭ᠎ᠠ ᠭᠦᠪᠠᠭᠦᠤᠨ ᠦᠬᠢᠳ ᠶᠢᠡᠨ ᠬᠠᠷᠠᠭᠠᠤᠨ ᠡᠪᠦᠭᠡᠨ ᠱᠠᠩᠰᠢ ᠭᠦᠭ᠍ᠰᠢᠨ ᠬᠠᠢ᠌ᠯᠠᠰᠤ ᠣᠷᠮᠠᠰᠢᠨ ᠱᠤᠦᠭᠢᠵᠤ᠂ ᠡᠩᠭᠦᠷᠡᠢ ᠦᠬᠢᠨ ᠠᠷᠢᠭᠤᠠᠭᠤᠸ᠎ᠠ ᠪᠠᠨ ᠰᠠᠨᠠᠭᠠᠯᠵᠠᠭᠠᠤᠨ ᠠᠶᠠᠰ ᠤᠨ ᠰᠠᠯᠭᠢᠨ ᠳᠤ ᠣᠶᠠᠷᠠᠯ ᠲᠡᠶ ᠢᠰᠭᠢᠷᠪᠠ ᠡ᠃ ᠠᠭᠤᠴᠢᠯᠡᠰᠢ ᠦᠭᠡᠶ ᠠᠯᠳᠠᠰᠢ ᠲᠡᠶ ᠣᠯᠠᠭᠠᠠᠪᠠᠢ᠌ᠴᠠ ᠬᠠᠳᠠ ᠭᠡᠮᠰᠢᠯ ᠤᠨ ᠨᠢᠯᠪᠣᠰᠤ ᠪᠠᠨ ᠵᠠᠯᠭᠢᠯᠠᠭᠰᠠᠭᠠᠷ ᠪᠠᠶᠠᠨ ᠭᠤᠤᠯ ᠤᠨ ᠣᠰᠤ ᠶᠢ ᠳᠤᠩᠭ᠋ᠣᠢ᠌ᠨ ᠰᠢᠷᠳᠡᠵᠤ᠂ ᠥᠴᠦᠭᠡᠳᠦᠷ ᠤᠨ ᠵᠡᠭᠦᠳᠤ ᠣᠷᠢᠳᠤ ᠶᠢᠨ ᠳᠤᠷᠠᠰᠤᠯ ᠳᠠᠭᠠᠨ ᠭᠤᠮᠤᠷᠬᠠᠯ ᠲᠡᠶ ᠲᠦᠩᠰᠣᠢ᠌ᠨ᠎ᠠ᠃

ᠣᠨ ᠵᠢᠯ ᠣᠰᠤᠨ ᠠᠳᠠᠯᠢ ᠣᠷᠤᠰᠤᠨ ᠥᠩᠭᠡᠷᠡᠭᠦ ᠳᠤ᠂ ᠨᠤᠳᠤᠭ ᠤᠨ ᠮᠤᠩᠭ᠋ᠤᠯᠴᠤᠳ ᠦᠶ᠎ᠡ ᠶᠢᠨ ᠦᠶ᠎ᠡ ᠠᠷᠢᠭᠤᠠᠭᠤᠸ᠎ᠠ ᠪᠠᠨ ᠳᠤᠷᠠᠤᠠᠬᠠᠵᠤ ᠣᠯᠠᠭᠠᠠᠪᠠᠢ᠌ᠴᠠ ᠠᠭᠤᠯᠠᠨ ᠤ ᠣᠷᠤᠢ ᠳᠡᠭᠡᠷ᠎ᠡ ᠳᠠᠭᠢᠯ ᠤᠨ ᠣᠪᠣᠭ᠎ᠠ ᠪᠣᠰᠬᠠᠨ ᠵᠢᠯ ᠪᠦᠷᠢ ᠶᠢᠨ ᠪᠢᠯᠢᠭ᠌ ᠤᠨ ᠣᠯᠠᠷᠢᠯ ᠤᠨ ᠳᠠᠪᠤᠨ ᠰᠠᠷᠠᠢ᠌ᠨ ᠠᠷᠪᠠᠨ ᠨᠢᠭᠡᠨ ᠳᠤ ᠰᠢᠳᠦᠭᠡᠨ ᠪᠣᠯᠠᠭ ᠣᠩᠭ᠋ᠤᠨ ᠱᠠᠩᠰᠢ ᠪᠠᠨ ᠭᠦᠡᠳᠦᠦᠡᠭᠡᠨ ᠳᠠᠭᠢᠵᠤ ᠪᠤᠢ᠃ ᠢᠳᠡᠭᠡᠨ ᠤ ᠳᠡᠭᠡᠵᠢ ᠠᠮᠳᠠᠳᠠᠨ ᠤ ᠣᠭᠢ ᠪᠠᠨ ᠪᠢᠷᠠᠭᠤ ᠬᠠᠢ᠌ᠷᠬᠠᠨ ᠳᠠᠭᠠᠨ ᠰᠠᠷᠵᠢᠮᠯᠠᠵᠤ᠂ ᠠᠭᠤᠯᠠ ᠣᠰᠤᠨ ᠤ ᠨᠠᠪᠳᠠᠭ ᠱᠠᠪᠳᠠᠭ ᠶᠢᠡᠨ ᠪᠠᠶᠠᠰᠬᠠᠨ ᠣᠪᠣᠭ᠎ᠠ ᠪᠠᠨ ᠳᠤᠭᠤᠷᠢᠨ ᠣᠩᠭ᠋ᠤᠨ ᠪᠠᠢ᠌ᠭᠠᠯᠢ ᠶᠢᠨ ᠭᠡᠰᠢᠭ᠌ ᠰᠢᠳᠦᠭᠡᠨ ᠶᠢᠡᠨ ᠳᠠᠯᠠᠯᠤᠨ ᠬᠤᠷᠠᠢ᠌ᠯᠠᠭᠰᠠᠭᠠᠷ᠂ ᠠᠯᠢ ᠨᠢᠭᠡᠨ ᠡᠳᠦᠷ ᠠᠷᠢᠭᠤᠠᠭᠤᠸ᠎ᠠ ᠭᠡᠦᠭᠡᠨ ᠤ ᠠᠯᠳᠠᠨ ᠪᠢᠷᠠᠭᠤ ᠪᠠᠨ ᠣᠨᠤᠭᠠᠤᠨ ᠭᠠᠷᠴᠤ ᠢᠷᠡᠭᠦ ᠶᠢ ᠭᠦᠰᠡᠨ ᠭᠦᠯᠢᠶᠡᠭ᠍ᠰᠡᠭᠡᠷ᠂ ᠭᠦᠯᠢᠶᠡᠭ᠍ᠰᠡᠭᠡᠷ᠁  ᠠᠷᠢᠭᠤᠭᠤᠸ᠎ᠠ ᠶᠢᠨ ᠠᠷᠤᠤᠬᠠᠨ ᠮᠦᠰᠤ ᠵᠢᠪᠬᠤᠯᠠᠩᠳᠤ ᠳᠤᠤᠯᠢᠰ ᠥᠷᠭᠡᠨ ᠠᠭᠤᠳᠠᠮ ᠪᠠᠭᠠᠷᠢᠨ ᠨᠤᠳᠤᠭ ᠤᠨ ᠰᠦᠯᠳᠡ ᠪᠣᠯᠤᠨ ᠣᠯᠠᠮᠵᠢᠯᠠᠭᠳᠠᠵᠤ᠂ ᠨᠤᠳᠤᠭ ᠰᠤᠶᠤᠯ ᠶᠢᠡᠨ ᠮᠠᠠᠳᠤᠭᠤᠯᠵᠤ ᠶᠠᠪᠣᠭ᠎ᠠ ᠭᠦᠪᠠᠭᠦᠤᠨ ᠦᠬᠢᠳ ᠤᠨ ᠶᠢᠡᠨ ᠭᠡᠰᠢᠭ᠌ ᠭᠡᠢ᠌ᠮᠦᠷᠢ ᠶᠢ ᠳᠠᠯᠠᠯᠤᠨ᠎ᠠ᠁

ᠵᠤᠬᠢᠶᠠᠭᠴᠢ᠄ ᠨᠣ᠋·ᠪᠠᠭᠠᠳᠤᠷ
ᠳᠠᠷᠤᠮ᠄ 8538
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ