ᠨᠡᠪᠲᠡᠷᠡᠨ ᠤᠷᠤᠬᠤ
ᠶᠢᠰᠦᠳᠦᠭᠡᠷ ᠪᠦᠯᠦᠭ ᠂ ᠨᠤᠭᠤᠴᠠᠭ᠎ᠠ ᠶᠡᠬᠡᠳᠡᠢ ᠠᠮᠢᠳᠤᠷᠠᠯ ᠤᠨ ᠠᠶᠠᠨ
ᠨᠢᠭᠡᠳᠦᠭᠡᠷ ᠬᠡᠰᠡᠭ ᠂ ᠴᠤᠬᠠᠭ 《ᠡᠷᠳᠡᠨᠢ》

ᠠᠮᠢ ᠨᠠᠰᠤ ᠪᠣᠯ ᠣᠷᠤᠰᠬᠠᠯ ᠣᠰᠤᠨ ᠡ᠊ᠨᠳᠡᠯᠢ᠂ ᠭᠠᠭᠴᠠᠬᠦ ᠳᠠᠪᠠᠯᠭ᠎ᠠ ᠪᠣᠰᠬᠠᠨ ᠣᠷᠤᠭᠰᠢ ᠭᠦᠮᠦᠷᠢᠭᠦ ᠦᠶᠡᠰ ᠰᠠ‍‌ᠶᠢ ᠣᠤᠠᠬ᠎ᠠ ᠠᠭᠤᠯᠭ᠎ᠠ ᠲᠡᠶ᠂ ᠭᠤᠸ᠎ᠠ ᠰᠠᠢ᠌ᠬᠠᠨ ᠪᠠᠢ᠌ᠵᠤ ᠴᠢᠳᠠᠨ᠎ᠠ᠃


᠊᠊᠊᠊᠊᠊᠊᠊᠊᠊᠊᠊᠊᠊᠊᠊᠊᠊᠊᠊᠊᠊᠊᠊᠊᠊᠊ ᠵᠠᠩ ᠸᠧᠨ ᠳᠢᠶᠠᠨ


ᠲ᠋ᠡᠯᠡᠭᠡᠢ ᠳᠡᠭᠡᠷ᠎ᠡ ᠶᠠᠭᠤ ᠬᠠᠮᠤᠭ ᠴᠤᠬᠠᠭ 《ᠡᠷᠳᠡᠨᠢ》 ᠪᠤᠯᠬᠤ ᠪᠣᠢ︖ ᠣᠯᠠᠩᠭᠢ ᠭᠦᠮᠤᠨ ᠡᠭᠦᠨ ᠢ ᠪᠠᠢ᠌ᠭᠠᠯᠢ ᠶᠢᠨ ᠠᠯᠮᠠᠰ᠂ ᠴᠠᠪᠠᠷ ᠡᠡᠯᠳᠡ᠂ ᠭᠡᠭᠡᠨ ᠬᠠᠰ᠂ ᠣᠨ ᠣᠳᠠᠭᠰᠠᠨ ᠳᠡᠦᠭᠡ ᠶᠢᠨ ᠳᠤᠷᠠᠰᠬᠠᠯᠳᠤ ᠡᠳ᠋ ᠵᠡᠷᠭᠡ ᠪᠠᠷ ᠳᠠᠢ᠌ᠯᠪᠤᠷᠢᠯᠠᠳᠠᠭ᠃ ᠥᠨᠡ᠊ᠨᠳᠡᠭᠡᠨ ᠡᠳᠡᠭᠡᠷ ᠪᠣᠳᠠᠰ ᠲᠤ ᠳᠤᠭᠳᠠᠭᠰᠠᠨ ᠦᠨ᠎ᠡ ᠬᠠᠩᠰᠢ ᠪᠠᠢ᠌ᠭᠰᠠᠨ ᠴᠠᠭ ᠲᠤ ᠪᠦᠭᠦᠳᠡ ᠶᠢ ᠵᠤᠭᠤᠰ ᠶᠢᠡᠷ ᠬᠤᠳᠠᠯᠳᠤᠨ ᠠᠪᠴᠤ ᠴᠢᠳᠠᠨ᠎ᠠ᠃ ᠵᠠᠷᠢᠮ ᠭᠦᠮᠤᠨ ᠳᠠᠭᠠᠷᠠᠭᠰᠠᠨ ᠭᠦᠮᠤᠨ ᠳᠤ ᠳᠠᠬᠤ ᠡᠷᠳᠡᠨᠢ᠂ ᠥᠯᠦᠰᠦᠭ᠍ᠰᠡᠨ ᠭᠦᠮᠤᠨ ᠳᠤ ᠭᠦᠨᠡᠰᠤ ᠡᠷᠳᠡᠨᠢ᠂ ᠤᠮᠳᠡᠭᠠᠰᠤᠭᠰᠠᠨ ᠭᠦᠮᠤᠨ ᠳᠤ ᠣᠰᠤ ᠡᠷᠳᠡᠨᠢ᠂ ᠳᠦᠪᠠᠭ᠍ᠳᠡᠭ᠍ᠰᠡᠨ ᠭᠦᠮᠤᠨ ᠳᠤ ᠵᠤᠭᠤᠰ ᠡᠷᠳᠡᠨᠢ ᠭᠡᠵᠤ ᠬᠠᠷᠢᠭᠤᠯᠳᠠᠭ ᠪᠣᠯᠪᠠᠴᠤ ᠳᠠᠷᠠ ᠨᠢ ᠲᠦᠷ ᠴᠠᠭ ᠳᠤᠳᠠᠭᠳᠠᠭᠰᠠᠨ ᠡᠴᠡ ᠪᠣᠯᠵᠤ ᠦᠨ᠎ᠡ ᠳᠤ ᠣᠷᠤᠭᠰᠠᠨ ᠪᠠᠢ᠌ᠭ᠎ᠠ ᠶᠤᠮ᠃ ᠪᠠᠰᠠ ᠵᠠᠷᠢᠮᠠᠤᠨ ᠨᠢ ᠡᠪᠠᠦᠡᠴᠢᠯᠡᠭ᠍ᠰᠡᠨ ᠭᠦᠮᠤᠨ ᠳᠤ ᠡᠷᠡᠭᠦᠯ ᠡᠷᠳᠡᠨᠢ᠂ ᠵᠤᠪᠠᠭᠰᠡᠨ ᠭᠦᠮᠤᠨ ᠳᠤ ᠪᠠᠶᠠᠷ ᠡᠷᠳᠡᠨᠢ᠂ ᠭᠤᠦᠨᠢ ᠭᠦᠮᠤᠨ ᠳᠤ ᠬᠠᠨᠢ ᠡᠷᠳᠡᠨᠢ ᠭᠡᠵᠤ ᠣᠯᠠᠨ ᠲᠦᠷᠦᠯ ᠤᠨ ᠬᠠᠷᠢᠭᠤᠯᠳᠠ ᠥᠭ᠍ᠳᠡᠭ᠌ ᠢ ᠳᠤᠭᠤᠴᠢᠯᠭᠠᠨ ᠦᠭᠡᠶ᠃ ᠲ᠋ᠤᠪᠴᠢᠯᠠᠭᠠᠤᠨ ᠭᠡᠯᠡᠭᠦ ᠳᠤ᠂ ᠣᠯᠬᠤᠶ᠎ᠠ ᠪᠠᠷᠭᠡᠳᠡᠢ ᠶᠠᠭᠤᠮ᠎ᠠ ᠪᠣᠯᠭᠠᠨ ᠶᠡᠭᠡ ᠦᠨ᠎ᠡ ᠭᠦᠷᠭᠦ ᠪᠦᠭᠡᠤᠨ᠂ ᠥᠨ᠎ᠡ ᠭᠦᠷᠦᠭ᠍ᠰᠡᠨ ᠪᠣᠯᠭᠠᠨ ᠢ 《ᠡᠷᠳᠡᠨᠢ》 ᠪᠠᠷ ᠳᠤᠭᠳᠠᠭᠠᠬᠤ ᠶᠢᠨ ᠠᠷᠭ᠎ᠠ ᠦᠭᠡᠶ᠃ ᠵᠢᠱᠢᠶᠠᠯᠠᠪᠠᠯ ᠰᠢᠯᠳᠤ ᠮᠤᠭᠠᠢ ᠶᠢᠨ ᠬᠤᠤᠷ᠂ ᠯᠠᠭ ᠮᠡᠯᠡᠭᠡᠢ ᠶᠢᠨ ᠰᠢᠭᠦᠰᠤ ᠶᠢᠨ ᠦᠨ᠎ᠡ ᠨᠢ ᠰᠢᠵᠢᠷ ᠠᠯᠳᠠᠨ ᠡᠴᠡ ᠳᠠᠪᠠᠳᠠᠭ ᠪᠠᠢ᠌ᠬᠤ ᠳᠤ ᠳᠡᠭᠦᠨ ᠢ ᠴᠤᠬᠠᠭ ᠡᠷᠳᠡᠨᠢ ᠪᠠᠷ ᠥᠨᠡᠯᠡᠭᠦ ᠠᠮᠢᠳᠠᠨ ᠡᠡᠯᠠᠭ᠎ᠠ᠃ ᠡᠭᠦᠨ ᠶᠢᠡᠷ ᠥᠵᠡᠭᠦ ᠳᠤ᠂ ᠭᠦᠮᠤᠨ ᠪᠦᠭᠦᠨ ᠤ ᠭᠤᠷᠢᠳᠠᠯ ᠢ ᠳᠠᠳᠠᠭᠠᠤᠨ ᠪᠠᠢ᠌ᠳᠠᠭ 《ᠡᠷᠳᠡᠨᠢ》 ᠭᠡᠭ᠍ᠴᠢ ᠨᠢ ᠪᠣᠰᠤᠤᠠᠴᠢ ᠶ‍ᠢᠷᠳᠢᠠᠴᠤ ᠶᠢᠨ ᠠᠯᠢ ᠨᠢᠭᠡᠨ ᠪᠣᠳᠠᠰ ᠪᠢᠰᠢ᠂ ᠬᠠᠷᠢᠨ ᠭᠦᠮᠤᠨ ᠤ ᠣᠶᠤᠨ ᠤ ᠠᠮᠢᠳᠤᠷᠠᠯ ᠳᠤ ᠳᠤᠳᠠᠭᠳᠠᠳᠠᠭ ᠶᠠᠮᠠᠷ ᠨᠢᠭᠡᠨ ᠭᠡᠢ᠌ᠰᠪᠦᠷᠢ ᠣᠬᠠᠭᠳᠠᠬᠤᠨ ᠪᠠᠢ᠌ᠵᠤ ᠳᠡᠭᠠᠷᠡᠨ᠎ᠡ᠃ ᠡᠭᠦᠨ ᠤ ᠬᠠᠷᠢᠭᠤᠯᠳᠠ ᠳᠤ ᠭᠤᠴᠢᠨ ᠵᠢᠯ ᠤᠨ ᠡᠮᠦᠨᠡᠭᠢ ᠳᠠᠷᠠ ᠨᠢᠭᠡ ᠣᠴᠢᠷ ᠰᠥᠪᠠᠭ᠍ᠴᠢ ᠪᠣᠯᠤᠮᠠᠷ ᠰᠠᠨᠠᠭᠳᠠᠨ᠎ᠠ᠃

ᠭᠤᠴᠢᠨ ᠵᠢᠯ ᠤᠨ ᠡᠮᠦᠨᠡᠭᠢ ᠳᠠᠷᠠ ᠨᠢᠭᠡ ᠵᠤᠨ ᠨᠢ ᠶ‍ᠢᠷᠳᠢᠠᠴᠤ ᠶᠢᠨ ᠳᠤᠭᠤᠰᠤ ᠶᠢ ᠭᠦᠳᠡᠯᠭᠡᠵᠤ ᠪᠠᠶᠠᠷ ᠭᠤᠮᠤᠳᠠᠯ ᠤᠨ ᠨᠢᠯᠪᠣᠰᠤ ᠪᠠᠷ ᠶᠢᠡᠨ ᠨᠤᠭᠤᠴᠠᠭ᠎ᠠ ᠶᠡᠭᠡᠳᠡᠢ ᠠᠮᠢᠳᠤᠷᠠᠯ ᠤᠨ ᠵᠠᠮ ᠶᠢᠡᠨ ᠳᠤᠯᠪᠣᠳᠠᠭᠤᠯᠵᠤ ᠶᠠᠪᠣᠭᠰᠠᠨ ᠨᠢ ᠮᠢᠨᠤ ᠪᠣᠰᠤᠳ ᠰᠢᠷ᠎ᠠ ᠡᠳᠦᠷ ᠪᠣᠷᠤ ᠬᠤᠨᠤᠭ ᠡᠴᠡ ᠣᠠᠴᠠᠯᠠᠭᠰᠠᠨ ᠶᠠᠭᠤᠮ᠎ᠠ ᠠᠯᠠᠭ᠎ᠠ᠃ ᠠᠭᠤᠯᠠ ᠳᠠᠯ᠎ᠠ ᠴᠡᠯᠭᠡᠷᠡᠭᠦ ᠪᠠᠷ ᠶᠢᠠᠨ ᠴᠡᠯᠭᠡᠷᠡᠵᠤ ᠡᠪᠠᠰᠤ ᠮᠤᠳᠤ ᠮᠢᠷᠠᠯᠵᠠᠬᠤ ᠪᠠᠷ ᠶᠢᠡᠨ ᠮᠢᠷᠠᠯᠵᠠᠵᠤ ᠪᠠᠢ᠌ᠯ᠎ᠠ᠃ ᠲ᠋ᠠᠷᠠ ᠦᠶ᠎ᠡ ᠳᠤ ᠪᠢ ᠶᠠᠭ ᠬᠤᠸᠠᠷ ᠴᠡᠴᠡᠭ᠌ ᠠᠳᠠᠯᠢ ᠬᠤᠷᠢᠨ ᠨᠠᠰᠤᠨ ᠤ ᠳᠡᠯᠭᠡᠷᠡᠭᠦ ᠣᠯᠠᠷᠢᠯ ᠳᠠᠭᠠᠨ ᠪᠠᠢ᠌ᠵᠤ᠂ ᠠᠭᠰᠤᠮ ᠣᠮᠤᠭ ᠠᠭᠤᠯᠠ ᠶᠢ ᠰᠠᠵᠢᠯᠠᠭᠤᠯᠵᠤ ᠠᠭᠤᠤ ᠭᠦᠰᠡᠯᠡᠩ ᠠᠭᠠᠷ ᠢ ᠪᠠᠭᠠᠨᠠᠳᠤᠮ᠎ᠠ ᠰᠠᠭᠰᠠᠭᠤ ᠦᠶ᠎ᠡ ᠳᠡᠭᠡᠨ ᠪᠠᠢ᠌ᠯ᠎ᠠ ᠰᠢᠤ᠃

ᠰᠠᠨᠠᠮᠰᠠᠷ ᠦᠭᠡᠶ ᠨᠢᠭᠡᠨ ᠡᠳᠦᠷ ᠨᠢᠳᠤᠨ ᠵᠠᠷ ᠣᠯᠤᠭᠠᠤᠨ ᠬᠤᠶᠠᠷ ᠨᠢᠳᠤ ᠮᠢᠨᠢ ᠣᠯᠠᠢ᠌ᠳᠠᠯ᠎ᠠ ᠬᠠᠪᠣᠤᠠᠴᠤ ᠬᠤᠶᠠᠷ ᠠᠯᠬᠤᠮ ᠤᠨ ᠴᠠᠭᠠᠨᠠᠭᠢ ᠶᠢ ᠳᠤᠳᠤ ᠬᠠᠷᠠᠬᠤ ᠪᠠᠨ ᠪᠤᠯᠢᠪᠡ᠃ ᠲ᠋ᠡᠭᠡᠭᠦ ᠳᠡᠭᠡᠨ ᠶᠡᠭᠡ ᠡᠮᠨᠡᠯᠭᠡ ᠶᠢᠨ ᠬᠤᠷᠢᠶᠠᠨ ᠳᠤ ᠣᠴᠢᠵᠤ ᠥᠵᠡᠭᠦᠯᠭᠦ ᠶᠢᠨ ᠨᠥᠭᠦᠴᠡᠯ ᠪᠠᠢ᠌ᠭᠰᠠᠨ ᠦᠭᠡᠶ᠂ ᠠᠢ᠌ᠯ ᠤᠨ ᠬᠤᠷᠰᠢᠭᠰᠠᠨ ᠡᠮᠨᠡᠯᠭᠡ ᠳᠤ ᠭᠦᠷᠴᠤ 《ᠪᠠᠦᠡᠭᠡᠨ ᠰᠢᠷ᠎ᠠ ᠬᠠᠷᠰᠢᠭᠰᠠᠨ ᠭᠡᠮ》 ᠭᠡᠵᠤ ᠳᠤᠳᠤᠯᠠᠭᠤᠯᠤᠭᠠᠤᠨ ᠭᠡᠳᠤᠨ ᠲᠦᠩ ᠮᠤᠩᠭ᠋ᠤᠯ ᠡᠮ ᠣᠤᠭᠤᠭᠰᠠᠨ ᠪᠣᠯᠪᠠᠴᠤ ᠳᠤᠰᠠᠯᠠᠭᠰᠠᠨ ᠦᠭᠡᠶ ᠮᠥᠷᠳᠡᠭᠡᠨ ᠭᠡᠳᠡᠷᠭᠦ ᠠᠬᠠᠳᠡᠵᠤ᠂ ᠪᠦᠭᠦ ᠪᠠᠶ᠎ᠠ ᠬᠠᠯᠠᠭᠤᠷᠠᠨ ᠮᠠᠩᠰᠢᠭᠤᠷᠠᠨ ᠣᠠᠳᠠᠵᠤ ᠵᠡᠭᠦᠳᠤ ᠪᠠᠷ ᠶᠢᠡᠨ ᠰᠤᠯᠢᠶ᠎ᠠ ᠳᠤᠩᠭ᠋ᠤᠤᠠᠬᠤ ᠳᠤ ᠭᠦᠷᠴᠡᠢ᠃ ᠪᠠᠢ᠌ᠳᠡᠯ ᠪᠢᠰᠢᠳᠡᠭ᠍ᠰᠡᠨ ᠢ ᠮᠡᠳᠡᠭ᠍ᠰᠡᠨ ᠡᠵᠢ ᠮᠢᠨᠢ ᠠᠢ᠌ᠯ ᠤᠨ ᠨᠢᠭᠡ ᠮᠤᠷᠢᠨ ᠳᠡᠷᠭᠡ ᠶᠢ ᠭᠤᠶᠤᠵᠤ ᠨᠠᠮᠢ᠋ᠢ ᠰᠤᠮᠤᠨ ᠤ ᠡᠮᠨᠡᠯᠭᠡ ᠶᠢᠨ ᠬᠤᠷᠢᠶᠠᠨ ᠳᠤ ᠭᠦᠷᠭᠡᠭ᠍ᠰᠡᠨ ᠳᠤ᠂ ᠪᠣᠭᠤᠷᠤᠯ ᠳᠤᠯᠤᠭᠠᠢ᠌ᠳᠤ ᠵᠦᠩ ᠡᠮᠴᠢ ᠳᠤᠮᠤᠷᠠᠭᠤᠯᠬᠤ ᠰᠢᠯ ᠶᠢᠡᠨ ᠪᠠᠷᠢᠭᠠᠤᠨ ᠳᠠᠭᠢᠶᠠᠨ ᠪᠠᠳᠠᠭᠢ ᠰᠢᠭ᠌ ᠪᠣᠷᠤᠯᠠᠳᠠᠯ᠎ᠠ ᠬᠠᠪᠣᠳᠤᠭᠰᠠᠨ ᠬᠤᠶᠠᠷ ᠨᠢᠳᠤ ᠶᠢ ᠵᠠᠪᠰᠠᠷᠯᠠᠨ ᠥᠵᠡᠭᠡᠤᠨ :

《ᠶᠠᠭᠤᠨ ᠳᠤ ᠡᠷᠳᠡᠭᠡᠨ ᠠᠪᠴᠢᠷᠠᠵᠤ ᠥᠵᠡᠭᠦᠯᠭᠦ ᠦᠭᠡᠶ ᠪᠤᠢ︖ ᠶᠡᠭᠡ ᠬᠠᠯᠠᠭᠤᠷᠠᠯ ᠡᠴᠡ ᠪᠣᠯᠵᠤ ᠳᠤᠤᠷᠯᠢᠭ ᠪᠦᠷᠭᠦᠪᠴᠢ ᠨᠢ ᠭᠡᠮᠳᠦᠭ᠍ᠰᠡᠨ ᠪᠠᠢ᠌ᠪᠠᠯ ᠪᠢ ᠴᠤ ᠠᠷᠭ᠎ᠠ ᠦᠭᠡᠶ》 ᠭᠡᠤᠨ ᠳᠤᠯᠤᠭᠠᠢ ᠰᠡᠵᠢᠵᠡᠢ᠃ ᠢᠩᠭᠢᠭᠡᠤᠨ ᠭᠤᠷᠪᠠ ᠬᠤᠨᠤᠭ ᠡᠮ ᠶᠡᠭᠦᠯᠡᠭ᠍ᠰᠡᠨ ᠤ ᠳᠠᠷᠠᠭ᠎ᠠ᠂ ᠪᠠᠶ᠎ᠠ ᠶᠢᠨ ᠬᠠᠯᠠᠭᠤᠨ ᠪᠠᠭᠤᠷᠠᠵᠤ ᠳᠠᠷᠢᠭᠢ ᠳᠤᠯᠤᠭᠠᠢ ᠳᠤᠩᠭ᠋ᠠᠯᠢᠭᠰᠢᠭᠰᠠᠨ ᠪᠣᠯᠪᠠᠴᠤ ᠨᠢᠳᠤ ᠬᠠᠷᠢᠨ ᠰᠠᠢ᠌ᠵᠢᠷᠠᠭᠰᠠᠨ ᠮᠠᠶ‍ᠢᠭ ᠦᠭᠡᠶ ᠪᠦᠷᠳᠡᠯᠵᠡᠭ᠍ᠰᠡᠨ ᠭᠡᠪ ᠶᠢᠡᠷ ᠶᠢᠡᠨ ᠪᠠᠢ᠌ᠭᠰᠠᠨ ᠶᠢᠡᠷ᠂ ᠡᠮᠴᠢ ᠶᠢᠨ ᠣᠨᠤᠰᠢᠯᠠᠯ ᠠᠷᠭᠠᠴᠠᠭ᠎ᠠ ᠦᠭᠡᠶ ᠳᠠᠭᠠᠷᠠᠴᠢᠬᠠᠯ᠎ᠠ ᠭᠡᠵᠤ ᠠᠶᠤᠭᠠᠤᠨ ᠳᠤᠳᠤᠷ᠎ᠠ ᠮᠢᠨᠢ ᠵᠢᠷᠢᠰᠭᠢᠵᠤ ᠨᠢᠷᠤᠭᠤᠨ ᠭᠤᠤᠯ ᠶᠢᠡᠷ ᠭᠦᠢᠳᠡᠨ ᠴᠤᠷᠭᠢᠵᠠᠢ᠃ 《ᠦᠨᠡᠨ ᠰᠤᠬᠤᠷᠠᠭᠰᠠᠨ ᠪᠣᠯ ᠬᠤᠵᠢᠮ ᠶᠠᠭᠠᠭᠢᠶ᠎ᠠ︖》 ᠭᠡᠵᠤ ᠪᠣᠳᠤᠮᠠᠭᠴᠠ ᠦᠷᠦ ᠵᠢᠷᠦᠭᠡ ᠮᠢᠨᠢ ᠨᠢᠭᠡᠯᠡ ᠳᠤᠤᠷ᠎ᠠ 《ᠫᠠᠯ︕》 ᠭᠡᠤᠨ ᠶᠠᠪᠣᠴᠢᠬᠠᠵᠠᠢ᠃ ᠪᠢ ᠶ‍ᠢᠷᠳᠢᠠᠴᠤ ᠶᠢᠨ ᠵᠦᠢ᠌ ᠶᠢ ᠣᠬᠠᠮᠰᠠᠷᠠᠨ ᠠᠮᠢᠳᠤᠷᠠᠯ ᠤᠨ ᠠᠶᠠᠯᠠᠯ ᠶᠢᠡᠨ ᠡᠯᠭᠦᠭᠦ ᠳᠡᠭᠡᠨ ᠢᠮᠠᠭᠳᠠ ᠮᠢᠩ ᠣᠯᠤᠰ ᠤᠨ ᠡᠮᠡᠭ᠍ᠳᠡᠢ ᠰᠢᠯᠦᠭ᠍ᠴᠢ ᠯᠢ ᠴᠢᠩ ᠵᠤᠤ ᠠᠪᠠᠬᠠᠢ ᠶᠢᠨ᠄

《ᠠᠮᠢᠳᠤᠷᠠᠪᠠᠰᠤ ᠭᠦᠮᠤᠨ ᠤ ᠶ‍ᠢᠷᠳᠢᠠᠴᠤ ᠶᠢᠨ ᠠᠷᠤᠤᠬᠠᠨ ᠪᠠᠭᠠᠳᠤᠷ

ᠥᠭᠦᠪᠠᠰᠤ ᠴᠢᠦᠡᠭᠦᠷ ᠤᠨ ᠰᠥᠷᠦᠭ᠌ ᠲᠤ ᠡᠷᠯᠢᠭ᠌ ᠬᠠᠭᠠᠨ

ᠠᠭᠤᠤ ᠰᠢᠶᠠᠩ ᠢᠤᠢ ᠶᠢ ᠡᠳᠦᠭᠡ ᠰᠠᠨᠠᠭᠠᠯᠵᠠᠬᠤᠶ᠎ᠠ

ᠡᠤ ᠮᠦᠷᠠᠨ ᠢ ᠭᠠᠳᠤᠯᠠᠬᠤ ᠦᠭᠡᠶ ᠨᠢ ᠪᠢᠰᠢᠷᠠᠯᠳᠠᠢ ᠡᠡᠵᠢ》 ᠭᠡᠭᠦ ᠪᠠᠳᠠᠭ ᠶᠢᠡᠷ ᠠᠮᠢᠳᠤᠷᠠᠯ ᠤᠨ ᠵᠢᠯᠤᠭᠤ᠂ ᠲ᠋ᠠᠮᠠᠴᠠᠯ ᠤᠨ ᠴᠠᠮᠬᠠᠭ ᠪᠣᠯᠭᠠᠵᠤ ᠪᠠᠢ᠌ᠭᠰᠠᠨ ᠶᠢᠡᠷ᠂ ᠬᠠᠷᠠᠭ᠎ᠠ ᠠᠯᠳᠠᠬᠤ ᠶᠢᠨ ᠳᠠᠷᠠ ᠨᠢᠭᠡ ᠊ᠭ᠍ᠱᠡᠨ ᠳᠤ ᠠᠯᠢᠪᠠ ᠰᠠᠢ᠌ᠨ ᠰᠠᠢ᠌ᠬᠠᠨ ᠭᠦᠰᠡᠯᠡᠩ ᠮᠢᠨᠢ ᠠᠭᠤᠯᠠᠨ ᠮᠠᠨᠠᠨ ᠰᠠᠯᠭᠢᠨ ᠳᠤ ᠭᠦᠭᠡᠭᠡᠭ᠍ᠳᠡᠭᠦ ᠰᠢᠭ᠌ ᠰᠠᠷᠨᠢᠭᠠᠤᠨ᠂ ᠠᠮᠢᠳᠤᠷᠠᠯ ᠤᠨ ᠣᠷᠮ᠎ᠠ ᠳᠠᠮᠠᠴᠠᠯ ᠤᠨ ᠣᠮᠤᠭ ᠮᠢᠨᠢ ᠠᠶᠤᠩᠭ᠋ᠠᠨ ᠳᠤ ᠨᠢᠷᠭᠡᠭ᠍ᠳᠡᠭ᠍ᠰᠡᠨ ᠰᠤᠯᠤᠩᠭ᠋ᠠᠨ ᠵᠡᠭᠦᠳᠤ ᠠᠳᠠᠯᠢ ᠵᠠᠮᠬᠠᠷᠠᠴᠢᠬᠠᠵᠠᠢ᠃

ᠡᠭᠦᠨ ᠡᠴᠡ ᠬᠤᠢ᠌ᠰᠢ᠂ ᠡᠭᠡᠨᠡᠭ᠍ᠰᠢᠵᠤ ᠳᠠᠰᠤᠯᠴᠠᠭᠰᠠᠨ ᠣᠩᠭ᠋ᠤᠨ ᠪᠠᠢ᠌ᠭᠠᠯᠢ ᠮᠢᠨᠢ ᠪᠠᠷᠠᠭᠠᠨ ᠥᠩᠭᠡ ᠪᠠᠷ ᠰᠡᠭᠦᠳᠡᠩᠨᠡᠵᠤ᠂ ᠥᠵᠡᠨ ᠪᠠᠬᠠᠷᠬᠠᠬᠤ ᠬᠤᠸᠠᠷ ᠴᠡᠴᠡᠭ᠌ ᠶᠢᠡᠨ ᠦᠨᠦᠷ ᠶᠢᠡᠷ ᠨᠢ ᠮᠦᠷᠳᠠᠨ ᠰᠡᠭᠦᠳᠡᠷ ᠳᠤᠨᠢ ᠰᠡᠯᠡᠭᠦᠴᠡᠭᠦ ᠣᠢ ᠰᠢᠭᠤᠢ ᠪᠠᠨ ᠠᠶᠠᠰ ᠤᠨ ᠰᠠᠯᠭᠢᠨ ᠤ ᠱᠤᠤᠭᠢᠶ᠎ᠠ ᠪᠠᠷ ᠬᠠᠢ᠌ᠵᠤ᠂ ᠥᠨᠦᠷᠯᠡᠭᠦ ᠡᠷᠭᠡᠳᠡᠨ ᠳᠡᠮᠳᠡᠷᠢᠭᠦ ᠰᠠᠷᠠᠯ ᠶᠢᠡᠨ ᠳᠦᠰᠢᠭᠯᠡᠨ ᠨᠠᠷᠠᠳᠤ ᠶᠢᠨ ᠬᠤᠷᠸ᠎ᠠ ᠳᠤ ᠠᠮᠢ ᠵᠤᠯᠪᠠᠬᠤ ᠭᠡᠴᠡᠭᠦᠤ ᠶᠠᠪᠣᠳᠠᠯ ᠳᠤᠯᠭᠠᠷᠠᠵᠠᠢ᠃ ᠨᠢᠳᠤ ᠭᠡᠷᠡᠯᠳᠡᠢ ᠪᠠᠢ᠌ᠬᠤ ᠪᠠᠨ ᠵᠠᠪᠳᠤᠵᠤ ᠡᠭᠡ ᠳᠡᠯᠡᠭᠡᠢ ᠶᠢᠨ ᠭᠠᠢ᠌ᠬᠠᠯᠳᠠᠢ ᠦᠵᠡᠮᠵᠢ ᠰᠤᠨᠢᠷᠬᠠᠯᠳᠠᠢ ᠣᠷᠤᠮᠵᠢ ᠶᠢ ᠳᠤᠭᠤᠷᠢᠨ ᠦᠵᠡᠵᠤ᠂ ᠲ᠋ᠤᠬᠠᠢ ᠶᠢᠨ ᠭᠠᠵᠠᠷ ᠤᠨ ᠭᠦᠮᠤᠨ ᠠᠮᠢᠳᠠᠨ ᠤ ᠭᠠᠷᠤᠯ ᠭᠦᠭ᠍ᠵᠢᠯ ᠢ ᠰᠤᠷᠪᠣᠯᠵᠢᠯᠠᠨ ᠳᠡᠮᠳᠡᠭᠯᠡᠵᠤ ᠠᠪᠣᠭᠰᠠᠨ ᠪᠣᠯᠬᠤᠯ᠎ᠠ᠂ ᠬᠤᠵᠢᠮ ᠤᠨ ᠡᠳᠦᠷ ᠰᠤᠬᠤᠷ ᠡᠪᠦᠭᠡᠨ ᠮᠤᠭᠵᠣᠢ᠌ᠵᠤ ᠰᠠᠭᠤᠬᠤ ᠳᠠᠭᠠᠨ᠂ ᠰᠠᠨᠠᠭ᠎ᠠ ᠪᠠᠨ ᠰᠠᠭᠠᠳᠤᠭᠤᠯᠤᠨ ᠰᠠᠤᠠᠭᠢᠯ ᠶᠢᠡᠨ ᠬᠠᠭᠤᠷᠬᠤ ᠭᠤᠸ᠎ᠠ ᠰᠠᠢ᠌ᠬᠠᠨ ᠳᠤᠷᠠᠤᠠᠬᠠᠯ ᠲᠡᠶ ᠪᠠᠢ᠌ᠵᠤ᠂ ᠠᠢ᠌ᠯ ᠠᠢ᠌ᠮᠠᠭ ᠤᠨ ᠭᠡᠦᠭᠡᠤᠨ ᠪᠠᠭᠠᠴᠤᠳ ᠲᠤ ᠬᠠᠭᠤᠴᠢᠯᠠᠬᠤ ᠣᠷᠮᠠᠰ ᠲᠡᠶ ᠵᠤᠭᠤᠭ ᠲᠡᠶ ᠪᠠᠢ᠌ᠵᠤ ᠴᠢᠳᠡᠨ᠎ᠡ᠃ ᠲ᠋ᠡᠭᠡᠭᠦ ᠳᠡᠭᠡᠨ ᠪᠠᠬᠠᠨ ᠪᠣᠳᠤᠯ ᠰᠠᠷᠠᠯ ᠲᠡᠶ ᠶᠠᠪᠣᠭᠰᠠᠨ ᠪᠣᠯ ᠨᠠᠭᠠᠳᠤ ᠵᠠᠬ᠎ᠠ ᠳᠠᠭᠠᠨ ᠦᠪᠡᠷ ᠤᠨ ᠨᠤᠳᠤᠭ ᠤᠨ ᠶᠢᠡᠨ ᠡᠪᠠᠰᠤ ᠣᠷᠭᠤᠮᠠᠯ ᠶᠢᠡᠨ ᠴᠤ ᠵᠠᠬᠠᠯᠠᠨ ᠳᠠᠨᠢᠵᠤ ᠨᠠᠷᠠᠯᠠᠨ ᠳᠠᠭᠤᠳᠠᠵᠤ ᠴᠢᠳᠠᠭᠰᠠᠨ ᠪᠠᠢ᠌ᠵᠡᠢ᠃ ᠲ᠋ᠡᠭᠡᠭ᠍ᠰᠡᠨ ᠪᠣᠯ ᠰᠤᠬᠤᠷᠠᠭᠰᠠᠨ ᠤ ᠬᠣᠢ᠌ᠨ᠎ᠠ ᠠᠯᠢ ᠶᠢ ᠨᠢ ᠳᠠᠮᠳᠠᠷᠢᠵᠤ ᠦᠨᠦᠷᠯᠠᠪᠠᠴᠤ ᠶᠠᠮᠠᠷ ᠣᠷᠭᠤᠮᠠᠯ ᠪᠣᠯᠬᠤ ᠶᠢ ᠳᠠᠨᠢᠵᠤ ᠪᠣᠯᠬᠤ ᠪᠠᠢ᠌ᠭᠰᠡᠨ᠃ ᠭᠡᠳᠡᠯ᠎ᠡ ᠪᠢ ᠳᠠᠩᠴᠤ ᠬᠠᠢ᠌ᠬᠤᠷᠤᠮᠵᠢ ᠦᠭᠡᠶ ᠶᠠᠪᠣᠭᠰᠠᠨ ᠶᠢᠡᠷ ᠡᠨᠡ ᠪᠦᠭᠦᠨ ᠢ ᠳᠠᠭᠢᠨ ᠳᠠᠨᠢᠬᠤ ᠶᠢᠨ ᠪᠣᠯᠤᠯᠴᠠᠭ᠎ᠠ ᠦᠭᠡᠶ ᠪᠤᠯᠪᠠ᠃ ᠡᠨᠡ ᠪᠣᠯ ᠮᠢᠨᠤ ᠭᠦᠮᠤᠨ ᠪᠣᠯᠵᠤ ᠳᠦᠷᠦᠭ᠍ᠰᠡᠨ ᠳᠡᠷᠢᠭᠦᠨ ᠬᠠᠷᠠᠮᠰᠠᠯ ᠪᠣᠯᠤᠨ᠎ᠠ᠃ ᠪᠠᠢ᠌ᠭᠠᠯᠢ ᠶᠢᠨ ᠲᠦᠷᠦᠳᠠᠰᠤ ᠪᠣᠯᠤᠭᠰᠠᠨ ᠭᠦᠮᠤᠨ ᠭᠡᠭ᠍ᠴᠢ ᠠᠮᠢᠳᠠᠨ ᠴᠢᠨᠢ ᠪᠠᠢ᠌ᠭᠠᠯᠢ ᠠᠬᠤᠢ ᠪᠠᠨ ᠪᠦᠷᠢᠨ ᠮᠠᠳᠠᠷᠠᠮᠵᠢᠯᠠᠵᠤ ᠳᠠᠢ᠌ᠯᠤᠮᠠᠠᠵᠢᠨ ᠰᠠ‍‌ᠶᠢ ᠪᠠᠶᠠᠷ ᠴᠡᠩᠭᠡᠯ ᠶᠢᠡᠨ ᠭᠦᠷᠳᠡᠵᠤ᠂ ᠪᠠᠢ᠌ᠭᠠᠯᠢ ᠳᠠᠭᠠᠨ ᠠᠭᠤᠰᠴᠤ ᠴᠢᠳᠠᠬᠤ ᠦᠭᠡᠶ ᠠᠮᠢᠳᠤᠷᠠᠯ ᠢ ᠵᠢᠩᠭᠢᠨᠢ ᠠᠮᠢᠳᠤᠷᠠᠯ ᠳᠤ ᠳᠤᠭᠠᠴᠢᠬᠤ ᠶᠢᠨ ᠠᠷᠭ᠎ᠠ ᠦᠭᠡᠶ ᠪᠢᠯᠠ᠃ ᠨᠢᠳᠤ ᠡᠷᠡᠭᠦᠯ ᠦᠶ᠎ᠡ ᠳᠡᠭᠡᠨ ᠰᠤᠬᠤᠷᠠᠬᠤ ᠶᠢᠨ ᠵᠤᠪᠠᠯᠠᠩ ᠢ ᠮᠡᠳᠡᠭ᠍ᠰᠡᠨ ᠦᠭᠡᠶ ᠪᠦᠭᠡᠤᠨ᠂ ᠤᠯᠵᠤ ᠬᠠᠷᠠᠭᠰᠠᠨ ᠪᠣᠯᠭᠠᠨ ᠶᠢᠡᠨ ᠣᠯᠵᠠ ᠠᠰᠢᠭ ᠶᠢᠡᠷ ᠪᠣᠳᠤᠵᠤ ᠡᠷᠭᠢᠮᠯᠡᠨ ᠨᠠᠠᠳᠢᠩᠨᠠᠭᠰᠠᠨ ᠦᠭᠡᠶ ᠪᠣᠯᠬᠤᠷ᠂ ᠬᠠᠷᠠᠭ᠎ᠠ ᠠᠯᠳᠠᠬᠤ ᠶᠢᠨ ᠳᠠᠷᠠ ᠨᠢᠭᠡ ᠬᠤᠷᠤᠮ ᠳᠤ ᠡᠩ ᠤᠨ ᠨᠢᠭᠡ ᠡᠪᠠᠰᠤ ᠴᠤ ᠳᠣᠢ᠌ᠯ ᠤᠨ ᠳᠤᠳᠤᠨᠤ ᠰᠠᠨᠠᠭᠳᠠᠬᠤ ᠪᠣᠯᠴᠢᠬᠠᠳᠠᠭ ᠠᠵᠢ᠃ ᠶ‍ᠢᠷᠳᠢᠠᠴᠤ ᠶᠢᠨ ᠭᠦᠮᠤᠨ ᠪᠦᠷ ᠯᠠ ᠠᠮᠠᠷᠬᠠᠨ ᠣᠯᠳᠠᠬᠤ ᠪᠠᠨ ᠭᠢᠮᠠᠭᠠᠳᠠᠨ ᠨᠠᠠᠳᠢᠩᠨᠠᠬᠤ ᠦᠭᠡᠶ᠂ ᠠᠯᠳᠠᠭᠠᠤᠨ ᠶᠠᠪᠣᠭᠤᠯᠤᠭᠰᠠᠨ ᠤ ᠪᠠᠨ ᠬᠣᠢ᠌ᠨ᠎ᠠ ᠰᠠ‍‌ᠶᠢ ᠭᠡᠮᠰᠢᠨ ᠭᠠᠰᠠᠯᠳᠠᠭ ᠮᠠᠭᠤᠬᠠᠢ ᠭᠡᠮ ᠲᠡᠶ ᠪᠠᠢ᠌ᠳᠠᠭ ᠶᠤᠮ ᠳ᠋ᠡ᠁ ᠡᠳᠦᠷ ᠰᠦᠨᠢ ᠶᠢᠨ ᠢᠯᠭᠠᠯ ᠦᠭᠡᠶ ᠬᠠᠷᠠᠩᠭ᠋ᠤᠢ ᠶ‍ᠢᠷᠳᠢᠠᠴᠤ ᠳᠤ ᠣᠷᠤᠭᠰᠠᠨ ᠨᠠᠳᠠᠳᠤ ᠪᠣᠰᠤᠤᠠᠴᠢ ᠣᠷᠤᠰᠢᠬᠤᠢ ᠪᠠᠢ᠌ᠭᠠᠯᠢ ᠶ‍ᠢᠷᠳᠢᠠᠴᠤ ᠪᠦᠭᠦᠨ ᠡᠯᠡᠷ ᠪᠠᠯᠠᠷ ᠳᠤᠷᠠᠤᠠᠬᠠᠯ ᠪᠣᠯᠵᠤ᠂ ᠲ᠋ᠤᠭᠰᠢᠭᠤᠷ ᠮᠤᠳᠤ ᠪᠠᠷ ᠵᠠᠮ ᠤᠨ ᠰᠠᠭᠠᠤᠨ ᠢ ᠳᠤᠷᠰᠢᠵᠤ ᠬᠤᠶᠠᠷ ᠴᠢᠭᠢ ᠪᠠᠷ ᠶᠢᠡᠨ ᠬᠤᠷᠸ᠎ᠠ ᠶᠢᠨ ᠰᠤᠨᠢᠨ ᠢ ᠴᠢᠩᠨᠠᠬᠤ ᠳᠡᠭᠡᠷ᠎ᠡ ᠳᠤᠯᠤᠭᠠᠤᠨ ᠢᠷᠡᠭᠦ ᠳᠤ᠂ ᠭᠦᠮᠤᠨ ᠪᠣᠯᠵᠤ ᠳᠦᠷᠦᠭ᠍ᠰᠡᠨ ᠮᠠᠨᠢ ᠶ‍ᠢᠷᠳᠢᠠᠴᠤ ᠶᠢᠨ ᠭᠤᠳᠤᠮᠰᠢᠭ ᠨᠡᠢ᠌ᠭᠡᠮ ᠤᠨ ᠨᠤᠪᠰᠢ ᠪᠣᠯᠪᠠ ᠭᠡᠵᠤ ᠣᠬᠠᠮᠰᠠᠷᠯᠠᠵᠠᠢ᠃

ᠭᠦᠮᠤᠨ ᠭᠡᠵᠤ ᠭᠦᠮᠤᠨ ᠤ ᠡᠩᠨᠡᠭᠡᠨ ᠳᠤ ᠵᠤᠭᠰᠤᠬᠤ ᠳᠠᠭᠠᠨ᠂ ᠲ᠋ᠡᠦᠭᠡ ᠶᠢᠨ ᠭᠦᠷᠳᠤ ᠶᠢ ᠡᠷᠭᠢᠭᠦᠯᠵᠤ ᠲᠦᠮᠡᠨ ᠤ ᠪᠢᠰᠢᠷᠠᠯ ᠢ ᠣᠯᠬᠤ ᠠᠪᠣᠷᠭᠤ ᠭᠦᠮᠤᠨ ᠪᠣᠯᠵᠤ ᠳᠡᠢ᠌ᠯᠭᠦ ᠦᠭᠡᠶ ᠴᠤ ᠶᠠᠭᠠᠮᠠᠢ᠂ ᠣᠯᠤᠰ ᠦᠨᠳᠦᠰᠦᠳᠠᠨ ᠳᠡᠭᠡᠨ ᠪᠠᠭ᠎ᠠ ᠴᠤ ᠭᠡᠰᠡᠨ ᠨᠠᠮᠠᠷᠢ ᠬᠠᠠᠳᠢᠪ ᠲᠡᠶ ᠶᠠᠪᠣᠵᠤ ᠳᠠᠭᠠᠷᠠᠨ᠎ᠠ᠃ ᠬᠠᠷᠢᠨ ᠳᠠᠷᠤᠭᠠᠰᠤ ᠯᠠᠠᠴᠢᠭ ᠪᠣᠯᠬᠤ ᠶᠢ ᠪᠢ ᠣᠭᠳᠤ ᠭᠦᠰᠡᠭᠦ ᠦᠭᠡᠶ᠃ ᠭᠦᠮᠤᠨ ᠭᠡᠭ᠍ᠴᠢ ᠠᠮᠢᠳᠠᠨ ᠶᠠᠷᠤ ᠳᠡᠭᠡᠨ ᠰᠠᠢ᠌ᠨ ᠰᠠᠢ᠌ᠬᠠᠨ ᠭᠦᠰᠡᠯᠡᠩ ᠳᠡᠭᠡᠨ ᠭᠦᠳᠦᠯᠦᠭ᠍ᠳᠡᠭᠦ ᠶᠢᠨ ᠡᠷᠭᠡ ᠪᠠᠷ ᠡᠷᠢᠶᠡᠨ ᠽᠠᠮᠪᠣᠯᠢᠩ ᠳᠡᠭᠡᠷ᠎ᠡ ᠪᠠᠶᠠᠷ ᠪᠠᠶᠠᠰᠬᠤᠯᠠᠩᠳᠠᠢ ᠠᠮᠢᠳᠤᠷᠠᠵᠤ ᠴᠢᠳᠠᠳᠠᠭ ᠶᠤᠮ ᠪᠠᠢ᠌ᠨ᠎ᠠ᠃ ᠠᠯᠢᠪᠠ ᠭᠦᠰᠡᠯ ᠨᠢ ᠣᠠᠳᠠᠷᠠᠭᠰᠠᠨ ᠤ ᠬᠣᠢ᠌ᠨ᠎ᠠ᠂ ᠲ᠋ᠤᠷᠭᠠᠨ ᠳᠡᠭᠡᠷ᠎ᠡ ᠥᠩᠭᠦᠷᠢᠵᠤ ᠳᠤᠰᠤᠨ ᠳᠡᠭᠡᠷ᠎ᠡ ᠳᠤᠭᠯᠠᠵᠤ ᠪᠠᠢ᠌ᠯ᠎ᠠ ᠴᠤ ᠵᠤᠯ ᠵᠢᠷᠭᠠᠯᠳᠠᠢ ᠪᠠᠢ᠌ᠵᠤ ᠴᠢᠳᠠᠬᠤ ᠦᠭᠡᠶ᠃ ᠭᠡᠳᠡᠯ᠎ᠡ ᠤᠳᠤ 《ᠭᠦᠰᠡᠯᠡᠩ》 ᠪᠤᠯᠤᠨ 《ᠡᠡᠮᠢᠳᠦᠷᠡᠯ ᠤᠨ ᠥᠷᠳᠡᠭ᠌》 ᠭᠡᠭ᠍ᠴᠢ ᠨᠢ ᠠᠯᠤᠰ ᠳᠡᠭ᠍ᠷᠢ ᠶᠢᠨ ᠬᠤᠷᠮᠤᠢ ᠳᠤ ᠳᠤᠯᠠᠯᠵᠠᠬᠤ ᠳᠣᠢ᠌ᠯ ᠤᠨ ᠳᠤᠶᠠᠭ᠎ᠠ ᠠᠳᠠᠯᠢ᠂ ᠢᠯᠴᠢ ᠭᠡᠷᠡᠯ ᠨᠢ ᠨᠠᠳᠠᠳᠤ ᠭᠦᠷᠳᠡᠭᠦ ᠶᠠᠭᠤᠮ᠎ᠠ ᠪᠢᠰᠢ ᠪᠣᠯᠵᠤ 《ᠰᠠᠢ᠌ᠨ ᠰᠠᠢ᠌ᠬᠠᠨ ᠬᠤᠵᠢᠮ ᠢᠷᠡᠭᠡᠳᠦᠢ》 ᠭᠡᠳᠡᠭ᠌ ᠨᠢ ᠳᠠᠷᠠ ᠬᠤᠭᠤᠰᠤᠨ ᠳᠡᠭ᠍ᠷᠢ ᠬᠤᠯᠠ ᠪᠤᠯᠤᠯ᠎ᠡ᠃ ᠢᠩᠭᠢᠭᠡᠤᠨ ᠪᠢ ᠴᠢᠨᠢ ᠥᠷᠯᠦᠭᠡ ᠶᠢᠨ ᠰᠢᠭᠦᠳᠡᠷᠢ ᠦᠳᠡᠰᠢ ᠶᠢᠨ ᠵᠢᠪᠠᠷ ᠶᠢᠡᠷ ᠠᠮᠢ ᠨᠠᠰᠤᠨ ᠤ ᠡᠷᠢᠭᠡ ᠶᠢ ᠳᠤᠭᠠᠯᠠᠵᠤ᠂ ᠬᠤᠷᠠᠭᠠᠨ ᠤ ᠮᠠᠢ᠌ᠯᠠᠯ ᠳᠤᠭᠤᠯ ᠤᠨ ᠮᠥᠭᠡᠷᠦᠯ ᠶᠢᠡᠷ ᠡᠳᠦᠷ ᠤᠨ ᠳᠤᠭᠠᠯᠠᠩ ᠶᠢᠡᠨ ᠨᠥᠭ᠍ᠴᠢᠭᠡᠭ᠍ᠰᠡᠨ 《ᠬᠤᠭᠤᠯᠡ ᠰᠢᠩᠭᠡᠭᠡᠭᠦ ᠮᠡᠰᠢᠨ》 ᠪᠤᠯᠦᠭᠡᠳ᠂ ᠨᠡᠢ᠌ᠭᠡᠮ ᠤᠨ ᠳᠡᠳᠭᠦᠮᠵᠢ ᠠᠬ᠎ᠠ ᠳᠡᠭᠦᠤ ᠰᠠᠳᠤᠨ ᠤ ᠳᠡᠮᠵᠢᠯᠭᠡ ᠪᠠᠷ ᠠᠮᠢ ᠨᠠᠰᠤᠨ ᠤ ᠳᠡᠭᠦᠰᠦᠯ ᠤᠨ ᠮᠦᠴᠡ ᠶᠢ ᠭᠦᠯᠢᠶᠡᠭᠦ ᠪᠤᠯᠤᠨ᠎ᠠ᠃ ᠡᠭᠦᠨ ᠳᠤ ᠵᠠᠷᠢᠮ ᠭᠦᠮᠤᠨ 《ᠰᠤᠬᠤᠷ ᠭᠦᠮᠤᠨ ᠤ ᠢᠯᠪᠢᠯ ᠵᠠᠰᠠᠯ ᠤᠨ ᠭᠠᠵᠠᠷ》 ᠭᠠᠷᠭᠠᠵᠤ ᠪᠠᠶ᠎ᠠ ᠪᠠᠨ ᠳᠡᠵᠢᠭᠡᠵᠤ ᠪᠤᠯᠤᠯᠭᠦᠢ ᠭᠡᠵᠤ ᠭᠡᠯᠡᠭᠦ ᠪᠠᠢ᠌ᠯ ᠦᠭᠡᠶ᠃ ᠭᠡᠳᠡᠯ᠎ᠡ ᠭᠤᠴᠢᠨ ᠵᠢᠯ ᠤᠨ ᠡᠮᠦᠨ᠎ᠡ ᠡᠢ᠌ᠮᠤ ᠭᠠᠵᠠᠷ ᠢ ᠪᠠᠢ᠌ᠳᠤᠭᠠᠢ ᠡᠢ᠌ᠮᠤ ᠭᠡᠯᠡᠯᠭᠡ ᠴᠤ ᠪᠠᠢ᠌ᠭᠰᠠᠨ ᠦᠭᠡᠶ᠃ ᠪᠠᠢ᠌ᠭᠰᠠᠨ ᠶᠢᠡᠷ ᠪᠣᠳᠤᠭᠰᠠᠨ ᠴᠤ ᠠᠷᠠᠤᠨ ᠲᠦᠮᠡᠨ ᠤ ᠠᠮᠢᠳᠤᠷᠠᠯ ᠤᠨ ᠨᠥᠭᠦᠴᠡᠯ ᠳᠤ ᠡᠢ᠌ᠮᠦᠷᠭᠦ ᠥᠢᠯᠡᠴᠢᠯᠡᠭᠡ ᠶᠢ ᠭᠡᠷᠡᠭ᠍ᠰᠡᠵᠤ ᠳᠡᠢ᠌ᠯᠭᠦ ᠦᠭᠡᠶ ᠨᠢ ᠮᠡᠳᠡᠭᠡᠵᠢ᠃ ᠨᠡᠩ ᠢᠯᠠᠩᠭ᠋ᠤᠶ᠎ᠠ ᠪᠣᠢ᠌ᠳᠠ ᠵᠡᠯᠢᠭᠦᠤᠨ ᠮᠠᠯᠵᠢᠬᠤ ᠣᠷᠤᠨ ᠤ ᠵᠡᠮᠳᠡᠭ᠍ᠴᠦᠳ ᠲᠤ ᠠᠮᠢ ᠵᠢᠭᠤᠬᠤ ᠠᠵᠢᠯ ᠣᠯᠤᠨ᠎ᠠ ᠭᠡᠭ᠍ᠴᠢ ᠳᠣᠢ᠌ᠯ ᠤᠨ ᠭᠦᠴᠢᠷᠳᠡᠢ ᠶᠠᠪᠣᠳᠠᠯ ᠪᠠᠢ᠌ᠵᠡᠢ᠃ ᠲ᠋ᠡᠭᠡᠪᠠᠯ ᠨ᠂ ᠣᠰᠲ᠋ᠷᠤᠸᠰᠺᠢ ᠠᠳᠠᠯᠢ ᠵᠤᠬᠢᠶᠠᠯ ᠪᠢᠴᠢᠴᠢᠭᠡᠨ᠎ᠡ ᠪᠢᠵᠠ ᠭᠡᠵᠤ ᠰᠤᠷᠭᠠᠬᠤ ᠭᠦᠮᠤᠨ ᠮᠤᠩ ᠦᠭᠡᠶ᠃ ᠭᠡᠪᠠᠴᠤ ᠵᠤᠬᠢᠶᠠᠯ ᠭᠡᠳᠡᠭ᠌ ᠴᠢᠨᠢ ᠭᠦᠮᠤᠨ ᠪᠣᠯᠭᠠᠨ ᠪᠢᠴᠢᠨ᠎ᠠ ᠭᠡᠪᠠᠯ ᠪᠢᠴᠢᠴᠢᠭᠡᠭᠦ ᠶᠠᠭᠤᠮ᠎ᠠ ᠪᠢᠰᠢ ᠪᠦᠭᠡᠤᠨ ᠰᠤᠷᠤᠭᠰᠠᠨ ᠮᠡᠳᠡᠯᠭᠡ ᠳᠠᠮᠠᠢ ᠦᠭᠡᠶ᠂ ᠨᠡᠢ᠌ᠭᠡᠮ ᠤᠨ ᠪᠣᠱᠤᠭ᠎ᠠ ᠶᠢ ᠳᠠᠪᠠᠵᠤ ᠠᠮᠢᠳᠤᠷᠠᠯ ᠤᠨ ᠬᠠᠳᠠᠭᠤ ᠶᠢ ᠥᠵᠡᠭᠡᠳᠦᠢ ᠨᠠᠳᠠᠳᠤ ᠬᠠᠨᠠᠰᠠ ᠳᠠᠢ᠌ᠮᠤ ᠠᠷᠪᠢᠨ ᠵᠤᠬᠢᠶᠠᠯ ᠤᠨ ᠪᠣᠷᠤ ᠮᠠᠲ᠋ᠸᠷᠢᠶᠠᠯ ᠣᠯᠳᠠᠬᠤ ᠠᠵᠢ᠃ ᠨᠢᠳᠤ ᠲᠡᠶ ᠦᠶ᠎ᠡ ᠳᠡᠭᠡᠨ ᠭᠢᠭ᠍ᠰᠡᠨ ᠦᠭᠡᠶ ᠶᠠᠭᠤᠮ᠎ᠠ ᠶᠢ ᠰᠤᠬᠤᠷᠠᠭᠰᠠᠨ ᠤ ᠪᠠᠨ ᠰᠡᠭᠦᠯᠡᠷ ᠭᠢᠨ᠎ᠠ ᠭᠡᠵᠢ ᠳ᠋ᠠ᠂ ᠣᠳᠤ ᠣᠬᠠᠭᠠᠷᠠᠭᠠᠤᠨ ᠰᠠ‍‌ᠶᠢ ᠭᠢᠨ᠎ᠠ ᠭᠡᠭᠦ ᠳᠤ ᠨᠢᠭᠡᠨᠳᠡ ᠣᠷᠣᠢ᠌ᠳᠠᠴᠢᠬᠠᠵᠠᠢ᠃ ᠨᠠᠮᠢ᠋ᠢ ᠠᠷᠪᠠᠨ ᠭᠡᠳᠦᠳᠡᠢ ᠪᠠᠢ᠌ᠬᠤ ᠳᠤ᠂ ᠨᠠᠭᠠᠴᠤ ᠡᠮᠡᠭᠡ ᠮᠢᠨᠢ 《ᠨᠢᠳᠤᠨ ᠤ ᠬᠤᠷᠴᠠ ᠪᠠᠨ ᠵᠠᠪᠳᠤᠵᠤ ᠢᠯᠡᠭᠦᠤ ᠨᠤᠮ ᠣᠩᠰᠢ᠂ ᠲ᠋ᠠᠷᠢᠭᠢᠨ ᠤ ᠰᠡᠷᠭᠦᠯᠡᠩ ᠢ ᠵᠠᠪᠳᠤᠵᠤ ᠠᠷᠪᠢᠨ ᠡᠷᠳᠡᠮ ᠰᠦᠷ》 ᠭᠡᠵᠤ ᠰᠤᠷᠭᠠᠭᠠᠤᠨ ᠪᠠᠢ᠌ᠳᠠᠭ ᠨᠢ ᠰᠠᠨᠠᠭᠠᠨ ᠳᠤ ᠣᠷᠤᠵᠤ᠂ ᠣᠤᠠᠬ᠎ᠠ ᠠᠭᠤᠯᠭ᠎ᠠ ᠦᠭᠡᠶ ᠨᠠᠭᠠᠳᠤᠨ ᠳᠤᠭᠯᠠᠵᠤ ᠥᠩᠭᠡᠷᠡᠭᠦᠯᠦᠭ᠍ᠰᠡᠨ ᠰᠢᠵᠢᠷ ᠠᠯᠳᠠᠨ ᠴᠠᠭ ᠮᠦᠴᠡ ᠳᠡᠭᠡᠨ ᠭᠢᠵᠠᠭᠠᠷ ᠦᠭᠡᠶ ᠭᠡᠮᠰᠢᠨ ᠬᠠᠷᠠᠮᠰᠠᠪᠠ᠃

ᠡᠭᠦᠨ ᠡᠴᠡ ᠬᠣᠢ᠌ᠰᠢ ᠶᠠᠭᠠᠭᠢᠬᠤ ᠪᠤᠢ︖ ᠭᠡᠭ᠍ᠴᠢ ᠨᠢ ᠨᠠᠳᠠᠳᠤ ᠳᠤᠯᠭᠠᠷᠠᠭᠰᠠᠨ ᠳᠡᠷᠢᠭᠦᠨ ᠴᠢᠬᠤᠯᠠ ᠠᠰᠠᠭᠤᠳᠠᠯ ᠪᠣᠯᠵᠠᠢ᠃ ᠮᠠᠨ ᠤ ᠣᠯᠤᠰ ᠲᠤ ᠳᠤᠰᠬᠠᠢ᠌ᠯᠠᠨ ᠰᠤᠬᠤᠷ ᠭᠦᠮᠤᠨ ᠳᠤ ᠵᠤᠷᠢᠭᠤᠯᠵᠤ ᠪᠦᠳᠦᠭᠡᠭ᠍ᠰᠡᠨ ᠰᠤᠬᠤᠷ ᠪᠢᠴᠢᠭ᠌ ᠪᠠᠢ᠌ᠳᠠᠭ ᠪᠤᠯᠪᠠᠴᠤ᠂ ᠲ᠋ᠡᠭᠦᠨ ᠢ ᠣᠯᠵᠤ ᠰᠤᠷᠤᠭᠠᠤᠨ ᠳᠠᠢ᠌ᠮᠤ ᠨᠤᠮ ᠢ ᠣᠩᠰᠢᠨ᠎ᠠ ᠭᠡᠭ᠍ᠴᠢ ᠮᠢᠨᠤ ᠠᠮᠢᠳᠤᠷᠠᠯ ᠤᠨ ᠨᠥᠭᠦᠴᠡᠯ ᠳᠤ ᠪᠠᠶᠡᠯᠡᠭ᠍ᠳᠡᠰᠢ ᠦᠭᠡᠶ ᠵᠡᠭᠦᠳᠤ᠃ ᠲ᠋ᠡᠭᠡᠭᠦ ᠳᠤ ᠬᠠᠭᠠᠰ ᠬᠤᠭᠤᠰ ᠰᠤᠶᠤᠯ ᠤᠨ ᠮᠦᠷ ᠭᠦᠭᠡᠭᠡᠭ᠍ᠰᠡᠨ ᠨᠠᠳᠠᠳᠤ ᠰᠤᠶᠤᠯ ᠤᠨ ᠠᠮᠢᠰᠬᠤᠯ ᠦᠭᠡᠶ ᠬᠠᠷᠠᠩᠭ᠋ᠤᠢ ᠠᠮᠢᠳᠤᠷᠠᠯ ᠢ ᠥᠩᠭᠡᠷᠡᠭᠦᠯᠭᠦ ᠭᠡᠭ᠍ᠴᠢ ᠥᠭᠦᠭᠦ ᠡᠴᠡ ᠴᠠᠭᠠᠰᠢ ᠳᠠᠮᠤᠯᠠᠯ ᠪᠠᠢ᠌ᠵᠤ ᠳᠠᠭᠠᠷᠠᠨ᠎ᠠ᠃ ᠲᠦᠷᠦᠯᠭᠢ ᠰᠤᠬᠤᠷ ᠪᠠᠢ᠌ᠭᠰᠠᠨ ᠪᠣᠯ ᠬᠠᠷᠠᠩᠭ᠋ᠤᠢ ᠠᠬᠤᠢ ᠳᠤ ᠨᠢᠭᠡᠨᠳᠡ ᠳᠠᠤᠠᠴᠤ᠂ ᠣᠷᠤᠰᠢᠨ ᠭᠦᠯᠵᠢᠭᠦ ᠠᠷᠭ᠎ᠠ ᠵᠠᠮ ᠶᠢᠡᠨ ᠣᠯᠴᠢᠬᠠᠭᠰᠠᠨ ᠪᠠᠢ᠌ᠵᠤ ᠪᠣᠯᠬᠤ ᠶᠤᠮ᠃ ᠬᠠᠭᠠᠰ ᠵᠠᠮ ᠡᠴᠡ ᠪᠠᠨ ᠰᠤᠬᠤᠷᠠᠨ᠎ᠠ ᠭᠡᠭ᠍ᠴᠢ ᠠᠶᠠᠨ ᠤ ᠵᠠᠮ ᠤᠨ ᠳᠤᠮᠳᠠ ᠡᠴᠡ ᠠᠷᠠᠯ ᠤᠨ ᠱᠠᠷ ᠶᠢᠡᠨ ᠠᠯᠳᠠᠭᠰᠠᠨ ᠡᠴᠡ ᠶᠠᠭᠤᠨ ᠥᠭᠡᠷ᠎ᠡ︖ ᠶ‍ᠢᠷᠳᠢᠡᠴᠤ ᠳᠡᠭᠡᠷ᠎ᠡ ᠠᠮᠢᠳᠤ ᠶᠠᠪᠣᠬᠤ ᠡᠴᠡ ᠢᠯᠡᠭᠦᠤ ᠰᠠᠢ᠌ᠬᠠᠨ ᠶᠠᠭᠤᠮ᠎ᠠ ᠦᠭᠡᠶ ᠪᠣᠯᠪᠠᠴᠤ᠂ ᠠᠮᠢᠳᠤᠷᠠᠨ᠎ᠠ ᠭᠡᠰᠡᠨ ᠪᠠᠷᠭᠡᠳᠡᠢ ᠠᠵᠤ ᠪᠠᠰᠠ ᠪᠠᠢ᠌ᠳᠠᠭ ᠶᠤᠮ᠃ ᠭᠦᠮᠤᠨ ᠪᠣᠯᠵᠤ ᠳᠦᠷᠦᠭ᠍ᠰᠡᠳ ᠪᠦᠭᠦ ᠣᠶᠤᠨ ᠴᠢᠳᠠᠯ ᠶᠢᠡᠨ ᠰᠢᠪᠬᠠᠵᠤ ᠪᠠᠢ᠌ᠭᠠᠤᠨ ᠣᠷᠤᠩᠨᠠᠨ ᠭᠦᠯᠵᠢᠭᠦ ᠨᠥᠭᠦᠴᠡᠯ ᠠᠬᠤᠢ ᠪᠠᠨ ᠪᠦᠷᠢᠯᠳᠦᠭᠦᠯᠵᠤ ᠠᠪᠣᠮᠠᠠᠵᠢᠨ ᠰᠠ‍‌ᠶᠢ ᠣᠷᠤᠰᠢᠨ ᠳᠤᠭᠳᠠᠨᠢᠵᠤ ᠴᠢᠳᠠᠨ᠎ᠠ᠃ ᠬᠠᠷᠢᠨ ᠳᠠᠩᠭ᠋ᠠᠢ᠌ᠵᠤ ᠭᠡᠪᠳᠡᠭᠡᠤᠨ ᠠᠩᠭ᠋ᠠᠢ᠌ᠵᠤ ᠢᠳᠡᠭᠡᠤᠨ ᠪᠣᠯᠬᠤ ᠶᠠᠭᠤᠮ᠎ᠠ ᠪᠢᠰᠢ᠃ ᠲ᠋ᠡᠢ᠌ᠮᠦᠷᠭᠦᠤ ᠣᠯᠠᠨ ᠴᠠᠭᠢᠷᠠᠭ ᠪᠠᠶ᠎ᠠ ᠡᠷᠡᠭᠦᠯ ᠳᠠᠷᠢᠭᠢ ᠲᠡᠶ ᠭᠦᠮᠤᠨ ᠠᠮᠢᠳᠤᠷᠠᠨ᠎ᠠ ᠭᠡᠮᠡᠨ ᠥᠭᠦᠯᠳᠡᠵᠤ᠂ ᠪᠠᠷᠡᠭᠠᠨ ᠬᠠᠯᠢᠮᠠᠭ ᠶᠢᠡᠨ ᠪᠣᠭᠤᠷᠤᠯᠳᠠᠳᠠᠯ᠎ᠠ ᠪᠠᠭ᠎ᠠ ᠨᠠᠰᠤ ᠪᠠᠨ ᠭᠦᠭ᠍ᠰᠢᠷᠡᠳᠡᠯ᠎ᠡ ᠵᠢᠦᠡᠭᠦᠭᠡᠤᠨ ᠪᠠᠰᠠ ᠵᠥᠭ᠌ ᠭᠠᠷᠬᠤ ᠦᠭᠡᠶ ᠪᠠᠢ᠌ᠳᠠᠯ᠎ᠠ᠂ ᠬᠠᠷᠠᠭ᠎ᠠ ᠪᠠᠨ ᠠᠯᠳᠠᠭᠠᠤᠨ ᠬᠠᠷᠠᠩᠭ᠋ᠤᠢ ᠳᠤᠳᠤᠷ᠎ᠠ ᠳᠠᠮᠳᠠᠷᠭᠢᠯᠠᠵᠤ ᠪᠠᠢ᠌ᠭᠠᠤᠨ ᠠᠮᠢᠳᠤᠷᠠᠯ ᠤᠨ ᠰᠠᠭᠤᠷᠢ ᠪᠠᠨ ᠴᠤᠭᠴᠠᠯᠠᠨ᠎ᠠ ᠭᠡᠳᠡᠭ᠌ ᠨᠢ ᠳᠣᠢ᠌ᠯ ᠤᠨ ᠭᠦᠴᠢᠷᠳᠡᠢ ᠶᠠᠪᠣᠳᠠᠯ ᠪᠠᠢ᠌ᠵᠠᠢ᠃ ᠬᠤᠷᠮᠤᠰᠳᠠ ᠳᠡᠭ᠍ᠷᠢ ᠶᠠᠭᠠᠭᠢᠬᠤ ᠳᠠᠭᠠᠨ ᠨᠠᠳᠠᠳᠤ ᠡᠢ᠌ᠮᠤ ᠰᠥᠷᠡᠭᠡᠢ ᠬᠠᠷᠭᠢᠰ ᠬᠠᠠᠳᠤᠵᠤ᠂ ᠬᠤᠪᠢ ᠵᠠᠶᠠᠭ᠎ᠠ ᠮᠢᠨᠢ ᠶᠠᠭᠠᠭᠢᠭᠰᠠᠨ ᠡᠮᠭᠡᠨᠢᠯ ᠬᠠᠷᠠᠰᠠᠯ ᠲᠡᠶ ᠪᠠᠢ᠌ᠳᠠᠭ ᠪᠢᠯᠠ︖ ᠪᠢ ᠭᠠᠴᠢᠭᠳᠠᠨ ᠰᠠᠠᠳᠤᠷᠴᠤ ᠪᠠᠢ᠌ᠭᠰᠠᠨ ᠡᠵᠢ ᠶᠢ ᠵᠤᠪᠠᠭᠠᠬᠤ ᠦᠭᠡᠶ ᠶᠢᠨ ᠳᠦᠯᠦᠭᠡ ᠶᠠᠭᠠᠭᠢᠵᠤ ᠬᠠᠳᠠᠭᠤᠵᠢᠵᠤ ᠪᠠᠢ᠌ᠭᠰᠠᠨ ᠴᠤ ᠳᠡᠰᠦᠭ᠍ᠰᠡᠨ ᠦᠭᠡᠶ ᠬᠠᠰᠢᠯᠭ᠎ᠠ ᠪᠠᠨ ᠰᠡᠳᠡᠯᠦᠭ᠍ᠰᠡᠨ ᠦᠶᠡᠷ ᠠᠳᠠᠯᠢ ᠳᠠᠭᠤ ᠳᠠᠯᠪᠢᠨ ᠭᠦᠰᠢᠳᠡᠯ᠎ᠡ ᠪᠠᠨ ᠣᠭᠢᠯᠠᠭᠰᠠᠨ ᠪᠢᠯᠠ᠃

ᠡᠨᠡ ᠪᠣᠯ ᠮᠢᠨᠤ ᠭᠦᠮᠤᠨ ᠪᠣᠯᠤᠭᠰᠠᠨ ᠡᠴᠡ ᠬᠣᠢ᠌ᠰᠢᠭᠢ ᠬᠠᠮᠤᠭ ᠡᠮᠭᠡᠨᠢᠯᠳᠡᠢ ᠣᠭᠢᠯᠠᠯ᠂ ᠮᠦᠨ ᠴᠤ ᠳᠣᠢ᠌ᠯ ᠶᠢᠡᠷ ᠭᠤᠷᠢ ᠳᠠᠰᠤᠷᠠᠭᠰᠠᠨ ᠣᠷᠢᠯᠠᠯ ᠪᠠᠢ᠌ᠭᠰᠠᠨ ᠠᠵᠢ᠃ ᠢᠩᠭᠢᠵᠤ ᠠᠤᠠᠬᠤᠷᠠᠭ᠎ᠠ ᠳᠠᠯᠪᠢᠭᠳᠠᠨ ᠴᠡᠭᠡᠵᠢ ᠣᠩᠭ᠋ᠣᠢ᠌ᠳᠠᠯ᠎ᠠ ᠣᠭᠢᠯᠠᠵᠤ ᠪᠠᠷᠠᠭᠠᠤᠨ ᠨᠢᠳᠤ ᠪᠠᠨ ᠠᠷᠴᠢᠭᠰᠠᠨ ᠳᠤ᠂ ᠴᠤᠬᠤᠮ ᠵᠠᠰᠠᠯ ᠨᠢ ᠳᠤᠭᠢᠷᠠᠭᠠᠤᠨ ᠰᠠᠢ᠌ᠨ ᠪᠣᠯᠬᠤ ᠴᠠᠭ ᠨᠢ ᠪᠣᠯᠴᠢᠬᠠᠭᠰᠠᠨ ᠤ ᠭᠢ ᠶᠤᠮ ᠦᠦ︖ ᠡᠰᠡᠭᠦᠯ᠎ᠡ ᠣᠭᠢᠯᠠᠵᠤ ᠪᠠᠢ᠌ᠭᠠᠤᠨ ᠨᠢᠳᠤᠨ ᠠᠵᠢᠯᠯᠠᠭ᠎ᠠ ᠶᠢ ᠳᠦᠷᠭᠡᠳᠭᠡᠭ᠍ᠰᠡᠨ ᠤ ᠰᠠᠢ᠌ᠨ ᠶᠤᠮ ᠦᠦ︖ ᠨᠢᠭᠡᠯᠡ ᠳᠤᠤᠷ᠎ᠠ ᠭᠦᠰᠢᠭᠡ ᠶᠢ ᠨᠢ ᠢᠷᠠᠭᠰᠠᠨ ᠠᠳᠠᠯᠢ ᠣᠩᠭ᠋ᠣᠢ᠌ᠭᠠᠤᠨ ᠶᠠᠪᠣᠴᠢᠬᠠᠵᠠᠢ᠃

ᠨᠢᠳᠤᠨ ᠭᠢᠵᠢᠭ᠌ ᠡᠭᠢᠯᠡᠭᠡᠤᠨ ᠳᠠᠭᠤᠰᠳᠠᠯ᠎ᠠ ᠠᠷᠪᠠ ᠬᠤᠨᠤᠭ ᠪᠣᠯᠵᠤ ᠣᠤᠯ ᠭᠡᠪ ᠶᠢᠡᠷ ᠡᠷᠡᠭᠦᠯᠵᠢᠭ᠍ᠰᠡᠨ ᠪᠤᠯᠪᠠᠴᠤ᠂ ᠡᠨᠡ ᠣᠬᠤᠷᠬᠠᠨ ᠬᠤᠭᠤᠴᠠᠭᠠᠨ ᠳᠤ ᠪᠢ ᠭᠦᠮᠤᠨ ᠤ ᠶ‍ᠢᠷᠳᠢᠠᠴᠤ ᠶᠢᠨ ᠳᠤᠭᠤᠯᠬᠤ ᠳᠤ ᠬᠠᠮᠤᠭ ᠡᠴᠡ ᠪᠠᠷᠭᠡᠳᠡᠢ ᠴᠠᠭ ᠮᠦᠴᠡ ᠶᠢ ᠥᠩᠭᠡᠷᠡᠭᠦᠯᠦᠭ᠍ᠰᠡᠨ ᠪᠠᠢ᠌ᠯ᠎ᠡ᠃ ᠡᠨᠡ ᠨᠢᠭᠡ ᠴᠠᠭ ᠡᠴᠡ ᠬᠣᠢ᠌ᠰᠢ ᠪᠢ ᠠᠯᠢ ᠣᠯᠠᠨ ᠠᠮᠢᠳᠤᠷᠠᠯ ᠤᠨ ᠶᠤᠰᠤ ᠣᠴᠢᠷ ᠢ ᠣᠢ᠌ᠯᠠᠭᠠᠵᠤ ᠭᠦᠮᠤᠨ ᠳᠤ ᠶᠠᠭᠤ ᠬᠠᠮᠤᠭ ᠡᠴᠡ ᠦᠨ᠎ᠡ ᠥᠷᠳᠡᠭ᠌ ᠲᠡᠶ ᠶᠢ ᠣᠬᠠᠮᠰᠠᠷᠠᠭᠰᠠᠨ ᠵᠢᠡᠷ 《ᠥᠵᠡᠭᠦ ᠨᠢᠳᠤ ᠴᠢᠨᠢ ᠡᠷᠡᠭᠦᠯ ᠪᠠᠢ᠌ᠭᠰᠠᠨ ᠴᠠᠭ ᠲᠤ᠂ ᠥᠩᠭᠡᠳᠤ ᠶ‍ᠢᠷᠳᠢᠠᠴᠤ ᠶᠢᠨ ᠦᠨᠡᠯᠠᠰᠢ ᠦᠭᠡᠶ ᠡᠷᠳᠡᠨᠢ ᠶᠢ ᠦᠮᠴᠢᠯᠠᠵᠤ ᠪᠠᠢ᠌ᠨ᠎ᠠ︕》 ᠭᠡᠵᠤ ᠬᠤᠭᠤᠯᠠᠢ ᠪᠠᠨ ᠰᠢᠬᠠᠵᠤ ᠪᠠᠢ᠌ᠭᠠᠤᠨ ᠡᠩ ᠳᠡᠯᠡᠭᠡᠢ ᠳᠤ ᠵᠠᠷᠯᠠᠮᠠᠷ ᠪᠠᠢ᠌ᠨ᠎ᠠ᠃ ᠶ‍ᠢᠷᠳᠢᠠᠴᠤ ᠶᠢᠨ ᠶᠠᠪᠣᠳᠠᠯ ᠥᠨᠡ᠊ᠨᠳᠡᠭᠡᠨ ᠳᠠᠳᠤᠢ ᠣᠢ᠌ᠯᠭᠠᠬᠤ ᠳᠤ ᠪᠠᠷᠭᠡᠳᠡᠢ ᠣᠨᠢᠰᠤᠭ᠎ᠠ ᠪᠢᠰᠢ᠂ ᠵᠠᠪᠠᠯ ᠨᠤᠭᠤᠴᠠᠭ᠎ᠠ ᠬᠠᠷᠭᠤᠵᠤ ᠪᠠᠢ᠌ᠮᠠᠨ ᠣᠷᠤᠭᠰᠢ ᠵᠠᠮ ᠶᠢᠡᠨ ᠰᠠ‍‌ᠶᠢ ᠳᠤᠳᠤ ᠣᠯᠵᠤ ᠬᠠᠷᠠᠳᠠᠭ ᠡᠡᠵᠢ᠃ ᠢᠩᠭᠢᠭᠡᠤᠨ ᠪᠢ ᠡᠷᠡᠭᠦᠯ ᠪᠠᠶ᠎ᠠ ᠡᠯᠢᠭᠡ ᠪᠦᠳᠤᠨ ᠶᠠᠪᠣᠭᠰᠠᠨ ᠴᠠᠭ ᠲᠤ᠂ ᠠᠯᠳᠠ ᠮᠥᠩᠭᠦ᠂ ᠡᠡᠯᠮᠡᠰ ᠪᠣᠯᠤᠷ ᠨᠢ ᠵᠢᠪᠳᠠᠢ ᠳᠠᠮᠤᠷ ᠬᠠᠭᠠᠷᠬᠠᠢ ᠴᠢᠯᠠᠭᠤ ᠠᠳᠠᠯᠢ ᠭᠦᠮᠤᠨ ᠤ ᠠᠮᠢᠳᠤᠷᠠᠯ ᠤᠨ ᠵᠠᠪᠠᠯ ᠭᠡᠷᠡᠭ᠍ᠰᠡᠭᠦ ᠴᠢᠬᠤᠯᠠ ᠪᠣᠳᠠᠰ ᠪᠢᠰᠢ ᠪᠣᠯᠬᠤ ᠶᠢ ᠳᠡᠨᠢᠵᠤ᠂ ᠡᠳ᠋ ᠬᠤᠭᠰᠢᠯ ᠡᠯᠳᠡᠪ ᠭᠡᠷᠡᠭ᠌ ᠦᠭᠡᠶ ᠶᠠᠭᠤᠮᠠᠨ ᠤ ᠳᠦᠯᠦᠭᠡ ᠭᠠᠰᠠᠯᠤᠨ ᠡᠮᠭᠡᠨᠢᠵᠤ ᠪᠠᠢ᠌ᠭᠰᠠᠨ ᠮᠡᠨᠢ᠂ ᠡᠪᠠᠷᠰᠢᠶᠡᠯ ᠦᠭᠡᠶ ᠪᠠᠢ᠌ᠭᠠᠤᠨ ᠶᠤᠤᠯᠠᠭᠰᠠᠨ ᠠᠳᠠᠯᠢ ᠠᠮᠳᠠ ᠰᠢᠮᠳᠠ ᠦᠭᠡᠶ ᠶᠠᠪᠣᠳᠠᠯ ᠪᠣᠯᠤᠭᠰᠠᠨ ᠢ ᠣᠬᠠᠭᠠᠷᠠᠭᠠᠤᠨ ᠰᠥᠷᠡᠭᠡᠢ ᠰᠢᠷᠪᠦᠭᠡᠳᠦᠵᠤ ᠪᠢᠯᠠ᠃

ᠪᠠᠶᠠᠷᠯᠠᠨ ᠨᠠᠢ᠌ᠷᠠᠯᠠᠭᠠᠴᠢ᠂ ᠠᠬ᠎ᠠ ᠳᠡᠭᠦᠤ ᠨᠡᠷ ᠮᠢᠨᠢ︕ ᠮᠠᠨ ᠳᠤ ᠶᠠᠮᠠᠷ ᠴᠤ ᠭᠤᠨᠢᠵᠤ ᠭᠤᠳᠤᠷᠠᠬᠤ ᠶᠢᠨ ᠰᠢᠯᠳᠠᠭ ᠪᠠᠢ᠌ᠬᠤ ᠦᠭᠡᠶ᠃ ᠮᠠᠨ ᠳᠤ ᠡᠷᠢᠶᠡᠨ ᠬᠤᠷᠸ᠎ᠠ ᠶᠢᠨ ᠣᠯᠠᠭᠠᠨ ᠳᠤᠭᠤᠰᠤ ᠶᠢ ᠨᠠᠪᠳᠠ ᠬᠠᠷᠠᠬᠤ ᠪᠢᠯᠢᠭ᠌ ᠤᠨ ᠨᠢᠳᠤ ᠪᠠᠢ᠌ᠭᠰᠠᠨ ᠴᠠᠭ ᠲᠤ᠂ ᠡᠩ ᠳᠡᠯᠡᠭᠡᠢ ᠶᠢᠨ ᠡᠷᠳᠡᠨᠢᠰ ᠪᠦᠭᠦᠨ ᠢ ᠦᠮᠴᠢᠯᠠᠵᠤ ᠪᠠᠢ᠌ᠨ᠎ᠠ ᠭᠡᠵᠤ ᠮᠡᠳᠡᠭᠡᠷᠡᠢ᠃

ᠠᠶᠠᠯᠠᠭᠤᠯᠤᠨ ᠳᠠᠭᠤᠯᠠᠭᠠᠴᠢ ᠨᠠᠢ᠌ᠵᠠ ᠨᠡᠷ ᠮᠢᠨᠢ︕ ᠮᠠᠨ ᠳᠤ ᠭᠡᠵᠢᠶ᠎ᠡ ᠴᠤ ᠭᠡᠰᠡᠨ ᠡᠮᠭᠡᠨᠢᠨ ᠭᠠᠰᠠᠯᠬᠤ ᠰᠢᠯᠳᠠᠭᠠᠨ ᠪᠠᠢ᠌ᠬᠤ ᠦᠭᠡᠶ᠃ ᠪᠢᠳᠠᠨ ᠳᠤ ᠰᠠᠷᠠᠭᠤᠯ ᠳᠠᠷᠢᠭᠢ ᠭᠡᠭᠡᠨ ᠰᠤᠨᠭᠢᠭᠦᠢ ᠪᠠᠢ᠌ᠬᠤ ᠡᠴᠡ ᠪᠣᠯᠵᠤ ᠠᠮᠢᠳᠤᠷᠠᠯ ᠶᠢᠡᠨ ᠨᠠᠩ ᠣᠤᠠᠬ᠎ᠠ ᠠᠭᠤᠯᠭ᠎ᠠ ᠲᠡᠶ ᠵᠤᠯ ᠵᠢᠷᠭᠠᠯᠳᠠᠢ ᠴᠤᠭᠴᠠᠯᠠᠵᠤ ᠴᠢᠳᠠᠨ᠎ᠠ᠃

ᠲ᠋ᠡᠪᠭᠡᠷᠤᠨ ᠪᠦᠵᠢᠭᠯᠡᠭᠡᠴᠢ ᠠᠠᠳᠠ ᠨᠡᠷ ᠮᠢᠨᠢ︕ ᠮᠠᠨ ᠳᠤ ᠭᠡᠵᠢᠶ᠎ᠡ ᠥᠷᠭᠦᠯᠵᠢ ᠵᠤᠪᠠᠵᠤ ᠣᠢ᠌ᠤᠠᠬᠠᠷᠯᠠᠬᠤ ᠶᠢᠨ ᠪᠣᠯᠤᠮᠵᠢ ᠪᠠᠢ᠌ᠵᠤ ᠪᠣᠯᠬᠤ ᠦᠭᠡᠶ᠃ ᠣᠴᠢᠷ ᠨᠢ ᠪᠢᠳᠠᠨ ᠳᠤ ᠭᠤᠸ᠎ᠠ ᠭᠦᠰᠡᠯᠡᠩ ᠠᠯᠤᠰ ᠤᠨ ᠲᠦᠰᠤᠪ ᠪᠠᠢ᠌ᠳᠠᠭ ᠡᠴᠡ ᠪᠣᠯᠵᠤ ᠡᠷᠢᠯᠭᠢᠯᠡᠯ ᠳᠠᠮᠠᠴᠠᠯ ᠤᠨ ᠬᠠᠪᠣ ᠴᠡᠩᠭᠡᠯ ᠤᠨ ᠳᠤᠮᠳᠠ ᠰᠤᠭᠳᠤᠭᠤᠷᠠᠵᠤ ᠶᠠᠪᠣᠨ᠎ᠠ᠃

ᠭᠦᠭ᠍ᠰᠡᠨ ᠨᠠᠷᠭᠢᠭᠠᠴᠢ᠂ ᠠᠷᠠᠤᠨ ᠲᠦᠮᠡᠨ ᠮᠢᠨᠢ︕ ᠮᠠᠨ ᠳᠤ ᠶᠠᠮᠠᠷᠴᠤ ᠢᠳᠠᠪᠭᠢ ᠪᠣᠰᠤ ᠰᠠᠤᠠᠭᠢᠯ ᠤᠨ ᠳᠠᠷᠤᠭᠠᠰᠤ ᠪᠠᠢ᠌ᠵᠤ ᠪᠣᠯᠬᠤ ᠦᠭᠡᠶ᠃ ᠪᠢᠳᠠᠨ ᠳᠤ ᠣᠷᠭᠢᠯᠤᠮ᠎ᠠ ᠴᠠᠯᠭᠢᠯᠠᠮ᠎ᠠ ᠬᠠᠢ᠌ᠷ᠎ᠠ ᠰᠠᠤᠠᠭᠢᠯ ᠪᠠᠢ᠌ᠳᠠᠭ ᠪᠤᠯᠵᠤ᠂ ᠡᠩ ᠳᠡᠯᠡᠭᠡᠢ ᠶᠢᠨ ᠠᠮᠢᠳᠠᠨ ᠭᠤᠤᠯᠳᠠᠨ ᠢ ᠬᠠᠯᠠᠮᠵᠢᠯᠠᠵᠤ᠂ ᠠᠮᠢᠨ ᠳᠡᠵᠢᠭᠡᠯ ᠲᠡᠶ ᠡᠭᠡ ᠪᠠᠢ᠌ᠭᠠᠯᠢ ᠪᠠᠨ ᠣᠯᠠᠮ ᠭᠤᠸᠠᠯᠢᠭᠵᠢᠭᠤᠯᠵᠤ ᠴᠢᠮᠡᠭᠦ ᠶᠤᠰᠤᠳᠠᠢ ᠁

ᠵᠤᠬᠢᠶᠠᠭᠴᠢ᠄ ᠨᠣ᠋·ᠪᠠᠭᠠᠳᠤᠷ
ᠳᠠᠷᠤᠮ᠄ 8636
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ