ᠭᠤᠷᠪᠠ ᠂ ᠪᠢᠳᠡᠬᠦᠨ
ᠨᠡᠬᠦ (ᠤᠷᠤᠰ) ᠤᠷᠤᠵᠤ ᠢᠷᠡᠨ᠎ᠠ ᠭᠡᠰᠡᠨ ᠴᠢᠮᠡᠭᠡ ᠪᠢᠴᠢᠬᠠᠨ ᠬᠤᠳᠤᠭᠤᠷ ᠲᠤ ᠰᠠᠭᠤᠭᠰᠠᠨ ᠤᠪᠤᠭ᠎ᠠ ᠠᠢ᠌ᠯ ᠢ ᠳᠦᠷᠬᠢᠬᠦᠯᠪᠠ᠃ ᠳᠡᠷᠡ ᠤᠷᠤᠢ ᠨᠢ ᠡᠪᠤᠭᠡᠨ ᠱᠦᠵᠢ ᠪᠠᠶ᠎ᠠ ᠪᠡᠷ ᠶᠢᠠᠨ ᠬᠦᠳᠡᠯᠵᠤ᠂ ᠡᠷᠣᠬᠡ ᠶᠢᠨ ᠴᠡᠷᠢᠭ᠌ ᠢ ᠬᠡᠷ ᠲᠠᠷᠠᠭᠠᠯᠠᠨ ᠴᠣᠭᠯᠠᠭᠣᠯᠣᠭᠠᠳ ᠪᠠᠴᠢᠮ ᠬᠣᠷᠠᠯ ᠬᠢᠪᠠ᠃ ᠱᠦᠵᠢ ᠪᠡᠶ᠎ᠡ ᠪᠡᠷ ᠶᠢᠠᠨ ᠬᠦᠳᠡᠯᠥᠭᠰᠡᠨ ᠶᠢᠠᠷ ᠦᠵᠡᠪᠡᠯ ᠣᠴᠢᠷ ᠶᠠᠪᠣᠳᠠᠯ ᠬᠦᠠᠲᠦ ᠨᠣᠴᠢᠳᠠᠢ ᠪᠣᠯᠣᠭᠰᠠᠨ ᠢ ᠬᠡᠷᠡᠴᠢᠯᠡᠵᠦ ᠪᠠᠢ᠌ᠯ᠎ᠠ᠃ ᠣᠯᠠᠨ ᠶᠢᠠᠷ ᠶᠢᠠᠨ᠄ 《ᠶᠠᠭᠣ ᠬᠡᠬᠥ ᠪᠣᠯ︖》 ᠬᠡᠵᠦ ᠡᠪᠥᠬᠡᠨ ᠱᠦᠵᠢ ᠶᠢ ᠴᠢᠷᠠᠢ᠌ᠳᠠᠨ᠂ ᠦᠬᠡ ᠬᠡᠯᠡᠬᠦ ᠶᠢ ᠨᠢ ᠣᠳᠠᠳᠠᠯ᠎ᠠ ᠬᠦᠯᠢᠶᠡᠭ᠍ᠰᠡᠨ ᠪᠣᠯᠪᠠᠴᠣ ᠡᠡᠮᠨ ᠨᠡᠬᠡᠬᠡᠬᠥ ᠮᠠᠶᠢᠭ ᠦᠭᠡᠶ᠃ ᠨᠠᠪᠴᠢᠨ ᠲᠠᠮᠠᠬᠢ ᠪᠠᠨ ᠬᠣᠷᠣᠭᠣ ᠪᠦᠲᠦᠬᠥᠨ ᠣᠷᠢᠶᠠᠵᠣ ᠣᠳᠣᠭ᠎ᠠ ᠮᠠᠨᠠᠷᠠᠭᠠᠨ ᠰᠠᠭᠣᠨ᠎ᠠ᠃ ᠬᠦᠯᠢᠶᠡᠵᠦ ᠶᠠᠳᠠᠭᠰᠠᠨ ᠬᠦᠮᠥᠰ ᠲᠡᠰᠬᠥ ᠠᠯᠳᠠᠷᠠᠬᠣ ᠳᠠᠭᠠᠨ ᠰᠣᠯᠠ ᠵᠤᠭᠣᠭ ᠲᠡᠯᠬᠡᠵᠦ ᠡᠬᠢᠯᠠᠪᠠ᠄
᠊᠊᠊᠊᠊᠊᠊᠊᠊᠊᠊᠊᠊᠊᠊ ᠨᠡᠬᠥ ᠣᠷᠣᠵᠣ ᠢᠷᠠᠪᠠᠯ ᠪᠢᠳᠠ ᠴᠢᠨᠢ ᠪᠦᠷ ᠲᠡᠳᠡᠨ ᠤ ᠫᠣᠤ ᠫᠤᠣᠳᠠᠬᠣ ᠬᠠᠷᠠᠯᠳᠠ ᠪᠣᠯᠴᠢᠬᠠᠭᠠᠳ ᠬᠠᠮᠢᠭᠠᠭᠣᠷ ᠶᠢᠠᠨ ᠰᠦᠪᠡᠯᠡᠬᠥᠯᠳᠡᠭ ᠪᠣᠯ ᠳ᠋ᠠ︖ ᠬᠡᠵᠦ ᠡᠷᠣᠬᠡ ᠶᠢᠨ ᠴᠡᠷᠢᠭ᠌ ᠤᠨ ᠯᠢᠶᠠᠠᠵᠠᠩ ᠲᠠᠮᠣᠷ᠎ᠠ ᠦᠬᠡ ᠡᠬᠥᠰᠬᠡᠬᠥ ᠳᠤ ᠠᠢ᠌ᠯᠠᠳᠣᠭᠠᠴᠢ ᠨᠡᠷ᠎ᠡ ᠲᠡᠶ ᠰᠠᠩᠬᠡ᠄
᠊᠊᠊᠊᠊᠊᠊᠊᠊᠊᠊᠊᠊᠊᠊ ᠪᠠᠰᠠ ᠬᠠᠷᠯᠠᠳᠠ ᠪᠣᠯᠬᠣ ᠰᠠᠨᠠᠭ᠎ᠠ ᠲᠡᠶ᠂ ᠬᠦᠮᠥᠨ ᠰᠣᠮᠣ ᠪᠠᠨ ᠬᠠᠢ᠌ᠷᠠᠯᠠᠵᠣ᠂ ᠫᠣᠤ ᠶᠢᠨ ᠵᠢᠳᠠ ᠪᠠᠷ ᠶᠢᠠᠨ ᠡᠯᠬᠥᠬᠡᠥᠨ ᠬᠠᠶᠠᠴᠢᠬᠠᠬᠣ ᠪᠠᠢ᠌ᠬ᠎ᠠ᠃ ᠲᠠᠳᠠ ᠴᠢᠨᠢ ᠦᠬᠡᠷ ᠴᠢᠳᠠᠯ ᠲᠡᠶ ᠣᠯᠣᠰ ᠰᠢᠤ᠂ ᠬᠣᠶᠠᠷ ᠬᠦᠮᠥᠨ ᠬᠠᠮᠵᠢᠪᠠᠯ ᠭᠣᠨᠠ ᠦᠬᠡᠷ ᠢ ᠮᠠᠰᠢᠨ ᠲᠡᠬᠡᠷ᠎ᠡ ᠶᠠᠭᠣ ᠴᠣ ᠪᠣᠯᠭᠠᠬᠣ ᠦᠭᠡᠶ ᠰᠢᠳᠡᠬᠡᠥᠨ ᠭᠠᠷᠭᠠᠴᠢᠬᠠᠨ᠎ᠠ ᠬᠡᠨ᠎ᠡ ᠬᠡᠵᠦ ᠮᠡᠳᠡᠮᠠᠬᠡᠢ᠌ᠷᠡᠨᠡ᠃ ᠲᠡᠬᠡᠳᠡᠯ᠎ᠡ ᠵᠠᠮᠪᠠᠯ ᠪᠠᠭᠰᠢ ᠵᠠᠯᠭᠠᠵᠣ ᠠᠪᠣᠭᠠᠳ᠄
᠊᠊᠊᠊᠊᠊᠊᠊᠊᠊᠊᠊᠊᠊᠊ ᠲᠠᠨᠣᠰ ᠪᠢᠳᠡᠬᠡᠢ ᠬᠦᠮᠥᠨ ᠢ ᠬᠢᠯᠢᠰᠳᠡᠬᠥᠯ︕ ᠨᠡᠬᠥ ᠬᠡᠳᠡᠭ ᠴᠢᠨᠢ ᠰᠠᠢ᠌ᠨ ᠣᠯᠣᠰ ᠰᠢᠤ᠃ ᠲᠦᠴᠢᠨ ᠲᠠᠪᠣᠨ ᠣᠨ ᠳᠤ ᠨᠡᠬᠥ ᠣᠷᠣᠵᠣ ᠢᠷᠡᠬᠡᠥᠨ ᠰᠠᠶᠢ ᠲᠠᠭᠳᠠᠭ ᠨᠠᠷᠠᠨ ᠢ ᠬᠦᠬᠡᠬᠡᠵᠦ ᠭᠠᠷᠭᠠᠭᠰᠠᠨ ᠪᠢᠰᠢ ᠦᠦ︖ ᠬᠦᠮᠥᠨ ᠤ ᠰᠠᠢ᠌ᠨ ᠢ ᠮᠠᠷᠳᠠᠵᠣ ᠪᠣᠯᠬᠣ ᠦᠭᠡᠶ︕ ᠬᠡᠨ᠎ᠡ᠃
ᠬᠠᠨ᠎ᠠ ᠲᠠᠭᠠᠭᠣᠯᠵᠣ ᠲᠠᠯᠪᠢᠭᠰᠠᠨ ᠣᠷᠳᠣ ᠰᠠᠠᠳᠠᠯᠢ ᠲᠡᠬᠡᠷ᠎ᠡ ᠬᠡᠳᠥᠨ ᠡᠮᠡᠭ᠍ᠳᠡᠢ ᠡᠷᠣᠬᠡ ᠶᠢᠨ ᠴᠡᠷᠢᠭ᠌ ᠰᠠᠭᠣᠭᠠᠳ ᠬᠣᠩᠰᠢᠶᠠᠷ ᠨᠡᠢ᠌ᠯᠡᠬᠥᠯᠥᠨ ᠢᠪᠢᠷ ᠰᠢᠪᠢᠷ ᠶᠠᠷᠢᠯᠴᠠᠵᠣ ᠪᠠᠢ᠌ᠪᠠ᠃ ᠵᠠ᠊ ᠪᠠᠭᠰᠢ ᠶᠢᠨ ᠦᠬᠡ ᠶᠢ ᠰᠣᠨᠣᠰᠣᠭᠠᠳ ᠭᠠᠩᠷᠠᠢ᠄
᠊᠊᠊᠊᠊᠊᠊᠊᠊᠊᠊᠊᠊᠊᠊ ᠪᠢᠳᠠ ᠨᠡᠬᠥ ᠶᠢᠨ ᠦᠷᠢ ᠶᠢ ᠬᠡᠵᠢᠶᠡᠨ ᠤ ᠲᠥᠯᠣᠬᠡᠥᠨ ᠪᠠᠷᠠᠴᠢᠬᠠᠯ᠎ᠠ ᠬᠡᠰᠡᠨ ᠪᠢᠰᠢ ᠦᠦ︖ ᠪᠠᠰᠠ ᠶᠠᠮᠠᠷ ᠠᠪᠴᠠᠭ᠎ᠠ ᠪᠠᠢ᠌ᠳᠠᠭ ᠶᠣᠮ᠃ ᠬᠡᠷᠪᠡ ᠶᠠᠭ ᠠᠪᠣᠶ᠎ᠠ ᠬᠡᠪᠡᠯ ᠮᠢᠨᠣ ᠬᠠᠳᠠᠭᠠᠯᠠᠵᠣ ᠪᠠᠢ᠌ᠬᠣ ᠠᠷᠪᠠᠭᠠᠳ ᠲᠠᠬᠢᠶᠠᠨ ᠦᠨᠳᠡᠬᠡ ᠪᠠᠢ᠌ᠨ᠎ᠠ ᠬᠡᠪᠡ᠃ ᠠᠢ᠌ᠯᠠᠳᠣᠭᠠᠴᠢ ᠰᠠᠩᠬᠡ᠄
᠊᠊᠊᠊᠊᠊᠊᠊᠊᠊᠊᠊᠊᠊᠊ ᠲᠠᠳᠠ ᠲᠠᠬᠢᠶᠠᠨ ᠦᠨᠳᠡᠬᠡᠨ ᠳᠤ ᠲᠣᠷᠠᠯᠠᠵᠣ ᠢᠷᠡᠬᠥ ᠪᠢᠰᠢ᠂ ᠬᠠᠷᠢᠨ 《ᠰᠠᠢ᠌ᠬᠠᠨ ᠲᠥᠷᠥᠭᠰᠡᠨ ᠭᠠᠩᠷᠠᠢ ᠠᠩᠭ᠎ᠠ ᠬᠦᠢ᠌ !》 ᠬᠡᠥᠨ ᠰᠠᠵᠢᠯᠠᠭᠣᠯᠵᠣ ᠢᠷᠡᠬᠥ ᠪᠠᠢ᠌ᠯ ᠦᠭᠡᠶ︖ ᠬᠡᠪᠡᠯ ᠪᠣᠯᠣᠩ ᠳᠤ ᠰᠠᠭᠣᠭᠰᠠᠨ ᠰᠠᠬᠠᠷᠠ ᠰᠠᠶᠢ ᠵᠠᠪᠰᠢᠶᠠᠨ ᠣᠯᠣᠯ᠎ᠠ ᠬᠡᠰᠡᠨ ᠰᠢᠭ᠌ ᠦᠬᠡ ᠰᠢᠷᠣᠢ᠌ᠳᠠᠭᠣᠯᠣᠯ ᠦᠭᠡᠶ᠄
᠊᠊᠊᠊᠊᠊᠊᠊᠊᠊᠊᠊᠊᠊᠊ ᠲᠡᠬᠡᠪᠡᠯ ᠪᠠᠷᠠᠯ᠎ᠠ ᠰᠢᠤ ᠠᠩᠭ᠎ᠠ︕ ᠭᠠᠳᠠᠷ ᠣᠯᠣᠰ ᠤᠨ ᠬᠦᠮᠥᠨ ᠤ ᠦᠨᠦᠬᠢ ᠨᠢ ᠰᠡᠬᠥᠵᠢ ᠪᠠᠷ ᠶᠢᠠᠨ ᠭᠣᠷᠪᠠ ᠣᠷᠢᠶᠠᠭᠠᠳ ᠪᠠᠰᠠ ᠰᠦᠬᠥᠮ ᠵᠦᠷᠢᠨᠡ ᠬᠡᠨ᠎ᠡ᠃ ᠪᠠᠭᠠᠯᠵᠠᠭᠣᠷ ᠲᠤ ᠴᠢᠨᠢ ᠲᠣᠯᠣᠨᠠ ᠬᠡᠵᠦ ᠮᠠᠳᠠ︕ ᠬᠡᠵᠦ ᠬᠡᠯᠡᠬᠡᠥᠨ ᠦᠮᠣᠳᠥᠨ ᠠᠯᠨ ᠬᠠᠭᠠᠷᠠᠭᠰᠠᠨ ᠰᠢᠭ ᠫᠢᠶᠠᠷ ᠫᠢᠶᠠᠷ ᠢᠨᠢᠶᠠᠪᠠ᠃
᠊᠊᠊᠊᠊᠊᠊᠊᠊᠊᠊᠊᠊᠊᠊ ᠲᠣᠭᠣᠢ ᠪᠠᠢ︕ ᠪᠦᠳᠥᠯ ᠶᠢᠠᠨ ᠪᠠᠷᠠᠭᠰᠠᠨ ᠲᠠᠮᠰᠢᠭ ᠤᠳ᠂ ᠬᠡᠨ ᠲᠠᠨ ᠲᠡᠶ ᠨᠠᠭᠠᠳᠣᠮ ᠬᠢᠵᠣ ᠪᠠᠢ᠌ᠬᠣ ᠶᠣᠮ︖ ᠲᠠᠷᠠ ᠠᠪᠣ ᠨᠠᠷ ᠴᠢᠨᠢ ᠦᠨᠡᠨ ᠢᠷᠡᠬᠥ ᠲᠡᠬᠡᠷ᠎ᠡ ᠬᠦᠷᠪᠡᠯ ᠲᠠᠨᠣᠰ ᠦᠮᠣᠳᠥᠨ ᠳᠡᠭᠡᠨ ᠪᠠᠭᠠᠰᠣ ᠠᠯᠳᠠᠨ᠎ᠠ ᠬᠡᠵᠦ ᠮᠠᠳᠠ︕ ᠬᠡᠵᠦ ᠡᠳᠣᠢ ᠪᠣᠯᠳᠠᠯ᠎ᠠ ᠲᠣᠭᠣᠢ ᠪᠠᠢ᠌ᠭᠰᠠᠨ ᠲᠠᠮᠷᠢᠨ ᠱᠦᠵᠢ ᠲᠣᠭᠰᠢᠷᠠᠵᠣ ᠭᠠᠷᠣᠯ᠎ᠠ᠃
᠊᠊᠊᠊᠊᠊᠊᠊᠊᠊᠊᠊᠊᠊᠊ ᠮᠠᠷᠭᠠᠰᠢ ᠡᠴᠡ ᠡᠷᠣᠬᠡ ᠶᠢᠨ ᠴᠡᠷᠢᠭ᠌ ᠤᠨ ᠪᠣᠯᠪᠠᠰᠣᠷᠠᠯ ᠬᠢᠨ᠎ᠠ᠃ ᠲᠠᠮᠣᠷ᠎ᠠ ᠴᠢ ᠲᠠᠭᠠᠭᠣᠯᠵᠣ ᠪᠣᠯᠪᠠᠰᠣᠷᠠ︕ ᠬᠡᠷ ᠲᠡᠭᠡᠨ ᠵᠦᠬᠡᠷ ᠰᠠᠭᠣᠬᠣ ᠦᠭᠡᠶ ᠲᠣᠬᠣ ᠪᠠᠨ ᠬᠢᠬᠥ ᠪᠠᠷ ᠡ᠊ᠠᠳᠠ ᠢᠷᠡᠬᠥ ᠶᠣᠮ︖ ᠬᠡᠵᠦ ᠬᠠᠷᠢᠶᠠᠯ ᠲᠠᠯᠪᠢᠭᠠᠳ ᠬᠣᠷᠠᠯ ᠶᠢᠠᠨ ᠲᠡᠬᠥᠰᠬᠡᠪᠡ᠃
ᠢᠩ ᠤᠨ ᠬᠡᠷ ᠢ ᠲᠣᠭᠣᠷᠢᠭᠰᠠᠨ ᠲᠡᠭ᠍ᠰᠢᠬᠡᠨ ᠰᠢᠭ᠌ ᠭᠠᠵᠠᠷ ᠨᠢ ᠡᠷᠣᠬᠡ ᠶᠢᠨ ᠴᠡᠷᠢᠭ᠌ ᠤᠨ ᠪᠣᠯᠪᠠᠰᠣᠷᠠᠯ ᠤᠨ ᠲᠠᠯᠠᠪᠠᠢ ᠪᠣᠯᠪᠠ᠃ ᠲ᠋ᠡᠮᠣᠷᠠ᠂ ᠡᠷᠳᠠ ᠡᠴᠡ ᠠᠪᠣᠭᠠᠳ ᠠᠯᠬᠣᠵᠣ ᠬᠢᠰᠬᠢᠬᠦ ᠶᠢ ᠰᠣᠷᠭᠠᠬᠣ ᠬᠡᠵᠦ ᠪᠠᠷᠠᠭᠣᠨ ᠮᠥᠷᠤ ᠵᠦᠭ᠌ ᠶᠢᠠᠨ᠂ ᠵᠠᠬᠥᠨ ᠮᠥᠷᠤ ᠵᠦᠭ᠌ ᠶᠢᠠᠨ᠂ ᠬᠦᠢ᠌︕ ᠵᠠᠬᠥᠨ ᠮᠥᠷᠤ ᠵᠦᠭ᠌ ᠶᠢᠠᠨ ᠬᠡᠵᠦ ᠪᠠᠢ᠌ᠨ᠎ᠠ ᠰᠢᠤ᠃ ᠵᠤᠭᠰᠣ᠂ ᠠᠯᠬᠤᠮ ᠶᠢᠠᠨ ᠵᠤᠭᠰᠣ︕ ᠬᠡᠵᠦ ᠬᠣᠭᠣᠯᠠᠢ ᠪᠠᠨ ᠰᠦᠬᠡᠳᠡᠯᠡ ᠪᠠᠷᠬᠢᠷᠠᠭᠠᠳ ᠠᠷᠠᠢ ᠬᠡᠵᠦ ᠲᠢᠭ᠌ ᠣᠷᠣᠭᠣᠯᠵᠣ ᠠᠪᠣᠪᠠ᠃ ᠪᠣᠯᠪᠠᠰᠣᠷᠠᠯ ᠬᠢᠭ᠍ᠰᠡᠨ ᠦᠭᠡᠶ ᠤᠳᠠᠭᠰᠠᠨ ᠡᠴᠡ ᠮᠠᠷᠳᠠᠯ ᠪᠣᠯᠵᠣ᠂ ᠵᠠᠬᠥᠡᠰᠢ ᠪᠠᠨ ᠬᠡᠵᠦ ᠪᠠᠢ᠌ᠳᠠᠯ᠎ᠠ ᠵᠠᠷᠢᠮ ᠨᠢ ᠪᠠᠷᠠᠭᠣᠨ ᠮᠥᠷᠤ ᠵᠦᠭ᠌ ᠶᠢᠠᠨ ᠡᠷᠬᠢᠴᠢᠬᠡᠨᠡ᠃ ᠲᠠᠮᠣᠷ᠎ᠠ ᠲᠠᠯᠪᠠ ᠠᠭᠣᠷᠯᠠᠵᠣ᠄
᠊᠊᠊᠊᠊᠊᠊᠊᠊᠊᠊᠊᠊᠊᠊ ᠵᠠᠬᠥᠨ ᠪᠠᠷᠠᠭᠣᠨ ᠶᠢᠠᠨ ᠮᠡᠳᠡᠬᠥ ᠦᠭᠡᠶ ᠶᠣᠮ ᠦᠦ︖ ᠬᠡᠵᠦ ᠠᠭᠰᠣᠷᠴᠣ ᠪᠠᠢ᠌ᠪᠠᠴᠣ ᠲᠠᠷᠠ ᠦᠪᠡᠷ ᠶᠢᠠᠨ ᠪᠠᠰᠠ ᠪᠠᠢ᠌ᠨ ᠪᠠᠢ᠌ᠨ ᠡ᠊ᠨᠳᠡᠬᠥᠷᠡᠬᠡᠥᠨ ᠠᠪᠣᠨ᠎ᠠ᠃
ᠨᠢᠬᠡ ᠣᠳᠠᠭ᠎ᠠ ᠲᠠᠷᠠ ᠦᠪᠡᠷ ᠶᠢᠠᠨ ᠡᠮᠣᠨ᠎ᠠ ᠨᠢ ᠲᠠᠭᠠᠭᠣᠯᠣᠨ ᠠᠯᠬᠣᠵᠣ᠄ 《ᠵᠡᠬᠦᠨ ᠮᠥᠷᠤ ᠵᠦᠭ᠌ ᠶᠢᠠᠨ》 ᠬᠡᠵᠦ ᠬᠡᠯᠡᠬᠥ ᠬᠡᠰᠡᠨ ᠶᠢᠠᠨ ᠰᠠᠠᠳᠣᠷᠬᠣ ᠳᠠᠭᠠᠨ᠄
᠊᠊᠊᠊᠊᠊᠊᠊᠊᠊᠊᠊᠊᠊᠊ ᠨᠠᠳᠠ ᠶᠢ ᠲᠠᠭᠠᠭᠠᠳ ᠢᠷ᠎ᠠ︕ ᠬᠡᠵᠦ ᠬᠠᠰᠬᠢᠷᠬᠣ ᠳ᠋ᠤᠨᠢ ᠬᠤᠢ᠌ᠨ᠎ᠠ ᠪᠠᠢ᠌ᠭᠰᠠᠨ ᠴᠡᠷᠢᠭ᠌ ᠤᠳ ᠨᠢ ᠶᠠᠪᠣᠬᠣ ᠪᠠᠨ ᠪᠠᠢ᠌ᠭᠠᠳ ᠡᠯᠢᠬᠡ ᠪᠠᠨ ᠬᠦᠰᠢᠳᠡᠯ᠎ᠡ ᠢᠨᠢᠶᠠᠯᠴᠠᠪᠠ᠃
ᠦᠳᠡ ᠶᠢᠨ ᠬᠣᠢ᠌ᠨ᠎ᠠ ᠨᠢ ᠫᠣᠤ ᠮᠥᠷᠥᠪᠴᠢᠯᠡᠨ ᠮᠥᠯᠬᠥᠬᠥ ᠪᠣᠯᠪᠠᠰᠣᠷᠠᠯ ᠬᠢᠪᠠ᠃ ᠬᠦᠯᠳᠡᠬᠥᠤ ᠭᠠᠵᠠᠷ ᠬᠠᠭᠠᠰ ᠡᠳᠣᠷ ᠮᠥᠯᠬᠥᠭ᠍ᠰᠡᠨ ᠪᠣᠯᠪᠠᠴᠣ ᠮᠦᠨ ᠯᠠ ᠲᠠᠮᠠᠢ ᠵᠦᠭ᠌ ᠣᠷᠣᠭᠰᠠᠨ ᠦᠭᠡᠶ᠃ ᠬᠠᠷᠢᠨ ᠡᠮᠥᠰᠥᠭᠰᠡᠨ ᠬᠣᠪᠴᠠᠰᠣᠨ ᠤ ᠬᠢᠨᠢ ᠡᠪᠥᠳᠥᠭ᠂ ᠲᠣᠬᠣᠢ ᠨᠢ ᠴᠣᠭᠣᠷᠠᠭᠠᠳ ᠲᠣᠳᠣᠷᠠᠬᠢ ᠬᠦᠪᠣᠩ ᠨᠢ ᠪᠣᠯᠳᠠᠢ᠌ᠭᠰᠠᠨ ᠳᠤ ᠪᠦᠬᠥᠳᠡᠬᠡᠷ ᠭᠠᠰᠢᠭᠣᠳᠠᠨ᠂ ᠨᠠᠩ ᠴᠤ ᠡᠮᠡᠭ᠍ᠳᠡᠢ ᠡᠷᠣᠬᠡ ᠶᠢᠨ ᠴᠡᠷᠢᠭ᠌ ᠤᠳ ᠲᠠᠮᠣᠷ᠎ᠠ ᠳᠤ ᠠᠭᠠᠰᠢ ᠠᠪᠴᠣ᠄
᠊᠊᠊᠊᠊᠊᠊᠊᠊᠊᠊᠊᠊᠊᠊ ᠡᠮ᠎ᠠ ᠳᠤ ᠴᠢᠨᠢ ᠣᠴᠢᠵᠣ ᠵᠠᠭᠠᠯᠳᠣᠨᠠ ᠬᠡᠬᠥ ᠦᠭᠡᠶ ᠪᠣᠯ᠄
᠊᠊᠊᠊᠊᠊᠊᠊᠊᠊᠊᠊᠊᠊᠊ ᠰᠠᠮᠠᠭ᠎ᠠ ᠪᠡᠷᠬᠡᠨ ᠶᠢᠠᠷ ᠨᠦᠬᠥᠬᠥᠯᠵᠦ ᠠᠪᠣᠨ᠎ᠠ︕ ᠬᠡᠵᠦ ᠰᠦᠢᠳ ᠪᠣᠯᠵᠠᠭᠠᠪᠠ᠃ ᠠᠷᠭ᠎ᠠ ᠪᠠᠨ ᠪᠠᠷᠠᠵᠣ ᠠᠰᠢᠮ᠎ᠠ ᠲᠠᠭᠣᠯᠠᠪᠠ ᠬᠡᠭ᠍ᠴᠢ ᠪᠠᠷ ᠲᠠᠮᠣᠷ᠎ᠠ ᠴᠤ ᠪᠣᠩ ᠦᠭᠡᠶ ᠪᠣᠯᠵᠣ᠄
᠊᠊᠊᠊᠊᠊᠊᠊᠊᠊᠊᠊᠊᠊᠊ ᠲᠠᠷᠠᠵᠠᠭ᠎ᠠ︕ ᠬᠡᠯᠡ᠃
ᠭᠠᠶᠠ ᠶᠢ ᠭᠠᠷᠣᠯ ᠲᠡᠣᠬᠡ ᠨᠢ ᠮᠠᠭᠣ ᠬᠡᠥᠨ ᠡᠷᠣᠬᠡ ᠶᠢᠨ ᠴᠡᠷᠢᠭ᠌ ᠡᠴᠡ ᠠᠯᠢ ᠬᠡᠳᠦᠢ᠌ᠨ ᠭᠠᠷᠭᠠᠭᠰᠠᠨ ᠣᠴᠢᠷ ᠲᠠᠷᠠ᠂ ᠢᠩ ᠤᠨ ᠬᠡᠷ ᠤᠨ ᠴᠣᠩᠬᠤ ᠪᠠᠷ ᠶᠢᠠᠨ ᠲᠠᠳᠠᠨ ᠤ ᠪᠣᠯᠪᠠᠰᠣᠷᠠᠯ ᠢ ᠠᠯᠳᠠᠯ ᠦᠭᠡᠶ ᠦᠵᠡᠵᠦ᠂ ᠢᠨᠢᠶᠠᠳᠣᠮ ᠱᠣᠭ ᠭᠠᠷᠪᠠᠯ ᠲᠠᠭᠠᠨ ᠪᠠᠶᠠᠰᠴᠣ ᠪᠠᠢ᠌ᠪᠠ᠃
ᠮᠠᠷᠭᠠᠰᠢ ᠦᠷᠯᠦᠬᠡ ᠨᠢ ᠰᠠᠬᠠᠷᠠ ᠬᠠᠮᠣᠭ ᠲᠥᠷᠣᠬᠥᠤ ᠢᠷᠡᠬᠡᠥᠨ ᠢᠩ ᠤᠨ ᠬᠡᠷ ᠤᠨ ᠡᠬᠥᠳᠡᠨ ᠳᠤ ᠨᠠᠷᠠ ᠡᠬᠡᠬᠡᠵᠦ ᠵᠤᠭᠰᠣᠪᠠ᠃ ᠲᠠᠷᠠ ᠡᠳᠣᠷ ᠨᠢ ᠮᠦᠨ ᠵᠢᠬᠡᠬᠥᠨ ᠰᠠᠯᠬᠢ ᠬᠠᠴᠠᠷ ᠵᠢᠮᠵᠢᠬᠢᠨᠡᠬᠥᠯᠵᠦ᠂ ᠵᠢᠷᠥᠬᠡ ᠭᠣᠣᠯ ᠢ ᠬᠠᠭᠠᠷᠢᠮ᠎ᠠ ᠬᠦᠢᠳᠡᠨ ᠡᠳᠣᠷ ᠪᠠᠢ᠌ᠪᠠ᠃ ᠭᠠᠶᠠ ᠴᠣᠩᠬᠤ ᠪᠠᠷ ᠦᠵᠡᠬᠡᠥᠨ ᠰᠠᠬᠠᠷᠠ ᠶᠢ ᠣᠷᠣᠵᠣ ᠢᠷ᠎ᠠ ᠬᠡᠰᠡᠨ ᠲᠣᠬᠢᠶ᠎ᠠ ᠦᠭ᠍ᠬᠥ ᠳᠤ ᠲᠠᠷᠠ᠂ ᠡᠢ᠌ᠰᠢ ᠲᠠᠢ᠌ᠰᠢ ᠬᠠᠷᠠᠵᠣ ᠡᠷᠠᠬᠡᠯᠵᠡᠭ᠍ᠰᠡᠨ ᠶᠢᠠᠨ ᠭᠠᠷ ᠬᠠᠯᠠᠰᠠᠬᠣ ᠪᠠᠷ ᠣᠷᠣᠵᠣ ᠢᠷᠠᠪᠠ᠃ ᠴᠢᠷᠥᠭᠳᠡᠯ ᠪᠣᠯᠬᠣ ᠡᠴᠡ ᠠᠶᠣᠵᠣ ᠭᠠᠶᠠ ᠶᠢᠨ ᠢᠩ ᠤᠨ ᠬᠡᠷ ᠲᠤ ᠬᠦᠮᠥᠰ ᠪᠠᠷᠣᠭᠳᠠᠢ ᠳᠣ ᠣᠷᠣᠵᠣ ᠢᠷᠡᠳᠡᠭ ᠦᠭᠡᠶ᠃ ᠠᠢ᠌ᠯ ᠤᠨ ᠡᠮᠠᠰ ᠴᠤ ᠭᠠᠳᠠᠨ᠎ᠠ ᠬᠡᠷ ᠲᠤ ᠪᠣᠳᠠᠭ᠎ᠠ ᠪᠠᠨ ᠬᠣᠷᠳᠣᠨ ᠢᠩᠳᠠᠵᠣ ᠪᠠᠷᠠᠪᠠᠯ ᠰᠠᠩᠳᠠ ᠮᠠᠩᠳᠠ ᠶᠠᠪᠣᠳᠠᠭ ᠪᠣᠯᠪᠠ᠃ ᠭᠠᠶᠠ ᠴᠤ ᠪᠠᠶ᠎ᠠ ᠪᠠᠨ ᠮᠠᠳᠠᠵᠣ ᠠᠢ᠌ᠯ ᠬᠡᠰᠦᠬᠥ ᠪᠠᠨ ᠪᠠᠢ᠌ᠴᠢᠬᠠᠭᠰᠠᠨ ᠡᠴᠡ ᠭᠠᠳᠠᠨᠠᠬᠢ ᠣᠴᠢᠷ ᠢ ᠮᠡᠳᠡᠬᠥ ᠦᠭᠡᠶ ᠦᠯᠢ ᠲᠥᠯᠡᠢ ᠰᠠᠭᠣᠵᠣ ᠪᠠᠢ᠌ᠪᠠ᠃
᠊᠊᠊᠊᠊᠊᠊᠊᠊᠊᠊᠊᠊᠊᠊ ᠶᠠᠭᠣ ᠪᠣᠯᠣᠭᠠᠳ ᠡᠷᠣᠬᠡ ᠶᠢᠨ ᠴᠡᠷᠢᠭ᠌ ᠪᠣᠯᠪᠠᠰᠣᠷᠠᠬᠣ ᠪᠣᠯᠴᠢᠬᠠᠪᠠ︖ ᠬᠡᠵᠦ ᠭᠠᠶᠠ᠂ ᠰᠠᠬᠠᠷᠠ ᠳᠣ ᠬᠠᠯᠠᠭᠣᠨ ᠣᠰᠣ ᠠᠶᠠᠭᠠᠯᠠᠵᠣ ᠦᠭ᠍ᠬᠥ ᠶᠢᠨ ᠲᠠᠭᠠᠤ ᠠᠰᠠᠭᠣᠬᠣ ᠳᠤ ᠰᠠᠬᠠᠷᠠ᠄
᠊᠊᠊᠊᠊᠊᠊᠊᠊᠊᠊᠊᠊᠊᠊ ᠬᠠᠢ︕ ᠨᠡᠬᠥ ᠣᠷᠣᠵᠣ ᠢᠷᠡᠬᠥ ᠶᠣᠮ ᠬᠡᠨ᠎ᠡ᠃ ᠲᠡᠬᠡᠬᠡᠥᠨ ᠯᠠ ᠡᠨᠠ ᠶᠢᠰᠤ ᠶᠢᠨ ᠬᠦᠢᠳᠡᠨ ᠳᠤ ᠣᠢ᠌ᠯᠠ ᠲᠠᠮᠣ ᠪᠠᠨ ᠦᠵᠡᠵᠦ ᠪᠠᠢ᠌ᠬᠣ ᠦᠭᠡᠶ ᠦᠦ︖ ᠬᠡᠵᠦ ᠪᠡᠬᠡᠷᠡᠭ᠍ᠰᠡᠨ ᠭᠠᠷ ᠶᠢᠠᠷ ᠶᠢᠠᠨ ᠬᠠᠯᠠᠭᠣᠨ ᠣᠰᠤ ᠶᠢ ᠲᠣᠰᠣᠨ ᠠᠪᠴᠣ ᠣᠭᠣᠴᠢᠪᠠ᠃ 《ᠨᠡᠬᠥ ᠣᠷᠣᠵᠣ ᠢᠷᠠᠨ᠎ᠠ ᠬᠡᠨ᠎ᠡ︕》 ᠬᠡᠰᠡᠨ ᠢ ᠰᠣᠨᠣᠰᠣᠭᠠᠳ ᠭᠠᠶᠠ ᠶᠢᠨ ᠨᠢᠳᠣ ᠨᠢ ᠲᠣᠭᠳᠠᠭᠠᠳ ᠮᠡᠯᠡᠷᠠᠴᠢᠬᠡᠪᠡ᠃ ᠭᠠᠶᠠ ᠶᠢ ᠪᠠᠭ᠎ᠠ ᠪᠠᠢ᠌ᠬᠣ ᠳᠤ ᠪᠠᠰᠠ ᠨᠡᠬᠥ ᠣᠷᠣᠵᠣ ᠢᠷᠠᠵᠣ ᠥᠩᠬᠡᠷᠡᠭ᠍ᠰᠡᠨ ᠶᠣᠮ᠃ ᠬᠡᠲᠦᠢ᠌ᠪᠡᠷ ᠠᠷᠪᠠᠭᠠᠳ ᠨᠠᠰᠣᠨ ᠤ ᠬᠡᠣᠬᠡᠥᠨ ᠪᠠᠢ᠌ᠭᠰᠠᠨ ᠴᠤ ᠲᠠᠷᠠ ᠣᠳᠠᠭ᠎ᠠ ᠶᠢᠨ ᠶᠠᠪᠣᠳᠠᠯ ᠲᠠᠷᠢᠬᠢᠨ ᠳ᠋ᠤᠨᠢ ᠲᠣᠳᠣ ᠰᠡᠢ᠌ᠯᠥᠭᠳᠡᠵᠦ᠂ ᠨᠠᠰᠣᠨ ᠲᠣᠷᠰᠢ ᠮᠠᠷᠳᠠᠵᠣ ᠴᠢᠳᠠᠬᠣ ᠦᠭᠡᠶ ᠰᠣᠷᠪᠢ ᠶᠢ ᠦᠯᠠᠳᠡᠬᠡᠭ᠍ᠰᠡᠨ ᠰᠠᠨ᠁
1945 ᠣᠨ ᠤ ᠨᠠᠮᠣᠷ᠂ ᠲᠠᠷᠪᠠ ᠵᠠᠯᠠᠨ ᠤ ᠬᠢᠨᠢ ᠣᠰᠣᠨ ᠡᠬᠢ ᠳᠤ ᠨᠠᠮᠣᠷᠵᠢᠵᠣ ᠪᠠᠢ᠌ᠪᠠ᠃ ᠮᠡᠭ᠍ᠵᠢᠬᠡᠷ ᠡᠪᠥᠬᠡᠨ ᠮᠦᠨ ᠲᠠᠷᠢᠶ᠎ᠠ ᠪᠠᠨ ᠲᠠᠷᠢᠵᠣ ᠡᠪᠣᠯᠵᠢᠶ᠎ᠠ ᠰᠠᠬᠢᠨ ᠬᠣᠴᠣᠷᠣᠭᠰᠠᠨ ᠪᠦᠬᠡᠥᠨ ᠪᠢᠴᠢᠬᠠᠨ ᠣᠮᠪᠣᠯᠣ ᠨᠣᠬᠠᠳᠠᠢ ᠨᠢ ᠵᠠᠬ᠎ᠠ ᠳ᠋ᠤᠨᠢ ᠬᠠᠨᠢ ᠪᠣᠯᠵᠣ ᠦᠯᠠᠳᠡᠪᠡ᠃ ᠨᠠᠮᠣᠷ ᠤᠨ ᠨᠢ᠋ᠮᠠᠨ ᠰᠠᠷ᠎ᠠ ᠶᠢᠨ ᠡᠬᠢ ᠪᠠᠷ ᠪᠠᠷᠠᠭᠣᠨ ᠬᠣᠢ᠌ᠨ᠎ᠠ ᠡᠴᠡ ᠵᠦᠬᠡᠯᠡᠨ ᠰᠠᠯᠬᠢ ᠦᠶ᠎ᠡ ᠦᠶ᠎ᠡ ᠰᠠᠪᠢᠯᠵᠠᠨ᠂ ᠢᠮᠠᠭᠠᠳ ᠲᠣᠭᠳᠠᠪᠣᠷᠢ ᠠᠯᠳᠠᠨ ᠲᠣᠷᠬᠢᠵᠣ᠂ ᠰᠠᠯᠬᠢ ᠰᠥᠷᠥᠨ ᠪᠣᠯᠢᠶᠠᠯᠳᠣᠵᠣ ᠪᠠᠢ᠌ᠭᠰᠠᠨ ᠨᠢᠬᠡ ᠡᠳᠣᠷ ᠤᠨ ᠦᠷᠯᠦᠬᠡ᠂ ᠲᠥᠮᠡᠨ ᠠᠭᠳᠠ ᠶᠢᠨ ᠲᠦᠪᠡᠷᠬᠡᠨ ᠰᠢᠭ᠌ ᠬᠦᠷᠬᠢᠷᠡᠬᠥ ᠴᠢᠮᠡᠬᠡ ᠠᠯᠣᠰ ᠡᠴᠡ ᠲᠣᠭᠣᠯᠳᠠᠨ᠂ ᠲᠡᠭ᠍ᠷᠢ ᠶᠢᠨ ᠲᠡᠷᠳᠡᠬᠡ ᠬᠢᠵᠠᠭᠠᠷ ᠡᠴᠡ᠂ ᠡᠰᠠᠬᠥᠯ᠎ᠡ ᠭᠠᠵᠠᠷ ᠤᠨ ᠬᠦᠨ ᠳᠠᠪᠬᠤᠷᠭ᠎ᠠ ᠡᠴᠡ ᠨᠥᠷᠬᠢᠨ ᠱᠣᠣᠬᠢᠵᠣ ᠪᠠᠢ᠌ᠭᠰᠠᠨ ᠶᠢᠠᠨ ᠣᠯᠠᠮ ᠶᠢᠠᠷ ᠲᠣᠳᠣ ᠪᠣᠯᠵᠣ ᠢᠷᠠᠪᠠ᠃ ᠠᠳᠣᠭᠣᠰᠣ ᠠᠮᠢᠳᠠᠨ ᠪᠦᠷ ᠴᠢᠬᠢ ᠱᠣᠷᠣᠯᠵᠠᠭᠣᠯᠣᠨ ᠴᠢᠮᠡᠬᠡᠷᠬᠡᠵᠦ᠂ ᠶᠠᠮᠠᠷ ᠨᠢᠬᠡᠨ ᠠᠶᠣᠯ ᠢᠷᠡᠬᠦ ᠶᠢ ᠮᠠᠳᠠᠵᠣ ᠲᠣᠳᠠᠭᠠᠬᠣ ᠪᠠᠷ ᠵᠠᠬᠡᠭ᠍ᠰᠡᠨ ᠰᠢᠭ᠌ ᠲᠣᠭᠳᠠᠪᠣᠷᠢ ᠠᠯᠳᠠᠨ ᠲᠡᠪᠬᠡᠴᠡᠨ᠎ᠡ᠃ ᠭᠠᠵᠠᠷ ᠬᠦᠳᠡᠯᠵᠦ ᠭᠠᠯᠪᠠ ᠶᠡᠬᠥᠷᠡᠬᠥ ᠨᠢ ᠡᠨᠠ ᠪᠣᠯᠪᠠ ᠦᠦ︖ ᠬᠡᠵᠦ ᠬᠦᠮᠥᠰ ᠠᠯᠮᠠᠢ᠌ᠷᠠᠵᠣ ᠪᠠᠢ᠌ᠳᠠᠯ᠎ᠠ ᠬᠣᠢ᠌ᠨ᠎ᠠ ᠡᠴᠠ ᠰᠥᠷᠥᠭ ᠡᠯᠢᠶ᠎ᠠ ᠰᠢᠭ᠌ ᠪᠦᠲᠦᠬᠥᠨ ᠬᠠᠷ᠎ᠠ ᠨᠢᠰᠬᠡᠯ ᠤᠳ ᠭᠠᠵᠠᠷ ᠲᠣᠷᠬᠢᠳᠠᠯ᠎ᠠ ᠬᠦᠩᠬᠢᠨᠡᠵᠦ᠂ ᠬᠣᠢ᠌ᠨ᠎ᠠ ᠡᠴᠡ ᠨᠢ ᠮᠦᠩᠬᠥᠨ ᠴᠠᠭᠠᠨ ᠨᠢᠰᠬᠡᠯ ᠤᠳ ᠲᠡᠭ᠍ᠷᠢ ᠶᠢᠨ ᠲᠠᠩᠨᠠᠢ ᠳᠤ ᠬᠠᠩᠬᠢᠷ ᠴᠢᠩᠬᠢᠷ ᠬᠠᠩᠬᠢᠨᠠᠯᠳᠣᠨ ᠨᠠᠷᠠᠨ ᠤ ᠬᠡᠷᠡᠯ ᠳᠤ ᠬᠢᠯᠠᠰ ᠬᠢᠯᠠᠰ ᠬᠢᠯᠳᠠᠭᠠᠨᠠᠵᠣ ᠪᠠᠢ᠌ᠪᠠ᠃ ᠶᠠᠷᠣ ᠡᠴᠡ ᠣᠯᠵᠣ ᠰᠣᠨᠣᠰᠣᠭ᠎ᠠ ᠦᠭᠡᠶ ᠡᠨᠠᠬᠥ ᠨᠥᠰᠡᠷ ᠲᠠᠭᠣᠨ ᠳᠤ ᠠᠳᠣᠭᠣ ᠮᠠᠯ ᠤᠳ ᠦᠷᠬᠥᠨ ᠨᠠᠳᠬᠣᠵᠣ᠂ ᠲᠠᠷᠬᠠᠨ ᠪᠠᠯᠴᠢᠵᠣ ᠪᠠᠢ᠌ᠭᠰᠠᠨ ᠬᠣᠨᠢᠳ ᠨᠢᠬᠡ ᠯᠠ ᠲᠣᠣᠷ᠎ᠠ ᠪᠦᠬᠡᠮᠨᠡᠷᠡᠨ ᠢᠮᠠᠭᠠᠳ ᠲᠣᠷᠬᠢᠨᠠ᠃ ᠲᠡᠬᠡᠳᠡᠯ᠎ᠡ ᠬᠣᠢ᠌ᠨ᠎ᠠ ᠡᠴᠡ ᠠᠳᠣᠭᠣᠴᠢᠨ ᠨᠢᠩᠪᠣ ᠮᠣᠷᠢ ᠪᠠᠨ ᠲᠡᠬᠡᠷ᠎ᠡ ᠲᠡᠬᠡᠷ᠎ᠡ ᠨᠢ ᠲᠠᠪᠢᠷᠠᠨ ᠬᠠᠷᠠᠢ᠌ᠯᠭᠠᠵᠣ ᠶᠠᠪᠣᠬᠣ ᠵᠠᠭᠣᠷ᠎ᠠ᠄
᠊᠊᠊᠊᠊᠊᠊᠊᠊᠊᠊᠊᠊᠊᠊ ᠨᠡᠬᠥ᠂ ᠨᠡᠬᠥ ᠣᠷᠣᠵᠣ ᠢᠷᠠᠯ᠎ᠠ︕ ᠬᠡᠵᠦ ᠪᠠᠷᠬᠢᠷᠠᠨ᠎ᠠ᠃ ᠵᠠᠯᠠᠨ ᠤ ᠬᠣᠳᠠ ᠶᠢᠨ ᠬᠢᠨ ᠡᠨᠠ ᠴᠢᠮᠡᠬᠡ ᠶᠢ ᠰᠣᠨᠣᠰᠣᠭᠠᠳ ᠪᠠᠷᠢᠵᠣ ᠲᠠᠯᠪᠢᠬᠣ ᠪᠠᠨ ᠣᠯ ᠶᠠᠳᠠᠨ ᠰᠠᠠᠳᠣᠷᠪᠠ᠃ ᠲᠡᠬᠡᠳᠡᠯ᠎ᠡ ᠮᠠᠩᠬᠠᠳᠣ ᠶᠢᠨ ᠲᠠᠪᠠᠭ᠎ᠠ ᠶᠢᠨ ᠠᠷᠤ ᠡᠴᠡ ᠴᠠᠭᠠᠨ ᠲᠣᠭᠣᠰᠣ ᠲᠡᠭ᠍ᠳᠡᠨ᠂ ᠶᠠᠪᠠᠭᠠᠨ ᠴᠡᠷᠢᠭ᠌ ᠤᠨ ᠴᠣᠪᠣᠭ᠎ᠠ ᠢᠪ ᠲᠠᠷᠣᠨ ᠣᠷᠣᠵᠣ ᠢᠷᠠᠪᠠ᠃
ᠴᠡᠷᠢᠭ᠌ ᠤᠨ ᠴᠣᠪᠣᠭ᠎ᠠ ᠲᠠᠳᠠᠨ ᠤ ᠪᠠᠷᠠᠭᠣᠨ ᠵᠠᠮ ᠶᠢᠠᠷ ᠥᠩᠬᠡᠷᠡᠵᠦ ᠪᠠᠢ᠌ᠪᠠ᠃ ᠭᠣᠣᠯ ᠵᠠᠮ ᠶᠢᠠᠷ ᠶᠠᠪᠠᠭᠠᠨ ᠴᠡᠷᠢᠭ᠌ ᠴᠣᠪᠣᠵᠣ᠂ ᠬᠣᠶᠠᠷ ᠬᠠᠵᠠᠭᠣ ᠪᠠᠷ ᠨᠢ ᠶᠡᠬᠡ ᠫᠣᠤ ᠭᠣᠵᠣᠢ᠌ᠯᠭᠠᠭᠰᠠᠨ ᠲᠠᠩᠺ ᠲᠥᠷᠴᠢᠬᠢᠨᠡᠵᠦ᠂ ᠪᠠᠢ᠌ᠨ ᠪᠠᠢ᠌ᠨ ᠨᠣᠭᠣᠭᠠᠨ ᠮᠠᠰᠢᠨ ᠲᠠᠪᠬᠢᠯᠳᠣᠨ ᠭᠠᠷᠣᠨ᠎ᠠ᠃ ᠮᠠᠰᠢᠨ ᠲᠣᠳᠣᠷ᠎ᠠ ᠡᠩᠬᠡᠷ ᠲᠡᠭᠡᠨ ᠣᠳᠣᠨ ᠲᠡᠮᠳᠡᠭ ᠬᠢᠯᠠᠯᠵᠠᠭᠣᠯᠣᠭᠰᠠᠨ ᠰᠠᠷᠪᠠᠭᠠᠷ ᠮᠠᠯᠠᠭᠠᠢ ᠲᠡᠶ ᠲᠠᠷᠣᠭ᠎ᠠ ᠨᠡᠷ ᠨᠢ ᠰᠠᠭᠣᠬᠣ ᠪᠦᠬᠡᠥᠨ ᠬᠠᠵᠠᠭᠣ ᠳᠠᠭᠠᠨ ᠦᠨᠢᠶᠡᠨ ᠰᠠᠭᠤᠯᠭ᠎ᠠ ᠲᠡᠬᠥᠵᠢᠯᠡᠭ᠍ᠰᠡᠨ ᠰᠢᠭ᠌ ᠲᠣᠮᠣ ᠬᠦᠬᠥ ᠴᠡᠴᠡᠷᠠᠬᠥᠯᠥᠭᠰᠡᠨ ᠲᠠᠷᠭᠣᠨ ᠡᠮᠠᠰ ᠶᠢᠠᠨ ᠲᠡᠬᠡᠬᠡᠭ᠍ᠰᠡᠨ ᠬᠠᠷᠠᠭᠳᠠᠨ᠎ᠠ᠃ ᠡᠳᠡᠬᠡᠷ ᠴᠡᠷᠢᠭ᠌ ᠪᠣᠯ ᠨᠠᠷᠠᠨ ᠢ ᠬᠦᠬᠡᠬᠡᠵᠦ ᠭᠠᠷᠭᠠᠬᠣ ᠪᠠᠷ ᠢᠷᠡᠭ᠍ᠰᠡᠨ ᠣᠷᠣᠰ ᠤᠨ ᠬᠣᠯᠪᠣᠭᠠᠳᠣ ᠴᠡᠷᠢᠭ᠌ ᠬᠡᠵᠦ ᠰᠣᠨᠣᠰᠣᠭᠠᠳ ᠬᠦᠮᠥᠰ ᠤᠨ ᠰᠠᠳᠬᠢᠯ ᠪᠠᠬᠠᠨ ᠲᠠᠯᠪᠢᠭᠣᠷᠠᠵᠣ ᠠᠭᠣᠵᠢᠷᠠᠭᠰᠠᠨ ᠪᠣᠯᠪᠠᠴᠣ ᠡᠬᠡ ᠡᠴᠡ ᠲᠦᠷᠦᠭᠰᠡᠨ ᠴᠠᠭ ᠡᠴᠡ ᠪᠠᠨ ᠠᠪᠣᠭᠠᠳ ᠡᠳᠣᠢ ᠠᠷᠪᠢᠨ ᠫᠣᠤ ᠰᠠ ᠮᠥᠷᠥᠯᠠᠵᠦ᠂ ᠬᠢᠳᠣᠭ᠎ᠠ ᠰᠠᠯᠠᠮ᠎ᠠ ᠬᠢᠯᠠᠯᠵᠠᠭᠣᠯᠣᠭᠰᠠᠨ ᠴᠡᠷᠢᠭ᠌ ᠢ ᠰᠠᠶᠢ ᠯᠠ ᠦᠵᠡᠵᠦ ᠪᠠᠢᠢᠭ᠎ᠠ ᠲᠣᠯᠠ ᠲᠠᠨᠢᠬᠤ ᠦᠭᠡᠶ ᠬᠦᠮᠥᠨ ᠡᠴᠠ ᠪᠦᠱᠦᠬᠥᠷᠬᠡᠵᠦ ᠡᠬᠡ ᠶᠢᠨ ᠶᠢᠠᠨ ᠠᠷᠤ ᠪᠠᠷ ᠰᠢᠷᠭᠣᠬᠣ ᠪᠢᠴᠢᠬᠠᠨ ᠬᠡᠣᠬᠡᠥᠨ ᠰᠢᠭ᠌ ᠬᠣᠯᠠᠭ ᠬᠠᠯᠠᠭ ᠬᠡᠵᠦ᠂ ᠰᠢᠬᠡᠬᠥ ᠪᠠᠨ ᠬᠦᠷᠳᠡᠯ᠎ᠡ ᠲᠠᠭᠣ ᠭᠠᠷᠭᠠᠬᠣ ᠦᠭᠡᠶ ᠵᠢ ᠬᠢᠴᠢᠶᠡᠳᠡᠭ ᠪᠠᠢ᠌ᠪᠠ᠃
ᠨᠠᠷᠠ ᠵᠢᠷᠭᠠᠬᠣ ᠬᠢᠷᠢ ᠪᠠᠷ ᠴᠡᠷᠢᠭ᠌ ᠤᠨ ᠴᠣᠪᠣᠭ᠎ᠠ ᠣᠷᠣᠭᠰᠢᠯᠠᠬᠣ ᠪᠠᠨ ᠵᠤᠭᠰᠣᠵᠣ ᠨᠢᠬᠡ ᠪᠦᠯᠥᠭ ᠴᠡᠷᠢᠭ᠌ ᠣᠰᠣᠨ ᠡᠬᠢ ᠡᠴᠠ ᠲᠠᠮᠠᠢ ᠬᠤᠯᠠ ᠦᠭᠡᠢ ᠬᠠᠮᠠᠷ ᠲᠠᠪᠠᠭᠠᠨ ᠤ ᠠᠷᠤ ᠳᠤ ᠪᠠᠭᠣᠳᠠᠯᠯᠠᠪᠠ᠃ ᠲᠠᠳᠠ ᠣᠳᠠᠭᠰᠠᠨ ᠴᠤ ᠦᠭᠡᠶ ᠲᠥᠷᠪᠡᠯᠵᠢᠨ ᠮᠠᠢ᠌ᠬᠠᠨ ᠶᠢᠠᠨ ᠪᠣᠰᠬᠠᠨ᠂ ᠢᠯᠨ ᠭᠠᠯ ᠲᠥᠯᠠᠵᠦ ᠡᠬᠢᠯᠠᠪᠠ᠃ ᠴᠡᠷᠢᠭ᠌ ᠤᠨ ᠮᠠᠢ᠌ᠬᠠᠨ ᠤᠳ ᠤᠨ ᠡᠮᠣᠨ᠎ᠠ ᠡᠴᠡ ᠰᠢᠩᠬᠡᠨ ᠶᠠᠭᠠᠨ ᠣᠳᠣᠭ᠎ᠠ ᠰᠣᠭᠣᠨᠠᠭᠯᠠᠨ᠂ ᠬᠦᠨ ᠴᠠᠩᠬᠡᠷ ᠣᠭᠳᠠᠷᠭᠣᠢ ᠳᠤ ᠠᠭᠠᠵᠢᠮ ᠶᠢᠠᠷ ᠵᠠᠮᠬᠠᠷᠠᠨ᠎ᠠ᠃ ᠲᠠᠳᠠ ᠭᠠᠯ ᠶᠢᠠᠨ ᠲᠣᠭᠣᠷᠢᠨ ᠰᠠᠭᠣᠭᠠᠳ ᠲᠥᠷᠬᠢᠯᠳᠥᠨ᠂ ᠵᠠᠷᠢᠮ ᠨᠢ ᠪᠣᠷᠭᠠᠰᠣᠨ ᠲᠣᠮᠳᠠ ᠲᠠᠣᠯᠠᠢ ᠬᠠᠷᠪᠣᠵᠣ ᠪᠠᠢ᠌ᠭ᠎ᠠ ᠪᠣᠯᠣᠯᠳᠠᠢ᠂ ᠪᠠᠢ᠌ᠨ ᠪᠠᠢ᠌ᠨ ᠫᠣᠤ ᠶᠢᠨ ᠲᠠᠭᠣᠨ ᠭᠠᠷᠴᠣ᠂ ᠬᠣᠶᠠᠷ ᠲᠠᠯ᠎ᠠ ᠶᠢᠨ ᠬᠠᠳᠠᠨ ᠳᠤ ᠮᠥᠷᠬᠥᠨ ᠣᠳᠠᠳᠠᠯ᠎ᠠ ᠴᠣᠣᠷᠢᠶᠠᠳᠣᠨᠠ᠃
ᠪᠣᠷᠭᠠᠰᠣᠨ ᠲᠣᠮᠳᠠ ᠡᠴᠡ ᠭᠣᠷᠪᠠᠨ ᠬᠦᠮᠥᠨ ᠭᠠᠷᠴᠣ ᠢᠷᠡᠬᠡᠥᠨ ᠰᠢᠭᠣᠳ ᠲᠠᠷᠪᠠ ᠵᠠᠯᠠᠨ ᠤ ᠬᠣᠳᠠ ᠶᠢ ᠴᠢᠭ᠍ᠯᠠᠨ ᠢᠷᠠᠯ᠎ᠠ᠃ ᠡᠮᠥᠰᠥᠭᠰᠡᠨ ᠬᠣᠪᠴᠠᠰᠣᠨ ᠡᠴᠡ ᠨᠢ ᠣᠷᠣᠰ ᠴᠡᠷᠢᠭ᠌ ᠪᠣᠯᠬᠤ ᠶᠢ ᠮᠡᠳᠡᠬᠡᠥᠨ ᠵᠠᠯᠠᠨ ᠤ ᠬᠢᠨ ᠵᠦᠬᠡᠢ ᠶᠢᠨ ᠡᠬᠥᠷ ᠭᠣᠳᠣᠯᠣᠭᠰᠠᠨ ᠰᠢᠭ ᠲᠠᠪᠵᠢᠶᠠᠷᠠᠪᠠ᠃ ᠶᠡᠬᠡ ᠬᠠᠳᠣᠨ ᠣᠣᠯᠭ᠎ᠠ ᠠᠯᠳᠠᠨ ᠰᠠᠠᠳᠣᠷᠬᠣ ᠳᠤ ᠺᠠᠢ ᠬᠣᠧᠨ ᠭᠠᠷ ᠡᠴᠡ ᠨᠢ ᠬᠦᠳᠥᠯᠥᠨ ᠠᠷᠤ ᠶᠢᠨ ᠬᠡᠷ ᠲᠡᠭᠡᠨ ᠳᠠᠭᠠᠭᠤᠯᠵᠤ ᠤᠷᠤᠪᠠ᠃ ᠲᠠᠷᠠ᠂ ᠭᠠᠶᠠ ᠶᠢ ᠣᠷᠣ ᠶᠢᠨ ᠪᠣᠯᠣᠩ ᠳᠤ ᠬᠡᠪᠳᠡᠬᠥᠯᠵᠦ᠂ ᠨᠠᠭᠠᠨ᠎ᠠ ᠡᠴᠡ ᠨᠢ ᠬᠦᠠᠵᠢᠯᠡ ᠪᠠᠷ ᠲᠠᠷᠣᠵᠣ ᠲᠠᠯᠪᠢᠪᠠ᠃ ᠬᠡᠪᠡᠴᠦ ᠭᠠᠶᠠ ᠠᠶᠣᠬᠣ ᠡᠴᠠ ᠪᠠᠨ ᠰᠣᠨᠢᠭᠣᠴᠢ ᠲᠥᠷᠣᠬᠥ ᠨᠢ ᠢᠯᠡᠬᠥᠤ ᠪᠠᠢ᠌ᠵᠣ᠂ ᠬᠦᠠᠵᠢᠯᠡ ᠶᠢᠨ ᠴᠠᠭᠠᠨ᠎ᠠ ᠡᠴᠡ ᠲᠣᠯᠣᠭᠠᠢ ᠪᠠᠨ ᠪᠣᠯᠳᠠᠢ᠌ᠯᠭᠠᠨ ᠬᠠᠷᠠᠨ᠎ᠠ᠃ ᠶᠡᠬᠡ ᠬᠡᠷ ᠲᠤ ᠵᠠᠯᠠᠨ ᠭᠠᠭᠴᠠᠭᠠᠷ ᠦᠯᠠᠳᠡᠪᠡ᠃ ᠲᠠᠷᠠ᠂ ᠣᠢ᠌ᠷᠠᠳᠣᠨ ᠢᠷᠡᠬᠥ ᠭᠣᠷᠪᠠᠨ ᠴᠡᠷᠢᠭ᠌ ᠡᠴᠡ ᠵᠢᠷᠥᠬᠡᠰᠢᠶᠡᠵᠦ ᠪᠠᠢ᠌ᠪᠠᠴᠣ ᠠᠵᠢᠭ ᠴᠤ ᠦᠭᠡᠶ ᠬᠦᠮᠥᠨ ᠤ ᠲᠥᠷᠢᠯᠡᠨ᠂ ᠰᠢᠳᠣ ᠪᠠᠨ ᠰᠢᠬᠢᠴᠢᠯᠠᠨ ᠬᠠᠨᠠᠨ ᠨᠢᠳᠣ ᠪᠠᠷ ᠬᠠᠷᠠᠵᠣ ᠰᠠᠭᠤᠪᠠ᠃ ᠵᠠᠯᠠᠨ ᠤ ᠪᠢᠷᠠᠭᠣᠨ ᠴᠢᠨᠡᠬᠡ ᠪᠦᠲᠦᠬᠥᠨ ᠨᠣᠬᠠᠳ ᠴᠤ ᠫᠣᠤ ᠰᠠ ᠲᠡᠶ ᠬᠦᠮᠥᠨ ᠢ ᠦᠵᠡᠬᠡᠥᠨ ᠬᠣᠯᠠᠭᠣᠷ ᠲᠣᠭᠣᠷᠢᠨ ᠬᠣᠴᠠᠬᠣ ᠡᠴᠡ ᠪᠢᠰᠢ ᠱᠣᠳᠣᠷᠴᠣ ᠣᠷᠣᠬᠣ ᠦᠬᠡᠢ ᠪᠡᠢ᠌ᠯᠡ᠃ ᠭᠣᠷᠪᠠᠨ ᠴᠡᠷᠢᠭ᠌ ᠮᠥᠷᠥᠯᠡᠭ᠍ᠰᠡᠨ ᠫᠣᠤ ᠪᠠᠨ ᠡᠬᠥᠳᠡᠨ ᠭᠠᠳᠠᠨ᠎ᠠ ᠬᠠᠨ᠎ᠠ ᠲᠥᠰᠢᠬᠥᠯᠵᠦ ᠲᠠᠯᠪᠢᠭᠠᠳ ᠬᠡᠷ ᠲᠤ ᠣᠷᠣᠪᠠ᠃ ᠲᠠᠳᠠ ᠶᠠᠭᠣ ᠨᠢᠬᠡ ᠶᠠᠭᠣᠮ᠎ᠠ ᠠᠪᠬᠣ ᠬᠡᠵᠦ ᠪᠠᠢ᠌ᠭ᠎ᠠ ᠪᠣᠯᠣᠯᠳᠠᠢ᠂ ᠭᠠᠷ ᠬᠣᠷᠣᠭᠣ ᠪᠠᠷ ᠶᠢᠠᠨ ᠵᠢᠭᠠᠵᠣ ᠲᠣᠬᠢᠯᠠᠨ᠂ ᠠᠮᠨ ᠣᠷᠣᠭᠣ ᠪᠠᠨ ᠬᠢᠬᠥ ᠲᠦᠷᠢ ᠭᠠᠷᠭᠠᠨ᠎ᠠ᠃ 《ᠢᠳᠡᠬᠥ ᠶᠠᠭᠣᠮ᠎ᠠ ᠪᠣᠯᠪᠠ ᠦᠦ︖》 ᠬᠡᠵᠦ ᠲᠠᠷᠪᠠ ᠵᠠᠯᠠᠨ ᠵᠠᠬᠥᠨ ᠬᠣᠷᠭᠣᠨ ᠲᠡᠬᠡᠷ᠎ᠡ ᠲᠠᠯᠪᠢᠭᠠᠰᠣᠳᠠᠢ ᠲᠠᠪᠠᠭ ᠡᠴᠡ ᠬᠣᠷᠣᠳ ᠠᠪᠴᠣ ᠦᠭ᠍ᠬᠥ ᠳᠤ ᠲᠠᠳᠠ ᠵᠠᠷᠬᠡ ᠪᠠᠷ ᠲᠣᠯᠣᠭᠠᠢ ᠰᠡᠭ᠍ᠰᠥᠷᠪᠡ᠃ ᠲᠡᠬᠡᠳᠡᠯ᠎ᠡ ᠨᠢᠬᠡ ᠴᠡᠷᠢᠭ᠌ ᠨᠢ ᠪᠣᠰᠴᠣ ᠪᠣᠷᠬᠠᠨ ᠭᠦᠩᠭ᠋ᠠᠷᠪᠠ ᠲᠡᠬᠡᠷᠡᠬᠢ ᠵᠤᠯᠠ ᠶᠢᠨ ᠴᠦᠬᠥᠴᠡ ᠶᠢ ᠠᠪᠴᠣ ᠬᠦᠠᠳᠥᠷᠴᠦ ᠪᠠᠢ᠌ᠭ᠎ᠠ ᠮᠠᠶᠢᠭ ᠦᠵᠡᠬᠥᠯᠬᠥ ᠳᠤ ᠵᠠᠯᠠᠨ ᠰᠠᠶᠢ ᠣᠢ᠌ᠯᠠᠭᠠᠵᠣ᠄
᠊᠊᠊᠊᠊᠊᠊᠊᠊᠊᠊᠊᠊᠊᠊ ᠠᠷᠢᠬᠢ ᠠᠪᠴᠢᠷᠨ︕ ᠬᠡᠵᠦ ᠬᠠᠰᠬᠢᠷᠪᠠ᠃ ᠺᠠᠢ ᠬᠣᠧᠨ ᠠᠷᠤ ᠬᠡᠷ ᠡᠴᠡ ᠪᠠᠨ ᠬᠦᠶᠥᠨ ᠭᠠᠷᠴᠣ ᠢᠷᠡᠬᠡᠥᠨ ᠪᠣᠳᠣᠩ ᠲᠡᠶ ᠠᠷᠢᠬᠢ ᠵᠢ ᠣᠢ᠌ᠷᠠᠳᠣᠭᠣᠯᠵᠣ ᠦᠭ᠍ᠪᠡ᠃ ᠠᠷᠢᠬᠢᠨ ᠦᠨᠥᠷ ᠠᠪᠣᠭᠠᠳ ᠲᠠᠳᠠ 《ᠣ᠂ ᠡᠨ》 ᠪᠠᠷᠬᠢᠷᠠᠨ᠂ ᠨᠢᠬᠡᠨ ᠤ ᠪᠠᠨ ᠦᠨᠳᠡᠬᠡᠨ ᠬᠠᠴᠠᠷ ᠢ ᠱᠣᠪ ᠬᠡᠳᠡᠯ᠎ᠡ ᠦᠨᠥᠰᠣᠬᠡᠥᠨ ᠠᠪᠣᠪᠠ᠃ ᠲᠠᠷᠪᠠ᠂ ᠠᠷᠢᠬᠢ ᠪᠠᠨ ᠠᠶᠠᠭᠠᠯᠠᠵᠣ᠂ ᠰᠠᠢ᠌ᠨ ᠠᠷᠢᠬᠢ ᠪᠠᠢ᠌ᠨ᠎ᠠ ᠬᠡᠵᠦ ᠡᠷᠠᠬᠡᠢ ᠭᠣᠵᠣᠢ᠌ᠯᠭᠠᠬᠣ ᠳᠤ ᠲᠠᠳᠠ ᠠᠶᠠᠭ᠎ᠠ ᠲᠡᠶ ᠠᠷᠢᠬᠢ ᠶᠢ ᠠᠪᠴᠣ ᠬᠦᠠᠳᠥᠷᠣᠬᠡᠥᠨ ᠮᠦᠨ ᠡᠷᠠᠬᠡᠢ ᠬᠣᠷᠣᠭᠣ ᠭᠣᠵᠣᠢ᠌ᠯᠭᠠᠪᠠ᠃ ᠡᠨᠠ ᠬᠣᠭᠣᠷᠣᠠᠳᠣ ᠭᠠᠶᠠ ᠰᠡᠮᠠᠬᠡᠷ ᠭᠠᠷᠴᠣ ᠢᠷᠡᠬᠡᠥᠨ ᠬᠠᠨᠠᠨ ᠨᠢᠳᠣ ᠪᠠᠷ ᠱᠠᠭᠠᠢ᠌ᠵᠣ ᠦᠵᠡᠪᠡ᠃ ᠭᠣᠷᠪᠠᠨ ᠬᠦᠮᠥᠨ ᠠᠳᠠᠯᠢᠬᠠᠨ ᠪᠦᠷ ᠦᠨᠳᠥᠷ ᠬᠢᠩᠭ᠋ᠠᠨ ᠬᠠᠮᠠᠷ᠂ ᠠᠳᠣᠷᠢᠯᠳᠣᠭᠰᠠᠨ ᠰᠢᠷ᠎ᠠ ᠦᠰᠣᠳᠡᠢ ᠪᠦᠬᠡᠥᠨ ᠴᠠᠩᠬᠡᠷ ᠨᠣᠭᠣᠭᠠᠨ ᠨᠢᠳᠣ ᠨᠢ ᠨᠦᠬᠡᠨ ᠳᠤ ᠣᠷᠣᠭᠰᠠᠨ ᠲᠠᠣᠯᠠᠢ ᠰᠢᠭ ᠬᠣᠯᠠ ᠴᠠᠭᠠᠨ᠎ᠠ ᠬᠢᠯᠠᠯᠵᠠᠵᠣ ᠪᠠᠢ᠌ᠪᠠ᠃ ᠬᠣᠢ᠌ᠮᠣᠷ ᠰᠠᠭᠣᠭᠰᠠᠨ ᠬᠦᠮᠥᠨ ᠤ ᠨᠢᠷᠣᠭᠣ ᠨᠢ ᠨᠠᠮᠬᠠᠨ ᠴᠤ ᠬᠦᠯ ᠣᠷᠳᠣ ᠪᠤᠯᠬᠤᠷ ᠵᠠᠪᠢᠯᠠᠵᠣ ᠰᠠᠭᠣᠵᠣ ᠴᠢᠳᠠᠬᠣ ᠦᠭᠡᠶ ᠪᠣᠯᠣᠯᠳᠠᠢ᠂ ᠠᠯᠴᠠᠢ᠌ᠵᠣ ᠰᠠᠭᠣᠭᠠᠳ ᠠᠯᠠᠨ ᠬᠣᠭᠣᠷᠣᠠᠳᠣ ᠪᠠᠨ ᠠᠶᠠᠭ᠎ᠠ ᠲᠡᠶ ᠠᠷᠢᠬᠢ ᠪᠠᠨ ᠲᠠᠯᠪᠢᠭᠰᠠᠨ ᠪᠠᠢ᠌ᠪᠠ᠃ ᠭᠠᠯ ᠤᠨ ᠪᠠᠷᠠᠭᠣᠨ ᠳᠤ ᠰᠠᠭᠣᠭᠰᠠᠨ ᠬᠣᠶᠠᠷ ᠤᠨ ᠡᠴᠠᠩᠬᠡᠷ ᠰᠢᠷ᠎ᠠ ᠨᠢ ᠲᠠᠢ᠌ᠰᠠ ᠲᠡᠶ ᠰᠣᠮᠣ ᠪᠠᠨ ᠲᠣᠣᠷ᠎ᠠ ᠪᠠᠨ ᠲᠠᠪᠢᠰᠴᠣ ᠵᠠᠪᠢᠯᠠᠨ ᠰᠠᠭᠣᠭᠠᠳ ᠠᠷᠢᠬᠢ ᠪᠠᠨ ᠵᠠᠯᠬᠢᠯᠠᠬᠣ ᠳᠤ ᠲᠦᠪᠣᠩᠬᠡᠢ ᠨᠢ ᠬᠦᠳᠥᠯᠵᠡᠵᠦ᠂ ᠣᠰᠣ ᠵᠠᠯᠬᠢᠬᠣ ᠲᠠᠬᠢᠶ᠎ᠠ ᠰᠢᠭ ᠬᠦᠵᠦᠬᠥᠤ ᠨᠢ ᠭᠣᠷᠳᠠᠢ᠌ᠯᠵᠠᠨᠠ᠃ ᠨᠦᠬᠥᠬᠡ ᠳᠠᠪᠬᠤᠷ ᠡᠷᠠᠤ ᠪᠠᠭᠣᠭᠰᠠᠨ ᠶᠣᠯᠬᠣᠭᠣᠷ ᠬᠡᠳᠡᠰᠣᠳᠡᠢ ᠬᠦᠮᠥᠨ ᠬᠠᠷᠢᠨ ᠪᠦᠰᠡᠯᠡᠭ᠍ᠰᠡᠨ ᠰᠣᠮᠣ ᠪᠠᠨ ᠪᠠᠢ᠌ᠮ ᠬᠣᠯᠠ ᠵᠠᠢ᠌ᠴᠠ ᠶᠢᠨ ᠲᠠᠠᠳᠠ ᠬᠠᠶᠠᠴᠢᠬᠠᠭᠠᠳ ᠠᠷᠢᠬᠢ ᠲᠡᠶ ᠪᠠᠨ ᠵᠠᠭᠣᠷᠠᠵᠣ᠂ ᠠᠮᠠᠨ ᠳᠠᠭᠠᠨ ᠶᠠᠭᠣ ᠨᠢᠬᠡ ᠶᠠᠭᠣᠮ᠎ᠠ ᠶᠠᠷᠢᠵᠣ ᠪᠠᠢ᠌ᠪᠠ᠃ ᠠᠪᠣ ᠨᠢ ᠲᠠᠳᠠ ᠭᠣᠷᠪᠠ ᠶᠢᠨ ᠲᠣᠮᠳᠠ ᠬᠠᠪᠴᠢᠭᠳᠠᠨ ᠰᠠᠭᠣᠭᠠᠳ ᠶᠠᠭᠠᠬᠢᠬᠣ ᠪᠠᠨ ᠣᠯᠬᠣ ᠦᠭᠡᠶ ᠬᠣᠯᠴᠢᠭᠠᠨᠠᠵᠣ᠂ ᠠᠶᠠᠭ᠎ᠠ ᠲᠡᠶ ᠠᠷᠢᠬᠢᠨ ᠳᠠᠭᠠᠨ ᠣᠷᠣᠭᠣᠯ ᠬᠦᠷᠬᠦᠢ᠌ᠴᠡ ᠪᠣᠯᠣᠭᠠᠳ ᠠᠯᠪᠠ ᠪᠠᠷ ᠢᠨᠢᠶᠡᠬᠥ ᠳ᠋ᠤᠨᠢ ᠨᠢᠭᠣᠷ ᠤᠨ ᠠᠷᠠᠰᠣ ᠨᠢ ᠲᠠᠳᠠᠪᠠᠯᠵᠠᠵᠣ᠂ ᠬᠠᠴᠢᠨ ᠡᠪ ᠦᠭᠡᠶ ᠦᠵᠡᠭ᠍ᠳᠡᠨ᠎ᠡ᠃ ᠬᠡᠪᠡᠴᠦ ᠦᠨᠦᠬᠢ ᠭᠣᠷᠪᠠᠨ ᠴᠡᠷᠢᠭ᠌ ᠡᠬᠥᠨ ᠢ ᠠᠩᠵᠠᠭᠠᠷᠠᠬᠣ ᠵᠠᠪ ᠪᠠᠢ᠌ᠭᠰᠠᠨ ᠦᠭᠡᠶ᠃ ᠣᠮᠳᠠᠭᠠᠰᠣᠭᠰᠠᠨ ᠬᠣᠨᠢ ᠣᠩᠭ᠋ᠣᠴᠠ ᠲᠡᠶ ᠣᠰᠣᠨ ᠳᠤ ᠰᠢᠪᠠᠬᠣ ᠰᠢᠭ ᠠᠷᠢᠬᠢ ᠲᠡᠶ ᠪᠠᠨ ᠵᠠᠭᠣᠷᠠᠭᠰᠠᠭᠠᠷ ᠣᠳᠠᠭᠰᠠᠨ ᠴᠤ ᠦᠭᠡᠶ ᠰᠣᠭᠳᠣᠴᠢᠬᠠᠪᠠ᠃ ᠲᠠᠳᠠ ᠪᠣᠳᠣᠩ ᠲᠡᠶ ᠠᠷᠢᠬᠢ ᠶᠢᠨ ᠢᠷᠣᠭᠠᠷ ᠢ ᠭᠠᠷᠭᠠᠭᠠᠳ ᠬᠡᠯᠬᠢᠶᠡᠷᠡᠯᠳᠥᠨ ᠭᠠᠷᠴᠣ ᠶᠠᠪᠣᠯ᠎ᠠ᠃ ᠡᠴᠠᠩᠬᠡᠷ ᠰᠢᠷ᠎ᠠ ᠨᠢ ᠡᠷᠬᠢᠬᠡ ᠣᠷᠣᠭᠰᠠᠨ ᠬᠣᠨᠢ ᠰᠢᠭ ᠮᠣᠷᠢᠨ ᠪᠣᠯᠣᠭ᠎ᠠ ᠲᠣᠭᠣᠷᠢᠨ ᠬᠡᠲᠦ ᠡᠷᠬᠢᠬᠡᠥᠨ ᠰᠠᠪᠠᠵᠣ ᠣᠨᠠᠪᠠ᠃ ᠨᠦᠬᠥᠬᠡ ᠬᠣᠶᠠᠷ ᠨᠢ ᠬᠣᠭᠣᠷᠣᠠᠳᠣ ᠪᠠᠨ ᠦᠬᠡ ᠪᠣᠯᠢᠶᠠᠯᠳᠣᠨ ᠶᠠᠷᠬᠢᠵᠣ ᠪᠠᠢ᠌ᠭᠰᠠᠭᠠᠷ ᠫᠣᠤ ᠬᠠᠷᠪᠣᠵᠣ ᠮᠥᠷᠦᠢ᠌ᠴᠡᠬᠥ ᠪᠣᠯᠪᠠ᠃ ᠬᠣᠶᠠᠭᠣᠯᠠ ᠡᠢ᠌ᠰᠢ ᠲᠠᠢ᠌ᠰᠢ ᠨᠢᠳᠣ ᠬᠠᠶᠠᠵᠣ ᠪᠠᠢ᠌ᠭᠰᠠᠭᠠᠷ ᠲᠡᠭ᠍ᠷᠢ ᠶᠢᠨ ᠲᠠᠩᠨᠠᠢ ᠳᠤ ᠨᠢᠰᠴᠣ ᠪᠠᠢ᠌ᠭ᠎ᠠ ᠭᠠᠯᠠᠭᠤ ᠶᠢ ᠣᠯᠵᠣ ᠦᠵᠡᠪᠡ᠃ ᠲᠠᠷᠭᠣᠨ ᠬᠡᠳᠡᠰᠣᠲᠦ᠂ ᠪᠣᠯᠠᠭ᠎ᠠ ᠶᠢ ᠲᠥᠰᠢᠵᠦ ᠪᠠᠢ᠌ᠭᠠᠳ ᠭᠠᠯᠠᠭᠤ ᠶᠢ ᠣᠨᠢᠯᠠᠨ ᠬᠠᠷᠪᠣᠬᠣ ᠳᠤ ᠬᠠᠮᠣᠭ ᠲᠥᠷᠣᠬᠥᠤ ᠨᠢᠰᠴᠣ ᠪᠠᠢ᠌ᠭᠰᠠᠨ ᠨᠢᠬᠡ ᠨᠢ ᠲᠠᠯᠪᠠᠯᠵᠠᠨ ᠪᠠᠭᠣᠵᠣ ᠢᠷᠠᠪᠠ᠃ ᠲᠣᠷᠣᠭᠰᠢ ᠲᠣᠨᠣᠭᠠᠳ ᠢᠷᠠᠳᠠᠯ᠎ᠠ ᠦᠨᠳᠥᠷ ᠰᠠᠯᠳᠠᠭᠠᠳᠣ ᠫᠣᠤ ᠪᠠᠨ ᠣᠨᠢᠯᠠᠭᠰᠠᠨ ᠴᠤ ᠦᠭᠡᠶ ᠪᠠᠷ ᠭᠣᠬᠠᠳᠠᠬᠣ ᠳᠤ ᠯᠠᠪᠳᠠᠯᠵᠠᠵᠣ ᠪᠠᠢ᠌ᠭᠰᠠᠨ ᠭᠠᠯᠠᠭᠣ ᠲᠠᠬᠢᠨ ᠰᠣᠮᠣᠨ ᠳᠤ ᠰᠦᠪᠡᠯᠡᠭ᠍ᠳᠡᠵᠦ ᠬᠡᠳᠥᠨ ᠲᠠᠢ᠌ᠰᠢ ᠪᠣᠳᠠᠷᠠᠭᠠᠳ᠂ ᠦᠲᠦ ᠨᠣᠣᠯᠣᠭᠣᠷ ᠨᠢ ᠬᠡᠢ ᠠᠭᠠᠷ ᠲᠡᠬᠡᠷ᠎ᠡ ᠴᠠᠰᠣᠨ ᠯᠠᠪᠰᠠ ᠰᠢᠭ ᠪᠣᠳᠠᠷᠠᠪᠠ᠃ ᠬᠣᠶᠠᠭᠣᠯᠠ᠂ ᠮᠠᠳ ᠪᠣᠯᠣᠭᠰᠠᠨ ᠡᠴᠠᠩᠬᠡᠢ ᠰᠢᠷ᠎ᠡ ᠪᠠᠨ ᠬᠠᠶᠠᠭᠠᠳ ᠲᠠᠳᠠᠯᠴᠠᠵᠣ ᠵᠠᠭᠣᠷᠠᠯᠳᠣᠭᠰᠠᠭᠠᠷ ᠶᠠᠪᠣᠵᠣ ᠣᠣᠠᠪᠠ᠃ ᠵᠠᠯᠠᠨ᠂ ᠨᠢᠩᠪᠦ ᠶᠢ ᠵᠠᠷᠣᠵᠣ ᠰᠣᠭᠳᠣᠭᠰᠠᠨ ᠴᠡᠷᠢᠭ᠌ ᠢ ᠪᠠᠭᠣᠭᠰᠠᠨ ᠭᠠᠵᠠᠷ ᠨᠢ ᠠᠪᠠᠴᠢᠵᠣ ᠦᠭ᠌︕ ᠬᠡᠪᠡ᠃ ᠨᠢᠩᠪᠣ ᠡᠮᠠᠬᠡᠯ ᠲᠡᠬᠡᠷ᠎ᠡ ᠪᠠᠨ ᠡᠴᠠᠩᠬᠡᠢ ᠰᠢᠷ᠎ᠠ ᠶᠢ ᠬᠦᠠᠳᠡᠯᠡᠨ ᠠᠴᠢᠵᠣ᠂ ᠮᠣᠷᠢ ᠪᠠᠨ ᠬᠦᠳᠥᠯᠥᠨ ᠶᠠᠪᠣᠯ᠎ᠠ᠃ ᠨᠠᠯᠢᠶᠠᠳ ᠣᠳᠠᠭᠠᠳ ᠪᠣᠴᠠᠵᠣ ᠢᠷᠡᠬᠥ ᠳ᠋ᠤᠨᠢ ᠨᠢᠩᠪᠣ ᠡᠴᠡ᠄
᠊᠊᠊᠊᠊᠊᠊᠊᠊᠊᠊᠊᠊᠊᠊ ᠲᠠᠳᠠ ᠴᠢᠮ᠎ᠠ ᠶᠢ ᠶᠠᠭᠠᠬᠢᠪᠠ︖ ᠬᠡᠵᠦ ᠠᠰᠠᠭᠣᠪᠠᠯ ᠨᠢᠩᠪᠣ᠂ ᠡᠪᠣᠷ ᠡᠴᠡ ᠪᠠᠨ ᠬᠡᠥᠷᠰᠢᠵᠦ ᠬᠠᠷᠠᠯᠠᠭᠰᠠᠨ ᠪᠣᠣᠪᠣ ᠭᠠᠷᠭᠠᠵᠣ᠄
᠊᠊᠊᠊᠊᠊᠊᠊᠊᠊᠊᠊᠊᠊᠊ ᠲᠠᠳᠠ ᠡᠢ᠌ᠮᠣ ᠶᠠᠭᠣᠮ᠎ᠠ ᠢᠳᠡᠳᠡᠭ ᠪᠠᠢ᠌ᠬ᠎ᠠ︖ ᠬᠡᠪᠡ᠃ ᠨᠢᠩᠪᠣ᠂ ᠰᠣᠭᠳᠣᠭᠰᠠᠨ ᠴᠡᠷᠢᠭ᠌ ᠢ ᠬᠦᠷᠬᠡᠵᠦ ᠶᠠᠪᠣᠬᠣ ᠵᠠᠮ ᠳᠠᠭᠠᠨ ᠪᠦᠰᠡᠯᠠᠬᠥᠷ ᠡᠴᠡ ᠨᠢ ᠨᠠᠯᠢᠶᠠᠳ ᠬᠡᠳᠥᠨ ᠰᠣᠮᠣ ᠠᠪᠴᠣ ᠪᠣᠷᠭᠠᠰᠣᠨ ᠪᠣᠳᠠᠨ ᠳᠤ ᠨᠢᠭᠣᠵᠣ ᠲᠠᠯᠪᠢᠭᠰᠠᠨ ᠶᠢᠠᠨ ᠠᠮᠠᠨ ᠵᠢᠪᠳᠡᠷᠠᠬᠡ ᠭᠠᠷᠭᠠᠭᠰᠠᠨ ᠦᠭᠡᠶ᠃
ᠮᠠᠷᠭᠠᠰᠢ ᠦᠷᠯᠦᠬᠡ ᠨᠢ ᠭᠠᠶᠠ ᠡᠷᠳᠠ ᠪᠣᠰᠴᠣ ᠰᠠᠶᠢ ᠰᠠᠭᠠᠭᠰᠠᠨ ᠦᠨᠢᠶᠡᠨ ᠰᠥ᠋ ᠶᠢ ᠲᠠᠪᠰᠢᠨ ᠳᠤ ᠬᠢᠵᠣ ᠨᠣᠬᠠᠢ ᠶᠢᠨ ᠬᠦᠯᠦᠬᠡ ᠳᠡᠭᠡᠨ ᠲᠣᠯᠢᠶᠠᠯᠭᠠᠵᠣ ᠪᠠᠢ᠌ᠳᠠᠯ᠎ᠠ ᠨᠢᠩᠪᠣ᠂ ᠮᠣᠷᠢ ᠪᠠᠨ ᠬᠦᠳᠥᠯᠥᠨ ᠪᠣᠷᠭᠠᠰᠣ ᠣᠷᠣᠭᠣ ᠣᠷᠣᠬᠣ ᠨᠢ ᠦᠵᠡᠭ᠍ᠳᠡᠪᠡ᠃ ᠲᠠᠷᠠ᠂ ᠨᠢᠩᠪᠣ ᠶᠢᠨ ᠬᠣᠢ᠌ᠨ᠎ᠠ ᠡᠴᠡ ᠬᠦᠶᠥᠵᠦ᠂ ᠪᠣᠳᠠ ᠪᠣᠷᠭᠠᠰᠣ ᠲᠠᠯᠳᠠᠯᠠᠨ ᠦᠵᠡᠬᠥ ᠳᠤ ᠲᠠᠷᠠ᠂ ᠪᠣᠳᠠᠨ ᠤ ᠣᠭ ᠲᠤ ᠰᠠᠭᠣᠭᠠᠳ ᠭᠠᠵᠠᠷ ᠮᠠᠯᠳᠠᠨ ᠬᠢᠯᠠᠯᠵᠠᠭᠰᠠᠨ ᠰᠢᠷ᠎ᠠ ᠶᠠᠭᠣᠮ᠎ᠠ ᠭᠠᠷᠭᠠᠵᠣ ᠠᠪᠣᠭᠠᠳ ᠦᠵᠦᠬᠥᠷ ᠡᠴᠡ ᠨᠢ ᠪᠠᠷᠢᠵᠣ ᠰᠢᠨᠵᠢᠨ᠎ᠠ᠃ ᠲᠡᠬᠡᠬᠡᠥᠨ ᠮᠣᠷᠢᠨ ᠲᠠᠰᠢᠭᠣᠷ ᠶᠢᠠᠨ ᠨᠢᠳᠣᠨ ᠲᠣᠣᠷ᠎ᠠ ᠪᠠᠨ ᠪᠠᠷᠢᠵᠣ ᠨᠢᠬᠡ ᠨᠢᠳᠣ ᠪᠠᠨ ᠰᠢᠬᠢᠢᠯᠬᠡᠨ ᠫᠣᠤ ᠫᠣᠣᠳᠠᠬᠣ ᠲᠥᠷᠰᠦ ᠭᠠᠷᠭᠠᠨ ᠬᠣᠷᠣᠭᠣ ᠪᠠᠨ ᠭᠣᠬᠠᠳᠠᠬᠣ ᠶᠢᠨ ᠲᠠᠭᠠᠤ ᠠᠮᠠᠨ ᠳᠠᠭᠠᠨ 《ᠲᠠᠱ》 ᠬᠡᠰᠡᠨ ᠲᠠᠭᠣ ᠭᠠᠷᠭᠠᠪᠠ᠃ ᠬᠡᠰᠡᠭ ᠪᠣᠬᠠᠨᠠᠭᠰᠠᠨ ᠶᠢᠠᠨ ᠦᠨᠦᠬᠢ ᠬᠣᠪᠠᠨ ᠰᠢᠷ᠎ᠠ ᠡᠳ᠋ ᠶᠢᠠᠨ ᠲᠠᠬᠢᠨ ᠨᠢᠭᠣᠵᠣ ᠲᠠᠯᠪᠢᠭᠠᠳ ᠴᠡᠷᠢᠭ᠌ ᠤᠨ ᠮᠠᠢ᠌ᠬᠠᠨ ᠵᠦᠭ᠌ ᠶᠠᠪᠣᠯ᠎ᠠ᠃
ᠨᠢᠩᠪᠦ ᠶᠢ ᠪᠣᠰᠴᠣ ᠶᠠᠪᠣᠭᠰᠠᠨ ᠤ ᠬᠣᠢ᠌ᠨ᠎ᠠ ᠭᠠᠶᠠ ᠰᠠᠭᠣᠭᠰᠠᠨ ᠣᠷᠣᠨ ᠳ᠋ᠤᠨᠢ ᠣᠴᠢᠵᠣ ᠮᠠᠯᠳᠠᠬᠣ ᠳᠤ ᠫᠣᠤ ᠶᠢᠨ ᠰᠣᠮᠣ ᠭᠠᠷᠴᠣ ᠢᠷᠠᠪᠠ᠃ ᠠᠪᠣ ᠶᠢᠨ ᠬᠢᠨᠢ ᠵᠠᠷᠣᠳᠠᠭ ᠫᠣᠤ ᠶᠢᠨ ᠰᠣᠮᠣ ᠡᠴᠡ ᠲᠣᠮᠣ᠂ ᠬᠦᠠᠲᠦ ᠰᠠᠨᠠᠭᠳᠠᠪᠠ᠃ ᠭᠠᠶᠠ᠂ ᠨᠢᠬᠡ ᠶᠢ ᠠᠪᠴᠣ ᠡᠪᠣᠷᠯᠠᠨ ᠦᠯᠠᠳᠡᠭ᠍ᠰᠡᠨ ᠢ ᠨᠢ ᠣᠭ ᠣᠷᠣ ᠪᠠᠷ ᠨᠢ ᠲᠠᠷᠣᠵᠣ ᠲᠠᠯᠪᠢᠭᠠᠳ ᠨᠢᠩᠪᠣ ᠶᠢᠨ ᠮᠦᠷ ᠢ ᠮᠥᠷᠳᠡᠨ ᠶᠠᠪᠣᠪᠠ᠃ ᠴᠡᠷᠢᠭ᠌ ᠤᠨ ᠮᠠᠢ᠌ᠬᠠᠨ ᠣᠢ᠌ᠷᠠᠳᠣᠳᠠᠯᠠ ᠪᠦᠷᠢᠶ᠎ᠡ ᠬᠠᠩᠬᠢᠨᠠᠨ᠂ ᠴᠡᠷᠢᠭ᠌ ᠤᠳ ᠣᠳᠠᠭᠰᠠᠨ ᠴᠤ ᠦᠬᠡᠢ ᠮᠠᠢ᠌ᠬᠠᠨ ᠶᠢᠠᠨ ᠪᠠᠭᠣᠯᠭᠠᠨ ᠠᠴᠢᠶᠠᠯᠠᠭᠠᠳ ᠮᠥᠷᠯᠡᠨ ᠵᠢᠠᠠᠰᠠᠪᠠ᠃ ᠪᠠᠭ᠎ᠠ ᠲᠡᠷᠬᠡᠨ ᠡᠴᠡ ᠬᠣᠶᠠᠷ ᠰᠠᠷᠪᠠᠭᠠᠷ ᠮᠠᠯᠠᠭᠠᠢ᠌ᠳᠣ ᠪᠠᠭᠣᠵᠣ ᠢᠷᠡᠬᠡᠥᠨ ᠨᠢᠬᠡ ᠨᠢ ᠰᠦᠪᠡᠬᠡ ᠲᠣᠯᠣᠨ ᠲᠡᠬᠡᠷ᠎ᠡ ᠲᠠᠭᠣᠨ ᠶᠢᠠᠷ ᠶᠠᠷᠢᠬᠤ ᠳᠤ ᠨᠦᠬᠥᠬᠡ ᠨᠢ ᠵᠢᠠᠠᠰᠠᠭᠠᠯ ᠲᠣᠮᠳᠠ ᠡᠴᠡ ᠭᠣᠷᠪᠠᠨ ᠬᠦᠮᠥᠨ ᠢ ᠴᠢᠷᠣᠨ ᠭᠠᠷᠭᠠᠵᠣ ᠣᠯᠠᠨ ᠤ ᠡᠮᠣᠨ᠎ᠠ ᠭᠤᠬᠢᠢᠯᠭᠠᠪᠠ᠃ ᠭᠠᠶᠠ ᠯᠠᠪᠯᠠᠨ ᠦᠵᠡᠪᠡᠯ ᠦᠴᠥᠬᠡᠳᠥᠷ ᠣᠷᠣᠢ ᠲᠠᠳᠠᠨ ᠤ ᠳᠤ ᠠᠷᠢᠬᠢ ᠣᠣᠭᠣᠭᠰᠠᠨ ᠭᠣᠷᠪᠠᠨ ᠴᠡᠷᠢᠭ᠌ ᠮᠦᠨ ᠪᠠᠢ᠌ᠯ᠎ᠠ᠃ ᠭᠣᠷᠪᠠᠨ ᠴᠡᠷᠢᠭ᠌ ᠦᠯᠮᠡᠢ ᠪᠠᠨ ᠱᠠᠭᠠᠢ᠌ᠨ ᠯᠠᠪᠳᠠᠢ᠌ᠵᠣ ᠵᠤᠭᠰᠣᠨ᠎ᠠ᠃ ᠰᠠᠷᠪᠠᠭᠠᠷ ᠮᠠᠯᠠᠭᠠᠢ᠌ᠳᠣ ᠣᠯᠠᠮ ᠲᠣᠭᠰᠢᠷᠠᠵᠣ᠂ ᠫᠠᠯ ᠰᠣᠭᠳᠣᠭᠰᠠᠨ ᠲᠠᠷᠠ ᠴᠡᠷᠢᠭ᠌ ᠤᠨ ᠪᠥᠭ᠍ᠰᠡ ᠣᠷᠣᠭᠣ ᠠᠷᠠᠰᠣᠨ ᠭᠣᠳᠣᠯ ᠤᠨ ᠬᠣᠩᠰᠢᠶᠠᠷ ᠶᠢᠠᠷ ᠢᠰᠬᠥᠯᠥᠭᠰᠡᠨ ᠳᠤ ᠡᠴᠠᠩᠬᠡᠢ ᠰᠢᠷ᠎ᠠ ᠡᠯᠢᠬᠡ ᠲᠥᠷᠣᠬᠥᠯᠡᠨ ᠲᠣᠩᠭ᠋ᠣᠷᠴᠠᠭᠯᠠᠨ ᠣᠨᠠᠪᠠ᠃ 《ᠰᠣᠭᠳᠣᠯᠠ ᠬᠡᠵᠦ ᠠᠭᠣᠷᠯᠠᠵᠣ ᠪᠠᠢ᠌ᠭ᠎ᠠ ᠪᠣᠯ ᠦᠦ︖ ᠡᠰᠠᠬᠥᠯ᠎ᠡ ᠰᠣᠮᠣ ᠪᠠᠨ ᠬᠡᠬᠡᠯᠡ ᠬᠡᠵᠦ ᠬᠠᠷᠢᠶᠠᠵᠣ ᠪᠠᠢ᠌ᠭ᠎ᠠ ᠪᠣᠯ ᠦᠦ︖ ᠡᠨᠠ ᠨᠢᠩᠪᠣ ᠴᠤ ᠶᠠᠭᠣᠮᠠᠨ ᠳᠤ ᠳᠤᠷᠠᠯᠠᠵᠤ ᠬᠦᠮᠥᠨ ᠢ ᠯᠠ ᠶᠢᠨ ᠲᠡᠬᠡᠷ᠎ᠡ ᠰᠠᠭᠣᠯᠭᠠᠯᠠ》 ᠬᠡᠵᠦ ᠪᠣᠳᠣᠨ ᠭᠠᠶᠠ ᠦᠨᠳᠥᠷ ᠦᠯᠣᠩ ᠤᠨ ᠲᠣᠮᠳᠠ ᠪᠣᠭᠵᠣᠢ᠌ᠨ ᠰᠠᠭᠣᠵᠣ ᠨᠢᠳᠣ ᠠᠯᠳᠠᠯ ᠦᠭᠡᠶ ᠬᠠᠷᠠᠵᠣ ᠪᠠᠢ᠌ᠪᠠ᠃ ᠲᠡᠬᠡᠳᠡᠯ᠎ᠡ ᠦᠨᠦᠬᠢ ᠡᠩᠬᠡᠷ ᠲᠡᠬᠡᠷ᠎ᠡ ᠪᠠᠨ ᠣᠳᠣᠨ ᠲᠡᠮᠳᠡᠭ ᠬᠢᠯᠠᠯᠵᠠᠭᠣᠯᠣᠭᠰᠠᠨ ᠰᠠᠷᠪᠠᠭᠠᠷ ᠮᠠᠯᠠᠭᠠᠢ᠌ᠳᠣ ᠰᠦᠪᠡᠬᠡᠨ ᠡᠴᠡ ᠪᠠᠨ ᠭᠠᠷ ᠫᠣᠤ ᠪᠠᠨ ᠰᠣᠭᠣᠯᠣᠨ ᠠᠪᠴᠣ ᠡᠴᠠᠩᠬᠡᠢ ᠰᠢᠷ᠎ᠠ ᠶᠢᠨ ᠭᠠᠪᠠᠯᠠ ᠶᠢ ᠵᠢᠭᠠᠭᠰᠠᠨ ᠳᠤ ᠭᠠᠶᠠ ᠶᠢᠨ ᠬᠣᠢ᠌ᠬ᠎ᠠ ᠶᠢᠨ ᠦᠰᠤ ᠪᠣᠰᠴᠣ᠂ ᠴᠢᠬᠢ ᠪᠠᠨ ᠪᠦᠭ᠍ᠯᠡᠨ ᠲᠣᠷᠣᠭᠰᠢ ᠲᠣᠩᠭ᠋ᠣᠢ᠌ᠪᠠ᠃ ᠫᠣᠤ ᠲᠣᠣᠭᠠᠷᠣᠭᠰᠠᠭᠠᠷ ᠡᠴᠠᠩᠬᠡᠢ ᠰᠢᠷ᠎ᠠ ᠭᠣᠯᠠᠰᠣᠨ ᠣᠨᠠᠬᠣ ᠪᠠᠢ᠌ᠯ ᠦᠭᠡᠶ ᠬᠡᠵᠦ ᠪᠣᠳᠣᠨ ᠠᠮᠢᠰᠭᠣᠯ ᠶᠢᠠᠨ ᠲᠠᠷᠣᠨ ᠭᠠᠵᠠᠷ ᠨᠠᠭᠠᠯᠳᠣᠪᠠ᠃ ᠫᠣᠤ ᠶᠢᠨ ᠲᠠᠭᠣᠨ ᠭᠠᠷᠣᠭᠰᠠᠨ ᠦᠭᠡᠶ ᠢᠯᠢᠮ ᠵᠢᠯᠢᠮ ᠪᠣᠯᠪᠠ᠃ ᠭᠠᠶᠠ ᠴᠢᠬᠢ ᠪᠠᠨ ᠢᠳᠡᠬᠡᠵᠦ ᠶᠠᠳᠠᠨ ᠦᠨᠳᠡᠢᠢᠵᠦ ᠦᠵᠡᠪᠡᠯ ᠴᠡᠷᠢᠭ᠌ ᠤᠨ ᠵᠢᠠᠠᠰᠠᠭᠠᠯ ᠨᠢᠬᠡᠠᠳᠡ ᠵᠠᠮ ᠳᠠᠭᠠᠨ ᠣᠷᠣᠵᠣ ᠵᠢᠠᠠᠰᠠᠭᠠᠯ ᠤᠨ ᠡᠮᠣᠨ᠎ᠠ ᠡᠴᠠᠩᠬᠡᠢ ᠰᠢᠷ᠎ᠠ ᠭᠣᠶ᠎ᠠ ᠪᠠᠨ ᠴᠢᠷᠣᠨ ᠲᠣᠭᠣᠯᠳᠠ ᠠᠯᠬᠣᠵᠣ ᠪᠠᠢ᠌ᠯ᠎ᠠ᠁
ᠦᠵᠡᠳᠡᠯ᠎ᠡ ᠴᠠᠭᠠᠨ ᠰᠠᠷ᠎ᠠ ᠣᠢ᠌ᠷᠠᠳᠣᠭᠰᠠᠨ ᠪᠣᠯᠪᠠᠴᠣ ᠨᠡᠬᠥ ᠣᠷᠣᠵᠣ ᠢᠷᠡᠭ᠍ᠰᠡᠨ ᠦᠭᠡᠶ ᠶᠠᠭ ᠵᠢᠯ ᠲᠣᠣᠷ᠎ᠠ ᠪᠣᠯᠬᠣ ᠳᠤ ᠨᠢᠬᠡᠳᠥᠯ ᠡᠴᠡ᠄ 《ᠴᠠᠭᠠᠨ ᠰᠠᠷ᠎ᠠ ᠶᠢᠨ ᠬᠣᠭᠣᠴᠠᠭ᠎ᠠ ᠬᠠᠷᠠᠭᠣᠯ ᠮᠠᠨᠠᠭ᠎ᠠ ᠭᠠᠷᠭᠠᠵᠣ ᠴᠠᠭ ᠢᠮᠠᠭᠳᠠ ᠰᠣᠨᠣᠷ ᠰᠠᠷᠠᠮᠵᠢᠳᠠᠢ ᠪᠠᠢ᠌ᠬᠣ ᠬᠡᠷᠡᠭ᠍ᠳᠡᠢ᠃ ᠣᠴᠢᠷ ᠶᠠᠪᠣᠳᠠᠯ ᠭᠠᠷᠪᠠᠯ ᠲᠠᠷᠣᠢ ᠲᠥᠷᠬᠡᠨ ᠢᠷᠠᠵᠣ ᠮᠡᠳᠡᠬᠥᠯᠬᠥ ᠬᠡᠷᠡᠭ᠍ᠳᠡᠢ》 ᠬᠡᠰᠡᠨ ᠵᠠᠬᠢᠶ᠎ᠠ ᠢᠷᠠᠪᠠ᠃
ᠪᠢᠳᠡᠬᠥᠨ ᠤ ᠣᠷᠣᠢ᠂ ᠨᠠᠷᠠ ᠣᠨᠠᠬᠣ ᠦᠶ᠎ᠡ ᠪᠠᠷ ᠲᠣᠩ ᠤᠨ ᠲᠠᠭᠣᠨ ᠭᠠᠷᠪᠠ᠃ ᠣᠯᠠᠨ ᠤ ᠬᠣᠷᠠᠯ ᠪᠣᠯᠣᠭᠰᠠᠭᠠᠷ ᠲᠣᠩ ᠦᠯᠢᠶᠡᠳᠡᠭ ᠨᠢ ᠨᠢᠬᠡᠠᠳᠡ ᠵᠤᠷᠰᠢᠯ ᠪᠣᠯᠴᠢᠬᠠᠵᠠᠢ᠃ ᠡᠨᠠ ᠣᠷᠣᠢ ᠠᠭᠣᠯᠠᠨ ᠵᠢᠯᠠᠭ᠎ᠠ ᠳᠤ ᠰᠠᠭᠣᠭ᠎ᠠ ᠣᠳᠣᠷ ᠤᠨ ᠮᠠᠯᠴᠢᠨ ᠪᠠ ᠰᠠᠬᠠᠯᠳᠣ ᠡᠶᠢ ᠡᠴᠠ ᠪᠣᠰᠣᠳ ᠨᠢ ᠪᠦᠷ ᠴᠣᠭᠯᠠᠷᠠᠭᠠᠳ ᠬᠣᠷᠠᠯ ᠤᠨ ᠬᠡᠷ ᠢ ᠫᠢᠭ ᠲᠦᠬᠥᠷᠬᠡᠪᠡ᠃ ᠠᠬᠠᠮᠠᠳ ᠨᠠᠰᠣᠳᠠᠢ ᠨᠢ ᠬᠠᠠᠵᠣᠨ ᠲᠡᠬᠡᠷ᠎ᠡ ᠵᠠᠪᠢᠯᠠᠨ ᠬᠠᠭᠣᠴᠢ ᠬᠦᠥᠷᠨᠢᠨ ᠵᠠᠯᠠᠭᠣᠴᠣᠳ ᠨᠢ ᠬᠣᠭᠣᠷᠣᠠᠳᠣ ᠪᠠᠨ ᠢᠨᠢᠶᠠᠳᠣᠮ ᠱᠣᠭ ᠭᠠᠷᠭᠠᠨ᠎ᠠ᠃ ᠬᠣᠷᠠᠯ ᠡᠬᠢᠯᠡᠭ᠍ᠰᠡᠨ ᠤ ᠲᠠᠷᠠᠭ᠎ᠠ ᠲᠠᠮᠷᠢᠨ ᠱᠦᠵᠢ ᠡᠴᠡ ᠵᠢᠯ ᠴᠠᠭᠠᠨ ᠰᠠᠷ᠎ᠠ ᠰᠣᠨᠣᠷ ᠰᠠᠷᠠᠮᠵᠢᠳᠠᠢ ᠪᠠᠢ᠌ᠵᠣ ᠰᠠᠵᠢᠭ᠍ᠯᠠᠯᠳᠠᠢ ᠵᠢᠰᠣ ᠪᠣᠷᠣᠭᠣ ᠡᠳᠡᠬᠡᠥᠨ ᠲᠠᠭᠠᠷᠠᠪᠠᠯ ᠲᠣᠣᠷ᠎ᠠ ᠨᠢ ᠢᠷᠠᠵᠣ ᠮᠡᠳᠡᠬᠥᠯᠬᠥ᠂ ᠡᠷᠣᠬᠡ ᠶᠢᠨ ᠴᠡᠷᠢᠭ᠌ ᠡᠬᠡᠯᠵᠢ ᠪᠠᠷ ᠪᠷᠢᠭᠠᠳᠠ ᠶᠢᠨ ᠬᠡᠷ ᠰᠠᠬᠢᠵᠣ ᠬᠠᠷᠠᠭᠣᠯ ᠵᠤᠭᠰᠣᠬᠣ ᠵᠠᠷᠬᠡ ᠠᠩᠬᠠᠷᠴᠣ ᠰᠡᠷᠡᠮᠵᠢᠯᠡᠬᠥ ᠴᠢᠬᠤᠯᠠ ᠲᠠᠢ ᠵᠦᠢᠯ ᠶᠢᠠᠨ ᠬᠡᠯᠡᠵᠦ ᠪᠠᠷᠠᠭᠠᠳ᠄
᠊᠊᠊᠊᠊᠊᠊᠊᠊᠊᠊᠊᠊᠊᠊ ᠡᠨᠠ ᠣᠷᠣᠢ ᠠᠭᠣᠯᠠᠨ ᠣᠷᠣᠢ ᠲᠡᠬᠡᠷ᠎ᠡ ᠬᠠᠷᠠᠭᠣᠯ ᠵᠤᠭᠰᠣᠨ᠎ᠠ︕ ᠬᠡᠪᠡ᠃ ᠲᠠᠮᠷᠢᠨ ᠱᠦᠵᠢ ᠣᠯᠠᠨ ᠢ ᠲᠠᠷᠬᠠᠭᠠᠵᠣ᠂ ᠡᠷᠣᠬᠡ ᠶᠢᠨ ᠴᠡᠷᠢᠭ᠌ ᠢ ᠦᠯᠠᠳᠡᠬᠡᠨ ᠠᠪᠣᠭᠠᠳ ᠡᠬᠡᠯᠵᠢ ᠲᠣᠭᠳᠠᠭᠠᠨ᠂ ᠬᠠᠮᠢᠭ᠎ᠠ ᠬᠠᠷᠠᠭᠣᠯ ᠵᠤᠭᠰᠣᠬᠣ ᠲᠣᠬᠠᠢ ᠵᠦᠪᠳᠡᠯᠴᠡᠪᠡ᠃
᠊᠊᠊᠊᠊᠊᠊᠊᠊᠊᠊᠊᠊᠊᠊ ᠨᠡᠬᠥ ᠮᠠᠨ ᠡᠴᠡ ᠬᠣᠢ᠌ᠳᠠᠢ ᠪᠠᠢ᠌ᠨ᠎ᠠ᠃ ᠲᠦᠴᠢᠨ ᠲᠠᠪᠣᠨ ᠣᠨ ᠳᠤ ᠬᠣᠢ᠌ᠨ᠎ᠠ ᠡᠴᠡ ᠣᠷᠣᠵᠣ ᠢᠷᠠᠯ᠎ᠠ ᠬᠡᠰᠡᠨ ᠪᠢᠰᠢ ᠦᠦ︖ ᠬᠣᠢ᠌ᠳᠣ ᠠᠭᠣᠯᠠᠨ ᠲᠡᠬᠡᠷ᠎ᠡ ᠬᠠᠷᠠᠭᠣᠯ ᠵᠤᠭᠰᠣᠪᠠᠯ ᠲᠠᠭᠠᠷᠠᠨ᠎ᠠ ᠬᠡᠵᠦ ᠲᠠᠮᠣᠷ᠎ᠠ ᠬᠡᠯᠡᠪᠡ᠃
᠊᠊᠊᠊᠊᠊᠊᠊᠊᠊᠊᠊᠊᠊᠊ ᠦᠭᠡᠶ᠃ ᠬᠡᠣᠬᠡᠥᠨ ᠤᠨ ᠣᠪᠣᠭᠠᠨ ᠲᠡᠬᠡᠷ᠎ᠡ ᠬᠠᠷᠠᠭᠣᠯ ᠵᠤᠭᠰᠣᠪᠠᠯ ᠲᠠᠭᠠᠷᠠᠨ᠎ᠠ᠃ ᠣᠴᠢᠷ ᠶᠠᠪᠣᠳᠠᠯ ᠭᠠᠷᠪᠠᠯ ᠨᠢᠬᠡᠳᠥᠯ ᠳᠤ ᠴᠢᠮᠡᠬᠡ ᠦᠭ᠍ᠬᠥ ᠳᠤ ᠲᠦᠳᠡ ᠪᠢᠰᠢ ᠦᠦ︖ ᠬᠡᠵᠦ ᠰᠠᠬᠠᠷᠠ ᠮᠠᠷᠭᠣᠪᠠ᠃ ᠰᠠᠬᠠᠷᠠ ᠶᠢᠨ ᠦᠬᠡ ᠪᠠᠷ ᠬᠡᠣᠬᠡᠥᠨ ᠤᠨ ᠣᠪᠣᠭᠠᠨ ᠲᠡᠬᠡᠷ᠎ᠡ ᠬᠠᠷᠠᠭᠣᠯ ᠵᠤᠭᠰᠤᠬᠤ ᠪᠠᠷ ᠪᠣᠯᠪᠠ᠃ ᠲᠠᠷᠠ ᠣᠷᠣᠢ ᠨᠢ ᠡᠷᠬᠡ ᠡᠷᠬᠢᠯᠡᠭ᠍ᠴᠢ ᠶᠢᠨ ᠡᠬᠡᠯᠵᠢ ᠪᠤᠯᠬᠤᠷ ᠲᠠᠷᠠ ᠢᠩ ᠤᠨ ᠬᠡᠷ ᠢ ᠲᠠᠭᠠᠷᠢᠵᠣ ᠭᠠᠶᠠ ᠳᠤ᠄
᠊᠊᠊᠊᠊᠊᠊᠊᠊᠊᠊᠊᠊᠊᠊ ᠴᠢ ᠡᠨᠠ ᠣᠷᠣᠢ ᠬᠡᠣᠬᠡᠥᠨ ᠤᠨ ᠣᠪᠣᠭᠠᠨ ᠲᠡᠬᠡᠷ᠎ᠡ ᠭᠠᠷᠴᠣ ᠲᠦᠷ ᠬᠠᠷᠠᠭᠣᠯ ᠵᠤᠭᠰᠣᠵᠣ ᠪᠠᠢ᠂ ᠫᠣᠤ ᠰᠣᠮᠣᠨ ᠤ ᠲᠠᠭᠣ ᠭᠠᠷᠪᠠᠯ ᠬᠣᠷᠳᠣᠨ ᠬᠦᠶᠥᠵᠦ ᠢᠷᠡᠬᠡᠥᠨ ᠨᠠᠳᠠ ᠮᠡᠳᠡᠬᠥᠯ︕ ᠬᠡᠪᠡ᠃
ᠭᠠᠶᠠ᠂ ᠲᠠᠯᠠᠨ ᠨᠦᠬᠥᠬᠡᠰᠦᠳᠡᠢ ᠠᠷᠠᠰᠣᠨ ᠲᠠᠪᠠᠯ ᠶᠢᠠᠨ ᠲᠠᠪᠬᠣᠷᠯᠠᠵᠣ ᠡᠮᠥᠰᠣᠬᠡᠥᠨ ᠬᠡᠣᠬᠡᠥᠨ ᠤᠨ ᠣᠪᠣᠭᠠᠨ ᠲᠡᠬᠡᠷ᠎ᠡ ᠭᠠᠷᠪᠠ᠃ ᠣᠪᠣᠭᠠᠨ ᠣᠷᠣᠢ ᠲᠡᠬᠡᠷ᠎ᠡ ᠭᠠᠷᠬᠣ ᠳᠤ ᠬᠦᠢᠳᠡᠨ ᠰᠠᠯᠬᠢ ᠬᠠᠪᠢᠷᠭ᠎ᠠ ᠰᠦᠪᠡᠯᠡᠵᠦ᠂ ᠶᠢᠰᠤ ᠶᠢᠨ ᠬᠦᠢᠳᠡᠨ ᠤ ᠬᠠᠬᠢᠭᠣᠨ ᠡᠯᠢᠬᠡ ᠵᠢᠷᠥᠬᠡ ᠵᠢ ᠨᠢ ᠬᠠᠭᠠᠷᠢᠵᠣ ᠪᠠᠢ᠌ᠮᠠᠷ ᠲᠠᠭᠵᠢᠭᠣᠯᠣᠨᠠ᠃ ᠭᠠᠶᠠ ᠡᠯᠢᠬᠡ ᠪᠠᠨ ᠲᠠᠪᠠᠷᠢᠨ ᠡᠢ᠌ᠰᠢ ᠲᠠᠢ᠌ᠰᠢ ᠠᠯᠬᠣᠯᠠᠵᠣ ᠴᠢᠯᠠᠭᠣ ᠣᠪᠣᠭᠠᠯᠠᠵᠣ ᠡᠬᠢᠯᠠᠪᠠ᠃ ᠵᠦᠬᠡᠷ ᠵᠤᠭᠰᠣᠪᠠᠯ ᠣᠯᠠᠮ ᠲᠠᠭᠠᠷᠠᠬᠣ ᠲᠣᠯᠠ ᠴᠢᠯᠠᠭᠣᠨ ᠣᠪᠣᠭ᠎ᠠ ᠪᠣᠰᠬᠠᠵᠣ ᠬᠠᠯᠬ᠎ᠠ ᠨᠥᠮᠥᠷᠢ ᠵᠤᠬᠢᠶᠠᠵᠣ ᠠᠪᠬᠣ ᠨᠢ ᠲᠡᠬᠡᠲᠦ ᠠᠷᠭ᠎ᠠ ᠪᠠᠢ᠌ᠯ᠎ᠠ᠃ ᠬᠠᠷᠠᠩᠭ᠋ᠣᠢ ᠶᠢᠨ ᠲᠣᠮᠳᠠ ᠲᠠᠷᠠ ᠴᠢᠯᠠᠭᠣ ᠡᠷᠢᠨ ᠲᠠᠮᠳᠠᠷᠢᠵᠣ᠂ ᠨᠢᠬᠡ ᠨᠢᠬᠡ ᠪᠠᠷ ᠵᠦᠬᠡᠬᠡᠭ᠍ᠰᠠᠬᠡᠷ ᠪᠠᠢ᠌ᠭᠠᠳ ᠨᠠᠯᠢᠶᠠᠳ ᠶᠡᠬᠡ ᠣᠪᠣᠭ᠎ᠠ ᠪᠣᠰᠬᠣ ᠳᠤ ᠪᠠᠶ᠎ᠠ ᠨᠢ ᠴᠤ ᠬᠠᠯᠠᠰᠠᠵᠣ᠂ ᠴᠢᠯᠠᠭᠣᠨ ᠣᠪᠣᠭᠠᠨ ᠤ ᠡᠩᠬᠡᠷ ᠰᠠᠭᠣᠪᠠ᠃ ᠴᠢᠯᠠᠭᠣᠨ ᠵᠠᠪᠰᠠᠷ ᠶᠢᠠᠷ ᠬᠣᠢ᠌ᠰᠢ ᠬᠠᠷᠠᠬᠣ ᠳᠤ ᠠᠢ᠌ᠯ ᠤᠳ ᠤᠨ ᠲᠣᠰᠣᠨ ᠳ᠋ᠸᠩ ᠰᠡᠬᠥᠳᠡᠬᠡᠨᠡᠨ ᠠᠨᠢᠪᠠᠯᠵᠠᠵᠣ᠂ ᠡ᠊ᠠᠳᠠ ᠲᠠᠠᠳᠠ ᠨᠢᠬᠡ ᠬᠣᠶᠠᠷ ᠫᠣᠣᠵᠢᠩ ᠫᠢᠰ ᠲᠠᠰ ᠲᠣᠣᠭᠠᠷᠣᠨ᠎ᠠ᠃ ᠲᠠᠷᠠ ᠡᠷᠣᠬᠡ ᠲᠠᠷᠠᠭᠠᠯᠠᠨ ᠲᠣᠭᠠᠯᠠᠵᠣ ᠦᠵᠡᠪᠡ᠃ ᠰᠠᠬᠠᠯᠳᠣ ᠡᠶᠢ ᠶᠢᠨ ᠦᠪᠣᠩ ᠪᠠ ᠦᠪᠡᠷ ᠤᠨ ᠬᠢᠨᠢ ᠢᠩ ᠤᠨ ᠬᠡᠷ ᠡᠴᠡ ᠪᠣᠰᠣᠳ ᠨᠢ ᠪᠦᠷ ᠳ᠋ᠸᠩ ᠲᠡᠶ᠃ ᠲᠡᠬᠡᠭ᠍ᠰᠢ ᠬᠠᠷᠠᠵᠣ ᠦᠵᠡᠪᠡᠯ ᠲᠡᠭ᠍ᠷᠢ ᠶᠢᠨ ᠲᠠᠩᠨᠠᠢ ᠳᠤ ᠠᠪᠠᠷ ᠲᠠᠪᠠᠷ ᠣᠳᠣ ᠠᠨᠢᠪᠠᠯᠵᠠᠨ᠂ ᠲᠡᠬᠥᠨ ᠤ ᠮᠡᠳᠡᠳᠡᠭ ᠭᠣᠷᠪᠠᠨ ᠨᠣᠬᠠᠢ᠂ ᠲᠣᠬᠢᠭᠣᠷ ᠲᠣᠯᠣᠭᠠᠨ ᠣᠳᠣ᠂ ᠠᠯᠳᠠᠨ ᠭᠠᠳᠠᠰᠣ ᠣᠳᠣ ᠵᠠᠷᠬᠡ ᠨᠢ ᠪᠠᠢ᠌ᠬᠣ ᠡᠴᠠ ᠪᠣᠰᠣᠳ ᠣᠳᠣ ᠨᠢ ᠬᠣᠯᠠ ᠴᠦᠬᠡᠷᠡᠭ᠍ᠰᠡᠨ ᠰᠢᠭ᠌ ᠰᠠᠨᠠᠭᠳᠠᠨ᠎ᠠ᠃ ᠪᠣᠳᠣᠬᠣ ᠳᠤ ᠣᠳᠣ ᠪᠠᠰᠠ ᠬᠦᠢᠳᠡᠨ ᠡᠴᠡ ᠰᠢᠷᠬᠢᠢᠬᠡᠥᠨ ᠭᠠᠷᠴᠣ ᠢᠷᠡᠭ᠍ᠰᠡᠨ ᠦᠭᠡᠶ ᠪᠣᠯᠣᠯᠳᠠᠢ᠃ ᠡ᠊ᠠᠳᠠ ᠲᠠᠠᠳᠠ ᠲᠣᠣᠭᠠᠷᠴᠣ ᠪᠠᠢ᠌ᠭᠰᠠᠨ ᠫᠣᠣᠵᠢᠩ ᠤᠨ ᠲᠠᠭᠣ ᠴᠤ ᠰᠣᠨᠣᠰᠳᠠᠬᠣ ᠪᠠᠨ ᠪᠣᠯᠢᠵᠣ᠂ ᠬᠠᠶᠠ ᠭᠣᠣᠯ ᠤᠨ ᠮᠥᠰᠥᠨ ᠤ 《ᠲ᠋ᠠᠰ》 ᠬᠢᠨ ᠬᠠᠭᠠᠷᠠᠬᠤ ᠴᠢᠮᠡᠬᠡ ᠲᠣᠳᠣᠬᠠᠨ ᠰᠣᠨᠣᠰᠳᠠᠵᠣ ᠰᠦᠨᠢ ᠶᠢᠨ ᠨᠠᠮ ᠵᠢᠮ ᠢ ᠡᠪᠳᠠᠨ᠎ᠠ᠃
ᠨᠠᠯᠢᠶᠠᠳ ᠣᠷᠣᠢ ᠪᠣᠯᠪᠠ᠃ ᠭᠠᠶᠠ ᠠᠢ᠌ᠯ ᠤᠨ ᠳ᠋ᠸᠩ ᠤᠳ ᠢ ᠵᠠᠬ᠎ᠠ ᠲᠠᠷᠠᠭᠠᠯᠠᠨ ᠲᠣᠭᠠᠯᠠᠵᠣ ᠦᠵᠡᠪᠡᠯ ᠣᠭ ᠤᠨ ᠬᠢ ᠡᠴᠠ ᠪᠠᠨ ᠨᠢᠬᠡ ᠲᠣᠳᠠᠭᠰᠠᠨ ᠪᠠᠢ᠌ᠪᠠ᠃ ᠬᠡᠨ ᠤ ᠬᠡᠷ ᠤᠨ ᠳ᠋ᠸᠩ ᠣᠠᠳᠠᠷᠠᠴᠢᠬᠠᠪᠠ︖ ᠵᠠᠬᠥᠨ ᠬᠣᠢ᠌ᠭᠣᠷ ᠰᠢᠭ ᠪᠠᠢ᠌ᠨ᠎ᠠ᠂ ᠲᠠᠷᠠ ᠨᠢ ᠲᠠᠮᠣᠷᠡ ᠶᠢᠨ ᠬᠢ᠂ ᠲᠡᠬᠥᠨ ᠤ ᠠᠷᠤ ᠪᠠᠷ ᠁ ᠣ᠂ ᠭᠠᠩᠷᠠᠢ ᠳ᠋ᠸᠩ ᠶᠢᠠᠨ ᠦᠯᠢᠶᠡᠭ᠍ᠰᠡᠨ ᠶᠣᠮ ᠪᠠᠢ᠌ᠨ᠎ᠠ᠃ ᠪᠢᠳᠡᠬᠥᠨ ᠤ ᠰᠦᠨᠢ ᠳ᠋ᠸᠩ ᠲᠡᠶ ᠬᠣᠨᠣᠳᠠᠭ ᠬᠡᠳᠡᠭ ᠪᠢᠰᠢ ᠦᠦ︖ ᠡᠨᠠ ᠭᠠᠴᠢᠭ ᠴᠠᠭ ᠨᠢᠬᠡ ᠰᠦᠨᠢ ᠶᠢᠨ ᠳ᠋ᠸᠩ ᠤᠨ ᠲᠣᠰᠣ ᠠᠮᠠᠷ ᠦᠭᠡᠶ ᠬᠡᠵᠦ ᠪᠣᠳᠣᠭᠰᠠᠨ ᠪᠢᠯᠠ ᠦᠦ︖ ᠡᠰᠠᠬᠥᠯ᠎ᠡ ᠁ ᠡᠷᠬᠡ ᠣᠴᠢᠭᠰᠠᠨ ᠴᠤ ᠪᠠᠢ᠌ᠵᠣ ᠮᠠᠳᠠᠨ᠎ᠠ᠃ ᠡᠨᠠ ᠭᠠᠢ᠌ᠬᠠᠯ ᠡᠷᠬᠡ᠂ ᠨᠠᠳᠠ ᠶᠢ ᠡᠪᠣᠯ ᠤᠨ ᠰᠦᠨᠢ ᠠᠭᠣᠯᠠᠨ ᠣᠷᠣᠢ ᠳᠤ ᠵᠤᠭᠰᠣᠭᠠᠵᠣ᠂ ᠦᠪᠡᠷ ᠶᠢᠠᠨ ᠬᠠᠷᠢᠨ ᠬᠦᠮᠥᠨ ᠤ ᠡᠮ᠎ᠠ ᠶᠢᠨ ᠬᠠᠯᠠᠭᠣᠨ ᠡᠪᠣᠷ ᠲᠤ ᠰᠢᠷᠭᠣᠭᠰᠠᠨ ᠶᠣᠮ ᠪᠠᠢ᠌ᠨ᠎ᠠ ᠬᠡᠵᠦ ᠪᠣᠳᠣᠪᠠ᠃ ᠨᠠᠮᠣᠷ ᠬᠡᠬᠡᠯᠲᠦᠬᠥᠯᠬᠡ ᠶᠢᠨ ᠬᠣᠨᠢ ᠬᠠᠷᠢᠭᠣᠯᠵᠣ ᠪᠠᠢ᠌ᠬᠣ ᠳᠠᠭᠠᠨ ᠡᠷᠬᠡ᠂ ᠭᠠᠩᠷᠠᠢ ᠬᠣᠶᠠᠷ ᠤᠨ ᠨᠢᠭᠣᠴᠠ ᠶᠠᠪᠣᠳᠠᠯ ᠢ ᠰᠠᠬᠠᠷᠠ ᠡᠴᠡ ᠰᠣᠨᠣᠰᠣᠭᠠᠳ ᠲᠠᠳᠠ ᠬᠣᠶᠠᠭᠣᠯᠠ ᠶᠢ ᠦᠷᠬᠥᠯᠵᠢ ᠠᠭᠣᠯᠵᠠᠳᠠᠭ ᠪᠠᠢ᠌ᠬᠣ ᠬᠡᠵᠦ ᠪᠣᠳᠣᠬᠣ ᠪᠣᠯᠣᠭᠰᠠᠨ ᠶᠣᠮ᠃ ᠰᠬᠠᠠᠷᠠ ᠬᠡᠯᠡᠬᠥ ᠳ᠋ᠡᠭᠡᠨ ᠡᠷᠬᠡ᠂ ᠭᠠᠩᠷᠠᠢ ᠬᠣᠶᠠᠭᠣᠯᠠ ᠨᠢᠬᠡ ᠣᠳᠠᠭ᠎ᠠ ᠡᠷᠳᠠᠨᠢ ᠰᠢᠰᠢ ᠶᠢᠨ ᠲᠠᠷᠢᠶᠠᠨ ᠳᠤ ᠵᠤᠭᠰᠣᠭ᠎ᠠ ᠪᠠᠷ ᠣᠢ᠌ᠯᠠᠳᠴᠣ ᠪᠠᠢ᠌ᠭᠠᠳ ᠲᠡᠬᠥᠨ ᠳᠤ ᠪᠠᠷᠢᠭᠳᠠᠭᠰᠠᠨ ᠬᠡᠨ᠎ᠡ᠃ ᠪᠠᠷᠠᠭᠰᠠᠨ ᠤ ᠲᠠᠷᠠᠭ᠎ᠠ ᠭᠠᠩᠷᠠᠢ ᠣᠴᠣᠢ᠌ᠵᠣ ᠰᠠᠭᠣᠭᠠᠳ᠄ 《ᠬᠡᠳᠥᠢ ᠴᠤ ᠠᠷᠪᠢᠨ ᠪᠠᠢ᠌ᠭᠰᠠᠨ ᠶᠣᠮ︖》 ᠬᠡᠵᠦ ᠲᠣᠳᠠᠭᠣ ᠬᠦᠢᠴᠡᠭ᠍ᠰᠡᠨ ᠡᠷᠳᠠᠨᠢ ᠰᠢᠰᠢ ᠶᠢ ᠬᠣᠭᠣᠯᠣᠨ᠂ ᠵᠦᠬᠡᠯᠡᠨ ᠲᠣᠳᠣᠷ᠎ᠠ ᠬᠠᠯᠢᠰᠤ ᠶᠢ ᠨᠢ ᠱᠠᠭᠠᠯᠣᠨ ᠠᠪᠣᠭᠠᠳ ᠵᠦᠯᠬᠦᠵᠤ ᠪᠠᠢ᠌ᠭᠰᠠᠨ ᠢ ᠨᠢᠳᠣ ᠪᠠᠷ ᠶᠢᠠᠨ ᠦᠵᠡᠭ᠍ᠰᠡᠨ︕ ᠬᠡᠵᠦ ᠰᠠᠬᠠᠷᠠ ᠶᠠᠷᠢᠵᠣ ᠪᠠᠷᠠᠭᠠᠳ ᠬᠣᠢ᠌ᠨ᠎ᠠ ᠡᠴᠡ ᠨᠢ ᠪᠠᠰᠠ᠄ 《ᠦᠨᠡᠨ ᠰᠢᠤ︕》 ᠬᠡᠵᠦ ᠲᠣᠰᠣ ᠨᠠᠮᠠᠵᠠᠢ᠃ ᠲᠠᠮᠷᠢᠨ ᠱᠦᠵᠢ᠂ ᠭᠠᠩᠷᠠᠢ ᠶᠢ ᠬᠡᠯᠡᠯᠴᠡᠵᠦ ᠦᠭ᠍ᠬᠥᠢ᠎ᠡ ᠬᠡᠬᠥ ᠳᠤ ᠭᠠᠶᠠ ᠲᠣᠯᠣᠭᠠᠢ ᠰᠡᠭ᠍ᠰᠥᠷᠣᠬᠡᠥᠨ ᠪᠠᠢ᠌ᠳᠠᠭ ᠨᠢ ᠲᠠᠷᠠ ᠣᠴᠢᠷ ᠪᠢᠯᠠ᠃
ᠰᠦᠨᠢ ᠲᠣᠮᠳᠠ ᠥᠩᠬᠡᠷᠡᠭ᠍ᠰᠡᠨ ᠪᠣᠯᠣᠯᠳᠠᠢ᠂ ᠭᠣᠷᠪᠠᠨ ᠨᠣᠬᠠᠢ ᠪᠠᠷᠠᠭᠣᠠᠰᠢ ᠲᠣᠩᠭ᠋ᠣᠢ᠌ᠪᠠ᠃ ᠡᠷᠬᠡ ᠪᠠᠰᠠ ᠴᠤ ᠪᠠᠷ᠎ᠠ ᠦᠭᠡᠶ᠃ ᠭᠠᠶᠠ ᠴᠠᠴᠠᠷᠠᠵᠣ ᠲᠠᠭᠵᠢᠨ ᠰᠠᠭᠣᠵᠣ ᠪᠠᠢ᠌ᠳᠠᠯ᠎ᠠ ᠬᠦᠯ ᠤᠨ ᠴᠢᠮᠡᠬᠡ ᠲᠣᠭᠣᠯᠳᠠᠨ᠂ ᠲᠣᠣᠷ᠎ᠠ ᠡᠴᠡ ᠨᠢᠬᠡ ᠬᠦᠮᠥᠨ ᠬᠢᠷ᠎ᠠ ᠦᠭᠰᠦᠵᠦ ᠨᠠᠰᠢᠯᠠᠬᠣ ᠨᠢ ᠪᠦᠷᠳᠥᠯᠵᠡᠨ ᠬᠠᠷᠠᠭᠳᠠᠪᠠ᠃ ᠡᠷᠬᠡ ᠨᠠᠮᠢ᠋ᠢ ᠬᠠᠯᠠᠬᠣ ᠪᠠᠷ ᠢᠷᠡᠭ᠍ᠰᠡᠨ ᠶᠣᠮ ᠪᠠᠢ᠌ᠨ᠎ᠠ ᠬᠡᠵᠦ ᠭᠠᠶᠠ ᠦᠨᠳᠡᠢ᠌ᠵᠤ᠂ ᠦᠬᠡᠳᠡ ᠡᠴᠡ ᠨᠢ ᠲᠣᠰᠴᠣ ᠣᠴᠢᠭᠠᠳ ᠦᠵᠡᠬᠥ ᠳᠤ ᠵᠠᠯᠠᠷᠠᠵᠣ ᠢᠷᠡᠭ᠍ᠰᠡᠨ ᠨᠢ ᠡᠷᠬᠡ ᠪᠢᠰᠢ ᠬᠠᠷᠢᠨ ᠵᠠᠮ ᠶᠢᠠᠷ ᠶᠢᠠᠨ ᠢᠷᠡᠭ᠍ᠰᠡᠨ ᠭᠠᠩᠷᠠᠢ ᠪᠠᠢ᠌ᠯ᠎ᠠ᠃ ᠭᠠᠶᠠ᠄
᠊᠊᠊᠊᠊᠊᠊᠊᠊᠊᠊᠊᠊᠊᠊ ᠴᠢ ᠶᠣᠮ ᠦᠦ︖ ᠡᠷᠬᠡ ᠶᠢᠨ ᠣᠷᠣᠨ ᠳᠤ ᠬᠠᠷᠠᠭᠣᠯ ᠵᠤᠭᠰᠣᠬᠣ ᠪᠠᠷ ᠢᠷᠡᠭ᠍ᠰᠡᠨ ᠪᠢᠰᠢ ᠪᠢᠵᠠ︖ ᠬᠡᠵᠦ ᠬᠡᠭ᠍ᠵᠢᠬᠥᠨ ᠲᠣᠣᠭᠠᠷᠪᠠ᠃ ᠭᠠᠩᠷᠠᠢ ᠳᠤᠬᠤᠢ᠌ᠯᠠᠭᠰᠠᠨ ᠪᠢᠴᠢᠬᠠᠨ ᠰᠠᠭᠰᠣ ᠪᠠᠨ ᠲᠣᠣᠷ᠎ᠠ ᠲᠠᠯᠪᠢᠵᠣ᠄
᠊᠊᠊᠊᠊᠊᠊᠊᠊᠊᠊᠊᠊᠊᠊ ᠰᠠᠭᠣᠴᠢᠬᠠ᠂ ᠪᠢ ᠶᠠᠮᠠᠷ ᠣᠢ᠌ᠷᠠᠳᠴᠣ ᠪᠣᠯᠬᠣ ᠦᠭᠡᠶ ᠬᠠᠷ᠎ᠠ ᠬᠠᠮᠠᠭᠣ ᠴᠤ ᠪᠢᠰᠢ᠂ ᠵᠢᠬᠡᠬᠥᠨ ᠳᠤ ᠲᠠᠭᠠᠷᠠᠭᠰᠠᠨ ᠪᠠᠢ᠌ᠯ ᠦᠬᠡᠢ ᠴᠢᠮ᠎ᠠ ᠳᠤ ᠬᠠᠯᠠᠭᠣᠨ ᠪᠠᠩᠰᠢ ᠠᠪᠴᠢᠷᠠᠯ᠎ᠠ︕ ᠬᠡᠵᠦ ᠠᠯᠢ ᠪᠣᠯᠬᠣ ᠪᠠᠷ ᠲᠦᠪᠯᠠᠬᠥᠨ ᠶᠠᠩᠵᠣᠯᠠᠵᠣ ᠪᠠᠢ᠌ᠪᠠ᠃ ᠭᠠᠶᠠ ᠣᠯᠠᠮ ᠵᠢᠬᠡᠬᠥᠰᠪᠡ᠃
᠊᠊᠊᠊᠊᠊᠊᠊᠊᠊᠊᠊᠊᠊᠊ ᠡᠷᠬᠡ ᠴᠢᠮ᠎ᠠ ᠶᠢ ᠶᠠᠪᠣᠭᠣᠯᠪᠠ ᠦᠦ︖
᠊᠊᠊᠊᠊᠊᠊᠊᠊᠊᠊᠊᠊᠊᠊ ᠭᠠᠶᠠ᠂ ᠴᠢ ᠰᠠᠭᠣᠭᠠᠳ ᠢᠳᠠ᠂ ᠪᠢ ᠴᠢᠮ᠎ᠠ ᠳᠤ ᠨᠢᠬᠡ ᠣᠴᠢᠷ ᠬᠡᠯᠡᠶ᠎ᠡ︕
ᠭᠠᠶᠠ᠂ ᠴᠢᠯᠠᠭᠣᠨ ᠣᠪᠣᠭ᠎ᠠ ᠲᠥᠰᠢᠨ ᠬᠦᠳᠡᠯᠥᠯ ᠦᠬᠡᠢ ᠰᠠᠭᠣᠵᠣ᠂ ᠪᠠᠩᠰᠢ ᠶᠢ ᠬᠦᠳᠡᠯᠬᠡᠭ᠍ᠰᠡᠨ ᠦᠭᠡᠶ᠃
᠊᠊᠊᠊᠊᠊᠊᠊᠊᠊᠊᠊᠊᠊᠊ ᠭᠠᠶᠠ ᠁ ᠲᠠᠮᠷᠢᠨ ᠱᠦᠵᠢ ᠶᠢᠨ ᠬᠡᠯᠡᠭ᠍ᠰᠡᠨ ᠢ ᠁
᠊᠊᠊᠊᠊᠊᠊᠊᠊᠊᠊᠊᠊᠊᠊ ᠭᠠᠩᠷᠠᠢ᠂ ᠪᠢ ᠲᠠ᠊ ᠱᠦᠵᠢ ᠳᠤ ᠬᠡᠳᠦᠢ᠌ᠨ ᠬᠡᠯᠡᠴᠢᠬᠡᠭ᠍ᠰᠡᠨ᠂ ᠪᠢᠳᠠ ᠬᠣᠶᠠᠷ ᠤᠨ ᠠᠭᠠᠰᠢ ᠵᠠᠩ ᠲᠠᠭᠠᠷᠠᠬᠣ ᠦᠭᠡᠶ ᠬᠡᠵᠦ ᠁
᠊᠊᠊᠊᠊᠊᠊᠊᠊᠊᠊᠊᠊᠊᠊ ᠪᠢ ᠮᠠᠳᠠᠵᠣ ᠪᠠᠢ᠌ᠨ᠎ᠠ᠃ ᠪᠢ ᠪᠣᠯ ᠨᠢᠬᠡ ᠲᠠᠷᠳᠠᠭ ᠲᠠᠭᠠᠨ ᠲᠣᠯᠣᠭᠰᠠᠨ ᠪᠠᠯᠪᠠᠰᠣᠨ ᠡᠮ᠎ᠠ᠂ ᠴᠢ ᠨᠠᠳᠠ ᠡᠴᠡ ᠵᠠᠢ᠌ᠯᠠᠬᠣ ᠨᠢ ᠲᠠᠭᠠᠷᠠᠨ᠎ᠠ᠃
᠊᠊᠊᠊᠊᠊᠊᠊᠊᠊᠊᠊᠊᠊᠊ ᠭᠠᠩᠷᠠᠢ᠂ ᠪᠢ ᠪᠣᠯ ᠪᠠᠶᠠᠨ ᠮᠠᠯᠴᠢᠨ ᠤ ᠬᠦᠤ᠂ ᠲᠡᠬᠡᠷᠡᠮ ᠤᠨ ᠲᠥᠷᠣᠬᠥᠤ ᠶᠢᠨ ᠬᠠᠷ᠎ᠠ ᠵᠤᠯᠵᠠᠭ᠎ᠠ ᠬᠡᠳᠡᠭ ᠢ ᠴᠢ ᠮᠠᠳᠠᠵᠣ ᠪᠠᠢ᠌ᠨ᠎ᠠ᠃ ᠴᠢᠮᠢ᠋ᠢ ᠴᠢᠷᠥᠭᠳᠡᠯ ᠪᠣᠯᠭᠠᠬᠣ ᠲᠤᠷ᠎ᠠ ᠦᠭᠡᠶ︕ ᠬᠡᠪᠡ᠃ ᠭᠠᠩᠷᠠᠢ ᠦᠨᠳᠡᠢ᠌ᠨ ᠪᠣᠰᠴᠣ ᠭᠠᠶᠠ ᠶᠢᠨ ᠮᠥᠷᠤ ᠢ᠌ ᠲᠥᠰᠢᠨ ᠮᠡᠭ᠍ᠰᠢᠨ ᠣᠬᠢᠯᠠᠪᠠ᠃ ᠭᠠᠶᠠ ᠬᠡᠰᠡᠭ ᠮᠡᠯᠡᠷᠡᠭ᠍ᠰᠡᠨ ᠶᠢᠠᠨ᠄
᠊᠊᠊᠊᠊᠊᠊᠊᠊᠊᠊᠊᠊᠊᠊ ᠪᠢᠳᠠ ᠬᠣᠶᠠᠷ ᠁ ᠢᠩᠬᠢᠵᠣ ᠪᠣᠯᠬᠣ ᠦᠭᠡᠶ︕ ᠬᠡᠵᠦ ᠭᠠᠩᠷᠠᠢ ᠶᠢ ᠲᠥᠯᠬᠢᠨ ᠵᠠᠢ᠌ᠯᠠᠭᠣᠯᠪᠠ᠃ ᠰᠠᠬᠠᠷᠠ ᠶᠢᠨ ᠬᠡᠯᠡᠭ᠍ᠰᠡᠨ ᠦᠬᠡ ᠲᠠᠬᠢᠨ ᠲᠠᠬᠢᠨ ᠪᠣᠳᠣᠭᠳᠠᠵᠣ ᠲᠡᠬᠥᠨ ᠤ ᠲᠣᠳᠣᠷ᠎ᠠ ᠵᠢᠪᠡᠬᠥᠤ ᠬᠦᠷᠪᠡ᠃ ᠭᠠᠩᠷᠠᠢ ᠨᠢᠰᠤ ᠨᠢᠯᠪᠣᠰᠣᠨ ᠳᠠᠭᠠᠨ ᠬᠠᠬᠠᠵᠣ ᠴᠠᠴᠠᠨ ᠲᠣᠷᠴᠣ ᠲᠡᠬᠡᠬᠡᠭ᠍ᠯᠭ᠍ᠰᠠᠬᠡᠷ᠄
᠊᠊᠊᠊᠊᠊᠊᠊᠊᠊᠊᠊᠊᠊᠊ ᠪᠢ ᠴᠢᠷᠥᠭᠳᠡᠯ ᠪᠣᠯᠬᠣ ᠡᠴᠡ ᠠᠶᠣᠬᠣ ᠦᠭᠡᠶ᠃ ᠭᠠᠭᠴᠠ ᠮᠣᠳᠣ ᠭᠠᠯ ᠪᠣᠯᠬᠣ ᠦᠭᠡᠶ ᠬᠡᠳᠡᠭ ᠰᠢᠤ ᠭᠠᠶᠠ ᠡ᠂ ᠬᠣᠶᠠᠭᠣᠯᠠ ᠴᠣᠭ ᠰᠠᠭᠤᠴᠢᠬᠠᠶ᠎ᠠ︕ ᠬᠡᠪᠡ᠃ ᠭᠠᠶᠠ᠄
᠊᠊᠊᠊᠊᠊᠊᠊᠊᠊᠊᠊᠊᠊᠊ ᠪᠢ ᠴᠢᠮᠢ᠋ᠢ ᠡᠷ᠎ᠠ ᠥᠩᠬᠡᠷᠡᠬᠡᠭ᠍ᠰᠡᠨ ᠪᠠᠯᠪᠠᠰᠣᠨ ᠬᠡᠵᠦ ᠭᠣᠯᠣᠵᠣ ᠪᠠᠢ᠌ᠭ᠎ᠠ ᠪᠢᠰᠢ᠂ ᠬᠠᠷᠢᠨ ᠡᠷᠬᠡ ᠲᠠ ᠬᠣᠶᠠᠷ ᠤᠨ ᠲᠣᠮᠳᠠ ᠦᠷᠡᠭ᠍ᠳᠡᠯ ᠪᠣᠯᠬᠣ ᠲᠤᠷ᠎ᠠ ᠦᠭᠡᠶ︕ ᠬᠡᠵᠦ ᠰᠢᠭᠣᠳ ᠬᠡᠯᠡᠴᠢᠬᠡᠪᠡ᠃ ᠡᠬᠥᠨ ᠢ ᠰᠣᠨᠣᠰᠣᠭᠠᠳ ᠭᠠᠩᠷᠠᠢ᠂ ᠭᠠᠶᠠ ᠶᠢᠨ ᠡᠮᠣᠨ᠎ᠠ ᠰᠦᠭᠦᠳᠴᠦ᠄
᠊᠊᠊᠊᠊᠊᠊᠊᠊᠊᠊᠊᠊᠊᠊ ᠨᠢᠬᠡ ᠴᠢᠳᠠᠯ ᠦᠭᠡᠶ ᠡᠮ᠎ᠠ ᠬᠦᠮᠥᠨ᠂ ᠡᠷᠬᠡ ᠶᠢᠨ ᠡᠷᠠᠤ ᠲᠣᠣᠷ᠎ᠠ ᠣᠷᠣᠬᠣ ᠦᠭᠡᠶ ᠶᠠᠭᠠᠬᠢᠵᠣ ᠠᠮᠢᠳᠣᠷᠠᠨ᠎ᠠ ᠳ᠋ᠠ︖ ᠲᠡᠬᠥᠤ ᠮᠢᠨᠢ ᠮᠢᠨᠣ ᠵᠤᠪᠠᠯᠠᠩ ᠢ ᠮᠠᠳᠠᠪᠠᠯ ᠨᠠᠮᠢ᠋ᠢ ᠨᠢᠬᠡ ᠣᠳᠠᠭ᠎ᠠ ᠠᠭᠣᠴᠢᠯᠠᠴᠢᠬᠠ︕ ᠬᠡᠥᠨ ᠣᠬᠢᠯᠠᠨᠠ᠃ ᠭᠠᠶᠠ᠂ ᠠᠶᠠᠭ᠎ᠠ ᠲᠡᠶ ᠪᠠᠩᠰᠢ ᠶᠢ ᠰᠠᠭᠰᠣᠨ ᠳ᠋ᠤᠨᠢ ᠬᠢᠵᠣ ᠦᠭ᠍ᠬᠥᠬᠡᠥᠨ᠄
᠊᠊᠊᠊᠊᠊᠊᠊᠊᠊᠊᠊᠊᠊᠊ ᠭᠠᠩᠷᠠᠢ᠂ ᠣᠰᠣ ᠣᠣᠭᠣᠬᠣ ᠦᠭᠡᠶ ᠦᠬᠡᠷ ᠤᠨ ᠲᠣᠯᠣᠭᠠᠢ ᠶᠢ ᠲᠠᠷᠣᠵᠣ ᠲᠡᠢ᠌ᠯᠬᠥ ᠦᠭᠡᠶ ᠬᠡᠳᠡᠭ᠃ ᠴᠢ ᠪᠣᠴᠠᠴᠢᠬᠠ︕ ᠬᠡᠪᠡ᠃ ᠭᠠᠩᠷᠠᠢ ᠬᠡᠰᠡᠭ ᠮᠡᠭ᠍ᠰᠢᠨ ᠣᠬᠢᠯᠠᠭᠰᠠᠨ ᠶᠢᠠᠨ ᠦᠨᠳᠡᠢ᠌ᠨ ᠪᠣᠰᠴᠣ ᠭᠠᠶᠠ ᠶᠢᠨ ᠡᠮᠣᠨ᠎ᠠ ᠢᠷᠡᠬᠡᠥᠨ᠄
᠊᠊᠊᠊᠊᠊᠊᠊᠊᠊᠊᠊᠊᠊᠊ ᠭᠠᠶᠠ᠂ ᠴᠢᠮ᠎ᠠ ᠮᠠᠭᠣ ᠪᠠᠶᠠᠨ ᠮᠠᠯᠴᠢᠨ ᠤ ᠵᠤᠯᠵᠠᠭ᠎ᠠ︕ ᠨᠢᠭᠣᠷ ᠦᠭ᠍ᠬᠥ ᠳᠤ ᠬᠠᠮᠠᠷ ᠠᠪᠬᠣ ᠦᠭᠡᠶ ᠠᠭᠠᠰᠢᠯᠠᠨ᠎ᠠ︕ ᠬᠡᠵᠦ ᠰᠢᠳᠣ ᠬᠠᠪᠢᠷᠣᠨ ᠬᠡᠯᠡᠬᠡᠥᠨ᠂ ᠭᠠᠶᠠ ᠶᠢᠨ ᠲᠦᠬᠥᠰᠢ ᠶᠢ ᠨᠢᠬᠡ ᠠᠯᠠᠭᠠᠳᠠᠭᠠᠳ ᠲᠣᠷᠣᠭᠰᠢ ᠬᠦᠶᠥᠨ ᠪᠠᠭᠣᠪᠠ᠃ ᠭᠠᠶᠠ ᠠᠯᠠᠭᠠᠳᠠᠭᠣᠯᠣᠭᠰᠠᠨ ᠬᠠᠴᠠᠷ ᠶᠢᠠᠨ ᠲᠠᠮᠳᠠᠷᠢᠵᠣ᠄ 《ᠨᠠᠰᠣ ᠪᠠᠷ ᠶᠢᠠᠨ ᠭᠣᠣᠨᠢ ᠶᠠᠪᠣᠭᠰᠠᠨ ᠴᠤ ᠴᠢᠮ᠎ᠠ ᠰᠢᠭ ᠶᠠᠩᠬᠠᠨ ᠲᠡᠶ ᠰᠠᠭᠣᠬᠣ ᠦᠭᠡᠶ》 ᠬᠡᠵᠦ ᠠᠭᠣᠯᠠ ᠴᠣᠣᠷᠢᠶᠠᠳᠣᠳᠠᠯᠠ ᠪᠠᠷᠬᠢᠷᠠᠮᠠᠷ ᠰᠠᠨᠠᠭᠳᠠᠨ ᠬᠣᠢ᠌ᠨ᠎ᠠ ᠡᠴᠡ ᠨᠢ 《ᠲᠦᠢ︕》 ᠭᠡᠵᠦ ᠨᠣᠯᠮᠣᠪᠠ᠃
ᠵᠤᠬᠢᠶᠠᠭᠴᠢ᠄ ᠬᠠᠷᠭᠤᠢ
ᠳᠠᠷᠤᠮ᠄ 28506
ᠴᠠᠭ᠄ 2005 ᠤᠨ ᠤ 08 ᠰᠠᠷ᠎ᠠ ᠶᠢᠨ 08