ᠨᠡᠪᠲᠡᠷᠡᠨ ᠤᠷᠤᠬᠤ
ᠲᠦᠷᠪᠡ ᠂ ᠶᠠᠰᠤ ᠪᠠᠷᠢᠶᠠᠴᠢ

ᠵᠤᠨ ᠤ ᠡᠬᠥᠯᠡ ᠲᠣᠭᠣᠰᠣ ᠦᠭᠡᠶ ᠨᠢᠬᠡ ᠡᠳᠣᠷ ᠤᠨ ᠦᠷᠯᠦᠬᠡ᠂ ᠰᠠᠮᠠᠭ᠎ᠠ ᠬᠡᠯᠡ ᠨᠢ ᠣᠨᠠᠭᠰᠠᠨ ᠲᠡᠪᠢᠬᠥᠷ ᠰᠣᠭᠣᠪᠳᠠᠭᠠᠳ ᠢᠩ ᠤᠨ ᠬᠡᠷ ᠲᠤ ᠣᠷᠣᠵᠣ ᠢᠷᠠᠪᠠ᠃ ᠭᠠᠶᠠ ᠪᠠᠷᠠᠭᠣᠨ ᠲᠠᠰᠣᠯᠭᠠᠨ ᠡᠴᠡ ᠪᠠᠨ᠄

᠊᠊᠊᠊᠊᠊᠊᠊᠊᠊᠊᠊᠊᠊᠊ ᠪᠡᠷᠬᠡᠨ ᠪᠣᠳᠠᠭ᠎ᠠ ᠢᠩᠳᠡᠬᠥ ᠬᠡᠵᠦ ᠪᠠᠢ᠌ᠨ᠎ᠠ ᠦᠦ︖ ᠬᠡᠬᠥ ᠳᠤ ᠰᠠᠮᠠᠭ᠎ᠠ᠂ ᠢᠩ ᠢ ᠣᠷᠢᠳ ᠶᠢᠠᠷ ᠡᠵᠡᠯᠡᠭ᠍ᠰᠡᠨ ᠤ ᠲᠡᠮᠳᠡᠭ ᠪᠣᠯᠭᠠᠵᠣ ᠲᠡᠪᠢᠬᠥᠷ ᠶᠢᠠᠨ ᠢᠩ ᠤᠨ ᠭᠣᠣᠯ ᠳᠤ ᠬᠦᠮᠥᠷᠢᠵᠦ ᠲᠠᠯᠪᠢᠬᠣ ᠶᠢᠨ ᠲᠠᠭᠠᠤ᠄

᠊᠊᠊᠊᠊᠊᠊᠊᠊᠊᠊᠊᠊᠊᠊ ᠨᠢᠬᠡ ᠲᠣᠭᠣᠭ᠎ᠠ ᠮᠣᠩᠭ᠋ᠣᠯ ᠬᠠᠭᠣᠷᠣᠭᠰᠠᠨ ᠶᠣᠮ᠃ ᠡᠬᠥᠯᠡ ᠴᠢᠬᠢᠭ᠌ ᠦᠭᠡᠶ ᠪᠠᠢ᠌ᠬᠣ ᠳ᠋ᠤᠨᠢ ᠵᠠᠪᠳᠣᠭᠠᠳ ᠢᠩᠳᠡᠴᠢᠬᠡᠢ᠎ᠡ ᠬᠡᠵᠦ ᠬᠡᠯᠡᠬᠡᠥᠨ ᠭᠠᠷᠴᠣ ᠶᠠᠪᠣᠬᠣ ᠳᠠᠭᠠᠨ᠄

᠊᠊᠊᠊᠊᠊᠊᠊᠊᠊᠊᠊᠊᠊᠊ ᠢᠩ ᠳᠤ ᠦᠬᠡᠷ᠎ᠡ ᠬᠦᠮᠥᠨ ᠢ ᠪᠢᠳᠡᠬᠡᠢ ᠢᠩᠳᠡᠬᠥᠯᠵᠦ ᠪᠠᠢ ᠳ᠋‍ᠠ᠂ ᠪᠢ ᠡᠯᠵᠢᠬᠡ ᠪᠠᠨ ᠪᠠᠷᠢᠭᠠᠳ ᠢᠷᠠᠶ᠎ᠠ ᠬᠡᠵᠦ ᠵᠠᠬᠢᠪᠠ᠃ ᠰᠠᠮᠠᠭ᠎ᠠ ᠶᠠᠪᠣᠭᠠᠳ ᠲᠠᠮᠠᠢ ᠣᠳᠠᠯ ᠦᠭᠡᠶ ᠭᠠᠩᠷᠠᠢ᠂ ᠡᠷᠬᠡ ᠶᠢᠨ ᠰᠠᠭᠠᠷᠠᠯ ᠡᠯᠵᠢᠬᠡᠨ ᠲᠡᠬᠡᠷ᠎ᠡ ᠳᠤᠮᠳᠠᠭᠤᠷ ᠣᠭᠣᠳᠠ ᠪᠣᠳᠠᠭ᠎ᠠ ᠠᠴᠢᠭᠠᠳ ᠢᠩ ᠤᠨ ᠬᠡᠷ ᠲᠤ ᠣᠷᠣᠵᠣ ᠢᠷᠠᠪᠠ᠃ ᠲᠠᠷᠠ᠂ ᠭᠠᠶᠠ ᠶᠢ ᠦᠵᠡᠨ ᠶᠠᠳᠠᠬᠣ ᠪᠣᠯᠣᠭᠰᠠᠨ ᠡᠴᠡ ᠪᠠᠷᠠᠭᠣᠨ ᠲᠠᠰᠣᠯᠭᠠᠨ ᠤ ᠡᠬᠥᠳᠡ ᠣᠷᠣᠭᠣ ᠴᠠᠭᠠᠨ ᠨᠢᠳᠣ ᠪᠠᠷ ᠴᠠᠢ᠌ᠪᠠᠢ᠌ᠨ ᠬᠠᠷᠠᠭᠰᠠᠨ ᠶᠢᠠᠨ ᠢᠩ ᠤᠨ ᠭᠣᠣᠯ ᠳᠤ ᠪᠠᠢ᠌ᠭᠰᠠᠨ ᠲᠡᠪᠢᠬᠥᠷ ᠢ ᠠᠪᠴᠣ ᠪᠣᠯᠣᠩ ᠳᠤ ᠬᠠᠶᠠᠭᠠᠳ ᠡᠯᠵᠢᠬᠡ ᠪᠠᠨ ᠬᠦᠯᠦᠪᠡ᠃ ᠲᠡᠬᠥᠨ ᠢ ᠡᠯᠵᠢᠬᠡ ᠪᠠᠨ ᠬᠦᠯᠦᠬᠡᠥᠨ ᠪᠠᠷᠠᠳᠠᠯ᠎ᠠ ᠪᠣᠷᠪᠢ ᠶᠢᠨ ᠬᠣᠶ᠋‍ᠢᠨ᠎ᠠ ᠡᠴᠡ ᠨᠢ ᠰᠠᠮᠠᠭ᠎ᠠ ᠣᠷᠣᠵᠣ ᠢᠷᠠᠪᠠ᠃ ᠲᠠᠷᠠ᠂ ᠲᠡᠪᠢᠬᠥᠷ ᠨᠢ ᠬᠡᠷᠡᠮ ᠤᠨ ᠪᠣᠯᠣᠩ ᠳᠤ ᠬᠠᠶᠠᠭᠳᠠᠭᠰᠠᠨ ᠢ ᠦᠵᠡᠬᠡᠥᠨ᠄

᠊᠊᠊᠊᠊᠊᠊᠊᠊᠊᠊᠊᠊᠊᠊ ᠪᠢ ᠣᠷᠢᠳ ᠶᠢᠠᠷ ᠡᠵᠠᠯᠠᠵᠣ ᠲᠠᠯᠪᠢᠭᠰᠠᠨ ᠰᠢᠤ᠂ ᠶᠠᠮᠠᠷ ᠶᠣᠰᠣ ᠮᠡᠳᠡᠬᠥ ᠦᠭᠡᠶ ᠬᠦᠮᠥᠨ ᠶᠣᠮ︖ ᠬᠡᠪᠡ᠃ ᠭᠠᠩᠷᠠᠢ ᠰᠣᠨᠣᠰᠣᠭᠰᠠᠨ ᠦᠬᠡᠢ ᠶᠣᠮ ᠰᠢᠭ ᠣᠭᠣᠳᠠ ᠲᠡᠶ ᠪᠣᠳᠠᠭ᠎ᠠ ᠪᠠᠨ ᠢᠩ ᠤᠨ ᠲᠠᠢ᠌ᠰᠠᠨ ᠲᠡᠬᠡᠷ᠎ᠡ ᠴᠢᠳᠬᠣᠬᠣ ᠶᠢᠨ ᠲᠠᠭᠠᠤ ᠡᠯᠵᠢᠬᠡ ᠪᠠᠨ ᠰᠢᠪᠬᠠᠷᠳᠠᠵᠣ᠄

᠊᠊᠊᠊᠊᠊᠊᠊᠊᠊᠊᠊᠊᠊᠊ ᠴᠦᠬᠥ︕ ᠬᠡᠪᠡ᠃ ᠦᠵᠡᠵᠦ ᠪᠠᠢ᠌ᠭᠰᠠᠨ ᠰᠠᠮᠠᠭ᠎ᠠ ᠶᠢᠨ ᠲᠣᠳᠣᠷ᠎ᠠ ᠠᠬᠤᠰ ᠬᠡᠵᠦ ᠡᠯᠵᠢᠬᠡᠨ ᠨᠣᠭᠳᠣ ᠡᠴᠡ ᠨᠢ ᠪᠠᠷᠢᠵᠣ ᠠᠪᠣᠭᠠᠳ᠄

᠊᠊᠊᠊᠊᠊᠊᠊᠊᠊᠊᠊᠊᠊᠊ ᠭᠠᠩᠷᠠᠢ ᠴᠢ ᠪᠠᠶ᠎ᠠ ᠪᠠᠨ ᠮᠠᠳᠠ︕ ᠡᠷᠬᠡ ᠲᠡᠶ ᠨᠠᠢ᠌ᠯᠠᠯ᠎ᠠ ᠬᠡᠥᠨ ᠬᠦᠮᠥᠨ ᠲᠠᠷᠣᠯᠠᠬᠣ ᠨᠢ ᠦᠦ︖ ᠬᠡᠵᠦ ᠶᠠᠷ᠎ᠠ ᠶᠢ ᠨᠢ ᠮᠠᠯᠳᠠᠪᠠᠯ ᠭᠠᠩᠷᠠᠢ ᠶᠢᠨ ᠨᠢᠳᠣ ᠡᠷᠠᠢ᠌ᠵᠣ᠄

᠊᠊᠊᠊᠊᠊᠊᠊᠊᠊᠊᠊᠊᠊᠊ ᠴᠢᠳᠠᠯ ᠲᠡᠶ ᠪᠣᠯ ᠴᠢ ᠪᠠᠰᠠ ᠨᠢᠬᠡ ᠶᠢ ᠣᠯᠣᠭᠠᠳ ᠲᠠᠭᠠᠭᠣᠯᠬᠣ ᠦᠭᠡᠶ ᠦᠦ︖ ᠴᠢᠮ᠎ᠠ ᠰᠢᠭ ᠬᠠᠳᠠᠩᠬᠢᠷ ᠬᠠᠷ᠎ᠠ ᠶᠢ ᠵᠠᠮ ᠲᠡᠬᠡᠷ᠎ᠡ ᠪᠠᠢ᠌ᠭᠰᠠᠨ ᠴᠤ ᠠᠪᠬᠣ ᠬᠦᠮᠥᠨ ᠦᠭᠡᠶ ᠬᠡᠵᠦ ᠬᠣᠷᠣᠰᠭᠠᠨ᠎ᠠ᠃ ᠢᠩ ᠤᠨ ᠬᠡᠷ ᠤᠨ ᠬᠡᠷᠡᠬᠥᠯ ᠢ ᠰᠣᠨᠣᠰᠴᠣ ᠣᠶ᠋‍ᠢᠷ᠎ᠠ ᠣᠷᠴᠢᠮ ᠤᠨ ᠡᠮᠠᠰ ᠬᠡᠣᠬᠡᠥᠨ ᠴᠣᠭᠯᠠᠷᠠᠪᠠ᠃ ᠵᠠᠷᠢᠮ ᠨᠢ ᠬᠡᠷᠡᠬᠥᠯ ᠰᠠᠯᠭᠠᠬᠣ ᠬᠡᠵᠦ ᠣᠷᠣᠯᠳᠣᠬᠣ ᠳᠤ ᠵᠠᠷᠢᠮ ᠨᠢ ᠶᠧᠨᠦ ᠦᠵᠡᠵᠦ ᠵᠤᠭᠰᠣᠨ᠎ᠠ᠃ ᠰᠠᠮᠠᠭ᠎ᠠ᠂ ᠭᠠᠶᠠ ᠶᠢ ᠲᠠᠭᠣᠳᠠᠨ ᠭᠠᠷᠭᠠᠵᠣ᠄

᠊᠊᠊᠊᠊᠊᠊᠊᠊᠊᠊᠊᠊᠊᠊ ᠪᠢ ᠬᠠᠷ᠎ᠠ ᠦᠷᠯᠦᠬᠡ ᠢᠷᠡᠬᠡᠥᠨ ᠲᠡᠪᠢᠬᠥᠷ ᠶᠢᠠᠨ ᠲᠠᠯᠪᠢᠭᠰᠠᠨ᠃ ᠬᠣᠳᠠᠯ ᠬᠡᠪᠡᠯ ᠲᠠ ᠨᠡᠷ ᠭᠠᠶᠠ ᠡᠴᠡ ᠠᠰᠠᠭᠣ ᠬᠡᠪᠡ᠃ ᠭᠠᠶᠠ ᠲᠣᠯᠣᠭᠠᠢ ᠪᠠᠨ ᠮᠠᠭᠠᠵᠢᠭᠰᠠᠭᠠᠷ᠄

᠊᠊᠊᠊᠊᠊᠊᠊᠊᠊᠊᠊᠊᠊᠊ ᠲᠠᠢ᠌ᠮᠣ᠂ ᠲᠠᠢ᠌ᠮᠣ᠃ ᠰᠠᠮᠠᠭ᠎ᠠ ᠪᠡᠷᠬᠡᠨ ᠲᠡᠪᠢᠬᠥᠷ ᠶᠢᠠᠨ ᠲᠠᠯᠪᠢᠭᠠᠳ ᠪᠠᠰᠠ ᠨᠠᠳᠠ ᠨᠠᠢ᠌ᠳᠠᠭᠠᠳ ᠶᠠᠪᠣᠭᠰᠠᠨ ᠶᠣᠮ᠃ ᠪᠢ ᠭᠠᠩᠷᠠᠢ ᠶ᠋‍ᠢᠨ ᠣᠷᠣᠵᠣ ᠢᠷᠡᠭ᠍ᠰᠡᠨ ᠢ ᠮᠡᠳᠡᠭ᠍ᠰᠡᠨ ᠦᠭᠡᠶ ᠬᠡᠪᠡ᠃ ᠭᠠᠩᠷᠠᠢ ᠨᠢᠭᠣᠷ ᠣᠯᠣᠭᠰᠠᠨ ᠦᠭᠡᠶ ᠪᠣᠯᠬᠣ ᠳᠠᠭᠠᠨ ᠢᠩ ᠤᠨ ᠲᠡᠬᠡᠷ᠎ᠡ ᠡᠴᠠ ᠪᠣᠳᠠᠭ᠎ᠠ ᠪᠠᠨ ᠱᠦᠬᠥᠷᠳᠡᠨ ᠬᠡᠣᠳᠡᠢ᠌ᠯᠡᠵᠦ᠂ ᠡᠯᠵᠢᠬᠡᠨ ᠲᠣ᠋  ᠵᠢ ᠠᠯᠳᠠᠷᠭᠠᠮᠠᠭᠴᠠ ᠪᠥᠭ᠍ᠰᠡ ᠣᠷᠣᠭᠣ ᠨᠢ ᠭᠣᠶᠠᠳᠠᠬᠣ ᠳᠤ ᠨᠢᠳᠣᠨ ᠪᠦᠳᠡᠬᠡᠯᠬᠡ ᠶᠢ ᠨᠢ ᠠᠪᠣᠭᠰᠠᠨ ᠦᠭᠡᠶ ᠡᠯᠵᠢᠬᠡ ᠬᠠᠮᠢᠭᠠᠰᠢ ᠶᠠᠪᠣᠬᠣ ᠪᠠᠨ ᠣᠯᠬᠣ ᠦᠭᠡᠶ ᠣᠷᠣᠨ ᠳᠠᠭᠠᠨ ᠲᠡᠪᠬᠡᠴᠡᠨ᠎ᠡ᠃ ᠭᠠᠩᠷᠠᠢ ᠪᠠᠢ᠌ᠭᠰᠠᠨ ᠠᠭᠣᠷ ᠶᠢᠠᠨ ᠡᠯᠵᠢᠬᠡᠨ ᠳᠤ ᠭᠠᠷᠭᠠᠵᠣ᠄

᠊᠊᠊᠊᠊᠊᠊᠊᠊᠊᠊᠊᠊᠊᠊ ᠠᠢ᠌ᠯ ᠤᠨ ᠪᠣᠭ ᠮᠠᠭᠣ ᠬᠠᠷ᠎ᠠ ᠴᠢ᠂ ᠦᠬᠥᠭ᠍ᠰᠡᠨ ᠶᠢᠠᠨ ᠵᠦᠷᠢᠭᠦᠳᠯᠡᠬᠡᠥᠨ ᠪᠠᠢ᠌ᠬᠣ ᠶᠣᠮ︖ ᠬᠡᠵᠦ ᠴᠣᠬᠢᠬᠣ ᠬᠡᠳᠡᠯ᠎ᠡ ᠨᠢᠬᠡ ᠬᠡᠣᠬᠡᠥᠨ ᠬᠦᠶᠥᠵᠦ ᠢᠷᠡᠬᠡᠥᠨ ᠡᠯᠵᠢᠬᠡᠨ ᠪᠦᠳᠡᠬᠡᠯᠬᠡ ᠶᠢ ᠨᠢ ᠠᠪᠣᠪᠠ᠃ ᠨᠠᠷᠢᠨ ᠰᠢᠪᠰᠢᠷᠭ᠎ᠠ ᠦᠵᠡᠭ᠍ᠰᠡᠨ ᠡᠯᠵᠢᠬᠡ ᠰᠡᠬᠥᠯ ᠶᠢᠠᠨ ᠬᠠᠪᠴᠢᠨ ᠭᠣᠰ ᠦᠰᠥᠷᠬᠥ ᠳ᠋ᠤᠨᠢ ᠭᠠᠩᠷᠠᠢ ᠲᠠᠳᠠᠭᠳᠠᠨ᠂ ᠲᠥᠷᠪᠡᠨ ᠮᠦᠴᠢ ᠨᠢ ᠲᠡᠬᠡᠭ᠍ᠰᠢ ᠬᠠᠷᠠᠵᠣ ᠰᠠᠷᠪᠠᠢ᠌ᠨ ᠣᠨᠠᠪᠠ᠃ ᠲᠣᠭᠣᠷᠢᠭᠰᠠᠨ ᠬᠦᠮᠥᠰ ᠬᠦᠷ ᠬᠡᠳᠡᠯ᠎ᠡ ᠢᠨᠢᠶᠡᠯᠴᠡᠬᠥ ᠳᠤ ᠭᠠᠩᠷᠠᠢ ᠬᠣᠪᠴᠠᠰᠣᠨ ᠲᠡᠬᠡᠷᠡᠬᠢ ᠲᠣᠭᠣᠰᠣ ᠰᠢᠷᠣᠢ ᠪᠠᠨ ᠬᠦᠪᠢᠵᠦ ᠰᠠᠪᠠᠭᠰᠠᠭᠠᠷ ᠪᠣᠰᠴᠣ᠄

᠊᠊᠊᠊᠊᠊᠊᠊᠊᠊᠊᠊᠊᠊᠊ ᠰᠠᠮᠠᠭ᠎ᠠ ᠴᠢ ᠪᠣᠤ ᠶᠠᠭᠠᠷᠠᠵᠣ ᠪᠠᠢ︕ ᠬᠡᠵᠦ ᠵᠠᠨᠣᠭᠠᠳ ᠭᠠᠷᠴᠣ ᠶᠠᠪᠣᠪᠠ᠃ ᠡᠨᠠ ᠬᠣᠭᠣᠷᠣᠠᠳᠣ ᠰᠠᠭᠠᠷᠠᠯ ᠡᠯᠵᠢᠬᠡ ᠴᠣᠯᠪᠣᠭᠣᠷ ᠶ᠋‍ᠢᠠᠨ ᠴᠢᠷᠣᠨ ᠡᠬᠡᠭ᠍ᠯᠠᠵᠦ ᠣᠣᠠᠪᠠ᠃

ᠰᠠᠮᠠᠭ᠎ᠠ ᠪᠣᠳᠠᠭ᠎ᠠ ᠪᠠᠨ ᠴᠠᠢ᠌ᠯᠭᠠᠵᠣ᠂ ᠲᠣᠠᠳᠠᠰᠢᠯᠠᠬᠣ ᠦᠶ᠎ᠡ ᠪᠠᠷ ᠡᠯᠵᠢᠬᠡ ᠨᠢ ᠵᠤᠭᠰᠣᠴᠢᠬᠠᠪᠠ᠃ ᠲᠥᠷᠣᠬᠥ ᠰᠢᠬᠠᠭᠰᠠᠨ ᠡᠯᠵᠢᠬᠡ ᠬᠡᠳᠥᠢ ᠯᠠ ᠲᠠᠩᠬᠡᠬᠡ ᠪᠠᠢ᠌ᠬᠣ ᠪᠣᠢ︖ ᠲᠥᠯᠬᠢᠵᠦ ᠲᠠᠳᠠᠭᠠᠳ ᠴᠤ ᠣᠬᠣᠷᠢᠬᠤ ᠡᠴᠡ ᠪᠢᠰᠢ ᠣᠷᠣᠭᠰᠢ ᠵᠢᠣᠠᠬᠥᠬᠥ ᠦᠭᠡᠶ ᠪᠤᠯᠬᠤᠷ ᠰᠠᠮᠠᠭ᠎ᠠ ᠠᠷᠭ᠎ᠠ ᠶᠠᠳᠠᠬᠣ ᠳᠠᠭᠠᠨ ᠡᠯᠵᠢᠬᠡ ᠪᠠᠨ ᠪᠠᠭᠣᠯᠭᠠᠵᠣ ᠠᠮᠠᠷᠠᠭᠣᠯᠪᠠ᠃ ᠭᠠᠶᠠ ᠲᠣᠳᠣᠷ᠎ᠠ ᠬᠡᠷ ᠡᠴᠡ ᠭᠠᠷᠴᠣ ᠢᠷᠡᠬᠡᠥᠨ᠄

᠊᠊᠊᠊᠊᠊᠊᠊᠊᠊᠊᠊᠊᠊᠊ ᠪᠡᠷᠬᠡᠨ ᠡ᠂ ᠪᠢ ᠬᠠᠪᠰᠣᠷᠴᠣ ᠦᠭ᠍‍ᠬᠥᠢ᠎ᠡ ᠬᠡᠥᠨ ᠢᠩ ᠵᠢᠣᠠᠬᠥᠵᠦ ᠡᠬᠢᠯᠠᠪᠠ᠃ ᠰᠠᠮᠠᠭ᠎ᠠ ᠡᠪ ᠦᠬᠡᠶ᠋‍ᠢᠷᠡᠵᠦ᠄

᠊᠊᠊᠊᠊᠊᠊᠊᠊᠊᠊᠊᠊᠊᠊ ᠲᠡᠬᠥᠤ ᠮᠢᠨᠢ ᠪᠠᠢ᠌ᠴᠢᠬ᠎ᠠ᠂ ᠵᠤᠨ ᠤ ᠬᠠᠯᠠᠭᠣᠨ ᠳᠤ ᠢᠩ ᠵᠢᠣᠠᠬᠥᠬᠥ ᠴᠢᠨᠢ ᠠᠮᠠᠷ ᠦᠭᠡᠶ ᠳ᠋‍ᠠ︕ ᠬᠡᠪᠡ᠃ ᠭᠠᠶᠠ ᠢᠨᠢᠶᠠᠮᠰᠣᠭ᠍ᠯᠠᠨ᠄

᠊᠊᠊᠊᠊᠊᠊᠊᠊᠊᠊᠊᠊᠊᠊ ᠵᠦᠬᠡᠷ ᠰᠠᠭᠣᠪᠠᠯ ᠬᠠᠷᠢᠨ ᠪᠠᠶ᠎ᠠ ᠠᠳᠬᠣᠷᠠᠭᠠᠳ ᠲᠡᠰᠬᠥ ᠠᠯᠳᠠᠷᠠᠨ᠎ᠠ᠃ ᠪᠡᠷᠬᠡᠨ ᠡ᠂ ᠪᠣᠳᠠᠭ᠎ᠠ ᠪᠠᠨ ᠲᠡᠪᠢᠬᠥᠷᠳᠡ ᠬᠡᠪᠡ᠃ ᠡᠷᠬᠢᠬᠥ ᠲᠣᠳᠣᠮ ᠭᠠᠶᠠ ᠶᠢᠨ ᠬᠣᠷᠳᠣᠴᠠ ᠨᠡᠮᠡᠭ᠍ᠳᠡᠨ ᠬᠦᠯ ᠬᠦᠩᠬᠡᠷᠡᠵᠦ ᠢᠷᠡᠬᠥ ᠳᠤ ᠰᠠᠮᠠᠭ᠎ᠠ᠄

᠊᠊᠊᠊᠊᠊᠊᠊᠊᠊᠊᠊᠊᠊᠊ ᠶᠠᠭᠣ ᠶᠠᠭᠠᠷᠠᠬᠣ ᠪᠣᠢ︖ ᠬᠣᠷᠳᠣᠨ ᠡᠷᠬᠢᠪᠠᠯ ᠲᠣᠯᠣᠭᠠᠢ ᠴᠢᠨᠢ ᠡᠷᠬᠢᠨ᠎ᠠ ᠬᠡᠬᠥ ᠳᠤ ᠭᠠᠶᠠ᠂ ᠮᠠᠩᠨᠠᠢ ᠶᠢᠨ ᠬᠦᠯᠥᠰᠤ ᠪᠠᠨ ᠵᠦᠯᠬᠥᠬᠥ ᠶ᠋‍ᠢᠨ ᠲᠠᠭᠠᠤ᠄

᠊᠊᠊᠊᠊᠊᠊᠊᠊᠊᠊᠊᠊᠊᠊ ᠲᠡᠬᠡᠪᠡᠯ ᠡᠯᠵᠢᠬᠡᠨ ᠪᠦᠳᠡᠬᠡᠯᠬᠡ ᠪᠠᠷ ᠶᠢᠠᠨ ᠮᠢᠨᠣ ᠨᠢᠳᠣ ᠶᠢ ᠪᠦᠳᠡᠬᠡᠴᠢᠬᠡ᠂ ᠲᠣᠯᠣᠭᠠᠢ ᠡᠷᠬᠢᠬᠥ ᠦᠭᠡᠶ ᠪᠣᠯᠬᠣ ᠪᠢᠰᠢ ᠦᠦ︖ ᠬᠡᠵᠦ ᠨᠠᠭᠠᠳᠣᠮ ᠬᠢᠪᠠᠯ ᠰᠠᠮᠠᠭ᠎ᠠ᠄

᠊᠊᠊᠊᠊᠊᠊᠊᠊᠊᠊᠊᠊᠊᠊ ᠬᠦᠮᠥᠨ ᠦᠵᠡᠪᠡᠯ ᠴᠢᠮᠢ᠋ᠢ ᠡᠯᠵᠢᠬᠡ ᠬᠡᠵᠦ ᠬᠣᠴᠢᠯᠠᠬᠣ ᠡᠴᠡ ᠠᠶᠣᠬᠣ ᠦᠭᠡᠶ ᠦᠦ︖ ᠬᠡᠪᠡ᠃ ᠭᠠᠶᠠ᠄

᠊᠊᠊᠊᠊᠊᠊᠊᠊᠊᠊᠊᠊᠊᠊ ᠪᠢ ᠬᠦᠮᠥᠨ ᠳᠤ ᠬᠡᠯᠡᠭ᠍ᠳᠡᠭ᠍ᠰᠠᠬᠡᠷ ᠪᠠᠢ᠌ᠭᠠᠳ ᠬᠠᠮᠢᠶᠠᠷᠬᠣ ᠴᠤ ᠦᠭᠡᠶ ᠪᠣᠯᠴᠢᠬᠠᠵᠠᠢ᠃ ᠡᠶ᠋‍ᠢᠮᠣ ᠯᠠ ᠵᠠᠶᠠᠭ᠎ᠠ ᠲᠡᠶ ᠬᠦᠮᠥᠨ ᠡ ᠬᠡᠪᠡ᠃ ᠰᠠᠮᠠᠭ᠎ᠠ ᠰᠣᠨᠣᠰᠣᠭᠠᠳ ᠰᠠᠨᠠᠭ᠎ᠠ ᠠᠯᠳᠠᠨ ᠲᠠᠬᠢᠵᠣ ᠲᠣᠣᠭᠠᠷᠣᠭᠰᠠᠨ ᠦᠭᠡᠶ᠃ ᠪᠣᠳᠠᠭ᠎ᠠ ᠪᠠᠨ ᠴᠠᠢ᠌ᠯᠭᠠᠵᠣ ᠪᠠᠷᠠᠭᠰᠠᠨ ᠤ ᠲᠠᠷᠠᠭ᠎ᠠ ᠲᠠᠷᠠ᠂ ᠬᠡᠷᠡᠭ ᠦᠭᠡᠶ ᠬᠡᠵᠦ ᠬᠣᠷᠢᠭᠯᠠᠵᠣ ᠪᠠᠢ᠌ᠳᠠᠯ᠎ᠠ ᠭᠠᠶᠠ ᠶᠢᠨ ᠣᠭᠣᠳᠠᠨ ᠳᠤ ᠬᠡᠳᠥᠨ ᠠᠶᠠᠭ᠎ᠠ ᠴᠠᠢ᠌ᠯᠭᠠᠭᠰᠠᠨ ᠮᠣᠩᠭ᠋ᠣᠯ ᠶ᠋‍ᠢᠠᠨ ᠬᠢᠵᠣ ᠦᠭ᠍‍ᠬᠥᠬᠡᠥᠨ ᠬᠡᠷ ᠲᠡᠭᠡᠨ ᠬᠠᠷᠢᠪᠠ᠃

ᠬᠣᠣᠯᠢᠨ ᠭᠣᠣᠯ ᠳᠤ ᠣᠳᠣᠷ ᠶᠢᠠᠷ ᠶᠠᠪᠣᠭᠰᠠᠨ ᠮᠠᠯᠴᠢᠳ ᠡᠴᠡ 《ᠪᠣᠳᠠᠭ᠎ᠠ ᠲᠣᠳᠠᠵᠣ ᠪᠠᠢ᠌ᠨ᠎ᠠ》 ᠬᠡᠰᠡᠨ ᠴᠢᠮᠡᠬᠡ ᠢᠷᠠᠪᠠ᠃ ᠰᠠᠮᠠᠭ᠎ᠠ ᠲᠡᠷᠢᠬᠥᠳᠡᠢ ᠬᠡᠳᠥᠨ ᠬᠦᠮᠥᠨ ᠮᠣᠩᠭ᠋ᠣᠯ ᠪᠣᠳᠠᠭ᠎ᠠ ᠬᠠᠭᠣᠷᠴᠣ ᠢᠩᠳᠡᠬᠡᠥᠨ ᠪᠣᠵᠢᠬᠢᠨᠠᠯᠳᠣᠨ᠎ᠠ᠃ ᠬᠣᠶᠠᠷ ᠡᠳᠣᠷ ᠬᠠᠷ᠎ᠠ ᠬᠦᠯᠥᠰᠤ ᠲ᠋ᠠᠢ ᠪᠠᠨ ᠵᠢᠭᠣᠷᠠᠯᠳᠣᠨ ᠶᠠᠭᠣ ᠴᠤ ᠬᠡᠰᠡᠨ ᠬᠡᠳᠥᠨ ᠮᠠᠳᠠᠢ ᠴᠠᠢ᠌ᠯᠭᠠᠭᠰᠠᠨ ᠪᠣᠳᠠᠭ᠎ᠠ ᠪᠡᠯᠡᠳᠬᠡᠪᠡ᠃ ᠮᠠᠷᠭᠠᠰᠢ ᠨᠢ ᠭᠠᠶᠠ ᠶᠢ ᠲᠠᠷᠢᠶᠠᠨ ᠲᠡᠬᠡᠷ᠎ᠡ ᠡᠴᠡ ᠲᠠᠭᠣᠳᠠᠨ ᠠᠪᠴᠢᠷᠠᠭᠠᠳ᠄

᠊᠊᠊᠊᠊᠊᠊᠊᠊᠊᠊᠊᠊᠊᠊ ᠣᠳᠣᠷ ᠤᠨ ᠮᠠᠯᠴᠢᠳ ᠲᠤ ᠪᠣᠳᠠᠭ᠎ᠠ ᠬᠦᠷᠬᠡᠬᠡᠥᠨ ᠢᠷ᠎ᠠ ᠬᠡᠪᠡ᠃ ᠭᠠᠶᠠ ᠭᠣᠷᠪᠠ ᠬᠦᠯᠥᠭᠰᠡᠨ ᠦᠬᠡᠷ ᠲᠡᠷᠬᠡ ᠶᠢ ᠪᠠᠷᠢᠵᠣ᠂ ᠨᠠᠷᠢᠨ ᠬᠣᠯᠣᠰᠣᠨ ᠲᠠᠰᠢᠭᠣᠷ ᠶᠢᠠᠨ ᠲᠠᠰ ᠨᠢᠰ ᠲᠣᠣᠭᠠᠷᠭᠠᠭᠰᠠᠭᠠᠷ ᠬᠣᠣᠯᠢᠨ ᠭᠣᠣᠯ ᠢ ᠵᠤᠷᠢᠵᠣ ᠣᠣᠠᠪᠠ᠃

ᠭᠠᠶᠠ ᠶᠢ ᠶᠠᠪᠣᠭᠰᠠᠨ ᠤ ᠲᠠᠷᠠᠭ᠎ᠠ ᠣᠷᠣᠢ ᠪᠠᠢ᠌ᠯ᠎ᠠ᠃ ᠡᠳᠣᠷ ᠤᠨ ᠠᠵᠢᠯ ᠳᠠᠭᠠᠨ ᠶᠠᠭᠠᠷᠠᠵᠣ᠂ ᠶᠠᠳᠠᠷᠠᠵᠣ ᠵᠦᠳᠡᠷᠡᠭ᠍ᠰᠡᠨ ᠬᠦᠮᠥᠰ ᠠᠯᠢ ᠬᠡᠳᠦᠢ᠌ᠨ ᠲᠣᠭ ᠨᠣᠢ᠌ᠷ ᠲᠠᠭᠠᠨ ᠣᠷᠣᠵᠣ᠂ ᠭᠣᠣᠯ ᠤᠨ ᠲᠣᠬᠣᠢ ᠡᠴᠡ ᠮᠡᠯᠠᠬᠡᠢ ᠶᠢᠨ ᠭᠤᠸᠠᠭᠠᠭᠯᠠᠬᠤ ᠲᠠᠭᠣ ᠯᠠ ᠰᠦᠨᠢ ᠶ᠋‍ᠢᠨ ᠨᠠᠮ ᠵᠢᠮ ᠢ ᠡᠪᠳᠠᠨ᠎ᠠ᠃ ᠰᠦᠨᠢ ᠶᠢᠨ ᠬᠦᠨ ᠪᠣᠯᠵᠣ ᠬᠦᠮᠥᠨ ᠠᠮᠢᠳᠠᠨ ᠤ ᠬᠦᠯ ᠬᠣᠷᠢᠶᠠᠭᠳᠠᠭᠰᠠᠨ ᠤ ᠬᠣᠶ᠋‍ᠢᠨ᠎ᠠ ᠬᠣᠶᠠᠷ ᠪᠠᠷᠠᠭᠠᠨ ᠰᠡᠬᠥᠳᠡᠷ ᠨᠡᠲᠦᠪᠡᠯᠵᠡᠭ᠍ᠰᠠᠬᠡᠷ ᠢᠩ ᠤᠨ ᠬᠡᠷ ᠲᠤ ᠴᠢᠮᠡᠬᠡ ᠢᠮᠡᠬᠡ ᠦᠭᠡᠶ ᠭᠣᠯᠭᠣᠨ ᠣᠷᠣᠪᠠ᠃ ᠡᠬᠥᠳᠡ ᠣᠷᠣᠮᠠᠭᠴᠠ ᠨᠢᠬᠡ ᠨᠢ ᠭᠠᠷ ᠰᠠᠷᠪᠠᠢ᠌ᠵᠣ ᠨᠦᠬᠥᠬᠡ ᠪᠠᠨ ᠲᠡᠪᠡᠷᠢᠬᠥ ᠬᠡᠳᠡᠯ᠎ᠡ᠄

᠊᠊᠊᠊᠊᠊᠊᠊᠊᠊᠊᠊᠊᠊᠊ ᠬᠦᠱᠢ︕ ᠭᠠᠶᠠ ᠢᠷᠡᠴᠢᠬᠡᠭ᠍ᠰᠡᠨ ᠦᠭᠡᠶ ᠪᠠ︖ ᠬᠡᠵᠦ ᠨᠠᠮ ᠲᠠᠭᠣᠨ ᠶᠢᠠᠷ ᠬᠡᠯᠡᠪᠡ᠃ ᠲᠠᠷᠠ ᠨᠢ ᠭᠠᠩᠷᠠᠢ ᠶᠢᠨ ᠲᠠᠭᠣ ᠪᠠᠢ᠌ᠯ᠎ᠠ᠃

᠊᠊᠊᠊᠊᠊᠊᠊᠊᠊᠊᠊᠊᠊᠊ ᠦᠭᠡᠶ᠃ ᠲᠠᠷᠠ ᠮᠠᠭᠣ ᠬᠦᠮᠥᠨ ᠤ ᠣᠷᠣᠠᠴᠣᠭ ᠡᠨᠠ ᠦᠶᠡᠰ ᠬᠣᠣᠯᠢᠨ ᠭᠣᠣᠯ ᠬᠦᠷᠬᠥ ᠴᠤ ᠪᠣᠯᠣᠭ᠎ᠠ ᠦᠭᠡᠶ᠃ ᠨᠠᠭᠠᠰᠢ ᠢᠷ᠎ᠠ︕ ᠴᠢᠮᠢ᠋ᠢ ᠰᠠᠨᠠᠭᠠᠳ ᠲᠡᠰᠬᠥ ᠦᠭᠡᠶ ᠪᠣᠯᠣᠯ᠎ᠠ ᠬᠡᠵᠦ ᠨᠦᠬᠥᠬᠡ ᠪᠠᠨ ᠪᠠᠶ᠎ᠠ ᠦᠬᠡᠳᠡ ᠪᠠᠨ ᠲᠠᠳᠠᠨ᠎ᠠ᠃ ᠡᠨᠠ ᠨᠢ ᠡᠷᠬᠡ ᠪᠠᠢ᠌ᠯ᠎ᠠ᠃ ᠲᠠᠳᠠ ᠬᠣᠶᠠᠭᠣᠯᠠ ᠢᠩ ᠤᠨ ᠬᠡᠷ ᠲᠤ ᠵᠠᠭᠣᠷᠠᠯᠳᠣᠵᠣ ᠪᠠᠢ᠌ᠭᠰᠠᠨ ᠶᠢᠠᠨ ᠡᠷᠬᠡ᠂ ᠭᠠᠩᠷᠠᠢ ᠶᠢᠨ ᠲᠣᠮᠳᠠᠭᠣᠷ ᠲᠠᠪᠠᠷᠢᠨ ᠠᠪᠴᠣ ᠢᠩ ᠤᠨ ᠲ᠋ᠠᠢ᠌ᠰᠠᠨ ᠲᠡᠬᠡᠷ᠎ᠡ ᠬᠡᠪᠳᠡᠬᠥᠯᠪᠡ᠃ ᠴᠠᠰᠣ ᠴᠠᠭᠠᠨ ᠪᠦᠰᠠᠬᠥᠢ ᠬᠦᠮᠥᠨ ᠤ ᠨᠢᠴᠥᠬᠥᠨ ᠪᠠᠶ᠎ᠠ ᠴᠣᠩᠬᠤ ᠪᠠᠷ ᠲᠣᠰᠣᠭᠰᠠᠨ ᠰᠠᠷᠠᠨ ᠤ ᠬᠡᠷᠡᠯ ᠳᠤ ᠴᠠᠢ᠌ᠯᠵᠠᠨ᠂ ᠢᠩ ᠤᠨ ᠲᠠᠢ᠌ᠰᠠᠨ ᠲᠡᠬᠡᠷ᠎ᠡ ᠠᠳᠣᠭᠠᠨᠠᠨ ᠬᠦᠳᠡᠯᠬᠥ ᠳᠤ ᠨᠦᠬᠥᠬᠡ ᠲᠠᠯ᠎ᠠ ᠡᠴᠡ ᠦᠨᠳᠥᠷ ᠬᠠᠷ᠎ᠠ ᠰᠡᠬᠥᠳᠡᠷ ᠨᠠᠳᠣᠶ᠋‍ᠢᠨ ᠢᠷᠠᠵᠣ᠂ ᠪᠦᠰᠠᠬᠥᠢ ᠶᠢᠨ ᠲᠡᠬᠡᠷ᠎ᠡ ᠡᠴᠡ ᠢᠪ ᠲᠠᠷᠣᠨ ᠬᠣᠮᠢᠨ ᠠᠪᠣᠯ᠎ᠠ᠃ ᠶᠠᠭ ᠯᠠ ᠲᠣᠩᠭ᠋ᠠᠯᠠᠭ ᠰᠠᠢ᠌ᠬᠠᠨ ᠰᠦᠨᠢ ᠬᠡᠨᠡᠳᠳᠡ ᠬᠠᠷ᠎ᠠ ᠡᠬᠥᠯᠡ ᠪᠣᠰᠴᠣ ᠰᠠᠷᠠᠨ ᠤ ᠬᠡᠷᠡᠯ ᠢ ᠬᠠᠯᠬᠠᠯᠠᠬᠣ ᠰᠢᠭ᠂ ᠰᠠᠷᠠ ᠶᠢ ᠳᠠᠪᠬᠤᠷ ᠳᠠᠪᠬᠤᠷ ᠪᠦᠰᠡᠯᠡᠨ ᠵᠠᠯᠬᠢᠬᠣ ᠰᠢᠭ ᠁ ᠬᠠᠷ᠎ᠠ ᠡᠬᠥᠯᠡ ᠬᠣᠶ᠋‍ᠢᠯᠠᠷᠠᠨ ᠠᠶᠣᠩᠭ᠎ᠠ ᠨᠢᠵᠢᠬᠢᠨᠠᠵᠣ ᠁

ᠭᠠᠶᠠ᠂ ᠦᠬᠡᠷ ᠲᠡᠷᠬᠡ ᠲᠡᠶ ᠪᠠᠨ ᠨᠣᠴᠣᠯᠳᠣᠭᠰᠠᠭᠠᠷ ᠪᠠᠢ᠌ᠵᠣ᠂ ᠲᠠᠪᠣ ᠬᠣᠨᠣᠭ ᠲᠡᠬᠡᠷ᠎ᠡ ᠪᠠᠨ ᠬᠠᠷᠢᠵᠣ ᠢᠷᠠᠪᠠ᠃ ᠬᠡᠳᠥᠨ ᠡᠳᠣᠷ ᠤᠨ ᠠᠶᠠᠨ ᠤ ᠶᠥᠷᠬᠥᠬᠡ ᠳᠤ ᠲᠡᠬᠥᠨ ᠤ ᠨᠢᠳᠣ ᠨᠢ ᠬᠦᠩᠬᠦᠢ᠌ᠵᠦ᠂ ᠨᠠᠷᠠᠨ ᠳᠤ ᠰᠢᠷᠠᠭᠳᠠᠨ ᠨᠢᠭᠣᠷ ᠴᠢᠷᠠᠢ ᠨᠢ ᠬᠠᠷᠠᠯᠠᠵᠣ ᠪᠣᠷᠣᠯᠠᠭᠠᠳ ᠦᠰᠤ ᠨᠢ ᠪᠣᠷᠵᠠᠢ᠌ᠵᠠᠢ᠃ ᠲᠠᠷᠠ᠂ ᠲᠠᠮᠷᠢᠨ ᠱᠦᠵᠢ ᠶᠢᠨ ᠡᠬᠥᠳᠡᠨ ᠳᠤ ᠲᠡᠷᠬᠡ ᠪᠠᠨ ᠪᠠᠭᠣᠯᠭᠠᠵᠣ ᠦᠬᠡᠷ ᠶᠢᠠᠨ ᠲᠠᠯᠪᠢᠮᠠᠭᠴᠠ ᠢᠩ ᠤᠨ ᠬᠡᠷ ᠲᠡᠭᠡᠨ ᠰᠢᠷᠭᠣᠨ ᠲᠣᠯᠣᠭᠠᠢ ᠦᠨᠳᠡᠢ᠌ᠬᠥ ᠲᠠᠩᠬᠡᠬᠡ ᠦᠭᠡᠶ ᠣᠠᠳᠠᠵᠣ ᠣᠷᠬᠢᠪᠠ᠃

ᠲᠠᠷᠠ ᠰᠦᠨᠢ ᠨᠢ ᠪᠠᠷᠠᠭᠣᠨ ᠬᠣᠶ᠋‍ᠢᠨ᠎ᠠ ᠡᠴᠡ ᠬᠠᠷ᠎ᠠ ᠡᠬᠥᠯᠡ ᠣᠭᠰᠢᠨ ᠰᠣᠭᠣᠷᠠᠵᠣ᠂ ᠣᠳᠠᠭᠰᠠ ᠦᠭᠡᠶ ᠣᠳᠣᠳᠣ ᠲᠡᠭ᠍ᠷᠢ ᠵᠢ ᠪᠦᠷᠬᠥᠪᠡ᠃ ᠠᠯᠣᠰ ᠲᠤ ᠴᠠᠬᠢᠯᠭᠠᠨ ᠴᠠᠬᠢᠯᠵᠣ᠂ ᠰᠦᠨᠢ ᠶᠢᠨ ᠬᠠᠷᠠᠩᠭ᠋ᠣᠢ ᠳᠤ ᠬᠢᠯᠠᠰᠴᠣ ᠪᠠᠢ᠌ᠭᠰᠠᠨ ᠶᠢᠠᠨ ᠠᠶᠣᠩᠭ᠎ᠠ ᠶᠢᠨ ᠲᠠᠭᠣᠨ ᠣᠯᠠᠮ ᠶᠢᠠᠷ ᠣᠢ᠌ᠷᠠᠳᠣᠪᠠ᠃ ᠪᠣᠷᠣᠭᠠᠨ ᠡᠴᠡ ᠡᠮᠣᠨᠠᠬᠢ ᠰᠡᠷᠢᠬᠥᠨ ᠰᠠᠯᠬᠢ ᠦᠷᠪᠥᠯᠵᠡᠵᠤ᠂ ᠣᠳᠠᠯ ᠦᠭᠡᠶ ᠶᠡᠬᠡ ᠪᠣᠷᠣᠭᠠᠨ ᠢᠷᠡᠬᠥ ᠵᠢ ᠮᠡᠳᠡᠬᠡᠯᠡᠵᠦ ᠪᠠᠢ᠌ᠯ᠎ᠠ᠃ ᠪᠣᠷᠣᠭᠠᠨ ᠱᠣᠳ ᠫᠠᠳ ᠲᠣᠰᠣᠯᠠᠵᠣ ᠪᠠᠢ᠌ᠭᠰᠠᠨ ᠶᠢᠠᠨ ᠣᠳᠠᠭᠰᠠᠨ ᠦᠭᠡᠶ ᠰᠠᠭᠣᠯᠠᠭ᠎ᠠ ᠰᠠᠪᠠ ᠪᠠᠷ ᠴᠢᠳᠬᠣᠬᠣ ᠰᠢᠭ ᠱᠠᠬᠢᠨ᠂ ᠡᠬᠡ ᠲᠡᠯᠠᠬᠡᠢ ᠶᠢ ᠨᠠᠢ᠌ᠳᠠᠮ ᠣᠬᠢᠶᠠᠵᠣ ᠡᠬᠢᠯᠠᠪᠠ᠃

ᠮᠠᠷᠭᠠᠰᠢ ᠦᠷᠯᠦᠬᠡ ᠨᠢ ᠡᠷᠬᠡ᠂ ᠲᠠᠮᠷᠢᠨ ᠱᠦᠵᠢ ᠶᠢᠨ ᠳᠤ ᠱᠣᠭᠰᠢᠭ᠎ᠠ ᠪᠠᠷ ᠬᠦᠶᠥᠵᠦ ᠣᠴᠢᠭᠠᠳ᠄

᠊᠊᠊᠊᠊᠊᠊᠊᠊᠊᠊᠊᠊᠊᠊ ᠪᠣᠯᠠᠢ ᠪᠣᠯᠵᠠᠢ︕ ᠢᠩ ᠤᠨ ᠬᠡᠷ ᠨᠣᠷᠠᠵᠣ ᠭᠠᠶᠠ ᠲᠠᠷᠣᠭᠳᠠᠴᠢᠬᠠᠯ᠎ᠠ ᠬᠡᠪᠡ᠃ ᠡᠪᠥᠬᠡᠨ ᠱᠦᠵᠢ ᠵᠠᠵᠢᠯᠠᠵᠣ ᠪᠠᠢ᠌ᠭᠰᠠᠨ ᠪᠣᠳᠠᠭ᠎ᠠ ᠪᠠᠨ ᠵᠠᠯᠬᠢᠬᠣ ᠪᠠᠨ ᠮᠠᠷᠳᠠᠭᠠᠳ ᠠᠮᠨ ᠠᠩᠭ᠋ᠠᠢ᠌ᠨ ᠡᠷᠬᠡ ᠶᠢ ᠬᠠᠷᠠᠬᠣ ᠨᠢ ᠲᠡᠬᠥᠨ ᠤ ᠦᠬᠡ ᠶᠢ ᠢᠳᠡᠬᠡᠵᠦ ᠶᠠᠳᠠᠭᠰᠠᠨ ᠨᠢ ᠢᠯᠡᠬᠡᠨ ᠪᠠᠢ᠌ᠯ᠎ᠠ᠃ ᠲᠠᠳᠠ ᠬᠣᠶᠠᠭᠣᠯᠠ ᠶᠢ ᠢᠩ ᠤᠨ ᠬᠡᠷ ᠵᠦᠭ᠌ ᠠᠯᠳᠠ ᠲᠠᠯᠢᠮ ᠶᠢᠠᠷ ᠠᠯᠬᠤᠨ ᠢᠷᠡᠬᠥ ᠳᠤ ᠠᠢ᠌ᠯ ᠤᠨ ᠬᠦᠮᠥᠰ ᠴᠣᠭᠯᠠᠷᠠᠭᠠᠳ ᠵᠠᠷᠢᠮ ᠨᠢ ᠬᠦᠷᠵᠡ᠂ ᠵᠠᠬᠡᠲᠦᠤ ᠠᠪᠴᠢᠷᠠᠨ ᠰᠢᠷᠣᠢ ᠶᠢ ᠨᠢ ᠰᠢᠯᠵᠢᠬᠥᠯᠵᠦ ᠪᠠᠢ᠌ᠪᠠ᠃ ᠢᠩ ᠤᠨ ᠬᠡᠷ ᠨᠣᠷᠠᠭᠰᠠᠨ ᠨᠢ ᠶᠠᠮᠠᠷ ᠨᠢᠬᠡᠨ ᠮᠠᠭᠣ ᠢᠷᠸ᠎ᠠ ᠶᠢᠨ ᠲᠡᠮᠳᠡᠭ ᠰᠢᠭ᠌ ᠣᠯᠠᠨ ᠤ ᠰᠠᠳᠬᠢᠯ ᠲᠦᠭ᠌ ᠲᠠᠭ ᠲᠡᠶ ᠪᠣᠯᠪᠠ᠃ ᠰᠠᠬᠠᠷᠠ᠂ ᠡᠨᠠ ᠪᠠᠢ᠌ᠳᠠᠯ ᠢ ᠦᠵᠡᠵᠦ ᠭᠠᠷᠣᠭᠠᠳ᠄

᠊᠊᠊᠊᠊᠊᠊᠊᠊᠊᠊᠊᠊᠊᠊ ᠠᠯᠢ ᠬᠡᠳᠦᠢ᠌ᠨ ᠰᠢᠪᠠᠭᠰᠠᠨ ᠪᠣᠯ ᠲᠠᠭᠠᠷᠠᠬᠣ ᠪᠠᠢ᠌ᠭᠰᠠᠨ ᠶᠣᠮ᠃ ᠮᠠᠠᠵᠣ ᠶᠢᠨ ᠦᠶ᠎ᠡ ᠶᠢᠨ ᠶᠠᠭᠣᠮ᠎ᠠ ᠴᠢᠨᠢ ᠪᠣᠷᠣᠭᠠᠨ ᠳᠤ ᠦᠯᠳᠥᠷᠠᠬᠡᠥᠨ ᠨᠣᠷᠠᠴᠢᠬᠠᠵᠠᠢ︕ ᠬᠡᠬᠥ ᠳᠤ ᠭᠠᠩᠷᠠᠢ ᠬᠢᠯᠠᠪ ᠲᠠᠳᠠᠵᠣ᠄

᠊᠊᠊᠊᠊᠊᠊᠊᠊᠊᠊᠊᠊᠊᠊ ᠨᠣᠷᠠᠬᠣ ᠪᠣᠯ ᠬᠡᠵᠢᠶᠡᠨ ᠤ ᠨᠣᠷᠠᠴᠢᠬᠠᠬᠣ ᠦᠭᠡᠶ ᠦᠦ︖ ᠡᠨᠠ ᠴᠢᠳᠬᠥᠷ ᠭᠠᠶᠠ ᠯᠠ ᠢᠩ ᠤᠨ ᠬᠡᠷ ᠢ ᠪᠣᠵᠠᠷᠯᠠᠭᠠᠳ ᠲᠡᠭ᠍ᠷᠢ ᠳᠤ ᠪᠣᠷᠣᠭᠣ ᠦᠵᠡᠭ᠍ᠳᠡᠭ᠍ᠰᠡᠨ ᠡᠴᠡ ᠪᠢᠰᠢ ᠬᠡᠨ᠎ᠡ᠃ ᠡᠨᠠ ᠦᠬᠡ ᠶᠢ ᠰᠣᠨᠣᠰᠣᠭᠠᠳ ᠲᠣᠭᠣᠷᠢᠭᠰᠠᠨ ᠬᠦᠮᠥᠰ ᠡᠯᠳᠠᠪ ᠶᠠᠩᠵᠣ ᠪᠠᠷ ᠱᠣᠣᠬᠢᠯᠳᠣᠵᠣ ᠡᠬᠢᠯᠠᠯ᠎ᠠ᠄

᠊᠊᠊᠊᠊᠊᠊᠊᠊᠊᠊᠊᠊᠊᠊ ᠶᠠᠭᠣ︖ ᠢᠩ ᠤᠨ ᠬᠡᠷ ᠢ ᠪᠣᠵᠠᠷᠯᠠᠯ᠎ᠠ ᠬᠡᠨ᠎ᠡ ᠦᠦ︖

᠊᠊᠊᠊᠊᠊᠊᠊᠊᠊᠊᠊᠊᠊᠊ ᠲᠠᠢ᠌ᠮᠣ ᠦᠭᠡᠶ ᠶᠠᠭᠠᠬᠢᠬᠣ ᠪᠣᠢ︖ ᠦᠴᠥᠬᠡᠳᠥᠷ ᠣᠷᠣᠢ ᠪᠢ ᠪᠣᠷᠣᠭᠠᠨ ᠡᠴᠡ ᠵᠠᠪᠳᠣᠵᠣ ᠡᠯᠵᠢᠬᠡ ᠪᠠᠨ ᠪᠠᠷᠢᠵᠣ ᠠᠪᠣᠶ᠎ᠠ ᠬᠡᠥᠨ ᠠᠢ᠌ᠯ ᠢ ᠪᠠᠷᠠᠳᠠᠯ᠎ᠠ ᠡᠷᠢᠬᠡᠥᠨ ᠣᠯᠣᠭᠰᠠᠨ ᠦᠭᠡᠶ᠃ ᠲᠡᠬᠡᠬᠥ ᠳᠤ ᠲᠠᠨᠣᠰ ᠬᠠᠮᠢᠭ᠎ᠠ ᠡᠴᠡ ᠣᠯᠣᠯ᠎ᠠ ᠬᠡᠵᠦ ᠰᠠᠨᠠᠪᠠ᠂ ᠡᠨ︖ ᠡᠨᠠ ᠰᠢᠨᠵᠢ ᠦᠬᠡᠢ ᠭᠠᠶᠠ ᠬᠠᠷᠢᠨ ᠢᠩ ᠤᠨ ᠬᠡᠷ ᠲᠡᠭᠡᠨ ᠬᠣᠷᠢᠵᠣ ᠠᠪᠣᠭᠠᠳ ᠪᠠᠢ᠌ᠯ᠎ᠠ ᠰᠢᠤ᠂ ᠡᠮ᠎ᠠ ᠡᠯᠵᠢᠬᠡ ᠲᠡᠶ ᠁ ᠢᠩ ᠤᠨ ᠬᠡᠷ ᠢ ᠪᠣᠵᠠᠷᠯᠠᠭᠰᠠᠨ ᠡᠴᠡ ᠲᠡᠬᠡᠷ᠎ᠡ ᠨᠢ ᠲᠡᠭ᠍ᠷᠢ ᠪᠠᠭᠣᠵᠠᠢ︕ ᠬᠡᠵᠦ ᠡᠠᠶ᠎ᠠ ᠲᠠᠩ ᠲᠡᠶ ᠶᠠᠷᠢᠨ᠎ᠠ᠃ ᠲᠠᠮᠷᠢᠨ ᠱᠦᠵᠢ ᠣᠯᠠᠨ ᠤ ᠦᠢᠮᠡᠬᠡᠨ ᠢ ᠵᠤᠭᠰᠣᠭᠠᠵᠣ᠄

᠊᠊᠊᠊᠊᠊᠊᠊᠊᠊᠊᠊᠊᠊᠊ ᠣᠯᠠᠨ ᠲᠠᠪᠣᠨ ᠦᠬᠡ ᠬᠡᠯᠡᠬᠥ ᠬᠡᠷᠡᠭ ᠦᠭᠡᠶ᠃ ᠰᠢᠮᠳᠠᠭᠣᠨ ᠬᠦᠳᠡᠯᠬᠡᠵᠦ ᠮᠣᠳᠣ ᠴᠢᠯᠠᠭᠣ ᠶᠢ ᠨᠢ ᠰᠢᠯᠵᠢᠬᠥᠯ︕ ᠬᠡᠵᠦ ᠦᠪᠡᠷ ᠶ᠋‍ᠢᠠᠨ ᠲᠡᠷᠢᠬᠥᠯᠡᠨ ᠭᠠᠷ ᠰᠢᠮᠠᠯᠠᠨ ᠣᠷᠣᠪᠠ᠃ ᠣᠷᠢᠳ ᠶᠢᠠᠷ ᠪᠠᠷᠠᠭᠣᠨ ᠲᠠᠰᠣᠯᠭ᠎ᠠ ᠡᠴᠡ ᠨᠢ ᠡᠬᠢᠯᠠᠨ ᠰᠢᠪᠠᠷ ᠰᠢᠷᠣᠢ ᠶᠢ ᠨᠢ ᠰᠢᠯᠵᠢᠬᠥᠯᠵᠦ᠂ ᠨᠢᠷᠣᠭᠣ᠂ ᠣᠨᠢ ᠶᠢ ᠨᠢ ᠠᠪᠬᠣ ᠳᠤ ᠡᠷᠠᠬᠡᠢ ᠬᠣᠷᠣᠭᠣ ᠶᠢᠨ ᠲᠠᠠᠳᠠ ᠨᠢ ᠮᠡᠯᠠᠬᠡᠢ ᠶᠢᠨ ᠨᠢᠳᠣ ᠭᠠᠷᠣᠭᠰᠠᠨ ᠮᠠᠢ᠌ᠵᠢᠬᠢ ᠱᠠᠬᠠᠢ ᠭᠠᠷᠴᠣ ᠢᠷᠠᠪᠠ᠃ ᠲᠠᠮᠣᠷ᠎ᠠ ᠲᠡᠬᠥᠵᠦ ᠠᠪᠣᠭᠠᠳ᠄

᠊᠊᠊᠊᠊᠊᠊᠊᠊᠊᠊᠊᠊᠊᠊ ᠱᠠᠬᠠᠢ ᠨᠢ ᠡ᠊ᠠᠳᠠ ᠪᠠᠢ᠌ᠨ᠎ᠠ︕ ᠬᠡᠥᠨ ᠭᠠᠳᠠᠭᠰᠢ ᠰᠢᠳᠡᠬᠥ ᠳᠤ ᠶᠠᠭ ᠰᠠᠢ᠌ᠬᠠᠨ ᠭᠠᠩᠷᠠᠢ ᠶᠢᠨ ᠦᠯᠮᠡᠢ ᠲᠣᠣᠷ᠎ᠠ ᠲᠣᠰᠴᠢᠬᠠᠪᠠ᠃ ᠭᠠᠩᠷᠠᠢ᠄

᠊᠊᠊᠊᠊᠊᠊᠊᠊᠊᠊᠊᠊᠊᠊ ᠲᠦᠢ︕ ᠴᠢᠳᠬᠥᠷ ᠠᠷᠢᠯᠨ᠂ ᠮᠠᠨ ᠤ ᠠᠢ᠌ᠯ ᠤᠨ ᠪᠣᠭ ᠴᠢᠳᠬᠥᠷ ᠠᠷᠢᠯᠵᠠᠢ ᠬᠡᠵᠦ ᠭᠠᠷ ᠬᠦᠯ ᠶᠢᠠᠨ ᠰᠠᠪᠠᠨ ᠵᠠᠢ᠌ᠯᠠᠨ ᠲᠣᠳᠠᠭᠠᠪᠠ᠃ ᠭᠠᠶᠠ ᠶᠢᠨ ᠰᠠᠭᠣᠵᠣ ᠪᠠᠢ᠌ᠭᠰᠠᠨ ᠲᠠᠰᠣᠯᠭ᠎ᠠ ᠶᠢᠨ ᠨᠣᠷᠠᠵᠣ ᠣᠨᠠᠭᠰᠠᠨ ᠣᠷᠣᠢ ᠶᠢ ᠪᠦᠬᠥᠨ ᠢ ᠰᠢᠯᠵᠢᠬᠥᠯᠵᠦ ᠪᠠᠷᠠᠭᠰᠠᠨ ᠴᠤ ᠠᠳᠠᠭ ᠲᠠᠭᠠᠨ ᠭᠠᠶᠠ ᠶᠢᠨ ᠬᠡᠬᠥᠷ ᠢ ᠴᠤ ᠣᠯᠣᠭᠰᠠᠨ ᠦᠭᠡᠶ᠃ ᠣᠯᠠᠨ ᠢᠶᠡᠷ ᠶᠢᠠᠨ ᠰᠠᠠᠳᠣᠷᠴᠣ ᠢᠩ ᠪᠠᠢ᠌ᠬᠣ ᠵᠠᠬᠥᠨ ᠲᠠᠰᠣᠯᠭ᠎ᠠ ᠶᠢ ᠴᠠᠪᠠᠷᠯᠠᠵᠣ ᠡᠬᠢᠯᠠᠪᠠ᠃ ᠨᠢᠬᠡ ᠨᠢᠷᠣᠭᠣ ᠶᠢ ᠡᠷᠬᠥᠨ ᠠᠪᠳᠠᠯ᠎ᠠ ᠲᠣᠣᠷ᠎ᠠ ᠡᠴᠡ ᠨᠢ ᠴᠢᠰᠤ ᠨᠦᠵᠢᠨ ᠳᠤ ᠪᠢᠯᠳᠠᠭᠳᠠᠵᠣ᠂ ᠬᠦᠬᠡᠷᠡᠨ ᠬᠠᠪᠣᠳᠣᠭᠰᠠᠨ ᠦᠷᠣᠬᠡᠰᠥᠨ ᠬᠦᠯ ᠦᠵᠡᠭ᠍ᠳᠡᠪᠡ᠃ ᠡᠨᠠ ᠬᠥ ᠨᠢᠳᠣ ᠬᠠᠯᠳᠣᠷᠢᠮ᠎ᠠ ᠪᠠᠢ᠌ᠳᠠᠯ ᠢ ᠦᠵᠡᠬᠡᠥᠨ ᠬᠦᠮᠥᠰ ᠲᠠᠭᠣ ᠠᠯᠳᠠᠨ ᠴᠢᠨᠠᠭᠰᠢ ᠠᠭᠣᠳᠠᠯᠠᠬᠣ ᠳᠤ ᠭᠠᠶᠠ ᠬᠠᠷᠢᠨ ᠢᠩ ᠤᠨ ᠴᠢᠯᠠᠭᠣᠨ ᠤ ᠲᠣᠣᠷᠠᠬᠢ ᠬᠦᠠᠳᠡᠢ ᠳᠤ ᠰᠢᠷᠭᠣᠭᠠᠳ ᠮᠡᠳᠡᠬᠡ ᠰᠡᠬᠡᠬᠡ ᠦᠭᠡᠶ ᠬᠡᠪᠳᠡᠵᠦ ᠪᠠᠢ᠌ᠯ᠎ᠠ᠃ ᠲᠠᠮᠨᠠᠵᠣ ᠭᠠᠷᠭᠠᠭᠠᠳ ᠵᠢᠪᠠᠷ ᠦᠬᠡᠳᠡ ᠬᠠᠠᠳᠣᠭᠣᠯᠣᠨ ᠰᠠᠭᠣᠯᠭᠠᠬᠣ ᠳᠤ 《ᠶᠤ᠋︕》 ᠬᠡᠰᠡᠨ ᠨᠠᠮᠬᠠᠨ ᠲᠠᠭᠣ ᠭᠠᠷᠴᠣ᠂ ᠨᠢᠳᠣ ᠨᠢ ᠠᠯᠭᠣᠷ ᠶᠢᠠᠷ ᠨᠡᠬᠡᠬᠡᠭ᠍ᠳᠡᠨ ᠰᠣᠯᠠᠬᠠᠨ ᠬᠠᠷᠠᠴᠠ ᠪᠠᠷ ᠣᠯᠠᠨ ᠢ ᠲᠣᠭᠣᠷᠢᠭᠣᠯᠣᠨ ᠬᠠᠷᠠᠪᠠ᠃

ᠭᠠᠶᠠ ᠠᠮᠢᠳᠣ ᠪᠠᠢ᠌ᠪᠠ᠃ ᠲᠠᠮᠷᠢᠨ ᠱᠦᠵᠢ ᠶᠢᠨ ᠴᠡᠬᠡᠵᠢ ᠨᠢ ᠰᠠ‍‌ᠶᠢ ᠣᠩᠭ᠋ᠣᠢ᠌ᠵᠣ᠂ ᠪᠥᠭ᠍ᠰᠡ ᠪᠠᠨ ᠲᠡᠮᠳᠡᠷᠢᠬᠥ ᠳᠤ ᠶᠠᠭᠠᠷᠠᠪᠠᠯ ᠰᠠᠭᠠᠷᠠᠨ᠎ᠠ ᠬᠡᠳᠡᠭ ᠶᠢᠠᠷ ᠰᠣᠶ᠋‍ᠢᠷᠠᠵᠣ ᠶᠠᠪᠣᠳᠠᠭ ᠲᠠᠮᠠᠬᠢᠨ ᠣᠭᠣᠳᠠ ᠪᠠᠨ ᠮᠠᠷᠳᠠᠴᠢᠬᠠᠭᠰᠠᠨ ᠪᠠᠢ᠌ᠵᠠᠢ᠃ ᠲᠠᠷᠠ᠂ ᠰᠠᠬᠠᠷᠠ ᠶᠢᠨ ᠵᠠᠭᠣᠵᠣ ᠪᠠᠢ᠌ᠭᠰᠠᠨ ᠲᠠᠮᠠᠬᠢ ᠶᠢ ᠪᠣᠯᠳᠠ ᠲᠠᠳᠠᠨ ᠠᠪᠴᠣ ᠰᠢᠨᠣᠭ ᠰᠣᠷᠣᠭᠰᠠᠨ ᠢᠶᠡᠨ᠄

᠊᠊᠊᠊᠊᠊᠊᠊᠊᠊᠊᠊᠊᠊᠊ ᠠᠮᠢᠳᠣ ᠪᠠᠷ ᠣᠯᠣᠭᠰᠠᠨ ᠴᠢᠨᠢ ᠪᠣᠷᠬᠠᠨ ᠤ ᠠᠪᠣᠷᠠᠯ︕ ᠮᠠᠭᠣ ᠬᠦᠮᠥᠨ ᠤ ᠠᠮᠢ ᠪᠦᠬᠡ ᠬᠡᠳᠡᠭ ᠶᠢᠠᠷ ᠡᠷᠯᠢᠭ᠌ ᠨᠣᠮᠣᠨ ᠬᠠᠭᠠᠨ ᠴᠣ ᠭᠠᠶᠠ ᠶᠢ ᠭᠣᠯᠣᠭᠠᠳ ᠡᠬᠥᠳᠡᠨ ᠳᠡᠭᠡᠨ ᠣᠶ᠋‍ᠢᠷᠠᠳᠣᠭᠣᠯᠣᠭᠰᠠᠨ ᠦᠭᠡᠶ ᠪᠢᠰᠢ ᠦᠦ︖ ᠬᠡᠥᠨ 《ᠮᠢᠨᠣ ᠬᠡᠷ ᠵᠦᠭ᠌ ᠲᠠᠮᠨᠠᠭᠠᠳ ᠶᠠᠪᠣ︕》 ᠬᠡᠰᠡᠨ ᠲᠣᠬᠢᠶ᠎ᠠ ᠦᠭ᠍‍ᠬᠥᠯ᠎ᠡ᠃

ᠭᠠᠶᠠ ᠶᠢᠨ ᠵᠠᠬᠥᠨ ᠬᠦᠯ ᠨᠢ ᠲᠠᠷᠣᠭᠳᠠᠵᠣ᠂ ᠬᠢᠩᠭ᠋ᠠᠷ᠎ᠠ ᠶᠢᠨ ᠶᠠᠰᠣ ᠨᠢ ᠨᠢᠴᠠᠷᠠᠭᠰᠠᠨ ᠡᠴᠡ ᠶᠠᠰᠣ ᠪᠠᠷᠢᠶᠠᠴᠢ ᠳᠤ ᠣᠴᠢᠬᠤ ᠬᠡᠷᠡᠭ᠍ᠳᠡᠢ ᠪᠣᠯᠪᠠ᠃ ᠲᠠᠮᠷᠢᠨ ᠱᠦᠵᠢ᠂ ᠡᠷᠬᠡ ᠶᠢᠨ ᠪᠣᠷᠣ ᠰᠠᠭᠠᠷᠠᠯ ᠡᠯᠵᠢᠬᠡ ᠶᠢ ᠬᠦᠯᠦᠬᠡᠥᠨ ᠲᠥᠷᠬᠡᠨ ᠶᠠᠪᠣ ᠬᠡᠵᠦ ᠲᠠᠮᠣᠷ᠎ᠠ ᠳᠤ ᠵᠠᠬᠢᠪᠠ᠃ ᠲᠠᠮᠣᠷ᠎ᠠ᠂ ᠪᠣᠷᠣ ᠰᠠᠭᠠᠷᠠᠯ ᠡᠯᠵᠢᠬᠡ ᠶᠢ ᠲᠣᠭᠰᠢᠭᠣᠯᠣᠭᠰᠠᠭᠠᠷ ᠭᠣᠴᠢᠨ ᠭᠠᠵᠠᠷ ᠤᠨ ᠦᠵᠦᠬᠥᠷ ᠲᠠᠬᠢ ᠶᠠᠰᠣ ᠪᠠᠷᠢᠶᠠᠴᠢ ᠮᠠᠮᠠ ᠶᠢᠨ ᠳᠤ ᠬᠦᠷᠴᠦ ᠢᠷᠠᠪᠠ᠃ ᠦᠨᠳᠥᠷ ᠪᠠᠶᠠᠳᠠᠢ ᠡᠪᠥᠬᠡᠵᠢᠶᠡᠷ ᠶᠠᠰᠣ ᠪᠠᠷᠢᠶᠠᠴᠢ᠂ ᠭᠠᠶᠠ ᠶᠢᠨ ᠦᠮᠣᠳᠥᠨ ᠰᠢᠷᠬᠣᠨᠠᠭ ᠢ ᠬᠠᠢ᠌ᠴᠢ ᠪᠠᠷ ᠣᠭᠳᠣᠯᠵᠣ ᠦᠵᠡᠬᠥ ᠳᠤ ᠬᠣᠭᠣᠷᠠᠭᠰᠠᠨ ᠬᠡᠰᠡᠭ ᠤᠨ ᠶᠠᠰᠣ ᠨᠢ ᠠᠷᠠᠰᠣ ᠪᠠᠨ ᠴᠣᠭᠣᠯᠣᠨ ᠨᠠᠷᠢᠨ ᠦᠵᠦᠬᠥᠷ ᠨᠢ ᠴᠠᠢ᠌ᠷᠠᠨ ᠬᠠᠷᠠᠭᠳᠠᠵᠣ ᠪᠠᠢ᠌ᠪᠠ᠃

᠊᠊᠊᠊᠊᠊᠊᠊᠊᠊᠊᠊᠊᠊᠊ ᠬᠡᠵᠢᠶᠡᠨ ᠤ ᠢᠷᠡᠬᠥ ᠦᠭᠡᠶ ᠶᠠᠭᠣ ᠬᠢᠬᠡᠥᠨ ᠪᠠᠢ᠌ᠭᠰᠠᠨ ᠣᠯᠣᠰ ᠶᠣᠮ︖ ᠬᠡᠵᠦ ᠶᠠᠰᠣ ᠪᠠᠷᠢᠶᠠᠴᠢ ᠬᠡᠭ᠍ᠵᠢᠬᠥᠨ ᠴᠢᠷᠠᠢ᠌ᠯᠠᠨ᠂ ᠲᠠᠮᠣᠷ᠎ᠠ ᠵᠢ ᠬᠢᠯᠣᠶ᠋‍ᠢᠬᠣ ᠳᠤ᠄

᠊᠊᠊᠊᠊᠊᠊᠊᠊᠊᠊᠊᠊᠊᠊ ᠪᠠᠷᠢᠶᠠᠴᠢ ᠮᠠᠮᠠ ᠡ᠂ ᠪᠢᠳᠠ ᠲᠠᠷᠣᠭᠳᠠᠭᠰᠠᠨ ᠭᠠᠵᠠᠷ ᠡᠴᠡ ᠨᠢ ᠡᠷᠢᠬᠡᠥᠨ ᠣᠯᠳᠠᠯ᠎ᠠ ᠦᠳᠡ ᠰᠢᠬᠠᠴᠢᠬᠠᠵᠠᠢ᠃ ᠪᠠᠰᠠ ᠵᠠᠮ ᠬᠣᠯᠠ ᠁ ᠬᠡᠵᠦ ᠲᠠᠮᠣᠷ᠎ᠠ ᠲᠣᠯᠣᠭᠠᠨ ᠪᠣᠯᠴᠢᠷᠬᠠᠢ ᠪᠠᠨ ᠲᠣᠭᠠᠴᠢᠬᠤ ᠳᠤ ᠡᠪᠥᠬᠡᠨ ᠰᠣᠨᠣᠰᠬᠣ ᠮᠠ‍‌ᠶᠢᠭ ᠦᠭᠡᠶ ᠭᠠᠷᠴᠣ ᠶᠠᠪᠣᠪᠠ᠃ ᠶᠠᠰᠣ ᠪᠠᠷᠢᠶᠠᠴᠢ ᠭᠠᠷᠴᠣ ᠶᠠᠪᠣᠭᠠᠳ ᠲᠠᠮᠠᠢ ᠣᠳᠠᠯ ᠦᠭᠡᠶ ᠲᠥᠷᠪᠡᠨ ᠪᠦᠲᠦᠬᠥᠨ ᠡᠷ᠎ᠠ ᠲᠠᠭᠠᠭᠣᠯᠣᠨ ᠣᠷᠣᠵᠣ ᠢᠷᠠᠪᠠ᠃ ᠪᠦᠬᠥᠯᠢ ᠬᠠᠢ᠌ᠯᠠᠰᠣ ᠶᠢ ᠵᠦᠰᠦᠵᠦ ᠵᠤᠬᠢᠶᠠᠭᠰᠠᠨ ᠮᠣᠳᠣᠨ ᠣᠷᠣ ᠲᠡᠬᠡᠷ᠎ᠡ ᠭᠠᠶᠠ ᠶᠢ ᠬᠡᠪᠳᠡᠬᠥᠯᠵᠦ᠂ ᠲᠥᠷᠪᠡᠨ ᠡᠷ᠎ᠠ ᠪᠠᠷ ᠲᠡᠬᠡᠷ᠎ᠡ ᠡᠴᠡ ᠨᠢ ᠲᠠᠷᠣᠭᠣᠯᠪᠠ᠃ ᠲᠡᠬᠡᠬᠡᠥᠨ ᠰᠢᠷᠡᠬᠡᠨ ᠲᠣᠣᠷ᠎ᠠ ᠡᠴᠡ ᠨᠢᠳᠣᠷᠭᠠᠨ ᠬᠢᠷᠢ ᠲᠠᠮᠣᠷ ᠠᠯᠣᠬ᠎ᠠ ᠭᠠᠷᠭᠠᠵᠣ ᠢᠷᠡᠬᠥ ᠳᠤ ᠲᠠᠮᠣᠷ᠎ᠠ᠄ 《ᠶᠠᠰᠣ ᠪᠠᠷᠢᠬᠤ ᠳᠤ ᠲᠠᠮᠣᠷ ᠠᠯᠣᠬ᠎ᠠ ᠪᠠᠷ ᠶᠠᠭᠠᠬᠢᠬᠣ ᠪᠣᠯ︖》 ᠬᠡᠵᠦ ᠲᠣᠩ ᠭᠠᠢ᠌ᠬᠠᠪᠠ᠃ ᠶᠠᠰᠣ ᠪᠠᠷᠢᠶᠠᠴᠢ ᠲᠠᠮᠣᠷ ᠠᠯᠣᠬ᠎ᠠ ᠪᠠᠨ ᠡᠷᠬᠢᠬᠥᠯᠥᠨ ᠬᠣᠭᠣᠷᠠᠭᠰᠠᠨ ᠭᠠᠵᠠᠷ ᠨᠢ ᠬᠦᠴᠥᠳᠡᠢ᠌ᠬᠡᠨ ᠴᠣᠬᠢᠬᠣ ᠳᠤ ᠶᠠᠰᠣ ᠨᠢ ᠫᠠᠷᠴᠢᠬᠢᠨᠠᠨ ᠲᠣᠣᠭᠠᠷᠴᠣ ᠪᠠᠢ᠌ᠪᠠ᠃ ᠠᠶᠣᠭᠰᠠᠨ ᠳᠠᠭᠠᠨ ᠶᠣᠮ ᠦᠦ︖ ᠡᠰᠠᠬᠥᠯ᠎ᠡ ᠮᠡᠳᠡᠬᠡ ᠠᠯᠳᠠᠭᠰᠠᠨ ᠬᠦᠯ ᠨᠢ ᠡᠪᠡᠣᠠᠬᠥ ᠶᠢ ᠮᠡᠳᠡᠬᠥ ᠦᠭᠡᠶ ᠪᠣᠯᠴᠢᠬᠠᠭᠰᠠᠨ ᠤ ᠦᠦ︖ ᠭᠠᠶᠠ ᠶᠢᠨ ᠨᠢᠳᠣᠨ ᠡᠴᠡ ᠭᠠᠯ ᠪᠣᠳᠠᠷᠠᠵᠣ᠂ ᠨᠢᠷᠣᠭᠣᠨ ᠭᠣᠣᠯ ᠡᠴᠡ ᠨᠢ ᠬᠦᠢᠳᠡᠨ ᠬᠦᠯᠥᠰᠤ ᠴᠢᠬᠢᠭ᠍ᠯᠡᠭ᠍ᠰᠡᠨ ᠪᠣᠯᠪᠠᠴᠣ ᠠᠷᠠᠢ ᠮᠠᠨᠠᠷᠠᠵᠣ ᠣᠨᠠᠭᠰᠠᠨ ᠦᠭᠡᠶ᠃ ᠶᠠᠰᠣ ᠪᠠᠷᠢᠶᠠᠴᠢ᠄

᠊᠊᠊᠊᠊᠊᠊᠊᠊᠊᠊᠊᠊᠊᠊ ᠠᠷᠢᠬᠢ︕ ᠬᠡᠵᠦ ᠭᠠᠷ ᠰᠠᠷᠪᠠᠢ᠌ᠪᠠ᠃ ᠲᠠᠮᠣᠷ᠎ᠠ᠂ ᠯᠣᠩᠬᠤ ᠲᠡᠶ ᠠᠷᠢᠬᠢ ᠶᠢ ᠣᠢ᠌ᠷᠠᠳᠣᠭᠣᠯᠵᠣ ᠦᠭ᠍‍ᠬᠥᠯ᠎ᠡ᠃ ᠶᠠᠰᠣ ᠪᠠᠷᠢᠶᠠᠴᠢ ᠰᠢᠯ ᠲᠡᠶ ᠠᠷᠢᠬᠢ ᠡᠴᠡ ᠣᠭᠣᠴᠢᠨ᠂ ᠬᠡᠮᠳᠥᠭᠰᠡᠨ ᠬᠦᠯ ᠢ ᠨᠢ ᠲᠠᠭᠠᠭᠣᠯᠣᠨ ᠦᠯᠢᠶᠡᠬᠥ ᠳᠤ ᠰᠡᠷᠢᠬᠥᠨ ᠵᠢᠪᠠᠷ ᠲᠠᠳᠠᠨ 《ᠵᠢᠦ᠋ ᠊᠊᠊᠊᠊᠊᠊᠊᠊᠊᠊᠊᠊᠊᠊》 ᠬᠡᠬᠥ ᠣᠷᠳᠣᠬᠠᠨ ᠲᠠᠭᠣ ᠭᠠᠷᠴᠣ᠂ ᠠᠮᠠᠨ ᠡᠴᠡ ᠨᠢ ᠭᠠᠷᠣᠭᠰᠠᠨ ᠠᠷᠢᠬᠢ ᠨᠢ ᠡᠬᠥᠯᠡ ᠮᠠᠨᠠᠨ ᠬᠦᠪᠥᠯᠵᠡᠵᠦ ᠪᠠᠢ᠌ᠬᠣ ᠰᠢᠭ ᠣᠳᠣᠭ᠎ᠠ ᠲᠠᠳᠠᠨ ᠰᠣᠪᠣᠷᠠᠨ᠎ᠠ᠃ ᠲᠠᠷᠠ᠂ ᠬᠣᠶᠠᠷ ᠭᠠᠷ ᠶᠢᠠᠷ ᠶᠢᠠᠨ ᠬᠦᠯ ᠢ ᠨᠢ ᠢᠳᠠᠯᠠᠨ ᠪᠠᠷᠢᠵᠣ᠂ ᠡᠪᠥᠳᠥᠭ ᠡᠴᠡ ᠨᠢ ᠲᠣᠷᠣᠭᠰᠢ ᠰᠢᠪᠳᠣᠷᠬᠣ  ᠳᠤ ᠬᠣᠭᠣᠷᠠᠭᠰᠠᠨ ᠶᠠᠰᠣ ᠨᠢ ᠮᠦᠨ ᠯᠠ ᠫᠠᠷᠴᠢᠬᠢᠨᠠᠨ ᠲᠣᠣᠭᠠᠷᠴᠣ ᠣᠭ ᠤᠨ ᠣᠷᠣᠨ ᠳᠠᠭᠠᠨ ᠣᠷᠣᠪᠠ᠃ ᠡᠨᠠ ᠶᠠᠩᠵᠣ ᠪᠠᠷ ᠬᠡᠲᠦᠬᠡᠨ ᠰᠢᠪᠳᠣᠷᠠᠮᠠᠭᠴᠠ ᠲᠥᠷᠪᠡᠨ ᠡᠷ᠎ᠠ ᠳᠤ 《ᠲᠠᠯᠪᠢᠴᠢᠬ᠎ᠠ》 ᠬᠡᠰᠡᠨ ᠲᠣᠬᠢᠶ᠎ᠠ ᠦᠭ᠍‍ᠬᠥᠬᠡᠥᠨ ᠭᠠᠶᠠ ᠶᠢ᠄

᠊᠊᠊᠊᠊᠊᠊᠊᠊᠊᠊᠊᠊᠊᠊ ᠪᠣᠰ︕ ᠬᠡᠵᠦ ᠵᠠᠩᠳᠣᠷᠪᠠ᠃ ᠭᠠᠶᠠ ᠲᠠᠪ ᠬᠢᠨ ᠪᠣᠰᠴᠣ᠂ ᠭᠠᠵᠠᠷ ᠲᠣᠣᠷ᠎ᠠ ᠬᠦᠯ ᠶᠢᠠᠨ ᠬᠦᠩᠬᠡᠨ ᠲᠠᠯᠪᠢᠬᠣ ᠳᠤ ᠡᠪᠡᠣᠠᠬᠥ ᠶᠠᠩᠵᠣ ᠦᠬᠡᠢ ᠪᠠᠢ᠌ᠪᠠ᠃ ᠶᠠᠰᠣ ᠪᠠᠷᠢᠶᠠᠴᠢ ᠣᠰᠣ ᠲᠡᠶ ᠲᠠᠪᠣᠷ᠎ᠠ ᠶᠢ ᠪᠠᠷᠠᠭᠣᠨ ᠭᠠᠷ ᠲᠣᠨᠢ ᠪᠠᠷᠢᠭᠣᠯᠵᠣ᠄

᠊᠊᠊᠊᠊᠊᠊᠊᠊᠊᠊᠊᠊᠊᠊ ᠠᠯᠬᠣ︕ ᠬᠡᠪᠡ᠃ ᠭᠠᠶᠠ ᠭᠣᠣᠯ ᠤᠨ ᠢᠳᠠ ᠪᠠᠨ ᠭᠠᠷᠭᠠᠵᠣ ᠬᠦᠴᠥᠯᠡᠨ ᠠᠯᠬᠣᠵᠣ ᠡᠬᠢᠯᠠᠪᠠ᠃ ᠨᠢᠬᠡ᠂ ᠬᠣᠶᠠᠷ᠂ ᠭᠣᠷᠪᠠ ᠁ ᠪᠦᠬᠥ ᠪᠠᠶ᠎ᠠ ᠡᠴᠡ ᠨᠢ ᠬᠦᠯᠥᠰᠤ ᠴᠢᠬᠢᠭ᠍ᠯᠠᠨ᠂ ᠲᠠᠮᠢᠷᠳᠠᠵᠣ ᠢᠷᠡᠬᠥ ᠳᠤ ᠰᠣᠭᠣᠨ ᠡᠴᠡ ᠨᠢ ᠲᠥᠰᠢᠵᠦ ᠠᠪᠣᠭᠠᠳ ᠣᠷᠣᠨ ᠲᠡᠬᠡᠷ᠎ᠡ ᠬᠡᠪᠳᠡᠬᠥᠯᠪᠡ᠃

ᠵᠤᠬᠢᠶᠠᠭᠴᠢ᠄ ᠬᠠᠷᠭᠤᠢ
ᠳᠠᠷᠤᠮ᠄ 26813
ᠴᠠᠭ᠄ 2005 ᠤᠨ ᠤ 08 ᠰᠠᠷ᠎ᠠ ᠶᠢᠨ 08
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ