ᠬᠤᠶᠠᠳᠤᠭᠠᠷ ᠪᠦᠯᠦᠭ ᠂ ᠴᠢᠩᠭᠢᠰ ᠤᠨ ᠢᠳᠡᠷ ᠨᠠᠰᠤ
69᠂ ᠮᠦᠩᠯᠢᠭ᠌᠂ ᠶᠢᠰᠦᠬᠡᠢ ᠪᠠᠭᠠᠳᠣᠷ ᠤᠨ ᠦᠬᠡ ᠶᠢ ᠲᠠᠭᠠᠵᠣ᠂ ᠳ᠋ᠠᠢ ᠰᠠᠴᠠᠨ ᠳᠤ ᠣᠴᠢᠭᠠᠳ ᠦᠬᠥᠯᠡᠷᠥᠨ᠄ 《ᠶᠢᠰᠦᠬᠡᠢ ᠡᠠᠬ᠎ᠠ᠂ ᠲᠠᠮᠣᠵᠢᠨ ᠢ ᠮᠠᠰᠢ ᠶᠡᠬᠡ ᠮᠥᠷᠣᠬᠡᠣᠠᠴᠦ ᠦᠷᠥᠪᠳᠡᠬᠥ ᠲᠣᠯᠠ ᠲᠠᠮᠣᠵᠢᠨ ᠢ ᠠᠪᠬᠣ ᠪᠠᠷ ᠢᠷᠠᠪᠠ》ᠬᠡᠪᠡᠯ᠂ ᠳ᠋ᠠᠢ ᠰᠠᠴᠠᠨ ᠦᠬᠥᠯᠡᠷᠥᠨ᠄ 《ᠬᠣᠳᠠ ᠬᠦᠪᠡᠬᠥᠨ ᠶᠢᠠᠨ ᠮᠥᠷᠣᠬᠡᠣᠠᠬᠥ ᠪᠦᠬᠡᠰᠦ ᠶᠠᠪᠣᠭᠣᠯᠣᠶ᠎ᠠ᠂ ᠬᠠᠷᠢᠨ ᠣᠳᠠᠯ ᠦᠬᠡᠢ ᠬᠡᠳᠡᠷᠬᠥ ᠢᠷᠡᠬᠥᠯᠬᠥ ᠬᠡᠷᠡᠭ᠍ᠳᠡᠢ》ᠬᠡᠪᠡ᠃ ᠡᠨᠠ ᠦᠬᠡ ᠶᠢ ᠰᠣᠨᠣᠰᠴᠣ ᠮᠦᠩᠯᠢᠭ᠌ ᠡᠴᠢᠬᠡ᠂ ᠲᠠᠮᠣᠵᠢᠨ ᠢ ᠠᠪᠴᠣ ᠢᠷᠠᠪᠠ᠃ ᠶᠢᠰᠦᠬᠡᠢ ᠪᠠᠭᠠᠳᠣᠷ ᠲᠡᠭ᠍ᠷᠢ ᠪᠣᠯᠣᠭᠰᠠᠨ ᠳᠤ ᠲᠠᠮᠣᠵᠢᠨ᠂ ᠭᠠᠵᠠᠷ ᠲᠤ ᠣᠷᠣᠭᠣ ᠣᠨᠠᠨ ᠬᠡᠪᠳᠡᠵᠦ ᠮᠠᠰᠢ ᠭᠠᠰᠠᠯᠠᠬᠣ ᠳᠤ ᠬᠣᠩᠬᠣᠳᠠᠨ ᠤ ᠴᠢᠷᠬ᠎ᠠ ᠲᠡᠬᠥᠨ ᠢ ᠰᠡᠷᠬᠥᠬᠡᠨ ᠢᠳᠬᠠᠵᠣ ᠦᠬᠥᠯᠡᠭ᠍ᠰᠡᠨ ᠨᠢ᠄ 《ᠳᠤᠯᠠ ᠵᠢᠭᠠᠰᠤ ᠮᠡᠳᠤ ᠶᠠᠭᠤᠨ ᠳᠤ ᠳᠤᠯᠪᠠᠷᠢᠨ ᠭᠠᠰᠠᠯᠠᠨᠠ ᠴᠢ︖ ᠳᠤᠭᠤᠷᠭ᠎ᠠ ᠴᠡᠷᠢᠭ᠌ (ᠳᠤᠷᠭᠤᠨ ᠴᠡᠷᠢᠭ᠌) ᠵᠢᠠᠨ ᠪᠡᠬᠢᠯᠡᠶᠠ ᠭᠡᠵᠦ ᠳᠤᠢ᠌ᠯ ᠳᠠᠢ ᠦᠭᠡ ᠪᠠᠨ ᠬᠡᠯᠡᠯᠴᠡᠭᠰᠡᠨ ᠪᠢᠰᠢ ᠪᠢᠯᠢᠤ ᠤᠰᠤᠨ ᠤ ᠵᠢᠭᠠᠰᠤ ᠮᠡᠳᠤ ᠶᠠᠭᠤᠨ ᠳᠤ ᠣᠶᠠᠷᠠᠨ ᠭᠠᠰᠠᠯᠠᠨᠠ ᠴᠢ︖ ᠣᠯᠣᠰ ᠲᠥᠷᠤ ᠪᠠᠨ ᠪᠠᠢ᠌ᠭᠣᠯᠣᠶᠠ ᠬᠡᠵᠦ ᠣᠴᠢᠷᠳᠠᠢ ᠦᠬᠡ ᠪᠠᠨ ᠬᠡᠯᠡᠯᠴᠡᠭ᠍ᠰᠡᠨ ᠪᠢᠰᠢ ᠪᠢᠯᠢᠤ︖》ᠬᠡᠵᠦ ᠦᠬᠥᠯᠡᠪᠡᠯ ᠣᠬᠢᠯᠠᠬᠣ ᠪᠠᠨ ᠵᠤᠭᠰᠣᠭᠰᠠᠨ ᠠᠵᠢ᠃
70᠂ ᠲᠠᠷᠠ ᠬᠠᠪᠣᠷ ᠠᠮᠪᠠᠭᠠᠢ ᠬᠠᠭᠠᠨ ᠤ ᠬᠠᠳᠣᠨ ᠣᠷᠪᠠᠢ ᠰᠣᠬᠠᠳᠠᠢ ᠬᠣᠶᠠᠷ ᠶᠡᠬᠡᠰ ᠤᠨ ᠭᠠᠵᠠᠷ (ᠡᠪᠦᠭᠡᠳ ᠤᠨ ᠬᠡᠬᠦᠷ ᠤᠷᠤᠰᠢᠭᠤᠯᠬᠤ ᠭᠠᠵᠠᠷ) ᠳᠠᠢ᠌ᠯᠭ᠎ᠠ ᠶᠢᠨ ᠢᠳᠡᠭᠡ ᠡᠷᠬᠦᠬᠦ ᠳᠤ ᠦᠭᠡᠯᠤᠨ ᠦᠵᠢᠨ ᠬᠤᠵᠢᠳᠠᠵᠤ ᠤᠴᠢᠭᠰᠠᠨ ᠲᠣᠯᠠ ᠲᠠᠢ᠌ᠯᠭ᠎ᠠ ᠶᠢᠨ ᠢᠳᠡᠬᠡᠨ ᠤ ᠬᠣᠪᠢᠶᠠᠷᠢ ᠡᠴᠡ ᠬᠣᠴᠣᠷᠣᠭᠳᠠᠪᠠ᠃ ᠣᠷᠪᠠᠢ ᠰᠣᠬᠠᠳᠠᠢ ᠬᠣᠶᠠᠷ ᠲᠤ ᠦᠬᠡᠯᠥᠨ ᠦᠵᠢᠨ ᠦᠬᠥᠯᠡᠷᠥᠨ᠄ 《ᠶᠢᠰᠦᠬᠡᠢ ᠪᠠᠭᠠᠳᠣᠷ ᠢ ᠦᠬᠥᠪᠡ ᠬᠡᠵᠦ᠂ ᠬᠦᠪᠡᠬᠥᠨ ᠢ ᠮᠢᠨᠢ ᠪᠠᠯᠴᠢᠷ ᠬᠡᠵᠦ᠂ ᠶᠡᠬᠡᠰ ᠤᠨ ᠲᠠᠢ᠌ᠯᠭ᠎ᠠ ᠶᠢᠨ ᠬᠡᠰᠢᠭ᠌ ᠤᠨ ᠠᠷᠢᠬᠢ ᠰᠠᠷᠬᠣᠳ ᠡᠴᠠ ᠶᠠᠭᠠᠬᠢᠨ ᠬᠣᠵᠢᠳᠣᠭᠣᠯᠪᠠ᠂ ᠲᠠ︖ ᠨᠢᠳᠣ ᠦᠵᠡᠭ᠍ᠰᠠᠬᠡᠷ ᠦᠯᠤ ᠦ᠍᠍ᠭ᠍ᠬᠥ᠂ ᠨᠡᠬᠥᠬᠥ ᠳᠡᠭᠡᠨ ᠦᠯᠤ ᠬᠡᠯᠡᠬᠥ ᠪᠣᠯᠪᠠ᠂ ᠲᠠ》ᠬᠡᠵᠡᠢ᠃
71᠂ ᠲᠠᠷᠠ ᠦᠬᠡᠨ ᠳᠤ ᠣᠷᠪᠠᠢ ᠰᠣᠬᠠᠳᠠᠢ ᠬᠣᠶᠠᠷ ᠬᠠᠳᠣᠨ ᠬᠠᠷᠢᠭᠣ ᠦᠬᠥᠯᠡᠷᠥᠨ᠄ 《ᠣᠷᠢᠵᠣ ᠴᠢᠮᠠᠳᠣ ᠦᠭ᠍ᠬᠥ ᠶᠣᠰᠣ ᠦᠭᠡᠶ ᠣᠴᠠᠷᠠᠪᠠᠯ ᠴᠢ ᠢᠳᠡᠬᠥ ᠶᠣᠰᠣᠳᠠᠢ︕ ᠬᠦᠷᠬᠡᠵᠦ ᠴᠢᠮᠠᠳᠣ ᠦᠭ᠍ᠬᠥ ᠶᠣᠰᠣ ᠦᠭᠡᠶ ᠬᠦᠷᠳᠡᠪᠡᠯ ᠴᠢ ᠢᠳᠡᠬᠥ ᠶᠣᠰᠣᠳᠠᠢ︕ ᠠᠮᠪᠠᠭᠠᠢ ᠬᠠᠭᠠᠨ ᠦᠬᠥᠬᠡᠥᠨ᠂ ᠦᠬᠡᠯᠥᠨ ᠳᠤ ᠡᠢ᠌ᠠᠬᠥ ᠬᠡᠯᠡᠭ᠍ᠳᠡᠬᠥ ᠪᠣᠯᠪᠠ᠃》
72᠂ 《ᠠᠷᠭᠠᠴᠠᠭᠠᠨ ᠡᠳᠠᠨ ᠤ ᠡᠬᠡ ᠬᠦᠪᠡᠬᠥᠨ ᠢ ᠨᠣᠳᠣᠭ ᠲᠤ ᠣᠷᠬᠢᠵᠣ ᠨᠡᠬᠥᠢᠡ᠂ ᠪᠦᠤ ᠠᠪᠴᠣ ᠶᠠᠪᠣᠶ᠎ᠠ》ᠬᠡᠪᠡ᠃ ᠲᠡᠬᠥᠨ ᠤ ᠮᠠᠷᠭᠠᠰᠢ ᠲᠠᠢ᠌ᠴᠢᠭᠣᠳ ᠤᠨ ᠲᠠᠷᠭᠣᠳᠠᠢ ᠬᠢᠷᠢᠯᠳᠣᠭ᠂ ᠲᠣᠳᠣᠬᠢᠨ ᠬᠢᠷᠳᠠ ᠨᠡᠷ ᠣᠨᠣᠨ ᠮᠥᠷᠡᠨ ᠣᠷᠣᠭᠣ ᠬᠦᠳᠡᠯᠪᠡ᠃ ᠦᠬᠡᠯᠥᠨ ᠦᠵᠢᠨ᠂ ᠬᠦᠪᠡᠭᠦᠳ ᠤᠨ ᠬᠠᠮᠳᠣ ᠣᠷᠬᠢᠭᠳᠠᠬᠣ ᠳᠤ ᠬᠣᠩᠬᠣᠳᠠᠨ ᠤ ᠴᠢᠷᠬ᠎ᠠ ᠡᠪᠥᠬᠡᠨ ᠨᠡᠬᠥᠵᠦ ᠣᠳᠣᠭᠰᠠᠨ ᠢ ᠣᠴᠢᠵᠣ ᠢᠳᠬᠠᠪᠠᠯ ᠲᠣᠳᠣᠬᠢᠨ ᠬᠢᠷᠳᠠ᠂ 《ᠴᠡᠬᠡᠯ ᠤᠨ ᠣᠰᠣ ᠰᠢᠷᠬᠢᠪᠠ ᠴᠡᠬᠡᠨ ᠴᠢᠯᠠᠭᠣ ᠬᠠᠭᠠᠷᠠᠪᠠ》ᠬᠡᠥᠨ ᠴᠢᠷᠬ᠎ᠠ ᠡᠪᠥᠬᠡᠨ ᠤ ᠦᠬᠡ ᠵᠢ ᠬᠠᠢ᠌ᠬᠣᠷᠬᠣ ᠦᠭᠡᠶ᠂ ᠴᠠᠰᠢ ᠨᠡᠬᠥᠵᠦ 《ᠴᠢ ᠢᠩᠬᠢᠵᠣ ᠢᠳᠬᠠᠬᠣ ᠪᠣᠶᠣ》ᠬᠡᠵᠦ ᠲᠠᠷᠠ ᠡᠪᠥᠬᠡᠨ ᠢ ᠵᠤ᠋ ᠨᠢᠷᠣᠭᠣ ᠶᠢ ᠵᠢᠳᠠᠯᠠᠨ ᠬᠦᠬᠡᠬᠡᠪᠡ᠃
73᠂ ᠴᠢᠷᠬ᠎ᠠ ᠡᠪᠥᠬᠡᠨ ᠰᠢᠷᠬ᠎ᠠ ᠲᠡᠶ ᠪᠣᠯᠵᠣ ᠬᠡᠷ ᠲᠡᠭᠡᠨ ᠢᠷᠡᠬᠡᠥᠨ ᠵᠤᠪᠠᠭᠣᠷᠢᠯᠠᠨ ᠬᠡᠪᠳᠡᠬᠥ ᠳᠤ ᠲᠠᠮᠣᠵᠢᠨ ᠦᠵᠡᠬᠥ ᠪᠠᠷ ᠤᠳᠪᠠ᠃ ᠬᠣᠩᠬᠣᠳᠠᠨ ᠤ ᠴᠢᠷᠬ᠎ᠠ ᠡᠪᠥᠬᠡᠨ ᠲᠠᠮᠣᠵᠢᠨ ᠳᠤ ᠦᠬᠥᠯᠡᠷᠥᠨ᠄ 《ᠰᠠᠢ᠌ᠨ ᠡᠴᠢᠬᠡ ᠶᠢᠨ ᠴᠢᠨᠢ ᠬᠣᠷᠢᠶᠠᠭᠰᠠᠨ ᠣᠯᠣᠰ ᠲᠠᠷᠠᠵᠣ ᠨᠡᠬᠥᠬᠥ ᠳᠤ ᠢᠳᠬᠠᠬᠣ ᠪᠠᠷ ᠶᠠᠪᠣᠭᠠᠳ ᠡᠢ᠌ᠠᠬᠥ ᠵᠢᠳᠠᠯᠠᠭᠳᠠᠪᠠ》ᠬᠡᠪᠡᠯ ᠲᠠᠮᠣᠵᠢᠨ ᠣᠬᠢᠯᠠᠵᠣ ᠭᠠᠷᠪᠠ᠃ ᠦᠬᠡᠯᠥᠨ ᠦᠵᠢᠨ ᠦᠪᠡᠷ ᠤᠨ ᠪᠠᠶ᠎ᠠ ᠪᠠᠷ ᠲᠣᠭ ᠪᠠᠷᠢᠵᠣ ᠮᠣᠷᠳᠠᠭᠠᠳ᠂ ᠣᠷᠬᠢᠵᠣ ᠨᠡᠬᠥᠭ᠍ᠰᠡᠨ ᠢᠷᠬᠡᠥᠨ ᠤᠨ ᠵᠠᠷᠢᠮ ᠢ ᠪᠣᠴᠠᠭᠠᠵᠣ ᠠᠪᠴᠢᠷᠠᠪᠠ᠃ ᠬᠡᠪᠡᠴᠦ᠂ ᠪᠣᠴᠠᠵᠣ ᠢᠷᠡᠭ᠍ᠰᠡᠨ ᠢᠷᠬᠡᠥᠨ ᠪᠠᠰᠠ ᠲᠣᠭᠳᠠᠭᠰᠠᠨ ᠦᠭᠡᠶ᠂ ᠲᠠᠢ᠌ᠴᠢᠭᠣᠳ ᠤᠨ ᠬᠣᠢ᠌ᠨ᠎ᠠ ᠡᠴᠡ ᠨᠡᠬᠥᠵᠡᠢ᠃
74᠂ ᠡᠢ᠌ᠠᠬᠥ ᠲᠠᠢ᠌ᠴᠢᠭᠣᠳ ᠡᠠᠬ᠎ᠠ ᠲᠡᠬᠥᠤ ᠨᠡᠷ ᠪᠠᠯᠪᠠᠰᠣᠨ ᠦᠬᠡᠯᠥᠨ ᠦᠵᠢᠨ ᠢ ᠪᠢᠴᠢᠬᠠᠨ ᠬᠦᠪᠡᠭᠦᠳ ᠤᠨ ᠬᠠᠮᠳᠣ ᠨᠣᠳᠣᠭ ᠲ᠋ᠤ ᠬᠡᠬᠡᠵᠦ ᠨᠡᠬᠥᠭ᠍ᠰᠡᠨ ᠠᠵᠠᠢ᠃ ᠣᠶᠣᠠᠳᠠᠢ ᠲᠥᠷᠥᠭᠰᠡᠨ ᠦᠬᠡᠯᠥᠨ ᠡᠬᠡ ᠣᠶᠣᠳᠠᠯᠳᠣ ᠲᠠᠪᠠᠯ ᠢ ᠣᠭᠰᠢᠭᠣᠯᠣᠨ ᠡᠮᠣᠰᠴᠣ ᠣᠭᠳᠣᠷ ᠬᠣᠷᠮᠣᠢ ᠶᠢ ᠰᠢᠭᠣᠨ ᠪᠦᠰᠡᠯᠠᠵᠦ ᠣᠨᠣᠨ ᠮᠥᠷᠡᠨ ᠢ ᠦᠭᠰᠦᠵᠦ ᠣᠷᠣᠭᠣᠳᠠᠵᠣ ᠣᠯᠢᠷᠰᠣ ᠮᠣᠢ᠌ᠯ ᠢ ᠲᠡᠬᠥᠵᠦ ᠶᠠᠪᠣᠵᠣ ᠦᠴᠥᠬᠡᠨ ᠬᠦᠪᠡᠭᠦᠳ ᠶᠢᠠᠨ ᠬᠠᠢ᠌ᠷᠠᠯᠠᠨ ᠲᠡᠵᠢᠬᠡᠵᠦ ᠡᠳᠣᠷ ᠰᠦᠨᠢ ᠶᠢ ᠠᠷᠭᠠᠴᠠᠨ ᠥᠩᠬᠡᠷᠡᠬᠥᠯᠪᠡ᠂ ᠴᠢᠳᠠᠯ ᠲᠡᠶ ᠲᠥᠷᠥᠭᠰᠡᠨ ᠦᠵᠢᠨ ᠡᠬᠡ ᠴᠠᠷᠠᠰᠣᠨ ᠱᠣᠷᠣ ᠶᠢ ᠪᠠᠷᠢᠨ ᠶᠠᠪᠣᠵᠣ ᠴᠠᠪᠴᠢᠮ᠎ᠠ ᠭᠠᠵᠠᠷ ᠢ ᠦᠭᠰᠦᠵᠦ ᠣᠷᠣᠭᠣᠳᠠᠵᠣ ᠰᠣᠳᠣᠨ ᠴᠢᠴᠢᠬᠡᠨᠡ ᠶᠢᠨ ᠦᠨᠳᠥᠰᠤ ᠵᠢ ᠮᠠᠯᠳᠠᠵᠣ ᠰᠦᠨᠢ ᠡᠳᠣᠷ ᠢ ᠬᠠᠳᠠᠮᠵᠢᠨ ᠥᠩᠬᠡᠷᠡᠬᠥᠯᠵᠦ ᠰᠣᠣᠳᠣ ᠬᠦᠪᠡᠭᠦᠳ ᠶᠢᠠᠨ ᠲᠡᠵᠢᠬᠡᠨ ᠦᠰᠬᠡᠪᠡ᠃ (ᠬᠠᠳᠤᠨ ᠳᠦᠷᠦᠭᠰᠡᠨ ᠦᠵᠢᠨ ᠡᠭᠡ ᠬᠠᠢ᠌ᠯᠠᠰᠤᠨ ᠱᠤᠷᠤ ᠪᠠᠷᠢᠨ ᠶᠠᠪᠤᠵᠤ ᠬᠠᠯᠳᠤᠨ ᠠᠭᠤᠯᠠ ᠵᠢ ᠦᠭᠰᠦᠵᠦ ᠤᠷᠤᠭᠤᠳᠠᠵᠤ᠂ ᠬᠠᠪᠢ ᠶᠢᠨ ᠮᠡᠩᠬᠢᠷ ᠢ ᠮᠠᠯᠳᠠᠨ ᠳᠡᠬᠦᠵᠤ᠂ ᠬᠠᠳ ᠬᠦᠪᠡᠬᠦᠳ ᠶᠢᠠᠨ ᠬᠠᠢᠢᠷᠠᠯᠠᠨ ᠳᠡᠵᠢᠭᠡᠵᠤ ᠬᠠᠨᠠᠳᠠᠯᠠ ᠴᠠᠳᠳᠠᠯ᠎ᠠ ᠢᠳᠡᠬᠦᠯᠵᠤ ᠦᠰᠭᠡᠪᠡ᠃)
75᠂ ᠭᠣᠸ᠎ᠠ ᠲᠥᠷᠥᠭᠰᠡᠨ ᠦᠬᠡᠯᠥᠨ ᠡᠬᠡ ᠭᠣᠬ᠎ᠠ ᠲᠡᠬᠡᠬᠡ ᠪᠠᠷᠢᠨ ᠶᠠᠪᠣᠵᠣ ᠭᠣᠣᠯ ᠵᠠᠪᠢ ᠶᠢ ᠦᠭᠰᠦᠵᠦ ᠣᠷᠣᠭᠣᠳᠠᠵᠣ ᠭᠣᠭᠣᠳ ᠮᠠᠩᠬᠢᠷ ᠢ ᠲᠡᠬᠥᠨ ᠶᠠᠪᠣᠵᠣ ᠬᠣᠳᠣᠭᠳᠠᠨ ᠬᠦᠪᠡᠭᠦᠳ ᠶᠢᠠᠨ ᠲᠡᠵᠢᠬᠡᠵᠦ ᠦᠰᠬᠡᠪᠡ᠂ ᠵᠠᠷᠴᠢᠮ ᠲᠡᠶ ᠲᠥᠷᠥᠭᠰᠡᠨ ᠦᠵᠢᠨ ᠡᠬᠡ ᠶ᠋ᠢᠨ ᠵᠢᠳᠠᠭᠠᠰᠣ ᠲᠥᠮᠥᠰᠤ ᠪᠠᠷ ᠲᠡᠵᠢᠬᠡᠭ᠍ᠰᠡᠨ ᠬᠦᠪᠡᠭᠦᠳ ᠵᠠᠰᠠᠭᠳᠠᠨ ᠰᠠᠢ᠌ᠳ ᠪᠣᠯᠵᠣ ᠦᠰᠪᠡ᠃ ᠭᠣᠸ᠎ᠠ ᠲᠥᠷᠥᠭᠰᠡᠨ ᠦᠵᠢᠨ ᠡᠬᠡ ᠶ᠋ᠢᠨ ᠭᠣᠭᠣᠳ ᠮᠠᠩᠬᠢᠷ ᠶᠢᠠᠷ ᠲᠡᠵᠢᠬᠡᠭ᠍ᠰᠡᠨ ᠬᠦᠪᠡᠭᠦᠳ ᠬᠣᠳᠣᠭᠳᠠᠨ ᠰᠠᠢ᠌ᠳ ᠪᠣᠯᠵᠣ ᠦᠰᠪᠡ᠃ ᠡᠬᠡ ᠦᠵᠢᠨ ᠤ ᠲᠡᠵᠢᠬᠡᠭ᠍ᠰᠡᠨ ᠬᠦᠪᠡᠭᠦᠳ ᠡᠷᠠᠰ ᠰᠠᠢ᠌ᠳᠣ ᠪᠣᠯᠣᠨ ᠦᠰᠴᠦ ᠡᠷᠬᠡ ᠣᠮᠣᠭ ᠲᠡᠬᠥᠯᠳᠡᠷ ᠪᠣᠯᠵᠣ ᠡᠬᠡ ᠣᠨᠣᠨ ᠤ ᠡᠷᠬᠢ ᠳᠤ ᠰᠠᠭᠣᠵᠣ ᠡᠯᠬᠥᠬᠥᠷ ᠭᠣᠬ᠎ᠠ ᠣᠰᠣᠨ ᠳᠤ ᠬᠠᠶᠠᠵᠣ ᠡᠷᠡᠮᠳᠡᠭ ᠵᠢᠭᠠᠰᠣ ᠶᠢ ᠰᠢᠬᠥᠨ ᠪᠠᠷᠢᠵᠣ ᠡᠬᠡ ᠦᠵᠢᠨ ᠢ ᠲᠡᠵᠢᠬᠡᠬᠥ ᠪᠣᠯᠪᠠ ᠵᠠᠷᠴᠢᠮᠳᠣ ᠦᠵᠢᠨ ᠤ ᠲᠡᠵᠢᠬᠡᠭ᠍ᠰᠡᠨ ᠬᠦᠪᠡᠭᠦᠳ ᠵᠠᠰᠠᠭᠳᠤ ᠡᠷᠠᠰ ᠪᠣᠯᠣᠨ ᠦᠰᠴᠦ ᠵᠠᠮᠠᠭ ᠲᠡᠶ ᠣᠰᠣ ᠶᠢ ᠰᠢᠬᠥᠷᠳᠡᠨ ᠪᠠᠢ᠌ᠵᠣ ᠵᠢᠭᠠᠰᠣ ᠵᠢᠷᠭᠠᠬᠠᠢ ᠶᠢ ᠭᠣᠬᠠᠳᠠᠨ ᠪᠠᠷᠢᠵᠣ ᠵᠠᠶᠠᠭᠠᠳᠣ ᠡᠬᠡ ᠪᠠᠨ ᠲᠡᠵᠢᠬᠡᠬᠥ ᠪᠣᠯᠪᠠ᠃
76᠂ ᠨᠢᠬᠡᠨ ᠡᠳᠣᠷ ᠲᠠᠮᠣᠵᠢᠨ᠂ ᠬᠠᠰᠠᠷ᠂ ᠪᠡᠭ᠍ᠳᠡᠷ᠂ ᠪᠡᠯᠬᠥᠳᠡᠢ ᠲᠥᠷᠪᠡᠬᠥᠯᠡ ᠬᠠᠮᠳᠣ ᠰᠠᠭᠣᠵᠣ᠂ ᠵᠢᠭᠠᠰᠣ ᠭᠣᠬᠢᠳᠠᠬᠣ ᠳᠤ ᠨᠢᠬᠡ ᠬᠡᠬᠡᠨ ᠰᠣᠭᠣᠰ ᠵᠢᠭᠠᠰᠣ ᠭᠣᠬᠠᠨ ᠳᠤ ᠲᠣᠷᠴᠠᠢ᠃ ᠲᠠᠮᠣᠵᠢᠨ ᠬᠠᠰᠠᠷ ᠬᠣᠶᠠᠷ ᠡᠴᠡ ᠪᠡᠭ᠍ᠳᠡᠷ ᠪᠡᠯᠬᠥᠳᠡᠢ ᠬᠣᠶᠠᠷ ᠲᠠᠷᠠ ᠵᠢᠭᠠᠰᠣ ᠵᠢ ᠪᠣᠯᠢᠶᠠᠵᠣ ᠠᠪᠣᠪᠠ᠃ ᠲᠠᠮᠣᠵᠢᠨ ᠬᠠᠰᠠᠷ ᠬᠣᠶᠠᠷ ᠬᠡᠷ ᠲᠤ ᠢᠷᠠᠵᠣ ᠦᠵᠢᠨ ᠡᠬᠡ ᠳᠤ ᠦᠬᠥᠯᠡᠷᠥᠨ᠄ 《ᠨᠢᠬᠡᠨ ᠴᠠᠢ᠌ᠪᠣᠷ ᠵᠢᠭᠠᠰᠣ ᠭᠣᠬᠢᠨ ᠳᠤ ᠣᠷᠣᠭᠰᠠᠨ ᠢ ᠪᠡᠭ᠍ᠳᠡᠷ ᠪᠡᠯᠬᠥᠳᠡᠢ ᠡᠠᠬ᠎ᠠ ᠲᠡᠬᠥᠤ ᠬᠣᠶᠠᠭᠣᠯᠠ ᠪᠠᠨ ᠪᠣᠯᠢᠶᠠᠵᠣ ᠠᠪᠣᠪᠠ》ᠬᠡᠪᠡᠯ᠂ ᠦᠵᠢᠨ ᠡᠬᠡ ᠦᠬᠥᠯᠡᠷᠥᠨ᠄ 《ᠲ᠋ᠨ ᠨᠡᠷ ᠨᠢᠬᠡ ᠡᠴᠢᠬᠡ ᠶᠢᠨ ᠬᠦᠪᠡᠭᠦᠳ ᠪᠠᠢ᠌ᠳᠠᠯ᠎ᠠ ᠶᠠᠭᠣᠨ ᠳᠤ ᠲᠡᠬᠡᠵᠦ ᠮᠠᠷᠭᠣᠯᠳᠠᠨᠠ︖ ᠣᠳᠣ ᠰᠡᠬᠥᠳᠡᠷ ᠡᠴᠡ ᠦᠬᠡᠷ᠎ᠡ ᠨᠦᠬᠥᠷ ᠦᠬᠡᠢ᠂ ᠰᠡᠬᠥᠯ ᠡᠴᠡ ᠦᠬᠡᠷ᠎ᠡ ᠲᠠᠰᠢᠭᠣᠷ ᠦᠭᠡᠶ ᠪᠠᠢ᠌ᠭ᠎ᠠ ᠪᠠᠨ ᠮᠡᠳᠡᠬᠥ ᠪᠢᠵᠠ᠃ ᠡᠢ᠌ᠮᠣ ᠪᠣᠯ ᠪᠢᠳᠠ ᠲᠠᠢ᠌ᠴᠢᠭᠣᠳ ᠨᠡᠷ ᠡᠴᠡ ᠶᠠᠭᠠᠬᠢᠵᠣ ᠦᠰᠢᠶ᠎ᠡ ᠪᠠᠨ ᠠᠪᠴᠣ ᠴᠢᠳᠠᠨ᠎ᠠ᠂ ᠣᠷᠢᠳᠣ ᠶᠢᠨ ᠠᠯᠣᠨ ᠡᠬᠡ ᠶᠢᠨ ᠲᠠᠪᠣᠨ ᠬᠦᠪᠡᠭᠦᠳ ᠮᠠᠳᠣ ᠶᠠᠭᠠᠬᠢᠭᠠᠳ ᠡᠪ ᠡᠶ᠎ᠡ ᠦᠭᠡᠶ ᠪᠣᠯᠪᠠ︖ ᠲ᠋ᠨ ᠨᠡᠷ ᠪᠢᠳᠡᠬᠡᠢ ᠲᠡᠬᠡ》ᠬᠡᠪᠡ᠃
77᠂ ᠲᠠᠠᠳᠠ ᠡᠴᠡ ᠲᠠᠮᠣᠵᠢᠨ ᠬᠠᠰᠠᠷ ᠬᠣᠶᠠᠷ ᠦᠯᠤ ᠣᠢ᠌ᠰᠢᠶᠠᠨ ᠦᠬᠥᠯᠡᠷᠥᠨ᠄ 《ᠦᠴᠥᠬᠡᠳᠥᠷ ᠨᠢᠬᠡ ᠪᠣᠯᠵᠣᠮᠣᠷ ᠬᠠᠷᠪᠣᠵᠣ ᠠᠯᠠᠭᠰᠠᠨ ᠢ ᠲᠠᠳᠠ ᠪᠣᠯᠢᠶᠠᠵᠣ ᠠᠪᠣᠭᠰᠠᠨ ᠪᠢᠯᠠ᠂ ᠡᠨᠠ ᠡᠳᠣᠷ ᠪᠠᠰᠠ ᠲᠠᠬᠢᠨ ᠪᠣᠯᠢᠶᠠᠪᠠ᠂ ᠡᠢ᠌ᠮᠣ ᠪᠣᠯ ᠡᠳᠠᠨ ᠲᠡᠶ ᠬᠠᠮᠳᠣ ᠶᠠᠭᠠᠬᠢᠵᠣ ᠠᠮᠢᠳᠣᠷᠠᠨ᠎ᠠ》ᠬᠡᠥᠨ ᠬᠡᠷ ᠤᠨ ᠡᠬᠥᠳᠡ ᠶᠢ ᠰᠢᠷᠥᠬᠥᠨ ᠬᠠᠶᠠᠵᠣ ᠭᠠᠷᠴᠣ ᠤᠳᠪᠠ᠃ ᠪᠡᠭ᠍ᠳᠡᠷ ᠪᠡᠯᠬᠥᠳᠡᠢ᠂ ᠲᠣᠪᠣᠴᠠᠭ ᠲᠡᠬᠡᠷ᠎ᠡ ᠶᠢᠰᠣᠨ ᠰᠢᠷᠭ᠎ᠠ ᠮᠣᠷᠢ ᠪᠠᠨ ᠬᠠᠷᠢᠭᠣᠯᠵᠣ ᠰᠠᠭᠣᠳᠠᠯᠠ ᠲᠠᠮᠣᠵᠢᠨ ᠬᠣᠢ᠌ᠨ᠎ᠠ ᠡᠴᠡ᠂ ᠬᠠᠰᠠᠷ ᠡᠮᠣᠨ᠎ᠠ ᠡᠴᠡ ᠨᠢᠭᠣᠴᠠ ᠪᠠᠷ ᠰᠣᠮᠣ ᠪᠠᠨ ᠣᠨᠢᠯᠠᠵᠣ ᠬᠦᠷᠬᠥ ᠳᠤ ᠪᠡᠭ᠍ᠳᠡᠷ ᠦᠵᠡᠬᠡᠥᠨ ᠦᠬᠥᠯᠡᠷᠥᠨ᠄ 《ᠲ᠋ᠠᠢ᠌ᠴᠢᠭᠣᠳ ᠡᠠᠬ᠎ᠠ ᠲᠡᠬᠥᠤ ᠨᠡᠷ ᠤᠨ ᠬᠦᠨᠦᠬᠡᠯ ᠢ ᠬᠦᠯᠢᠶᠡᠬᠡᠥᠨ᠂ ᠦᠰᠢᠶ᠎ᠡ ᠪᠠᠨ ᠲᠠᠭᠣᠰᠬᠠᠨ ᠠᠪᠴᠣ ᠴᠢᠳᠠᠭ᠎ᠠ ᠦᠭᠡᠶ ᠪᠠᠢ᠌ᠳᠠᠯ᠎ᠠ᠂ ᠲᠠ ᠨᠡᠷ ᠨᠠᠮᠢ᠋ᠢ ᠶᠠᠭᠠᠬᠢᠵᠣ ᠨᠢᠳᠣᠨ ᠤ ᠰᠣᠷᠮᠣᠰᠣ᠂ ᠠᠮᠠᠨ ᠤ ᠪᠦᠬᠡᠯᠵᠢᠰᠦ ᠪᠣᠯᠭᠠᠨ᠎ᠠ︖ ᠣᠳᠣ ᠰᠡᠬᠥᠳᠡᠷ ᠡᠴᠡ ᠦᠬᠡᠷ᠎ᠡ ᠨᠦᠬᠥᠷ ᠦᠭᠡᠶ᠂ ᠰᠡᠬᠥᠯ ᠡᠴᠡ ᠦᠬᠡᠷ᠎ᠡ ᠲᠠᠰᠢᠭᠣᠷ ᠦᠭᠡᠶ ᠪᠠᠢ᠌ᠳᠠᠯ᠎ᠠ ᠶᠠᠭᠣᠨ ᠳᠤ ᠢᠩᠬᠢᠵᠣ ᠪᠠᠢ᠌ᠨ᠎ᠠ᠂ ᠲᠠ︖ ᠭᠣᠯᠣᠮᠳᠠ ᠶᠢ ᠮᠢᠨᠢ ᠪᠦᠤ ᠪᠦᠷᠢᠯᠬᠡᠭ᠍ᠳᠥᠨ᠃ ᠪᠡᠯᠬᠥᠳᠡᠢ ᠶᠢ ᠪᠦᠤ ᠬᠦᠨᠦᠬᠡᠭ᠍ᠳᠥᠨ》ᠬᠡᠥᠨ ᠵᠠᠪᠢᠯᠠᠨ ᠰᠠᠭᠣᠵᠣ ᠬᠦᠯᠢᠴᠡᠪᠡ᠂ ᠲᠠᠮᠣᠵᠢᠨ ᠬᠠᠰᠠᠷ ᠬᠣᠶᠠᠷ ᠬᠣᠢ᠌ᠨ᠎ᠠ ᠣᠷᠢᠳᠠ ᠡᠴᠡ ᠬᠠᠷᠪᠣᠵᠣ ᠠᠯᠠᠵᠣ ᠣᠷᠬᠢᠪᠠ᠃
78᠂ ᠲᠠᠮᠣᠵᠢᠨ ᠬᠠᠰᠠᠷ ᠬᠣᠶᠠᠷ ᠬᠡᠷ ᠲᠤ ᠢᠷᠠᠵᠣ ᠣᠷᠣᠬᠣ ᠳᠤ ᠦᠵᠢᠨ ᠡᠬᠡ ᠬᠣᠶᠠᠷ ᠬᠦᠪᠡᠬᠥᠨ ᠤ ᠪᠠᠨ ᠴᠢᠷᠠᠢ ᠶᠢ ᠬᠠᠷᠠᠮᠠᠭᠴᠠ᠂ ᠲᠠᠷᠣᠢ ᠣᠴᠢᠷ ᠢ ᠮᠠᠳᠠᠵᠣ ᠦᠬᠥᠯᠡᠷᠥᠨ᠄ 《ᠬᠠᠨᠢ ᠪᠠᠨ ᠪᠠᠷᠠᠭᠰᠠᠳ ᠢᠵᠢᠯᠢ ᠪᠠᠨ ᠢᠳᠡᠭ᠍ᠰᠠᠥᠨ ᠬᠠᠯᠠᠭᠣᠨ ᠬᠡᠪᠡᠯᠢ ᠡᠴᠡ ᠭᠠᠷᠬᠣ ᠳᠠᠭᠠᠨ ᠬᠠᠷ᠎ᠠ ᠨᠦᠵᠢ ᠠᠳᠭᠣᠨ ᠲᠥᠷᠥᠭᠰᠡᠨ ᠪᠢᠯᠠ᠃ ᠬᠠᠪᠢᠷᠭ᠎ᠠ ᠪᠠᠨ ᠬᠠᠵᠠᠬᠣ ᠬᠠᠷ᠎ᠠ ᠨᠣᠬᠠᠢ ᠮᠠᠳᠣ᠂ ᠬᠠᠳᠠᠨ ᠳᠤ ᠲᠣᠪᠳᠣᠯᠬᠣ ᠬᠠᠷᠴᠠᠭᠠᠢ ᠱᠣᠩᠬᠣᠷ ᠮᠠᠳᠣ᠂ ᠠᠭᠣᠷ ᠶᠢᠠᠨ ᠲᠠᠷᠣᠨ ᠶᠠᠳᠠᠬᠣ ᠣᠮᠣᠭᠳᠣ ᠠᠷᠰᠠᠯᠠᠨ ᠮᠠᠳᠣ᠂ ᠠᠮᠢᠳᠣ ᠶᠢ ᠵᠠᠯᠬᠢᠬᠣ ᠠᠶᠣᠯᠳᠣ ᠮᠠᠩᠭ᠋ᠣᠰ ᠮᠠᠳᠣ᠂ ᠰᠡᠬᠥᠳᠡᠷ ᠶᠢᠠᠨ ᠲᠣᠪᠳᠣᠯᠬᠣ ᠰᠥᠷᠠᠬᠡᠢ ᠠᠷᠢᠶᠠᠳᠠᠨ ᠮᠠᠳᠣ᠂ ᠴᠣᠭ ᠢ ᠵᠠᠯᠬᠢᠬᠣ ᠴᠣᠷᠬᠠᠢ ᠵᠢᠭᠠᠰᠣ ᠮᠠᠳᠣ᠂ ᠪᠣᠳᠣᠭᠣ ᠲᠣᠷᠮᠠ ᠶᠢᠨ ᠪᠣᠷᠪᠢ ᠶᠢ ᠬᠠᠵᠠᠬᠣ ᠦᠯ ᠪᠣᠣᠷ᠎ᠠ ᠮᠠᠳᠣ᠂ ᠪᠣᠷᠣᠭᠠᠠᠳᠣ ᠡᠳᠣᠷ ᠲᠣᠪᠳᠣᠯᠣᠨ ᠬᠠᠯᠳᠠᠬᠣ ᠦᠯᠥᠨ ᠴᠢᠨ᠋ᠸ᠎ᠠ ᠮᠠᠳᠣ᠂ ᠨᠢᠯᠬ᠎ᠠ ᠦᠷ᠎ᠡ ᠪᠠᠨ ᠬᠢᠯᠢᠨ (ᠬᠦᠭᠡᠭᠡᠨ) ᠶᠠᠳᠠᠵᠤ ᠨᠢᠳᠤᠯᠠᠨ ᠢᠳᠡᠬᠦ ᠨᠢᠬᠥᠯᠲᠦ ᠠᠩᠬᠢᠷ ᠮᠠᠳᠣ ᠬᠡᠪᠳᠡᠰᠢ ᠶᠢ ᠬᠦᠳᠡᠯᠬᠡᠪᠡᠯ ᠬᠡᠳᠡᠷᠬᠥ ᠲᠣᠪᠳᠣᠯᠬᠣ ᠬᠡᠷᠴᠡᠬᠡᠢ ᠴᠦᠬᠡᠬᠡᠪᠥᠷ (ᠴᠢᠨ᠋᠋ᠣᠠ) ᠮᠡᠳᠤ᠂ ᠪᠠᠷᠢᠵᠤ ᠢᠳᠡᠬᠦ ᠪᠠᠷᠰ ᠠᠷᠢᠶᠠᠳᠠᠨ ᠮᠡᠳᠤ᠂ ᠪᠠᠯᠮᠠᠳ ᠠᠮᠢᠳᠠᠳ ᠪᠤᠶᠤ ᠰᠡᠬᠦᠳᠡᠷ ᠡᠴᠡ ᠦᠭᠡᠷ᠎ᠠ ᠨᠦᠬᠥᠷ ᠦᠭᠡᠶ ᠰᠡᠬᠥᠯ ᠡᠴᠡ ᠦᠬᠡᠷ᠎ᠡ ᠲᠠᠰᠢᠭᠣᠷ ᠦᠭᠡᠶ ᠪᠠᠢ᠌ᠬᠣ ᠳᠤ ᠲᠠᠢ᠌ᠴᠢᠭᠣᠳ ᠨᠡᠷ ᠤᠨ ᠬᠦᠨᠦᠬᠡᠯ ᠢ ᠬᠦᠯᠢᠶᠡᠵᠦ᠂ ᠦᠰᠢᠶ᠎ᠡ ᠪᠠᠨ ᠬᠡᠨ ᠶᠠᠭᠠᠬᠢᠵᠣ ᠠᠪᠬᠣ ᠪᠣᠢ︖ ᠬᠡᠵᠦ ᠪᠠᠢ᠌ᠬᠣ ᠳᠤ᠂ ᠲᠠ ᠨᠡᠷ ᠶᠠᠭᠣᠨ ᠳᠤ ᠡᠢ᠌ᠮᠣ ᠬᠡᠷᠡᠭ ᠬᠢᠪᠠ︖》ᠬᠡᠵᠦ ᠡᠷᠳᠠᠨ ᠤ ᠦᠬᠡ ᠶᠢ ᠡᠰᠢ ᠲᠠᠳᠠᠵᠣ᠂ ᠡᠪᠥᠬᠡᠥᠨ ᠤᠨ ᠦᠬᠡ ᠶᠢ ᠦᠨᠳᠥᠰᠤ ᠪᠣᠯᠭᠠᠵᠣ ᠬᠦᠪᠡᠭᠦᠳ ᠶᠢᠠᠨ ᠶᠡᠬᠡᠳᠡ ᠪᠣᠷᠣᠭᠣᠰᠢᠶᠠᠨ ᠵᠢᠮᠠᠯᠠᠪᠠ᠃
79᠂ ᠲᠡᠬᠡᠵᠦ ᠪᠠᠢ᠌ᠳᠠᠯ᠎ᠠ᠂ ᠲᠠᠢ᠌ᠴᠢᠭᠣᠳ ᠤᠨ ᠲᠠᠷᠭᠣᠳᠠᠢ ᠬᠢᠷᠢᠯᠳᠣᠭ᠂ ᠰᠢᠳᠠᠷ ᠨᠦᠭᠦᠳ ᠶᠢᠠᠨ ᠲᠠᠭᠠᠭᠣᠯᠵᠣ᠂ 《ᠬᠣᠷᠠᠭᠠᠨ ᠤ ᠦᠰᠤ ᠭᠣᠣᠵᠢᠪᠠ᠂ ᠲᠥᠯᠬᠡᠨ ᠤ ᠪᠠᠶ᠎ᠠ ᠲᠥᠯᠵᠢᠪᠡ》(ᠦᠭᠡᠯᠤᠨ ᠤ ᠬᠦᠪᠡᠬᠦᠳ ᠳᠡᠩᠭᠡᠷᠡᠪᠡ) ᠭᠡᠵᠦ ᠳᠤᠪᠳᠤᠯᠬᠤ ᠪᠠᠷ ᠢᠷᠡᠪᠡ᠂ ᠳᠡᠳᠡᠨ ᠡᠴᠠ ᠠᠶᠣᠵᠣ ᠦᠬᠡᠯᠥᠨ ᠦᠵᠢᠨ ᠬᠦᠪᠡᠭᠦᠳ ᠤᠨ ᠬᠠᠮᠳᠣ ᠣᠢ ᠰᠢᠭᠣᠢ ᠳᠤ ᠲᠣᠳᠠᠭᠠᠪᠠ᠂ ᠪᠡᠯᠬᠥᠳᠡᠢ ᠮᠣᠳᠣ ᠬᠣᠭᠣᠯᠵᠣ ᠰᠢᠪᠡᠬᠡ ᠪᠠᠷᠢᠪᠠ᠂ ᠬᠠᠰᠠᠷ ᠬᠠᠷᠪᠣᠨ ᠪᠠᠢ᠌ᠯᠳᠣᠵᠣ᠂ ᠬᠠᠴᠢᠭᠣᠨ᠂ ᠲᠡᠮᠣᠬᠡ᠂ ᠲᠠᠮᠣᠯᠣᠨ ᠭᠣᠷᠪᠠ ᠶᠢ ᠠᠭᠣᠯᠠ ᠶᠢᠨ ᠵᠠᠪᠠ ᠳᠤ ᠨᠢᠭᠣᠵᠣ ᠪᠠᠢ᠌ᠬᠣ ᠳᠤ ᠲᠠᠢ᠌ᠴᠢᠭᠣᠳ ᠪᠠᠷᠬᠢᠷᠠᠨ ᠦᠬᠥᠯᠡᠷᠥᠨ᠄ 《ᠲᠠᠮᠣᠵᠢᠨ ᠡᠠᠬ᠎ᠠ ᠪᠠᠨ ᠭᠠᠷᠭᠠᠵᠣ ᠦᠭ᠌᠂ ᠪᠣᠰᠣᠳ ᠴᠢᠨᠢ ᠬᠡᠷᠡᠭ ᠦᠭᠡᠶ》ᠬᠡᠬᠥ ᠶᠢ ᠰᠣᠨᠣᠰᠣᠭᠠᠳ ᠲᠠᠮᠣᠵᠢᠨ ᠢ ᠰᠠᠮ ᠣᠷᠭᠣᠭᠣᠯᠣᠨ ᠣᠢ ᠳᠤ ᠲᠣᠳᠠᠭᠠᠯᠭᠠᠪᠠ᠂ ᠡᠬᠥᠨ ᠢ ᠲᠠᠢ᠌ᠴᠢᠭᠣᠳ ᠮᠡᠳᠡᠬᠡᠥᠨ ᠨᠡᠬᠡᠨ ᠬᠦᠬᠡᠬᠡᠬᠥ ᠳᠤ ᠲᠠᠮᠣᠵᠢᠨ᠂ ᠲᠡᠷᠬᠥᠨᠡ ᠦᠨᠳᠥᠷ ᠤᠨ ᠰᠢᠭᠣᠢ ᠳᠤ ᠰᠢᠷᠭᠣᠵᠣ ᠣᠷᠣᠪᠠᠯ ᠲᠠᠢ᠌ᠴᠢᠭᠣᠳ ᠨᠠᠪᠳᠠᠷᠠᠨ ᠣᠷᠣᠵᠣ ᠴᠢᠳᠠᠭᠰᠠᠨ ᠦᠭᠡᠶ ᠬᠦᠷᠢᠶᠡᠯᠡᠨ ᠰᠠᠬᠢᠪᠠ᠃
80᠂ ᠲᠠᠮᠣᠵᠢᠨ᠂ ᠰᠢᠭᠣᠢ ᠲᠣᠳᠣᠷ᠎ᠠ ᠭᠣᠷᠪᠠ ᠬᠣᠨᠣᠵᠣ ᠣᠳᠣ ᠬᠠᠷᠢᠶ᠎ᠠ ᠬᠡᠵᠦ ᠮᠣᠷᠢ ᠪᠠᠨ ᠬᠦᠳᠥᠯᠵᠦ ᠶᠠᠪᠣᠬᠣ ᠳᠤ ᠮᠣᠷᠢᠨ ᠡᠴᠠ ᠡᠮᠠᠬᠡᠯ ᠨᠢ ᠮᠣᠯᠳᠣᠷᠣᠨ ᠣᠨᠠᠪᠠ᠃ ᠡᠷᠬᠢᠵᠣ ᠦᠵᠡᠪᠡᠯ ᠡᠮᠠᠬᠡᠯ ᠤᠨ ᠣᠯᠣᠮ ᠬᠦᠮᠥᠯᠳᠥᠷᠬᠡ ᠬᠡᠪ ᠶᠢᠠᠷ ᠪᠠᠢ᠌ᠳᠠᠯ᠎ᠠ ᠮᠣᠯᠳᠣᠷᠠᠰᠠᠨ ᠠᠵᠢ᠃ 《ᠣᠯᠣᠮ ᠮᠣᠯᠳᠣᠷᠴᠣ ᠪᠣᠯᠬᠣ ᠬᠡᠪᠡᠴᠦ ᠬᠦᠮᠥᠯᠳᠥᠷᠬᠡ ᠶᠠᠭᠠᠬᠢᠨ ᠮᠣᠯᠳᠠᠷᠠᠨᠠ᠂ ᠲᠡᠭ᠍ᠷᠢ ᠢᠳᠬᠠᠵᠣ ᠪᠠᠢ᠌ᠭ᠎ᠠ ᠪᠣᠯᠪᠠ ᠦᠦ︖》ᠬᠡᠵᠦ ᠪᠠᠰᠠ ᠭᠣᠷᠪᠠᠨ ᠬᠣᠨᠣᠭ ᠬᠦᠯᠢᠶᠡᠪᠡ᠂ ᠲᠠᠬᠢᠨ ᠭᠠᠷᠬᠣ ᠪᠠᠷ ᠶᠠᠪᠣᠬᠣ ᠳᠤ ᠰᠢᠭᠣᠢ ᠡᠴᠡ ᠭᠠᠷᠬᠣ ᠵᠠᠮ ᠢ ᠬᠡᠷ ᠤᠨ ᠴᠢᠨᠡᠬᠡ ᠴᠠᠭᠠᠨ ᠴᠢᠯᠠᠭᠣ ᠪᠦᠭ᠍ᠯᠡᠨ ᠬᠡᠪᠳᠡᠵᠦ ᠪᠠᠢ᠌ᠨ᠎ᠠ᠃ 《ᠲ᠋ᠡᠭ᠍ᠷᠢ ᠢᠳᠬᠠᠵᠣ ᠪᠠᠢ᠌ᠭ᠎ᠠ ᠪᠣᠯᠪᠠ ᠦᠦ︖》ᠬᠡᠵᠦ ᠪᠣᠴᠠᠵᠣ ᠪᠠᠰᠠ ᠭᠣᠷᠪᠠ ᠬᠣᠨᠣᠪᠠ᠃ ᠪᠦᠬᠥᠳᠡ ᠶᠢᠰᠤ ᠬᠣᠨᠣᠭ ᠬᠣᠭᠣᠯᠠ ᠦᠭᠡᠶ ᠪᠠᠢ᠌ᠵᠣ 《ᠡᠨᠠ ᠮᠠᠳᠣ ᠨᠡᠷ᠎ᠡ ᠦᠭᠡᠶ ᠦᠬᠥᠬᠥ ᠪᠠᠷ ᠭᠠᠷᠣᠶ᠎ᠠ》ᠬᠡᠥᠨ ᠵᠠᠮ ᠪᠦᠭ᠍ᠯᠡᠨ ᠣᠨᠠᠭᠰᠠᠨ ᠬᠡᠷ ᠤᠨ ᠴᠢᠨᠡᠬᠡ ᠴᠠᠭᠠᠨ ᠴᠢᠯᠠᠭᠣ ᠶᠢ ᠲᠣᠭᠣᠷᠢᠨ ᠭᠠᠷᠬᠣ ᠳᠤ ᠰᠠᠭᠠᠳ ᠪᠣᠯᠬᠣ ᠮᠣᠳᠣ ᠶᠢ ᠰᠣᠮᠣᠴᠢ (ᠰᠤᠮᠤ ᠬᠢᠳᠡᠭ) ᠬᠢᠳᠤᠭ᠎ᠠ ᠪᠠᠷ ᠶᠢᠠᠨ ᠤᠭᠳᠤᠯᠤᠭᠠᠳ ᠮᠣᠷᠢ ᠪᠠᠨ ᠬᠦᠳᠥᠯᠵᠦ ᠭᠠᠷᠤᠮᠠᠭᠴᠠ ᠲᠠᠢ᠌ᠴᠢᠭᠣᠳ ᠣᠭᠳᠣᠨ ᠪᠠᠷᠢᠵᠣ ᠠᠪᠣᠪᠠ᠃
81᠂ ᠲᠠᠮᠣᠵᠢᠨ ᠢ ᠲᠠᠷᠭᠣᠳᠠᠢ ᠬᠢᠷᠢᠯᠳᠣᠭ ᠪᠠᠷᠢᠵᠣ᠂ ᠣᠯᠣᠰ ᠳᠠᠭᠠᠨ ᠠᠪᠠᠴᠢᠭᠠᠳ ᠵᠠᠰᠠᠭᠯᠠᠨ ᠰᠢᠳᠬᠡᠵᠦ ᠠᠢ᠌ᠯ ᠪᠦᠷᠢ ᠳᠤ ᠨᠢᠵᠡᠬᠡᠥᠨ ᠬᠣᠨᠣᠭᠣᠯᠵᠣ ᠬᠡᠰᠦᠬᠥᠯᠥᠨ ᠶᠠᠪᠣᠨ᠎ᠠ᠂ ᠵᠤᠨ ᠤ ᠲᠡᠷᠢᠬᠥᠨ ᠰᠠᠷ᠎ᠠ ᠶᠢᠨ ᠠᠷᠪᠠᠨ ᠵᠢᠷᠭᠣᠭᠠᠨ ᠤ ᠣᠯᠠᠭᠠᠨ ᠲᠡᠷᠬᠡᠯ ᠡᠳᠣᠷ ᠲ᠋ᠠᠢ᠌ᠴᠢᠭᠣᠳ ᠣᠨᠣᠨ ᠤ ᠡᠷᠬᠢ ᠲᠡᠬᠡᠷ᠎ᠡ ᠬᠣᠷᠢᠮᠯᠠᠵᠣ᠂ ᠨᠠᠷᠠ ᠰᠢᠩᠬᠡᠬᠥ ᠳᠤ ᠲᠠᠷᠬᠠᠪᠠ᠃ ᠲᠠᠷᠠ ᠬᠣᠷᠢᠮ ᠤᠨ ᠦᠶ᠎ᠡ ᠳᠤ ᠲᠠᠮᠣᠵᠢᠨ ᠢ ᠨᠢᠬᠡᠨ ᠬᠢᠯᠪᠠᠷ ᠲᠣᠷᠣᠢ ᠬᠦᠪᠡᠬᠥᠨ ᠠᠪᠴᠢᠷᠠᠨ ᠰᠠᠬᠢᠭᠣᠯᠵᠣ ᠪᠢᠯᠠ᠂ ᠬᠤᠷᠢᠮ ᠤᠨ ᠠᠷᠠᠳ ᠢ ᠳᠠᠷᠬᠠᠮᠠᠭᠴᠠ᠂ ᠳᠡᠷᠡ ᠬᠢᠯᠪᠠᠷ ᠬᠦᠪᠡᠬᠦᠨ ᠤ ᠳᠤᠯᠤᠭᠠᠢ ᠵᠢ ᠪᠤᠭᠤᠢ (ᠳᠦᠩᠭᠡ) ᠪᠠᠷ ᠨᠢᠭᠡᠨ ᠤᠳᠠᠭ᠎ᠠ ᠳᠡᠯᠡᠳᠦᠭᠡᠳ ᠬᠦᠶᠦᠵᠤ ᠤᠨᠤᠨ ᠤ ᠰᠢᠭᠤᠢ ᠳᠤᠳᠤᠷ᠎ᠠ ᠬᠡᠪᠳᠡᠪᠡᠯ ᠦᠵᠡᠭᠳᠡᠬᠦ ᠪᠤᠯᠪᠠ ᠤᠤ ᠭᠡᠵᠦ ᠤᠰᠤᠨ ᠤ ᠬᠠᠷᠢᠭ (ᠤᠷᠤᠰᠬᠠᠯ ᠤᠨ ᠬᠠᠵᠠᠭᠤ ᠳᠡᠬᠢ ᠳᠤᠭᠳᠠᠮᠠᠯ ᠤᠰᠤ ) ᠲᠤ ᠤᠷᠤᠭᠠᠳ ᠬᠡᠳᠡᠷᠬᠦ ᠬᠡᠪᠳᠡᠵᠤ ᠳᠦᠩᠭᠡ ᠪᠠᠨ ᠤᠰᠤ ᠤᠷᠤᠭᠤ ᠤᠷᠤᠰᠬᠠᠨ ᠨᠢᠭᠤᠷ ᠶᠢᠠᠨ ᠢᠯᠡ ᠭᠠᠷᠭᠠᠵᠤ ᠬᠡᠪᠳᠡᠪᠡ᠃
82᠂ 《ᠪᠠᠷᠢᠭᠳᠠᠭᠰᠠᠨ ᠬᠦᠮᠥᠨ ᠢ ᠠᠯᠳᠠᠪᠠ》ᠬᠡᠵᠦ ᠲᠡᠬᠥᠨ ᠢ ᠰᠠᠬᠢᠵᠣ ᠪᠠᠢ᠌ᠭᠰᠠᠨ ᠬᠦᠮᠥᠨ ᠶᠡᠬᠡ ᠲᠠᠭᠣ ᠪᠠᠷ ᠬᠠᠰᠬᠢᠷᠬᠣ ᠳᠤ ᠲᠠᠷᠬᠠᠭᠰᠠᠨ ᠲᠠᠢ᠌ᠴᠢᠭᠣᠳ ᠴᠣᠭᠯᠠᠨ ᠢᠷᠠᠵᠣ᠂ ᠡᠳᠣᠷ ᠮᠠᠳᠣ ᠰᠠᠷᠠᠭᠣᠯ ᠰᠦᠨᠢ ᠣᠨᠣᠨ ᠤ ᠰᠢᠭᠣᠢ ᠶᠢ ᠨᠠᠩᠵᠢᠨ ᠪᠠᠳᠠᠷᠢᠪᠠ᠃ ᠣᠰᠣᠨ ᠤ ᠬᠠᠷᠢᠭ ᠲᠤ ᠬᠡᠪᠳᠡᠵᠦ ᠪᠠᠢ᠌ᠭ᠎ᠠ ᠲᠠᠮᠣᠵᠢᠨ ᠲᠡᠶ ᠰᠥᠯᠳᠥᠰᠥᠨ ᠤ ᠰᠣᠷᠬᠠᠨ ᠰᠢᠷ᠎ᠠ ᠶᠠᠭ ᠲᠣᠬᠢᠶᠠᠯᠳᠣᠨ ᠦᠵᠡᠵᠤ ᠦᠬᠦᠯᠡᠷᠤᠨ᠄ (ᠤᠰᠤᠨ ᠳᠤ ᠴᠢᠯᠮᠢ (ᠤᠷᠤᠮ) ᠦᠭᠡᠢ᠂ ᠤᠭᠳᠠᠷᠭᠤᠢ ᠳᠤ ᠮᠦᠷ ᠦᠭᠡᠢ ᠳᠤᠯᠠ ᠴᠢᠨᠤ ᠢᠩᠬᠢᠵᠤ ᠬᠡᠪᠳᠡᠬᠦ ᠵᠦᠪ ᠪᠠᠢ᠌ᠨ᠎ᠠ)《ᠴᠢ ᠡᠢ᠌ᠮᠣ ᠠᠷᠭ᠎ᠠ ᠲᠡᠶ ᠪᠦᠬᠡᠥᠨ ᠨᠢᠳᠣᠨ ᠳᠡᠭᠡᠨ ᠭᠠᠯ ᠲᠡᠶ᠂ ᠨᠢᠭᠣᠷ ᠲᠡᠭᠡᠨ ᠬᠡᠷᠡᠯ ᠲᠡᠶ ᠬᠦᠮᠥᠨ ᠲᠣᠯᠠ ᠲᠠᠢ᠌ᠴᠢᠭᠣᠳ ᠡᠢ᠌ᠠᠬᠥ ᠠᠳᠠᠭᠠᠷᠬᠠᠬᠠᠤ ᠠᠵᠠᠢ᠃ ᠴᠢ ᠢᠩᠬᠢᠬᠡᠥᠨ ᠬᠡᠪᠳᠡᠵᠦ ᠪᠠᠢ᠂ ᠪᠢ ᠴᠢᠮᠢ᠋ᠢ ᠵᠢᠭᠠᠵᠣ ᠦᠭ᠍ᠬᠥ ᠦᠬᠡᠢ》ᠬᠡᠥᠨ ᠥᠩᠬᠡᠷᠡᠨ ᠤᠳᠪᠠ᠃ ᠴᠠᠰᠢ ᠬᠡᠷᠬᠢᠨ ᠡᠷᠢᠬᠥ ᠶᠢ ᠳᠠᠢ᠌ᠴᠢᠭᠤᠳ ᠨᠡᠷ ᠵᠦᠪᠯᠠᠬᠥ ᠳᠤ᠂ ᠰᠣᠷᠬᠠᠨ ᠰᠢᠷ᠎ᠠ ᠦᠬᠥᠯᠡᠷᠥᠨ᠄ 《ᠬᠦᠮᠥᠨ ᠪᠦᠷᠢ ᠶᠠᠪᠣᠭᠰᠠᠨ ᠮᠦᠷ ᠶᠢᠠᠷ ᠬᠡᠳᠡᠷᠬᠥ ᠶᠠᠪᠣᠵᠣ᠂ ᠣᠷᠴᠢᠨ ᠤ ᠭᠠᠵᠠᠷ ᠢ ᠲᠠᠬᠢᠨ ᠰᠢᠯᠭᠠᠵᠣ ᠦᠵᠡᠶ᠎ᠡ》ᠬᠡᠪᠡᠯ ᠴᠦᠮ 《ᠵᠠ》ᠬᠡᠵᠦ ᠵᠦᠪᠰᠢᠶᠡᠷᠴᠦ᠂ ᠬᠦᠮᠥᠨ ᠪᠦᠷᠢ ᠶᠠᠪᠣᠭᠰᠠᠨ ᠮᠦᠷ ᠶᠢᠠᠷ ᠶᠢᠠᠨ ᠶᠠᠪᠣᠵᠣ ᠡᠷᠢᠪᠠ᠃ ᠪᠠᠰᠠ ᠰᠣᠷᠬᠠᠨ ᠰᠢᠷ᠎ᠠ᠂ ᠲᠠᠮᠣᠵᠢᠨ ᠢ ᠲᠠᠭᠠᠷᠢᠵᠣ 《ᠡᠠᠬ᠎ᠠ ᠲᠡᠬᠥᠤ ᠲᠠᠢ᠌ᠴᠢᠭᠣᠳ ᠨᠡᠷ᠂ ᠠᠮᠨ ᠰᠢᠳᠣ ᠪᠠᠨ ᠪᠢᠯᠡᠬᠥᠳᠡᠵᠦ ᠠᠢ᠌ᠰᠣᠢ ᠶᠠᠪᠣᠨ᠎ᠠ᠂ ᠴᠢ ᠬᠠᠳᠠᠭᠣᠵᠢᠨ ᠬᠡᠪᠳᠡᠵᠦ ᠪᠠᠢ》ᠬᠡᠥᠨ ᠥᠩᠬᠡᠷᠡᠵᠦ ᠣᠳᠪᠠ᠃
83᠂ ᠲᠠᠢ᠌ᠴᠢᠭᠣᠳ ᠨᠡᠷ ᠡᠷᠢᠵᠣ ᠣᠯᠣᠭᠰᠠᠨ ᠦᠭᠡᠶ ᠲᠣᠯᠠ ᠲᠠᠬᠢᠨ ᠶᠠᠭᠠᠬᠢᠵᠣ ᠡᠷᠢᠬᠥ ᠶᠢ ᠵᠦᠪᠯᠡᠯᠲᠦᠬᠥ ᠳᠤ ᠰᠣᠷᠬᠠᠨ ᠰᠢᠷ᠎ᠠ ᠦᠬᠥᠯᠡᠷᠥᠨ᠄ 《ᠲ᠋ᠠᠢ᠌ᠴᠢᠭᠣᠳ ᠬᠦᠪᠡᠭᠦᠳ ᠪᠢᠳᠠ᠂ ᠬᠡᠬᠡᠨ ᠴᠠᠭᠠᠨ ᠡᠳᠣᠷ ᠪᠦᠬᠥᠯᠢ ᠬᠦᠮᠥᠨ ᠢ ᠠᠯᠳᠠᠭᠠᠳ ᠣᠳᠣ ᠬᠠᠷᠠᠩᠭ᠋ᠣᠢ ᠰᠦᠨᠢ ᠬᠡᠷᠬᠢᠨ ᠣᠯᠬᠣ ᠪᠢᠯᠠ᠂ ᠬᠦᠮᠥᠨ ᠪᠦᠷᠢ ᠶᠠᠪᠣᠭᠰᠠᠨ ᠮᠦᠷ ᠶᠢᠠᠷ ᠶᠢᠠᠨ ᠲᠠᠬᠢᠨ ᠨᠢᠬᠡ ᠣᠳᠠᠭ᠎ᠠ ᠡᠷᠢᠵᠣ ᠲᠠᠷᠬᠠᠭᠠᠳ ᠮᠠᠷᠭᠠᠰᠢ ᠴᠣᠭᠯᠠᠵᠣ ᠡᠷᠢᠶ᠎ᠠ᠂ ᠲᠠᠷᠠ ᠲᠦᠩᠬᠡ ᠲᠡᠶ ᠬᠦᠮᠥᠨ ᠬᠠᠮᠢᠭ᠎ᠠ ᠬᠣᠯᠠᠳᠠᠬᠣ ᠪᠣᠢ》ᠬᠡᠪᠡᠯ ᠪᠦᠬᠥᠳᠡᠬᠡᠷ 《ᠵᠠ》ᠬᠡᠯᠲᠦᠵᠦ ᠪᠣᠴᠠᠵᠣ ᠡᠷᠢᠬᠥ ᠪᠠᠷ ᠶᠠᠪᠣᠪᠠ᠃ ᠰᠣᠷᠬᠠᠨ ᠰᠢᠷ᠎ᠠ ᠪᠠᠰᠠ ᠲᠠᠮᠣᠵᠢᠨ ᠳᠤ ᠢᠷᠡᠬᠡᠥᠨ ᠦᠬᠥᠯᠡᠷᠥᠨ᠄ 《ᠣᠳᠣ ᠨᠢᠬᠡᠨ ᠣᠳᠠᠭ᠎ᠠ ᠡᠷᠢᠵᠣ ᠲᠠᠷᠬᠠᠭᠠᠳ ᠮᠠᠷᠭᠠᠰᠢ ᠡᠷᠢᠬᠥ ᠪᠠᠷ ᠪᠣᠯᠪᠠ᠂ ᠪᠢᠳᠠᠨ ᠢ ᠲᠠᠷᠬᠠᠮᠠᠭᠴᠠ ᠡᠬᠡ ᠪᠠ ᠲᠡᠬᠥᠤ ᠨᠡᠷ ᠤᠨ ᠵᠦᠭ᠌ ᠶᠠᠪᠣ᠂ ᠬᠡᠷᠪᠡ ᠬᠦᠮᠥᠨ ᠲᠣᠬᠢᠶᠠᠯᠳᠣᠪᠠᠯ ᠨᠠᠮ᠎ᠠ ᠶᠢ ᠦᠵᠡᠪᠡ ᠬᠡᠵᠦ ᠪᠦᠤ ᠬᠡᠯᠡ》ᠬᠡᠥᠨ ᠶᠠᠪᠣᠴᠢᠬᠠᠪᠠ᠃
84᠂ ᠲᠠᠳᠠᠨ ᠢ ᠲᠠᠷᠬᠠᠮᠠᠭᠴᠠ ᠲᠠᠮᠣᠵᠢᠨ ᠲᠣᠳᠣᠷ᠎ᠠ ᠪᠠᠨ ᠰᠠᠳᠬᠢᠷᠣᠨ᠄ 《ᠰᠠᠶᠢ ᠶᠢᠨ ᠬᠡᠳᠥᠨ ᠡᠳᠣᠷ ᠠᠢ᠌ᠯ ᠬᠡᠰᠦᠵᠦ ᠬᠣᠨᠣᠬᠣ ᠳᠤ ᠰᠣᠷᠬᠠᠨ ᠰᠢᠷ᠎ᠠ ᠶᠢᠨ ᠬᠡᠷ ᠲᠤ ᠬᠣᠨᠣᠪᠠᠯ ᠲᠡᠬᠥᠨ ᠤ ᠬᠦᠪᠡᠬᠥᠨ ᠴᠢᠮᠪᠠᠢ ᠴᠢᠯᠠᠭᠣᠨ ᠬᠣᠶᠠᠷ ᠨᠠᠮ᠎ᠠ ᠶᠢ ᠦᠷᠥᠪᠳᠡᠨ ᠬᠠᠢ᠌ᠷᠠᠯᠠᠵᠣ ᠰᠦᠨᠢ ᠬᠢᠠᠵᠢ ᠲᠦᠩᠬᠡ ᠶᠢ ᠮᠢᠨᠢ ᠰᠣᠯᠠᠯᠠᠵᠣ ᠬᠣᠨᠣᠭᠣᠯᠬᠣ ᠪᠦᠯᠦᠬᠡ᠂ ᠣᠳᠣ ᠪᠠᠰᠠ ᠰᠣᠷᠬᠠᠨ ᠰᠢᠷᠬ᠎ᠠ ᠨᠠᠮᠢ᠋ᠢ ᠦᠵᠡᠵᠦ ᠵᠢᠭᠠᠵᠣ ᠦᠭ᠍ᠬᠥᠭ᠍ᠰᠡᠨ ᠦᠭᠡᠶ ᠥᠩᠬᠡᠷᠡᠪᠡ᠂ ᠲᠠᠳᠠ ᠨᠠᠮ᠎ᠠ ᠶᠢ ᠠᠪᠣᠷᠠᠬᠣ ᠪᠢᠵᠠ᠂》ᠬᠡᠵᠦ ᠰᠣᠷᠬᠠᠨ ᠰᠢᠷ᠎ᠠ ᠶᠢᠨ ᠬᠡᠷ ᠢ ᠵᠦᠭ᠍ᠯᠡᠨ ᠣᠨᠣᠨ ᠮᠥᠷᠡᠨ ᠣᠷᠣᠭᠣ ᠶᠠᠪᠣᠪᠠ᠂
85᠂ ᠰᠣᠷᠬᠠᠨ ᠰᠢᠷ᠎ᠠ ᠶᠢᠨ ᠬᠡᠷ ᠤᠨ ᠲᠡᠮᠳᠡᠭ ᠨᠢ ᠰᠦᠨᠢ ᠲᠣᠷᠰᠢ ᠦᠷ ᠴᠠᠢ᠌ᠳᠠᠯ᠎ᠠ ᠰᠦ᠋ ᠰᠠᠮᠠᠷᠴᠣ ᠡᠰᠥᠭ ᠶ᠋ᠢᠠᠨ ᠪᠦᠯᠢᠬᠥ ᠪᠦᠯᠦᠬᠡ᠂ ᠲᠠᠷᠠ ᠲᠡᠮᠳᠡᠭ ᠢ ᠪᠠᠷᠢᠮᠳᠠᠯᠠᠵᠣ ᠪᠦᠯᠢᠬᠥᠷ ᠤᠨ ᠴᠢᠮᠡᠬᠡ ᠶᠢ ᠴᠢᠭ᠍ᠯᠠᠵᠣ ᠣᠴᠢᠭᠠᠳ ᠬᠡᠷ ᠲᠤ ᠨᠢ ᠣᠷᠣᠪᠠᠯ ᠰᠣᠷᠬᠠᠨ ᠰᠢᠷ᠎ᠠ ᠦᠬᠥᠯᠡᠷᠥᠨ᠄ 《ᠴᠢᠮ᠎ᠠ ᠶᠢ ᠡᠬᠡ ᠪᠠ ᠲᠡᠬᠥᠤ ᠨᠡᠷ ᠤᠨ ᠵᠦᠭ᠌ ᠶᠠᠪᠣ ᠬᠡᠵᠦ ᠡᠰᠠ ᠬᠡᠯᠡᠯ᠎ᠡ ᠦᠦ ᠪᠢ᠂ ᠴᠢ ᠶᠠᠭᠣᠨ ᠳᠤ ᠢᠷᠠᠪᠠ︖》ᠬᠡᠪᠡ᠃ ᠲᠡᠬᠥᠨ ᠤ ᠬᠦᠪᠡᠬᠥᠨ ᠴᠢᠮᠪᠠᠢ ᠴᠢᠯᠠᠭᠣᠨ ᠬᠣᠶᠠᠷ ᠦᠬᠥᠯᠡᠷᠥᠨ᠄ 《ᠪᠣᠯᠵᠣᠮᠣᠷ ᠰᠢᠪᠠᠭᠣ ᠬᠠᠷᠴᠠᠭᠠᠢ ᠡᠴᠡ ᠲᠣᠳᠠᠭᠠᠵᠣ ᠪᠣᠳᠠ ᠶᠢᠨ ᠢᠷᠣᠭᠠᠷ ᠲᠤ ᠬᠣᠷᠭᠣᠳᠠᠪᠠᠯ ᠪᠣᠳᠠ ᠲᠡᠬᠥᠨ ᠢ ᠬᠠᠮᠠᠭᠠᠯᠠᠵᠣ ᠠᠪᠣᠷᠠᠨ᠎ᠠ᠂ ᠣᠳᠣ ᠪᠢᠳᠠᠨ ᠳᠤ ᠬᠦᠮᠥᠨ ᠬᠣᠷᠣᠭᠳᠠᠵᠣ ᠢᠷᠡᠬᠥ ᠳᠤ ᠲᠡᠬᠡᠵᠦ ᠬᠡᠯᠡᠵᠦ ᠶᠠᠭᠠᠬᠢᠵᠣ ᠪᠣᠯᠣᠨ᠎ᠠ》ᠬᠡᠵᠦ ᠡᠴᠢᠬᠡ ᠪᠠᠨ ᠪᠣᠷᠣᠭᠣᠰᠢᠶᠠᠵᠣ᠂ ᠲᠦᠩᠬᠡ ᠶᠢ ᠡᠪᠳᠠᠯᠠᠵᠣ ᠭᠠᠯ ᠳᠤ ᠲᠥᠯᠠᠬᠡᠥᠨ᠂ ᠳᠡᠮᠦᠵᠢᠨ ᠢ ᠬᠤᠢ᠌ᠳᠤ ᠤᠩᠭ᠋ᠠᠰᠤᠳᠤ ᠬᠠᠷ᠎ᠠ (ᠮᠤᠬᠤᠯᠠᠭ) ᠳᠡᠷᠭᠡᠨ ᠳᠤ ᠤᠷᠤᠭᠤᠯᠵᠤ᠂ 《ᠠᠮᠢᠳᠠᠨ ᠬᠦᠮᠦᠨ ᠳᠤ ᠪᠤᠤ ᠬᠡᠯᠡ 》 ᠭᠡᠵᠦ ᠬᠠᠳᠠᠭᠠᠨ ᠨᠡᠷ᠎ᠠ ᠲᠠᠢ ᠦᠬᠢᠨ ᠳᠡᠬᠦᠦ ᠪᠠᠷ ᠠᠰᠠᠷᠠᠭᠤᠯᠪᠠ᠃
86᠂ ᠭᠣᠷᠪᠠᠳᠣᠭᠠᠷ ᠡᠳᠣᠷ 《ᠲᠦᠩᠬᠡᠲᠦ ᠬᠦᠮᠥᠨ ᠬᠠᠮᠢᠭ᠎ᠠ ᠬᠣᠯᠠᠳᠬᠣ ᠪᠢᠯᠠ᠂ ᠲᠡᠬᠥᠨ ᠢ ᠮᠠᠨ ᠤ ᠬᠢᠨ ᠨᠢᠭᠣᠭᠰᠠᠨ ᠪᠢᠵᠠ᠂ ᠤᠢ᠌ᠷ᠎ᠠ ᠵᠠᠭᠠᠣᠷᠠ ᠶᠢᠨ ᠠᠢ᠌ᠯ ᠤᠳ ᠶᠢᠠᠷ ᠨᠡᠭ᠍ᠵᠢᠶᠡ》ᠬᠡᠥᠨ ᠠᠢ᠌ᠯ ᠪᠦᠷᠢ ᠶᠢ ᠨᠡᠭ᠍ᠵᠢᠭ᠍ᠰᠠᠬᠡᠷ ᠰᠣᠷᠬᠠᠨ ᠰᠢᠷ᠎ᠠ ᠶᠢᠨ ᠳᠤ ᠢᠷᠠᠵᠣ ᠬᠡᠷ ᠲᠡᠷᠬᠡ ᠪᠠ ᠢᠰᠠᠷ ᠤᠨ ᠳᠤᠤᠷ᠎ᠠ ᠬᠦᠷᠳᠡᠯ᠎ᠠ ᠨᠡᠩᠵᠢᠪᠡᠯ ᠬᠤᠢ᠌ᠳᠤ ᠣᠩᠭ᠋ᠠᠰᠣᠨ ᠲᠡᠷᠬᠡᠨ ᠳᠤ ᠣᠴᠢᠵᠣ ᠠᠮᠠᠰᠠᠷ ᠲᠠᠬᠢ ᠣᠩᠭ᠋ᠠᠰᠣ ᠶᠢ ᠲᠠᠳᠠᠯᠠᠵᠣ ᠲᠠᠮᠣᠵᠢᠨ ᠤ ᠬᠦᠯ ᠳᠤ ᠬᠦᠷᠪᠡᠯ ᠰᠣᠷᠬᠠᠨ ᠰᠢᠷ᠎ᠠ ᠦᠬᠥᠯᠡᠷᠥᠨ᠄ 《ᠡᠢ᠌ᠮᠣ ᠬᠠᠯᠠᠭᠣᠨ ᠴᠠᠭ ᠲᠤ ᠣᠩᠭ᠋ᠠᠰᠣᠨ ᠲᠣᠳᠣᠷ᠎ᠠ ᠠᠮᠢᠳᠣ ᠬᠦᠮᠥᠨ ᠶᠠᠭᠠᠬᠢᠵᠣ ᠪᠠᠢ᠌ᠨ᠎ᠠ︖》ᠬᠡᠪᠡᠯ ᠨᠠᠩᠵᠢᠬᠥᠯ ᠤᠨ ᠬᠦᠮᠥᠰ ᠪᠠᠭᠣᠵᠣ ᠤᠳᠪᠠ᠃
87᠂ ᠲᠠᠷᠠ ᠨᠠᠩᠵᠢᠬᠥᠯ ᠢ ᠣᠳᠣᠭᠰᠠᠨ ᠬᠣᠢ᠌ᠨ᠎ᠠ ᠲᠠᠮᠣᠵᠢᠨ ᠳᠤ ᠰᠣᠷᠬᠠᠨ ᠰᠢᠷ᠎ᠠ ᠦᠬᠥᠯᠡᠷᠥᠨ᠄ 《ᠨᠠᠮ᠎ᠠ ᠶᠢ ᠦᠨᠡᠰᠤ ᠪᠠᠷ ᠬᠡᠢ᠌ᠰᠬᠡᠨ ᠠᠯᠳᠠᠪᠠ ᠴᠢ᠂ ᠣᠳᠣ ᠲᠠᠷᠣᠢ ᠡᠬᠡ ᠪᠠ ᠲᠡᠬᠥᠤ ᠨᠡᠷ ᠤᠨ ᠵᠦᠭ᠌ ᠶᠠᠪᠣ》ᠬᠡᠵᠦ ᠠᠮᠨ ᠴᠠᠭᠠᠨ ᠡᠷᠡᠮᠡᠭ ᠬᠣᠯᠠᠭᠴᠢ ᠬᠡᠬᠥᠤ ᠵᠢ ᠣᠨᠣᠭᠣᠯᠵᠣ᠂ ᠳᠡᠯᠡᠭᠡ ᠬᠤᠷᠠᠭ᠎ᠠ ᠵᠢ ᠴᠢᠨᠠᠵᠤ ᠬᠦᠬᠦᠤᠷ (ᠤᠮᠳᠠ ᠶᠢᠨ ᠳᠤᠯᠤᠮ) ᠪᠠ ᠨᠢᠭᠡ ᠨᠤᠮᠤ᠂ ᠬᠤᠶᠠᠷ ᠰᠤᠮᠤ ᠦᠭᠴᠤ᠂ ᠡᠮᠡᠭᠡᠯ ᠪᠠ ᠬᠡᠳᠡ ᠦᠭᠡᠢ ᠪᠠᠷ ᠶᠠᠪᠤᠭᠤᠯᠪᠠ᠃
88᠂ ᠲᠠᠮᠣᠵᠢᠨ ᠲᠠᠠᠳᠠ ᠡᠴᠡ ᠶᠠᠪᠣᠵᠣ ᠣᠷᠢᠳᠣ ᠶᠢᠨ ᠰᠢᠪᠡᠬᠡᠯᠡᠭ᠍ᠰᠡᠨ ᠭᠠᠵᠠᠷ ᠲᠤ ᠢᠷᠡᠬᠡᠥᠨ ᠡᠪᠠᠰᠣᠨ ᠤ ᠨᠠᠯᠠᠷᠬᠠᠢ ᠪᠠᠷ ᠮᠥᠰᠬᠢᠨ ᠣᠨᠣᠨ ᠮᠥᠷᠡᠨ ᠦᠬᠡᠳᠡ ᠶᠠᠪᠣᠵᠣ᠂ ᠦᠷᠦᠨ᠎ᠡ ᠡᠴᠡ ᠣᠷᠣᠰᠬᠣ ᠬᠢᠮᠣᠷᠠᠭ᠎ᠠ ᠭᠣᠷᠣᠬᠠᠨ ᠳᠤ ᠬᠦᠷᠪᠡ᠂ ᠬᠢᠮᠣᠷᠠᠭ᠎ᠠ ᠭᠣᠷᠣᠬᠠᠨ ᠤ ᠦᠬᠡᠳᠡ ᠦᠭᠰᠦᠵᠦ ᠪᠠᠳᠠᠷ ᠬᠣᠰᠢᠭᠣᠨ ᠤ ᠬᠤᠷᠴᠢᠬᠤᠢ ᠪᠣᠯᠳᠠᠬᠠ ᠬᠡᠳᠡᠭ ᠭᠠᠵᠠᠷ ᠬᠦᠷᠴᠦ ᠡᠬᠡ ᠲᠡᠬᠥᠤ ᠨᠡᠷ ᠲᠡᠶ ᠪᠠᠨ ᠣᠴᠠᠷᠠᠪᠠ᠃
89᠂ ᠲᠠᠠᠳᠠ ᠪᠦᠬᠥᠳᠡᠬᠡᠷ ᠨᠠᠢ᠌ᠯᠠᠯᠳᠣᠵᠣ ᠪᠣᠷᠬᠠᠨ ᠬᠠᠯᠳᠣᠨ ᠤ ᠦᠪᠥᠷ ᠬᠦᠷᠡᠯᠬᠥ ᠲᠣᠳᠣᠷ᠎ᠠ ᠣᠷᠣᠰᠬᠣ ᠰᠠᠩᠬᠥᠷ ᠭᠣᠷᠣᠬ᠎ᠠ (ᠴᠡᠩᠭᠡᠷ ᠤᠨ ᠭᠤᠤᠯ) ᠵᠢᠨ ᠬᠠᠷ᠎ᠠ ᠵᠢᠷᠦᠭᠡᠨ ᠤ ᠬᠦᠭᠡ ᠨᠠᠭᠤᠷ ᠭᠡᠳᠡᠭ ᠭᠠᠵᠠᠷ ᠤᠴᠢᠵᠤ ᠨᠤᠳᠤᠭᠯᠠᠭᠠᠳ ᠳᠠᠷᠪᠠᠭ᠎ᠠ ᠵᠤᠷᠠᠮ᠎ᠠ ᠠᠯᠠᠵᠤ ᠢᠳᠡᠨ ᠠᠮᠢᠳᠤᠷᠠᠪᠠ᠃
90᠂ ᠨᠢᠬᠡᠨ ᠡᠳᠣᠷ ᠬᠡᠷ ᠤᠨ ᠲᠡᠷᠬᠡᠳᠡ ᠪᠠᠢ᠌ᠭ᠎ᠠ ᠨᠠᠢᠮᠠᠨ ᠰᠢᠷᠭ᠎ᠠ ᠠᠭᠳᠠ ᠶᠢ ᠲᠡᠬᠡᠷᠡᠮ ᠢᠷᠠᠵᠣ ᠨᠢᠳᠣ ᠦᠵᠡᠳᠡᠯ᠎ᠡ ᠲᠡᠬᠡᠷᠡᠮᠳᠡᠵᠦ ᠣᠳᠬᠣ ᠳᠤ ᠲᠠᠮᠣᠵᠢᠨ ᠨᠡᠷ ᠶᠠᠪᠠᠭᠠᠨ ᠲᠣᠯᠠ ᠬᠠᠷᠠᠭᠰᠠᠭᠠᠷ ᠬᠣᠴᠣᠷᠪᠠ᠃ ᠪᠡᠯᠬᠥᠳᠡᠢ ᠣᠭᠳᠣᠷ ᠬᠣᠩᠭ᠋ᠣᠷ ᠮᠣᠷᠢ ᠶᠢ ᠣᠨᠣᠵᠣ ᠲᠠᠷᠪᠠᠭ᠎ᠠ ᠠᠩᠨᠠᠬᠠᠤ ᠪᠠᠷ ᠶᠠᠪᠣᠭᠰᠠᠨ ᠪᠢᠯᠠ᠂ ᠦᠳᠡᠰᠢ ᠨᠠᠷᠠ ᠰᠢᠩᠬᠡᠭ᠍ᠰᠡᠨ ᠤ ᠬᠣᠢ᠌ᠨ᠎ᠠ ᠣᠭᠳᠣᠷ ᠬᠣᠩᠭ᠋ᠣᠷ ᠮᠣᠷᠢᠨ ᠳᠤ ᠪᠠᠨ ᠲᠠᠷᠪᠠᠭ᠎ᠠ ᠨᠣᠭᠣᠳ ᠢ ᠲᠠᠭᠠᠭᠠᠵᠣ ᠶᠠᠳᠠᠳᠠᠯ᠎ᠠ ᠠᠴᠢᠵᠣ ᠶᠠᠪᠠᠭᠠᠨ ᠬᠦᠳᠥᠯᠵᠦ ᠢᠷᠠᠪᠠ᠂ 《ᠰᠢᠷᠭ᠎ᠠ ᠠᠭᠳᠠ ᠨᠣᠭᠣᠳ ᠢ ᠲᠡᠬᠡᠷᠡᠮ ᠠᠪᠴᠣ ᠤᠳᠪᠠ》ᠬᠡᠪᠡᠯ᠂ ᠪᠡᠯᠬᠥᠳᠡᠢ 《ᠪᠢ ᠨᠡᠬᠡᠢᠡ》ᠬᠡᠪᠡ᠃ ᠬᠠᠰᠠᠷ ᠦᠬᠥᠯᠡᠷᠥᠨ᠄ 《ᠴᠢ ᠴᠢᠳᠠᠬᠣ ᠦᠭᠡᠶ᠂ ᠪᠢ ᠨᠡᠬᠡᠢᠡ》ᠬᠡᠪᠡ᠃ ᠲᠠᠮᠣᠵᠢᠨ ᠦᠬᠥᠯᠡᠷᠥᠨ᠄ 《ᠲ᠋ᠨ ᠨᠡᠷ ᠴᠢᠳᠠᠬᠣ ᠦᠭᠡᠶ᠂ ᠪᠢ ᠨᠡᠬᠡᠢᠡ》ᠬᠡᠵᠦ ᠣᠭᠳᠣᠷ ᠬᠣᠩᠭ᠋ᠣᠷ ᠢ ᠣᠨᠣᠭᠠᠳ ᠰᠢᠷᠭ᠎ᠠ ᠠᠭᠳᠠ ᠶᠢᠨ ᠡᠪᠠᠰᠣᠨ ᠤ ᠨᠠᠯᠠᠷᠬᠠᠢ ᠪᠠᠷ ᠮᠥᠰᠬᠢᠨ ᠬᠦᠬᠡᠬᠡᠵᠦ ᠭᠣᠷᠪᠠ ᠬᠣᠨᠣᠭ ᠶᠠᠪᠣᠭᠠᠳ ᠨᠢᠬᠡᠨ ᠦᠷᠯᠦᠬᠡ ᠣᠯᠠᠨ ᠠᠳᠣᠭᠣᠨ ᠳᠤ ᠬᠦᠷᠪᠡᠯ ᠨᠢᠬᠡ ᠭᠠᠪᠰᠢᠭᠠᠢ ᠬᠦᠪᠡᠬᠥᠨ ᠬᠡᠬᠥᠤ ᠰᠠᠭᠠᠵᠣ ᠪᠠᠢ᠌ᠪᠠ᠂ ᠲᠡᠬᠥᠨ ᠲᠡᠶ ᠠᠭᠣᠯᠵᠠᠵᠣ ᠰᠢᠷᠭ᠎ᠠ ᠠᠭᠳᠠ ᠪᠠᠨ ᠰᠣᠷᠠᠭᠯᠠᠪᠠᠯ᠂ ᠲᠠᠷᠠ ᠬᠦᠪᠡᠬᠥᠨ ᠦᠬᠥᠯᠡᠷᠥᠨ᠄ 《ᠡᠨᠠ ᠦᠷᠯᠦᠬᠡ ᠨᠠᠷᠠ ᠣᠷᠭᠣᠬᠣ ᠶᠢᠨ ᠣᠷᠢᠳᠣ ᠨᠢ᠋ᠮᠠᠨ ᠰᠢᠷᠭ᠎ᠠ ᠮᠣᠷᠢ ᠶᠢ ᠡᠬᠥᠪᠡᠷ ᠬᠦᠬᠡᠬᠡᠵᠦ ᠭᠠᠷᠪᠠ᠂ ᠮᠦᠷ ᠢ ᠨᠢ ᠪᠢ ᠵᠢᠭᠠᠵᠣ ᠦᠭ᠍ᠬᠥᠢ᠎ᠡ》ᠬᠡᠥᠨ ᠣᠭᠳᠣᠷ ᠬᠣᠩᠭ᠋ᠣᠷ ᠢ ᠲᠠᠯᠪᠢᠭᠣᠯᠵᠣ ᠣᠷᠣᠭ ᠰᠢᠩᠬᠣᠯᠠ ᠮᠣᠷᠢ ᠶᠢ ᠲᠠᠮᠣᠵᠢᠨ ᠳᠤ ᠣᠨᠣᠭᠣᠯᠪᠠ᠃ ᠦᠪᠡᠷ ᠶᠢᠠᠨ ᠬᠣᠷᠳᠣᠨ ᠬᠣᠧᠨ ᠮᠣᠷᠢ ᠶᠢ ᠣᠨᠣᠵᠣ ᠬᠡᠷ ᠲᠤ ᠪᠠᠨ ᠬᠠᠷᠢᠯ ᠦᠭᠡᠶ ᠨᠠᠮᠪᠣᠬᠠ (ᠬᠦᠬᠦᠤᠷ) ᠰᠠᠭᠣᠯᠭᠠ ᠪᠠᠨ ᠬᠡᠬᠡᠷ᠎ᠡ ᠪᠣᠭᠣᠵᠣ ᠲᠠᠯᠪᠢᠪᠠ᠃ ᠲᠡᠬᠡᠬᠡᠥᠨ ᠦᠬᠥᠯᠡᠷᠥᠨ᠄ 《ᠨᠦᠬᠥᠷ ᠴᠢ ᠶᠡᠬᠡ ᠮᠣᠩᠬᠢᠨᠠᠵᠣ ᠶᠠᠪᠣᠭ᠎ᠠ ᠠᠵᠠᠢ᠂ ᠡᠷ᠎ᠠ ᠶᠢᠨ ᠮᠣᠩ (ᠪᠡᠷᠬᠡᠰᠢᠶᠠᠯ) ᠨᠢᠭᠡᠨ ᠠᠳᠠᠯᠢ ᠪᠤᠢ᠂ ᠪᠢ ᠴᠢᠮ᠎ᠠ ᠳᠤ ᠨᠦᠬᠦᠷ ᠪᠤᠯᠤᠶ᠎ᠠ᠂ ᠮᠢᠨᠣ ᠡᠴᠢᠬᠡ ᠨᠠᠬᠣ ᠪᠠᠶᠠᠨ ᠬᠡᠳᠡᠭ᠂ ᠪᠢ ᠲᠡᠬᠥᠨ ᠤ ᠭᠠᠭᠴᠠ ᠬᠦᠪᠡᠬᠥᠨ ᠮᠢᠨᠣ ᠨᠡᠷ᠎ᠡ ᠪᠣᠭᠣᠷᠴᠣ ᠬᠡᠳᠡᠭ》ᠬᠡᠥᠨ ᠬᠣᠶᠠᠭᠣᠯᠠ ᠪᠠᠨ ᠮᠣᠷᠳᠠᠵᠣ ᠰᠢᠷᠭ᠎ᠠ ᠮᠣᠷᠢᠳ ᠢ ᠮᠦᠷ ᠶᠢᠠᠷ ᠨᠢ ᠮᠥᠰᠬᠢᠵᠦ ᠭᠣᠷᠪᠠᠨ ᠬᠣᠨᠣᠭ ᠶᠠᠪᠣᠪᠠ᠂ ᠨᠢᠬᠡᠨ ᠦᠳᠡᠰᠢ ᠨᠠᠷᠠᠨ ᠤ ᠬᠡᠷᠡᠯ ᠠᠭᠣᠯᠠ ᠲᠠᠰᠢᠵᠣ ᠪᠦᠬᠥᠢ ᠴᠠᠭ ᠲᠤ ᠨᠢᠬᠡᠨ ᠬᠦᠷᠢᠶ᠎ᠡ ᠢᠷᠬᠡᠨ ᠳᠤ ᠬᠦᠷᠪᠡᠯ ᠨᠢ᠋ᠮᠠᠨ ᠰᠢᠷᠭ᠎ᠠ ᠮᠣᠷᠢ ᠨᠢ ᠲᠠᠷᠠ ᠬᠦᠷᠢᠶᠡᠨ ᠤ ᠵᠠᠬ᠎ᠠ ᠳᠤ ᠡᠪᠠᠰᠣ ᠢᠳᠠᠵᠣ ᠪᠠᠢ᠌ᠪᠠ᠂ ᠲᠠᠮᠣᠵᠢᠨ ᠦᠬᠥᠯᠡᠷᠥᠨ᠄ 《ᠨᠦᠬᠥᠷ ᠴᠢ ᠡ᠊ᠠᠳᠠ ᠪᠠᠨ ᠪᠠᠢ᠂ ᠮᠠᠨ ᠤ ᠰᠢᠷᠭ᠎ᠠ ᠮᠣᠷᠢᠳ ᠲᠠᠷᠠ ᠪᠠᠢ᠌ᠨ᠎ᠠ᠂ ᠪᠢ ᠲᠡᠬᠥᠨ ᠢ ᠬᠦᠬᠡᠬᠡᠵᠦ ᠢᠷᠠᠶ᠎ᠠ》ᠬᠡᠪᠡᠯ ᠪᠣᠭᠣᠷᠴᠣ ᠦᠬᠥᠯᠡᠷᠥᠨ᠄ 《ᠪᠢ ᠴᠢᠮ᠎ᠠ ᠳᠤ ᠨᠦᠬᠥᠷ ᠪᠣᠯᠵᠣ ᠢᠷᠡᠬᠡᠥᠨ ᠡ᠊ᠠᠳᠠ ᠶᠠᠭᠠᠬᠢᠵᠣ ᠦᠯᠠᠳᠡᠨᠡ》ᠬᠡᠥᠨ ᠬᠣᠶᠠᠭᠣᠯᠠ ᠪᠠᠨ ᠬᠠᠮᠳᠣ ᠲᠣᠪᠳᠣᠯᠵᠣ ᠣᠷᠣᠭᠠᠳ ᠰᠢᠷᠭ᠎ᠠ ᠮᠣᠷᠢᠳ ᠢ ᠬᠦᠬᠡᠬᠡᠵᠦ ᠭᠠᠷᠪᠠ᠃
91᠂ ᠬᠣᠢ᠌ᠨ᠎ᠠ ᠡᠴᠡ ᠨᠢ ᠣᠯᠠᠨ ᠬᠦᠮᠥᠨ ᠴᠣᠪᠣᠷᠠᠯᠳᠣᠨ ᠬᠦᠬᠡᠬᠡᠪᠡ᠂ ᠲᠠᠳᠠᠨ ᠤ ᠲᠣᠳᠣᠷ᠎ᠠ ᠡᠴᠡ ᠨᠢᠬᠡᠨ ᠴᠠᠭᠠᠨ ᠮᠣᠷᠢ ᠲᠡᠶ (ᠤᠯᠠᠭᠠᠨ ᠳᠠᠪᠠᠯ ᠳᠠᠢ) ᠬᠦᠮᠦᠨ ᠤᠷᠭ᠎ᠠ ᠪᠠᠷᠢᠵᠤ ᠭᠠᠭᠴᠠᠭᠠᠷ ᠬᠦᠢᠴᠡᠵᠤ ᠢᠷᠡᠬᠦ ᠳᠤ ᠪᠤᠭᠤᠷᠴᠤ ᠦᠬᠦᠯᠡᠷᠤᠨ᠄《ᠨᠦᠬᠥᠷ ᠴᠢ ᠨᠣᠮᠣ ᠰᠣᠮᠣ ᠪᠠᠨ ᠨᠠᠳᠠ ᠳᠤ ᠦᠭ᠌᠂ ᠪᠢ ᠬᠠᠷᠪᠣᠯᠳᠣᠶᠠ》ᠬᠡᠪᠡᠯ ᠲᠠᠮᠣᠵᠢᠨ ᠦᠬᠥᠯᠡᠷᠥᠨ᠄ 《ᠮᠢᠨᠣ ᠲᠥᠯᠣᠬᠡ ᠴᠢ ᠦᠷᠥᠰᠳᠡᠬᠥᠵᠡᠢ᠂ ᠪᠢ ᠬᠠᠷᠪᠣᠯᠳᠣᠶᠠ》ᠬᠡᠵᠦ ᠡᠷᠬᠢᠵᠣ ᠬᠠᠷᠪᠣᠯᠳᠣᠪᠠ᠂ ᠲᠠᠷᠠ ᠴᠠᠭᠠᠨ ᠮᠣᠷᠢ ᠲᠡᠶ ᠬᠦᠮᠥᠨ ᠣᠷᠭ᠎ᠠ ᠪᠠᠨ ᠲᠣᠬᠢᠭᠰᠠᠭᠠᠷ ᠬᠣᠴᠣᠷᠪᠠᠯ ᠬᠣᠢ᠌ᠳᠣᠬᠢ ᠨᠦᠭᠦᠳ ᠨᠢ ᠣᠪᠣᠨ ᠴᠣᠪᠣᠨ ᠬᠦᠢᠴᠡᠵᠦ ᠢᠷᠡᠭ᠍ᠰᠡᠨ ᠪᠣᠯᠪᠠᠴᠣ ᠨᠢᠬᠡᠠᠳᠡ ᠨᠠᠷᠠ ᠠᠭᠣᠯᠠ ᠲᠠᠰᠢᠨ ᠰᠢᠩᠬᠡᠵᠦ ᠪᠦᠷᠣᠩᠬᠥᠢ ᠪᠣᠯᠣᠭᠰᠠᠨ ᠲᠣᠯᠠ ᠲᠠᠳᠠ ᠨᠡᠬᠡᠵᠦ ᠴᠢᠳᠠᠬᠣ ᠦᠭᠡᠶ ᠬᠣᠴᠣᠷᠪᠠ᠃
92᠂ ᠲᠠᠮᠣᠵᠢᠨ ᠪᠣᠭᠣᠷᠴᠣ ᠬᠣᠶᠠᠭᠣᠯᠠ ᠮᠣᠷᠢᠳ ᠶᠢᠠᠨ ᠠᠪᠴᠣ ᠲᠠᠷᠠ ᠰᠦᠨᠢ ᠲᠣᠷᠰᠢ ᠶᠠᠪᠣᠭᠠᠳ ᠭᠣᠷᠪᠠᠨ ᠡᠳᠣᠷ ᠭᠣᠷᠪᠠᠨ ᠰᠦᠨᠢ ᠶᠠᠪᠣᠵᠣ ᠪᠣᠭᠣᠷᠴᠣ ᠶᠢᠨ ᠬᠡᠷ ᠲᠤ ᠣᠢ᠌ᠷᠠᠳᠣᠪᠠᠯ᠂ ᠲᠠᠮᠣᠵᠢᠨ ᠦᠬᠥᠯᠡᠷᠥᠨ᠄ 《ᠪᠢ ᠴᠢᠮ᠎ᠠ ᠦᠭᠡᠶ ᠪᠣᠯ ᠡᠨᠠ ᠮᠣᠷᠢᠳ ᠶᠢᠠᠨ ᠶᠠᠭᠠᠬᠢᠵᠣ ᠠᠪᠴᠣ ᠴᠢᠳᠠᠬᠣ ᠪᠢᠯᠠ︖ ᠪᠢ ᠬᠡᠲᠦ ᠶᠢ ᠠᠪᠬᠣ ᠪᠣᠢ᠂ ᠴᠢ ᠬᠡᠲᠦ ᠶᠢ ᠠᠪᠬᠣ ᠪᠣᠢ︖》ᠬᠡᠪᠡᠯ ᠪᠣᠭᠣᠷᠴᠣ ᠦᠬᠥᠯᠡᠷᠥᠨ᠄ 《ᠪᠢ ᠰᠠᠢ᠌ᠨ ᠨᠦᠬᠥᠷ ᠴᠢᠮ᠎ᠠ ᠶᠢ ᠮᠣᠩᠬᠢᠨᠠᠵᠣ ᠶᠠᠪᠣᠨ᠎ᠠ ᠬᠡᠵᠦ ᠲᠣᠰᠠ ᠪᠣᠯᠬᠣ ᠪᠠᠷ ᠬᠠᠨᠢᠯᠠᠵᠣ ᠶᠠᠪᠣᠭᠰᠠᠨ ᠪᠢᠯᠠ᠂ ᠪᠢ ᠣᠯᠵᠠ ᠡᠷᠢᠭ᠍ᠰᠡᠨ ᠦᠭᠡᠶ᠂ ᠪᠢ ᠨᠠᠬᠣ ᠪᠠᠶᠠᠨ ᠤ ᠭᠠᠭᠴᠠ ᠬᠦᠪᠡᠬᠥᠨ ᠲᠣᠯᠠ ᠮᠢᠨᠣ ᠡᠴᠢᠬᠡ ᠶᠢᠨ ᠵᠦᠬᠡᠬᠡᠭ᠍ᠰᠡᠨ ᠬᠣᠷᠢᠶᠠᠭᠰᠠᠨ ᠬᠦᠷᠣᠩᠬᠡ ᠨᠠᠳᠠ ᠳᠤ ᠡᠯᠪᠡᠭ᠌ ᠬᠦᠷᠦᠨ᠎ᠡ》 ᠬᠡᠵᠦ ᠡᠰᠠ ᠠᠪᠣᠪᠠ᠃
93᠂ ᠬᠣᠶᠠᠭᠣᠯᠠ ᠪᠠᠨ ᠨᠠᠬᠣ ᠪᠠᠶᠠᠨ ᠤ ᠬᠡᠷ ᠲᠤ ᠬᠦᠷᠪᠡᠯ᠂ ᠬᠦᠪᠡᠬᠥᠨ ᠶᠢᠠᠨ ᠠᠯᠳᠠᠪᠠ ᠬᠡᠥᠨ ᠨᠢᠰᠤ ᠨᠢᠯᠪᠣᠰᠣ ᠪᠣᠯᠵᠣ ᠪᠠᠢ᠌ᠭᠰᠠᠨ ᠨᠠᠬᠣ ᠪᠠᠶᠠᠨ ᠬᠦᠪᠡᠬᠥᠨ ᠤ ᠪᠠᠨ ᠢᠷᠡᠭ᠍ᠰᠡᠨ ᠢ ᠦᠵᠡᠬᠡᠥᠨ ᠨᠢᠬᠡ ᠣᠬᠢᠯᠠᠵᠣ ᠨᠢᠬᠡ ᠵᠠᠩᠨᠠᠵᠣ᠄ 《ᠬᠦᠪᠡᠬᠥᠨ ᠮᠢᠨᠢ᠂ ᠶᠠᠭᠣ ᠪᠣᠯᠣᠭᠰᠠᠨ ᠶ᠋ᠢᠠᠨ ᠬᠡᠯᠡ》ᠬᠡᠪᠡᠯ᠂ ᠪᠣᠭᠣᠷᠴᠣ ᠦᠬᠥᠯᠡᠷᠥᠨ᠄ 《ᠡᠨᠠ ᠰᠠᠢ᠌ᠨ ᠨᠦᠬᠥᠷ ᠮᠣᠩᠬᠢᠨᠠᠵᠣ ᠶᠠᠪᠣᠬᠣ ᠶᠢ ᠦᠵᠡᠬᠡᠥᠨ ᠬᠠᠮᠳᠣ ᠣᠳᠣᠭᠰᠠᠨ ᠪᠢᠯᠠ᠂ ᠣᠳᠣ ᠬᠠᠷᠢᠨ ᠢᠷᠠᠪᠠ》ᠬᠡᠥᠨ ᠮᠣᠷᠳᠠᠵᠣ᠂ ᠬᠡᠬᠡᠷ᠎ᠡ ᠪᠣᠭᠣᠵᠣ ᠲᠠᠯᠪᠢᠭᠰᠠᠨ ᠨᠠᠮᠪᠣᠬᠠ ᠰᠠᠭᠣᠯᠭᠠ ᠪᠠᠨ ᠠᠪᠴᠣ ᠢᠷᠠᠪᠠ᠂ ᠲᠠᠮᠣᠵᠢᠨ ᠳᠤ ᠲᠠᠳᠠ ᠲᠡᠯᠠᠬᠡ ᠬᠣᠷᠠᠭ᠎ᠠ ᠠᠯᠠᠵᠣ ᠬᠦᠨᠡᠰᠤ ᠪᠡᠯᠡᠳᠬᠡᠬᠡᠥᠨ ᠪᠠᠰᠠ ᠭᠠᠠᠵᠣᠭᠠ ᠶᠢᠨ ᠲᠣᠯᠣᠮ ᠦᠭ᠍ᠪᠡ᠂ ᠨᠠᠬᠣ ᠪᠠᠶᠠᠨ ᠦᠬᠥᠯᠡᠷᠥᠨ᠄ 《ᠬᠣᠶᠠᠷ ᠵᠠᠯᠠᠭᠣᠰ ᠡᠬᠥᠨ ᠡᠴᠡ ᠬᠣᠢ᠌ᠰᠢ ᠰᠠᠢ᠌ᠬᠠᠨ ᠨᠦᠬᠥᠷᠯᠡ᠂ ᠪᠠᠶ᠎ᠠ ᠪᠠᠶᠠᠨ ᠶᠢᠠᠨ ᠪᠢᠳᠡᠬᠡᠢ ᠣᠷᠬᠢ》ᠬᠡᠪᠡ᠃ ᠲᠠᠠᠳᠠ ᠡᠴᠡ ᠲᠠᠮᠣᠵᠢᠨ ᠮᠣᠷᠳᠠᠵᠣ ᠭᠣᠷᠪᠠᠨ ᠡᠳᠣᠷ ᠭᠣᠷᠪᠠᠨ ᠰᠦᠨᠢ ᠶᠠᠪᠣᠭᠠᠳ ᠰᠠᠩᠬᠥᠷ ᠭᠣᠷᠣᠬᠠᠨ ᠳᠤ ᠪᠠᠢ᠌ᠭ᠎ᠠ ᠬᠡᠷ ᠲᠤ ᠪᠠᠨ ᠬᠦᠷᠪᠡ᠂ ᠲᠠᠮᠣᠵᠢᠨ ᠢ ᠢᠷᠡᠬᠥ ᠳᠤ ᠦᠬᠡᠯᠥᠨ ᠡᠬᠡ᠂ ᠬᠠᠰᠠᠷ ᠬᠢᠬᠡᠥᠨ ᠲᠡᠬᠥᠤ ᠨᠡᠷ ᠤᠨ ᠵᠤᠪᠠᠨᠢᠯ ᠲᠠᠢ᠌ᠯᠣᠭᠳᠠᠵᠣ ᠰᠠᠳᠬᠢᠯ ᠪᠠᠶᠠᠰᠪᠠ᠃
94᠂ ᠣᠷᠢᠳᠣ ᠪᠦᠷᠳᠡ ᠦᠵᠢᠨ ᠢ ᠲᠠᠮᠣᠵᠢᠨ ᠶᠢᠰᠣᠨ ᠨᠠᠰᠣ ᠲᠡᠶ ᠪᠠᠢ᠌ᠬᠣ ᠳᠤ ᠪᠠᠨ ᠦᠵᠡᠵᠦ ᠢᠷᠡᠭ᠍ᠰᠡᠨ ᠡᠴᠡ ᠬᠣᠢ᠌ᠰᠢ ᠲᠠᠬᠢᠨ ᠠᠭᠣᠯᠵᠠᠭᠠ ᠦᠭᠡᠶ ᠪᠢᠯᠠ᠂ ᠣᠳᠣ ᠲᠠᠮᠣᠵᠢᠨ ᠪᠡᠯᠬᠥᠳᠡᠢ ᠬᠣᠶᠠᠭᠣᠯᠠ ᠪᠦᠷᠳᠡ ᠦᠵᠢᠨ ᠢ ᠡᠷᠢᠬᠥ ᠪᠠᠷ ᠬᠡᠷᠥᠯᠥᠨ ᠮᠥᠷᠡᠨ ᠣᠷᠣᠭᠣ ᠶᠠᠪᠣᠪᠠ᠂ ᠴᠡᠭ᠍ᠴᠡᠷ ᠴᠢᠬᠢᠷᠭᠣ ᠬᠣᠶᠠᠷ ᠤᠨ ᠵᠠᠪᠰᠠᠷ ᠬᠣᠩᠬᠢᠷᠠᠳ ᠤᠨ ᠳ᠋ᠠᠢ ᠰᠠᠴᠠᠨ ᠨᠣᠳᠣᠭᠯᠠᠨ ᠪᠠᠢ᠌ᠭ᠎ᠠ ᠠᠵᠠᠢ᠂ ᠳ᠋ᠠᠢ ᠰᠠᠴᠠᠨ ᠲᠠᠮᠣᠵᠢᠨ ᠢ ᠦᠵᠡᠵᠦ ᠮᠠᠰᠢ ᠶᠡᠬᠡ ᠪᠠᠶᠠᠰᠴᠣ ᠦᠬᠥᠯᠡᠷᠥᠨ᠄ 《ᠡᠠᠬ᠎ᠠ ᠲᠡᠬᠥᠤ ᠲᠠᠢ᠌ᠴᠢᠭᠣᠳ ᠨᠡᠷ ᠴᠢᠮ᠎ᠠ ᠳᠤ ᠠᠳᠠᠭᠠᠷᠬᠠᠨ ᠬᠣᠷᠣᠰᠬᠣ ᠶᠢ ᠪᠢ ᠮᠡᠳᠡᠬᠥ ᠲᠣᠯᠠ ᠴᠢᠨᠣ ᠲᠣᠬᠠᠢ ᠰᠠᠳᠬᠢᠯ ᠵᠤᠪᠠᠨᠢᠭᠰᠠᠭᠠᠷ ᠴᠦᠬᠥᠷᠬᠥ ᠳᠤ ᠬᠦᠷᠥᠭᠰᠡᠨ ᠪᠢᠯᠠ᠂ ᠣᠳᠣ ᠴᠢᠮ᠎ᠠ ᠲᠡᠶ ᠠᠭᠣᠯᠵᠠᠪᠠ᠂》ᠬᠡᠥᠨ ᠪᠦᠷᠳᠡ ᠦᠵᠢᠨ ᠢ ᠲᠠᠮᠣᠵᠢᠨ ᠳᠤ ᠦᠭᠪᠡ᠂ ᠲᠠᠮᠣᠵᠢᠨ ᠪᠦᠷᠳᠡ ᠦᠵᠢᠨ ᠢ ᠠᠪᠴᠣ ᠬᠠᠮᠳᠣ ᠪᠣᠴᠠᠬᠣ ᠳᠤ ᠳ᠋ᠠᠢ ᠰᠠᠴᠠᠨ ᠦᠳᠡᠵᠦ ᠶᠠᠪᠣᠭᠠᠳ ᠬᠡᠷᠥᠯᠥᠨ ᠤ ᠣᠷᠣᠭ ᠴᠦᠯ ᠬᠡᠳᠡᠭ ᠭᠠᠵᠠᠷ ᠬᠦᠷᠴᠦ (ᠬᠠᠯᠠᠭᠤᠨ ᠳᠤ ᠶᠠᠳᠠᠷᠠᠬᠤ ᠳᠤᠯᠠ) ᠬᠡᠷᠥᠯᠥᠨ ᠣᠷᠣᠭᠣ ᠬᠡᠳᠡᠷᠬᠥ ᠪᠣᠴᠠᠪᠠ᠂ ᠳ᠋ᠠᠢ ᠰᠠᠴᠠᠨ ᠤ ᠬᠡᠷᠬᠡᠢ ᠴᠣᠳᠠᠨ ᠦᠬᠢᠨ ᠪᠦᠷᠳᠡ ᠦᠵᠢᠨ ᠢ ᠦᠳᠡᠵᠦ ᠬᠦᠷᠡᠯᠬᠥ ᠲᠣᠳᠣᠷ᠎ᠠ ᠰᠠᠩᠬᠥᠷ ᠭᠣᠷᠣᠬᠠᠨ ᠳᠤ ᠬᠦᠷᠬᠡᠵᠦ ᠢᠷᠠᠪᠠ᠃
95᠂ ᠴᠣᠳᠠᠨ ᠢ ᠬᠠᠷᠢᠭᠣᠯᠣᠭᠠᠳ ᠪᠣᠭᠣᠷᠴᠣ ᠲᠡᠶ ᠨᠦᠬᠥᠷᠯᠡᠶ᠎ᠡ ᠬᠡᠵᠦ ᠣᠷᠢᠵᠣ ᠪᠡᠯᠬᠥᠳᠡᠢ ᠶᠢ ᠢᠯᠡᠬᠡᠪᠡ᠂ ᠪᠡᠯᠬᠥᠳᠡᠢ ᠶᠢ ᠢᠷᠡᠮᠡᠭ᠍ᠴᠡ ᠪᠣᠭᠣᠷᠴᠣ ᠡᠴᠢᠬᠡ ᠳᠤ ᠪᠠᠨ ᠦᠯᠤ ᠬᠡᠯᠡᠨ ᠪᠥᠭ᠍ᠳᠥᠷ ᠬᠣᠩᠭ᠋ᠣᠷ ᠢ ᠣᠨᠣᠭᠠᠳ ᠪᠣᠷᠣ ᠦᠷᠦᠮᠡᠭ ᠶᠢᠠᠨ (ᠬᠡᠪᠡᠨᠡᠭ) ᠠᠪᠴᠤ ᠪᠡᠯᠬᠦᠳᠡᠢ ᠶᠢᠨ ᠬᠠᠮᠳᠣ ᠶᠠᠪᠣᠵᠣ ᠢᠷᠠᠪᠠ᠂ ᠪᠣᠭᠣᠷᠴᠣ ᠶᠢᠨ ᠲᠠᠮᠣᠵᠢᠨ ᠲᠡᠶ ᠨᠦᠬᠥᠷᠯᠡᠭ᠍ᠰᠡᠨ ᠶᠣᠰᠣ ᠲᠠᠢ᠌ᠮᠣ᠃
96᠂ ᠲᠠᠮᠣᠵᠢᠨ ᠨᠡᠷ ᠰᠠᠩᠬᠥᠷ ᠭᠣᠷᠣᠬᠠᠨ ᠡᠴᠡ ᠨᠡᠬᠥᠵᠦ ᠬᠡᠷᠥᠯᠥᠨ ᠮᠥᠷᠡᠨ ᠤ ᠡᠬᠢ ᠪᠦᠷᠬᠢ ᠡᠷᠬᠢ ᠳᠤ ᠪᠠᠭᠣᠵᠣ ᠨᠣᠳᠣᠭᠯᠠᠬᠣ ᠴᠠᠭ ᠲᠤ ᠴᠣᠳᠠᠨ ᠡᠬᠡ ᠶᠢᠨ ᠰᠢᠳᠡᠬᠦᠯ (ᠡᠮᠦᠰᠭᠡᠯ) ᠭᠡᠵᠦ ᠠᠪᠴᠢᠷᠠᠭᠰᠠᠨ ᠬᠠᠷ᠎ᠠ ᠪᠣᠯᠠᠭᠠᠨ ᠲᠠᠬᠣ ᠶᠢ ᠠᠪᠴᠣ ᠲᠠᠮᠣᠵᠢᠨ᠂ ᠬᠠᠰᠠᠷ᠂ ᠪᠡᠯᠬᠥᠳᠡᠢ ᠭᠣᠷᠪᠠᠭᠣᠯᠠ ᠶᠢᠰᠦᠬᠡᠢ ᠡᠴᠢᠬᠡ ᠶᠢᠨ ᠬᠠᠭᠣᠴᠢᠨ ᠲᠣᠳᠣᠨᠣ ᠠᠨᠳᠠ ᠸᠠᠩ ᠬᠠᠨ ᠲᠠᠢ ᠠᠭᠤᠯᠵᠠᠬᠤ ᠪᠠᠷ ᠤᠴᠢᠪᠠ᠃ ᠡᠴᠢᠬᠡ ᠶᠢᠨ ᠠᠨᠳᠠ ᠪᠣᠯ ᠡᠴᠢᠬᠡ ᠮᠠᠳᠣ ᠪᠢᠵᠠ ᠬᠡᠵᠦ ᠸᠠᠩ ᠬᠠᠨ ᠢ ᠲᠣᠣᠯᠠ ᠭᠣᠣᠯ ᠤᠨ ᠰᠢᠭᠣᠢ ᠳᠤ ᠨᠣᠳᠣᠭᠯᠠᠨ ᠪᠠᠢ᠌ᠬᠣ ᠳᠤ ᠬᠦᠷᠴᠦ ᠣᠴᠢᠭᠠᠳ ᠲᠠᠮᠣᠵᠢᠨ ᠦᠬᠥᠯᠡᠷᠥᠨ᠄ 《ᠡᠴᠢᠬᠡ ᠶᠢᠨ ᠬᠠᠭᠣᠴᠢᠨ ᠠᠨᠳᠠ ᠲᠠ᠂ ᠮᠢᠨᠣ ᠡᠴᠢᠬᠡ ᠶᠢᠨ ᠠᠳᠠᠯᠢ ᠪᠣᠶᠣ ᠬᠡᠵᠦ ᠪᠢ ᠬᠡᠷᠬᠡᠢ ᠠᠪᠣᠭᠠᠳ ᠡᠮᠥᠰᠬᠡᠯ ᠬᠠᠷ᠎ᠠ ᠪᠣᠯᠠᠭᠠᠨ ᠲᠠᠬᠣ ᠶᠢ ᠴᠢᠮ᠎ᠠ ᠳᠤ ᠠᠪᠴᠢᠷᠠᠪᠠ᠂》ᠬᠡᠵᠦ ᠪᠣᠯᠠᠭᠠᠨ ᠲᠠᠬᠣ ᠪᠠᠨ ᠦᠭᠪᠡ᠃ ᠸᠠᠩ ᠬᠠᠨ ᠮᠠᠰᠢ ᠶᠡᠬᠡ ᠪᠠᠶᠠᠰᠴᠣ ᠦᠬᠥᠯᠡᠷᠥᠨ᠄ 《ᠬᠠᠷ᠎ᠠ ᠪᠣᠯᠠᠭᠠᠨ ᠲᠠᠬᠣ ᠶᠢᠨ ᠴᠢᠨᠢ ᠬᠠᠷᠢᠭᠣ ᠳᠤ ᠬᠠᠭᠠᠴᠠᠭᠰᠠᠨ ᠣᠯᠣᠰ ᠢ ᠴᠢᠨᠢ ᠬᠠᠮᠳᠣᠳᠬᠠᠵᠣ ᠦᠭ᠍ᠬᠥᠢ᠎ᠡ ᠪᠣᠯᠠᠭᠠᠨ ᠲᠠᠬᠣ ᠶᠢᠨ ᠴᠢᠨᠢ ᠬᠠᠷᠢᠭᠣ ᠳᠤ ᠪᠣᠳᠠᠷᠠᠭᠰᠠᠨ ᠣᠯᠣᠰ ᠢ ᠴᠢᠨᠢ ᠴᠣᠭᠯᠠᠭᠣᠯᠵᠣ ᠦᠭ᠍ᠬᠥᠢ᠎ᠡ ᠪᠦᠬᠡᠷ᠎ᠡ ᠨᠢ ᠪᠥᠭ᠍ᠰᠡᠨ ᠳᠤ ᠪᠠᠢ᠌ᠭ ᠴᠡᠬᠡᠷ ᠨᠢ ᠴᠡᠬᠡᠵᠢᠨ ᠳᠤ ᠪᠠᠢ᠌ᠭ (ᠡᠠᠬ᠎ᠠ ᠵᠠᠬ᠎ᠠ ᠲᠡᠶ ᠪᠣᠯᠣᠭ)》ᠬᠡᠪᠡ᠃
97᠂ ᠲᠠᠠᠳᠠ ᠡᠴᠡ ᠪᠦᠷᠬᠢ ᠡᠷᠬᠢ ᠳᠤ ᠨᠣᠳᠣᠭᠯᠠᠨ ᠪᠦᠬᠥᠢ ᠳᠤ ᠪᠣᠷᠬᠠᠨ ᠬᠠᠯᠳᠣᠨ ᠡᠴᠡ ᠣᠷᠢᠶᠠᠩᠬᠠᠢ ᠶᠢᠨ ᠵᠠᠷᠴᠢᠭᠣᠳᠠᠢ ᠡᠪᠥᠬᠡᠨ ᠬᠦᠬᠡᠷᠬᠡ ᠪᠠᠨ ᠡᠬᠥᠷᠴᠦ ᠵᠠᠯᠮ᠎ᠠ ᠨᠠᠷᠠᠳᠣ ᠬᠦᠪᠡᠬᠥᠨ ᠶᠢᠠᠨ ᠲᠠᠭᠠᠭᠣᠯᠵᠣ ᠢᠷᠡᠬᠡᠥᠨ ᠦᠬᠥᠯᠡᠷᠥᠨ᠄ 《ᠲ᠋ᠡᠷᠢᠬᠥᠨ ᠣᠨᠣᠨ ᠤ ᠲᠡᠯᠢᠬᠥᠨ ᠪᠣᠯᠳᠠᠭ ᠲᠤ ᠲᠠᠮᠣᠵᠢᠨ ᠴᠢᠮ᠎ᠠ ᠶᠢ ᠲᠥᠷᠣᠬᠥ ᠳᠤ ᠪᠣᠯᠠᠭᠠᠨ ᠦᠯᠣᠬᠡᠢ ᠦᠭ᠍ᠬᠥᠭ᠍ᠰᠡᠨ ᠪᠠ ᠪᠢ ᠡᠨᠠ ᠬᠦᠪᠡᠬᠥᠨ ᠵᠠᠯᠮ᠎ᠠ ᠶᠢ ᠴᠢᠮ᠎ᠠ ᠳᠤ ᠦᠭ᠍ᠬᠥᠭ᠍ᠰᠡᠨ ᠪᠣᠯᠪᠠᠴᠣ ᠪᠠᠯᠴᠢᠷ ᠣᠴᠢᠷ ᠡᠴᠡ ᠬᠡᠷ ᠲᠤ ᠠᠪᠠᠴᠢᠭᠰᠠᠨ ᠪᠢᠯᠠ᠂ ᠣᠳᠣ ᠴᠢ ᠮᠢᠨᠣ ᠬᠦᠪᠡᠬᠥᠨ ᠵᠠᠯᠮ᠎ᠠ ᠪᠠᠷ ᠡᠮᠠᠬᠡᠯ ᠶᠢᠠᠨ ᠲᠣᠬᠣᠭᠣᠯ ᠡᠬᠥᠳᠡ ᠶᠢᠠᠨ ᠰᠡᠬᠥᠬᠥᠯ》ᠬᠡᠵᠦ ᠦᠭ᠍ᠪᠡ᠃
98᠂ ᠬᠡᠷᠥᠯᠥᠨ ᠮᠥᠷᠡᠨ ᠤ ᠡᠬᠢ ᠪᠦᠷᠬᠢ ᠡᠷᠬᠢ ᠳᠤ ᠨᠣᠳᠣᠭᠯᠠᠨ ᠪᠠᠢ᠌ᠳᠠᠯ᠎ᠠ ᠨᠢᠬᠡᠨ ᠦᠷᠯᠦᠬᠡ ᠡᠷᠳᠠ ᠦᠷ ᠴᠠᠢ᠌ᠵᠣ ᠪᠠᠢ᠌ᠬᠣ ᠳᠤ ᠦᠬᠡᠯᠥᠨ ᠡᠬᠡ ᠶᠢᠨ ᠬᠡᠷ ᠲᠤ ᠵᠠᠷᠣᠴᠠᠯᠠᠭᠳᠠᠬᠣ ᠬᠤᠸᠠᠭᠴᠢᠨ ᠡᠮᠠᠬᠡᠨ ᠪᠣᠰᠴᠣ ᠦᠬᠥᠯᠡᠷᠥᠨ᠄ 《ᠡᠬᠡ᠂ ᠡᠬᠡ ᠦᠳᠳᠡᠷ ᠪᠣᠰ᠂ ᠭᠠᠵᠠᠷ ᠲᠡᠯᠪᠡᠷᠡᠬᠥ ᠮᠠᠳᠣ ᠴᠢᠮᠡᠬᠡ ᠭᠠᠷᠴᠣ ᠮᠣᠷᠢᠨ ᠤ ᠲᠦᠪᠡᠷᠬᠡᠨ ᠰᠣᠨᠣᠰᠳᠠᠨ᠎ᠠ᠂ ᠠᠶᠣᠮᠰᠢᠭᠳᠣ ᠲᠠᠢ᠌ᠴᠢᠭᠣᠳ ᠠᠢ᠌ᠰᠣᠢ ᠪᠢᠵᠠ᠂ ᠡᠬᠡ ᠲᠠᠷᠣᠢ ᠪᠣᠰ》ᠬᠡᠪᠡ᠃
99᠂ ᠦᠬᠡᠯᠥᠨ ᠡᠬᠡ᠄ 《ᠬᠦᠪᠡᠭᠦᠳ ᠢ ᠲᠠᠷᠣᠢ ᠰᠡᠷᠢᠬᠥᠯᠥᠭᠳᠥᠨ》ᠬᠡᠥᠨ ᠦᠪᠡᠷ ᠶᠢᠠᠨ ᠲᠠᠷᠣᠢ ᠪᠣᠰᠪᠠ᠂ ᠲᠠᠮᠣᠵᠢᠨ ᠨᠡᠷ ᠲᠠᠷᠣᠢ ᠪᠣᠰᠣᠭᠠᠳ ᠮᠣᠷᠢᠳ ᠶᠢᠠᠨ ᠪᠠᠷᠢᠵᠣ᠂ ᠲᠠᠮᠣᠵᠢᠨ ᠦᠬᠡᠯᠥᠨ ᠡᠬᠡ᠂ ᠬᠠᠰᠠᠷ᠂ ᠬᠠᠴᠢᠭᠣᠨ᠂ ᠲᠡᠮᠣᠬᠡ ᠤᠳᠴᠢᠬᠢᠨ᠂ ᠪᠡᠯᠬᠥᠳᠡᠢ᠂ ᠪᠣᠭᠣᠷᠴᠣ᠂ ᠵᠠᠯᠮ᠎ᠠ ᠨᠡᠷ ᠲᠣᠰ ᠪᠦᠷᠢ ᠨᠢᠬᠡ ᠮᠣᠷᠢ ᠣᠨᠣᠵᠣ ᠲᠠᠮᠣᠯᠣᠨ ᠢ ᠦᠬᠡᠯᠥᠨ ᠡᠬᠡ ᠡᠪᠣᠷ ᠲᠤ ᠪᠠᠨ ᠲᠡᠬᠥᠷᠪᠡ᠃ ᠨᠢᠬᠡᠨ ᠮᠣᠷᠢᠨ ᠳᠤ ᠶᠠᠭᠣᠮ᠎ᠠ ᠠᠴᠢᠵᠣ ᠬᠦᠳᠥᠯᠪᠡ᠃ ᠪᠦᠷᠳᠡ ᠦᠵᠢᠨ ᠳᠤ ᠮᠣᠷᠢ ᠲᠣᠳᠠᠪᠠ᠃
100᠂ ᠲᠠᠮᠣᠵᠢᠨ ᠡᠠᠬ᠎ᠠ ᠲᠡᠬᠥᠤ ᠨᠡᠷ ᠮᠣᠷᠳᠠᠵᠣ ᠦᠷ ᠶᠢᠠᠷ ᠪᠣᠷᠬᠠᠨ ᠬᠠᠯᠳᠣᠨ ᠤ ᠵᠦᠭ᠌ ᠤᠳᠪᠠ᠂ ᠬᠤᠸᠠᠭᠴᠢᠨ ᠡᠮᠠᠬᠡᠨ ᠪᠦᠷᠳᠡ ᠦᠵᠢᠨ ᠢ ᠨᠢᠭᠣᠶᠠ ᠬᠡᠵᠦ ᠪᠦᠬᠥᠬᠡᠭ᠍ᠳᠡᠢ ᠲᠡᠷᠬᠡᠨ ᠳᠤ ᠤᠷᠤᠭᠤᠯᠵᠤ (ᠡᠳ᠋ ᠪᠠᠷᠠᠭ᠎ᠠ ᠪᠠᠨ ᠬᠢᠵᠤ ᠳᠡᠷᠭᠡᠨ ᠳᠤ ᠰᠠᠭᠤᠵᠤ) ᠪᠦᠭᠡᠷ᠎ᠠ ᠠᠯᠠᠭ ᠦᠭᠡᠷ ᠬᠦᠯᠯᠡᠵᠤ᠂ ᠳᠦᠩᠭᠡᠯᠢᠭ᠌ ᠭᠤᠷᠤᠬᠠᠨ ᠦᠭᠡᠳᠡ ᠬᠦᠳᠦᠯᠵᠤ (ᠠᠭᠤᠯᠠ ᠦᠭᠰᠦᠨ ᠳᠦᠩᠭᠡᠯᠢᠭ᠌ ᠭᠤᠷᠤᠬᠠᠨᠠ ᠬᠦᠷᠬᠦ ᠳᠤ) ᠰᠠᠶᠢ ᠦᠷ ᠴᠠᠢ᠌ᠵᠤ ᠬᠠᠷᠠᠩᠭ᠋ᠤᠢ ᠪᠦᠷᠦᠢ ᠪᠠᠢ᠌ᠳᠠᠯ᠎ᠠ ᠦᠭᠡᠳᠡ ᠡᠴᠡ ᠴᠡᠷᠢᠭ᠌ ᠤᠨ ᠬᠦᠮᠦᠰ ᠬᠠᠳᠤᠷᠢᠨ ᠢᠷᠡᠵᠤ ᠄ 《ᠴᠢ ᠶᠠᠭᠣᠨ ᠤ ᠬᠦᠮᠥᠨ ᠪᠣᠢ︖》ᠬᠡᠵᠦ ᠠᠰᠠᠭᠣᠪᠠᠯ ᠬᠤᠸᠠᠭᠴᠢᠨ ᠡᠮᠠᠬᠡᠨ ᠦᠬᠥᠯᠡᠷᠥᠨ᠄ 《ᠪᠢ ᠲᠠᠮᠣᠵᠢᠨ ᠤ ᠬᠠᠷᠢᠶᠠᠳᠣ᠂ ᠶᠡᠬᠡ ᠬᠡᠷ ᠲᠤ ᠬᠣᠨᠢ ᠬᠢᠷᠭᠠᠬᠣ ᠪᠠᠷ ᠢᠷᠡᠭ᠍ᠰᠡᠨ ᠪᠢᠯᠠ᠂ ᠣᠳᠣ ᠣᠩᠭ᠋ᠠᠰᠣ ᠲᠡᠬᠡᠬᠡᠵᠦ ᠬᠡᠷ ᠲᠤ ᠪᠠᠨ ᠬᠠᠷᠢᠵᠣ ᠶᠠᠪᠣᠨ᠎ᠠ᠃》ᠬᠡᠪᠡ᠂ ᠲᠠᠷᠠ ᠴᠡᠷᠢᠭ᠌ ᠤᠳ ᠦᠬᠥᠯᠡᠷᠥᠨ᠄ 《ᠲᠠᠮᠣᠵᠢᠨ ᠬᠡᠷ ᠲᠤ ᠪᠣᠢ ᠦᠦ︖ ᠦᠭᠡᠶ ᠦᠦ︖ ᠬᠡᠷ ᠨᠢ ᠬᠠᠮᠢᠭ᠎ᠠ ᠪᠠᠢ᠌ᠨ᠎ᠠ︖》ᠬᠡᠪᠡᠯ ᠬᠤᠸᠠᠭᠴᠢᠨ ᠡᠮᠠᠬᠡᠨ ᠦᠬᠥᠯᠡᠷᠥᠨ᠄ 《ᠬᠡᠷ ᠨᠢ ᠣᠢ᠌ᠷ᠎ᠠ ᠪᠠᠢ᠌ᠨ᠎ᠠ᠂ ᠲᠠᠮᠣᠵᠢᠨ ᠤ ᠪᠣᠢ ᠦᠭᠡᠶ ᠶᠢ ᠪᠢ ᠮᠡᠳᠡᠬᠥ ᠦᠭᠡᠶ᠂ ᠪᠢ ᠬᠣᠢ᠌ᠳᠣ ᠬᠡᠷ ᠡᠴᠡ ᠭᠠᠷᠴᠣ ᠢᠷᠠᠪᠠ᠃》ᠬᠡᠪᠡ᠃
101᠂ ᠲᠠᠳᠠ ᠴᠡᠷᠢᠭ᠌ ᠤᠳ ᠬᠠᠳᠠᠷᠢᠨ ᠤᠳᠪᠠ᠂ ᠬᠤᠸᠠᠭᠴᠢᠨ ᠡᠮᠠᠬᠡᠨ ᠪᠦᠬᠡᠷ᠎ᠡ ᠠᠯᠠᠭ ᠦᠬᠡᠷ ᠶᠢᠠᠨ ᠭᠣᠶᠠᠳᠠᠵᠣ ᠶᠠᠭᠠᠷᠠᠪᠴᠢᠯᠠᠨ ᠶᠠᠪᠣᠬᠣ ᠬᠡᠳᠡᠯ᠎ᠡ ᠲᠡᠷᠬᠡᠨ ᠤ ᠲᠠᠩᠬᠡᠯᠢᠭ᠌ ᠬᠣᠭᠣᠷᠠᠪᠠ᠂ ᠲᠠᠩᠬᠡᠯᠢᠭ᠌ ᠬᠣᠭᠣᠷᠠᠭᠰᠠᠨ ᠣᠴᠢᠷ ᠶᠠᠪᠠᠭᠠᠨ ᠶᠢᠠᠷ ᠣᠢ ᠳᠤ ᠲᠣᠳᠠᠭᠠᠵᠣ ᠣᠷᠣᠶ᠎ᠠ ᠬᠡᠵᠦ ᠪᠠᠢ᠌ᠳᠠᠯ᠎ᠠ ᠬᠣᠢ᠌ᠨ᠎ᠠ ᠡᠴᠡ ᠮᠦᠨ ᠴᠡᠷᠢᠭ᠌ ᠤᠳ ᠪᠡᠯᠬᠥᠳᠡᠢ ᠶᠢᠨ ᠡᠬᠡ ᠶᠢ ᠰᠣᠠᠳᠠᠯᠠᠵᠣ ᠬᠣᠶᠠᠷ ᠬᠦᠯ ᠢ ᠨᠢ ᠰᠠᠠᠵᠢᠬᠢᠨᠠᠭᠣᠯᠣᠨ ᠲᠠᠪᠬᠢᠵᠣ ᠢᠷᠡᠬᠡᠥᠨ᠄ 《ᠡᠨᠠ ᠲᠡᠷᠬᠡᠨ ᠲᠣᠲᠦᠷᠡ ᠶᠠᠭᠣ ᠪᠠᠢ᠌ᠨ᠎ᠠ︖》ᠬᠡᠵᠦ ᠠᠰᠠᠭᠣᠪᠠᠯ ᠬᠤᠸᠠᠭᠴᠢᠨ ᠡᠮᠠᠬᠡᠨ ᠦᠬᠥᠯᠡᠷᠥᠨ᠄ 《ᠣᠩᠭ᠋ᠠᠰᠣ ᠪᠣᠢ᠃》ᠬᠡᠪᠡ᠃ ᠲᠠᠷᠠ ᠴᠡᠷᠢᠭ᠌ ᠤᠳ ᠤᠨ ᠠᠬᠠᠮᠠᠳ ᠨᠢ ᠦᠬᠥᠯᠡᠷᠥᠨ᠄ 《ᠲᠡᠬᠥᠤ ᠨᠡᠷ ᠪᠠᠭᠣᠵᠣ ᠦᠵᠡᠭ᠍ᠳᠥᠨ︕》ᠬᠡᠪᠡᠯ ᠪᠣᠰᠣᠳ ᠨᠢ ᠪᠠᠭᠣᠵᠣ ᠬᠠᠭᠠᠯᠳᠠᠳᠠᠢ ᠲᠡᠷᠬᠡᠨ ᠤ ᠬᠠᠭᠠᠯᠠᠭ᠎ᠠ ᠶᠢ ᠨᠡᠬᠡᠬᠡᠪᠡᠯ ᠲᠣᠳᠣᠷ᠎ᠠ ᠨᠢ ᠬᠠᠳᠣᠨ ᠬᠦᠮᠥᠨ ᠰᠠᠭᠣᠵᠣ ᠪᠠᠢ᠌ᠨ᠎ᠠ᠃ ᠲᠡᠬᠥᠨ ᠢ ᠲᠡᠷᠬᠡᠨ ᠡᠴᠡ ᠴᠢᠷᠴᠣ ᠭᠠᠷᠭᠠᠭᠠᠳ ᠬᠤᠸᠠᠭᠴᠢᠨ ᠬᠣᠶᠠᠭᠣᠯᠠ ᠵᠢ ᠰᠣᠠᠳᠠᠯᠠᠵᠣ ᠲᠠᠮᠣᠵᠢᠨ ᠤ ᠬᠣᠢ᠌ᠨ᠎ᠠ ᠡᠴᠡ ᠡᠪᠠᠰᠣᠨ ᠤ ᠨᠠᠯᠠᠷᠬᠠᠢ ᠪᠠᠷ ᠮᠥᠰᠬᠢᠵᠦ ᠪᠣᠷᠬᠠᠨ ᠬᠠᠯᠳᠣᠨ ᠦᠬᠡᠳᠡ ᠭᠠᠷᠪᠠ᠃
102᠂ ᠲᠠᠮᠣᠵᠢᠨ ᠢ ᠨᠡᠬᠡᠵᠦ ᠪᠣᠷᠬᠠᠨ ᠬᠠᠯᠳᠣᠨ ᠳᠤ ᠭᠣᠷᠪᠠ ᠲᠣᠭᠣᠷᠢᠨ ᠨᠠᠩᠵᠢᠪᠠᠴᠣ ᠣᠯᠣᠭᠰᠠᠨ ᠦᠭᠡᠶ᠂ ᠣᠷᠣᠭᠰᠢ ᠬᠣᠢ᠌ᠰᠢ ᠶᠠᠪᠣᠵᠣ ᠡᠷᠢᠪᠠᠯ ᠣᠮᠪᠠᠬᠣ ᠰᠢᠪᠠᠷ᠂ ᠪᠢᠳᠡᠬᠥᠤ ᠣᠢ ᠲᠣᠯᠭᠠᠷᠠᠵᠣ ᠴᠠᠳᠬᠣᠯᠠᠩ ᠮᠣᠭᠠᠢ ᠰᠢᠷᠭᠣᠬᠣ ᠵᠠᠪᠰᠠᠷ ᠦᠭᠡᠶ ᠪᠡᠷᠬᠡ ᠰᠢᠭᠣᠢ ᠲᠣᠯᠠ ᠲᠠᠮᠣᠵᠢᠨ ᠢ ᠮᠥᠷᠳᠡᠵᠦ ᠣᠯᠵᠣ ᠴᠢᠳᠠᠭᠰᠠᠨ ᠦᠭᠡᠶ᠂ ᠡᠨᠡᠬᠥ ᠲᠣᠪᠳᠣᠯᠣᠭᠰᠠᠨ ᠴᠡᠷᠢᠭ᠌ ᠤᠳ ᠪᠣᠯ ᠭᠣᠷᠪᠠᠨ ᠮᠠᠷᠭᠢᠳ ᠪᠠᠢ᠌ᠭᠰᠠ ᠠᠵᠠᠢ᠃ ᠣᠳᠤᠢ᠌ᠳ ᠮᠠᠷᠭᠢᠳ ᠤᠨ ᠲᠣᠭᠳᠣᠭ᠎ᠠ᠂ ᠣᠧᠨᠰ (ᠬᠤᠸᠠ) ᠮᠠᠷᠬᠢᠳ ᠤᠨ ᠳᠠᠢ᠌ᠷ ᠤᠰᠤᠨ᠂ ᠬᠠᠭᠠᠳ ᠮᠡᠷᠬᠢᠳ ᠤᠨ ᠬᠠᠭᠠᠨᠳᠠᠢ ᠲᠠᠷᠮᠠᠯᠠ ᠨᠡᠷ ᠨᠠᠢ᠌ᠯᠠᠵᠣ᠂ ᠣᠷᠢᠳᠣ ᠶᠢᠨ ᠴᠢᠯᠠᠳᠣ ᠡᠴᠡ ᠦᠬᠡᠯᠥᠨ ᠡᠬᠡ ᠶᠢ ᠪᠣᠯᠢᠶᠠᠵᠣ ᠠᠪᠣᠭᠰᠠᠨ ᠤ ᠦᠰᠢᠶ᠎ᠡ ᠶᠢ ᠨᠡᠬᠡᠬᠥ ᠪᠠᠷ ᠢᠷᠡᠭ᠍ᠰᠡᠨ ᠠᠵᠠᠢ᠂ ᠣᠳᠣ ᠲᠡᠳᠡᠭᠡᠷ ᠮᠠᠷᠭᠢᠳ ᠦᠬᠥᠯᠡᠷᠥᠨ᠄ 《ᠦᠬᠡᠯᠥᠨ ᠤ ᠪᠣᠯᠢᠶᠠᠭᠳᠠᠭᠰᠠᠨ ᠦᠰᠢᠶ᠎ᠡ ᠶᠢ ᠠᠪᠬᠣ ᠪᠠᠷ ᠢᠷᠡᠬᠡᠥᠨ ᠣᠳᠣ ᠡᠮᠠᠰ ᠢ ᠨᠢ ᠪᠣᠯᠢᠶᠠᠵᠣ ᠠᠪᠣᠪᠠ᠂ ᠡᠪᠥᠬᠡ ᠡᠴᠢᠬᠡ ᠶᠢᠨ ᠦᠰᠢᠶ᠎ᠡ ᠶᠢ ᠠᠪᠣᠪᠠ ᠪᠢᠳᠠ》ᠬᠡᠵᠦ ᠬᠡᠷ ᠲᠤ ᠪᠠᠨ ᠪᠣᠴᠠᠪᠠ᠃
103᠂ ᠲᠠᠳᠠ ᠪᠦᠷᠳᠡ ᠦᠵᠢᠨ ᠢ ᠠᠪᠠᠴᠢᠭᠠᠳ ᠴᠢᠯᠠᠳᠣ ᠶᠢᠨ ᠲᠡᠬᠥᠤ ᠴᠢᠯᠡᠬᠡᠷ ᠪᠦᠬᠡ ᠳᠤ ᠦᠭᠪᠡ᠂ ᠲᠠᠮᠣᠵᠢᠨ᠄ 《ᠲᠠᠷᠠ ᠭᠣᠷᠪᠠᠨ ᠮᠠᠷᠭᠢᠳ ᠬᠡᠷ ᠲᠤ ᠪᠠᠨ ᠬᠠᠷᠢᠬᠤ ᠨᠢ ᠦᠦ︖ ᠠᠭᠣᠯᠠᠨ ᠳᠤ ᠪᠥᠭ᠍ᠬᠥᠬᠥ ᠨᠢ ᠦᠦ︖ ᠭᠣᠷᠪᠠᠨ ᠬᠣᠨᠣᠭ ᠲᠠᠭᠠᠵᠣ ᠶᠠᠪᠣᠭᠠᠳ ᠮᠠᠳᠠᠵᠣ ᠢᠷ᠎ᠠ》ᠬᠡᠥᠨ ᠪᠡᠯᠬᠥᠳᠡᠢ᠂ ᠪᠣᠭᠣᠷᠴᠣ᠂ ᠵᠠᠯᠮ᠎ᠠ ᠭᠣᠷᠪᠠ ᠶᠢ ᠢᠯᠡᠬᠡᠪᠡ᠂ ᠲᠠᠮᠣᠵᠢᠨ ᠦᠪᠡᠷ ᠶᠢᠠᠨ ᠪᠣᠷᠬᠠᠨ ᠬᠠᠯᠳᠣᠨ ᠲᠡᠬᠡᠷ᠎ᠡ ᠪᠠᠭᠣᠵᠣ ᠡᠪᠴᠢᠬᠥᠤ ᠪᠠᠨ ᠲᠠᠯᠠᠳᠴᠣ ᠵᠠᠯᠪᠠᠷᠢᠨ ᠦᠬᠥᠯᠡᠷᠥᠨ᠄ 《ᠰᠣᠯᠣᠩᠭ᠎ᠠ ᠮᠠᠳᠣ ᠰᠣᠨᠣᠰᠬᠣ ᠰᠣᠷᠭᠣᠭ ᠬᠤᠸᠠᠭᠴᠢᠨ ᠤ ᠰᠣᠨᠣᠷ ᠤᠨ ᠬᠦᠴᠦ ᠪᠠᠷ ᠦᠶᠠᠩ ᠮᠠᠳᠣ ᠦᠵᠡᠬᠥ ᠦᠨᠡᠨᠴᠢ ᠬᠤᠸᠠᠭᠴᠢᠨ ᠤ ᠦᠵᠡᠭ᠍ᠰᠡᠨ ᠤ ᠠᠴᠢ ᠪᠠᠷ [ᠠᠶᠣᠯᠳᠣ ᠲᠠᠢ᠌ᠰᠣᠨ ᠡᠴᠡ ᠠᠮᠵᠢᠨ ᠲᠣᠳᠠᠭᠠᠵᠣ] ᠪᠦᠳᠥᠨ ᠪᠠᠶ᠎ᠠ ᠪᠠᠨ ᠪᠥᠭ᠍ᠬᠥᠨ ᠨᠢᠭᠣᠭᠳᠡᠵᠦ ᠪᠦᠳᠡᠬᠢ ᠵᠠᠮ ᠢ ᠮᠦᠷᠳᠡᠨ ᠲᠠᠭᠠᠵᠣ ᠪᠣᠭᠣ ᠶᠢᠨ ᠮᠦᠷ ᠢ ᠮᠥᠰᠬᠢᠨ ᠬᠦᠬᠡᠬᠡᠵᠦ ᠪᠤᠷᠭᠠᠰᠤᠨ ᠬᠡᠷ ᠲᠤ ᠪᠣᠷᠣᠭᠣᠯᠠᠨ ᠨᠢᠭᠣᠭᠳᠠᠵᠣ ᠪᠣᠷᠬᠠᠨ ᠬᠠᠯᠳᠣᠨ ᠳᠤ ᠠᠮᠢ ᠬᠣᠷᠭᠣᠳᠠᠪᠠ᠂ ᠬᠠᠷᠢ ᠶᠢᠨ ᠲᠠᠢ᠌ᠰᠣᠨ ᠬᠠᠯᠳᠠᠨ ᠲᠣᠪᠳᠣᠯᠬᠣ ᠳᠤ ᠬᠠᠷᠴᠠᠭᠠᠢ ᠡᠴᠡ ᠲᠣᠳᠠᠭᠠᠭᠰᠠᠨ ᠪᠣᠯᠵᠣᠮᠣᠷ ᠮᠠᠳᠣ ᠬᠠᠠᠳᠠᠭᠠᠢ ᠪᠣᠭᠣ ᠶᠢᠨ ᠮᠦᠷ ᠢ ᠲᠠᠭᠠᠵᠣ ᠬᠠᠳᠠ ᠬᠠᠪᠴᠢᠯ ᠤᠨ ᠰᠦᠪᠡ ᠶᠢ ᠡᠷᠢᠵᠣ ᠬᠠᠯᠳᠣᠨ ᠠᠭᠣᠯᠠᠨ ᠳᠤ ᠲᠣᠳᠠᠭᠠᠵᠣ ᠢᠷᠡᠬᠡᠥᠨ ᠬᠠᠯᠢᠰᠤ ᠬᠣᠯᠳᠣᠰᠣ ᠪᠠᠷ ᠬᠡᠷ ᠪᠠᠷᠢᠵᠣ ᠬᠠᠯᠠᠭᠣᠨ ᠠᠮᠢ ᠪᠠᠨ ᠬᠠᠮᠠᠭᠠᠯᠠᠪᠠ ᠪᠢ᠂ ᠪᠦᠭ᠍ᠯᠠᠬᠥᠤ ᠣᠢ ᠲᠡᠶ ᠪᠣᠷᠬᠠᠨ ᠠᠭᠣᠯᠠ ᠪᠦᠬᠡᠰᠥᠨ ᠴᠢᠨᠡᠬᠡ ᠠᠮᠢ ᠶᠢ ᠮᠢᠨᠢ ᠪᠦᠬᠡᠴᠡᠢ᠌ᠯᠡᠨ ᠠᠪᠣᠷᠠᠵᠣ ᠪᠦᠬᠡᠷ᠎ᠡ ᠶᠢᠨ ᠴᠢᠨᠡᠬᠡᠨ ᠪᠠᠶ᠎ᠠ ᠶᠢ ᠮᠢᠨᠢ ᠪᠦᠳᠥᠨ ᠮᠠᠠᠳᠣ ᠦᠯᠠᠳᠡᠬᠡᠪᠡ᠂ ᠦᠰᠢᠶᠡᠲᠦ ᠲ᠋ᠠᠢ᠌ᠰᠣᠨ ᠡᠴᠡ ᠦᠷᠥᠰᠢᠶᠡᠨ ᠠᠪᠣᠷᠠᠵᠣ ᠦᠨᠦᠴᠢᠨ ᠪᠢᠳᠠᠨ ᠤ ᠦᠮᠥᠭ ᠪᠣᠯᠣᠭᠰᠠᠨ ᠦᠨᠳᠥᠷ ᠲᠡᠬᠡᠲᠦ ᠪᠣᠷᠬᠠᠨ ᠬᠠᠯᠳᠣᠨ ᠴᠢᠮ᠎ᠠ ᠳᠤ ᠦᠷᠯᠦᠬᠡ ᠪᠦᠷᠢ ᠮᠢᠯᠢᠶᠡᠵᠦ ᠪᠠᠢ᠌ᠶ᠎ᠠ᠂ ᠡᠳᠣᠷ ᠪᠦᠷᠢ ᠲᠠᠬᠢᠵᠣ ᠪᠠᠢ᠌ᠶ᠎ᠠ᠂ ᠦᠷ᠎ᠡ ᠶᠢᠨ ᠦᠷ᠎ᠡ ᠳᠤ ᠡᠬᠥᠷᠢᠳᠡ ᠲᠠᠬᠢᠵᠣ ᠦᠶ᠎ᠡ ᠲᠣᠳᠣᠮ ᠦᠷᠬᠥᠯᠵᠢ ᠰᠢᠳᠣᠶᠠ︕》ᠬᠡᠵᠦ ᠪᠦᠰᠡ ᠪᠠᠨ ᠬᠦᠵᠦᠬᠥᠨ ᠳᠤ ᠪᠠᠨ ᠡᠷᠢᠬᠡ ᠮᠠᠳᠣ ᠡᠯᠬᠥᠵᠦ ᠮᠠᠯᠠᠭᠠᠢ ᠪᠠᠨ ᠭᠠᠷ ᠲᠤ ᠪᠠᠨ ᠰᠡᠬᠡᠯᠳᠥᠷᠴᠦ ᠭᠠᠷ ᠶᠢᠡᠷ ᠶᠢᠠᠨ ᠡᠪᠴᠢᠬᠥᠤ ᠪᠠᠨ ᠲᠠᠷᠣᠵᠣ ᠨᠠᠷᠠᠨ ᠦᠬᠡᠳᠡ ᠬᠠᠠᠳᠣᠵᠣ ᠪᠣᠷᠬᠠᠨ ᠬᠠᠯᠳᠣᠨ ᠳᠤ ᠶᠢᠰᠣᠠᠳᠠ ᠰᠦᠭᠦᠳᠥᠨ ᠦᠴᠢᠯ ᠦᠴᠢᠨ ᠰᠠᠴᠣᠯᠢ ᠰᠠᠴᠣᠪᠠ᠃
ᠳᠠᠷᠤᠮ᠄ 83710
ᠴᠠᠭ᠄ 2008 ᠤᠨ ᠤ 07 ᠰᠠᠷ᠎ᠠ ᠶᠢᠨ 01