ᠨᠢᠭᠡᠳᠦᠭᠡᠷ ᠪᠦᠯᠦᠭ ᠂ ᠲᠡᠮᠦᠵᠢᠨ ᠤ ᠤᠭ ᠭᠠᠷᠤᠯ ᠪᠠ ᠪᠠᠭ᠎ᠠ ᠨᠠᠰᠤᠨ ᠤ ᠦᠶ᠎ᠡ
1᠂ ᠴᠢᠩᠬᠢᠰ ᠬᠠᠭᠠᠨ ᠤ ᠢᠵᠠᠭᠣᠷ᠂ ᠲᠡᠬᠡᠲᠦ ᠲᠡᠭ᠍ᠷᠢ ᠡᠴᠡ ᠵᠠᠶᠠᠭᠠᠳᠣ ᠲᠥᠷᠥᠭᠰᠡᠨ ᠪᠦᠷᠳᠡ ᠴᠢᠨ᠋ᠸ᠎ᠠ᠂ ᠬᠡᠷᠬᠡᠢ ᠭᠣᠸ᠎ᠠ ᠮᠠᠷᠠᠯ ᠤᠨ ᠬᠠᠮᠳᠣ ᠲᠠᠩᠬᠢᠰ ᠲᠠᠯᠠᠢ ᠶᠢ ᠬᠡᠳᠥᠯᠵᠦ ᠢᠷᠡᠬᠡᠥᠨ ᠣᠨᠣᠨ ᠮᠥᠷᠡᠨ ᠤ ᠡᠬᠢ ᠪᠣᠷᠬᠠᠨ ᠬᠠᠯᠳᠣᠨ ᠠᠭᠣᠯᠠᠨ ᠳᠤ ᠨᠣᠳᠣᠭᠯᠠᠵᠣ ᠪᠠᠳᠣᠴᠠᠭᠠᠨ ᠬᠡᠳᠡᠭ ᠨᠢᠬᠡᠨ ᠬᠦᠪᠡᠬᠥᠨ ᠢ ᠲᠥᠷᠣᠬᠥᠯᠵᠡᠢ᠃
2᠂ ᠪᠠᠳᠣᠴᠠᠭᠠᠨ ᠤ ᠬᠦᠪᠡᠬᠥᠨ ᠲᠠᠮᠠᠴᠠ᠂ ᠲᠠᠮᠠᠴᠠ ᠶᠢᠨ ᠬᠦᠪᠡᠬᠥᠨ ᠬᠣᠷᠢᠴᠠᠷ ᠮᠡᠷᠬᠡᠨ᠂ ᠬᠣᠷᠢᠴᠠᠷ ᠮᠡᠷᠬᠡᠨ ᠤ ᠬᠦᠪᠡᠬᠥᠨ ᠠᠭᠣᠵᠠᠮ ᠪᠣᠭᠣᠷᠣᠯ᠂ ᠠᠭᠣᠵᠠᠮ ᠪᠣᠭᠣᠷᠣᠯ ᠤᠨ ᠬᠦᠪᠡᠬᠥᠨ ᠰᠠᠯᠢ ᠬᠠᠴᠠᠭᠣ᠂ ᠰᠠᠯᠢ ᠬᠠᠴᠠᠭᠣ ᠶᠢᠨ ᠬᠦᠪᠡᠬᠥᠨ ᠶᠡᠬᠡ ᠨᠢᠳᠣᠨ᠂ ᠶᠡᠬᠡ ᠨᠢᠳᠣᠨ ᠤ ᠬᠦᠪᠡᠬᠥᠨ ᠰᠠᠮ ᠰᠣᠴᠢ᠂ ᠰᠠᠮ ᠰᠣᠴᠢ ᠶᠢᠨ ᠬᠦᠪᠡᠬᠥᠨ ᠬᠠᠷᠴᠣ᠃
3᠂ ᠬᠠᠷᠴᠣ ᠶᠢᠨ ᠬᠦᠪᠡᠬᠥᠨ ᠪᠣᠷᠵᠢᠬᠢᠳᠠᠢ ᠮᠡᠷᠬᠡᠨ ᠪᠦᠯᠦᠬᠡ᠃ ᠪᠣᠷᠵᠢᠬᠢᠳᠠᠢ ᠮᠡᠷᠬᠡᠨ ᠤ ᠬᠡᠷᠬᠡᠢ ᠨᠢ ᠮᠣᠩᠭ᠋ᠣᠯᠵᠢᠨ ᠭᠣᠸ᠎ᠠ᠂ ᠲᠡᠬᠥᠨ ᠡᠴᠠ ᠲᠥᠷᠥᠭᠰᠡᠨ ᠬᠦᠪᠡᠬᠥᠨ ᠲᠣᠷᠣᠭᠣᠯᠵᠢᠨ ᠪᠠᠶᠠᠨ᠃ ᠲᠣᠷᠣᠭᠣᠯᠵᠢᠨ ᠪᠠᠶᠠᠨ᠂ ᠪᠣᠷᠣᠭᠴᠢᠨ ᠭᠣᠸ᠎ᠠ ᠬᠡᠷᠬᠡᠢ ᠲᠡᠶ᠂ ᠪᠣᠷᠣᠯᠳᠠᠢ ᠰᠣᠶᠠᠯᠪᠢ ᠬᠡᠳᠡᠭ ᠵᠠᠯᠠᠭᠣ ᠵᠠᠷᠣᠴᠠ ᠲᠡᠶ᠂ ᠲᠠᠢ᠌ᠷ᠂ ᠪᠣᠷᠣ ᠬᠣᠶᠠᠷ ᠬᠦᠯᠥᠭ ᠮᠣᠷᠢ ᠲᠡᠶ ᠪᠦᠯᠦᠬᠡ᠃ ᠲᠣᠷᠭᠣᠯᠵᠢᠨ ᠪᠠᠶᠠᠨ ᠤ ᠬᠦᠪᠡᠬᠥᠨ ᠲᠣᠧᠨ ᠰᠤᠬᠤᠷ᠂ ᠲᠣᠪᠣᠨ ᠮᠡᠷᠬᠡᠨ ᠬᠣᠶᠠᠷ ᠪᠦᠯᠦᠬᠡ᠃
4᠂ ᠲᠣᠧᠨ ᠰᠤᠬᠤᠷ᠂ ᠮᠠᠩᠨᠠᠢ ᠲᠣᠮᠳᠠ ᠪᠠᠨ ᠭᠠᠭᠴᠠ ᠨᠢᠳᠣ ᠲᠡᠶ ᠭᠣᠷᠪᠠᠨ ᠨᠡᠬᠥᠳᠡᠯ ᠤᠨ ᠭᠠᠵᠠᠷ ᠬᠠᠷᠠᠬᠣ ᠪᠦᠯᠦᠬᠡ᠃
5᠂ ᠨᠢᠬᠡᠨ ᠡᠳᠣᠷ ᠲᠣᠧᠨ ᠰᠤᠬᠤᠷ᠂ ᠲᠣᠪᠣᠨ ᠮᠡᠷᠬᠡᠨ ᠲᠡᠬᠥᠤ ᠲᠡᠶ ᠪᠠᠨ ᠪᠣᠷᠬᠠᠨ ᠬᠠᠯᠳᠣᠨ ᠠᠭᠣᠯᠠᠨ ᠲᠡᠬᠡᠷ᠎ᠡ ᠭᠠᠷᠪᠠ᠃ ᠲᠣᠧᠨ ᠰᠤᠬᠤᠷ᠂ ᠪᠣᠷᠬᠠᠨ ᠬᠠᠯᠳᠣᠨ ᠲᠡᠬᠡᠷ᠎ᠡ ᠡᠴᠡ ᠬᠠᠷᠠᠪᠠᠯ ᠲᠦᠩᠬᠡᠯᠢᠭ᠌ ᠭᠣᠷᠣᠬ᠎ᠠ ᠶᠢᠨ ᠣᠷᠣᠭᠣ ᠨᠢᠬᠡᠨ ᠪᠦᠯᠥᠭ ᠢᠷᠬᠡᠨ ᠨᠡᠬᠥᠵᠦ ᠠᠢ᠌ᠰᠣᠢ᠃
6᠂ ᠲᠣᠧᠨ ᠰᠤᠬᠤᠷ ᠦᠬᠥᠯᠡᠷᠥᠨ᠄ 《ᠲᠠᠷᠠ ᠨᠡᠬᠥᠳᠡᠯ ᠢᠷᠬᠡᠨ ᠤ ᠲᠣᠳᠣᠷ᠎ᠠ᠂ ᠲᠡᠷᠬᠡᠨ ᠤ ᠮᠣᠬᠣᠯᠠᠭ ᠤᠨ ᠡᠮᠣᠨ᠎ᠠ ᠨᠢᠬᠡ ᠰᠠᠢ᠌ᠬᠠᠨ ᠦᠬᠢᠨ ᠰᠠᠭᠣᠵᠣ ᠪᠠᠢ᠌ᠨ᠎ᠠ᠂ ᠬᠦᠮᠥᠨ ᠤ ᠬᠡᠷᠬᠡᠢ ᠪᠣᠯᠣᠭ᠎ᠠ ᠦᠭᠡᠶ ᠪᠣᠯ ᠲᠣᠪᠣᠨ ᠮᠡᠷᠬᠡᠨ ᠲᠡᠬᠥᠤ ᠴᠢᠮ᠎ᠠ ᠳᠤ ᠭᠣᠶᠣᠵᠣ ᠬᠡᠷᠬᠡᠢ ᠪᠣᠯᠭᠠᠶ᠎ᠠ》 ᠬᠡᠥᠨ ᠲᠡᠬᠥᠨ ᠢ ᠦᠵᠡᠬᠥᠯᠬᠥ ᠪᠠᠷ ᠲᠣᠪᠣᠨ ᠮᠡᠷᠬᠡᠨ ᠲᠡᠬᠥᠤ ᠪᠠᠨ ᠢᠯᠡᠬᠡᠪᠡ᠃
7᠂ ᠲᠣᠪᠣᠨ ᠮᠡᠷᠬᠡᠨ᠂ ᠲᠠᠷᠠ ᠨᠡᠬᠥᠳᠡᠯ ᠳᠤ ᠬᠦᠷᠴᠦ ᠦᠬᠢᠨ ᠢ ᠦᠵᠡᠪᠡᠯ ᠦᠨᠡᠬᠡᠷ ᠠᠯᠳᠠᠷᠳᠠᠢ᠂ ᠭᠣᠶᠣ ᠰᠠᠢ᠌ᠬᠠᠨ ᠦᠬᠢᠨ ᠪᠦᠬᠡᠥᠨ ᠬᠦᠮᠥᠨ ᠤ ᠬᠡᠷᠬᠡᠢ ᠪᠣᠯᠣᠭ᠎ᠠ ᠦᠭᠡᠶ ᠠᠵᠠᠢ᠂ ᠨᠡᠷ᠎ᠡ ᠠᠯᠣᠨ ᠭᠣᠸ᠎ᠠ ᠬᠡᠨ᠎ᠡ᠃
8᠂ ᠡᠨᠠ ᠦᠬᠢᠨ᠂ ᠬᠣᠷᠢ ᠲᠥᠮᠠᠥᠨ ᠤᠨ ᠨᠣᠶᠠᠨ ᠬᠣᠷᠢᠯᠠᠷᠳᠠᠢ ᠮᠡᠷᠬᠡᠨ ᠤ ᠬᠡᠷᠬᠡᠢ ᠪᠠᠷᠭᠣᠵᠢᠨ ᠭᠣᠸ᠎ᠠ ᠡᠴᠡ ᠬᠣᠷᠢ ᠲᠥᠮᠠᠥᠨ ᠤᠨ(ᠬᠤᠷᠢ ᠪᠤᠷᠢᠶᠠᠳ) ᠨᠤᠳᠤᠭ ᠠᠷᠢᠭ ᠤᠰᠤ ᠭᠡᠳᠡᠭ ᠭᠠᠵᠠᠷ ᠳᠦᠷᠦᠵᠡᠢ᠃ ᠲᠡᠬᠦᠨ ᠤ ᠡᠬᠡ ᠪᠠᠷᠭᠤᠵᠢᠨ ᠭᠤᠣ᠎ᠠ ᠪᠤᠯ ᠬᠤᠯᠠ ᠭᠠᠵᠠᠷ ᠤᠨ ᠪᠠᠷᠭᠤᠵᠢᠨ ᠲᠦᠬᠦᠮ ᠤᠨ ᠡᠵᠡᠨ ᠪᠠᠷᠭᠤᠳᠠᠢ ᠮᠡᠷᠭᠡᠨ ᠤ ᠦᠬᠢᠨ ᠪᠦᠯᠦᠭᠡ᠂ ᠳᠡᠷᠡ ᠪᠦᠯᠦᠭ ᠢᠷᠭᠡᠨ ᠪᠤᠯ ᠬᠤᠷᠢᠯᠡᠷᠳᠡᠢ ᠮᠡᠷᠭᠡᠨ ᠤ ᠬᠢ ᠠᠵᠠᠢ᠃
9᠂ ᠬᠣᠷᠢᠯᠠᠷᠳᠠᠢ ᠮᠡᠷᠬᠡᠨ᠂ ᠬᠣᠷᠢ ᠲᠥᠮᠠᠥᠨ ᠤᠨ ᠭᠠᠵᠠᠷ ᠲᠤ ᠪᠣᠯᠠᠭ᠎ᠠ᠂ ᠬᠡᠷᠡᠮᠤ ᠵᠠᠷᠬᠡ ᠡᠠᠩ ᠬᠦᠷᠥᠬᠡᠰᠦ ᠠᠩᠨᠠᠬᠣ ᠪᠠᠨ ᠬᠣᠷᠢᠭᠯᠠᠨ ᠪᠣᠯᠢᠶᠠᠯᠳᠣᠵᠣ ᠬᠠᠷᠢᠯᠴᠠᠨ ᠮᠠᠭᠣᠳᠠᠯᠴᠠᠭᠠᠳ ᠰᠠᠯᠵᠣ᠂ ᠬᠣᠷᠢᠯᠠᠷ ᠣᠪᠣᠭᠳᠠᠨ ᠪᠣᠯᠣᠭᠠᠳ ᠪᠣᠷᠬᠠᠨ ᠬᠠᠯᠳᠣᠨ ᠠᠭᠣᠯᠠᠨ ᠳᠤ ᠡᠠᠩ ᠬᠦᠷᠥᠬᠡᠰᠦ ᠡᠯᠪᠡᠭ᠌ ᠬᠡᠵᠦ ᠰᠣᠨᠣᠰᠴᠣ᠂ ᠪᠣᠷᠬᠠᠨ ᠬᠠᠯᠳᠣᠨ ᠤ ᠡᠵᠠᠨ ᠪᠣᠷᠬᠠᠨ ᠪᠣᠰᠬᠠᠭᠰᠠᠨ ᠰᠢᠨᠴᠢ ᠪᠠᠶᠠᠨ ᠣᠷᠢᠶᠠᠩᠬᠠᠢ ᠲᠡᠶ ᠠᠭᠣᠯᠵᠠᠬᠣ ᠪᠠᠷ ᠨᠡᠬᠥᠵᠦ ᠢᠷᠡᠭ᠍ᠰᠡᠨ ᠠᠵᠠᠢ᠃ ᠡᠨᠡᠬᠥ ᠬᠣᠷᠢ ᠲᠥᠮᠠᠥᠨ ᠤᠨ ᠨᠣᠶᠠᠨ ᠬᠣᠷᠢᠯᠠᠷᠳᠠᠢ ᠮᠡᠷᠬᠡᠨ ᠤ ᠦᠬᠢᠨ ᠠᠷᠢᠭ ᠣᠰᠣᠨᠠ ᠲᠥᠷᠥᠭᠰᠡᠨ ᠠᠯᠣᠨ ᠭᠣᠸ᠎ᠠ ᠶᠢ ᠭᠣᠶᠣᠵᠣ᠂ ᠲᠣᠪᠣᠨ ᠮᠡᠷᠬᠡᠨ ᠤ ᠬᠡᠷᠬᠡᠢ ᠪᠣᠯᠭᠠᠭᠰᠠᠨ ᠶᠣᠰᠣ ᠲᠠᠢ᠌ᠮᠣ ᠠᠵᠢ᠃
10᠂ ᠠᠯᠣᠨ ᠭᠣᠸ᠎ᠠ᠂ ᠲᠣᠪᠣᠨ ᠮᠡᠷᠬᠡᠨ ᠳᠤ ᠢᠷᠡᠬᠡᠥᠨ ᠪᠦᠬᠥᠨᠦᠳᠡᠢ᠂ ᠪᠡᠯᠬᠥᠨᠦᠳᠡᠢ ᠬᠡᠳᠡᠭ ᠨᠡᠷ᠎ᠡ ᠲᠡᠶ ᠬᠣᠶᠠᠷ ᠬᠦᠪᠡᠬᠥᠨ ᠢ ᠲᠦᠷᠦᠬᠦᠯᠪᠡ᠃
11᠂ ᠲᠣᠧᠨ ᠰᠤᠬᠤᠷ ᠡᠠᠬ᠎ᠠ ᠨᠢ ᠲᠥᠷᠪᠡᠨ ᠬᠦᠪᠡᠬᠥᠨ ᠲᠡᠶ ᠪᠦᠯᠦᠬᠡ᠃ ᠲᠣᠧᠨ ᠰᠤᠬᠤᠷ ᠢ ᠦᠬᠥᠭ᠍ᠰᠡᠨ ᠤ ᠬᠤᠢ᠌ᠨ᠎ᠠ ᠲᠡᠬᠥᠨ ᠤ ᠳᠦᠷᠪᠡᠨ ᠬᠦᠪᠡᠬᠥᠨ᠂ ᠲᠣᠪᠣᠨ ᠮᠡᠷᠬᠡᠨ ᠢ ᠠᠪᠠᠭ᠎ᠠ ᠬᠡᠵᠦ ᠦᠵᠡᠬᠥ ᠦᠭᠡᠶ ᠲᠣᠷᠣᠮᠵᠢᠯᠠᠵᠣ ᠰᠠᠯᠵᠣ ᠨᠡᠬᠥᠬᠡᠥᠨ ᠲᠥᠷᠪᠡᠥᠨ ᠣᠪᠣᠭᠳᠠᠨ ᠪᠣᠯᠪᠠ᠃
12᠂ ᠲᠡᠬᠥᠨ ᠤ ᠬᠣᠢ᠌ᠨ᠎ᠠ ᠨᠢᠬᠡ ᠡᠳᠣᠷ ᠲᠣᠪᠣᠨ ᠮᠡᠷᠬᠡᠨ ᠲᠣᠭᠣᠴᠠᠭ ᠦᠨᠳᠥᠷ ᠲᠡᠬᠡᠷ᠎ᠡ ᠬᠦᠷᠥᠬᠡᠯᠡᠬᠥ ᠪᠠᠷ ᠭᠠᠷᠪᠠᠯ᠂ ᠣᠢ ᠲᠣᠳᠣᠷ᠎ᠠ ᠨᠢᠬᠡᠨ ᠣᠷᠢᠶᠠᠩᠬᠠᠢ ᠬᠦᠮᠥᠨ ᠭᠣᠠᠵᠢᠨ ᠪᠣᠭᠣ ᠠᠯᠠᠭᠠᠳ᠂ ᠬᠠᠪᠢᠷᠭ᠎ᠠ ᠴᠣᠷᠣᠢ ᠶᠢ ᠰᠢᠷᠠᠵᠣ ᠪᠠᠢ᠌ᠬᠣ ᠳᠤ ᠠᠭᠣᠯᠵᠠᠵᠠᠢ᠃
13᠂ 《ᠨᠦᠬᠥᠷ ᠱᠣᠷᠣᠯᠭᠠ ᠳ᠋ᠠ》 ᠬᠡᠵᠦ ᠲᠣᠪᠣᠨ ᠮᠡᠷᠬᠡᠨ ᠬᠡᠯᠡᠪᠡᠯ᠂ ᠲᠠᠷᠠ ᠬᠦᠮᠥᠨ ᠠᠭᠣᠰᠬᠢ ᠵᠦᠯᠲᠦ ᠪᠠ ᠠᠷᠠᠰᠣ ᠶᠢ ᠦᠪᠡᠷ ᠶᠢᠠᠨ ᠠᠪᠴᠣ᠂ ᠪᠣᠰᠣᠳ ᠢ ᠨᠢ ᠴᠦᠮ ᠲᠣᠪᠣᠨ ᠮᠡᠷᠬᠡᠨ ᠳᠤ ᠦᠭ᠍ᠪᠠ᠃
14᠂ ᠲᠣᠪᠣᠨ ᠮᠡᠷᠬᠡᠨ ᠲᠠᠷᠠ ᠪᠣᠭᠣ ᠶᠢᠨ ᠮᠢᠬ᠎ᠠ ᠶᠢ ᠠᠴᠢᠵᠣ ᠶᠠᠪᠣᠳᠠᠯ᠎ᠠ᠂ ᠵᠠᠮ ᠳᠤ ᠬᠡᠣᠬᠡᠥᠨ ᠶᠢᠠᠨ ᠬᠦᠳᠥᠯᠥᠭᠰᠡᠨ ᠨᠢᠬᠡ ᠶᠠᠳᠠᠭᠣ ᠬᠦᠮᠥᠨ ᠣᠴᠠᠷᠠᠪᠠ᠃
15᠂ 《ᠴᠢ ᠶᠠᠭᠣᠨ ᠤ ᠬᠦᠮᠥᠨ ᠪᠣᠢ︖》 ᠬᠡᠵᠦ ᠲᠣᠪᠣᠨ ᠮᠡᠷᠬᠡᠨ ᠠᠰᠠᠭᠣᠪᠠᠯ᠂ ᠲᠠᠷᠠ ᠬᠦᠮᠥᠨ ᠦᠬᠥᠯᠡᠷᠥᠨ᠄ 《ᠪᠢ ᠮᠠᠭᠠᠯᠢᠭ ᠪᠠᠶᠠᠭᠣᠳ ᠤᠨ ᠬᠦᠮᠥᠨ᠂ ᠡᠲᠦᠬᠡ ᠪᠢ ᠶᠠᠳᠠᠵᠣ ᠶᠠᠪᠣᠨ᠎ᠠ᠂ ᠲᠠᠷᠠ ᠬᠦᠷᠥᠬᠡᠰᠥᠨ ᠤ ᠮᠢᠬᠠᠨ ᠡᠴᠡ ᠨᠠᠳᠠ ᠳᠤ ᠦᠭ᠌᠂ ᠪᠢ ᠡᠨᠠ ᠬᠦᠪᠡᠬᠥᠨ ᠶ᠋ᠢᠠᠨ ᠴᠢᠮᠠᠳᠣ ᠦᠭ᠍ᠬᠥᠢ᠎ᠡ》 ᠬᠡᠪᠡᠯ᠂
16᠂ ᠲᠣᠪᠣᠨ ᠮᠡᠷᠬᠡᠨ ᠵᠦᠪᠰᠢᠶᠡᠷᠠᠵᠦ᠂ ᠪᠣᠭᠣ ᠶᠢᠨ ᠦᠷᠣᠬᠡᠰᠥᠨ ᠭᠣᠶ᠎ᠠ ᠶᠢ ᠲᠠᠷᠠ ᠬᠦᠮᠥᠨ ᠳᠤ ᠦᠭ᠍ᠬᠥᠬᠡᠥᠨ ᠬᠦᠪᠡᠬᠥᠨ ᠢ ᠠᠪᠴᠣ ᠢᠷᠠᠵᠣ ᠬᠡᠷ ᠲᠡᠭᠡᠨ ᠵᠠᠷᠣᠴᠠᠯᠠᠬᠣ ᠪᠣᠯᠪᠠ᠃
17᠂ ᠲᠡᠬᠡᠵᠦ ᠪᠠᠢ᠌ᠳᠠᠯ᠎ᠠ ᠲᠣᠪᠣᠨ ᠮᠡᠷᠬᠡᠨ ᠦᠭᠡᠶ ᠪᠣᠯᠪᠠ᠃ ᠲᠣᠪᠣᠨ ᠮᠡᠷᠬᠡᠨ ᠢ ᠦᠭᠡᠶ ᠪᠣᠯᠣᠭᠰᠠᠨ ᠤ ᠬᠣᠢ᠌ᠨ᠎ᠠ ᠲᠡᠬᠥᠨ ᠤ ᠬᠡᠷᠬᠡᠢ ᠠᠯᠣᠨ ᠭᠣᠸ᠎ᠠ ᠪᠠᠯᠪᠠᠰᠣᠨ ᠪᠦᠬᠡᠳᠡᠯ᠎ᠡ᠂ ᠪᠣᠭᠣ ᠬᠠᠳᠠᠬᠢ᠂ ᠪᠣᠬᠠᠳᠣ ᠰᠠᠯᠴᠢ᠂ ᠪᠣᠳᠣᠠᠴᠠᠷ ᠮᠣᠩᠬᠠᠭ ᠬᠡᠳᠡᠭ ᠨᠡᠷ᠎ᠡ ᠲᠡᠶ ᠭᠣᠷᠪᠠᠨ ᠬᠦᠪᠡᠬᠥᠨ ᠢ ᠲᠥᠷᠣᠬᠥᠯᠪᠡ᠃
18᠂ ᠣᠷᠢᠳᠣ ᠲᠣᠪᠣᠨ ᠮᠡᠷᠬᠡᠨ ᠢ ᠠᠮᠢᠳᠣ ᠪᠦᠬᠥᠢ ᠴᠠᠭ ᠲᠤ ᠲᠥᠷᠥᠭᠰᠡᠨ ᠪᠡᠯᠬᠥᠨᠦᠳᠡᠢ᠂ ᠪᠦᠬᠥᠨᠦᠳᠡᠢ ᠬᠣᠶᠠᠷ ᠬᠦᠪᠡᠬᠥᠨ ᠨᠢ᠂ ᠡᠬᠡ ᠠᠯᠣᠨ ᠭᠣᠸ᠎ᠠ ᠡᠴᠡ ᠡᠴᠢᠨ᠎ᠠ ᠬᠡᠯᠡᠯᠴᠡᠭ᠍ᠰᠡᠨ ᠨᠢ᠄ 《ᠪᠢᠳᠠᠨ ᠤ ᠡᠬᠡ᠂ ᠣᠢ᠌ᠷ᠎ᠠ ᠲᠥᠷᠥᠯ ᠤᠨ ᠡᠷᠡᠭ᠍ᠳᠡᠢ ᠬᠦᠮᠥᠨ ᠦᠭᠡᠶ ᠪᠠ ᠡᠷ᠎ᠠ ᠦᠭᠡᠶ ᠪᠦᠬᠡᠳᠡᠯ᠎ᠡ ᠡᠨᠠ ᠭᠣᠷᠪᠠᠨ ᠬᠦᠪᠡᠬᠥᠨ ᠢ ᠲᠥᠷᠣᠬᠥᠯᠪᠡ᠂ ᠬᠡᠷ ᠲᠣᠳᠣᠷ᠎ᠠ ᠭᠠᠭᠴᠠ ᠮᠠᠭᠠᠯᠢᠭ ᠪᠠᠶᠠᠭᠣᠳ ᠣᠪᠣᠭ ᠤᠨ ᠵᠠᠷᠣᠴᠠ ᠬᠦᠮᠥᠨ ᠪᠠᠢ᠌ᠨ᠎ᠠ᠂ ᠡᠨᠠ ᠭᠣᠷᠪᠠᠨ ᠬᠦᠪᠡᠬᠥᠨ ᠲᠡᠬᠥᠨ ᠤ ᠬᠡᠣᠬᠡᠥᠨ ᠪᠢᠵᠠ》 ᠬᠡᠵᠦ ᠡᠬᠡ ᠡᠴᠡ ᠲᠠᠯᠳᠠ ᠬᠡᠯᠡᠯᠴᠡᠬᠥ ᠶᠢ ᠨᠢ ᠠᠯᠣᠨ ᠭᠣᠸ᠎ᠠ ᠮᠡᠳᠡᠬᠡᠥᠨ᠂
19᠂ ᠬᠠᠪᠣᠷ ᠤᠨ ᠨᠢᠬᠡᠨ ᠡᠳᠣᠷ ᠬᠣᠨᠢᠨ ᠤ ᠬᠠᠳᠠᠭᠰᠠᠨ ᠮᠢᠬ᠎ᠠ ᠴᠢᠨᠠᠵᠣ᠂ ᠪᠡᠯᠬᠥᠨᠦᠳᠡᠢ᠂ ᠪᠦᠬᠥᠨᠦᠳᠡᠢ᠂ ᠪᠣᠭᠣ ᠬᠠᠳᠠᠬᠢ᠂ ᠪᠣᠬᠠᠳᠣ ᠰᠠᠯᠴᠢ᠂ ᠪᠣᠳᠣᠠᠴᠠᠷ ᠮᠣᠩᠬᠠᠭ ᠲᠠᠪᠣᠨ ᠬᠦᠪᠡᠬᠥᠨ ᠳᠡᠭᠡᠨ ᠢᠳᠡᠬᠥᠯᠦᠬᠡᠥᠨ ᠲᠠᠳᠠᠨ ᠢ ᠵᠠᠷᠬᠡᠴᠡᠬᠥᠯᠥᠨ ᠰᠠᠭᠣᠯᠭᠠᠵᠣ ᠬᠦᠮᠦᠨ ᠪᠦᠷᠢ ᠳᠤ ᠨᠢᠵᠡᠭᠡᠳ ᠮᠦᠰᠤ (ᠰᠤᠮᠤ ᠪᠤᠶᠤ ᠨᠠᠷᠢᠨ ᠮᠤᠳᠤ) ᠵᠢ ᠬᠤᠭᠤᠯ ᠭᠡᠵᠦ ᠦᠭ᠍ᠪᠡᠯ᠂ ᠠᠮᠠᠷᠬᠠᠨ ᠬᠤᠭᠤᠴᠢᠵᠤ ᠤᠷᠬᠢᠪᠠ᠃ ᠪᠠᠰᠠ ᠳᠠᠪᠤᠨ ᠮᠦᠰᠤ ᠵᠢ ᠨᠡᠢ᠌ᠯᠡᠬᠦᠯᠵᠤ ᠪᠠᠭᠯᠠᠭᠠᠳ ᠬᠤᠭᠤᠯ ᠭᠡᠵᠦ ᠦᠭ᠍ᠪᠡᠯ ᠳᠠᠪᠤᠭᠤᠯᠠ ᠪᠠᠨ ᠳᠠᠷᠠᠭᠠᠯᠠᠨ ᠤᠷᠤᠯᠳᠤᠵᠤ ᠬᠤᠭᠤᠯᠵᠤ ᠴᠢᠳᠠᠭᠰᠠᠨ ᠦᠭᠡᠢ᠃
20᠂ ᠡᠬᠥᠨ ᠳᠤ ᠠᠯᠣᠨ ᠭᠣᠸ᠎ᠠ ᠡᠬᠡ ᠨᠢ ᠦᠬᠥᠯᠡᠷᠥᠨ᠄ 《ᠪᠡᠯᠬᠥᠨᠦᠳᠡᠢ᠂ ᠪᠦᠬᠥᠨᠦᠳᠡᠢ ᠲᠠ ᠬᠣᠶᠠᠷ ᠨᠠᠮᠢ᠋ᠢ ᠡᠨᠠ ᠭᠣᠷᠪᠠᠨ ᠬᠦᠪᠡᠬᠥᠨ ᠢ ᠶᠠᠭᠠᠬᠢᠨ ᠲᠥᠷᠣᠬᠥᠯᠪᠡ᠂ ᠬᠡᠨ ᠤ ᠬᠦᠪᠡᠭᠦᠳ ᠪᠣᠯ ᠬᠡᠵᠦ ᠰᠠᠵᠢᠭ᠍ᠯᠠᠨ ᠬᠡᠯᠡᠯᠴᠡᠨ᠎ᠡ᠂ ᠰᠡᠵᠢᠭ᠍ᠯᠠᠬᠥ ᠲᠠᠨᠢ ᠵᠦᠪ᠂
21᠂ ᠬᠡᠪᠡᠴᠦ᠂ ᠲᠠ ᠨᠡᠷ ᠣᠴᠢᠷ ᠢ ᠮᠡᠳᠡᠬᠥ ᠦᠭᠡᠶ ᠪᠠᠢ᠌ᠨ᠎ᠠ᠂ ᠰᠦᠨᠢ ᠪᠦᠷᠢ ᠴᠠᠭᠠᠨ ᠰᠢᠷ᠎ᠠ ᠬᠦᠮᠥᠨ᠂ ᠬᠡᠷ ᠤᠨ ᠡᠷᠣᠬᠡ ᠲᠣᠳᠣᠭᠣ ᠪᠠᠷ ᠬᠡᠢ᠌ᠬᠥᠯᠥᠨ ᠣᠷᠣᠵᠣ ᠢᠷᠡᠬᠡᠥᠨ ᠮᠢᠨᠣ ᠬᠡᠪᠡᠯᠢ ᠶᠢ ᠢᠯᠪᠢᠬᠥ ᠳᠤ ᠲᠡᠬᠥᠨ ᠤ ᠬᠡᠷᠡᠯ ᠮᠢᠨᠣ ᠬᠡᠪᠡᠯᠢ ᠳᠤ ᠰᠢᠩᠬᠡᠬᠥ ᠪᠦᠯᠦᠬᠡ᠂ ᠲᠠᠷᠠ ᠬᠦᠮᠥᠨ᠂ ᠭᠠᠷᠬᠣ ᠨᠠᠷᠠ ᠰᠠᠷᠠᠨ ᠤ ᠬᠢᠯᠢ ᠪᠠᠷ ᠰᠢᠷ᠎ᠠ ᠨᠣᠬᠠᠢ ᠮᠠᠳᠣ ᠰᠢᠷᠠᠪᠠᠯᠵᠠᠭᠰᠠᠭᠠᠷ ᠭᠠᠷᠴᠣ ᠣᠳᠣᠨ᠎ᠠ᠃ ᠲᠠᠮᠠᠢ ᠶᠠᠭᠠᠬᠢᠨ ᠦᠬᠥᠯᠡᠨᠡ ᠲᠠ᠂ ᠲᠡᠬᠥᠨ ᠡᠴᠡ ᠦᠵᠡᠪᠡᠯ ᠲᠡᠭ᠍ᠷᠢ ᠶᠢᠨ ᠬᠦᠪᠡᠭᠦᠳ ᠪᠢᠵᠠ᠂ ᠬᠠᠷ᠎ᠠ ᠲᠡᠷᠢᠬᠥᠲᠦ ᠬᠦᠮᠥᠨ ᠲᠡᠶ ᠠᠳᠠᠯᠢᠳᠬᠠᠵᠣ ᠶᠠᠭᠠᠬᠢᠨ ᠪᠣᠯᠣᠨ᠎ᠠ᠂ ᠬᠠᠮᠣᠭ ᠤᠨ ᠬᠠᠳ ᠪᠣᠯᠬᠣ ᠴᠠᠭ ᠲᠤ ᠬᠠᠷᠠᠴᠣ ᠬᠦᠮᠥᠨ ᠰᠠᠶᠢ ᠣᠴᠢᠷ ᠢ ᠮᠠᠳᠠᠨ᠎ᠠ》 ᠬᠡᠥᠨ
22᠂ ᠪᠠᠰᠠ ᠠᠯᠣᠨ ᠭᠣᠸ᠎ᠠ᠂ ᠲᠠᠪᠣᠨ ᠬᠦᠪᠡᠬᠥᠨ ᠶᠢᠠᠨ ᠰᠣᠷᠭᠠᠵᠣ ᠦᠬᠥᠯᠡᠷᠥᠨ᠄ 《ᠲ᠋ᠨ ᠲᠠᠪᠣᠨ ᠬᠦᠪᠡᠬᠥᠨ᠂ ᠮᠢᠨᠣ ᠨᠢᠬᠡᠨ ᠬᠡᠪᠡᠯᠢ ᠡᠴᠠ ᠲᠥᠷᠥᠭᠰᠡᠨ ᠪᠢᠰᠢ ᠦᠦ᠂ ᠲᠠ ᠨᠡᠷ ᠭᠠᠭᠴᠠ ᠭᠠᠭᠴᠠᠭᠠᠷ ᠰᠠᠯᠪᠠᠯ ᠨᠢᠵᠡᠬᠡᠥᠨ ᠰᠣᠮᠣ ᠮᠠᠳᠣ ᠬᠦᠮᠥᠨ ᠳᠤ ᠬᠢᠯᠪᠠᠷᠬᠠᠨ ᠲᠡᠢ᠌ᠯᠥᠭᠳᠡᠨᠡ᠂ ᠲ᠋ᠨ ᠨᠡᠷ ᠡᠪ ᠡᠶ᠎ᠡ ᠪᠠᠨ ᠨᠢᠬᠡᠲᠦᠬᠡᠪᠡᠯ ᠲᠠᠷᠠ ᠪᠠᠭᠯᠠᠭᠰᠠᠨ ᠲᠠᠪᠣᠨ ᠰᠣᠮᠣ ᠮᠠᠳᠣ ᠪᠠᠬᠢ ᠪᠣᠯᠵᠣ᠂ ᠬᠡᠨ ᠳᠤ ᠴᠤ ᠬᠢᠯᠪᠠᠷᠬᠠᠨ ᠲᠡᠢ᠌ᠯᠥᠭᠳᠡᠬᠥ ᠦᠬᠡᠢ ᠪᠣᠯᠣᠨ᠎ᠠ》 ᠬᠡᠪᠡ᠃ ᠲᠡᠬᠡᠵᠦ ᠪᠠᠢ᠌ᠳᠠᠯ᠎ᠠ ᠠᠯᠣᠨ ᠭᠣᠸ᠎ᠠ ᠡᠬᠡ ᠨᠢ ᠦᠭᠡᠶ ᠪᠣᠯᠪᠠ᠃
23᠂ ᠡᠬᠡ ᠠᠯᠣᠨ ᠭᠣᠸ᠎ᠠ ᠶᠢ ᠦᠭᠡᠶ ᠪᠣᠯᠣᠭᠰᠠᠨ ᠤ ᠬᠣᠢ᠌ᠨ᠎ᠠ ᠡᠠᠬ᠎ᠠ ᠲᠡᠬᠥᠤ ᠲᠠᠪᠣᠭᠣᠯᠠ ᠪᠠᠨ᠂ ᠠᠳᠣᠭᠣ ᠮᠠᠯ ᠶᠢᠠᠨ ᠬᠣᠪᠢᠶᠠᠬᠣ ᠪᠣᠯᠵᠣ᠂ ᠪᠡᠯᠬᠥᠨᠦᠳᠡᠢ᠂ ᠪᠦᠬᠥᠨᠦᠳᠡᠢ᠂ ᠪᠣᠭᠣ ᠬᠠᠳᠠᠬᠢ᠂ ᠪᠣᠬᠠᠳᠣ ᠰᠠᠯᠴᠢ ᠲᠥᠷᠪᠡᠬᠥᠯᠡ ᠪᠠᠨ ᠶᠠᠭᠣᠮ᠎ᠠ ᠪᠠᠨ ᠬᠣᠪᠢᠶᠠᠵᠣ ᠠᠪᠣᠭᠠᠳ ᠲᠡᠬᠥᠤ ᠪᠣᠳᠣᠠᠴᠠᠷ ᠮᠣᠩᠬᠠᠭ ᠢ ᠪᠢᠳᠠᠭᠣ ᠬᠡᠵᠦ ᠣᠷᠣᠭ ᠲᠤ ᠦᠯᠤ ᠲᠣᠭᠠᠴᠠᠵᠣ ᠬᠣᠪᠢ ᠡᠰᠠ ᠦᠭ᠍ᠪᠡ᠃
24᠂ ᠪᠣᠳᠣᠠᠴᠠᠷ ᠣᠷᠣᠭ ᠲᠤ ᠦᠯᠤ ᠲᠣᠭᠠᠯᠠᠭᠳᠠᠬᠣ ᠠᠳᠠᠯ᠎ᠠ᠂ ᠡ᠊ᠠᠳᠠ ᠶᠠᠭᠣ ᠬᠢᠵᠣ ᠰᠠᠭᠣᠨ᠎ᠠ ᠬᠡᠥᠨ ᠭᠣᠣᠯ ᠲᠠᠭᠠᠷᠢᠳᠣ ᠭᠣᠳᠣᠯᠢ ᠰᠡᠬᠥᠯᠲᠦ ᠣᠷᠣᠭ ᠰᠢᠩᠬᠣᠯᠠ ᠮᠣᠷᠢ ᠪᠠᠨ ᠣᠨᠣᠵᠣ 《ᠦᠬᠥᠪᠡᠯ ᠦᠬᠥᠢ᠎ᠡ ᠠᠮᠢᠳᠣᠷᠠᠪᠠᠯ ᠠᠮᠢᠳᠣᠷᠠᠶ᠎ᠠ》 ᠬᠡᠵᠦ ᠣᠨᠣᠨ ᠮᠥᠷᠡᠨ ᠣᠷᠣᠭᠣ ᠵᠤᠷᠢᠵᠣ ᠤᠳᠪᠠ᠃ ᠲᠠᠠᠳᠠ ᠪᠠᠯᠵᠣᠨ ᠠᠷᠠᠯ ᠬᠡᠳᠡᠭ ᠭᠠᠵᠠᠷ ᠬᠦᠷᠴᠦ ᠡᠪᠠᠰᠣᠨ ᠡᠮᠪᠣᠯᠠ ᠬᠡᠷ ᠪᠠᠷᠢᠵᠣ ᠰᠠᠭᠣᠪᠠ᠃
25᠂ ᠲᠡᠬᠡᠵᠦ ᠪᠠᠢ᠌ᠳᠠᠯ᠎ᠠ᠂ ᠬᠠᠷ᠎ᠠ ᠬᠣᠷᠣ ᠰᠢᠪᠠᠭᠣ ᠶᠢ ᠪᠣᠷᠣ ᠬᠠᠷᠴᠠᠭᠠᠢ ᠪᠠᠷᠢᠵᠣ ᠢᠳᠡᠬᠥ ᠶᠢ ᠦᠵᠡᠵᠦ᠂ ᠭᠣᠣᠯ ᠲᠠᠭᠠᠷᠢᠳᠣ ᠭᠣᠳᠣᠯᠢ ᠰᠡᠬᠥᠯᠲᠦ ᠣᠷᠣᠭ ᠰᠢᠩᠬᠣᠯᠠ ᠮᠣᠷᠢᠨ ᠤ ᠬᠢᠯᠭᠠᠰᠣᠨ ᠶᠢᠠᠷ ᠣᠷᠬ᠎ᠠ ᠬᠢᠵᠣ ᠲᠠᠷᠠ ᠪᠣᠷᠣ ᠬᠠᠷᠴᠠᠭᠠᠢ ᠶᠢ ᠪᠠᠷᠢᠵᠣ ᠠᠪᠴᠢᠷᠠᠪᠠ᠃
26᠂ ᠪᠣᠳᠣᠠᠴᠠᠷ᠂ ᠢᠳᠡᠬᠥ ᠶᠠᠭᠣᠮ᠎ᠠ ᠦᠭᠡᠶ ᠲᠣᠯᠠ ᠴᠢᠨ᠋ᠸ᠎ᠠ ᠶᠢᠨ ᠭᠣᠤ ᠳᠤ ᠬᠣᠷᠢᠭᠰᠠᠨ ᠬᠦᠷᠥᠬᠡᠰᠦ ᠶᠢ ᠮᠢᠷᠢᠶᠠᠵᠣ ᠬᠠᠷᠪᠣᠨ ᠠᠯᠠᠵᠣ ᠢᠳᠡᠬᠥ ᠪᠣᠶᠣ ᠴᠢᠨ᠋ᠸ᠎ᠠ ᠶᠢᠨ ᠢᠳᠡᠭ᠍ᠰᠡᠨ ᠰᠡᠭ ᠢ ᠲᠡᠬᠥᠵᠦ ᠬᠡᠳᠡᠰᠤ ᠪᠠᠨ ᠬᠣᠭᠣᠯᠠᠯᠠᠵᠣ᠂ ᠬᠠᠷᠴᠠᠭᠠᠢ ᠲᠡᠵᠢᠬᠡᠭ᠍ᠰᠠᠬᠡᠷ ᠲᠠᠷᠠ ᠡᠣᠨ ᠭᠠᠷᠪᠠ᠃
27᠂ ᠬᠠᠪᠣᠷ ᠪᠣᠯᠵᠣ᠂ ᠨᠣᠭᠣᠰᠣ ᠢᠷᠡᠬᠥ ᠴᠠᠭ ᠲᠤ ᠬᠠᠷᠴᠠᠭᠠᠢ ᠪᠠᠨ ᠰᠣᠢ᠌ᠵᠣ ᠲᠠᠯᠪᠢᠭᠠᠳ ᠭᠠᠯᠠᠭᠣ ᠨᠣᠭᠣᠰᠣ ᠣᠯᠠᠨ ᠢ ᠠᠯᠠᠵᠣ᠂ ᠢᠳᠠᠵᠣ ᠦᠯᠤ ᠪᠠᠷᠠᠬᠣ ᠲᠣᠯᠠ᠂ ᠮᠦᠴᠢᠷ ᠪᠦᠷᠢ ᠡᠴᠡ ᠮᠦᠴᠢ ᠭᠣᠶ᠎ᠠ ᠡᠯᠬᠥᠵᠦ ᠬᠣᠵᠣᠣᠯ᠎ᠠ ᠪᠦᠷᠢ ᠡᠴᠡ ᠬᠣᠶᠠᠷ ᠭᠣᠷᠪᠠᠨ ᠰᠢᠪᠠᠭᠣ ᠡᠯᠬᠥᠭ᠍ᠰᠡᠨ ᠨᠢ ᠢᠯᠵᠠᠷᠠᠬᠣ ᠳᠤ ᠬᠦᠷᠴᠡᠢ᠃
28᠂ ᠪᠢᠳᠡᠬᠥᠤ ᠮᠣᠳᠣᠳᠣ ᠠᠭᠣᠯᠠᠨ ᠬᠢᠷ᠎ᠠ ᠡᠴᠡ ᠨᠢᠬᠡᠨ ᠪᠦᠯᠥᠭ ᠢᠷᠬᠡᠨ᠂ ᠲᠦᠩᠬᠡᠯᠢᠭ᠌ ᠭᠣᠷᠣᠬᠠᠨ ᠣᠷᠣᠭᠣ ᠨᠡᠬᠥᠵᠦ ᠢᠷᠠᠪᠠ᠃ ᠪᠣᠳᠣᠠᠴᠠᠷ ᠬᠠᠷᠴᠠᠭᠠᠢ ᠲᠠᠯᠪᠢᠨ ᠡᠳᠣᠷ ᠪᠦᠷᠢ ᠲᠠᠷᠠ ᠢᠷᠬᠡᠨ ᠳᠤ ᠣᠴᠢᠵᠣ ᠴᠡᠬᠡ ᠭᠣᠶᠣᠵᠣ ᠣᠣᠭᠣᠭᠠᠳ᠂ ᠰᠦᠨᠢ ᠡᠪᠠᠰᠣᠨ ᠡᠮᠪᠣᠯᠠ ᠬᠡᠷ ᠲᠡᠭᠡᠨ ᠢᠷᠠᠵᠣ ᠬᠣᠨᠣᠬᠣ ᠪᠦᠯᠦᠬᠡ᠃
29᠂ ᠲᠠᠳᠠ ᠢᠷᠬᠡᠨ᠂ ᠪᠣᠳᠣᠠᠴᠠᠷ ᠤᠨ ᠬᠠᠷᠴᠠᠭᠠᠢ ᠶᠢ ᠭᠣᠶᠣᠪᠠᠯ ᠡᠰᠠ ᠦᠭᠪᠡ᠃ ᠲᠠᠳᠠ ᠢᠷᠬᠡᠨ ᠨᠢ ᠪᠣᠳᠣᠠᠴᠠᠷ ᠢ ᠬᠡᠨ ᠶᠠᠭᠣᠨ ᠬᠦᠮᠥᠨ ᠪᠣᠢ ᠬᠡᠵᠦ ᠠᠰᠠᠭᠣᠬᠣ ᠦᠭᠡᠶ᠂ ᠪᠣᠳᠣᠠᠴᠠᠷ ᠪᠠᠰᠠ ᠲᠠᠷᠠ ᠢᠷᠬᠡᠨ ᠢ ᠶᠠᠭᠣᠨ ᠢᠷᠬᠡᠨ ᠬᠡᠵᠦ ᠠᠰᠠᠭᠣᠬᠣ ᠦᠭᠡᠶ ᠶᠠᠪᠣᠨ᠎ᠠ᠃
30᠂ ᠬᠡᠳᠡᠯ᠎ᠡ ᠪᠣᠭᠣ ᠬᠠᠳᠠᠬᠢ ᠡᠠᠬ᠎ᠠ ᠨᠢ ᠪᠣᠳᠣᠠᠴᠠᠷ ᠮᠣᠩᠬᠠᠭ ᠲᠡᠬᠥᠤ ᠪᠠᠨ ᠡᠨᠠ ᠣᠨᠣᠨ ᠮᠥᠷᠡᠨ ᠣᠷᠣᠭᠣ ᠣᠳᠣᠯ᠎ᠠ ᠬᠡᠵᠦ ᠨᠡᠬᠡᠨ ᠢᠷᠠᠵᠣ᠂ ᠲᠦᠩᠬᠡᠯᠢᠭ᠌ ᠭᠣᠷᠣᠬᠠᠨ ᠳᠤ ᠨᠣᠳᠣᠭᠯᠠᠬᠣ ᠲᠠᠳᠠ ᠢᠷᠬᠡᠨ ᠳᠤ ᠬᠦᠷᠥᠬᠡᠥᠨ ᠲᠠᠢ᠌ᠮᠣ ᠮᠣᠷᠢᠳᠠᠢ᠂ ᠲᠠᠢ᠌ᠮᠣ ᠬᠦᠮᠥᠨ ᠦᠵᠡᠯᠳᠡᠪᠡ ᠦᠦ ᠬᠡᠵᠦ ᠰᠣᠷᠠᠪᠠᠯ᠂
31᠂ ᠲᠠᠳᠠ ᠢᠷᠬᠡᠨ ᠦᠬᠥᠯᠡᠷᠥᠨ᠄ 《ᠡᠳᠣᠷ ᠪᠦᠷᠢ ᠨᠢᠬᠡᠨ ᠬᠦᠮᠥᠨ ᠮᠠᠨ ᠳᠤ ᠢᠷᠠᠵᠣ ᠡᠰᠡᠭ (ᠴᠡᠭᠡ) ᠣᠣᠭᠣᠵᠣ ᠣᠳᠣᠨ᠎ᠠ᠂ ᠲᠠᠷᠠ ᠬᠦᠮᠥᠨ ᠪᠠ ᠲᠡᠬᠥᠨ ᠤ ᠮᠣᠷᠢ ᠴᠢᠨᠣ ᠰᠣᠷᠠᠳᠠᠭ ᠲᠡᠶ ᠠᠳᠠᠯᠢ ᠪᠠᠢ᠌ᠨ᠎ᠠ᠂ ᠲᠡᠬᠥᠨ ᠳᠤ ᠨᠢᠬᠡ ᠬᠠᠷᠴᠠᠭᠠᠢ ᠪᠠᠢ᠌ᠨ᠎ᠠ᠃ ᠲᠠᠷᠠ᠂ ᠰᠦᠨᠢ ᠬᠠᠮᠢᠭ᠎ᠠ ᠬᠣᠨᠣᠳᠠᠭ ᠢ ᠮᠡᠳᠡᠬᠥ ᠦᠭᠡᠶ᠂ ᠪᠠᠷᠠᠭᠣᠨ ᠬᠣᠢ᠌ᠨ᠎ᠠ ᠡᠴᠡ ᠰᠠᠯᠬᠢ ᠰᠠᠯᠬᠢᠯᠠᠪᠠᠯ ᠲᠡᠬᠥᠨ ᠤ ᠬᠠᠷᠴᠠᠭᠠᠢ ᠪᠠᠷ ᠪᠠᠷᠢᠭᠣᠯᠣᠭᠰᠠᠨ ᠨᠣᠭᠣᠰᠣ ᠭᠠᠯᠠᠭᠣ ᠶᠢᠨ ᠦᠲᠦ ᠰᠣᠳᠣ ᠨᠢ ᠴᠠᠰᠣ ᠮᠠᠳᠣ ᠪᠣᠳᠠᠷᠠᠵᠣ ᠬᠡᠢ᠌ᠰᠴᠦ ᠢᠷᠠᠨ᠎ᠠ᠂ ᠪᠣᠳᠣᠪᠠᠯ ᠲᠡᠬᠥᠨ ᠤ ᠬᠡᠷ ᠬᠣᠯᠠ ᠦᠭᠡᠶ ᠪᠢᠵᠠ᠂ ᠣᠳᠣ ᠲᠡᠬᠥᠨ ᠤ ᠢᠷᠡᠬᠥ ᠴᠠᠭ ᠪᠣᠯᠪᠠ᠂ ᠬᠣᠷᠣᠮᠬᠠᠨ ᠬᠦᠯᠢᠴᠡ》 ᠬᠡᠪᠡ᠃
32᠂ ᠣᠳᠠᠯ ᠦᠭᠡᠶ ᠲᠦᠩᠬᠡᠯᠢᠭ᠌ ᠭᠣᠷᠣᠬ᠎ᠠ ᠶᠢᠨ ᠦᠬᠡᠳᠡ ᠨᠢᠬᠡᠨ ᠬᠦᠮᠥᠨ ᠠᠢ᠌ᠰᠣᠢ᠂ ᠬᠦᠷᠴᠦ ᠢᠷᠠᠪᠠᠯ ᠪᠣᠳᠣᠠᠴᠠᠷ ᠮᠦᠨ᠃ ᠪᠣᠭᠣ ᠬᠠᠳᠠᠬᠢ ᠡᠠᠬ᠎ᠠ ᠨᠢ ᠲᠠᠨᠢᠵᠣ ᠠᠪᠣᠭᠠᠳ᠂ ᠣᠨᠣᠨ ᠮᠥᠷᠡᠨ ᠦᠬᠡᠳᠡ ᠲᠠᠭᠠᠭᠣᠯᠣᠨ ᠲᠠᠪᠬᠢᠪᠠ᠃
33᠂ ᠪᠣᠳᠣᠠᠴᠠᠷ᠂ ᠪᠣᠭᠣ ᠬᠠᠳᠠᠬᠢ ᠡᠠᠬ᠎ᠠ ᠶᠢᠨ ᠬᠣᠢ᠌ᠨ᠎ᠠ ᠡᠴᠡ ᠲᠠᠭᠠᠨ ᠬᠠᠳᠠᠷᠢᠵᠣ ᠦᠬᠥᠯᠡᠷᠥᠨ᠄ 《ᠡᠠᠬ᠎ᠠ ᠡ᠂ ᠡᠠᠬ᠎ᠠ ᠡ︕ ᠪᠠᠶ᠎ᠠ ᠲᠡᠷᠢᠬᠥᠨ ᠲᠡᠶ᠂ ᠲᠠᠪᠠᠯ ᠵᠠᠬ᠎ᠠ ᠲᠡᠶ ᠨᠢ ᠰᠠᠢ᠌ᠨ》 ᠬᠡᠪᠡᠯ᠂ ᠡᠠᠬ᠎ᠠ ᠨᠢ ᠲᠠᠷᠠ ᠦᠬᠡ ᠵᠢ ᠬᠠᠢ᠌ᠬᠣᠷᠠᠭᠰᠠᠨ ᠦᠭᠡᠶ᠃
34᠂ ᠪᠣᠳᠣᠠᠴᠠᠷ ᠮᠦᠨ ᠦᠬᠡ ᠶᠢ ᠬᠣᠶᠠᠳᠣᠭᠠᠷ ᠣᠳᠠᠭ᠎ᠠ ᠦᠬᠥᠯᠡᠪᠡᠯ᠂ ᠡᠠᠬ᠎ᠠ ᠨᠢ ᠬᠠᠷᠢᠭᠣ ᠬᠡᠯᠡᠭ᠍ᠰᠡᠨ ᠦᠭᠡᠶ᠂ ᠮᠦᠨ ᠦᠬᠡ ᠶᠢ ᠭᠣᠷᠪᠠᠳᠣᠭᠠᠷ ᠣᠳᠠᠭ᠎ᠠ ᠬᠡᠯᠡᠬᠥ ᠳᠤ ᠡᠠᠬ᠎ᠠ ᠨᠢ ᠦᠬᠥᠯᠡᠷᠥᠨ᠄ 《ᠴᠢ ᠡᠨᠠ ᠦᠬᠡ ᠶᠢ ᠶᠠᠭᠣᠨ ᠳᠤ ᠲᠠᠬᠢᠨ ᠲᠠᠬᠢᠨ ᠦᠬᠥᠯᠡᠨᠡ︖》
35᠂ ᠪᠣᠳᠣᠠᠴᠠᠷ ᠦᠬᠥᠯᠡᠷᠥᠨ᠄ 《 ᠳᠤᠭᠠᠷ ᠤᠨ (ᠰᠠᠶᠢ ᠶᠢᠨ) ᠲᠦᠩᠬᠡᠯᠢᠭ᠌ ᠭᠤᠷᠤᠬᠠᠨᠠ ᠪᠦᠬᠦᠢ ᠢᠷᠭᠡᠨ ᠳᠤ ᠡᠵᠡᠨ ᠦᠭᠡᠢ ᠂ ᠶᠡᠬᠡ ᠪᠠᠭ᠎ᠠ ᠂ ᠰᠠᠢ᠌ᠨ ᠮᠠᠭᠤ ᠂ ᠳᠤᠯᠤᠭᠠᠢ ᠰᠢᠬᠢᠷ᠎ᠠ ᠴᠦᠮ ᠨᠢᠭᠡᠨ ᠠᠳᠠᠯᠢ ᠴᠠᠴᠠᠭᠤ ᠪᠠᠢ᠌ᠨ᠎ᠠ᠃ ᠡᠢ᠌ᠮᠤ ᠬᠢᠯᠪᠠᠷ ᠢᠷᠭᠡᠨ ᠳᠤᠯᠠ ᠳᠡᠳᠡᠨ ᠢ ᠪᠢᠳᠡ ᠡᠵᠡᠯᠡᠵᠤ ᠠᠪᠤᠶ᠎ᠠ》
36᠂ ᠡᠠᠬ᠎ᠠ ᠨᠢ ᠦᠬᠥᠯᠡᠷᠥᠨ᠄ 《ᠵᠠ ᠲᠠᠢ᠌ᠮᠣ ᠪᠣᠯ ᠬᠡᠷ ᠲᠡᠭᠡᠨ ᠬᠦᠷᠴᠦ᠂ ᠡᠠᠬ᠎ᠠ ᠲᠡᠬᠥᠤ ᠨᠡᠷ ᠲᠡᠶ ᠵᠦᠪᠯᠡᠯᠳᠡᠵᠦ᠂ ᠲᠠᠳᠠ ᠢᠷᠬᠡᠨ ᠢ ᠡᠵᠠᠯᠠᠶᠠ》 ᠬᠡᠵᠦ
37᠂ ᠬᠡᠷ ᠲᠡᠭᠡᠨ ᠬᠦᠷᠥᠬᠡᠥᠨ᠂ ᠡᠠᠬ᠎ᠠ ᠲᠡᠬᠥᠤ ᠨᠡᠷ ᠲᠡᠶ ᠬᠡᠯᠡᠯᠴᠡᠵᠦ ᠮᠣᠷᠳᠠᠪᠠ᠃ ᠲᠡᠷᠢᠬᠦᠯᠡᠨ ᠬᠢᠨᠠᠭᠴᠢ ᠳᠤ ᠮᠦᠨ ᠪᠣᠳᠣᠠᠴᠠᠷ ᠢ ᠶᠠᠪᠣᠭᠣᠯᠪᠠ᠃
38᠂ ᠪᠣᠳᠣᠠᠴᠠᠷ ᠲᠡᠷᠢᠬᠥᠯᠡᠨ ᠶᠠᠪᠣᠵᠣ ᠨᠢᠬᠡᠨ ᠵᠢᠷᠮᠣᠰᠣᠨ ᠡᠮ᠎ᠠ ᠶᠢ ᠪᠠᠷᠢᠵᠣ 《ᠴᠢ ᠶᠠᠭᠣᠨ ᠬᠦᠮᠥᠨ ᠪᠣᠢ︖》 ᠬᠡᠵᠦ ᠠᠰᠠᠭᠣᠪᠠᠯ᠂ ᠲᠠᠷᠠ ᠡᠮ᠎ᠠ ᠦᠬᠥᠯᠡᠷᠥᠨ᠄ 《ᠪᠢ ᠵᠠᠷᠴᠢᠭᠣᠳ ᠠᠳᠠᠩᠬᠠᠨ ᠣᠷᠢᠶᠠᠩᠬᠠᠢ ᠬᠦᠮᠥᠨ》 ᠬᠡᠪᠡ᠃
39᠂ ᠲᠠᠠᠳᠠ ᠡᠴᠡ ᠡᠠᠬ᠎ᠠ ᠲᠡᠬᠥᠤ ᠲᠠᠪᠣᠭᠣᠯᠠ ᠪᠠᠨ ᠲᠠᠳᠠ ᠢᠷᠬᠡᠨ ᠢ ᠲᠣᠪᠳᠣᠯᠵᠣ᠂ ᠠᠳᠣᠭᠣ ᠮᠠᠯ ᠢ ᠠᠪᠴᠣ᠂ ᠬᠦᠮᠥᠨ ᠠᠷᠠᠳ ᠢ ᠵᠠᠷᠣᠴᠠ ᠪᠣᠯᠭᠠᠪᠠ᠃
40᠂ ᠲᠠᠷᠠ ᠵᠢᠷᠮᠣᠰᠣᠨ ᠡᠮ᠎ᠠ ᠪᠣᠳᠣᠠᠴᠠᠷ ᠲᠤ ᠢᠷᠠᠵᠣ ᠬᠦᠪᠡᠬᠥᠨ ᠲᠥᠷᠣᠪᠡ᠂ ᠲᠡᠬᠥᠨ ᠢ ᠬᠠᠷᠢ ᠣᠪᠣᠭ ᠤᠨ ᠬᠦᠪᠡᠬᠥᠨ ᠬᠡᠵᠦ ᠵᠠᠵᠢᠷᠠᠳᠠᠢ ᠬᠡᠵᠦ ᠨᠠᠷᠠᠢ᠌ᠳᠪᠠ᠃ ᠵᠠᠳᠠᠷᠠᠨ ᠤ ᠡᠪᠥᠬᠡ ᠲᠠᠷᠠ ᠪᠣᠯᠪᠠ᠃ ᠲᠠᠷᠠ ᠵᠠᠵᠢᠷᠠᠳᠠᠢ ᠶᠢᠨ ᠬᠦᠪᠡᠬᠥᠨ ᠲᠦᠬᠥᠣᠳᠡᠢ ᠨᠠᠷᠠᠳᠣ ᠪᠦᠯᠦᠬᠡ᠃ ᠲᠦᠬᠥᠣᠳᠡᠢ ᠶᠢᠨ ᠬᠦᠪᠡᠬᠥᠨ ᠪᠦᠷᠢ ᠪᠣᠯᠴᠢᠷᠤ᠂ ᠪᠦᠷᠢ ᠪᠣᠯᠴᠢᠷᠤ ᠶᠢᠨ ᠬᠦᠪᠡᠬᠥᠨ ᠬᠠᠷ᠎ᠠ ᠬᠠᠳᠠᠭᠠᠨ ᠪᠦᠯᠦᠬᠡ᠃ ᠬᠠᠷ᠎ᠠ ᠬᠠᠳᠠᠭᠠᠨ ᠤ ᠬᠦᠪᠡᠬᠥᠨ ᠵᠠᠮᠣᠬ᠎ᠠ ᠪᠦᠯᠦᠬᠡ᠃ ᠵᠠᠳᠠᠷᠠᠨ ᠣᠪᠣᠭᠳᠠᠨ ᠲᠠᠳᠠ ᠪᠣᠯᠪᠠ᠃
41᠂ ᠲᠠᠷᠠ ᠡᠮ᠎ᠠ ᠪᠠᠰᠠ ᠪᠣᠳᠣᠠᠴᠠᠷ ᠡᠴᠡ ᠨᠢᠬᠡᠨ ᠬᠦᠪᠡᠬᠥᠨ ᠲᠥᠷᠣᠬᠥᠯᠪᠡ᠃ ᠲᠡᠬᠥᠨ ᠢ ᠪᠠᠷᠢᠵᠣ ᠠᠪᠣᠭᠰᠠᠨ ᠡᠮ᠎ᠠ ᠶᠢᠨ ᠬᠦᠪᠡᠬᠥᠨ ᠬᠡᠮᠡᠨ ᠪᠠᠭᠠᠷᠢᠳᠠᠢ ᠬᠡᠮᠡᠨ ᠨᠠᠷᠠᠢ᠌ᠳᠪᠠ᠃ ᠪᠠᠭᠠᠷᠢᠨ ᠤ ᠡᠪᠥᠬᠡ ᠲᠠᠷᠠ ᠪᠣᠯᠪᠠ᠃ ᠪᠠᠭᠠᠷᠢᠳᠠᠢ ᠶᠢᠨ ᠬᠦᠪᠡᠬᠥᠨ ᠴᠢᠳᠭᠣᠯ ᠪᠦᠬᠡ᠂ ᠴᠢᠳᠭᠣᠯ ᠪᠦᠬᠡ ᠣᠯᠠᠨ ᠡᠮ᠎ᠠ ᠠᠪᠣᠭᠰᠠᠨ ᠲᠣᠯᠠ ᠬᠦᠪᠡᠬᠥᠨ ᠨᠢ ᠮᠠᠨᠠᠨ ᠮᠠᠳᠣ (ᠤᠯᠠᠨ) ᠲᠥᠷᠣᠪᠡ᠃ ᠮᠠᠨᠠᠨ ᠪᠠᠭᠠᠷᠢᠨ ᠣᠪᠣᠭᠳᠠᠨ ᠲᠠᠳᠠ ᠪᠣᠯᠪᠠ᠃
42᠂ ᠪᠡᠯᠬᠥᠨᠦᠳᠡᠢ ᠪᠡᠯᠬᠥᠨᠦᠥᠨ ᠣᠪᠣᠭᠳᠠᠨ ᠪᠣᠯᠪᠠ᠃ ᠪᠦᠬᠥᠨᠦᠳᠡᠢ ᠪᠦᠬᠥᠨᠦᠥᠨ ᠣᠪᠣᠭᠳᠠᠨ ᠪᠣᠯᠪᠠ᠃ ᠪᠣᠭᠣ ᠬᠠᠳᠠᠬᠢ ᠬᠠᠳᠠᠬᠢᠨ ᠣᠪᠣᠭᠳᠠᠨ ᠪᠣᠯᠪᠠ᠃ ᠪᠣᠬᠠᠳᠣ ᠰᠠᠯᠴᠢ ᠰᠠᠯᠵᠢᠭᠣᠳ ᠣᠪᠣᠭᠳᠠᠨ ᠪᠣᠯᠪᠠ᠃ ᠪᠣᠳᠣᠠᠴᠠᠷ ᠪᠣᠷᠵᠢᠬᠢᠨ ᠣᠪᠣᠭᠳᠠᠨ ᠪᠣᠯᠪᠠ᠃
43᠂ ᠪᠣᠳᠣᠠᠴᠠᠷ ᠤᠨ ᠠᠪᠠᠯᠢ ᠡᠮ᠎ᠠ ᠡᠴᠡ ᠲᠥᠷᠥᠭᠰᠡᠨ ᠪᠠᠷᠢᠮ ᠰᠢᠬᠢᠷᠠᠳᠣ ᠬᠠᠪᠢᠴᠢ ᠨᠠᠷᠠᠳᠣ ᠪᠦᠯᠦᠬᠡ᠃ ᠲᠠᠷᠠ ᠬᠠᠪᠢᠴᠢ ᠪᠠᠭᠠᠳᠣᠷ ᠤᠨ ᠡᠬᠡ ᠶᠢᠨ ᠢᠨᠵᠢ ᠳᠤ ᠢᠷᠡᠭ᠍ᠰᠡᠨ ᠡᠮ᠎ᠠ ᠶᠢ ᠪᠣᠳᠣᠠᠴᠠᠷ ᠲᠠᠳᠠᠪᠣᠷᠢ ᠡᠮ᠎ᠠ ᠪᠣᠯᠭᠠᠨ ᠨᠢᠬᠡᠨ ᠬᠦᠪᠡᠬᠥᠨ ᠲᠥᠷᠥᠭᠰᠡᠨ ᠳᠤ ᠵᠠᠬᠥᠷᠡᠳᠡᠢ ᠨᠠᠷᠠ ᠦᠭ᠍ᠪᠡ᠃ ᠪᠣᠳᠣᠠᠴᠠᠷ ᠠᠮᠢᠳᠣ ᠪᠠᠢ᠌ᠬᠣ ᠴᠠᠭ ᠲᠤ ᠵᠠᠬᠥᠷᠡᠳᠡᠢ ᠶᠢ ᠵᠦᠬᠡᠯ ᠲᠠᠢ᠌ᠯᠭ᠎ᠠ ᠳᠤ ᠣᠷᠣᠬᠣ ᠡᠷᠬᠡ ᠲᠡᠶ ᠪᠣᠯᠭᠠᠪᠠ᠃
44᠂ ᠪᠣᠳᠣᠠᠴᠠᠷ ᠢ ᠦᠭᠡᠶ ᠪᠣᠯᠣᠭᠰᠠᠨ ᠤ ᠬᠤᠢ᠌ᠨ᠎ᠠ ᠲᠠᠷᠠ ᠵᠠᠬᠥᠷᠡᠳᠡᠢ ᠶᠢ ᠢᠮᠠᠭᠳᠠ ᠬᠡᠷ ᠲᠤ ᠠᠳᠠᠩᠬᠠ ᠣᠷᠢᠶᠠᠩᠬᠠᠢ ᠬᠦᠮᠥᠨ ᠪᠠᠢ᠌ᠭᠰᠠᠨ ᠲᠣᠯᠠ ᠲᠡᠬᠥᠨ ᠤ ᠬᠦᠪᠡᠬᠥᠨ ᠬᠡᠵᠦ ᠲᠠᠢ᠌ᠯᠭ᠎ᠠ ᠡᠴᠡ ᠬᠦᠬᠡᠬᠡᠵᠦ ᠭᠠᠷᠭᠠᠪᠠ᠃ ᠲᠠᠷᠠ ᠵᠠᠬᠥᠷᠡᠢ᠌ᠥᠨ ᠤᠨ ᠡᠪᠥᠬᠡ ᠪᠣᠯᠪᠠ᠃
45᠂ ᠬᠠᠪᠢᠴᠢ ᠪᠠᠭᠠᠳᠣᠷ ᠤᠨ ᠬᠦᠪᠡᠬᠥᠨ ᠮᠠᠨᠠᠨ ᠲᠣᠳᠣᠨ ᠪᠦᠯᠦᠬᠡ᠃ ᠮᠠᠨᠠᠨ ᠲᠣᠳᠣᠨ ᠤ ᠬᠦᠪᠡᠬᠥᠨ ᠬᠠᠴᠢ ᠬᠦᠯᠥᠭ᠂ ᠬᠠᠴᠢᠨ᠂ ᠬᠠᠴᠢᠭᠣ᠂ ᠬᠠᠴᠣᠯᠠ᠂ ᠬᠠᠷᠠᠯᠳᠠᠢ᠂ ᠬᠠᠴᠢᠭᠣᠨ᠂ ᠨᠠᠴᠢᠨ ᠪᠠᠭᠠᠳᠣᠷ ᠲᠣᠯᠣᠭ᠎ᠠ ᠪᠦᠯᠦᠬᠡ᠃
46᠂ ᠬᠠᠴᠢ ᠬᠦᠯᠥᠭ ᠤᠨ ᠬᠦᠪᠡᠬᠥᠨ ᠬᠠᠢ᠌ᠳᠣ᠂ ᠨᠣᠮᠣᠯᠣᠨ ᠡᠬᠡ ᠡᠴᠡ ᠲᠥᠷᠥᠭᠰᠡᠨ ᠪᠦᠯᠦᠬᠡ᠃ ᠬᠠᠴᠢᠨ ᠤ ᠬᠦᠪᠡᠬᠥᠨ ᠨᠣᠶᠠᠬᠢᠳᠠᠢ ᠨᠠᠷᠠ ᠲᠡᠶ ᠪᠦᠯᠦᠬᠡ᠃ ᠨᠣᠶᠠᠨ ᠰᠢᠭ ᠠᠪᠣᠷᠢᠳᠠᠢ ᠲᠣᠯᠠ ᠨᠣᠶᠠᠬᠢᠨ ᠣᠪᠣᠭᠳᠠᠨ ᠪᠣᠯᠪᠠ᠃ ᠬᠠᠴᠢᠭᠣ ᠶᠢᠨ ᠬᠦᠪᠡᠬᠥᠨ ᠪᠠᠷᠣᠯᠳᠠᠢ ᠨᠠᠷᠠᠳᠣ ᠪᠦᠯᠦᠬᠡ᠃ ᠶᠡᠬᠡ ᠪᠠᠶ᠎ᠠ ᠲᠡᠶ ᠪᠠ ᠢᠳᠡᠬᠡ ᠪᠠᠷᠠᠬᠣ ᠬᠣᠪᠳᠣᠭ ᠲᠣᠯᠠ ᠪᠠᠷᠣᠯᠠᠰ ᠣᠪᠣᠭᠳᠠᠨ ᠪᠣᠯᠪᠠ᠃ ᠬᠠᠴᠣᠯᠠ ᠶᠢᠨ ᠬᠦᠪᠡᠬᠥᠨ ᠪᠠᠰᠠ ᠢᠳᠡᠬᠡ ᠪᠠᠷᠠᠳᠠᠭ ᠬᠣᠪᠳᠣᠭ ᠲᠣᠯᠠ ᠶᠡᠬᠡ ᠪᠠᠷᠣᠯᠠ᠂ ᠦᠴᠥᠬᠡᠨ ᠪᠠᠷᠣᠯᠠ ᠬᠡᠳᠡᠭ ᠬᠣᠴᠢ ᠨᠡᠷ᠎ᠡ ᠲᠡᠶ ᠪᠣᠯᠵᠣ᠂ ᠣᠯᠠᠮ ᠶᠢᠠᠷ ᠡᠷᠳᠠᠮᠳᠣ ᠪᠠᠷᠣᠯᠠ᠂ ᠲᠦᠲᠦᠬᠡᠨ ᠪᠠᠷᠣᠯᠠ ᠲᠡᠷᠢᠬᠥᠳᠡᠨ ᠪᠠᠷᠣᠯᠠᠰ ᠣᠪᠣᠭᠳᠠᠨ ᠪᠣᠯᠪᠠ᠃ ᠬᠠᠷᠠᠯᠳᠠᠢ ᠶᠢᠨ ᠬᠦᠪᠡᠬᠥᠨ ᠪᠣᠳᠠᠭ᠎ᠠ ᠮᠠᠳᠣ ᠡᠬᠢ ᠲᠥᠷᠣᠬᠥᠤ ᠦᠭᠡᠶ ᠬᠣᠳᠬᠣᠯᠳᠣᠬᠣ ᠲᠣᠯᠠ ᠪᠣᠳᠠᠭᠠᠳ ᠣᠪᠣᠭᠳᠠᠨ ᠪᠣᠯᠪᠠ᠃ ᠬᠠᠴᠢᠭᠣᠨ ᠤ ᠬᠦᠪᠡᠬᠥᠨ ᠠᠳᠠᠷᠬᠢᠳᠠᠢ ᠨᠠᠷᠠᠳᠣ ᠪᠦᠯᠦᠬᠡ᠃ ᠡᠠᠬ᠎ᠠ ᠲᠡᠬᠥᠤ ᠶᠢᠨ ᠲᠣᠮᠳᠠ ᠠᠳᠠᠷᠮᠠᠭᠠᠳᠠᠢ (ᠶᠠᠬᠢᠷ ᠬᠡᠷᠦᠬᠦᠯᠴᠢ) ᠲᠣᠯᠠ ᠠᠳᠠᠷᠬᠢᠨ ᠣᠪᠣᠭᠳᠠᠨ ᠪᠣᠯᠪᠠ᠃ ᠨᠠᠴᠢᠨ ᠪᠠᠭᠠᠳᠣᠷ ᠤᠨ ᠬᠦᠪᠡᠬᠥᠨ ᠣᠷᠣᠭᠣᠳᠠᠢ᠂ ᠮᠠᠩᠭ᠋ᠣᠳᠠᠢ ᠬᠣᠶᠠᠷ ᠪᠦᠯᠦᠬᠡ᠃ ᠣᠷᠣᠭᠣᠳ᠂ ᠮᠠᠩᠭ᠋ᠣᠳ ᠣᠪᠣᠭᠳᠠᠨ ᠪᠣᠯᠪᠠ᠃ ᠨᠠᠴᠢᠨ ᠪᠠᠭᠠᠳᠣᠷ ᠤᠨ ᠠᠪᠠᠯᠢ ᠡᠮ᠎ᠠ ᠡᠴᠡ ᠲᠥᠷᠥᠭᠰᠡᠨ ᠬᠦᠪᠡᠬᠥᠨ ᠰᠢᠵᠣᠭᠣᠳᠠᠢ᠂ ᠲᠣᠭᠣᠯᠳᠠᠢ ᠬᠣᠶᠠᠷ ᠪᠦᠯᠦᠬᠡ᠃
47᠂ ᠬᠠᠢ᠌ᠳᠣ ᠶᠢᠨ ᠬᠦᠪᠡᠭᠦᠳ ᠪᠠᠢ᠌ᠰᠢᠩᠬᠣᠷ ᠲᠣᠭᠰᠢᠨ᠂ ᠴᠢᠷᠬᠠᠢ ᠯᠢᠩᠬᠤ᠂ ᠴᠠᠣᠵᠢᠨ ᠣᠷᠳᠠᠭᠠᠢ ᠭᠣᠷᠪᠠ ᠪᠦᠯᠦᠬᠡ᠃ ᠪᠠᠢ᠌ᠰᠢᠩᠬᠣᠷ ᠲᠣᠭᠰᠢᠨ ᠤ ᠬᠦᠪᠡᠬᠥᠨ ᠲᠣᠮᠪᠢᠨᠠᠢ ᠰᠠᠴᠠᠨ ᠪᠦᠯᠦᠬᠡ᠃ ᠴᠢᠷᠬᠠᠢ ᠯᠢᠩᠬᠤ ᠶᠢᠨ ᠬᠦᠪᠡᠬᠥᠨ ᠰᠠᠩᠬᠥᠮ ᠪᠢᠯᠬᠡ᠂ ᠠᠮᠪᠠᠭᠠᠢ ᠲᠠᠨ ᠲᠠᠢ᠌ᠴᠢᠭᠣᠳ ᠣᠪᠣᠭᠳᠠᠨ ᠪᠣᠯᠪᠠ᠃ ᠴᠢᠷᠬᠠᠢ ᠯᠢᠩᠬᠤ ᠶᠢᠨ ᠪᠡᠷᠬᠡᠨ ᠶᠢᠠᠨ ᠡᠮ᠎ᠠ ᠪᠣᠯᠭᠠᠨ ᠠᠪᠴᠣ ᠨᠢᠬᠡᠨ ᠬᠦᠪᠡᠬᠥᠨ ᠲᠥᠷᠣᠵᠡᠢ᠃ ᠨᠡᠷ᠎ᠡ ᠨᠢ ᠪᠠᠰᠣᠳᠠᠢ ᠬᠡᠨ᠎ᠡ᠃ ᠪᠠᠰᠣᠳ ᠣᠪᠣᠭᠳᠠᠨ ᠪᠣᠯᠪᠠ᠃ ᠴᠠᠣᠵᠢᠨ ᠣᠷᠳᠠᠭᠠᠢ ᠵᠢᠷᠭᠣᠭᠠᠨ ᠬᠦᠪᠡᠬᠥᠨ ᠲᠡᠶ᠂ ᠨᠡᠷ᠎ᠡ ᠨᠢ᠄ ᠣᠷᠣᠨᠠᠷ᠂ ᠬᠣᠩᠬᠣᠳᠠᠨ᠂ ᠠᠷᠣᠯᠠᠳ᠂ ᠰᠦᠨᠢᠥᠨ᠂ ᠬᠠᠪᠳᠣᠷᠬᠠᠰ᠂ ᠬᠡᠨᠢᠬᠡᠰ ᠬᠡᠳᠡᠭ ᠲᠣᠯᠠ ᠡᠢ᠌ᠮᠣ ᠣᠪᠣᠭᠳᠠᠨ ᠪᠣᠯᠪᠠ᠃
48᠂ ᠲᠣᠮᠪᠢᠨᠠᠢ ᠰᠠᠴᠠᠨ ᠤ ᠬᠦᠪᠡᠬᠥᠨ ᠬᠠᠪᠣᠯ ᠬᠠᠭᠠᠨ ᠰᠠᠮ ᠰᠠᠴᠣᠯᠠ ᠬᠣᠶᠠᠷ ᠪᠦᠯᠦᠬᠡ᠃ ᠰᠠᠮ ᠰᠠᠴᠣᠯᠠ ᠶᠢᠨ ᠬᠦᠪᠡᠬᠥᠨ ᠪᠦᠯᠳᠡᠴᠦ ᠪᠠᠭᠠᠳᠣᠷ ᠪᠦᠯᠦᠬᠡ᠃ ᠬᠠᠪᠣᠯ ᠬᠠᠭᠠᠨ ᠲᠣᠯᠣᠭᠠᠨ ᠬᠦᠪᠡᠬᠥᠨ ᠲᠡᠶ᠂ ᠲᠠᠳᠠᠨ ᠤ ᠨᠡᠷ᠎ᠡ ᠨᠢ ᠣᠬᠢᠨ ᠪᠠᠷᠬᠠᠭ᠂ ᠪᠠᠷᠳᠠᠨ ᠪᠠᠭᠠᠳᠣᠷ᠂ ᠬᠣᠳᠣᠭᠳᠣ ᠮᠦᠩᠬᠥᠷ᠂ ᠬᠣᠳᠠᠯᠠ ᠬᠠᠭᠠᠨ᠂ ᠬᠣᠯᠠᠨ᠂ ᠬᠠᠳᠠᠭᠠᠨ᠂ ᠲᠦᠲᠦᠬᠡᠨ ᠤᠳᠴᠢᠬᠢᠨ ᠬᠡᠨ᠎ᠡ᠃
49᠂ ᠣᠬᠢᠨ ᠪᠠᠷᠬᠠᠭ ᠤᠨ ᠬᠦᠪᠡᠬᠥᠨ ᠬᠣᠳᠣᠭᠳᠣ ᠵᠦᠷᠬᠢ ᠪᠦᠯᠦᠬᠡ᠃ ᠬᠣᠳᠣᠭᠳᠣ ᠵᠦᠷᠬᠢ ᠶᠢᠨ ᠬᠦᠪᠡᠭᠦᠳ ᠰᠠᠴᠠ ᠪᠠᠬᠢ᠂ ᠲᠠᠢ᠌ᠴᠣ ᠬᠣᠶᠠᠷ ᠪᠦᠯᠦᠬᠡ᠃ ᠲᠠᠳᠠ ᠵᠦᠷᠬᠢ ᠣᠪᠣᠭᠳᠠᠨ ᠪᠣᠯᠪᠠ᠃
50᠂ ᠪᠠᠷᠳᠠᠨ ᠪᠠᠭᠠᠳᠣᠷ ᠤᠨ ᠬᠦᠪᠡᠭᠦᠳ ᠮᠠᠩᠬᠡᠲᠦ ᠬᠢᠶᠣᠨ᠂ ᠨᠡᠬᠥᠨ ᠲᠠᠢ᠌ᠵᠢ᠂ ᠶᠢᠰᠦᠬᠡᠢ ᠪᠠᠭᠠᠳᠣᠷ᠂ ᠲᠠᠷᠢᠳᠠᠢ ᠤᠳᠴᠢᠬᠢᠨ ᠡᠨᠠ ᠲᠥᠷᠪᠡ ᠪᠦᠯᠦᠬᠡ᠃ ᠬᠣᠳᠣᠭᠳᠣ ᠮᠦᠩᠬᠥᠷ ᠤᠨ ᠬᠦᠪᠡᠬᠥᠨ ᠪᠦᠷᠢ ᠪᠦᠬᠡ ᠪᠦᠯᠦᠬᠡ᠃ ᠣᠨᠣᠨ ᠮᠥᠷᠡᠨ ᠤ ᠰᠢᠭᠣᠢ ᠳᠤ ᠬᠣᠷᠢᠮᠯᠠᠬᠣ ᠴᠠᠭ ᠲᠤ ᠪᠡᠯᠬᠥᠳᠡᠢ ᠶᠢᠨ ᠮᠥᠷᠤ ᠶᠢ ᠲᠠᠷᠠ ᠲᠠᠰᠣ ᠴᠠᠪᠴᠢᠭᠰᠠᠨ ᠪᠢᠯᠠ᠃
51᠂ ᠬᠣᠳᠠᠯᠠ ᠬᠠᠭᠠᠨ ᠤ ᠬᠦᠪᠡᠭᠦᠳ ᠵᠦᠴᠢ᠂ ᠬᠢᠷᠮᠠᠭᠣ᠂ ᠠᠯᠳᠠᠨ ᠭᠣᠷᠪᠠ ᠪᠦᠯᠦᠬᠡ᠃ ᠬᠣᠯᠠᠨ ᠪᠠᠭᠠᠳᠣᠷ ᠤᠨ ᠬᠦᠪᠡᠬᠥᠨ ᠶᠡᠬᠡ ᠴᠠᠷ᠎ᠠ ᠪᠦᠯᠦᠬᠡ᠃ ᠪᠠᠳᠠᠢ᠂ ᠭᠢᠯᠢᠰᠢᠭ ᠬᠤᠶᠠᠷ ᠳᠠᠷᠬᠠᠳ ᠤᠨ ᠨᠤᠶᠠᠳ ᠪᠤᠯᠪᠠ᠃ ᠬᠠᠳᠠᠭᠠᠨ᠂ ᠳᠦᠳᠦᠭᠡᠨ ᠬᠤᠶᠠᠷ ᠦᠷ᠎ᠡ ᠦᠭᠡᠢ ᠦᠩᠭᠡᠷᠡᠵᠡᠢ᠃
52᠂ ᠬᠠᠮᠣᠭ ᠮᠣᠩᠭ᠋ᠣᠯ ᠢ ᠬᠠᠪᠣᠯ ᠬᠠᠭᠠᠨ ᠵᠠᠬᠢᠷᠴᠣ ᠪᠠᠢ᠌ᠪᠠ᠃ ᠬᠠᠪᠣᠯ ᠬᠠᠭᠠᠨ ᠲᠣᠯᠣᠭᠠᠨ ᠬᠦᠪᠡᠬᠥᠨ ᠶᠢᠠᠨ ᠪᠠᠢ᠌ᠳᠠᠯ᠎ᠠ᠂ ᠰᠠᠩᠬᠥᠮ ᠪᠢᠯᠬᠡ ᠶᠢᠨ ᠬᠦᠪᠡᠬᠥᠨ ᠠᠮᠪᠠᠭᠠᠢ ᠶᠢ ᠬᠠᠮᠣᠭ ᠮᠣᠩᠭ᠋ᠣᠯ ᠤᠨ ᠬᠠᠭᠠᠨ ᠪᠣᠯᠭᠠᠬᠣ ᠪᠠᠷ ᠬᠡᠯᠡᠭ᠍ᠰᠡᠨ ᠠᠵᠠᠢ᠃
53᠂ ᠪᠣᠢ᠌ᠷ ᠬᠦᠯᠥᠨ ᠬᠣᠶᠠᠷ ᠨᠠᠭᠣᠷ ᠢ ᠬᠣᠯᠪᠣᠵᠣ ᠣᠷᠣᠰᠬᠣ ᠣᠷᠱᠣᠨ ᠮᠥᠷᠡᠨ ᠳᠤ ᠠᠢ᠌ᠷᠢᠭᠣᠳ᠂ ᠪᠣᠢ᠌ᠷᠣᠭᠣᠳ ᠣᠪᠣᠭ ᠤᠨ ᠲᠠᠲ᠋ᠠᠷ ᠠᠢ᠌ᠮᠠᠭ ᠨᠣᠳᠣᠭᠯᠠᠨ᠎ᠠ᠃ ᠲᠠᠳᠠᠨ ᠳᠤ ᠠᠮᠪᠠᠭᠠᠢ ᠬᠠᠭᠠᠨ ᠦᠬᠢᠨ ᠶᠢᠠᠨ ᠦᠭᠴᠦ ᠦᠪᠡᠷ ᠶᠢᠠᠨ ᠦᠬᠢᠨ ᠢ ᠬᠦᠷᠬᠡᠵᠦ ᠣᠴᠢᠭᠠᠳ ᠲᠠᠲ᠋ᠠᠷ ᠲᠤ ᠪᠠᠷᠢᠭᠳᠠᠪᠠ᠃ ᠲᠠᠲ᠋ᠠᠷ ᠠᠮᠪᠠᠭᠠᠢ ᠬᠠᠭᠠᠨ ᠢ ᠪᠠᠷᠢᠵᠣ᠂ ᠬᠢᠳᠠᠳ ᠤᠨ ᠠᠯᠳᠠᠨ ᠬᠠᠭᠠᠨ ᠳᠤ ᠬᠦᠷᠬᠡᠬᠥᠯᠪᠡ᠃ ᠪᠠᠰᠣᠳ ᠣᠪᠣᠭ ᠤᠨ ᠪᠠᠯᠬᠠᠴᠢ ᠬᠡᠳᠡᠭ ᠬᠦᠮᠥᠨ ᠢ ᠡᠯᠴᠢ ᠪᠣᠯᠭᠠᠵᠣ᠂ ᠠᠮᠪᠠᠭᠠᠢ ᠬᠠᠭᠠᠨ ᠤ ᠬᠡᠯᠡᠭ᠍ᠰᠡᠨ ᠨᠢ᠄ 《ᠬᠠᠪᠣᠯ ᠬᠠᠭᠠᠨ ᠤ ᠲᠣᠯᠣᠭᠠᠨ ᠬᠦᠪᠡᠬᠥᠨ ᠤ ᠲᠣᠮᠳᠠᠬᠢ ᠬᠣᠳᠠᠯᠠ ᠳᠤ᠂ ᠮᠢᠨᠣ ᠠᠷᠪᠠᠨ ᠬᠦᠪᠡᠬᠥᠨ ᠤ ᠲᠣᠮᠳᠠᠬᠢ ᠬᠠᠳᠠᠭᠠᠨ ᠲᠠᠢ᠌ᠵᠢ ᠳᠤ ᠴᠢ ᠣᠴᠢᠵᠣ ᠬᠡᠯᠡ᠂ ᠬᠠᠮᠣᠭ ᠤᠨ ᠬᠠᠭᠠᠨ ᠣᠯᠣᠰ ᠤᠨ ᠡᠵᠠᠨ ᠪᠠᠢ᠌ᠳᠠᠯ᠎ᠠ ᠦᠬᠢᠨ ᠶᠢᠠᠨ ᠦᠪᠡᠷ ᠶᠢᠠᠨ ᠦᠳᠡᠵᠦ ᠬᠦᠷᠬᠡᠬᠥ ᠶᠢ ᠨᠠᠳᠠ ᠪᠠᠷ ᠴᠡᠬᠡᠷᠯᠡᠯ ᠪᠣᠯᠭᠠᠭᠳᠣᠨ︕ ᠪᠢ ᠲᠠᠲ᠋ᠠᠷ ᠠᠢ᠌ᠮᠠᠭ ᠲᠤ ᠪᠠᠷᠢᠭᠳᠠᠪᠠ᠃ ᠲᠠᠪᠣᠨ ᠬᠣᠷᠣᠭᠣᠨ ᠤ ᠬᠢᠮᠣᠰᠣ ᠶᠢ ᠲᠠᠮᠳᠣᠷᠠᠳᠠᠯᠠ᠂ ᠠᠷᠪᠠᠨ ᠬᠣᠷᠣᠭᠣ ᠪᠠᠨ ᠪᠠᠷᠠᠭᠳᠠᠳᠠᠯ᠎ᠠ ᠮᠢᠨᠣ ᠦᠰᠢᠶ᠎ᠡ ᠶᠢ ᠠᠪᠬᠣ ᠶᠢ ᠣᠷᠣᠯᠳᠣᠭᠳᠣᠨ︕》 ᠬᠡᠵᠦ ᠢᠯᠡᠬᠡᠵᠡᠢ᠃
54᠂ ᠲᠠᠷᠠ ᠴᠠᠭ ᠲᠤ ᠶᠢᠰᠦᠬᠡᠢ ᠪᠠᠭᠠᠳᠣᠷ ᠰᠢᠪᠠᠭᠣ ᠠᠩᠨᠠᠨ ᠶᠠᠪᠣᠬᠣ ᠵᠠᠭᠣᠷ᠎ᠠ ᠣᠯᠬᠣᠨᠣᠳ ᠠᠢ᠌ᠮᠠᠭ ᠡᠴᠡ ᠡᠮ᠎ᠠ ᠠᠪᠣᠭᠠᠳ ᠪᠣᠴᠠᠵᠣ ᠶᠠᠪᠣᠭ᠎ᠠ ᠮᠠᠷᠭᠢᠳ ᠤᠨ ᠶᠡᠬᠡ ᠴᠢᠯᠠᠳᠣ ᠬᠡᠳᠡᠭ ᠬᠦᠮᠥᠨ ᠲᠡᠶ ᠠᠭᠣᠯᠵᠠᠪᠠ᠃ ᠲᠡᠬᠥᠨ ᠤ ᠡᠮ᠎ᠠ ᠶᠢ ᠥᠩᠬᠡᠢ᠌ᠵᠦ ᠦᠵᠡᠪᠡᠯ ᠭᠣᠸ᠎ᠠ ᠦᠵᠡᠰᠬᠥᠯᠠᠩᠳᠡᠢ ᠬᠠᠳᠣᠨ ᠪᠠᠢ᠌ᠨ᠎ᠠ᠃ ᠶᠢᠰᠦᠬᠡᠢ ᠪᠠᠭᠠᠳᠣᠷ ᠬᠡᠷ ᠲᠡᠭᠡᠨ ᠲᠠᠪᠬᠢᠵᠣ ᠢᠷᠡᠬᠡᠥᠨ᠂ ᠡᠠᠬ᠎ᠠ ᠨᠡᠬᠥᠨ ᠲᠠᠢ᠌ᠵᠢ᠂ ᠲᠡᠬᠥᠤ ᠲᠠᠷᠢᠳᠠᠢ ᠣᠳᠴᠢᠬᠢᠨ ᠬᠣᠶᠠᠷ ᠢ ᠲᠠᠭᠠᠭᠣᠯᠣᠨ ᠮᠣᠷᠳᠠᠵᠣ᠂ ᠶᠡᠬᠡ ᠴᠢᠯᠠᠳᠣ ᠶᠢ ᠬᠦᠢᠴᠡᠵᠦ ᠣᠴᠢᠪᠠᠯ᠂
55᠂ ᠲᠠᠷᠠ ᠠᠶᠣᠵᠣ᠂ ᠬᠣᠷᠳᠣᠨ ᠤᠬᠠᠭ᠎ᠠ ᠮᠣᠷᠢᠨ ᠤ ᠭᠣᠶ᠎ᠠ ᠶᠢ ᠲᠠᠰᠢᠭᠣᠷᠳᠠᠵᠣ᠂ ᠠᠭᠣᠯᠠ ᠶᠢᠨ ᠪᠠᠯ ᠶᠢᠠᠷ ᠲᠣᠳᠠᠭᠠᠪᠠ᠃ ᠲᠡᠬᠥᠨ ᠢ ᠭᠣᠷᠪᠠᠭᠣᠯᠠ ᠪᠠᠨ ᠴᠣᠪᠠᠯᠳᠠᠨ ᠬᠦᠬᠡᠬᠡᠪᠡᠯ ᠲᠠᠷᠠ ᠣᠯᠠᠮ ᠲᠣᠳᠠᠭᠠᠭᠰᠠᠭᠠᠷ ᠨᠢᠬᠡᠨ ᠬᠣᠰᠢᠭᠣ ᠶᠢ ᠲᠣᠭᠣᠷᠢᠵᠣ ᠡᠷᠬᠢᠵᠣ ᠲᠡᠷᠬᠡᠨ ᠳᠡᠭᠡᠨ ᠬᠦᠷᠴᠦ ᠢᠷᠡᠭ᠍ᠰᠡᠨ ᠳᠤ ᠡᠮ᠎ᠠ ᠦᠬᠡᠯᠥᠨ ᠦᠵᠢᠨ (ᠹᠦᠵᠢᠨ ᠭᠡᠵᠦ ᠬᠢᠳᠡᠳ ᠶᠢᠠᠷ ᠬᠠᠳᠤᠨ ᠢ ᠬᠡᠯᠡᠨ᠎ᠡ) ᠦᠬᠦᠯᠡᠷᠦᠨ ᠄ 《ᠲᠠᠷᠠ ᠭᠣᠷᠪᠠᠨ ᠬᠦᠮᠥᠨ ᠤ ᠣᠴᠢᠷ ᠢ ᠮᠠᠳᠠᠪᠠ ᠦᠦ ᠴᠢ︖ ᠲᠠᠳᠠᠨ ᠤ ᠴᠢᠷᠠᠢ ᠰᠠᠵᠢᠭ᠍ᠯᠠᠮᠠᠷ ᠪᠠᠢ᠌ᠨ᠎ᠠ᠂ ᠴᠢᠨᠣ ᠠᠮᠢᠨ ᠳᠤ ᠬᠣᠣᠷ ᠬᠦᠷᠬᠡᠵᠦ ᠪᠣᠯᠣᠨ᠎ᠠ᠂ ᠠᠮᠢᠳᠣ ᠮᠠᠠᠳᠣ ᠦᠯᠠᠳᠡᠪᠡᠯ ᠡᠬᠡᠨᠡᠷ ᠢ ᠣᠯᠬᠣ ᠳᠤ ᠪᠡᠷᠬᠡ ᠦᠭᠡᠶ᠂ ᠮᠣᠬᠣᠯᠠᠭ ᠲᠣᠳᠣᠮ ᠦᠬᠢᠥᠨ ᠪᠣᠢ᠂ ᠲᠡᠷᠬᠡ ᠲᠣᠳᠣᠮ ᠬᠠᠳᠣᠳ ᠪᠣᠢ᠃ (ᠮᠢᠨᠤ ᠮᠡᠳᠦ ᠡᠬᠡᠨᠡᠷ ᠤᠯᠳᠠᠨ᠎ᠠ) ᠬᠡᠷᠪᠡ ᠨᠠᠮᠢ᠋ᠢ ᠰᠠᠨᠠᠪᠠᠯ ᠲᠠᠬᠢᠨ ᠠᠪᠣᠭᠰᠠᠨ ᠬᠡᠷᠬᠡᠢ ᠶᠢ ᠮᠢᠨᠣ ᠨᠠᠷᠠ ᠪᠠᠷ ᠨᠡᠷᠡᠯᠡᠭ᠍ᠳᠥᠨ᠃ ᠣᠳᠣ ᠠᠮᠢᠨ ᠶᠢᠠᠨ ᠠᠷᠠᠴᠢᠯᠨ᠂ ᠮᠢᠨᠣ ᠦᠨᠥᠷ ᠢ ᠦᠨᠥᠰᠴᠦ ᠶᠠᠪᠣ》 ᠬᠡᠥᠨ ᠡᠮᠥᠰᠥᠭᠰᠡᠨ ᠴᠠᠮᠴᠠ ᠪᠠᠨ ᠲᠠᠢ᠌ᠯᠵᠣ ᠦᠭ᠍ᠪᠡ᠃ ᠶᠡᠬᠡ ᠴᠢᠯᠠᠳᠣ ᠲᠠᠷᠠ ᠴᠠᠮᠴᠠ ᠶᠢ ᠮᠣᠷᠢᠨ ᠲᠡᠬᠡᠷ᠎ᠡ ᠡᠴᠡ ᠲᠣᠩᠭ᠋ᠣᠢ᠌ᠵᠣ ᠠᠪᠣᠮᠠᠭᠴᠠ ᠬᠠᠷᠠᠪᠠᠯ᠂ ᠨᠦᠬᠥᠬᠡ ᠭᠣᠷᠪᠠ ᠮᠦᠨ ᠬᠣᠰᠢᠭᠣ ᠶᠢ ᠲᠣᠭᠣᠷᠢᠵᠣ ᠨᠡᠬᠡᠵᠦ ᠠᠢ᠌ᠰᠣᠢ᠃ ᠴᠢᠯᠠᠳᠣ ᠬᠣᠷᠳᠣᠨ ᠤᠬᠠᠭ᠎ᠠ ᠮᠣᠷᠢᠨ ᠤ ᠭᠣᠶ᠎ᠠ ᠶᠢ ᠲᠠᠰᠢᠭᠣᠷᠳᠠᠵᠣ ᠶᠠᠭᠠᠷᠠᠨ ᠣᠨᠣᠨ ᠮᠥᠷᠡᠨ ᠦᠬᠡᠳᠡ ᠲᠣᠳᠠᠭᠠᠪᠠ᠃
56᠂ ᠲᠡᠬᠥᠨ ᠢ ᠭᠣᠷᠪᠠᠭᠣᠯᠠ ᠬᠣᠢ᠌ᠨ᠎ᠠ ᠡᠴᠡ ᠨᠢ ᠨᠡᠬᠡᠵᠦ ᠲᠣᠯᠣᠭᠠᠨ ᠲᠠᠪᠠᠭ᠎ᠠ ᠲᠠᠪᠠᠳᠠᠯ᠎ᠠ ᠬᠦᠬᠡᠬᠡᠵᠦ ᠣᠷᠬᠢᠭᠠᠳ᠂ ᠦᠬᠡᠯᠥᠨ ᠦᠵᠢᠨ ᠢ ᠠᠪᠴᠣ ᠶᠢᠰᠦᠬᠡᠢ ᠪᠠᠭᠠᠳᠣᠷ ᠵᠢᠯᠣᠭᠣᠳᠣᠨ ᠬᠦᠳᠥᠯᠵᠦ᠂ ᠡᠠᠬ᠎ᠠ ᠨᠡᠬᠥᠨ ᠲᠠᠢ᠌ᠵᠢ ᠲᠡᠷᠢᠬᠥᠯᠡᠵᠦ᠂ ᠲᠡᠬᠥᠤ ᠲᠠᠷᠢᠳᠠᠢ ᠤᠳᠴᠢᠬᠢᠨ ᠬᠠᠵᠠᠭᠣ ᠳᠤ ᠲᠠᠭᠠᠵᠣ (ᠳᠡᠮᠡᠭᠡ ᠵᠢ ᠬᠡᠯᠢᠵᠤ) ᠶᠠᠪᠣᠨ᠎ᠠ᠃ ᠡᠬᠥᠨ ᠳᠤ ᠦᠬᠡᠯᠥᠨ ᠦᠵᠢᠨ ᠦᠬᠥᠯᠡᠷᠥᠨ᠄
《ᠮᠢᠨᠣ ᠡᠷ᠎ᠠ ᠴᠢᠯᠠᠳᠣ
ᠰᠡᠷᠢᠬᠥᠨ ᠰᠠᠯᠬᠢᠨ ᠳᠤ
ᠰᠡᠪᠡᠯᠬᠡ ᠦᠰᠤ ᠪᠠᠨ ᠬᠡᠢ᠌ᠰᠬᠡᠵᠦ
ᠬᠡᠬᠡᠷ᠎ᠡ ᠬᠦᠳᠡᠬᠡ
ᠬᠡᠳᠡᠰᠤ ᠪᠠᠨ ᠦᠯᠥᠰᠬᠡᠵᠦ ᠶᠠᠭᠠᠬᠢᠨ ᠵᠤᠪᠠᠬᠣ ᠪᠣᠯᠪᠠ︖
ᠣᠳᠣ ᠪᠢ ᠬᠣᠶᠠᠷ ᠰᠡᠪᠡᠯᠬᠡ ᠦᠰᠤ ᠪᠠᠨ ᠬᠤᠢ᠌ᠰᠢ ᠣᠷᠣᠭᠰᠢ ᠣᠠᠵᠢᠭᠣᠯᠵᠣ ᠶᠠᠭᠠᠬᠢᠨ ᠣᠳᠣᠨ᠎ᠠ︖》ᠬᠡᠥᠨ ᠣᠨᠣᠨ ᠮᠥᠷᠡᠨ ᠢ ᠲᠣᠯᠬᠢᠰᠳᠠᠯᠠ᠂ ᠣᠢ ᠰᠢᠭᠣᠢ ᠶᠢ ᠭᠠᠩᠬᠠᠳᠠᠯᠠ ᠶᠡᠬᠡ ᠲᠠᠭᠣ ᠪᠠᠷ ᠣᠬᠢᠯᠠᠬᠣ ᠳᠤ
ᠲᠠᠷᠢᠳᠠᠢ ᠤᠳᠴᠢᠬᠢᠨ ᠬᠠᠵᠠᠭᠣ ᠡᠴᠡ ᠦᠬᠥᠯᠡᠷᠥᠨ᠄
《ᠲᠡᠪᠡᠷᠢᠬᠥ ᠬᠠᠢ᠌ᠷᠠᠳᠣ ᠡᠷ᠎ᠠ ᠴᠢᠨᠢ
ᠲᠡᠷᠳᠡᠬᠡ ᠲᠠᠪᠠᠭ᠎ᠠ ᠶᠢ ᠲᠠᠪᠠᠪᠠ᠂
ᠣᠬᠢᠯᠠᠨ ᠰᠠᠨᠠᠬᠣ ᠡᠷ᠎ᠠ ᠴᠢᠨᠢ
ᠣᠰᠣ ᠣᠯᠠᠨ ᠢ ᠬᠡᠳᠥᠯᠪᠡ᠂
ᠬᠠᠢ᠌ᠯᠠᠵᠣ ᠣᠬᠢᠯᠠᠪᠠᠴᠣ
ᠬᠠᠷᠠᠵᠣ ᠴᠢᠮᠢ᠋ᠢ ᠦᠵᠡᠬᠥ ᠦᠭᠡᠶ᠂
ᠬᠠᠢ᠌ᠵᠣ ᠡᠷᠢᠪᠠᠴᠣ
ᠬᠠᠭᠠᠯᠭ᠎ᠠ ᠵᠠᠮ ᠨᠢ ᠣᠯᠳᠠᠬᠣ ᠦᠭᠡᠶ᠂
ᠭᠣᠷᠪᠠᠨ ᠭᠣᠣᠯ ᠬᠡᠳᠥᠯᠬᠡᠪᠡ
ᠭᠣᠷᠪᠠᠨ ᠭᠣᠷᠪᠠ ᠶᠢ ᠲᠠᠪᠠᠭᠣᠯᠪᠠ
ᠬᠠᠢ᠌ᠪᠠᠯ ᠮᠦᠷ ᠦᠭᠡᠶ
ᠬᠠᠷᠠᠪᠠᠯ ᠪᠠᠷ᠎ᠠ ᠦᠭᠡᠶ
ᠬᠠᠢ᠌ᠯᠠᠪᠠᠯ ᠦᠯᠤ ᠰᠣᠨᠣᠰᠳᠠᠨ᠎ᠠ
ᠲᠣᠭᠣᠢ ᠪᠠᠢ》 ᠬᠡᠵᠦ ᠢᠳᠬᠠᠪᠠ᠃
ᠦᠬᠡᠯᠥᠨ ᠦᠵᠢᠨ ᠢ ᠶᠢᠰᠦᠬᠡᠢ ᠪᠠᠭᠠᠳᠣᠷ ᠲᠡᠬᠡᠬᠡᠥᠨ ᠬᠡᠷ ᠲᠡᠭᠡᠨ ᠠᠪᠴᠢᠷᠠᠵᠣ ᠬᠡᠷᠬᠡᠢ ᠪᠣᠯᠭᠠᠪᠠ᠃ ᠦᠬᠡᠯᠥᠨ ᠦᠵᠢᠨ ᠢ ᠶᠢᠰᠦᠬᠡᠢ ᠪᠠᠭᠠᠳᠣᠷ ᠤᠨ ᠠᠪᠴᠢᠷᠠᠭᠰᠠᠨ ᠶᠣᠰᠣ ᠡᠢ᠌ᠮᠣ ᠪᠦᠯᠦᠬᠡ᠃
57᠂ ᠠᠮᠪᠠᠭᠠᠢ ᠬᠠᠭᠠᠨ ᠪᠠᠷᠢᠭᠳᠠᠭᠠᠳ᠂ ᠬᠠᠳᠠᠭᠠᠨ ᠬᠣᠳᠠᠯᠠ ᠬᠣᠶᠠᠷ ᠢ ᠨᠡᠷ᠎ᠡ ᠵᠢᠭᠠᠭᠰᠠᠨ ᠲᠣᠯᠠ᠂ ᠬᠠᠮᠣᠭ ᠮᠣᠩᠭ᠋ᠣᠯ᠂ ᠲ᠋ᠠᠢ᠌ᠴᠢᠭᠣᠳ ᠨᠡᠷ ᠣᠨᠣᠨ ᠮᠥᠷᠡᠨ ᠤ ᠬᠣᠷᠬᠣᠨᠠᠭ ᠤᠨ ᠬᠦᠠᠳᠡᠢ ᠬᠡᠳᠡᠭ ᠭᠠᠵᠠᠷ ᠴᠣᠭᠯᠠᠷᠠᠵᠣ ᠬᠡᠯᠡᠯᠴᠡᠬᠡᠥᠨ᠂ ᠬᠣᠳᠠᠯᠠ ᠶᠢ ᠬᠠᠭᠠᠨ ᠪᠣᠯᠭᠠᠪᠠ᠃ ᠮᠣᠩᠭ᠋ᠣᠯ ᠤᠨ ᠵᠢᠷᠭᠠᠯᠠᠩ ᠨᠢ ᠪᠦᠵᠢᠭ᠌᠂ ᠬᠣᠷᠢᠮ ᠪᠦᠯᠦᠬᠡ᠃ ᠬᠣᠳᠠᠯᠠ ᠶᠢ ᠬᠠᠭᠠᠨ ᠡᠷᠬᠥᠮᠵᠢᠯᠡᠬᠡᠥᠨ ᠬᠣᠷᠬᠣᠨᠠᠭ ᠤᠨ ᠰᠠᠭᠯᠠᠭᠠᠷ ᠮᠣᠳᠣᠨ ᠤ ᠲᠣᠣᠷ᠎ᠠ ᠬᠠᠪᠢᠷᠭ᠎ᠠ ᠭᠠᠵᠠᠷ ᠢ ᠬᠠᠯᠴᠠᠷᠠᠳᠠᠯ᠎ᠠ᠂ ᠡᠪᠥᠳᠥᠭ ᠭᠠᠵᠠᠷ ᠢ ᠦᠯᠳᠥᠷᠳᠡᠯᠡ ᠲᠡᠪᠬᠡᠴᠡᠨ ᠪᠦᠵᠢᠭ᠍ᠯᠠᠵᠦ ᠬᠣᠷᠢᠮᠯᠠᠪᠠ᠃
58᠂ ᠬᠣᠳᠠᠯᠠ ᠬᠠᠭᠠᠨ ᠪᠣᠯᠣᠭᠠᠳ ᠬᠠᠳᠠᠭᠠᠨ ᠲᠠᠢ᠌ᠵᠢ ᠲᠡᠶ ᠬᠣᠶᠠᠭᠣᠯᠠ ᠪᠠᠨ ᠲᠠᠲ᠋ᠠᠷ ᠢᠷᠬᠡᠨ ᠡᠴᠡ ᠦᠰᠢᠶ᠎ᠡ ᠠᠪᠬᠣ ᠪᠠᠷ ᠮᠣᠷᠳᠠᠪᠠ᠃ ᠲᠠᠲ᠋ᠠᠷ ᠤᠨ ᠬᠦᠳᠥᠨ ᠪᠠᠷᠠᠬᠠ᠂ ᠵᠠᠯᠢ ᠪᠣᠬ᠎ᠠ ᠬᠣᠶᠠᠷ ᠲᠡᠶ ᠠᠷᠪᠠᠨ ᠭᠣᠷᠪᠠᠨ ᠣᠳᠠᠭ᠎ᠠ ᠪᠠᠢ᠌ᠯᠳᠣᠪᠠᠴᠣ ᠠᠮᠪᠠᠭᠠᠢ ᠬᠠᠭᠠᠨ ᠤ ᠦᠰᠢᠶ᠎ᠡ ᠶᠢ ᠰᠠᠢ᠌ᠳᠣᠷ ᠠᠪᠴᠣ ᠡᠰᠠ ᠴᠢᠳᠠᠪᠠ᠃
59᠂ ᠲᠠᠷᠠ ᠴᠠᠭ ᠲᠤ ᠶᠢᠰᠦᠬᠡᠢ ᠪᠠᠭᠠᠳᠣᠷ᠂ ᠲᠠᠲ᠋ᠠᠷ ᠤᠨ ᠲᠠᠮᠣᠵᠢᠨ ᠦᠬᠡ᠂ ᠬᠣᠷᠢ ᠪᠣᠬ᠎ᠠ ᠵᠠᠷᠬᠡ ᠶᠢᠨ ᠲᠠᠲ᠋ᠠᠷ ᠬᠦᠮᠥᠨ ᠢ ᠪᠠᠷᠢᠵᠣ ᠢᠷᠡᠬᠥ ᠳᠤ᠂ ᠵᠢᠷᠣᠮᠣᠰᠣᠨ ᠪᠠᠢ᠌ᠭᠰᠠᠨ ᠦᠬᠡᠯᠥᠨ ᠦᠵᠢᠨ ᠣᠨᠣᠨ ᠤ ᠲᠡᠯᠢᠬᠥᠨ ᠪᠣᠯᠳᠠᠭ ᠬᠡᠳᠡᠭ ᠭᠠᠵᠠᠷ ᠴᠢᠩᠬᠢᠰ ᠬᠠᠭᠠᠨ ᠢ ᠲᠥᠷᠣᠬᠥᠯᠵᠡᠢ᠃ ᠴᠢᠩᠬᠢᠰ ᠲᠥᠷᠣᠬᠥ ᠳᠡᠭᠡᠨ ᠪᠠᠷᠠᠭᠣᠨ ᠭᠠᠷ ᠲᠤ ᠪᠠᠨ ᠱᠠᠭ᠎ᠠ ᠶᠢᠨ ᠴᠢᠨᠡᠬᠡᠨ ᠨᠦᠵᠢ ᠠᠳᠭᠣᠨ ᠲᠥᠷᠣᠵᠡᠢ᠃ ᠲᠠᠲ᠋ᠠᠷ ᠤᠨ ᠲᠠᠮᠣᠵᠢᠨ ᠦᠬᠡ ᠶᠢ ᠪᠠᠷᠢᠵᠣ ᠢᠷᠡᠬᠥ ᠴᠠᠭ ᠲᠤ ᠲᠣᠬᠢᠶᠠᠯᠳᠣᠵᠣ ᠲᠥᠷᠣᠪᠡ ᠬᠡᠵᠦ ᠲᠠᠮᠣᠵᠢᠨ ᠨᠡᠷ᠎ᠡ ᠶᠢ ᠦᠭᠴᠡᠢ᠃
60᠂ ᠶᠢᠰᠦᠬᠡᠢ ᠪᠠᠭᠠᠳᠣᠷ ᠤᠨ ᠦᠬᠡᠯᠥᠨ ᠦᠵᠢᠨ ᠡᠴᠡ ᠲᠠᠮᠣᠵᠢᠨ᠂ ᠬᠠᠰᠠᠷ᠂ ᠬᠠᠴᠢᠭᠣᠨ᠂ ᠲᠡᠮᠣᠬᠡ ᠲᠥᠷᠪᠡᠨ ᠬᠦᠪᠡᠬᠥᠨ ᠲᠦᠷᠦᠪᠡ᠃ ᠪᠠᠰᠠ ᠳᠡᠮᠡᠥᠯᠠᠨ ᠨᠡᠷ᠎ᠡ ᠲᠠᠢ ᠨᠢᠭᠡᠨ ᠦᠬᠢᠨ ᠳᠦᠷᠦᠪᠡ᠃ (ᠶᠢᠰᠦᠭᠡᠢ ᠪᠠᠭᠠᠳᠤᠷ ᠤᠨ ᠨᠦᠬᠦᠭᠡ ᠭᠡᠷᠬᠡᠢ ᠰᠤᠴᠢᠭᠡᠯ ᠡᠭᠡ ᠡᠴᠡ ᠳᠦᠷᠦᠭᠰᠡᠨ ᠪᠡᠭ᠍ᠳᠡᠷ᠂ ᠪᠡᠯᠬᠦᠳᠡᠢ ᠬᠤᠶᠠᠷ ᠪᠦᠯᠦᠭᠡ᠃) ᠳᠡᠮᠦᠵᠢᠨ ᠢ ᠶᠢᠰᠤᠨ ᠨᠠᠰᠤᠳᠠᠢ ᠪᠠᠢ᠌ᠬᠤ ᠳᠤ ᠵᠦᠴᠢ ᠬᠠᠰᠠᠷ ᠳᠤᠯᠤᠭᠠᠨ ᠨᠠᠰᠤᠳᠠᠢ᠃ ᠬᠠᠴᠢᠭᠤᠨ ᠠᠯᠴᠢ ᠳᠠᠪᠤᠨ ᠨᠠᠰᠤᠳᠠᠢ᠃ ᠳᠡᠮᠦᠭᠡ ᠤᠳᠴᠢᠬᠢᠨ (ᠤᠳᠬᠤᠨ ᠨᠢ ᠭᠠᠯ ᠤᠨ ᠬᠠᠭᠠᠨ᠂ ᠭᠤᠯᠤᠮᠳᠠ ᠶᠢᠨ ᠡᠵᠡᠨ ᠭᠡᠰᠡᠨ ᠦᠭᠡ ᠪᠤᠯᠤᠨ᠎ᠠ) ᠭᠤᠷᠪᠠᠨ ᠨᠠᠰᠤᠳᠠᠢ᠃ ᠳᠡᠮᠤᠯᠠᠨ ᠦᠯᠦᠭᠡᠢ᠌ᠳᠡᠢ ᠪᠠᠢ᠌ᠭᠰᠠᠨ ᠪᠦᠯᠦᠭᠡ᠃
61᠂ ᠶᠢᠰᠦᠬᠡᠢ ᠪᠠᠭᠠᠳᠣᠷ ᠲᠠᠮᠣᠵᠢᠨ ᠢ ᠶᠢᠰᠣᠨ ᠨᠠᠰᠣᠳᠠᠢ ᠪᠠᠢ᠌ᠬᠣ ᠳᠤ ᠦᠬᠡᠯᠥᠨ ᠡᠬᠡ ᠶᠢᠨ ᠲᠥᠷᠬᠥᠮ ᠣᠯᠬᠣᠨᠣᠳ ᠢᠷᠬᠡᠨ ᠳᠤ ᠬᠦᠪᠡᠬᠥᠨ ᠤ ᠨᠠᠭᠠᠴᠣ ᠨᠡᠷ ᠡᠴᠡ ᠦᠬᠢᠨ ᠭᠣᠶᠣᠶ᠎ᠠ ᠬᠡᠵᠦ ᠲᠠᠮᠣᠵᠢᠨ ᠢ ᠠᠪᠣᠭᠠᠳ ᠤᠳᠪᠠ᠃ ᠶᠠᠪᠣᠬᠣ ᠵᠠᠮ ᠳᠤ ᠴᠡᠭ᠍ᠴᠡᠷ ᠴᠢᠬᠤᠷᠭᠤ ᠬᠡᠳᠡᠭ ᠭᠠᠵᠠᠷ ᠤᠨ ᠬᠣᠭᠣᠷᠣᠠᠳᠣ ᠬᠣᠩᠬᠢᠷᠠᠳ ᠤᠨ ᠳ᠋ᠠᠢ ᠰᠠᠴᠠᠨ ᠲᠡᠶ ᠠᠭᠣᠯᠵᠠᠪᠠ᠃
62᠂ ᠳ᠋ᠠᠢ ᠰᠠᠴᠠᠨ ᠦᠬᠥᠯᠡᠷᠥᠨ᠄ 《ᠶᠢᠰᠦᠬᠡᠢ ᠬᠣᠳᠠ ᠠᠯᠢ ᠬᠦᠷᠬᠥ ᠪᠠᠷ ᠶᠠᠪᠣᠨ᠎ᠠ︖》 ᠶᠢᠰᠦᠬᠡᠢ ᠪᠠᠭᠠᠳᠣᠷ ᠦᠬᠥᠯᠡᠷᠥᠨ᠄ 《ᠮᠢᠨᠣ ᠬᠦᠪᠡᠬᠥᠨ ᠤ ᠨᠠᠭᠠᠴᠣ ᠣᠯᠬᠣᠨᠣᠳ ᠢᠷᠬᠡᠨ ᠡᠴᠡ ᠦᠬᠢᠨ ᠭᠣᠶᠣᠬᠣ ᠪᠠᠷ ᠶᠠᠪᠣᠵᠣ ᠪᠠᠢ᠌ᠨ᠎ᠠ᠃》 ᠬᠡᠳᠡᠯ᠎ᠡ᠂ ᠳ᠋ᠠᠢ ᠰᠠᠴᠠᠨ ᠦᠬᠥᠯᠡᠷᠥᠨ᠄ 《ᠡᠨᠠ ᠬᠦᠪᠡᠬᠥᠨ ᠴᠢᠨᠢ ᠨᠢᠳᠣᠨ ᠳᠡᠭᠡᠨ ᠭᠠᠯ ᠲᠡᠶ᠂ ᠨᠢᠭᠣᠷ ᠲᠡᠭᠡᠨ ᠬᠡᠷᠡᠯᠳᠡᠢ ᠬᠦᠪᠡᠬᠥᠨ ᠪᠠᠢ᠌ᠨ᠎ᠠ᠂
63᠂ ᠶᠢᠰᠦᠬᠡᠢ ᠬᠣᠳᠠ᠂ ᠪᠢ ᠡᠨᠠ ᠰᠦᠨᠢ ᠨᠢᠬᠡᠨ ᠵᠠᠬᠥᠲᠦ ᠵᠠᠬᠥᠳᠥᠯᠠᠪᠡ᠂ ᠴᠠᠭᠠᠨ ᠱᠣᠩᠬᠣᠷ ᠰᠢᠪᠠᠭᠣ ᠨᠠᠷᠠ ᠰᠠᠷ᠎ᠠ ᠬᠣᠶᠠᠷ ᠢ ᠠᠳᠭᠣᠨ ᠨᠢᠰᠴᠣ ᠢᠷᠡᠬᠡᠥᠨ ᠮᠢᠨᠣ ᠭᠠᠷ ᠲᠡᠬᠡᠷ᠎ᠡ ᠪᠠᠭᠣᠪᠠ ᠬᠡᠵᠦ ᠵᠠᠬᠥᠳᠥᠯᠠᠪᠡ᠃ ᠨᠠᠷᠠ ᠰᠠᠷ᠎ᠠ ᠶᠢ ᠪᠢᠳᠠ ᠨᠢᠳᠣ ᠪᠠᠷ ᠦᠵᠡᠳᠡᠭ ᠪᠢᠯᠠ᠂ ᠬᠡᠳᠡᠯ᠎ᠡ ᠨᠠᠷᠠ ᠰᠠᠷ᠎ᠠ ᠶᠢ ᠱᠣᠩᠬᠣᠷ ᠰᠢᠪᠠᠭᠣ ᠠᠳᠬᠣᠵᠣ᠂ ᠮᠢᠨᠣ ᠭᠠᠷ ᠲᠡᠬᠡᠷ᠎ᠡ ᠪᠠᠭᠣᠬᠣ ᠨᠢ ᠭᠠᠢ᠌ᠬᠠᠯᠳᠠᠢ᠃ ᠶᠠᠮᠠᠷ ᠰᠠᠢ᠌ᠨ ᠲᠣᠬᠢᠶᠠᠯ ᠣᠴᠠᠷᠠᠬᠣ ᠪᠣᠯᠪᠠ ᠬᠡᠵᠦ ᠪᠢ ᠪᠣᠰᠣᠳ ᠲᠤ ᠬᠡᠯᠡᠭ᠍ᠰᠡᠨ ᠪᠦᠯᠦᠬᠡ᠂ ᠶᠢᠰᠦᠬᠡᠢ ᠬᠣᠳᠠ ᠴᠢ ᠬᠦᠪᠡᠬᠥᠨ ᠲᠠᠭᠠᠭᠣᠯᠵᠣ ᠢᠷᠡᠭ᠍ᠰᠡᠨ ᠨᠢ ᠲᠠᠷᠣᠢ ᠮᠢᠨᠣ ᠵᠠᠬᠥᠳᠥᠨ ᠤ ᠲᠠᠢ᠌ᠯᠪᠣᠷᠢ ᠪᠣᠯᠪᠠ᠃ ᠶᠠᠭᠣᠨ ᠵᠠᠬᠥᠲᠦ ᠪᠠᠢ᠌ᠬᠣ ᠪᠣᠢ︕ ᠲᠠᠨ ᠤ ᠬᠢᠶᠠᠳ ᠠᠢ᠌ᠮᠠᠭ ᠤᠨ ᠰᠥᠯᠳᠡ ᠢᠷᠠᠵᠣ᠂ ᠵᠡᠬᠦᠳᠤ ᠪᠠᠷ ᠲᠣᠬᠢᠭᠣᠯᠣᠭᠰᠠᠨ ᠠᠵᠠᠢ᠃
64᠂ ᠮᠠᠨ ᠤ ᠬᠣᠩᠬᠢᠷᠠᠳ ᠬᠡᠳᠦᠢ᠌ᠨ ᠡᠴᠡ ᠪᠣᠰᠣᠳ ᠤᠨ ᠨᠣᠳᠣᠭ ᠪᠠ ᠬᠦᠮᠥᠨ ᠢ ᠪᠣᠯᠢᠶᠠᠨ ᠲᠡᠮᠠᠴᠡᠯᠳᠦᠳᠡᠭ ᠦᠭᠡᠶ᠂
ᠬᠠᠷᠢ ᠣᠯᠣᠰ ᠢ ᠦᠯᠤ ᠲᠣᠪᠳᠣᠯᠣᠨ
ᠬᠠᠴᠠᠷ ᠰᠠᠢ᠌ᠳᠣ ᠦᠬᠢᠥᠨ ᠶᠢᠠᠨ
ᠬᠠᠰᠠᠭ ᠲᠡᠷᠬᠡᠨ ᠳᠤ ᠰᠠᠭᠣᠯᠭᠠᠵᠣ
ᠬᠠᠷ᠎ᠠ ᠪᠣᠣᠷ᠎ᠠ ᠬᠦᠯᠯᠡᠵᠦ
ᠬᠠᠳᠣᠷᠢᠭᠣᠯᠵᠣ ᠤᠳᠴᠣ
ᠬᠠᠭᠠᠨ ᠪᠣᠯᠣᠭᠰᠠᠨ ᠲᠠ ᠨᠡᠷ ᠤᠨ
ᠬᠠᠳᠣᠨ ᠰᠠᠭᠣᠷᠢᠨ ᠳᠤ ᠲᠡᠪᠰᠢᠬᠥᠯᠵᠦ
ᠬᠠᠮᠳᠣ ᠰᠠᠭᠣᠯᠭᠠᠨᠠ᠂
ᠦᠬᠡᠷ᠎ᠡ ᠢᠷᠬᠡᠨ ᠢ ᠦᠯᠤ ᠲᠠᠮᠠᠴᠠᠨ
ᠥᠩᠬᠡ ᠰᠠᠢ᠌ᠳᠣ ᠦᠬᠢᠥᠨ ᠶᠢᠠᠨ
ᠦᠯᠵᠢᠭ᠍ᠳᠡᠢ (ᠰᠠᠭᠤᠳᠠᠯ ᠳᠠᠢ) ᠲᠡᠷᠬᠡᠨ ᠳᠤ ᠰᠠᠭᠣᠯᠭᠠᠵᠣ
ᠦᠯᠤ ᠪᠣᠣᠷ᠎ᠠ ᠬᠦᠯᠯᠡᠵᠦ
ᠡᠬᠥᠰᠬᠡᠵᠦ ᠤᠳᠴᠣ
ᠦᠨᠳᠥᠷ ᠰᠠᠭᠣᠷᠢ ᠡᠵᠡᠯᠡᠭ᠍ᠴᠢᠥᠨ ᠤᠨ
ᠦᠷᠣᠬᠡᠯ ᠬᠠᠨᠢ ᠪᠣᠯᠭᠠᠨ᠎ᠠ᠃
ᠮᠠᠨ ᠤ ᠬᠣᠩᠬᠢᠷᠠᠳ ᠬᠡᠳᠦᠢ᠌ᠨ ᠡᠴᠡ ᠬᠠᠴᠠᠷ ᠭᠣᠸ᠎ᠠ ᠬᠠᠳᠣᠳ ᠲᠡᠶ᠂ ᠥᠩᠬᠡ ᠰᠠᠢ᠌ᠨ ᠦᠬᠢᠥᠨ ᠲᠡᠶ ᠲᠣᠯᠠ᠂ ᠵᠢᠬᠡ ᠶᠢᠨ ᠵᠢᠰᠣ ᠪᠠᠷ᠂ ᠦᠬᠢᠥᠨ ᠤᠨ ᠥᠩᠬᠡ ᠪᠠᠷ ᠶᠠᠪᠣᠨ᠎ᠠ᠃
65᠂ ᠨᠣᠭᠣᠨ ᠬᠡᠣᠬᠡᠥᠨ ᠨᠣᠳᠣᠭ ᠶᠢᠠᠨ ᠡᠵᠠᠮᠰᠢᠨᠠ᠂ ᠦᠬᠢᠨ ᠬᠡᠣᠬᠡᠥᠨ ᠥᠩᠬᠡ ᠰᠢᠯᠢᠭ᠍ᠳᠡᠨᠡ᠂ ᠶᠢᠰᠦᠬᠡᠢ ᠬᠣᠳᠠ᠂ ᠮᠢᠨᠣ ᠬᠡᠷ ᠲᠤ ᠣᠴᠢ᠂ ᠨᠠᠳᠠᠳᠣ ᠦᠴᠥᠬᠡᠨ ᠦᠬᠢᠨ ᠪᠠᠢ᠌ᠨ᠎ᠠ᠂ ᠲᠠ ᠦᠵᠡ》 ᠬᠡᠵᠦ ᠳ᠋ᠠᠢ ᠰᠠᠴᠠᠨ ᠬᠡᠯᠡᠬᠡᠥᠨ ᠶᠢᠰᠦᠬᠡᠢ ᠶᠢ ᠬᠡᠷ ᠲᠡᠭᠡᠨ ᠲᠠᠭᠠᠭᠣᠯᠵᠣ ᠠᠪᠠᠴᠢᠪᠠ᠃
66᠂ ᠶᠢᠰᠦᠬᠡᠢ ᠬᠣᠳᠠ ᠦᠬᠢᠨ ᠢ ᠦᠵᠡᠪᠡᠯ᠂ ᠨᠢᠭᠣᠷ ᠲᠡᠭᠡᠨ ᠬᠡᠷᠡᠯᠳᠡᠢ᠂ ᠨᠢᠳᠣᠨ ᠳᠡᠭᠡᠨ ᠭᠠᠯ ᠲᠡᠶ ᠦᠬᠢᠨ ᠲᠣᠯᠠ᠂ ᠰᠠᠨᠠᠭᠠᠨ ᠳᠤ ᠨᠠᠢ᠌ᠯᠠᠪᠠ᠃ ᠲᠡᠬᠥᠨ ᠤ ᠨᠡᠷ᠎ᠡ ᠪᠦᠷᠳᠡ ᠬᠡᠨ᠎ᠡ᠃ ᠲᠠᠮᠣᠵᠢᠨ ᠡᠴᠡ ᠨᠢᠬᠡᠨ ᠨᠠᠰᠣ ᠡᠠᠬ᠎ᠠ᠂ ᠠᠷᠪᠠᠳᠠᠢ ᠠᠵᠢ᠃ ᠳ᠋ᠠᠢ ᠰᠠᠴᠠᠨ ᠤ ᠬᠡᠷ ᠲ᠋ᠤ ᠬᠣᠨᠣᠭᠠᠳ ᠮᠠᠷᠭᠠᠰᠢ ᠨᠢ ᠦᠬᠢᠨ ᠢ ᠭᠣᠶᠣᠪᠠᠯ᠂ ᠳ᠋ᠠᠢ ᠰᠠᠴᠠᠨ ᠦᠬᠥᠯᠡᠷᠥᠨ᠄ 《ᠣᠯᠠᠨ ᠣᠳᠠᠭ᠎ᠠ ᠭᠣᠶᠣᠯᠭᠠᠵᠣ ᠦᠭ᠍ᠪᠡᠯ ᠡᠷᠬᠢᠮᠯᠡᠭ᠍ᠳᠡᠬᠥ᠂ ᠴᠦᠬᠡᠨ ᠣᠳᠠᠭ᠎ᠠ ᠭᠣᠶᠣᠯᠭᠠᠵᠣ ᠦᠭ᠍ᠪᠡᠯ ᠲᠣᠷᠣᠮᠵᠢᠯᠠᠭᠳᠠᠬᠣ ᠬᠡᠳᠡᠭ ᠪᠣᠯᠪᠠᠴᠣ᠂ ᠦᠬᠢᠨ ᠬᠦᠮᠥᠨ ᠤ ᠵᠠᠶᠠᠭ᠎ᠠ᠂ ᠲᠥᠷᠥᠭᠰᠡᠨ ᠡᠬᠥᠳᠥᠨ ᠳᠤ ᠦᠳᠡᠯᠬᠥ ᠦᠭᠡᠶ ᠲᠣᠯᠠ ᠦᠬᠢᠨ ᠶᠢᠠᠨ ᠦᠭ᠍ᠬᠥᠢ᠎ᠡ᠂ ᠴᠢ ᠬᠦᠪᠡᠬᠥᠨ ᠶᠢᠠᠨ ᠬᠦᠷᠬᠡᠨ ᠪᠣᠯᠭᠠᠵᠣ ᠮᠠᠨ ᠤ ᠬᠡᠷ ᠲᠤ ᠦᠯᠠᠳᠡᠬᠡ》 ᠬᠡᠪᠡᠯ᠂ ᠶᠢᠰᠦᠬᠡᠢ ᠪᠠᠭᠠᠳᠣᠷ ᠦᠬᠥᠯᠡᠷᠥᠨ᠄ 《ᠪᠢ ᠬᠦᠪᠡᠬᠥᠨ ᠶᠢᠠᠨ ᠣᠷᠬᠢᠶ᠎ᠠ᠂ ᠮᠢᠨᠣ ᠬᠦᠪᠡᠬᠥᠨ ᠨᠣᠬᠠᠢ ᠡᠴᠡ ᠴᠣᠴᠢᠮᠠᠳᠠᠭᠠᠢ ᠪᠢᠯᠠ᠂ ᠡᠷᠬᠢᠮ ᠬᠣᠳᠠ ᠴᠢ ᠮᠢᠨᠣ ᠬᠦᠪᠡᠬᠥᠨ ᠢ ᠨᠣᠬᠠᠢ ᠡᠴᠡ ᠪᠦᠤ ᠴᠣᠴᠢᠭᠣᠯ》 ᠬᠡᠥᠨ ᠬᠦᠳᠥᠯᠵᠦ ᠶᠠᠪᠣᠭᠰᠠᠨ ᠮᠣᠷᠢ ᠪᠠᠷ ᠪᠡᠯᠡᠭ ᠦᠭᠴᠦ᠂ ᠲᠠᠮᠣᠵᠢᠨ ᠢ ᠣᠷᠬᠢᠭᠠᠳ ᠶᠢᠰᠦᠬᠡᠢ ᠪᠠᠭᠠᠳᠣᠷ ᠪᠣᠴᠠᠪᠠ᠃
67᠂ ᠶᠢᠰᠦᠬᠡᠢ ᠪᠠᠭᠠᠳᠣᠷ ᠴᠡᠭ᠍ᠴᠡᠷ ᠤᠨ ᠰᠢᠷ᠎ᠠ ᠲᠠᠯ᠎ᠠ ᠳᠤ ᠶᠠᠪᠣᠵᠣ ᠪᠠᠢ᠌ᠳᠠᠯ᠎ᠠ᠂ ᠲᠠᠲ᠋ᠠᠷ ᠢᠷᠬᠡᠨ ᠬᠣᠷᠢᠮᠯᠠᠵᠣ ᠪᠠᠢ᠌ᠬᠣ ᠲᠡᠶ ᠲᠣᠬᠢᠶᠠᠯᠳᠣᠭᠠᠳ᠂ ᠠᠮᠨ ᠴᠠᠩᠭ᠋ᠠᠬᠣ ᠲᠣᠯᠠ ᠬᠣᠷᠢᠮ ᠳᠤ ᠪᠠᠭᠣᠪᠠ᠃ ᠲᠠᠲ᠋ᠠᠷ ᠨᠡᠷ ᠶᠢᠰᠦᠬᠡᠢ ᠶᠢ ᠲᠠᠨᠢᠵᠣ᠂ 《ᠡᠷᠬᠢᠮ ᠶᠢᠰᠦᠬᠡᠢ ᠢᠷᠠᠪᠠ》 ᠬᠡᠵᠦ ᠬᠣᠷᠢᠮ ᠳᠤ ᠰᠠᠭᠣᠯᠭᠠᠭᠠᠳ᠂ ᠣᠷᠢᠳᠣ ᠶᠢᠨ ᠪᠣᠯᠢᠶᠠᠭᠳᠠᠭᠰᠠᠨ ᠦᠰᠢᠶ᠎ᠡ ᠶᠢ ᠰᠠᠨᠠᠵᠣ᠂ ᠨᠢᠭᠣᠴᠠ ᠪᠠᠷ ᠬᠡᠯᠡᠯᠴᠡᠨ᠂ ᠬᠣᠭᠣᠯᠠᠨ ᠳᠤᠨᠢ ᠬᠣᠣᠷ ᠬᠣᠯᠢᠵᠣ ᠦᠭᠴᠡᠢ᠃ ᠶᠢᠰᠦᠬᠡᠢ ᠲᠠᠠᠳᠠ ᠡᠴᠡ ᠮᠣᠷᠳᠠᠵᠣ ᠶᠠᠪᠣᠬᠣ ᠵᠠᠮ ᠳᠤ ᠪᠠᠶ᠎ᠠ ᠮᠠᠭᠣᠵᠢᠷᠠᠵᠣ᠂ ᠭᠣᠷᠪᠠᠨ ᠬᠣᠨᠣᠭ ᠠᠷᠠᠢ ᠬᠡᠵᠦ ᠶᠠᠪᠣᠭᠠᠳ ᠬᠡᠷ ᠲᠤ ᠬᠦᠷᠴᠦ᠂
68᠂ ᠶᠢᠰᠦᠬᠡᠢ ᠦᠬᠥᠯᠡᠷᠥᠨ᠄ 《ᠮᠢᠨᠣ ᠲᠣᠳᠣᠷ᠎ᠠ ᠮᠠᠭᠣ ᠪᠠᠢ᠌ᠨ᠎ᠠ᠂ ᠲᠡᠷᠬᠡᠳᠡ ᠮᠢᠨᠢ ᠬᠡᠨ ᠪᠠᠢ᠌ᠨ᠎ᠠ︖》 ᠬᠡᠵᠦ ᠠᠰᠠᠭᠣᠪᠠᠯ᠂ ᠬᠤᠩᠬᠤᠳᠠᠨ ᠤ ᠴᠢᠷᠬ᠎ᠠ ᠡᠪᠦᠭᠡᠨ ᠤ ᠬᠦᠪᠡᠬᠦᠨ ᠮᠦᠩᠯᠢᠭ᠌ (ᠮᠡᠩᠯᠢᠭ᠌ ᠪᠤᠶᠤ ᠮᠦᠩᠯᠢᠭ᠌) ᠤᠢ᠌ᠷ᠎ᠠ ᠪᠠᠢ᠌ᠨ᠎ᠠ ᠭᠡᠪᠡᠯ᠂ ᠳᠡᠬᠦᠨ ᠢ ᠳᠠᠭᠤᠳᠠᠵᠤ ᠦᠬᠦᠯᠡᠷᠦᠨ᠄ 《ᠬᠦᠤ ᠮᠢᠨᠢ ᠮᠦᠩᠯᠢᠭ᠌ ᠴᠢ ᠰᠣᠨᠣᠰ᠂ ᠬᠦᠪᠡᠬᠥᠨ ᠮᠢᠨᠢ ᠪᠠᠯᠴᠢᠷ ᠪᠢᠯᠠ᠂ ᠲᠠᠮᠣᠵᠢᠨ ᠬᠦᠪᠡᠬᠥᠨ ᠢ ᠣᠷᠣᠭ ᠲᠤ ᠣᠷᠬᠢᠭᠠᠳ ᠢᠷᠡᠬᠥ ᠵᠠᠮ ᠤᠨ ᠵᠠᠭᠣᠷ᠎ᠠ ᠲᠠᠲ᠋ᠠᠷ ᠲᠤ ᠬᠣᠣᠷᠯᠠᠭᠳᠠᠪᠠ᠂ ᠲᠣᠳᠣᠷ ᠮᠢᠨᠢ ᠮᠠᠭᠣ ᠪᠠᠢ᠌ᠨ᠎ᠠ᠂ ᠦᠨᠦᠴᠢᠨ ᠬᠣᠴᠣᠷᠣᠭᠰᠠᠨ ᠲᠡᠬᠥᠤ ᠨᠡᠷ ᠶᠢᠠᠨ᠂ ᠪᠠᠯᠪᠠᠰᠣᠨ ᠪᠡᠷᠬᠡᠨ ᠶᠢᠠᠨ ᠠᠰᠠᠷᠠᠬᠣ ᠶᠢ ᠴᠢ ᠮᠠᠳᠠ᠂ ᠲᠠᠮᠣᠵᠢᠨ ᠬᠦᠪᠡᠬᠥᠨ ᠢ ᠲᠠᠷᠣᠢ ᠶᠠᠪᠣᠵᠣ ᠠᠪᠴᠢᠷᠨ︕ ᠬᠠᠢ᠌ᠷᠠᠳᠣ ᠮᠦᠩᠯᠢᠭ᠌ ᠮᠢᠨᠢ︕》 ᠬᠡᠥᠨ ᠨᠠᠰᠣᠨ ᠡᠴᠡ ᠨᠥᠭ᠍ᠴᠢᠪᠡ᠃
ᠳᠠᠷᠤᠮ᠄ 109620
ᠴᠠᠭ᠄ 2008 ᠤᠨ ᠤ 07 ᠰᠠᠷ᠎ᠠ ᠶᠢᠨ 01