ᠲᠦᠷᠪᠡᠳᠦᠭᠡᠷ ᠪᠦᠯᠦᠭ ᠂ ᠵᠠᠮᠤᠬ᠎ᠠ ᠪᠠ ᠲᠠᠢ᠌ᠴᠢᠭᠤᠳ ᠲᠠᠢ ᠲᠡᠮᠡᠴᠡᠭᠰᠡᠨ ᠨᠢ
127᠂ ᠠᠷᠬᠠᠢ ᠬᠠᠰᠠᠷ᠂ ᠴᠠᠭᠣᠷᠬᠠᠨ ᠬᠣᠶᠠᠷ ᠢ ᠵᠠᠮᠣᠬ᠎ᠠ ᠳᠤ ᠡᠯᠴᠢ ᠪᠣᠯᠭᠠᠵᠣ ᠣᠴᠢᠭᠣᠯᠪᠠᠯ᠂ ᠵᠠᠮᠣᠬ᠎ᠠ ᠦᠬᠥᠯᠡᠷᠥᠨ᠄ 《ᠠᠯᠳᠠᠨ ᠬᠣᠴᠠᠷ ᠬᠣᠶᠠᠷ ᠲᠤ ᠣᠴᠢᠵᠣ ᠬᠡᠯᠡ᠂ ᠠᠯᠳᠠᠨ ᠬᠣᠴᠠᠷ ᠲᠠ ᠨᠡᠷ ᠲᠠᠮᠣᠵᠢᠨ ᠠᠨᠳᠠ ᠪᠢᠳᠠ ᠬᠣᠶᠠᠷ ᠤᠨ ᠵᠠᠪᠰᠠᠷ ᠲᠤ ᠰᠦᠪᠡᠬᠡ ᠵᠢ ᠰᠥᠯᠪᠡᠵᠦ᠂ ᠬᠠᠪᠢᠷᠭ᠎ᠠ ᠶᠢ ᠬᠠᠳᠬᠣᠵᠣ ᠶᠠᠭᠣᠨ ᠳᠤ ᠰᠠᠯᠭᠠᠪᠠ︖ ᠲᠠᠮᠣᠵᠢᠨ ᠪᠢᠳᠠ ᠬᠣᠶᠠᠷ ᠢ ᠬᠠᠮᠳᠣ ᠪᠠᠢ᠌ᠬᠣ ᠳᠤ ᠲᠡᠬᠥᠨ ᠢ ᠬᠠᠭᠠᠨ ᠡᠰᠠ ᠪᠣᠯᠭᠠᠭᠰᠠᠨ ᠪᠠᠢ᠌ᠳᠠᠯ᠎ᠠ ᠣᠳᠣ ᠶᠠᠮᠠᠷ ᠰᠠᠨᠠᠭ᠎ᠠ ᠪᠠᠷ ᠲᠡᠬᠥᠨ ᠢ ᠬᠠᠭᠠᠨ ᠪᠣᠯᠭᠠᠪᠠ︖ ᠠᠯᠳᠠᠨ ᠬᠣᠴᠠᠷ ᠲᠠ ᠬᠣᠶᠠᠭᠣᠯᠠ ᠬᠡᠯᠡᠭ᠍ᠰᠡᠨ ᠦᠬᠡᠨ ᠳᠡᠭᠡᠨ ᠬᠦᠷᠴᠦ ᠲᠠᠮᠣᠵᠢᠨ ᠠᠨᠳᠠ ᠶᠢᠨ ᠰᠠᠳᠬᠢᠯ ᠢ ᠠᠮᠣᠷᠠᠭᠣᠯᠵᠣ᠂ ᠠᠨᠳᠠ ᠳᠤ ᠰᠠᠢ᠌ᠨ ᠨᠦᠬᠥᠷ ᠪᠣᠯᠵᠣ ᠶᠠᠪᠣ》 ᠬᠡᠵᠦ ᠬᠡᠯᠡᠬᠥᠯᠵᠡᠢ᠃
128᠂ ᠲᠡᠬᠥᠨ ᠤ ᠬᠤᠢ᠌ᠨ᠎ᠠ ᠵᠠᠯᠠᠮ᠎ᠠ ᠠᠭᠣᠯᠠ ᠶᠢᠨ ᠦᠪᠥᠷ ᠦᠯᠣᠬᠡᠢ ᠶᠢᠨ ᠪᠣᠯᠠᠭ ᠬᠡᠳᠡᠭ ᠭᠠᠵᠠᠷ ᠨᠣᠳᠣᠭᠯᠠᠨ ᠰᠠᠭᠣᠭ᠎ᠠ ᠵᠠᠮᠤᠬ᠎ᠠ ᠶᠢᠨ ᠲᠡᠬᠥᠤ ᠲᠠᠢ᠌ᠴᠢᠷ᠂ ᠰᠠᠭᠠᠷᠢ ᠬᠡᠬᠡᠷ᠎ᠡ ᠬᠡᠳᠡᠭ ᠭᠠᠵᠠᠷ ᠪᠠᠢ᠌ᠭ᠎ᠠ ᠮᠠᠨ ᠤ ᠵᠦᠴᠢ ᠲᠠᠷᠮᠠᠯᠠ ᠶᠢᠨ ᠠᠳᠣᠭᠣ ᠶᠢ ᠲᠡᠬᠡᠷᠡᠮᠳᠡᠬᠥ ᠪᠠᠷ ᠶᠠᠪᠣᠵᠣ᠂ ᠵᠦᠴᠢ ᠲᠠᠷᠮᠠᠯᠠ ᠶᠢᠨ ᠠᠳᠣᠭᠣ ᠶᠢ ᠲᠠᠢ᠌ᠴᠢᠷ ᠲᠡᠬᠡᠷᠡᠮᠳᠡᠨ ᠤᠳᠪᠠ᠂ ᠡᠬᠥᠨ ᠳᠤ ᠵᠦᠴᠢ ᠲᠠᠷᠮᠠᠯᠠ ᠠᠳᠣᠭᠣ ᠪᠠᠨ ᠳᠡᠭᠡᠷᠡᠮᠳᠡᠭᠳᠡᠭᠡᠳ ᠨᠦᠭᠦᠳ ᠨᠢ ᠵᠢᠷᠥᠬᠡ ᠰᠢᠨᠳᠠᠷᠠᠵᠣ ᠶᠠᠪᠣᠬᠣ ᠦᠭᠡᠶ ᠪᠣᠯᠣᠮᠠᠭᠴᠠ ᠵᠦᠴᠢ ᠲᠠᠷᠮᠠᠯᠠ ᠦᠪᠡᠷ ᠶᠢᠠᠨ ᠭᠠᠭᠴᠠᠭᠠᠷ ᠶ᠋ᠢᠠᠨ ᠨᠡᠬᠡᠵᠦ ᠰᠦᠨᠢ ᠠᠳᠣᠭᠣᠨ ᠤ ᠵᠠᠬ᠎ᠠ ᠳᠤ ᠬᠦᠷᠥᠬᠡᠥᠨ ᠮᠣᠷᠢᠨ ᠤ ᠪᠠᠨ ᠲᠠᠯ ᠲᠡᠬᠡᠷ᠎ᠡ ᠡᠯᠢᠬᠡ ᠪᠠᠷ ᠶᠢᠠᠨ ᠬᠡᠪᠳᠡᠵᠦ ᠣᠴᠢᠭᠠᠳ ᠲ᠋ᠠᠢ᠌ᠴᠢᠷ ᠤᠨ ᠨᠢᠷᠣᠭᠣ ᠶᠢ ᠬᠣᠭᠣ ᠬᠠᠷᠪᠣᠨ ᠠᠯᠠᠵᠣ ᠠᠳᠣᠭᠣ ᠪᠠᠨ ᠪᠣᠴᠠᠭᠠᠵᠣ ᠠᠪᠣᠭᠠᠳ ᠢᠷᠠᠵᠠᠢ᠃
129᠂ 《ᠲᠡᠬᠥᠤ ᠪᠠᠨ ᠲᠠᠢ᠌ᠴᠢᠷ ᠢ ᠠᠯᠠᠭᠳᠠᠪᠠ ᠬᠡᠵᠦ ᠵᠠᠮᠣᠬ᠎ᠠ᠂ ᠵᠠᠳᠠᠷᠠᠨ ᠤ ᠠᠷᠪᠠᠨ ᠭᠣᠷᠪᠠᠨ ᠨᠣᠳᠣᠭ ᠢ ᠨᠢᠬᠡᠣᠠᠬᠡᠨ ᠲᠡᠷᠢᠬᠥᠯᠡᠵᠦ᠂ ᠭᠣᠷᠪᠠᠨ ᠲᠥᠮᠡᠨ ᠴᠡᠷᠢᠭ᠌ ᠢ ᠠᠪᠴᠣ᠂ ᠠᠯᠭᠣᠭᠣᠳ᠂ ᠲᠣᠷᠬᠠᠭᠣᠳ ᠠᠭᠣᠯᠠ ᠶᠢ ᠲᠠᠪᠠᠵᠣ᠂ ᠴᠢᠩᠬᠢᠰ ᠬᠠᠭᠠᠨ ᠳᠤ ᠬᠠᠯᠳᠠᠬᠣ ᠪᠠᠷ ᠡᠡᠢ᠌ᠰᠥᠢ》ᠬᠡᠵᠦ ᠢᠬᠢᠷᠢᠰ ᠣᠪᠣᠭ ᠤᠨ ᠮᠦᠳᠬᠡ ᠲᠣᠳᠠᠭ᠂ ᠪᠣᠷᠣᠯᠳᠠᠢ ᠬᠣᠶᠠᠷ ᠴᠢᠩᠬᠢᠰ ᠬᠠᠭᠠᠨ ᠢ ᠬᠦᠷᠡᠯᠬᠥ ᠳᠤ ᠪᠠᠢ᠌ᠬᠣ ᠳᠤ ᠬᠡᠯᠡᠵᠦ ᠢᠷᠠᠪᠠ᠂ ᠡᠨᠠ ᠮᠡᠳᠡᠬᠡ ᠶᠢ ᠠᠪᠣᠭᠠᠳ ᠴᠢᠩᠬᠢᠰ ᠬᠠᠭᠠᠨ ᠠᠷᠪᠠᠨ ᠭᠣᠷᠪᠠᠨ ᠬᠦᠷᠢᠶᠡᠨ ᠡᠴᠡ ᠪᠠᠨ ᠭᠣᠷᠪᠠᠨ ᠲᠥᠮᠡᠨ ᠴᠡᠷᠢᠭ᠌ ᠢ ᠠᠪᠴᠣ ᠵᠠᠮᠣᠬ᠎ᠠ ᠶᠢ ᠣᠭᠳᠣᠵᠣ ᠮᠣᠷᠳᠠᠭᠠᠳ ᠲᠠᠯᠠᠨ ᠪᠠᠯᠵᠣᠳ ᠬᠡᠳᠡᠭ ᠭᠠᠵᠠᠷ ᠪᠠᠢ᠌ᠯᠳᠣᠪᠠ᠂ ᠴᠢᠩᠬᠢᠰ ᠬᠠᠭᠠᠨ ᠵᠠᠮᠣᠬ᠎ᠠ ᠳᠤ ᠰᠢᠬᠠᠭᠳᠠᠵᠣ ᠣᠨᠣᠨ ᠮᠥᠷᠡᠨ ᠤ ᠵᠠᠷᠠᠨᠠ ᠬᠡᠳᠡᠭ ᠬᠠᠪᠴᠢᠯ ᠳᠤ ᠰᠢᠷᠭᠣᠵᠣ ᠣᠷᠣᠪᠠ᠂ ᠡᠬᠥᠨ ᠳᠤ ᠵᠠᠮᠣᠬ᠎ᠠ ᠦᠬᠥᠯᠡᠷᠥᠨ᠄ 《ᠣᠨᠣᠨ ᠤ ᠵᠠᠷᠠᠨᠠ ᠬᠠᠪᠴᠢᠯ ᠳᠤ ᠲᠠᠳᠠᠨ ᠢ ᠪᠢᠳᠠ ᠰᠢᠷᠭᠣᠭᠣᠯᠪᠠ》 ᠬᠡᠵᠦ ᠪᠣᠴᠠᠬᠣ ᠳᠤ ᠪᠠᠨ ᠴᠢᠨᠣᠰ ᠣᠪᠣᠭ ᠤᠨ ᠵᠠᠯᠠᠭᠣᠰ ᠢ ᠲᠠᠯᠠᠨ ᠲᠣᠭᠣᠭᠠᠨ ᠳᠤ ᠪᠣᠴᠠᠯᠭᠠᠵᠣ ᠨᠡᠬᠥᠳᠡᠢ ᠴᠠᠭᠠᠨ ᠭᠣᠸ᠎ᠠ ᠶᠢᠨ ᠲᠣᠯᠣᠭᠠᠢ ᠶᠢ ᠣᠭᠳᠣᠯᠵᠣ ᠮᠣᠷᠢᠨ ᠤ ᠰᠡᠬᠥᠯ ᠳᠤ ᠴᠢᠷᠴᠣ ᠤᠳᠴᠠᠢ᠃
130᠂ ᠵᠠᠮᠣᠬ᠎ᠠ ᠶᠢ ᠬᠠᠷᠢᠭᠰᠠᠨ ᠤ ᠬᠤᠢ᠌ᠨ᠎ᠠ ᠲᠠᠠᠳᠠ ᠡᠴᠡ ᠣᠷᠣᠭᠣᠳ ᠠᠢ᠌ᠮᠠᠭ ᠤᠨ ᠵᠦᠷᠴᠢᠳᠡᠢ᠂ ᠮᠠᠩᠭ᠋ᠣᠳ ᠠᠢ᠌ᠮᠠᠭ ᠤᠨ ᠬᠣᠢ᠌ᠯᠳᠠᠷ ᠨᠡᠷ ᠬᠠᠷᠢᠶᠠᠳᠣ ᠠᠢ᠌ᠮᠠᠭ ᠶᠢᠠᠨ ᠲᠠᠭᠠᠭᠣᠯᠵᠣ ᠵᠠᠮᠣᠬ᠎ᠠ ᠡᠴᠡ ᠰᠠᠯᠣᠭᠠᠳ ᠴᠢᠩᠬᠢᠰ ᠢ ᠲᠥᠰᠢᠵᠦ ᠢᠷᠠᠪᠠ᠂ ᠬᠣᠩᠬᠣᠳᠠᠨ ᠤ ᠮᠦᠩᠯᠢᠭ᠌ ᠡᠴᠢᠬᠡ᠂ ᠵᠠᠮᠣᠬ᠎ᠠ ᠶᠢ ᠲᠠᠭᠠᠵᠣ ᠪᠠᠢ᠌ᠭᠰᠠᠨ ᠪᠦᠬᠡᠥᠨ ᠣᠳᠣ ᠲᠣᠯᠣᠭᠠᠨ ᠬᠦᠪᠡᠬᠥᠨ ᠶᠢᠠᠨ ᠲᠠᠭᠠᠭᠣᠯᠣᠨ᠂ ᠵᠠᠮᠣᠬ᠎ᠠ ᠡᠴᠡ ᠬᠠᠭᠠᠴᠠᠵᠣ᠂ ᠴᠢᠩᠬᠢᠰ ᠬᠠᠭᠠᠨ ᠳᠤ ᠨᠠᠢ᠌ᠯᠠᠨ ᠢᠷᠠᠪᠠ᠂ ᠵᠠᠮᠣᠬ᠎ᠠ ᠡᠴᠡ ᠡᠳᠣᠢ ᠣᠯᠣᠰ ᠢᠷᠬᠡᠨ ᠰᠠᠯᠵᠣ᠂ ᠴᠢᠩᠬᠢᠰ ᠦᠪᠡᠷ ᠲᠤ ᠪᠠᠨ ᠢᠷᠠᠪᠠ ᠬᠡᠵᠦ ᠪᠠᠶᠠᠰᠴᠣ ᠴᠢᠩᠬᠢᠰ ᠬᠠᠭᠠᠨ᠂ ᠦᠬᠡᠯᠥᠨ ᠦᠵᠢᠨ᠂ ᠬᠠᠰᠠᠷ᠂ ᠵᠦᠷᠬᠢᠨ ᠤ ᠰᠠᠴᠠ ᠪᠠᠬᠢ᠂ ᠲᠠᠢ᠌ᠴᠣ ᠨᠡᠷ ᠣᠨᠣᠨ ᠤ ᠰᠢᠭᠣᠢ ᠳᠤ ᠨᠠᠢ᠌ᠯᠠᠵᠣ ᠬᠣᠷᠢᠮᠯᠠᠪᠠ᠂ ᠴᠢᠩᠬᠢᠰ ᠬᠠᠭᠠᠨ᠂ ᠦᠬᠡᠯᠥᠨ ᠦᠵᠢᠨ᠂ ᠬᠠᠰᠠᠷ᠂ ᠰᠠᠴᠠ ᠪᠠᠬᠢ ᠨᠡᠷ ᠲᠤ ᠲᠡᠷᠢᠬᠥᠯᠡᠨ ᠨᠢᠵᠡᠬᠡᠥᠨ ᠬᠣᠠᠳᠠᠭ᠎ᠠ ᠪᠠᠷᠢᠪᠠ᠂ ᠲᠠᠷᠠᠭ᠎ᠠ ᠨᠢ ᠰᠠᠴᠠ ᠪᠠᠬᠢ ᠶᠢᠨ ᠪᠠᠭ᠎ᠠ ᠡᠬᠡᠨᠡᠷ ᠡᠪᠡᠬᠡᠢ ᠳᠤ ᠲᠡᠷᠢᠬᠥᠯᠡᠨ ᠬᠣᠠᠳᠠᠭᠠᠯᠠᠬᠣ ᠳᠤ ᠬᠣᠷᠢᠵᠢ ᠶᠢᠨ ᠬᠠᠳᠣᠨ᠂ ᠬᠣᠭᠣᠷᠵᠢᠨ ᠬᠠᠳᠣᠨ ᠬᠣᠶᠠᠷ ᠠᠭᠣᠷᠯᠠᠵᠣ᠄ 《ᠪᠢᠳᠠᠨ ᠳᠤ ᠲᠡᠷᠢᠬᠥᠯᠡᠨ ᠪᠠᠷᠢᠬᠤ ᠦᠭᠡᠶ ᠶᠠᠭᠠᠬᠢᠭᠠᠳ ᠡᠪᠡᠬᠡᠢ ᠳᠤ ᠡᠬᠢᠯᠠᠨ ᠬᠣᠠᠳᠠᠭᠠᠯᠠᠪᠠ》 ᠬᠡᠵᠦ ᠲᠣᠭᠣᠭᠠᠴᠢ ᠰᠢᠬᠢᠬᠥᠷ ᠢ ᠵᠠᠠᠴᠢᠪᠠ᠂ ᠲᠣᠭᠣᠭᠠᠴᠢ ᠰᠢᠬᠢᠬᠥᠷ ᠵᠠᠠᠴᠢᠭᠳᠠᠭᠠᠳ᠄ 《ᠶᠢᠰᠦᠬᠡᠢ ᠪᠠᠭᠠᠳᠣᠷ᠂ ᠨᠡᠬᠥᠨ ᠲᠠᠢ᠌ᠵᠢ ᠬᠣᠶᠠᠷ ᠦᠬᠡᠢ ᠲᠣᠯᠠ ᠢᠩᠬᠢᠵᠣ ᠵᠠᠠᠴᠢᠭᠳᠠᠪᠠ》 ᠬᠡᠵᠦ ᠶᠡᠬᠡ ᠲᠠᠭᠣᠨ ᠶᠢᠠᠷ ᠣᠬᠢᠯᠠᠵᠠᠢ᠃
131᠂ ᠲᠠᠷᠠ ᠬᠣᠷᠢᠮ ᠢ ᠮᠠᠨ ᠤ ᠲᠠᠯ᠎ᠠ ᠡᠴᠡ ᠪᠡᠯᠬᠥᠳᠡᠢ ᠵᠠᠰᠠᠭᠠᠳ᠂ ᠴᠢᠩᠬᠢᠰ ᠬᠠᠭᠠᠨ ᠤ ᠮᠣᠷᠢ ᠶᠢ ᠪᠠᠷᠢᠵᠣ ᠪᠠᠢ᠌ᠪᠠ᠂ ᠵᠦᠷᠬᠢᠨ ᠡᠴᠠ ᠪᠦᠷᠢ ᠪᠦᠬᠡ ᠲᠠᠷᠠ ᠬᠣᠷᠢᠮ ᠢ ᠵᠠᠰᠠᠵᠣ ᠪᠠᠢ᠌ᠪᠠ᠂ ᠬᠡᠳᠡᠯ᠎ᠡ ᠬᠠᠳᠠᠬᠢᠨ ᠣᠪᠣᠭ ᠤᠨ ᠨᠢᠬᠡᠨ ᠬᠦᠮᠥᠨ᠂ ᠪᠢᠳᠠᠨ ᠤ ᠮᠣᠷᠢᠨ ᠤ ᠣᠶᠠᠭᠠᠨ ᠡᠴᠠ ᠴᠣᠯᠪᠣᠭᠣᠷ ᠬᠣᠯᠠᠭᠠᠢ᠌ᠯᠠᠵᠣ ᠠᠪᠣᠭᠠᠳ ᠪᠠᠷᠢᠭᠳᠠᠪᠠ᠂ ᠪᠦᠷᠢ ᠪᠦᠬᠡ ᠲᠠᠷᠠ ᠬᠦᠮᠥᠨ ᠢ ᠦᠮᠣᠬᠡᠷᠡᠵᠦ᠂ ᠪᠡᠯᠬᠥᠳᠡᠢ ᠲᠡᠶ ᠬᠡᠷᠡᠯᠲᠦᠪᠡ᠂ ᠪᠡᠯᠬᠥᠳᠡᠢ ᠦᠷᠬᠥᠯᠵᠢ ᠪᠠᠷᠢᠯᠳᠣᠬᠣ ᠲᠣᠯᠠ ᠪᠠᠷᠠᠭᠣᠨ ᠬᠠᠠᠴᠣᠢ ᠪᠠᠨ ᠮᠣᠯᠳᠣᠯᠠᠵᠣ᠂ ᠭᠠᠷ ᠶᠢᠠᠨ ᠨᠢᠴᠥᠬᠥᠨ ᠭᠠᠷᠭᠠᠵᠣ ᠶᠠᠪᠣᠬᠣ ᠪᠦᠯᠦᠬᠡ᠂ ᠪᠡᠯᠬᠥᠳᠡᠢ ᠶᠢᠨ ᠨᠢᠴᠥᠬᠥᠨ ᠮᠥᠷᠤ ᠶᠢ ᠪᠦᠷᠢ ᠪᠦᠬᠡ ᠢᠯᠳᠣ ᠪᠠᠷ ᠬᠠᠭ᠎ᠠ ᠴᠠᠪᠴᠢᠪᠠ᠂ ᠪᠡᠯᠬᠥᠳᠡᠢ ᠢᠩᠬᠢᠵᠣ ᠴᠠᠪᠴᠢᠭᠳᠠᠭᠰᠠᠨ ᠪᠣᠯᠪᠠᠴᠣ ᠣᠭᠳᠣ ᠠᠵᠢᠭ ᠦᠭᠡᠶ ᠴᠢᠰᠤ ᠪᠠᠨ ᠴᠣᠪᠣᠷᠠᠭᠣᠯᠵᠣ ᠶᠠᠪᠣᠬᠣ ᠶᠢ ᠰᠡᠬᠥᠳᠡᠷ ᠲᠤ ᠰᠠᠭᠣᠭᠠᠳ ᠬᠣᠷᠢᠮᠯᠠᠵᠣ ᠪᠠᠢ᠌ᠭᠰᠠᠨ ᠴᠢᠩᠬᠢᠰ ᠬᠠᠭᠠᠨ ᠦᠵᠡᠵᠦ ᠭᠠᠷᠴᠣ ᠢᠷᠡᠬᠡᠥᠨ ᠦᠬᠥᠯᠡᠷᠥᠨ᠄ 《ᠬᠡᠨ ᠳᠤ ᠢᠩᠬᠢᠵᠣ ᠴᠠᠪᠴᠢᠭᠳᠠᠪᠠ︖》 ᠬᠡᠬᠥ ᠳᠤ ᠪᠡᠯᠬᠥᠳᠡᠢ ᠦᠬᠥᠯᠡᠷᠥᠨ᠄ 《ᠦᠷᠯᠦᠬᠡ ᠡᠢ᠌ᠮᠣ ᠪᠣᠯᠣᠭᠰᠠᠨ ᠪᠢᠯᠠ᠂ ᠮᠢᠨᠣ ᠲᠥᠯᠣᠬᠡ ᠡᠠᠬ᠎ᠠ ᠲᠡᠬᠥᠤ ᠨᠡᠷ ᠮᠠᠭᠣᠳᠠᠯᠴᠠᠬᠣ ᠪᠣᠯᠭᠣᠵᠠᠢ︕ ᠪᠢ ᠠᠯᠵᠠᠬᠣ ᠦᠭᠡᠶ᠂ ᠮᠢᠨᠣ ᠪᠠᠶ᠎ᠠ ᠢᠯᠠᠷᠢ ᠪᠠᠢ᠌ᠨ᠎ᠠ᠂ ᠡᠠᠬ᠎ᠠ ᠲᠡᠬᠥᠤ ᠨᠡᠷ ᠰᠠᠶᠢ ᠢᠵᠢᠯᠳᠣᠨ ᠨᠠᠢ᠌ᠷᠠᠮᠳᠠᠵᠣ ᠪᠠᠢ᠌ᠭ᠎ᠠ ᠲᠣᠯᠠ ᠮᠢᠨᠣ ᠲᠥᠯᠣᠬᠡ ᠡᠠᠬ᠎ᠠ ᠪᠢᠳᠡᠬᠡᠢ ᠮᠠᠭᠣᠳᠠᠯᠴᠠ᠂ ᠬᠣᠷᠣᠮᠬᠠᠨ ᠪᠠᠢ᠌ᠵᠠᠨᠠ》 ᠬᠡᠪᠡ᠃
132᠂ ᠴᠢᠩᠬᠢᠰ ᠬᠠᠭᠠᠨ ᠪᠡᠯᠬᠦᠳᠡᠢ ᠶᠢᠨ ᠢᠳᠬᠠᠭᠰᠠᠨ ᠦᠭᠡ ᠵᠢ ᠦᠯᠦ ᠬᠠᠢ᠌ᠬᠤᠷᠤᠨ ᠬᠤᠶᠠᠷ ᠡᠳᠡᠭᠡᠳ (ᠬᠤᠶᠠᠷ ᠲᠠᠯ᠎ᠠ) ᠡᠴᠡ ᠮᠤᠳᠤᠨ ᠤ ᠬᠡᠰᠢᠬᠦᠳ ᠢ ᠬᠤᠭᠤ ᠳᠠᠳᠠᠵᠤ᠂ ᠠᠢ᠌ᠷᠠᠭ ᠤᠨ ᠪᠦᠯᠢᠬᠦᠷ ᠢ ᠰᠤᠭᠤᠴᠢᠵᠤ ᠠᠪᠤᠭᠠᠳ ᠵᠤᠳᠤᠯᠳᠤᠵᠤ᠂ ᠵᠦᠷᠬᠢᠨ ᠨᠠᠷ ᠢ ᠢᠯᠠᠵᠣ᠂ ᠬᠣᠷᠢᠵᠢᠨ ᠬᠠᠳᠣᠨ᠂ ᠬᠣᠭᠣᠷᠵᠢᠨ ᠬᠠᠳᠣᠨ ᠬᠣᠶᠠᠷ ᠢ ᠪᠣᠯᠢᠶᠠᠵᠣ ᠠᠪᠣᠪᠠ᠂ [ᠬᠠᠰᠠᠷ ᠬᠠᠷᠪᠣᠬᠣ ᠲᠣᠳᠣᠮ ᠨᠢᠬᠡ ᠬᠦᠮᠥᠨ ᠢ ᠣᠨᠠᠭᠠᠵᠣ ᠪᠠᠢ᠌ᠪᠠ᠂ ᠪᠡᠯᠬᠥᠳᠡᠢ ᠬᠦᠬᠥᠷ ᠲᠡᠶ ᠠᠢ᠌ᠷᠠᠭ ᠶᠢᠠᠷ ᠴᠣᠬᠢᠯᠴᠠᠵᠣ ᠶᠠᠪᠣᠪᠠ᠂ ᠳᠠᠢ᠌ᠴᠢᠭᠤᠳ ᠨᠡᠷ ᠪᠡᠯᠬᠥᠳᠡᠢ ᠶᠢ ᠪᠠᠷᠢᠵᠣ ᠠᠪᠣᠭᠠᠳ ᠬᠠᠰᠠᠭ ᠲᠡᠷᠬᠡᠨ ᠡᠴᠡ ᠬᠦᠯᠢᠵᠦ ᠲᠠᠯᠪᠢᠪᠠ᠂ ᠣᠠᠳᠠᠭᠰᠠᠨ ᠬᠤᠢ᠌ᠨ᠎ᠠ ᠪᠡᠯᠬᠥᠳᠡᠢ ᠬᠠᠰᠠᠭ ᠢ ᠡᠬᠥᠷᠥᠭᠰᠠᠬᠡᠷ ᠬᠦᠷᠴᠦ ᠢᠷᠠᠪᠠ᠂] ᠵᠦᠷᠬᠢᠨ ᠨᠡᠷ ᠨᠠᠢ᠌ᠷᠠᠮᠳᠠᠨ ᠵᠤᠬᠢᠯᠳᠣᠶᠠ ᠬᠡᠰᠡᠨ ᠢ ᠪᠢᠳᠠ ᠵᠦᠪᠰᠢᠶᠡᠷᠠᠵᠦ᠂ ᠬᠣᠷᠢᠵᠢᠨ ᠬᠠᠳᠣᠨ᠂ ᠬᠣᠭᠣᠷᠵᠢᠨ ᠬᠠᠳᠣᠨ ᠬᠣᠶᠠᠷ ᠢ ᠨᠢ ᠪᠣᠴᠠᠭᠠᠵᠣ ᠦᠭ᠍ᠪᠡ᠂ ᠲᠠᠷᠠ ᠴᠠᠭ ᠲᠤ ᠬᠢᠳᠠᠳ ᠤᠨ ᠠᠯᠳᠠᠨ ᠬᠠᠭᠠᠨ ᠲᠠᠲ᠋ᠠᠷ ᠤᠨ ᠮᠡᠬᠥᠵᠢᠨ ᠰᠡᠬᠥᠯᠲᠦ ᠶᠢ ᠡᠶ᠎ᠡ ᠳᠤ ᠪᠠᠨ ᠦᠯᠤ ᠣᠷᠣᠬᠣ ᠲᠣᠯᠠ ᠸᠠᠩᠬᠢᠩ ᠴᠢᠩᠰᠠᠩ ᠳᠤ ᠴᠡᠷᠢᠭ᠌ ᠦᠭᠴᠦ ᠲᠠᠳᠠᠨ ᠲᠡᠶ ᠲᠠᠷᠣᠢ ᠪᠠᠢ᠌ᠯᠳᠣ ᠬᠡᠵᠦ ᠶᠠᠪᠣᠭᠣᠯᠵᠠᠢ᠂ ᠸᠠᠩᠬᠢᠩ ᠴᠢᠩᠰᠠᠩ᠂ ᠮᠡᠬᠥᠵᠢᠨ ᠰᠡᠬᠥᠯᠲᠦ ᠲᠡᠷᠢᠬᠥᠳᠡᠨ ᠲᠠᠲ᠋ᠠᠷ ᠲᠡᠶ ᠪᠠᠢ᠌ᠯᠳᠣᠵᠣ᠂ ᠣᠯᠵᠠ ᠬᠡᠳᠡᠭ ᠭᠠᠵᠠᠷ ᠦᠬᠡᠳᠡ ᠠᠳᠣᠭᠣ ᠮᠠᠯ ᠤᠨ ᠬᠠᠮᠳᠣ ᠲᠥᠷᠢᠨ ᠬᠦᠬᠡᠬᠡᠵᠦ ᠠᠢ᠌ᠰᠣᠢ ᠬᠡᠬᠥ ᠮᠡᠳᠡᠬᠡ ᠶᠢ ᠠᠪᠣᠪᠠ᠂ ᠲᠠᠷᠠ ᠮᠡᠳᠡᠬᠡ ᠶᠢ ᠠᠪᠣᠭᠠᠳ
133᠂ ᠴᠢᠩᠬᠢᠰ ᠬᠠᠭᠠᠨ ᠦᠬᠥᠯᠡᠷᠥᠨ᠄ 《ᠬᠡᠳᠦᠢ᠌ᠨ ᠡᠴᠡ ᠲᠠᠲ᠋ᠠᠷ ᠪᠣᠯ ᠪᠢᠳᠠᠨ ᠤ ᠡᠴᠢᠬᠡ ᠡᠪᠥᠬᠡᠥᠨ ᠢ ᠠᠯᠠᠭᠰᠠᠨ ᠦᠰᠳᠡᠨ ᠢᠷᠬᠡᠨ ᠪᠢᠯᠠ᠂ ᠣᠳᠣ ᠡᠨᠠ ᠠᠯᠠᠯᠳᠣᠭᠠᠨ ᠳᠤ ᠬᠠᠪᠰᠣᠷᠣᠯᠴᠠᠶᠠ᠂》 ᠬᠡᠥᠨ ᠲᠣᠭᠣᠷᠢᠯ ᠬᠠᠨ ᠳᠤ ᠡᠯᠴᠢ ᠵᠠᠷᠣᠵᠣ᠄ 《ᠠᠯᠳᠠᠨ ᠬᠠᠭᠠᠨ ᠤ ᠸᠠᠩᠬᠢᠩ ᠴᠢᠩᠰᠠᠩ ᠮᠡᠬᠥᠵᠢᠨ ᠰᠡᠬᠥᠯᠲᠦ ᠲᠡᠷᠢᠬᠥᠳᠡᠨ ᠲᠠᠲ᠋ᠠᠷ ᠢ ᠣᠯᠵᠠ ᠦᠬᠡᠳᠡ ᠲᠥᠷᠢᠵᠦ ᠠᠢ᠌ᠰᠣᠢ ᠬᠡᠨ᠎ᠡ᠂ ᠡᠴᠢᠬᠡ ᠡᠪᠥᠬᠡᠥᠨ ᠢ ᠬᠤᠤᠷᠯᠠᠭᠰᠠᠨ ᠦᠰᠢᠶᠡᠲᠦ ᠲᠠᠲ᠋ᠠᠷ ᠲᠡᠶ ᠪᠠᠢ᠌ᠯᠳᠣᠶ᠎ᠠ᠂ ᠲᠣᠭᠣᠷᠢᠯ ᠬᠠᠨ ᠡᠴᠢᠬᠡ ᠲᠠᠷᠣᠢ ᠢᠷᠡᠲᠦᠬᠡᠢ》 ᠬᠡᠵᠦ ᠶᠠᠪᠣᠭᠣᠯᠪᠠ᠂ ᠡᠨᠠ ᠬᠡᠯᠡ ᠶᠢ ᠠᠪᠣᠭᠠᠳ ᠲᠣᠭᠣᠷᠢᠯ ᠬᠠᠨ ᠦᠬᠥᠯᠡᠷᠥᠨ᠄ 《ᠬᠦᠪᠡᠬᠥᠨ ᠴᠢᠩᠬᠢᠰ ᠬᠠᠭᠠᠨ ᠮᠢᠨᠢ ᠵᠦᠪ ᠦᠬᠡ ᠬᠡᠯᠡᠵᠦ ᠢᠷᠡᠬᠥᠯᠵᠡᠢ᠂ ᠪᠢᠳᠠ ᠬᠠᠪᠰᠣᠷᠣᠨ ᠪᠠᠢ᠌ᠯᠳᠣᠶ᠎ᠠ》 ᠬᠡᠥᠨ ᠭᠣᠷᠪᠠᠳᠣᠭᠠᠷ ᠡᠳᠣᠷ ᠨᠢ ᠴᠡᠷᠢᠭ᠌ ᠶᠢᠠᠨ ᠴᠣᠭᠯᠠᠭᠣᠯᠵᠣ ᠮᠣᠷᠳᠠᠭᠠᠳ ᠲᠣᠭᠣᠷᠢᠯ ᠲᠠᠷᠣᠢ ᠴᠢᠩᠬᠢᠰ ᠢ ᠣᠭᠳᠣᠨ ᠬᠦᠷᠴᠦ ᠢᠷᠠᠪᠠ᠂ ᠴᠢᠩᠬᠢᠰ ᠬᠠᠭᠠᠨ᠂ ᠲᠣᠭᠣᠷᠢᠯ ᠬᠠᠨ ᠬᠣᠶᠠᠷ ᠰᠠᠴᠠ ᠪᠠᠬᠢ ᠲᠡᠷᠢᠬᠥᠳᠡᠢ ᠵᠦᠷᠬᠢᠨ ᠨᠡᠷ ᠲᠤ ᠬᠡᠯᠡᠬᠥᠯᠥᠭᠰᠡᠨ ᠨᠢ᠄ 《ᠡᠨᠠ ᠪᠠᠢ᠌ᠯᠳᠤᠭᠠᠨ ᠳᠤ ᠬᠠᠪᠰᠣᠷᠴᠣ ᠡᠷᠳᠠᠨ ᠤ ᠡᠴᠢᠬᠡ ᠡᠪᠥᠬᠡᠥᠨ ᠢ ᠮᠢᠨᠢ ᠬᠣᠣᠷᠯᠠᠭᠰᠠᠨ ᠲᠠᠲ᠋ᠠᠷ ᠲᠡᠶ ᠪᠠᠢ᠌ᠯᠳᠣᠬᠣ ᠳᠤ ᠬᠠᠮᠳᠣ ᠮᠣᠷᠳᠠᠶ᠎ᠠ᠂》 ᠬᠡᠵᠦ ᠡᠯᠴᠢ ᠶᠠᠪᠣᠭᠣᠯᠣᠭᠠᠳ ᠵᠢᠷᠭᠣᠭᠠᠨ ᠡᠳᠣᠷ ᠬᠦᠯᠢᠶᠡᠪᠡᠴᠦ ᠲᠠᠳᠠ ᠢᠷᠡᠭ᠍ᠰᠡᠨ ᠦᠭᠡᠶ᠂ ᠬᠦᠯᠢᠶᠡᠵᠦ ᠶᠠᠳᠠᠭᠠᠳ ᠴᠢᠩᠬᠢᠰ ᠬᠠᠭᠠᠨ᠂ ᠲᠣᠭᠣᠷᠢᠯ ᠬᠠᠨ ᠬᠣᠶᠠᠷ᠂ ᠴᠡᠷᠢᠭ᠌ ᠶᠢᠠᠨ ᠠᠪᠴᠣ᠂ ᠸᠠᠩᠬᠢᠩ ᠴᠢᠩᠰᠠᠩ ᠲᠡᠶ ᠬᠠᠪᠰᠣᠷᠬᠣ ᠪᠠᠷ ᠣᠯᠵᠠ ᠦᠬᠡᠳᠡ ᠶᠠᠪᠣᠵᠣ ᠣᠴᠢᠪᠠᠯ᠂ ᠣᠯᠵᠠ ᠶᠢᠨ ᠬᠣᠰᠣᠳᠣ ᠰᠢᠲᠦᠬᠡᠨ ᠨᠠᠷᠠᠳᠣ ᠰᠢᠲᠦᠬᠡᠨ ᠬᠡᠳᠡᠭ ᠭᠠᠵᠠᠷ ᠲᠤ ᠲᠠᠲ᠋ᠠᠷ ᠤᠨ ᠮᠡᠬᠥᠵᠢᠨ ᠰᠡᠬᠥᠯᠲᠦ ᠲᠡᠷᠢᠬᠥᠳᠡᠨ ᠲᠠᠲ᠋ᠠᠷ ᠨᠠᠷ ᠬᠣᠷᠣᠭ᠎ᠠ ᠪᠠᠬᠢᠯᠠᠯᠳᠠ ᠶᠢ ᠪᠠᠷᠢᠵᠠᠢ᠂ ᠴᠢᠩᠬᠢᠰ ᠬᠠᠭᠠᠨ᠂ ᠲᠣᠭᠣᠷᠢᠯ ᠬᠠᠨ ᠬᠣᠶᠠᠷ ᠲᠠᠷᠠ ᠬᠦ ᠮᠡᠬᠥᠵᠢᠨ ᠰᠡᠬᠥᠯᠲᠦ ᠨᠡᠷ ᠤᠨ ᠪᠠᠬᠢᠯᠠᠯᠳᠠ ᠡᠴᠠ ᠨᠢ ᠪᠠᠷᠢᠵᠣ᠂ ᠮᠡᠬᠥᠵᠢᠨ ᠰᠡᠬᠥᠯᠲᠦ ᠶᠢ ᠲᠠᠠᠳᠠ ᠨᠢ ᠠᠯᠠᠭᠠᠳ ᠮᠦᠩᠬᠥᠨ ᠦᠯᠣᠬᠡᠢ ᠪᠠ ᠲᠠᠨ᠎ᠠ ᠡᠷᠳᠠᠨᠢ ᠶᠢᠨ ᠴᠢᠮᠡᠭ᠍ᠲᠦ ᠬᠦᠠᠵᠢᠯᠡ ᠵᠢ ᠨᠢ ᠴᠢᠩᠬᠢᠰ ᠬᠠᠭᠠᠠᠨ ᠣᠯᠵᠠᠯᠠᠨ ᠠᠪᠣᠪᠠ᠃
134᠂ ᠮᠡᠭᠦᠵᠢᠨ ᠰᠡᠬᠦᠯᠳᠤ ᠵᠢ ᠠᠯᠠᠪᠠ ᠭᠡᠵᠦ ᠴᠢᠩᠬᠢᠰ ᠬᠠᠭᠠᠨ᠂ ᠳᠤᠭᠤᠷᠢᠯ ᠬᠠᠨ ᠬᠤᠶᠠᠷ ᠮᠡᠳᠡᠭᠳᠡᠪᠡᠯ ᠸᠠᠩᠬᠢᠩ ᠴᠢᠩᠰᠠᠩ ᠰᠤᠨᠤᠰᠤᠭᠠᠳ ᠮᠠᠰᠢ ᠶᠡᠬᠡ ᠪᠠᠶᠠᠷᠯᠠᠵᠤ᠂ ᠵᠠᠭᠤᠳ ᠬᠤᠷᠢ (ᠬᠢᠳᠡᠳ ᠶᠢᠠᠷ ᠬᠦᠴᠦᠳᠤ ᠨᠤᠶᠠᠨ ᠭᠡᠰᠡᠨ ᠦᠭᠡ ᠭᠡᠵᠦ ᠷᠠᠰᠢᠳ᠋ ᠠᠳ᠋ ᠳ᠋ᠢᠨ ᠳᠠᠢ᠌ᠯᠪᠤᠷᠢᠯᠡᠵᠡᠢ ) ᠭᠡᠳᠡᠭ ᠴᠤᠯᠠ ᠱᠠᠩᠨᠠᠪᠠ᠃ ᠬᠡᠷᠡᠢ᠌ᠳ ᠤᠨ ᠳᠤᠭᠤᠷᠢᠯ ᠳᠤ ᠸᠠᠩ ᠴᠤᠯᠠ ᠱᠠᠩᠨᠠᠪᠠ᠃ ᠸᠠᠩᠬᠢᠩ ᠴᠢᠩᠰᠠᠩ᠂ ᠸᠠᠩ ᠴᠤᠯᠠ ᠦᠭ᠍ᠬᠦᠭ᠍ᠰᠡᠨ ᠳᠡᠬᠦᠨ ᠡᠴᠡ ᠬᠤᠢᠢᠰᠢ ᠳᠤᠭᠤᠷᠢᠯ ᠢ ᠸᠠᠩ ᠭᠡᠵᠦ ᠨᠠᠷᠡᠢ᠌ᠳᠬᠦ ᠪᠤᠯᠪᠠ᠂ ᠸᠠᠩᠬᠢᠩ ᠴᠢᠩᠰᠠᠩ ᠦᠬᠥᠯᠡᠷᠥᠨ᠄ 《ᠮᠡᠬᠥᠵᠢᠨ ᠰᠡᠬᠥᠯᠲᠦ ᠶᠢ ᠬᠠᠪᠰᠣᠷᠣᠨ ᠠᠯᠠᠵᠣ᠂ ᠲᠠ ᠨᠡᠷ ᠠᠯᠳᠠᠨ ᠬᠠᠭᠠᠨ ᠳᠤ ᠶᠡᠬᠡ ᠲᠣᠰᠠ ᠬᠢᠪᠠ᠂ ᠡᠨᠠ ᠲᠣᠰᠠ ᠶᠢ ᠴᠢᠨᠢ ᠠᠯᠳᠠᠨ ᠬᠠᠭᠠᠨ ᠳᠤ ᠬᠡᠯᠡᠶ᠎ᠡ ᠪᠢ᠂ ᠴᠢᠩᠬᠢᠰ ᠬᠠᠭᠠᠨ ᠳᠤ ᠡᠬᠥᠨ ᠡᠴᠡ ᠢᠯᠡᠬᠥᠤ ᠴᠣᠯᠠ ᠱᠠᠩᠨᠠᠬᠣ ᠶᠢ ᠠᠯᠳᠠᠨ ᠬᠠᠭᠠᠨ ᠮᠡᠳᠡᠲᠦᠬᠡᠢ》 ᠬᠡᠪᠡ᠂ ᠸᠠᠩᠬᠢᠩ ᠴᠢᠩᠰᠠᠩ ᠲᠡᠢ᠌ᠠᠬᠥ ᠪᠠᠶᠠᠰᠴᠣ ᠪᠣᠴᠠᠪᠠ᠂ ᠴᠢᠩᠬᠢᠰ ᠬᠠᠭᠠᠨ᠂ ᠲᠣᠭᠣᠷᠢᠯ ᠬᠠᠨ ᠲᠠᠲ᠋ᠠᠷ ᠢ ᠬᠣᠪᠢᠶᠠᠵᠣ ᠠᠪᠣᠭᠠᠳ ᠬᠡᠷ ᠲ᠋ᠤ ᠪᠠᠨ ᠬᠠᠷᠢᠵᠣ ᠪᠠᠭᠣᠪᠠ᠃
135᠂ ᠲᠠᠲ᠋ᠠᠷ ᠤᠨ ᠬᠣᠷᠭᠣᠳᠠᠵᠣ ᠪᠠᠢ᠌ᠭᠰᠠᠨ ᠨᠠᠷᠠᠳᠣ ᠰᠢᠲᠦᠬᠡᠨ ᠤ ᠨᠣᠳᠣᠭ ᠲᠡᠬᠡᠷ᠎ᠡ ᠨᠢᠬᠡᠨ ᠦᠴᠥᠬᠡᠨ ᠬᠡᠣᠬᠡᠥᠨ ᠣᠷᠬᠢᠭᠳᠠᠭᠰᠠᠨ ᠢ ᠪᠢᠳᠠᠨ ᠤ ᠴᠡᠷᠢᠭ᠌ ᠤᠳ ᠣᠯᠵᠠᠢ᠂ ᠦᠵᠡᠪᠡᠯ ᠲᠥᠷᠤ ᠲᠡᠶ ᠠᠯᠳᠠᠨ ᠡᠬᠡᠮᠥᠭ ᠵᠠᠬᠥᠭ᠍ᠰᠡᠨ ᠪᠠ ᠪᠣᠯᠠᠭ᠎ᠠ ᠪᠠᠷ ᠲᠣᠳᠣᠷᠯᠠᠭᠰᠠᠨ ᠲᠠᠵᠢ ᠳᠤᠷᠭᠠᠨ ᠡᠯᠢᠭᠡᠪᠴᠢ (ᠬᠠᠨᠳᠠᠭᠠᠵᠠ) ᠡᠮᠦᠰᠦᠭᠰᠡᠨ ᠠᠵᠠᠢ᠂ ᠳᠡᠷᠡ ᠬᠡᠥᠭᠡᠳ ᠢ ᠴᠢᠩᠬᠢᠰ ᠬᠠᠭᠠᠨ ᠠᠪᠴᠢᠷᠠᠵᠤ᠂ ᠦᠭᠡᠯᠤᠨ ᠡᠭᠡ ᠳᠤ ᠪᠡᠯᠡᠭ ᠬᠡᠵᠦ ᠦᠭ᠍ᠪᠡ᠂ ᠦᠬᠡᠯᠥᠨ ᠡᠬᠡ ᠦᠬᠥᠯᠡᠷᠥᠨ᠄ 《ᠰᠠᠢ᠌ᠨ ᠬᠦᠮᠥᠨ ᠤ ᠬᠦᠪᠡᠬᠥᠨ ᠪᠢᠵᠠ᠂ ᠢᠵᠠᠭᠣᠷ ᠰᠠᠢ᠌ᠳᠣ ᠬᠦᠮᠥᠨ ᠤ ᠣᠷᠣᠭ ᠪᠢᠵᠠ᠂ ᠲᠠᠪᠣᠨ ᠬᠦᠪᠡᠬᠥᠨ ᠤ ᠲᠠᠷᠠᠭᠠᠬᠢ ᠵᠢᠷᠭᠣᠳᠣᠭᠠᠷ ᠬᠦᠪᠡᠬᠥᠨ ᠪᠣᠯᠭᠠᠶ᠎ᠠ ᠬᠡᠥᠨ》 ᠰᠢᠬᠢᠬᠣᠳᠣᠭ ᠬᠡᠳᠡᠭ ᠨᠡᠷ᠎ᠡ ᠦᠭᠴᠦ ᠠᠰᠠᠷᠠᠪᠠ᠃
136᠂ ᠴᠢᠩᠬᠢᠰ ᠬᠠᠭᠠᠨ ᠤ ᠠᠷᠤ ᠬᠡᠷ ᠬᠠᠷᠢᠯᠳᠣ ᠨᠠᠭᠣᠷ ᠲᠤ ᠪᠠᠢ᠌ᠭᠰᠠᠨ ᠪᠢᠯᠠ᠂ ᠵᠦᠷᠬᠢᠨ ᠨᠡᠷ ᠴᠢᠩᠬᠢᠰ ᠤᠨ ᠠᠷᠤ ᠬᠡᠷ ᠲᠤ ᠬᠣᠴᠣᠷᠣᠭᠰᠠᠨ ᠬᠦᠮᠥᠰ ᠢ ᠲᠣᠪᠳᠣᠯᠵᠣ᠂ ᠲᠠᠪᠢᠨ ᠬᠦᠮᠥᠨ ᠤ ᠬᠣᠪᠴᠠᠰᠣ ᠶᠢ ᠲᠣᠨᠣᠭᠠᠳ ᠠᠷᠪᠠᠨ ᠬᠦᠮᠥᠨ ᠢ ᠠᠯᠠᠵᠠᠢ᠂ ᠵᠦᠷᠬᠢᠨ ᠨᠡᠷ ᠢ ᠢᠩᠬᠢᠵᠣ ᠰᠦᠢᠳᠬᠡᠪᠡ ᠬᠡᠵᠦ ᠪᠢᠳᠠᠨ ᠤ ᠠᠷᠤ ᠬᠡᠷ ᠲᠤ ᠬᠣᠴᠣᠷᠣᠭᠰᠠᠳ ᠴᠢᠩᠬᠢᠰ ᠬᠠᠭᠠᠨ ᠳᠤ ᠮᠡᠳᠡᠬᠡᠯᠡᠪᠡᠯ᠂ ᠴᠢᠩᠬᠢᠰ ᠬᠠᠭᠠᠨ ᠮᠠᠰᠢ ᠶᠡᠬᠡ ᠬᠢᠯᠢᠩᠨᠠᠵᠣ ᠦᠬᠥᠯᠡᠷᠥᠨ᠄ 《ᠵᠦᠷᠬᠢᠨ ᠨᠡᠷ ᠪᠢᠳᠠᠨ ᠢ ᠶᠠᠭᠠᠬᠢᠭᠠᠳ ᠢᠩᠬᠢᠵᠣ ᠪᠠᠢ᠌ᠭ᠎ᠠ ᠪᠢᠯᠠ᠂ ᠣᠨᠣᠨ ᠤ ᠰᠢᠭᠣᠢ ᠳᠤ ᠬᠣᠷᠢᠮᠯᠠᠵᠣ ᠪᠠᠢ᠌ᠬᠣ ᠳᠤ ᠲᠣᠭᠣᠭᠠᠴᠢ ᠰᠢᠬᠢᠬᠥᠷ ᠢ ᠲᠠᠳᠠ ᠵᠠᠠᠴᠢᠪᠠ᠂ ᠪᠡᠯᠬᠥᠳᠡᠢ ᠶᠢᠨ ᠮᠥᠷᠤ ᠶᠢ ᠴᠠᠪᠴᠢᠪᠠ᠃ ᠨᠠᠢ᠌ᠷᠠᠮᠳᠠᠶ᠎ᠠ ᠬᠡᠬᠥ ᠳᠣ ᠪᠢᠳᠠ ᠬᠣᠷᠢᠵᠢᠨ ᠬᠠᠳᠣᠨ᠂ ᠬᠣᠭᠣᠷᠵᠢᠨ ᠬᠠᠳᠣᠨ ᠬᠣᠶᠠᠷ ᠢ ᠪᠣᠴᠠᠭᠠᠵᠣ ᠦᠭ᠍ᠬᠥᠭ᠍ᠰᠡᠨ ᠪᠢᠯᠠ᠂ ᠲᠡᠬᠥᠨ ᠤ ᠬᠤᠢ᠌ᠨ᠎ᠠ ᠡᠴᠢᠬᠡ ᠡᠪᠥᠬᠡᠥᠨ ᠢ ᠮᠢᠨᠢ ᠬᠣᠣᠷᠯᠠᠭᠰᠠᠨ ᠡᠷᠳᠠᠨ ᠤ ᠦᠰᠢᠶᠡᠲᠦ ᠲᠠᠲ᠋ᠠᠷ ᠢ ᠬᠠᠪᠰᠣᠷᠣᠨ ᠪᠠᠢ᠌ᠯᠳᠣᠶ᠎ᠠ ᠬᠡᠥᠨ ᠵᠦᠷᠬᠢᠨ ᠨᠡᠷ ᠢ ᠵᠢᠷᠭᠣᠭᠠᠨ ᠡᠳᠣᠷ ᠬᠦᠯᠢᠶᠡᠭ᠍ᠰᠡᠨ ᠪᠣᠯᠪᠠᠴᠣ ᠲᠠᠳᠠ ᠢᠷᠡᠭ᠍ᠰᠡᠨ ᠦᠭᠡᠶ᠂ ᠣᠳᠣ ᠪᠠᠰᠠ ᠲᠠᠢ᠌ᠰᠣᠨ ᠤ ᠬᠠᠵᠠᠭᠣ ᠪᠠᠷ ᠲᠠᠢ᠌ᠰᠣᠨ ᠪᠣᠯᠪᠠ》 ᠬᠡᠥᠨ ᠴᠢᠩᠬᠢᠰ ᠬᠠᠭᠠᠨ ᠵᠦᠷᠬᠢᠨ ᠲᠡᠶ ᠪᠠᠢ᠌ᠯᠳᠣᠬᠣ ᠪᠠᠷ ᠮᠣᠷᠢᠯᠠᠪᠠ᠂ ᠵᠦᠷᠬᠢᠨ ᠨᠡᠷ ᠢ ᠬᠡᠷᠥᠯᠥᠨ ᠤ ᠬᠦᠳᠡᠬᠡ ᠠᠷᠠᠯ ᠤᠨ ᠲᠣᠯᠣᠭᠠᠨ ᠪᠣᠯᠳᠠᠭ ᠬᠡᠳᠡᠭ ᠭᠠᠵᠠᠷ ᠪᠠᠢ᠌ᠬᠣ ᠳᠤ ᠲᠠᠭᠠᠷᠢᠨ ᠣᠷᠣᠪᠠᠯ ᠰᠠᠴᠠ ᠪᠠᠬᠢ᠂ ᠲᠠᠢ᠌ᠴᠣ ᠬᠣᠶᠠᠷ ᠴᠦᠬᠡᠨ ᠬᠦᠮᠥᠰ ᠢ ᠠᠪᠴᠣ ᠲᠣᠳᠠᠭᠠᠪᠠ᠂ ᠬᠤᠢ᠌ᠨ᠎ᠠ ᠡᠴᠠ ᠨᠡᠬᠡᠵᠦ ᠲᠠᠯᠠᠳᠣ ᠠᠮᠨ ᠬᠡᠳᠡᠭ ᠭᠠᠵᠠᠷ ᠬᠦᠢᠴᠡᠵᠦ ᠰᠠᠴᠠ ᠪᠠᠬᠢ᠂ ᠲᠠᠢ᠌ᠴᠣ ᠬᠣᠶᠠᠷ ᠢ ᠪᠠᠷᠢᠪᠠ᠂ ᠪᠠᠷᠢᠭᠠᠳ ᠴᠢᠩᠬᠢᠰ ᠬᠠᠭᠠᠨ ᠰᠠᠴᠠ ᠪᠠᠬᠢ᠂ ᠲᠠᠢ᠌ᠴᠣ ᠬᠣᠶᠠᠷ ᠲᠤ ᠦᠬᠥᠯᠡᠷᠥᠨ᠄ 《ᠣᠷᠢᠳᠣ ᠪᠢᠳᠠ ᠶᠠᠭᠣ ᠬᠡᠵᠦ ᠬᠡᠯᠡᠯᠴᠡᠭ᠍ᠰᠡᠨ ᠪᠢᠯᠠ》 ᠬᠡᠪᠡᠯ ᠰᠠᠴᠠ᠂ ᠲᠠᠢ᠌ᠴᠣ ᠬᠣᠶᠠᠷ ᠦᠬᠥᠯᠡᠷᠥᠨ᠄ 《ᠪᠢᠳᠠ ᠬᠡᠯᠡᠭ᠍ᠰᠡᠨ ᠦᠬᠡᠨ ᠳᠤ ᠪᠠᠨ ᠬᠦᠷᠥᠬᠡ ᠦᠭᠡᠶ ᠪᠣᠯ ᠦᠬᠡᠨ ᠳᠤ ᠮᠢᠨᠢ ᠬᠦᠷᠬᠡ》 ᠬᠡᠪᠡᠯ ᠲᠠᠳᠠᠨ ᠤ ᠣᠷᠢᠳᠣ ᠬᠡᠯᠡᠭ᠍ᠰᠡᠨ ᠦᠬᠡ ᠶᠢ ᠰᠠᠨᠠᠭᠣᠯᠵᠣ᠂ ᠬᠡᠯᠡᠭ᠍ᠰᠡᠨ ᠦᠬᠡᠨ ᠳᠤ ᠨᠢ ᠬᠦᠷᠬᠡᠵᠦ ᠲᠠᠳᠠᠨ ᠢ ᠪᠦᠳᠡᠬᠡᠵᠦ ᠠᠯᠠᠪᠠ᠃
137᠂ ᠰᠠᠴᠠ ᠪᠠᠬᠢ᠂ ᠲᠠᠢ᠌ᠴᠣ ᠬᠣᠶᠠᠷ ᠢ ᠲᠠᠭᠣᠰᠬᠠᠭᠠᠳ᠂ ᠵᠦᠷᠬᠢᠨ ᠢᠷᠬᠡᠨ ᠢ ᠬᠦᠳᠡᠯᠬᠡᠵᠦ ᠢᠷᠡᠬᠥ ᠳᠤ ᠲᠠᠳᠠᠨ ᠤ ᠲᠣᠳᠣᠷ᠎ᠠ ᠵᠠᠯᠠᠢ᠌ᠷ ᠤᠨ ᠲᠡᠯᠠᠬᠡᠲᠦ ᠪᠠᠶᠠᠨ ᠤ ᠬᠦᠪᠡᠬᠥᠨ ᠬᠦᠮᠥᠨ ᠭᠣᠸ᠎ᠠ᠂ ᠴᠢᠯᠠᠭᠣᠨ ᠬᠠᠢ᠌ᠴᠢ᠂ ᠵᠠᠪᠬᠡ ᠭᠣᠷᠪᠠ ᠪᠠᠢ᠌ᠪᠠ᠃ ᠬᠦᠮᠥᠨ ᠭᠣᠸ᠎ᠠ᠂ ᠮᠣᠬᠣᠯᠠᠢ ᠪᠣᠬ᠎ᠠ ᠬᠣᠶᠠᠷ ᠬᠦᠪᠡᠬᠥᠨ ᠶᠢᠠᠨ ᠴᠢᠩᠬᠢᠰ ᠲᠤ ᠠᠭᠣᠯᠵᠠᠭᠣᠯᠣᠨ ᠦᠭᠴᠦ ᠦᠬᠥᠯᠡᠷᠥᠨ᠄
《ᠪᠣᠱᠣᠭ᠎ᠠ ᠶᠢᠨ ᠴᠢᠨᠢ
ᠪᠣᠭᠣᠯ ᠪᠣᠯᠳᠣᠭᠠᠢ
ᠪᠣᠱᠣᠭᠠᠨ ᠡᠴᠡ ᠴᠢᠨᠢ
ᠪᠣᠯᠳᠠᠵᠣ ᠵᠠᠢ᠌ᠯᠠᠪᠠᠯ
ᠪᠣᠷᠪᠢ ᠶᠢ ᠨᠢ ᠣᠭᠳᠣᠯ᠎ᠠ᠂
ᠡᠬᠥᠳᠡᠨ ᠤ ᠴᠢᠨᠢ
ᠦᠮᠴᠢ ᠪᠣᠯᠳᠣᠭᠠᠢ
ᠡᠬᠥᠳᠡᠨ ᠡᠴᠡ ᠨᠢ
ᠲᠣᠳᠠᠭᠠᠵᠣ ᠵᠠᠢ᠌ᠯᠠᠪᠠᠯ
ᠡᠯᠢᠬᠡ ᠶᠢ ᠨᠢ ᠡᠮᠳᠠᠯᠠ》 ᠬᠡᠪᠡ᠂
ᠴᠢᠯᠠᠭᠣᠨ ᠬᠠᠢ᠌ᠴᠢ᠂ ᠲᠦᠩᠬᠡ ᠬᠠᠰᠢ ᠬᠣᠶᠠᠷ ᠬᠦᠪᠡᠬᠥᠨ ᠶᠢᠠᠨ ᠠᠭᠣᠯᠵᠠᠭᠣᠯᠣᠨ ᠦᠭᠴᠦ ᠦᠬᠥᠯᠡᠷᠥᠨ᠄
《ᠠᠯᠳᠠᠨ ᠪᠣᠱᠣᠭ᠎ᠠ ᠶᠢ ᠴᠢᠨᠢ
ᠠᠰᠢᠳᠠ ᠰᠠᠬᠢᠵᠣ ᠪᠠᠢ᠌ᠭ
ᠠᠯᠳᠠᠨ ᠪᠣᠱᠣᠭᠠᠨ ᠡᠴᠡ ᠴᠢᠨᠢ
ᠠᠩᠬᠢᠳᠠ ᠤᠳᠬᠣ ᠪᠣᠯ
ᠠᠮᠢ ᠶᠢ ᠨᠢ ᠲᠠᠰᠣᠯᠵᠣ ᠠᠯᠨ
ᠦᠷᠬᠡᠨ ᠡᠬᠥᠳᠡ ᠶᠢ ᠴᠢᠨᠢ
ᠡᠷᠬᠥᠵᠦ ᠦᠭᠴᠦ ᠪᠠᠢ᠌ᠭ
ᠦᠷᠬᠡᠨ ᠡᠬᠥᠳᠡᠨ ᠡᠴᠡ ᠴᠢᠨᠢ
ᠦᠬᠡᠷ᠎ᠡ ᠵᠦᠭ᠌ ᠶᠠᠪᠣᠪᠠᠯ
ᠦᠷᠤ ᠶᠢ ᠨᠢ ᠡᠮᠳᠠᠯᠠᠵᠣ ᠠᠯᠨ》 ᠬᠡᠪᠡ᠃ ᠵᠠᠪᠬᠡ ᠶᠢ ᠬᠠᠰᠠᠷ ᠲᠤ ᠦ᠍ᠭ᠍ᠪᠡ᠂ ᠵᠠᠪᠬᠡ ᠵᠦᠷᠬᠢᠨ ᠤ ᠨᠣᠳᠣᠭ ᠡᠴᠡ ᠪᠤᠷᠤᠬᠤᠯ ᠬᠡᠳᠡᠭ ᠨᠠᠷᠠᠳᠣ ᠬᠦᠪᠡᠬᠥᠨ ᠢ ᠣᠯᠵᠣ ᠠᠪᠣᠭᠰᠠᠨ ᠶᠢᠠᠨ ᠦᠬᠡᠯᠥᠨ ᠡᠬᠡ ᠳᠤ ᠠᠭᠣᠯᠵᠠᠵᠣ ᠦᠭ᠍ᠪᠡ᠃
138᠂ ᠦᠬᠡᠯᠥᠨ ᠡᠬᠡ᠂ ᠮᠠᠷᠭᠢᠳ ᠤᠨ ᠨᠣᠳᠣᠭ ᠡᠴᠡ ᠣᠯᠵᠣ ᠠᠪᠣᠭᠰᠠᠨ ᠬᠦᠴᠦ ᠨᠠᠷᠠᠳᠣ ᠬᠦᠪᠡᠬᠥᠨ ᠪᠠ ᠲᠠᠢ᠌ᠴᠢᠭᠣᠳ ᠤᠨ ᠪᠠᠰᠣᠳ ᠤᠨ ᠨᠣᠳᠣᠭ ᠡᠴᠡ ᠣᠯᠵᠣ ᠠᠪᠣᠭᠰᠠᠨ ᠬᠦᠬᠡᠴᠦ᠂ ᠲᠠᠲ᠋ᠠᠷ ᠤᠨ ᠨᠣᠳᠣᠭ ᠡᠴᠡ ᠣᠯᠵᠣ ᠠᠪᠣᠭᠰᠠᠨ ᠰᠢᠬᠢᠬᠣᠳᠣᠭ᠂ ᠵᠦᠷᠬᠢᠨ ᠤ ᠨᠣᠳᠣᠭ ᠡᠴᠠ ᠣᠯᠵᠣ ᠠᠪᠣᠭᠰᠠᠨ ᠪᠤᠷᠤᠬᠤᠯ ᠡᠨᠠ ᠲᠥᠷᠪᠡᠨ ᠬᠦᠪᠡᠬᠥᠨ ᠢ ᠬᠡᠷ ᠲᠣᠳᠣᠷ᠎ᠠ ᠪᠠᠨ ᠠᠰᠠᠷᠠᠵᠣ ᠪᠠᠢ᠌ᠪᠠ᠂ ᠦᠬᠡᠯᠥᠨ ᠡᠬᠡ ᠬᠦᠪᠡᠭᠦᠳ ᠲᠤ ᠪᠠᠨ ᠦᠬᠥᠯᠡᠷᠥᠨ᠄ 《ᠡᠳᠠᠨ ᠢ ᠡᠳᠣᠷ ᠦᠵᠡᠬᠥ ᠨᠢᠳᠣ᠂ ᠰᠦᠨᠢ ᠰᠣᠨᠣᠰᠬᠣ ᠴᠢᠬᠢ ᠪᠣᠯᠭᠠᠶ᠎ᠠ》 ᠬᠡᠪᠡ᠃
139᠂ ᠵᠦᠷᠬᠢᠨ ᠣᠪᠣᠭ ᠤᠨ ᠣᠭ ᠭᠠᠷᠣᠯ ᠨᠢ ᠬᠠᠪᠣᠯ ᠬᠠᠭᠠᠨ ᠤ ᠲᠣᠯᠣᠭᠠᠨ ᠬᠦᠪᠡᠬᠥᠨ ᠤ ᠡᠠᠬ᠎ᠠ ᠨᠢ ᠣᠬᠢᠨ ᠪᠠᠷᠬᠠᠭ ᠪᠦᠯᠦᠬᠡ᠂ ᠲᠡᠬᠥᠨ ᠤ ᠬᠦᠪᠡᠬᠥᠨ ᠰᠣᠷᠬᠠᠳᠣ ᠵᠦᠷᠬᠢ᠂ ᠵᠦᠷᠬᠢᠨ ᠤ ᠡᠴᠢᠬᠡ᠂ ᠬᠠᠪᠣᠯ ᠬᠠᠭᠠᠨ ᠤ ᠬᠦᠪᠡᠭᠦᠳ ᠤᠨ ᠠᠬᠠᠮᠠᠳ ᠲᠣᠯᠠ ᠬᠠᠷᠢᠶᠠᠳᠣ ᠢᠷᠬᠡᠥᠨ ᠤᠨ ᠲᠣᠳᠣᠷ᠎ᠠ ᠡᠴᠡ
ᠡᠷᠠᠬᠡᠢ ᠳᠤ ᠪᠠᠨ ᠡᠷᠴᠢᠮ ᠲᠡᠶ
ᠡᠯᠢᠬᠡᠨ ᠳᠤ ᠪᠠᠨ ᠰᠢᠬᠥᠰᠦ ᠲᠡᠶ
ᠠᠭᠣᠰᠬᠢᠨ ᠳᠤ ᠪᠠᠨ ᠠᠭᠣᠷ ᠲᠡᠶ
ᠣᠷᠣᠭᠣᠯ ᠳᠤ ᠪᠠᠨ ᠬᠢᠯᠢᠩ ᠲᠡᠶ
ᠬᠦᠴᠥᠲᠦ ᠪᠦᠬᠡ ᠪᠠ ᠡᠷᠳᠠᠮᠳᠣ ᠡᠷᠠᠰ ᠢ ᠢᠯᠠᠭᠠᠵᠣ ᠬᠦᠪᠡᠬᠥᠨ ᠳᠤ ᠪᠠᠨ ᠦᠭ᠍ᠪᠡ᠂ ᠡᠢ᠌ᠠᠬᠥ ᠠᠭᠣᠷ ᠣᠮᠣᠭ ᠲᠡᠶ᠂ ᠴᠢᠩᠭ᠎ᠠ ᠵᠢᠷᠥᠬᠡ ᠲ᠋ᠠᠢ ᠬᠦᠮᠥᠰ ᠨᠡᠢ᠌ᠯᠡᠭ᠍ᠰᠡᠨ ᠲᠣᠯᠠ ᠵᠦᠷᠬᠢᠨ ᠬᠡᠵᠦ ᠨᠡᠷᠡᠯᠡᠭ᠍ᠳᠡᠵᠡᠢ᠂ [ᠡᠷ᠎ᠠ ᠶᠢᠨ ᠡᠷ᠎ᠠ ᠲᠥᠷᠥᠭᠰᠡᠨ] ᠴᠢᠩᠬᠢᠰ ᠬᠠᠭᠠᠨ ᠡᠢ᠌ᠮᠣ ᠣᠮᠣᠭᠳᠣ ᠵᠦᠷᠬᠢᠨ ᠨᠡᠷ ᠢ ᠲᠣᠷᠣᠢ᠌ᠳᠠᠭᠣᠯᠣᠨ ᠲᠠᠷᠣᠵᠣ᠂ ᠣᠯᠠᠨ ᠠᠷᠠᠳ ᠢ ᠨᠢ ᠦᠪᠡᠷ ᠤᠨ ᠢᠷᠬᠡᠨ ᠪᠣᠯᠭᠠᠪᠠ᠃
140 ᠴᠢᠩᠬᠢᠰ ᠬᠠᠭᠠᠨ ᠨᠢᠬᠡ ᠡᠳᠣᠷ ᠪᠦᠷᠢ ᠪᠦᠬᠡ᠂ ᠪᠡᠯᠬᠥᠳᠡᠢ ᠬᠣᠶᠠᠷ ᠢ ᠪᠠᠷᠢᠯᠳᠣᠭᠣᠯᠣᠶᠠ ᠬᠡᠪᠡ᠂ ᠪᠦᠷᠢ ᠪᠦᠬᠡ ᠵᠦᠷᠬᠢᠨ ᠳᠤ ᠪᠠᠢ᠌ᠭᠰᠠᠨ ᠪᠢᠯᠠ᠂ ᠪᠦᠷᠢ ᠪᠦᠬᠡ ᠣᠷᠢᠳᠣ ᠨᠢ ᠪᠡᠯᠬᠥᠳᠡᠢ ᠶᠢ ᠦᠷᠣᠬᠡᠰᠥᠨ ᠭᠠᠷ ᠶᠢᠠᠷ ᠪᠠᠷᠢᠵᠣ᠂ ᠦᠷᠣᠬᠡᠰᠥᠨ ᠬᠦᠯ ᠶᠢᠠᠷ ᠲᠠᠰᠢᠵᠣ ᠣᠨᠠᠭᠠᠭᠠᠳ ᠬᠦᠳᠡᠯᠬᠡᠬᠡᠯ ᠦᠭᠡᠶ ᠲᠠᠷᠣᠵᠣ ᠴᠢᠳᠠᠬᠣ ᠪᠦᠯᠦᠬᠡ᠂
ᠪᠦᠷᠢ ᠪᠦᠬᠡ ᠣᠯᠣᠰ ᠤᠨ ᠨᠡᠷ᠎ᠡ ᠲᠡᠶ ᠪᠦᠬᠡ ᠪᠠᠢ᠌ᠭᠰᠠᠨ ᠶᠣᠮ᠂ ᠡᠨᠠ ᠣᠳᠠᠭ᠎ᠠ ᠪᠦᠷᠢ ᠪᠦᠬᠡ ᠪᠡᠯᠬᠥᠳᠡᠢ ᠬᠣᠶᠠᠷ ᠢ ᠪᠠᠷᠢᠯᠳᠣᠭᠣᠯᠬᠣ ᠳᠤ ᠪᠦᠷᠢ ᠪᠦᠬᠡ ᠦᠯᠤ ᠢᠯᠠᠭᠳᠠᠬᠣ ᠬᠦᠮᠥᠨ ᠠᠳᠠᠯ᠎ᠠ ᠣᠨᠠᠵᠣ ᠦᠭᠪᠡ᠂ ᠪᠡᠯᠬᠥᠳᠡᠢ ᠪᠦᠷᠢ ᠪᠦᠬᠡ ᠶᠢ ᠠᠷᠠᠢ ᠬᠡᠵᠦ ᠮᠥᠷᠥᠯᠡᠨ ᠲᠠᠷᠣᠵᠣ᠂ ᠰᠠᠭᠠᠷᠢ ᠪᠦᠰᠡ ᠲᠡᠬᠡᠷ᠎ᠡ ᠭᠠᠷᠣᠭᠠᠳ ᠴᠢᠩᠬᠢᠰ ᠬᠠᠭᠠᠨ ᠢ ᠨᠢᠳᠣ ᠪᠠᠷ ᠬᠢᠯᠠᠮᠬᠢᠵᠣ ᠬᠠᠷᠠᠪᠠᠯ᠂ ᠴᠢᠩᠬᠢᠰ ᠬᠠᠭᠠᠨ ᠬᠦᠮᠦᠬᠡᠢ ᠪᠠᠨ ᠵᠠᠭᠤᠪᠠ᠂ ᠪᠡᠯᠬᠥᠳᠡᠢ ᠣᠬᠠᠭᠠᠨ ᠢ ᠣᠯᠵᠣ ᠪᠦᠷᠢ ᠪᠦᠬᠡ ᠶᠢ ᠠᠭᠳᠠᠯᠠᠨ ᠪᠠᠷᠢᠵᠣ᠂ ᠴᠡᠬᠡᠵᠢ ᠪᠥᠭ᠍ᠰᠡ ᠡᠴᠡ ᠨᠢ ᠣᠭᠵᠠᠷᠠᠨ ᠲᠠᠳᠠᠵᠣ ᠨᠢᠷᠣᠭᠣ ᠶᠢ ᠨᠢ ᠬᠣᠭᠣᠯᠪᠠ᠂ ᠪᠦᠷᠢ ᠪᠦᠬᠡ ᠨᠢᠷᠣᠭᠣ ᠪᠠᠨ ᠬᠣᠭᠣᠯᠣᠭᠣᠯᠣᠭᠠᠳ ᠦᠬᠥᠯᠡᠷᠥᠨ᠄ 《ᠪᠡᠯᠬᠥᠳᠡᠢ ᠳᠤ ᠪᠢ ᠦᠯᠤ ᠢᠯᠠᠭᠳᠠᠬᠣ ᠪᠢᠯᠠ᠂ ᠬᠠᠭᠠᠨ ᠡᠴᠡ ᠠᠶᠣᠵᠣ ᠠᠷᠭᠠᠳᠠᠵᠣ ᠵᠤᠷᠢᠭᠣᠳᠠ ᠣᠨᠠᠭᠠᠳ ᠠᠮᠢ ᠪᠠᠨ ᠠᠯᠳᠠᠪᠠ ᠪᠢ》 ᠬᠡᠥᠨ ᠦᠬᠥᠪᠡ᠂ ᠲᠡᠬᠥᠨ ᠤ ᠨᠢᠷᠣᠭᠣ ᠵᠢ ᠪᠡᠯᠬᠥᠳᠡᠢ ᠬᠣᠭᠣᠯᠵᠣ ᠴᠢᠷᠴᠣ ᠠᠪᠠᠴᠢᠭᠠᠳ ᠬᠠᠶᠠᠪᠠ᠂ ᠬᠠᠪᠣᠯ ᠬᠠᠭᠠᠨ ᠤ ᠲᠣᠯᠣᠭᠠᠨ ᠬᠦᠪᠡᠬᠥᠨ ᠤ ᠠᠬᠠᠮᠠᠳ ᠨᠢ ᠣᠬᠢᠨ ᠪᠠᠷᠬᠠᠭ᠂ ᠬᠣᠶᠠᠳᠣᠭᠠᠷ ᠨᠢ ᠪᠠᠷᠳᠠᠨ ᠪᠠᠭᠠᠳᠣᠷ ᠪᠦᠯᠦᠬᠡ᠂ ᠲᠡᠬᠥᠨ ᠤ ᠬᠦᠪᠡᠬᠥᠨ ᠶᠢᠰᠦᠬᠡᠢ ᠪᠠᠭᠠᠳᠣᠷ᠂ ᠭᠣᠷᠪᠠᠳᠣᠭᠠᠷ ᠨᠢ ᠬᠣᠳᠣᠭᠳᠣ ᠮᠦᠩᠬᠥᠷ᠂ ᠲᠡᠬᠥᠨ ᠤ ᠬᠦᠪᠡᠬᠥᠨ ᠪᠦᠷᠢ ᠪᠦᠬᠡ᠂ ᠪᠦᠷᠢ ᠪᠦᠬᠡ ᠪᠠᠷᠢᠯᠳᠣᠬᠣ ᠳᠤ ᠪᠠᠨ ᠪᠠᠷᠳᠠᠨ ᠪᠠᠭᠠᠳᠣᠷ ᠤᠨ ᠬᠦᠪᠡᠭᠦᠳ ᠡᠴᠡ ᠢᠯᠡᠬᠥᠤ ᠪᠦᠬᠡᠥᠨ ᠪᠠᠷᠬᠠᠭ ᠤᠨ ᠵᠤᠷᠢᠭᠳᠤ ᠬᠦᠪᠡᠭᠦᠳ ᠲᠡᠶ ᠨᠦᠬᠥᠷᠯᠡᠵᠦ ᠶᠠᠪᠣᠳᠠᠭ ᠪᠦᠯᠦᠬᠡ᠂ ᠣᠯᠣᠰ ᠤᠨ ᠪᠦᠬᠡ ᠪᠦᠷᠢ ᠪᠦᠬᠡ ᠢᠩᠬᠢᠵᠣ ᠪᠡᠯᠬᠥᠳᠡᠢ ᠳᠤ ᠨᠢᠷᠣᠭᠣ ᠪᠠᠨ ᠬᠣᠭᠣᠯᠣᠭᠣᠯᠵᠣ ᠦᠬᠥᠪᠡ᠃
141᠂ ᠲᠡᠬᠥᠨ ᠤ ᠬᠤᠢ᠌ᠨ᠎ᠠ ᠳᠠᠬᠢᠶ᠎ᠠ ᠵᠢᠯ (1201 ᠤᠨ ᠳᠤ) ᠬᠠᠳᠠᠬᠢᠨ᠂ ᠰᠠᠯᠵᠢᠭᠤᠳ ᠬᠠᠮᠳᠤ ᠪᠠᠷ ᠪᠠᠭᠤ ᠴᠤᠷᠬᠢ ᠳᠡᠷᠢᠬᠦᠳᠡᠢ ᠬᠠᠳᠠᠬᠢᠨ ᠨᠠᠷ᠂ ᠴᠢᠷᠬᠢᠳᠠᠢ ᠪᠠᠭᠠᠳᠣᠷ ᠲᠡᠷᠢᠬᠥᠳᠡᠢ ᠰᠠᠯᠵᠢᠭᠣᠳ ᠨᠡᠷ᠂ ᠲᠥᠷᠪᠡᠨ ᠤ ᠲᠠᠲ᠋ᠠᠷ ᠲᠡᠶ ᠨᠠᠢ᠌ᠷᠠᠮᠳᠠᠭᠰᠠᠨ ᠬᠠᠴᠢᠭᠣᠨ ᠪᠠᠬᠢ ᠲ᠋ᠡᠷᠢᠬᠥᠳᠡᠢ ᠲᠥᠷᠪᠡᠨ ᠨᠡᠷ᠂ ᠠᠯᠴᠢ᠂ ᠵᠠᠯᠢᠨ ᠪᠣᠬ᠎ᠠ ᠲᠡᠷᠢᠬᠥᠳᠡᠢ ᠲᠠᠲ᠋ᠠᠷ ᠨᠡᠷ᠂ ᠲᠦᠬᠡ ᠮᠠᠬ᠎ᠠ ᠲᠡᠷᠢᠬᠥᠳᠡᠢ ᠢᠬᠢᠷᠠᠰ ᠤᠳ᠂ ᠬᠣᠩᠬᠢᠷᠠᠳ ᠤᠨ ᠲᠡᠷᠬᠡᠭ᠌ ᠡᠮᠠᠯ ᠠᠯᠬᠣᠢ ᠨᠡᠷ᠂ ᠴᠣᠨᠠᠭ ᠴᠠᠭᠠᠨ ᠲᠡᠷᠢᠬᠥᠳᠡᠢ ᠭᠣᠷᠯᠣᠰ ᠤᠳ᠂ ᠨᠢ᠋ᠮᠠᠨ ᠡᠴᠡ ᠬᠦᠴᠥᠭᠦᠳ᠂ ᠨᠢ᠋ᠮᠠᠨ ᠤ ᠪᠣᠢ᠌ᠷᠣᠭ ᠬᠠᠨ᠂ ᠮᠠᠷᠭᠢᠳ ᠤᠨ ᠲᠣᠭᠳᠣᠬ᠎ᠠ ᠪᠠᠬᠢ ᠶᠢᠨ ᠬᠦᠪᠡᠭᠦᠳ ᠬᠣᠳᠣ᠂ ᠣᠢ᠌ᠷᠠᠳ ᠤᠨ ᠬᠣᠳᠣᠬᠠ ᠪᠠᠬᠢ᠂ ᠲᠠᠢ᠌ᠴᠢᠭᠣᠳ ᠤᠨ ᠲᠠᠷᠭᠣᠳᠠᠢ ᠬᠢᠷᠢᠯᠳᠣᠭ᠂ ᠬᠣᠳᠣᠨ ᠣᠷᠴᠠᠩ᠂ ᠠᠭᠣᠴᠣ ᠪᠠᠭᠠᠳᠣᠷ ᠨᠡᠷ᠂ ᠪᠣᠰᠣᠳ ᠲᠠᠢ᠌ᠴᠢᠭᠣᠳ ᠨᠡᠷ᠂ ᠠᠯᠬᠣᠢ ᠪᠣᠯᠬ᠎ᠠ ᠬᠡᠳᠡᠭ ᠭᠠᠵᠠᠷ ᠴᠢᠭᠣᠯᠣᠭᠠᠳ ᠵᠠᠵᠢᠷᠳᠠᠢ ᠣᠪᠣᠭ ᠤᠨ ᠵᠠᠮᠣᠬ᠎ᠠ ᠶᠢ ᠬᠠᠭᠠᠨ ᠡᠷᠬᠥᠮᠵᠢᠯᠡᠬᠥ ᠪᠠᠷ ᠬᠡᠯᠡᠯᠴᠡᠵᠦ᠂ ᠠᠵᠢᠷᠭ᠎ᠠ ᠬᠡᠬᠥᠤ ᠠᠯᠠᠵᠣ ᠠᠨᠳᠠᠭᠠᠢ᠌ᠯᠠᠨ ᠲᠠᠩᠭ᠋ᠠᠷᠢᠭᠯᠠᠭᠠᠳ ᠲᠠᠠᠳᠠ ᠡᠴᠡ ᠡᠷᠬᠥᠨᠡ ᠮᠥᠷᠡᠨ ᠣᠷᠣᠭᠣ ᠨᠡᠬᠥᠵᠦ᠂ ᠡᠷᠬᠥᠨᠡ ᠳᠤ ᠴᠢᠳᠬᠣᠬᠣ ᠬᠠᠨ ᠮᠥᠷᠡᠨ ᠤ ᠰᠢᠨ᠎ᠠ ᠶᠢᠨ ᠠᠭᠣ ᠨᠣᠭᠣ ᠳᠤ ᠵᠠᠮᠣᠬ᠎ᠠ ᠵᠢ ᠬᠦᠷ ᠬᠠᠭᠠᠨ ᠪᠣᠯᠭᠠᠵᠣ ᠡᠷᠬᠥᠮᠵᠢᠯᠡᠪᠡ᠂ ᠵᠠᠮᠣᠬ᠎ᠠ ᠶᠢ ᠪᠦᠬᠥᠳᠡ ᠶᠢᠨ ᠬᠠᠭᠠᠨ ᠡᠷᠬᠥᠮᠵᠢᠯᠡᠬᠡᠥᠨ ᠴᠢᠩᠬᠢᠰ ᠬᠠᠭᠠᠨ ᠸᠠᠩ ᠬᠠᠨ ᠬᠣᠶᠠᠷ ᠲ᠋ᠠᠢ ᠪᠠᠢ᠌ᠯᠳᠣᠬᠣ ᠪᠠᠷ ᠮᠣᠷᠳᠠᠶ᠎ᠠ ᠬᠡᠯᠴᠡᠪᠡ᠂ ᠡᠢ᠌ᠠᠬᠥ ᠪᠠᠢ᠌ᠯᠳᠣᠬᠣ ᠬᠡᠰᠡᠨ ᠢ ᠭᠣᠷᠯᠣᠰ ᠤᠨ ᠬᠣᠷᠢᠳᠠᠢ ᠬᠡᠳᠡᠭ ᠬᠦᠮᠥᠨ ᠴᠢᠩᠬᠢᠰ ᠬᠠᠭᠠᠨ ᠢ ᠬᠦᠷᠡᠯᠬᠥ ᠬᠡᠳᠡᠭ ᠭᠠᠵᠠᠷ ᠪᠠᠢ᠌ᠬᠣ ᠳᠤ ᠬᠦᠷᠴᠦ ᠢᠷᠠᠵᠣ ᠬᠡᠯᠡᠪᠡ᠂ ᠡᠨᠠ ᠬᠡᠯᠡ ᠶᠢ ᠴᠢᠩᠬᠢᠰ ᠬᠠᠭᠠᠨ ᠠᠪᠣᠭᠠᠳ ᠸᠠᠩ ᠬᠠᠨ ᠳᠤ ᠮᠡᠳᠡᠭ᠍ᠳᠡᠪᠡᠯ᠂ ᠸᠠᠩ ᠬᠠᠨ ᠰᠣᠨᠣᠰᠣᠭᠠᠳ ᠴᠡᠷᠢᠭ᠌ ᠶᠢᠠᠨ ᠠᠪᠴᠣ ᠲᠠᠷᠣᠢ ᠴᠢᠩᠬᠢᠰ ᠬᠠᠭᠠᠨ ᠳᠤ ᠬᠦᠷᠴᠦ ᠢᠷᠠᠪᠠ᠃
142᠂ ᠸᠠᠩ ᠬᠠᠨ ᠢ ᠢᠷᠡᠮᠡᠭ᠍ᠴᠡ ᠴᠢᠩᠬᠢᠰ ᠬᠠᠭᠠᠨ ᠸᠠᠩ ᠬᠠᠨ ᠬᠣᠶᠠᠷ ᠬᠠᠮᠳᠣᠷᠠᠵᠣ ᠵᠠᠮᠣᠬ᠎ᠠ ᠶᠢᠨ ᠡᠰᠡᠷᠬᠥ ᠪᠠᠢ᠌ᠯᠳᠣᠬᠣ ᠪᠠᠷ ᠮᠣᠷᠢᠯᠠᠶ᠎ᠠ ᠬᠡᠵᠦ ᠬᠡᠷᠥᠯᠥᠨ ᠮᠥᠷᠡᠨ ᠣᠷᠣᠭᠣ ᠮᠣᠷᠳᠠᠵᠣ᠂ ᠴᠢᠩᠬᠢᠰ ᠬᠠᠭᠠᠨ ᠠᠯᠳᠠᠨ᠂ ᠬᠣᠴᠠᠷ᠂ ᠲᠠᠷᠢᠳᠠᠢ ᠭᠣᠷᠪᠠ ᠶᠢ ᠮᠠᠩᠯᠠᠢ ᠳᠤ ᠶᠠᠪᠣᠭᠣᠯᠪᠠ᠂ ᠸᠠᠩ ᠬᠠᠨ ᠰᠠᠩᠬᠥᠮ᠂ ᠵᠠᠬ᠎ᠠ ᠭᠣᠮᠪᠣ᠂ ᠪᠢᠯᠬᠡ ᠪᠠᠬᠢ ᠭᠣᠷᠪᠠ ᠶᠢ ᠮᠠᠩᠯᠠᠢ ᠳᠤ ᠶᠠᠪᠣᠭᠣᠯᠪᠠ᠂ ᠡᠨᠠ ᠮᠠᠩᠯᠠᠢ ᠶᠠᠪᠣᠭᠴᠢᠳ ᠤᠨ ᠲᠡᠷᠢᠬᠥᠨ ᠳᠤ ᠪᠠᠰᠠ ᠬᠠᠷᠠᠭᠣᠯ ᠭᠠᠷᠭᠠᠵᠣ ᠡᠨᠡᠬᠡᠨ ᠬᠦᠢᠯᠡᠲᠦ ᠬᠡᠳᠡᠭ ᠭᠠᠵᠠᠷ ᠨᠢᠬᠡᠨ ᠰᠠᠭᠣᠷᠢᠨ ᠬᠠᠷᠠᠭᠣᠯ ᠲᠠᠯᠪᠢᠪᠠ᠂ ᠲᠡᠬᠥᠨ ᠤ ᠴᠠᠭᠠᠨ᠎ᠠ ᠴᠡᠭ᠍ᠴᠡᠷᠡ ᠬᠡᠳᠡᠭ ᠭᠠᠵᠠᠷ ᠨᠢᠬᠡ ᠰᠠᠭᠣᠷᠢᠨ ᠬᠠᠷᠠᠭᠣᠯ ᠲᠠᠯᠪᠢᠪᠠ᠂ ᠲᠡᠬᠥᠨ ᠤ ᠴᠠᠭᠠᠨ᠎ᠠ ᠴᠢᠭᠣᠷᠭᠣ ᠬᠡᠳᠡᠭ ᠭᠠᠵᠠᠷ ᠨᠢᠬᠡ ᠰᠠᠭᠣᠷᠢᠨ ᠬᠠᠷᠠᠭᠣᠯ ᠲᠠᠯᠪᠢᠪᠠ᠃ ᠪᠢᠳᠠᠨ ᠤ ᠮᠠᠩᠯᠠᠢ ᠪᠣᠯᠵᠣ ᠲᠡᠷᠢᠬᠥᠯᠡᠨ ᠶᠠᠪᠣᠭᠰᠠᠨ ᠠᠯᠳᠠᠨ᠂ ᠬᠣᠴᠠᠷ᠂ ᠰᠠᠩᠬᠥᠮ ᠨᠡᠷ ᠤᠳᠬᠢᠶᠠ ᠬᠡᠳᠡᠭ ᠭᠠᠵᠠᠷ ᠬᠦᠷᠴᠦ ᠪᠠᠭᠣᠶ᠎ᠠ ᠬᠡᠵᠦ ᠪᠠᠢ᠌ᠳᠠᠯ᠎ᠠ ᠴᠢᠭᠣᠷᠭᠣ ᠳᠤ ᠲᠠᠯᠪᠢᠭᠰᠠᠨ ᠬᠠᠷᠠᠭᠣᠯ ᠡᠴᠡ ᠬᠦᠮᠥᠨ ᠲᠠᠪᠬᠢᠨ ᠢᠷᠠᠵᠣ᠄ 《ᠲ᠋ᠠᠢ᠌ᠰᠣᠨ ᠠᠢ᠌ᠰᠣᠢ》 ᠬᠡᠵᠦ ᠮᠡᠳᠡᠬᠡᠯᠡᠪᠡ᠂ ᠲᠠᠷᠠ ᠮᠡᠳᠡᠬᠡ ᠶᠢ ᠠᠪᠣᠭᠠᠳ ᠲᠠᠢ᠌ᠰᠣᠨ ᠡᠴᠡ ᠲᠣᠳᠣᠷᠬᠠᠢ ᠬᠡᠯᠡ ᠮᠡᠳᠡᠬᠡ ᠶᠢ ᠠᠪᠣᠶ᠎ᠠ ᠬᠡᠵᠦ ᠪᠠᠭᠣᠯ ᠦᠭᠡᠶ ᠣᠭᠳᠣᠨ ᠶᠠᠪᠣᠵᠣ᠂ ᠲᠠᠢ᠌ᠰᠣᠨ ᠤ ᠲᠡᠷᠢᠬᠥᠨ ᠲᠡᠶ ᠠᠭᠣᠯᠵᠠᠵᠣ᠄ 《ᠬᠡᠨ ᠪᠣᠢ︖》 ᠬᠡᠵᠦ ᠠᠰᠠᠭᠣᠪᠠᠯ ᠵᠠᠮᠣᠬ᠎ᠠ ᠶᠢᠨ ᠮᠠᠩᠯᠠᠢ ᠪᠣᠯᠭᠠᠵᠣ ᠶᠠᠪᠣᠭᠣᠯᠣᠭᠰᠠᠨ ᠮᠣᠩᠭ᠋ᠣᠯ ᠤᠨ ᠠᠭᠣᠴᠣ ᠪᠠᠭᠠᠳᠣᠷ᠂ ᠨᠢ᠋ᠮᠠᠨ ᠤ ᠪᠣᠢ᠌ᠷᠣᠭ ᠬᠠᠨ᠂ ᠮᠠᠷᠭᠢᠳ ᠤᠨ ᠲᠣᠭᠳᠣᠬ᠎ᠠ ᠪᠠᠬᠢ ᠶᠢᠨ ᠬᠦᠪᠡᠬᠥᠨ ᠬᠣᠳᠣ᠂ ᠣᠢ᠌ᠷᠠᠳ ᠤᠨ ᠬᠣᠳᠣᠬᠠ ᠪᠠᠬᠢ ᠡᠨᠠ ᠲᠥᠷᠪᠡ ᠶᠠᠪᠣᠵᠣ ᠪᠠᠢ᠌ᠨ᠎ᠠ᠂ ᠪᠢᠳᠠᠨ ᠤ ᠮᠠᠩᠯᠠᠢ ᠲᠠᠳᠠᠨ ᠲᠡᠶ ᠬᠠᠰᠬᠢᠷᠠᠯᠳᠣᠨ ᠬᠡᠯᠡᠯᠴᠡᠵᠦ ᠮᠠᠷᠭᠠᠰᠢ ᠪᠠᠢ᠌ᠯᠳᠣᠬᠣ ᠪᠠᠷ ᠲᠣᠭᠳᠠᠭᠠᠳ ᠦᠳᠡᠰᠢ ᠪᠣᠯᠬᠣ ᠳᠤ ᠪᠣᠴᠠᠵᠣ ᠭᠣᠣᠯ ᠳᠤ ᠨᠠᠢ᠌ᠯᠠᠨ ᠪᠠᠭᠣᠵᠣ ᠬᠣᠨᠣᠪᠠ᠃
143᠂ ᠲᠡᠬᠥᠨ ᠤ ᠮᠠᠷᠭᠠᠰᠢ ᠬᠣᠶᠠᠷ ᠡᠳᠡᠬᠡᠥᠨ ᠬᠦᠢᠳᠡᠨ ᠬᠡᠳᠡᠭ ᠭᠠᠵᠠᠷ ᠣᠴᠠᠷᠠᠵᠣ ᠪᠠᠶ᠎ᠠ ᠪᠠᠶ᠎ᠠ ᠪᠠᠨ ᠰᠢᠬᠠᠯᠴᠠᠨ ᠳᠠᠪᠰᠢᠬᠤ ᠤᠬᠤᠷᠢᠬᠤ ᠵᠠᠷᠬᠡ ᠪᠠᠷ ᠪᠠᠢ᠌ᠯᠳᠣᠵᠣ ᠪᠠᠢ᠌ᠪᠠ᠂ ᠮᠦᠨ ᠪᠣᠢ᠌ᠷᠣᠭ ᠬᠠᠨ᠂ ᠬᠣᠳᠣᠬᠠ ᠬᠣᠶᠠᠷ ᠵᠠᠳᠠ (ᠬᠤᠷ᠎ᠠ ᠤᠷᠤᠭᠤᠯᠬᠤ᠂ ᠰᠢᠭᠤᠷᠭ᠎ᠠ ᠰᠢᠭᠤᠷᠠᠭᠤᠯᠬᠤ) ᠵᠢᠨ ᠠᠷᠭ᠎ᠠ ᠵᠢ ᠮᠡᠳᠡᠬᠦ ᠠᠵᠠᠢ᠂ ᠳᠡᠷᠡ ᠬᠤᠶᠠᠷ ᠵᠠᠳᠠ ᠪᠠᠷᠢᠳᠠᠯᠠ ᠮᠦᠨ ᠡᠬᠦᠰᠭᠡᠭ᠍ᠰᠡᠨ ᠠᠷᠭ᠎ᠠ ᠨᠢ ᠳᠡᠳᠡᠨ ᠤ ᠳᠡᠭᠡᠷ᠎ᠠ ᠪᠠᠭᠤᠵᠤ ᠪᠠᠯᠴᠢᠭ ᠲᠤ ᠭᠤᠯᠭᠤᠵᠤ ᠶᠠᠪᠤᠬᠤ ᠠᠷᠭ᠎ᠠ ᠦᠭᠡᠢ ᠪᠤᠯᠬᠤ ᠳᠤ ᠄ 《ᠪᠢᠳᠡᠨ ᠳᠤ ᠳᠡᠭᠷᠢ ᠶᠢᠨ ᠬᠢᠯᠢᠩ ᠪᠤᠯᠪᠠ 》 ᠭᠡᠳ ᠳᠤᠳᠠᠭᠠᠵᠠᠢ᠃
144 ᠨᠢ᠋ᠮᠠᠨ ᠤ ᠪᠣᠢ᠌ᠷᠣᠭ ᠬᠠᠨ᠂ ᠠᠯᠳᠠᠢ ᠶᠢᠨ ᠦᠪᠥᠷ ᠣᠯᠣᠭ ᠲᠠᠭ ᠬᠡᠳᠡᠭ ᠭᠠᠵᠠᠷ ᠢ ᠵᠤᠷᠢᠨ ᠰᠠᠯᠵᠣ ᠬᠦᠳᠡᠯᠵᠡᠢ᠂ ᠮᠠᠷᠭᠢᠳ ᠤᠨ ᠲᠣᠭᠳᠣᠬ᠎ᠠ ᠶᠢᠨ ᠬᠦᠪᠡᠬᠥᠨ ᠬᠣᠳᠣ ᠰᠡᠯᠠᠩᠬᠡ ᠶᠢ ᠵᠤᠷᠢᠨ ᠬᠦᠳᠡᠯᠵᠡᠢ᠂ ᠣᠢ᠌ᠷᠠᠳ ᠤᠨ ᠬᠣᠳᠣᠬᠠ ᠪᠠᠬᠢ ᠣᠢ ᠮᠣᠳᠣ ᠶᠢ ᠬᠦᠰᠠᠵᠦ᠂ ᠰᠢᠰᠬᠢᠰ ᠢ ᠵᠤᠷᠢᠨ ᠬᠦᠳᠡᠯᠵᠡᠢ᠂ ᠲᠠᠢ᠌ᠴᠢᠭᠣᠳ ᠤᠨ ᠠᠭᠣᠴᠣ ᠪᠠᠭᠠᠳᠣᠷ ᠣᠨᠣᠨ ᠢ ᠵᠤᠷᠢᠨ ᠬᠦᠳᠡᠯᠵᠡᠢ᠂ ᠵᠠᠮᠣᠬ᠎ᠠ ᠦᠪᠡᠷ ᠶ᠋ᠢᠠᠨ ᠬᠠᠭᠠᠨ ᠡᠷᠬᠥᠮᠵᠢᠯᠡᠭ᠍ᠰᠡᠨ ᠢᠷᠬᠡᠥᠨ ᠢ ᠲᠡᠬᠡᠷᠡᠮᠳᠡᠬᠡᠥᠨ ᠡᠷᠬᠥᠨᠡ ᠣᠷᠣᠭᠣ ᠪᠣᠴᠠᠵᠣ ᠬᠦᠳᠡᠯᠵᠡᠢ᠂ ᠲᠠᠳᠠᠨ ᠢ ᠲᠡᠬᠡᠵᠦ ᠪᠤᠳᠠᠷᠠᠬᠤ ᠳᠤ ᠸᠠᠩ ᠬᠠᠨ ᠡᠷᠬᠥᠨᠡ ᠣᠷᠣᠭᠣ ᠵᠠᠮᠣᠬ᠎ᠠ ᠶᠢ ᠨᠡᠬᠡᠪᠡ᠂ ᠴᠢᠩᠬᠢᠰ ᠬᠠᠭᠠᠨ ᠣᠨᠣᠨ ᠤ ᠵᠦᠭ᠌ ᠲᠠᠢ᠌ᠴᠢᠭᠣᠳ ᠤᠨ ᠠᠭᠣᠴᠣ ᠪᠠᠭᠠᠳᠣᠷ ᠢ ᠨᠡᠬᠡᠪᠡ᠂ ᠠᠭᠣᠴᠣ ᠪᠠᠭᠠᠳᠣᠷ ᠣᠯᠣᠰ ᠲᠤ ᠪᠠᠨ ᠬᠦᠷᠥᠬᠡᠥᠨ ᠣᠯᠣᠰ ᠶᠢᠠᠨ ᠲᠥᠷᠪᠡᠬᠥᠯᠵᠦ ᠬᠦᠳᠡᠯᠬᠡᠬᠡᠥᠨ᠂ ᠠᠭᠣᠴᠣ ᠪᠠᠭᠠᠳᠣᠷ ᠬᠣᠳᠣᠨ ᠣᠷᠴᠠᠩ ᠨᠡᠷ ᠦᠯᠠᠳᠡᠭ᠍ᠰᠡᠨ ᠰᠢᠯᠢᠳᠡᠭ ᠴᠡᠷᠢᠭ᠌ ᠶᠢᠠᠨ ᠵᠠᠰᠠᠵᠣ ᠣᠨᠣᠨ ᠤ ᠴᠠᠭᠠᠨ᠎ᠠ ᠪᠠᠢ᠌ᠯᠳᠣᠬᠣ ᠪᠠᠷ ᠬᠦᠯᠢᠶᠡᠵᠦ ᠪᠠᠢ᠌ᠵᠠᠢ᠂ ᠴᠢᠩᠬᠢᠰ ᠬᠠᠭᠠᠨ ᠬᠦᠷᠥᠬᠡᠥᠨ ᠲᠠᠢ᠌ᠴᠢᠭᠣᠳ ᠲᠡᠶ ᠪᠠᠢ᠌ᠯᠳᠣᠪᠠ᠃ ᠵᠢᠭᠣᠷᠠᠯᠳᠣᠨ ᠶᠡᠬᠡᠳᠡ ᠪᠠᠢ᠌ᠯᠳᠣᠭᠰᠠᠭᠠᠷ ᠦᠳᠡᠰᠢ ᠪᠣᠯᠬᠣ ᠳᠤ ᠮᠦᠨ ᠪᠠᠢ᠌ᠯᠳᠣᠭᠰᠠᠨ ᠭᠠᠵᠠᠷ ᠶᠢᠠᠨ ᠬᠣᠨᠣᠪᠠ᠂ ᠲᠥᠷᠪᠡᠭ᠍ᠰᠡᠨ ᠠᠢ᠌ᠯ ᠤᠳ ᠪᠠᠢ᠌ᠯᠳᠣᠭᠰᠠᠨ ᠴᠡᠷᠢᠭ᠌ ᠤᠳ ᠲᠡᠶ ᠬᠠᠮᠳᠣ ᠬᠦᠷᠢᠶᠡᠯᠠᠵᠦ ᠬᠣᠨᠣᠪᠠ᠃
145᠂ ᠴᠢᠩᠬᠢᠰ ᠬᠠᠭᠠᠨ ᠲᠠᠷᠠ ᠪᠠᠢ᠌ᠯᠳᠣᠭᠠᠨ ᠳᠤ ᠬᠦᠵᠦᠬᠥᠨ ᠤ ᠰᠣᠳᠠᠰᠣ ᠨᠢ ᠰᠢᠷᠬᠠᠳᠣᠵᠣ ᠴᠢᠰᠤ ᠲᠣᠭᠳᠠᠬᠣ ᠦᠭᠡᠶ ᠶᠠᠳᠠᠷᠠᠨ ᠵᠤᠪᠠᠵᠤ᠂ ᠨᠠᠷᠠ ᠰᠢᠩᠬᠡᠬᠥ ᠳᠤ ᠮᠦᠨ ᠪᠠᠢ᠌ᠯᠳᠣᠭᠠᠨ ᠤ ᠭᠠᠵᠠᠷ ᠪᠠᠭᠣᠪᠠ᠂ ᠴᠢᠩᠬᠢᠰ ᠤᠨ ᠪᠦᠭ᠍ᠯᠡᠷᠡᠭ᠍ᠰᠡᠨ ᠴᠢᠰᠤ ᠶᠢ ᠵᠠᠯᠮ᠎ᠠ ᠠᠮᠨ ᠪᠠᠷ ᠰᠢᠮᠠᠵᠣ᠂ ᠣᠷᠣᠭᠣᠯ ᠶᠢᠠᠨ ᠴᠢᠰᠣᠳᠠᠵᠣ᠂ ᠪᠣᠰᠣ ᠬᠦᠮᠥᠨ ᠢ ᠢᠳᠡᠬᠡᠬᠥ ᠦᠭᠡᠶ ᠦᠪᠡᠷ ᠶᠢᠠᠨ ᠰᠠᠬᠢᠵᠣ ᠰᠠᠭᠣᠭᠰᠠᠭᠠᠷ ᠰᠦᠨᠢ ᠲᠥᠯᠢ ᠪᠣᠯᠪᠠ᠂ ᠴᠢᠰᠤ ᠶᠢ ᠠᠮᠨ ᠲᠦᠬᠥᠷᠠᠩ ᠪᠠᠯᠭᠣᠵᠣ ᠠᠰᠬᠠᠭᠰᠠᠭᠠᠷ ᠰᠦᠨᠢ ᠲᠥᠯᠢ ᠥᠩᠬᠡᠷᠡᠪᠡᠯ ᠴᠢᠩᠬᠢᠰ ᠬᠠᠭᠠᠨ ᠤ ᠣᠬᠠᠭᠠᠨ ᠰᠡᠷᠬᠥᠵᠦ ᠦᠬᠥᠯᠡᠷᠥᠨ᠄ 《ᠴᠢᠰᠤ ᠬᠠᠳᠠᠵᠣ ᠬᠦᠢᠴᠡᠪᠡ᠂ ᠪᠢ ᠣᠮᠳᠠᠭᠠᠰᠴᠣ ᠪᠠᠢ᠌ᠨ᠎ᠠ》 ᠬᠡᠪᠡ᠂ ᠲᠠᠠᠳᠠ ᠡᠴᠡ ᠵᠠᠯᠮ᠎ᠠ ᠮᠠᠯᠠᠭᠠᠢ ᠭᠣᠳᠣᠯ ᠲᠠᠪᠠᠯ ᠬᠣᠪᠴᠠᠰᠣ ᠪᠠᠨ ᠪᠦᠬᠥᠳᠡ ᠶᠢ ᠨᠢ ᠲᠠᠢ᠌ᠯᠵᠣ᠂ ᠭᠠᠭᠴᠠᠬᠦ ᠳᠤᠳᠤᠭᠤᠵᠠ (ᠳᠤᠳᠤᠭᠤᠷ ᠦᠮᠦᠳᠤ) ᠳᠠᠢ ᠴᠢᠷᠠᠮᠤᠨ ᠨᠢᠴᠦᠬᠦᠨ ᠶᠢᠠᠷ ᠡᠰᠡᠷᠬᠦ ᠲ᠋ᠠᠢ᠌ᠰᠣᠨ ᠤ ᠲᠣᠮᠳᠠ ᠬᠦᠶᠥᠨ ᠣᠷᠣᠵᠣ᠂ ᠴᠠᠭᠠᠨ᠎ᠠ ᠬᠦᠷᠢᠶᠡᠯᠡᠨ ᠪᠠᠭᠣᠭᠰᠠᠨ ᠢᠷᠬᠡᠨ ᠤ ᠲᠡᠷᠬᠡᠨ ᠲᠡᠬᠡᠷ᠎ᠡ ᠠᠪᠠᠷᠢᠵᠣ ᠭᠠᠷᠣᠭᠠᠳ ᠡᠰᠥᠭ (ᠴᠡᠭᠡ) ᠡᠷᠢᠵᠤ ᠤᠯᠤᠭᠰᠠᠨ ᠦᠭᠡᠢ᠂ ᠤᠴᠢᠷ ᠨᠢ ᠳᠦᠷᠪᠡᠵᠤ ᠶᠠᠪᠤᠭ᠎ᠠ ᠠᠢ᠌ᠯ ᠤᠳ ᠬᠡᠬᠦᠦ ᠪᠠᠨ ᠰᠠᠭᠠᠯ ᠦᠭᠡᠢ ᠲᠠᠯᠪᠢᠭᠰᠠᠨ ᠠᠵᠢ᠂ ᠡᠰᠥᠭ ᠣᠯᠳᠠᠬᠣ ᠦᠭᠡᠶ ᠲᠣᠯᠠ ᠨᠢᠬᠡᠨ ᠶᠡᠬᠡ ᠬᠦᠬᠥᠥᠷ ᠲᠡᠶ ᠲᠠᠷᠠᠭ ᠢ ᠲᠡᠷᠬᠡᠨ ᠡᠴᠡ ᠬᠣᠯᠠᠭᠠᠢ᠌ᠯᠠᠨ ᠠᠪᠴᠣ ᠡᠷᠬᠢᠵᠣ ᠢᠷᠠᠪᠠ᠃ ᠵᠠᠯᠮ᠎ᠠ ᠵᠠᠮ ᠶᠠᠪᠣᠬᠣ ᠪᠠ ᠢᠷᠡᠬᠥ ᠳᠤ ᠪᠠᠨ ᠨᠢᠬᠡᠴᠦ ᠬᠦᠮᠥᠨ ᠳᠤ ᠮᠡᠳᠡᠭ᠍ᠳᠡᠭ᠍ᠰᠡᠨ ᠦᠭᠡᠶ᠂ ᠲᠡᠭ᠍ᠷᠢ ᠢᠪᠡᠬᠡᠭ᠍ᠰᠡᠨ ᠪᠢᠵᠠ᠃ ᠬᠦᠬᠥᠥᠷ ᠲᠡᠶ ᠲᠠᠷᠠᠭ ᠢ ᠠᠪᠴᠢᠷᠠᠭᠠᠳ ᠵᠠᠯᠮ᠎ᠠ ᠦᠪᠡᠷ ᠶᠢᠠᠨ ᠪᠠᠰᠠ ᠣᠰᠣ ᠣᠯᠵᠣ ᠠᠪᠴᠢᠷᠠᠵᠣ ᠲᠠᠷᠠᠭ ᠢ ᠵᠢᠭᠣᠷᠠᠵᠣ ᠴᠢᠩᠬᠢᠰ ᠬᠠᠭᠠᠨ ᠳᠤ ᠣᠣᠭᠣᠯᠭᠠᠪᠠ᠃ ᠴᠢᠩᠬᠢᠰ ᠬᠠᠭᠠᠨ ᠭᠣᠷᠪᠠᠠᠳᠠ ᠠᠮᠠᠷᠠᠨ ᠣᠣᠭᠣᠵᠣ ᠦᠬᠥᠯᠡᠷᠥᠨ᠄ 《ᠲᠣᠳᠣᠷ᠎ᠠ ᠮᠢᠨᠢ ᠰᠠᠷᠠᠭᠣᠯ ᠪᠣᠯᠪᠠ》 ᠬᠡᠥᠨ ᠦᠨᠳᠡᠢ᠌ᠵᠦ ᠰᠠᠭᠣᠳᠠᠯᠠ ᠦᠷ ᠴᠠᠢ᠌ᠵᠣ ᠬᠡᠬᠡᠨ ᠪᠣᠯᠣᠭᠰᠠᠨ ᠠᠵᠠᠢ᠂ ᠵᠠᠯᠮ᠎ᠠ ᠶᠢᠨ ᠰᠢᠮᠠᠵᠣ ᠠᠰᠬᠠᠭᠰᠠᠨ ᠴᠢᠰᠤ ᠲᠠᠳᠠᠨ ᠤ ᠰᠠᠭᠣᠭᠰᠠᠨ ᠣᠷᠴᠢᠨ ᠤ ᠭᠠᠵᠠᠷ ᠢ ᠨᠠᠮᠣᠭ ᠪᠣᠯᠭᠠᠵᠠᠢ᠂ ᠡᠬᠥᠨ ᠢ ᠴᠢᠩᠬᠢᠰ ᠬᠠᠭᠠᠨ ᠦᠵᠡᠵᠦ ᠦᠬᠥᠯᠡᠷᠥᠨ᠄ 《ᠡᠨᠠ ᠶᠠᠭᠣ ᠪᠣᠢ︖ ᠬᠣᠯᠠ ᠠᠰᠬᠠᠬᠣ ᠦᠭᠡᠶ ᠶᠠᠭᠠᠬᠢᠭᠰᠠᠨ ᠶᠣᠮ ᠪᠣᠢ︖》 ᠬᠡᠪᠡ᠂ ᠡᠬᠥᠨ ᠳᠤ ᠵᠠᠯᠮ᠎ᠠ ᠦᠬᠥᠯᠡᠷᠥᠨ᠄ 《ᠴᠢᠮ᠎ᠠ ᠶᠢ ᠵᠤᠪᠠᠭᠣᠷᠢ ᠪᠠᠢ᠌ᠬᠣ ᠳᠤ ᠬᠣᠯᠠ ᠶᠠᠪᠣᠬᠣ ᠡᠴᠡ ᠡᠷᠠᠬᠡᠯᠵᠡᠵᠦ᠂ ᠠᠶᠣᠵᠣ ᠰᠠᠠᠳᠣᠷᠣᠨ ᠵᠠᠯᠬᠢᠬᠣ ᠶᠢ ᠨᠢ ᠵᠠᠯᠬᠢᠭᠠᠳ ᠠᠰᠬᠠᠬᠣ ᠶᠢ ᠨᠢ ᠠᠰᠬᠠᠭᠠᠳ ᠪᠠᠢ᠌ᠭᠰᠠᠨ ᠪᠢᠯᠠ᠂ ᠬᠡᠪᠡᠯᠢ ᠳᠤ ᠮᠢᠨᠢ ᠪᠠᠰᠠ ᠦᠯᠡᠮᠵᠢ ᠣᠷᠣᠪᠠ ᠬᠡᠪᠡ᠃ ᠴᠢᠩᠬᠢᠰ ᠬᠠᠭᠠᠨ ᠪᠠᠰᠠ ᠦᠬᠥᠯᠡᠷᠥᠨ᠄ 《ᠨᠠᠮ᠎ᠠ ᠶᠢ ᠡᠢ᠌ᠮᠣ ᠪᠣᠯᠵᠣ ᠬᠡᠪᠳᠡᠨ ᠪᠠᠢ᠌ᠳᠠᠯ᠎ᠠ ᠴᠢ ᠶᠠᠭᠠᠬᠢᠭᠠᠳ ᠨᠢᠴᠥᠬᠥᠨ ᠬᠦᠶᠥᠵᠦ ᠤᠳᠪᠠ︖ ᠴᠢ ᠪᠠᠷᠢᠭᠳᠠᠪᠠᠯ ᠨᠠᠮ᠎ᠠ ᠶᠢ ᠡ᠊ᠠᠳᠠ ᠢᠩᠬᠢᠵᠣ ᠬᠡᠪᠳᠡᠬᠡ ᠬᠡᠵᠦ ᠬᠡᠯᠡᠬᠥ ᠪᠠᠢ᠌ᠭᠰᠠᠨ ᠪᠢᠰᠢ ᠦᠦ︖》 ᠬᠡᠰᠡᠨ ᠳᠤ ᠵᠠᠯᠮ᠎ᠠ ᠦᠬᠥᠯᠡᠷᠥᠨ᠄ 《ᠪᠢ ᠢᠩᠬᠢᠵᠣ ᠪᠣᠳᠣᠭᠰᠠᠨ ᠪᠢᠯᠠ᠂ ᠨᠢᠴᠥᠬᠥᠨ ᠶᠠᠪᠣᠭᠠᠠᠳ ᠬᠡᠷᠪᠡ ᠪᠠᠷᠢᠭᠳᠠᠪᠠᠯ᠂ ᠪᠢ ᠲᠠᠳᠠᠨ ᠳᠤ ᠢᠩᠬᠢᠵᠣ ᠬᠡᠯᠡᠨ᠎ᠡ᠄ ᠪᠢ ᠲ᠋ᠠᠨ ᠳᠤ ᠣᠷᠣᠬᠣ ᠲᠤᠷ᠎ᠠ ᠲᠡᠶ ᠪᠢᠯᠠ᠂ ᠬᠡᠳᠡᠯ᠎ᠡ ᠮᠠᠨ ᠤ ᠬᠢᠨ ᠡᠬᠥᠨ ᠢ ᠮᠠᠳᠠᠵᠣ ᠨᠠᠮᠢ᠋ᠢ ᠪᠠᠷᠢᠵᠣ ᠠᠯᠠᠶ᠎ᠠ ᠬᠡᠵᠦ ᠬᠣᠪᠴᠠᠰᠣ ᠶᠢ ᠮᠢᠨᠢ ᠴᠦᠮ ᠲᠠᠢ᠌ᠯᠵᠣ᠂ ᠭᠠᠭᠴᠡᠬᠥ ᠦᠮᠣᠲᠦ ᠶᠢ ᠲᠠᠢ᠌ᠯᠣᠭᠠ ᠦᠭᠡᠶ ᠪᠠᠢ᠌ᠳᠠᠯ᠎ᠠ ᠪᠢ ᠮᠣᠯᠳᠣᠷᠴᠣ ᠲᠠᠨ ᠳᠤ ᠲᠣᠳᠠᠭᠠᠵᠣ ᠢᠷᠠᠪᠠ ᠬᠡᠵᠦ ᠬᠡᠯᠡᠨ᠎ᠡ᠂ ᠮᠢᠨᠣ ᠦᠬᠡ ᠶᠢ ᠲᠠᠳᠠ ᠦᠨᠡᠮᠰᠢᠵᠦ ᠨᠠᠳᠠ ᠳᠤ ᠬᠣᠪᠴᠠᠰᠣ ᠦᠭᠴᠦ ᠠᠰᠠᠷᠠᠨ᠎ᠠ᠂ ᠪᠢ ᠲᠡᠬᠡᠬᠥ ᠳᠤ ᠨᠢᠬᠡ ᠮᠣᠷᠢ ᠣᠯᠵᠣ ᠣᠨᠣᠭᠠᠳ ᠬᠦᠷᠴᠦ ᠢᠷᠠᠵᠣ ᠴᠢᠳᠠᠬᠣ ᠪᠢᠰᠢ ᠦᠦ︖ ᠪᠢ ᠢᠩᠬᠢᠵᠣ ᠪᠣᠳᠣᠭᠠᠳ ᠬᠠᠭᠠᠨ ᠤ ᠵᠤᠪᠠᠭᠰᠠᠨ ᠪᠠᠶ᠎ᠠ ᠶᠢ ᠠᠮᠠᠷᠠᠭᠣᠯᠣᠶᠠ ᠬᠡᠵᠦ ᠨᠢᠳᠣ ᠴᠠᠪᠴᠢᠬᠤ ᠵᠠᠭᠣᠷ᠎ᠠ ᠰᠢᠢᠳᠴᠣ ᠣᠳᠣᠭᠰᠠᠨ ᠪᠢᠯᠠ》 ᠬᠡᠪᠡ᠂ ᠴᠢᠩᠬᠢᠰ ᠬᠠᠭᠠᠨ ᠦᠬᠥᠯᠡᠷᠥᠨ᠄ 《ᠪᠢ ᠣᠳᠣ ᠶᠠᠭᠣ ᠬᠡᠬᠥ ᠪᠣᠢ︖ ᠨᠠᠮ᠎ᠠ ᠵᠢ ᠣᠷᠢᠳᠣ ᠭᠣᠷᠪᠠᠨ ᠮᠠᠷᠭᠢᠳ ᠲᠤ ᠬᠦᠨᠦᠬᠡᠭ᠍ᠳᠡᠵᠦ ᠪᠣᠷᠬᠠᠨ ᠬᠠᠯᠳᠣᠨ ᠳᠤ ᠬᠣᠷᠭᠣᠭᠳᠠᠵᠣ ᠭᠣᠷᠪᠠᠠᠳᠠ ᠨᠡᠨᠭ᠍ᠵᠢᠬᠥᠯᠬᠥ ᠳᠤ ᠴᠢ ᠮᠢᠨᠣ ᠠᠮᠢ ᠶᠢ ᠨᠢᠬᠡ ᠠᠪᠣᠷᠠᠵᠣ ᠭᠠᠷᠣᠯ᠎ᠠ᠂ ᠣᠳᠣ ᠴᠢ ᠪᠠᠰᠠ ᠬᠠᠯᠢᠵᠣ ᠪᠦᠬᠥᠢ ᠴᠢᠰᠤ ᠶᠢ ᠠᠮᠨ ᠪᠠᠷ ᠶᠢᠠᠨ ᠰᠢᠮᠠᠵᠣ ᠠᠮᠢᠨ ᠳᠤ ᠮᠢᠨᠢ ᠨᠢᠬᠡ ᠣᠷᠣᠪᠠ᠂ ᠪᠠᠰᠠ ᠴᠠᠩᠭ᠋ᠠᠵᠣ ᠶᠠᠳᠠᠷᠠᠨ ᠪᠠᠢ᠌ᠬᠣ ᠳᠤ ᠠᠮᠢ ᠪᠠᠨ ᠦᠷᠠᠵᠦ ᠨᠢᠳᠣ ᠦᠵᠡᠭ᠍ᠰᠠᠬᠡᠷ ᠲᠠᠢ᠌ᠰᠣᠨ ᠤ ᠲᠣᠳᠣᠷ᠎ᠠ ᠣᠷᠣᠵᠣ ᠣᠮᠳᠠᠭᠠᠨ ᠠᠪᠴᠢᠷᠠᠵᠣ ᠠᠮᠢᠨ ᠳᠤ ᠮᠢᠨᠢ ᠣᠷᠣᠪᠠ᠂ ᠡᠨᠠ ᠭᠣᠷᠪᠠᠨ ᠠᠴᠢ ᠶᠢ ᠴᠢᠨᠢ ᠡᠬᠥᠷᠢᠳᠡ ᠮᠠᠷᠳᠠᠬᠣ ᠦᠭᠡᠶ᠂》 ᠬᠡᠵᠦ ᠵᠠᠷᠯᠢᠭ ᠪᠣᠯᠪᠠ᠃
146᠂ ᠡᠳᠣᠷ ᠪᠣᠯᠬᠣ ᠳᠤ ᠦᠵᠡᠪᠡᠯ᠂ ᠪᠠᠢ᠌ᠯᠳᠣᠬᠣ ᠳᠤ ᠪᠠᠯᠠᠨ ᠬᠣᠨᠣᠭᠰᠠᠨ ᠲᠠᠢ᠌ᠰᠣᠨ ᠤ ᠴᠡᠷᠢᠭ᠌ ᠤᠳ ᠰᠦᠨᠢ ᠳᠤ ᠪᠠᠨ ᠪᠣᠳᠠᠷᠠᠨ ᠲᠣᠳᠠᠭᠠᠵᠠᠢ᠂ ᠬᠠᠷᠢᠨ ᠬᠦᠷᠢᠶᠡᠯᠠᠵᠦ ᠪᠠᠭᠣᠰᠠᠨ ᠢᠷᠬᠡᠥᠨ ᠴᠡᠷᠢᠭ᠌ ᠤᠨ ᠬᠠᠮᠳᠣ ᠬᠣᠷᠳᠣᠨ ᠨᠡᠬᠥᠵᠦ ᠦᠯᠤ ᠴᠢᠳᠠᠬᠣ ᠣᠴᠢᠷ ᠡᠴᠡ ᠬᠦᠳᠡᠯᠥᠭᠰᠡᠨ ᠦᠭᠡᠶ ᠬᠣᠴᠣᠷᠴᠠᠢ᠂ ᠲᠥᠷᠪᠡᠭ᠍ᠰᠡᠨ ᠣᠯᠣᠰ ᠢ ᠬᠣᠷᠢᠶᠠᠵᠣ ᠠᠪᠴᠢᠷᠠᠶ᠎ᠠ ᠬᠡᠵᠦ ᠴᠢᠩᠬᠢᠰ ᠬᠠᠭᠠᠨ ᠬᠣᠨᠣᠭᠰᠠᠨ ᠭᠠᠵᠠᠷ ᠡᠴᠠ ᠪᠠᠨ ᠮᠣᠷᠳᠠᠵᠣ᠂ ᠲᠥᠷᠪᠡᠭ᠍ᠰᠡᠨ ᠣᠯᠣᠰ ᠢ ᠬᠣᠷᠢᠶᠠᠨ ᠶᠠᠪᠣᠬᠣ ᠳᠤ ᠨᠢᠬᠡ ᠣᠯᠠᠭᠠᠨ ᠲᠠᠪᠠᠯ ᠲᠡᠶ ᠡᠮ᠎ᠠ ᠬᠦᠮᠥᠨ 《ᠲᠠᠮᠣᠵᠢᠨ᠂ ᠲᠠᠮᠣᠵᠢᠨ》 ᠬᠡᠵᠦ ᠶᠡᠬᠡ ᠲᠠᠭᠣ ᠪᠠᠷ ᠣᠬᠢᠯᠠᠨ ᠬᠠᠢ᠌ᠯᠠᠨ ᠪᠠᠷᠬᠢᠷᠠᠬᠣ ᠶᠢ ᠴᠢᠩᠬᠢᠰ ᠬᠠᠭᠠᠨ ᠦᠪᠡᠷ ᠶᠢᠠᠨ ᠰᠣᠨᠣᠰᠴᠣ᠄ 《ᠶᠠᠮᠠᠷ ᠬᠦᠮᠥᠨ ᠤ ᠡᠮ᠎ᠠ ᠡᠢ᠌ᠠᠬᠥ ᠣᠬᠢᠯᠠᠵᠣ ᠪᠠᠢ᠌ᠨ᠎ᠠ︖》 ᠬᠡᠵᠦ ᠠᠰᠠᠭᠣᠯᠭᠠᠬᠣ ᠪᠠᠷ ᠬᠦᠮᠥᠨ ᠢᠯᠡᠬᠡᠪᠡ᠂ ᠲᠠᠷᠠ ᠬᠦᠮᠥᠨ ᠣᠴᠢᠵᠣ ᠠᠰᠠᠭᠣᠪᠠᠯ ᠲᠠᠷᠠ ᠡᠮ᠎ᠠ ᠦᠬᠥᠯᠡᠷᠥᠨ᠄ 《ᠪᠢ ᠰᠣᠷᠬᠠᠨ ᠰᠢᠷ᠎ᠠ ᠶᠢᠨ ᠦᠬᠢᠨ ᠬᠠᠳᠠᠭᠠᠨ ᠨᠡᠷ᠎ᠡ ᠲᠡᠶ᠂ ᠡᠷ᠎ᠠ ᠶᠢ ᠮᠢᠨᠢ ᠡ᠊ᠠᠳᠠ ᠴᠡᠷᠢᠭ᠌ ᠤᠳ ᠪᠠᠷᠢᠵᠣ ᠠᠯᠠᠬᠣ ᠬᠡᠵᠦ ᠪᠠᠢ᠌ᠨ᠎ᠠ᠂ ᠡᠷ᠎ᠠ ᠶᠢ ᠮᠢᠨᠢ ᠠᠪᠣᠷᠠᠵᠣ ᠠᠯᠢ ᠬᠡᠵᠦ ᠲᠠᠮᠣᠵᠢᠨ ᠢ ᠲᠠᠭᠣᠳᠠᠵᠣ ᠣᠬᠢᠯᠠᠪᠠ᠂》 ᠬᠡᠪᠡ᠂ ᠲᠠᠷᠠ ᠬᠦᠮᠥᠨ ᠪᠣᠴᠠᠵᠣ ᠢᠷᠡᠬᠡᠥᠨ ᠴᠢᠩᠬᠢᠰ ᠬᠠᠭᠠᠨ ᠳᠤ ᠲᠡᠬᠥᠨ ᠤ ᠦᠬᠡ ᠶᠢ ᠦᠬᠥᠯᠡᠪᠡᠯ᠂ ᠴᠢᠩᠬᠢᠰ ᠬᠠᠭᠠᠨ ᠰᠣᠨᠣᠰᠣᠭᠠᠳ ᠲᠠᠪᠬᠢᠨ ᠣᠴᠢᠵᠣ ᠮᠣᠷᠢᠨ ᠡᠴᠡ ᠪᠠᠨ ᠪᠠᠭᠣᠭᠠᠳ ᠬᠠᠳᠠᠭᠠᠨ ᠲ᠋ᠠᠢ ᠲᠠᠪᠠᠷᠢᠯᠳᠣᠪᠠ᠂ ᠬᠡᠳᠡᠯ᠎ᠡ ᠡᠷ᠎ᠠ ᠶᠢ ᠨᠢ ᠮᠠᠨ ᠤ ᠴᠡᠷᠢᠭ᠌ ᠤᠳ ᠲᠠᠷᠠ ᠵᠠᠪᠰᠠᠷ ᠨᠢᠬᠡᠠᠳᠡ ᠠᠯᠠᠵᠠᠢ᠃ ᠲᠠᠷᠠ ᠣᠯᠣᠰ ᠢ ᠬᠣᠷᠢᠶᠠᠵᠣ ᠠᠪᠣᠭᠠᠳ ᠴᠢᠩᠬᠢᠰ ᠬᠠᠭᠠᠨ ᠶᠡᠬᠡ ᠴᠡᠷᠢᠭ᠌ ᠤᠨ ᠬᠠᠮᠳᠣ ᠮᠦᠨ ᠲᠠᠠᠳᠠ ᠪᠠᠭᠣᠵᠣ ᠬᠣᠨᠣᠪᠠ᠂ ᠬᠠᠳᠠᠭᠠᠨ ᠢ ᠣᠷᠢᠨ ᠢᠷᠡᠬᠥᠯᠵᠦ ᠲᠡᠷᠬᠡᠳᠡ ᠪᠠᠨ ᠰᠠᠭᠣᠯᠭᠠᠪᠠ᠂ ᠮᠠᠷᠭᠠᠰᠢ ᠶᠢᠨ ᠡᠳᠣᠷ ᠲᠠᠢ᠌ᠴᠢᠭᠣᠳ ᠤᠨ ᠲᠦᠲᠦᠬᠡ ᠶᠢᠨ ᠬᠠᠷᠢᠶᠠᠳᠣ ᠪᠠᠢ᠌ᠭᠰᠠᠨ ᠰᠣᠷᠬᠠᠨ ᠰᠢᠷ᠎ᠠ᠂ ᠵᠠᠪᠠ ᠬᠣᠶᠠᠷ ᠬᠦᠷᠴᠦ ᠢᠷᠠᠪᠠᠯ᠂ ᠴᠢᠩᠬᠢᠰ ᠬᠠᠭᠠᠨ ᠰᠣᠷᠬᠠᠨ ᠰᠢᠷ᠎ᠠ ᠳᠤ ᠦᠬᠥᠯᠡᠷᠥᠨ᠄
《ᠬᠦᠵᠦᠬᠥᠨ ᠳᠤ ᠮᠢᠨᠢ ᠣᠭᠯᠠᠭᠰᠠᠨ
ᠬᠦᠠᠲᠦ ᠮᠣᠳᠣ ᠶᠢ
ᠬᠦᠰᠡᠷ᠎ᠡ ᠬᠠᠶᠠᠭᠰᠠᠨ
ᠵᠠᠬᠠᠨ ᠳᠤ ᠮᠢᠨᠢ ᠣᠭᠯᠠᠭᠰᠠᠨ
ᠵᠠᠭᠠᠳᠠᠰᠣ ᠲᠦᠩᠬᠡ ᠶᠢ ᠮᠢᠨᠢ
ᠵᠠᠢ᠌ᠯᠠᠭᠣᠯᠵᠣ ᠦᠭ᠍ᠬᠥᠭ᠍ᠰᠡᠨ
ᠡᠴᠢᠬᠡ ᠮᠠᠳᠣ ᠠᠴᠢᠳᠠᠨ
ᠡᠷᠬᠢᠮ ᠡᠠᠬ᠎ᠠ ᠲᠠ
ᠢᠩᠬᠢᠵᠣ ᠶᠠᠭᠣᠨ ᠳᠤ ᠶᠡᠬᠡ ᠬᠣᠵᠢᠳᠠᠵᠣ ᠢᠷᠠᠪᠠ︖》 ᠬᠡᠪᠡ᠃ ᠰᠣᠷᠬᠠᠨ ᠰᠢᠷ᠎ᠠ ᠦᠬᠥᠯᠡᠷᠥᠨ᠄ 《ᠪᠢ ᠴᠢᠮ᠎ᠠ ᠳᠤ ᠲᠣᠳᠣᠷ᠎ᠠ ᠪᠠᠨ ᠬᠦᠨ ᠢᠳᠡᠬᠡᠭ᠍ᠰᠠᠬᠡᠷ ᠪᠢᠯᠠ᠂ ᠶᠠᠭᠠᠷᠠᠭᠠᠳ ᠶᠠᠭᠠᠬᠢᠬᠣ ᠪᠣᠢ︖ ᠬᠡᠷᠪᠡ ᠶᠠᠭᠠᠷᠠᠵᠣ ᠣᠷᠢᠳᠣ ᠢᠷᠠᠪᠠᠯ ᠲᠠᠢ᠌ᠴᠢᠭᠣᠳ ᠤᠨ ᠨᠣᠶᠠᠳ ᠮᠢᠨᠣ ᠬᠣᠴᠣᠷᠣᠭᠰᠠᠨ ᠡᠮ᠎ᠠ᠂ ᠬᠦᠪᠡᠭᠦᠳ ᠪᠠ ᠠᠳᠣᠭᠣ ᠮᠠᠯ ᠢ ᠦᠨᠡᠰᠤ ᠪᠠᠷ ᠬᠡᠢ᠌ᠰᠬᠡᠬᠥ ᠨᠢ ᠮᠠᠭᠠᠳ ᠲᠣᠯᠠ ᠪᠢ ᠶᠠᠭᠠᠷᠠᠭᠰᠠᠨ ᠦᠭᠡᠶ᠂ ᠣᠳᠣ ᠬᠠᠭᠠᠨ ᠳᠤ ᠪᠠᠨ ᠨᠠᠢ᠌ᠯᠠᠵᠣ ᠢᠷᠠᠪᠠ》 ᠬᠡᠪᠡ᠂ ᠡᠨᠠ ᠦᠬᠡ ᠶᠢ ᠰᠣᠨᠣᠰᠴᠣ ᠴᠢᠩᠬᠢᠰ ᠬᠠᠭᠠᠨ 《ᠵᠦᠪ》 ᠬᠡᠪᠡ᠃
147᠂ ᠪᠠᠰᠠ ᠴᠢᠩᠬᠢᠰ ᠬᠠᠭᠠᠨ ᠦᠬᠥᠯᠡᠷᠥᠨ᠄ 《ᠬᠦᠢᠳᠡᠨ ᠬᠡᠳᠡᠭ ᠭᠠᠵᠠᠷ ᠣᠷᠣᠭᠰᠢᠯᠠᠬᠣ ᠤᠬᠤᠷᠢᠬᠤ ᠵᠠᠷᠬᠡ ᠪᠠᠷ ᠪᠠᠢ᠌ᠯᠳᠣᠵᠣ ᠪᠠᠢ᠌ᠬᠣ ᠳᠤ ᠠᠭᠣᠯᠠᠨ ᠲᠡᠬᠡᠷ᠎ᠡ ᠡᠴᠡ ᠬᠠᠷᠪᠣᠵᠣ ᠮᠢᠨᠣ ᠪᠠᠢ᠌ᠯᠳᠣᠭᠠᠨ ᠤ ᠠᠮᠨ ᠴᠠᠭᠠᠨ ᠬᠣᠯᠠ ᠮᠣᠷᠢᠨ ᠤ ᠠᠮᠠᠨ ᠬᠦᠵᠦᠬᠥᠤ ᠶᠢ ᠬᠡᠨ ᠰᠢᠷᠬᠠᠳᠣᠭᠣᠯᠣᠭᠰᠠᠨ ᠪᠣᠢ︖》 ᠬᠡᠪᠡᠯ ᠲᠠᠷᠠ ᠦᠬᠡ ᠶᠢ ᠰᠣᠨᠣᠰᠴᠣ ᠵᠠᠪᠠ ᠦᠬᠥᠯᠡᠷᠥᠨ᠄ 《ᠠᠭᠣᠯᠠᠨ ᠲᠡᠬᠡᠷ᠎ᠡ ᠡᠴᠡ ᠬᠠᠷᠪᠣᠭᠰᠠᠨ ᠬᠦᠮᠥᠨ ᠪᠢ ᠪᠢᠯᠠ᠂
ᠣᠳᠣ ᠬᠠᠭᠠᠨ ᠨᠠᠮᠢ᠋ᠢ
ᠠᠯᠠᠶ᠎ᠠ ᠬᠡᠪᠡᠯ ᠠᠯᠨ
ᠠᠯᠠᠭᠠᠨ ᠤ ᠲᠠᠳᠣᠢ ᠭᠠᠵᠠᠷ ᠢ
ᠠᠯᠠᠭ ᠪᠣᠯᠭᠠᠵᠣ ᠦᠮᠠᠬᠡᠢ᠌ᠷᠡᠬᠥ
ᠠᠯᠳᠠ ᠪᠠᠶ᠎ᠠ ᠪᠠᠢ᠌ᠨ᠎ᠠ
ᠠᠪᠣᠷᠠᠶᠠ ᠬᠡᠵᠦ ᠰᠠᠨᠠᠭᠠᠳ
ᠠᠮᠢ ᠶᠢ ᠮᠢᠨᠢ ᠰᠣᠶᠣᠷᠬᠠᠪᠠᠯ
ᠬᠠᠯᠳᠣ ᠬᠡᠰᠡᠨ ᠭᠠᠵᠠᠷ ᠲᠤ ᠴᠢᠨᠢ
ᠬᠠᠷᠠᠢ᠌ᠵᠣ ᠣᠴᠢᠭᠠᠳ ᠪᠢ
ᠬᠠᠷ᠎ᠠ ᠣᠰᠣ ᠶᠢ ᠴᠠᠯᠬᠢᠳᠠᠯᠠ
ᠬᠠᠳᠠ ᠴᠢᠯᠠᠭᠣ ᠶᠢ ᠬᠡᠮᠬᠡᠷᠡᠳᠡᠯᠡ
ᠬᠠᠷᠢ ᠲᠠᠢ᠌ᠰᠣᠨ ᠢ ᠲᠣᠪᠳᠣᠯᠵᠣ
ᠬᠠᠭᠠᠨ ᠴᠢᠮ᠎ᠠ ᠳᠤ ᠲᠣᠰᠠᠯᠠᠶ᠎ᠠ
ᠴᠡᠬᠡᠯ ᠤᠨ ᠣᠰᠣ ᠶᠢ ᠴᠠᠯᠬᠢᠳᠠᠯᠠ
ᠴᠡᠬᠡᠨ ᠴᠢᠯᠠᠭᠣ ᠶᠢ ᠬᠠᠭᠠᠷᠠᠳᠠᠯ᠎ᠠ
ᠴᠢᠩ ᠵᠤᠷᠢᠭ ᠢ ᠭᠠᠷᠭᠠᠵᠣ
ᠴᠢᠩᠬᠢᠰ ᠴᠢᠮ᠎ᠠ ᠳᠤ ᠲᠣᠰᠠᠯᠠᠶ᠎ᠠ
ᠬᠦᠷ ᠬᠡᠰᠡᠨ ᠭᠠᠵᠠᠷ ᠲᠤ ᠴᠢᠨᠢ
ᠬᠦᠷᠴᠦ ᠣᠴᠢᠭᠠᠳ ᠪᠢ
ᠬᠦᠷ ᠴᠢᠯᠠᠭᠣ ᠶᠢ ᠬᠡᠮᠬᠡᠯᠡᠶᠡ
ᠬᠦᠮᠥᠨ ᠤ ᠵᠢᠷᠥᠬᠡ ᠶᠢ ᠰᠢᠨᠳᠠᠯᠠᠶᠠ》 ᠬᠡᠪᠡ᠃
ᠴᠢᠩᠬᠢᠰ ᠬᠠᠭᠠᠨ ᠦᠬᠥᠯᠡᠷᠥᠨ᠄ 《ᠲ᠋ᠠᠢ᠌ᠰᠣᠨ ᠤ ᠬᠦᠮᠥᠨ ᠲᠠᠢ᠌ᠰᠣᠩᠨᠠᠵᠣ ᠬᠣᠣᠷᠯᠠᠵᠣ ᠶᠠᠪᠣᠭᠰᠠᠨ ᠶᠢᠠᠨ ᠨᠢᠭᠣᠵᠣ ᠬᠣᠳᠠᠯ ᠬᠡᠯᠡᠬᠥ ᠪᠦᠯᠦᠬᠡ᠂ ᠬᠡᠳᠡᠯ᠎ᠡ ᠴᠢ ᠲᠠᠢ᠌ᠰᠣᠩᠨᠠᠵᠣ ᠬᠣᠣᠷᠯᠠᠭᠰᠠᠨ ᠶᠢᠠᠨ ᠨᠢᠭᠣᠬᠣ ᠦᠭᠡᠶ ᠰᠢᠳᠣᠷᠭᠣ ᠬᠡᠯᠡᠵᠦ ᠪᠠᠢ᠌ᠨ᠎ᠠ᠂ ᠡᠢ᠌ᠮᠣ ᠬᠦᠮᠥᠨ ᠲᠡᠶ ᠨᠦᠬᠥᠷᠯᠡᠵᠦ ᠪᠣᠯᠣᠨ᠎ᠠ᠂ ᠴᠢᠨᠣ ᠵᠢᠷᠭᠣᠭᠠᠳᠠᠢ ᠨᠡᠷ᠎ᠡ ᠶᠢ ᠬᠠᠯᠠᠵᠣ ᠪᠠᠢ᠌ᠯᠳᠣᠭᠠᠨ ᠤ ᠠᠮᠨ ᠴᠠᠭᠠᠨ ᠬᠣᠯᠠ ᠮᠣᠷᠢᠨ ᠤ ᠮᠢᠨᠢ ᠠᠮᠠᠨ ᠬᠦᠵᠦᠬᠥᠤ ᠶᠢ ᠵᠠᠪᠠ ᠪᠠᠷ ᠬᠠᠷᠪᠣᠭᠰᠠᠨ ᠲᠣᠯᠠ ᠵᠠᠪᠠ ᠬᠡᠵᠦ ᠨᠡᠷ᠎ᠡ ᠦᠭ᠍ᠬᠥᠢ᠎ᠡ᠂ ᠮᠢᠨᠣ ᠲ᠋ᠡᠷᠬᠡᠳᠡ ᠵᠠᠪᠠ ᠮᠠᠳᠣ ᠬᠠᠮᠠᠭᠠᠯᠠᠵᠣ ᠶᠠᠪᠣ》 ᠬᠡᠵᠦ ᠵᠠᠷᠯᠢᠭ ᠪᠣᠯᠪᠠ᠃ ᠲᠠᠢ᠌ᠴᠢᠭᠣᠳ ᠡᠴᠡ ᠵᠠᠪᠠ ᠶᠢᠨ ᠢᠷᠠᠵᠣ ᠨᠦᠬᠦᠷᠯᠡᠭᠰᠡᠨ ᠶᠤᠰᠤ ᠡᠢ᠌ᠮᠤ ᠪᠦᠯᠦᠭᠡ᠃ (ᠴᠢᠩᠬᠢᠰ ᠬᠠᠭᠠᠨ ᠦᠪᠡᠷ ᠤᠨ ᠰᠢᠷᠬᠠᠳᠤᠭᠰᠠᠨ ᠶᠢᠠᠨ ᠳᠠᠯᠳᠠᠯᠠᠵᠤ ᠮᠤᠷᠢ ᠪᠠᠨ ᠰᠢᠷᠬᠠᠳᠤᠭᠰᠠᠨ ᠮᠡᠳᠦ ᠪᠠᠷ ᠬᠡᠯᠡᠵᠤ ᠪᠠᠢ᠌ᠭ᠎ᠠ ᠪᠤᠯᠤᠯᠳᠠᠢ)
ᠳᠠᠷᠤᠮ᠄ 75868
ᠴᠠᠭ᠄ 2008 ᠤᠨ ᠤ 07 ᠰᠠᠷ᠎ᠠ ᠶᠢᠨ 01