ᠲᠠᠪᠤᠳᠤᠭᠠᠷ ᠪᠦᠯᠦᠭ ᠂ ᠲᠠᠲ᠋ᠠᠷ ᠢ ᠰᠦᠨᠦᠭᠡᠭᠰᠡᠨ ᠪᠠ ᠸᠠᠩ ᠬᠠᠨ ᠲᠠᠢ ᠡᠪᠳᠡᠷᠡᠭᠰᠡᠨ ᠨᠢ
148᠂ ᠴᠢᠩᠬᠢᠰ ᠬᠠᠭᠠᠨ᠂ ᠲᠠᠠᠳᠠ ᠲᠠᠢ᠌ᠴᠢᠭᠣᠳ ᠢ ᠲᠣᠪᠳᠣᠯᠵᠣ ᠠᠭᠣᠴᠣ ᠪᠠᠭᠠᠳᠣᠷ᠂ ᠬᠣᠳᠣᠨ ᠣᠷᠴᠠᠩ᠂ ᠬᠣᠳᠣᠭᠣᠳᠠᠷ ᠵᠡᠷᠭᠡ ᠶᠢᠨ ᠲᠠᠢ᠌ᠴᠢᠭᠣᠳ ᠤᠨ ᠢᠵᠠᠭᠣᠷᠳᠠᠨ ᠢ ᠣᠷᠣᠭ ᠤᠨ ᠣᠷᠣᠭ ᠬᠦᠷᠳᠡᠯ᠎ᠡ ᠦᠨᠡᠰᠥᠨ ᠲᠣᠪᠣᠷᠠᠭ ᠪᠣᠯᠭᠠᠵᠣ ᠬᠢᠳᠣᠪᠠ᠃ ᠣᠯᠣᠰ ᠢᠷᠬᠡᠨ ᠢ ᠨᠢ ᠨᠡᠬᠥᠯᠬᠡᠵᠦ᠂ ᠴᠢᠩᠬᠢᠰ ᠬᠠᠭᠠᠨ᠂ ᠬᠤᠪᠠ ᠬᠠᠶᠠᠭ᠎ᠠ (ᠤᠬᠠᠭ᠎ᠠ ᠬᠠᠶᠠᠭ᠎ᠠ) ᠭᠡᠳᠡᠭ ᠭᠠᠵᠠᠷ ᠢᠷᠡᠵᠤ ᠡᠪᠤᠯᠵᠢᠪᠡ᠃
149᠂ [ᠰᠣᠣᠳᠣ ᠪᠣᠭᠳᠠ ᠴᠢᠩᠬᠢᠰ ᠬᠠᠭᠠᠨ᠂ ᠵᠠᠬ᠎ᠠ ᠨᠣᠳᠣᠭ ᠨᠣᠳᠣᠭᠯᠠᠵᠣ ᠶᠠᠪᠣᠬᠣ ᠶᠢᠨ ᠴᠠᠭ ᠲᠤ ᠨᠢᠬᠡᠨ ᠡᠳᠣᠷ ᠲᠣᠳᠣᠭᠠᠳᠣ ᠶᠢᠰᠣᠨ ᠰᠠᠢ᠌ᠳ ᠶᠢᠠᠨ ᠠᠪᠴᠣ ᠮᠦᠷ ᠬᠠᠢ᠌ᠵᠣ᠂ ᠪᠠᠷ᠎ᠠ ᠬᠠᠷᠠᠵᠣ ᠶᠠᠪᠣᠭᠠᠳ ᠵᠠᠷᠯᠢᠭ ᠪᠣᠯᠣᠷᠣᠨ᠄ 《ᠠᠯᠢ ᠴᠤ ᠵᠦᠭ᠌ ᠡᠴᠡ ᠶᠠᠮᠠᠷ ᠴᠣ ᠲᠠᠢ᠌ᠰᠣᠨ ᠢᠷᠡᠬᠥ ᠮᠠᠭᠠᠳ ᠦᠭᠡᠶ᠂ ᠶᠢᠰᠣᠨ ᠰᠠᠢ᠌ᠳ ᠮᠢᠨᠢ ᠭᠣᠷᠪᠠᠨ ᠬᠡᠰᠡᠭ ᠪᠣᠯᠵᠣ ᠶᠠᠪᠣ》 ᠬᠡᠵᠦ ᠵᠠᠷᠯᠢᠭ ᠪᠣᠯᠪᠠ᠃ ᠡᠵᠠᠨ ᠤ ᠵᠠᠷᠯᠢᠭ ᠢ ᠲᠠᠭᠠᠵᠣ ᠵᠠᠯᠮ᠎ᠠ᠂ ᠴᠣᠤ ᠮᠡᠷᠬᠡᠨ᠂ ᠰᠢᠬᠢᠬᠣᠳᠣᠭ ᠭᠣᠷᠪᠠ ᠨᠢᠬᠡ ᠬᠡᠰᠡᠭ ᠪᠣᠯᠪᠠ᠂ ᠪᠣᠭᠣᠷᠴᠣ᠂ ᠪᠤᠷᠤᠬᠤᠯ᠂ ᠮᠣᠬᠣᠯᠠᠢ ᠭᠣᠷᠪᠠᠭᠣᠯᠠ ᠨᠢᠬᠡ ᠬᠡᠰᠡᠭ ᠪᠣᠯᠪᠠ᠂ ᠰᠥᠯᠳᠥᠰᠥᠨ ᠤ ᠰᠣᠷᠬᠠᠨ ᠰᠢᠷ᠎ᠠ᠂ ᠪᠠᠰᠣᠳᠠᠢ ᠶᠢᠨ ᠵᠠᠪᠠ᠂ ᠣᠢ᠌ᠷᠠᠳ ᠤᠨ ᠬᠠᠷ᠎ᠠ ᠬᠢᠷᠥᠬᠡ ᠭᠣᠷᠪᠠ ᠨᠢᠬᠡ ᠬᠡᠰᠡᠭ ᠪᠣᠯᠵᠣ ᠬᠡᠷ ᠲᠤ ᠦᠯᠠᠳᠡᠪᠡ᠃ ᠡᠵᠠᠨ ᠪᠣᠰᠣᠳ ᠵᠢᠷᠭᠣᠭᠠᠨ ᠰᠠᠢ᠌ᠳ ᠶᠢᠠᠨ ᠠᠪᠴᠣ ᠮᠦᠷ ᠬᠠᠢ᠌ᠵᠣ᠂ ᠪᠠᠷ᠎ᠠ ᠬᠠᠷᠠᠵᠣ᠂ ᠴᠠᠬᠠᠷᠠᠢ ᠬᠠᠨ ᠢ ᠠᠷᠣᠯᠠᠵᠣ᠂ ᠵᠠᠯᠮᠠᠨ ᠬᠠᠨ ᠢ ᠦᠯᠣᠬᠡᠢ᠌ᠯᠡᠵᠦ ᠶᠠᠪᠣᠳᠠᠯ᠎ᠠ ᠡᠵᠠᠨ ᠤ ᠲᠣᠣᠷ᠎ᠠ ᠡᠴᠡ
ᠬᠠᠯᠳᠠᠷ ᠲᠠᠬᠢ
ᠬᠠᠷᠠᠢ᠌ᠨ ᠬᠦᠶᠥᠬᠥ ᠳᠤ ᠡᠵᠠᠨ
ᠲᠣᠯᠪᠣᠳᠣ ᠪᠣᠷᠣ ᠮᠣᠷᠢ ᠪᠠᠷ ᠶᠢᠠᠨ
ᠲᠣᠪᠳᠣᠯᠣᠨ ᠬᠦᠢᠴᠡᠵᠦ
ᠠᠭᠰᠠᠭᠰᠠᠨ ᠨᠣᠮᠣ ᠪᠠᠨ
ᠠᠩᠭ᠋ᠠᠢ᠌ᠯᠭᠠᠨ ᠲᠠᠳᠠᠵᠣ
ᠠᠯᠳᠠᠨ ᠰᠣᠮᠣ ᠪᠠᠨ
ᠠᠯᠳᠠᠯᠠᠨ ᠲᠠᠯᠢᠵᠣ
ᠠᠯᠠᠭ ᠲᠠᠬᠢ ᠶᠢ
ᠠᠳᠠᠷᠢᠳᠠᠯᠠ ᠬᠠᠷᠪᠣᠵᠣ
ᠠᠯᠠᠭᠰᠠᠨ ᠲᠠᠷᠣᠢ ᠳᠤ
ᠠᠷᠤ ᠳᠠᠬᠢ ᠰᠠᠢ᠌ᠳ ᠨᠢ
ᠠᠮᠠᠳᠠᠨ ᠪᠠᠭᠣᠵᠣ
ᠠᠪᠴᠣ ᠭᠠᠠᠵᠣᠭᠠᠯᠠᠬᠣ ᠶᠢ ᠵᠠᠪᠳᠣᠳᠠᠯ᠎ᠠ
ᠡᠵᠠᠨ ᠵᠠᠷᠯᠢᠭ ᠪᠣᠯᠪᠠ᠄ 《ᠡᠬᠥᠨ ᠢ ᠲᠠ ᠨᠡᠷ ᠦᠳᠳᠡᠷ ᠦᠪᠴᠢᠵᠦ ᠰᠢᠷᠨ᠂ ᠪᠢ ᠲᠠᠷᠠ ᠰᠢᠷ᠎ᠠ ᠲᠡᠪᠰᠡᠭ ᠲᠡᠬᠡᠷ᠎ᠡ ᠭᠠᠷᠴᠣ ᠪᠠᠷ᠎ᠠ ᠬᠠᠷᠠᠶ᠎ᠠ》 ᠬᠡᠥᠨ ᠤᠳᠪᠠ᠃ ᠲᠠᠠᠳᠠ ᠡᠵᠠᠨ ᠤ ᠨᠣᠢ᠌ᠷ ᠬᠦᠷᠴᠦ᠂ ᠲᠣᠯᠪᠣᠳᠣ ᠪᠣᠷᠣ ᠮᠣᠷᠢᠨ ᠤ ᠲᠠᠯ ᠲᠡᠬᠡᠷ᠎ᠡ ᠲᠠᠰᠢᠭᠣᠷ ᠶᠢᠠᠨ ᠲᠣᠯᠵᠣ ᠣᠨᠳᠠᠭᠠᠳ ᠨᠢᠬᠡ ᠵᠠᠬᠥᠲᠦ ᠵᠠᠬᠥᠳᠥᠯᠠᠪᠡ᠃ ᠴᠢᠩᠬᠢᠰ ᠬᠠᠭᠠᠨ ᠰᠡᠷᠢᠬᠡᠥᠨ ᠵᠢᠷᠭᠣᠭᠠᠨ ᠰᠠᠢ᠌ᠳ ᠲᠠᠭᠠᠨ ᠢᠷᠠᠵᠣ ᠵᠠᠷᠯᠢᠭ ᠪᠣᠯᠣᠷᠣᠨ᠄
《ᠪᠢ ᠨᠢᠬᠡ ᠵᠠᠬᠥᠲᠦ ᠵᠠᠬᠥᠳᠥᠯᠠᠪᠡ
ᠪᠣᠷᠣ ᠵᠢᠷᠥᠬᠡ ᠮᠢᠨᠢ
ᠫᠣᠯ ᠫᠣᠯ ᠬᠢᠪᠠ
ᠪᠣᠭᠣᠨᠢ ᠬᠠᠪᠢᠷᠭ᠎ᠠ ᠮᠢᠨᠢ
ᠰᠢᠷ ᠰᠢᠷ ᠬᠢᠪᠠ᠂
ᠪᠣᠯᠣᠰᠢ ᠦᠭᠡᠶ ᠲᠠᠢ᠌ᠰᠣᠨ
ᠢᠷᠡᠬᠥ ᠨᠢ ᠪᠣᠯᠣᠯᠳᠠᠢ᠂
ᠦᠨᠳᠥᠷ ᠠᠭᠣᠯᠠ ᠶᠢᠨ ᠴᠠᠭᠠᠳᠣᠬᠢ
ᠦᠷᠬᠡᠨ ᠰᠢᠷ᠎ᠠ ᠲᠠᠯ᠎ᠠ ᠳᠤ
ᠭᠣᠷᠪᠠᠨ ᠬᠠᠷ᠎ᠠ ᠲᠣᠭ ᠲᠡᠶ
ᠭᠣᠷᠪᠠᠨ ᠵᠠᠭᠣᠨ ᠲᠠᠢ᠌ᠰᠣᠨ ᠪᠠᠢ᠌ᠨ᠎ᠠ᠂
ᠭᠣᠷᠪᠠᠨ ᠵᠠᠭᠣᠨ ᠲᠠᠢ᠌ᠰᠣᠨ ᠤ
ᠬᠣᠰᠢᠭᠣᠴᠢ ᠪᠠᠭᠠᠳᠣᠷ ᠨᠢ
ᠵᠠᠬᠡᠷᠳᠡ ᠮᠣᠷᠢ ᠪᠠᠨ ᠤᠨᠤᠵᠤ
ᠵᠠᠪᠠᠳᠣ ᠰᠣᠮᠣ ᠪᠠᠨ ᠲᠠᠯᠠᠵᠣ
ᠪᠠᠳᠣ ᠬᠣᠶᠠᠭ ᠶᠢᠠᠨ ᠡᠮᠣᠰᠴᠣ
ᠪᠠᠷᠠᠭᠠᠨ ᠰᠠᠬᠠᠯ ᠶᠢᠠᠨ ᠢᠯᠢᠵᠣ
ᠪᠠᠷᠠᠭᠣᠨ ᠲᠠᠰᠢ ᠰᠢᠷᠪᠢᠵᠣ
ᠵᠠᠬᠥᠨ ᠲᠠᠰᠢ ᠠᠵᠢᠭᠯᠠᠵᠣ
ᠵᠠᠬᠥᠤ ᠮᠠᠳᠣ ᠵᠢᠷᠪᠠᠯᠵᠠᠵᠣ
ᠣᠳᠠᠰᠣ ᠮᠠᠳᠣ ᠣᠯᠠᠯᠵᠠᠵᠣ ᠶᠠᠪᠣᠨ᠎ᠠ᠂
ᠡᠢ᠌ᠮᠣ ᠵᠠᠬᠥᠲᠦ ᠮᠢᠨᠢ ᠬᠡᠷᠪᠡ ᠦᠨᠡᠨ ᠪᠣᠯ ᠵᠢᠷᠭᠣᠭᠠᠨ ᠰᠠᠢ᠌ᠳ ᠮᠢᠨᠢ ᠲᠠ ᠨᠡᠷ ᠶᠠᠭᠠᠬᠢᠬᠣ ᠪᠣᠢ︖》 ᠬᠡᠵᠦ ᠠᠰᠠᠭᠣᠪᠠᠯ᠂ ᠰᠢᠬᠢᠬᠣᠳᠣᠭ ᠬᠡᠯᠡᠪᠡ᠄
《ᠬᠣᠯᠠ ᠣᠢ᠌ᠷ᠎ᠠ ᠶᠢ ᠬᠠᠷᠠᠭᠴᠢ
ᠬᠣᠶᠠᠷ ᠬᠣᠷᠴᠠ ᠨᠢᠳᠣ ᠪᠠᠷ ᠶᠢᠠᠨ
ᠮᠣᠩᠭ᠋ᠣᠯ ᠠᠢ᠌ᠮᠠᠭ ᠢ
ᠮᠣᠬᠣᠳᠠᠯ᠎ᠠ
ᠮᠠᠷᠭᠢᠳ ᠠᠢ᠌ᠮᠠᠭ ᠢ
ᠮᠠᠩᠳᠠᠷᠠᠳᠠᠯᠠ
ᠲᠠᠢ᠌ᠴᠢᠭᠣᠳ ᠠᠢ᠌ᠮᠠᠭ ᠢ
ᠲᠠᠯᠳᠢᠷᠠᠳᠠᠯᠠ
ᠰᠠᠷ᠎ᠠ ᠶᠢᠨ ᠭᠠᠵᠠᠷ ᠢ
ᠰᠠᠷᠠᠪᠴᠢᠯᠠᠨ ᠬᠠᠷᠠᠵᠣ
ᠵᠢᠯ ᠤᠨ ᠭᠠᠵᠠᠷ ᠢ
ᠵᠢᠯᠪᠠᠴᠢᠯᠠᠨ ᠦᠵᠡᠵᠦ
ᠬᠠᠷ᠎ᠠ ᠨᠢᠳᠣᠨ ᠤ ᠴᠡᠴᠡᠬᠡᠢ ᠪᠠᠷ
ᠬᠠᠭᠠᠨ ᠴᠢᠮ᠎ᠠ ᠳᠠᠭᠠᠨ ᠲᠣᠰᠠᠯᠠᠶ᠎ᠠ
ᠡᠷᠬᠢᠬᠥ ᠨᠢᠳᠣᠨ ᠤ ᠬᠠᠷᠠᠴᠠ ᠪᠠᠷ
ᠡᠵᠠᠨ ᠴᠢᠮ᠎ᠠ ᠳᠠᠭᠠᠨ ᠲᠣᠰᠠᠯᠠᠶ᠎ᠠ》 ᠬᠡᠪᠡ᠃
ᠵᠠᠯᠮ᠎ᠠ ᠬᠡᠯᠡᠪᠡ᠄
《ᠦᠬᠥᠬᠥ ᠠᠮᠢ ᠪᠠᠨ
ᠬᠠᠢ᠌ᠷᠠᠯᠠᠬᠣ ᠦᠭᠡᠶ
ᠦᠬᠡᠢ᠌ᠷᠡᠬᠥ ᠮᠠᠯ ᠶᠢᠠᠨ
ᠬᠠᠷᠠᠮᠯᠠᠬᠣ ᠦᠭᠡᠶ
ᠦᠵᠡᠯᠳᠡᠬᠥ ᠲᠠᠢ᠌ᠰᠣᠨ ᠢ
ᠦᠰᠥᠷᠳᠡᠯᠡ ᠨᠢᠳᠣᠷᠴᠣ
ᠬᠠᠷᠠᠭᠳᠠᠬᠣ ᠲᠠᠢ᠌ᠰᠣᠨ ᠢ
ᠬᠠᠯᠳᠣᠷᠢᠳᠠᠯᠠ ᠲᠠᠭᠠᠷᠢᠵᠣ
ᠵᠠᠮ ᠳᠠᠭᠠᠨ ᠲᠣᠬᠢᠶᠠᠯᠳᠣᠭᠰᠠᠨ ᠢ
ᠵᠠᠳᠠ ᠴᠣᠬᠢᠵᠣ
ᠮᠦᠷ ᠲᠤ ᠲᠣᠬᠢᠶᠠᠯᠳᠣᠭᠰᠠᠨ ᠢ
ᠮᠥᠯᠲᠦ ᠴᠣᠬᠢᠵᠣ
ᠬᠠᠷ᠎ᠠ ᠲᠣᠭ ᠢ ᠨᠢ
ᠬᠠᠮᠣᠷᠠᠨ ᠠᠪᠴᠣ
ᠪᠠᠷᠢᠭᠰᠠᠨ ᠬᠦᠮᠥᠨ ᠢ ᠨᠢ
ᠪᠠᠢ᠌ᠯᠳᠣᠨ ᠠᠯᠠᠵᠣ
ᠬᠡᠢ᠌ᠰᠬᠥ ᠲᠣᠭ ᠢ ᠨᠢ
ᠬᠢᠰᠬᠢᠨ ᠲᠠᠪᠰᠠᠵᠣ
ᠣᠷᠠᠩᠬᠠᠢ ᠲᠣᠭ ᠢ ᠨᠢ
ᠣᠯᠠ ᠳᠠᠭᠠᠨ ᠬᠢᠰᠬᠢᠵᠣ
ᠲᠠᠢ᠌ᠰᠣᠨ ᠤ ᠰᠦᠷ ᠢ
ᠲᠠᠷᠣᠨ ᠰᠦᠨᠦᠬᠡᠵᠦ
ᠲᠠᠬᠢᠨ ᠪᠣᠰᠬᠣ
ᠴᠢᠳᠠᠯ ᠢ ᠨᠢ ᠮᠦᠬᠥᠬᠡᠢᠡ》 ᠬᠡᠪᠡ᠃
ᠴᠣᠤ ᠮᠡᠷᠬᠡᠨ ᠬᠡᠯᠡᠪᠡ᠄
《ᠲᠣᠪᠳᠣᠯᠣᠨ ᠣᠷᠣᠬᠣ ᠴᠢᠳᠠᠯ ᠦᠭᠡᠶ ᠪᠣᠯᠪᠠᠴᠣ
ᠲᠣᠭᠳᠠᠭᠰᠠᠨ ᠢ ᠪᠠᠳᠣᠳᠬᠠᠬᠣ ᠴᠢᠳᠠᠯ ᠲᠡᠶ ᠪᠢ
ᠡᠷᠴᠢᠯᠠᠨ ᠳᠠᠭᠠᠷᠢᠬᠤ ᠴᠢᠳᠠᠯ ᠦᠭᠡᠶ ᠪᠣᠯᠪᠠᠴᠣ
ᠡᠪᠳᠡᠷᠡᠭ᠍ᠰᠡᠨ ᠢ ᠰᠡᠯᠪᠢᠬᠥ ᠴᠢᠳᠠᠯ ᠲᠡᠶ ᠪᠢ
ᠣᠣᠯᠢᠬᠠᠢ ᠵᠠᠩ ᠲᠡᠶ ᠴᠣᠤ ᠮᠡᠷᠬᠡᠨ ᠪᠢ
ᠣᠣᠯᠭᠠᠯᠠᠨ ᠣᠷᠣᠬᠣ ᠴᠠᠭ ᠪᠣᠯᠬᠣ ᠳᠤ
ᠣᠬᠣᠷᠢᠨ ᠵᠢᠭᠣᠳᠠᠬᠣ ᠮᠠᠭᠠᠳ ᠦᠭᠡᠶ ᠶᠢ
ᠣᠷᠢᠳᠠ ᠡᠴᠡ ᠬᠠᠭᠠᠨ ᠳᠠᠭᠠᠨ ᠬᠡᠯᠡᠶ᠎ᠡ᠂
ᠣᠯᠣᠰ ᠣᠷᠣᠨ ᠶᠢᠠᠨ ᠲᠣᠭᠳᠠᠭᠠᠭᠰᠠᠨ ᠬᠤᠢ᠌ᠨ᠎ᠠ
ᠣᠴᠢᠷᠳᠠᠢ ᠦᠬᠡ ᠪᠠᠷ ᠶᠢᠠᠨ ᠲᠣᠰᠠᠯᠠᠵᠣ ᠴᠢᠳᠠᠨ᠎ᠠ᠂
ᠬᠠᠷᠢ ᠲᠠᠢ᠌ᠰᠣᠨ ᠢ ᠲᠣᠪᠳᠣᠯᠬᠣ ᠴᠠᠭ ᠲᠤ
ᠬᠠᠭᠠᠨ ᠡᠵᠠᠨ ᠴᠢᠩᠬᠢᠰ ᠴᠢᠮ᠎ᠠ ᠳᠤ
ᠬᠠᠰᠢᠷ ᠮᠢᠨᠣ ᠪᠣᠯᠭᠣᠮᠵᠢᠳᠣ ᠦᠬᠡ
ᠬᠠᠶᠠ ᠪᠣᠯᠪᠠᠴᠣ ᠲᠣᠰᠠ ᠪᠣᠯᠣᠨ᠎ᠠ》 ᠬᠡᠪᠡ᠃
ᠪᠣᠭᠣᠷᠴᠣ ᠬᠡᠯᠡᠪᠡ᠄
《ᠦᠷᠢᠰᠥᠯᠳᠥᠨ ᠢᠷᠡᠬᠥ ᠲᠠᠢ᠌ᠰᠣᠨ ᠤ
ᠡᠮᠣᠨᠠᠬᠢ ᠵᠠᠮ ᠢ ᠪᠦᠭ᠍ᠯᠠᠵᠦ
ᠬᠠᠯᠳᠠᠨ ᠢᠷᠡᠬᠥ ᠲᠠᠢ᠌ᠰᠣᠨ ᠤ
ᠬᠠᠷᠠᠢ᠌ᠬᠣ ᠵᠠᠮ ᠢ ᠬᠠᠭᠠᠵᠣ
ᠠᠴᠢᠳᠣ ᠡᠵᠠᠨ ᠴᠢᠨᠣ
ᠠᠮᠢ ᠪᠠᠶ᠎ᠠ ᠶᠢ ᠬᠠᠮᠠᠭᠠᠯᠠᠵᠣ
ᠠᠯᠳᠠᠨ ᠵᠢᠯᠣᠭᠣ ᠶᠢ ᠴᠢᠨᠢ
ᠠᠯᠳᠠᠯ ᠦᠭᠡᠶ ᠲᠠᠭᠠᠵᠣ
ᠬᠠᠠᠳᠣᠭᠰᠠᠨ ᠵᠦᠭ᠌ ᠲᠤ ᠴᠢᠨᠢ
ᠬᠠᠭᠠᠴᠠᠯ ᠦᠭᠡᠶ ᠶᠠᠪᠣᠶ᠎ᠠ》 ᠬᠡᠪᠡ᠃
ᠪᠤᠷᠤᠬᠤᠯ ᠬᠡᠯᠡᠪᠡ᠄
《ᠬᠠᠷᠪᠣᠬᠣ ᠰᠣᠮᠣᠨ ᠤ
ᠬᠠᠯᠬᠠᠪᠴᠢ ᠪᠣᠯᠵᠣ
ᠬᠠᠩᠬᠢᠨᠠᠬᠣ ᠵᠠᠪᠠ ᠶᠢᠨ
ᠪᠠᠮᠪᠠᠢ ᠪᠣᠯᠵᠣ
ᠢᠳᠡᠬᠡᠯᠲᠦ ᠡᠵᠠᠨ ᠴᠢᠨᠣ
ᠢᠳᠠᠳᠣ ᠪᠠᠶ᠎ᠠ ᠳᠤ
ᠢᠷᠳᠣ ᠮᠠᠰᠠ
ᠪᠦᠤ ᠬᠦᠷᠬᠡᠢ᠎ᠡ》 ᠬᠡᠪᠡ᠃
ᠮᠣᠬᠣᠯᠠᠢ ᠬᠡᠯᠡᠪᠡ᠄
《ᠲ᠋ᠠᠢ᠌ᠰᠣᠨ ᠢ ᠲᠠᠷᠣᠵᠣ
ᠣᠯᠵᠠ ᠶᠢ ᠣᠷᠣᠭᠣᠯᠵᠣ
ᠢᠷᠡᠬᠥ ᠲᠠᠢ᠌ᠰᠣᠨ ᠤ
ᠢᠷ ᠢ ᠮᠣᠬᠣᠭᠠᠵᠣ᠂
ᠪᠣᠴᠠᠬᠣ ᠲᠠᠢ᠌ᠰᠣᠨ ᠢ
ᠪᠣᠯᠳᠣ ᠶᠢ ᠬᠢᠳᠣᠵᠣ
ᠬᠦᠯᠥᠭ ᠮᠣᠷᠢᠨ ᠤ ᠪᠠᠨ
ᠰᠡᠬᠥᠯ ᠲᠡᠬᠡᠬᠥᠷ
ᠬᠦᠳᠠᠩ ᠮᠠᠨᠠᠨ ᠲᠠᠳᠠᠭᠣᠯᠵᠣ
ᠣᠨᠣᠭᠰᠠᠨ ᠮᠣᠷᠢᠨ ᠤ ᠪᠠᠨ
ᠲᠠᠯ ᠲᠡᠬᠡᠬᠥᠷ
ᠣᠷᠭᠣᠬᠣ ᠰᠠᠢ᠌ᠬᠠᠨ ᠨᠠᠷᠠᠨ ᠤ
ᠣᠯᠠᠭᠠᠨ ᠬᠡᠷᠡᠯ ᠢ ᠰᠠᠴᠣᠷᠠᠭᠣᠯᠵᠣ
ᠪᠠᠢ᠌ᠯᠳᠣᠭᠠᠨ ᠪᠦᠬᠥᠨ ᠳᠤ ᠢᠯᠠᠭᠰᠠᠨ
ᠪᠠᠶᠠᠷ ᠲᠡᠶ ᠰᠠᠢ᠌ᠬᠠᠨ ᠮᠡᠳᠡᠬᠡ ᠶᠢ
ᠪᠠᠭᠠᠳᠣᠷ ᠴᠢᠮ᠎ᠠ ᠳᠠᠭᠠᠨ ᠬᠦᠷᠬᠡᠢ᠎ᠡ》 ᠬᠡᠪᠡ᠃
ᠴᠢᠩᠬᠢᠰ᠄
ᠰᠢᠯᠢᠳᠡᠭ ᠵᠢᠷᠭᠣᠭᠠᠨ ᠰᠠᠢ᠌ᠳ ᠤᠨ
ᠰᠢᠢᠳᠪᠣᠷᠢᠳᠠᠢ ᠦᠬᠡ ᠶᠢ ᠰᠣᠨᠣᠰᠴᠣ
ᠰᠢᠷᠠᠭᠰᠠᠨ ᠲᠠᠬᠢ ᠶᠢᠨ ᠮᠢᠬᠠᠨ ᠡᠴᠡ
ᠱᠠᠯᠠᠮᠠᠭᠠᠢ᠌ᠯᠠᠨ ᠢᠳᠠᠵᠣ ᠲᠠᠭᠣᠰᠣᠭᠠᠳ
ᠰᠢᠷᠭᠠᠯ ᠮᠣᠷᠢᠨ ᠤ ᠴᠣᠯᠪᠣᠭᠣᠷ ᠢ
ᠰᠢᠬᠢᠬᠣᠳᠣᠭ ᠲᠤ ᠦᠭᠴᠦ
《ᠦᠵᠡᠭ᠍ᠰᠡᠨ ᠵᠠᠬᠥᠳᠥᠨ ᠤ ᠮᠢᠨᠢ
ᠦᠨᠡᠨ ᠬᠣᠳᠠᠯ ᠢ ᠮᠠᠳᠠ》
ᠬᠡᠵᠦ ᠶᠠᠪᠣᠭᠣᠯᠪᠠ᠃
ᠰᠢᠬᠢᠬᠣᠳᠣᠭ᠂ ᠰᠢᠩᠬᠣᠨ ᠰᠢᠷᠭᠠᠯ ᠮᠣᠷᠢ ᠶᠢ ᠨᠢ ᠣᠨᠣᠭᠠᠳ
ᠲᠠᠯ᠎ᠠ ᠭᠠᠵᠠᠷ ᠲᠠᠯᠪᠢᠭᠣᠯᠵᠣ
ᠲᠠᠢ᠌ᠭ᠎ᠠ ᠭᠠᠵᠠᠷ ᠠᠯᠬᠣᠭᠣᠯᠵᠣ
ᠬᠦᠠᠳᠡᠢ ᠭᠠᠵᠠᠷ ᠬᠠᠳᠠᠷᠢᠭᠣᠯᠵᠣ
ᠬᠦᠪᠴᠢ ᠭᠠᠵᠠᠷ ᠰᠠᠵᠢᠯᠠᠭᠣᠯᠵᠣ᠂
ᠰᠢᠷ᠎ᠠ ᠲᠡᠪᠰᠡᠭ ᠲᠤ ᠬᠦᠷᠥᠬᠡᠥᠨ
ᠰᠢᠯᠭᠠᠵᠣ ᠰᠠᠢ᠌ᠳᠣᠷ ᠬᠠᠷᠠᠪᠠᠯ
ᠪᠠᠷᠠᠭᠠᠨ ᠲᠣᠭ ᠢ ᠬᠡᠢ᠌ᠰᠬᠡᠭ᠍ᠰᠡᠨ
ᠪᠠᠯᠠᠮᠠᠳ ᠲᠠᠢ᠌ᠰᠣᠨ ᠤ ᠴᠡᠷᠢᠭ᠌
ᠪᠠᠴᠢᠮᠠᠭ ᠲᠣᠯᠭᠠᠷᠠᠬᠣ ᠳᠤ
ᠪᠠᠭᠠᠳᠣᠷ ᠰᠢᠬᠢᠬᠣᠳᠣᠭ
ᠪᠠᠢ᠌ᠭᠰᠠᠨ ᠭᠠᠵᠠᠷ ᠤᠨ ᠵᠦᠭ᠌
ᠪᠠᠴᠢᠮᠳᠠᠨ ᠲᠠᠪᠬᠢᠵᠣ ᠢᠷᠡᠬᠡᠥᠨ᠄
《ᠰᠢᠷ᠎ᠠ ᠲᠡᠪᠰᠡᠭ ᠲᠡᠬᠡᠷ᠎ᠡ
ᠴᠣᠴᠢᠮᠠᠭ ᠭᠠᠷᠴᠣ ᠣᠴᠢᠪᠠᠯ
ᠭᠣᠷᠪᠠᠨ ᠵᠠᠭᠣᠨ ᠲᠠᠢ᠌ᠰᠣᠨ ᠲᠡᠶ
ᠪᠠᠴᠢᠮᠠᠭ ᠲᠣᠯᠭᠠᠷᠠᠵᠣ ᠠᠭᠣᠯᠵᠠᠪᠠ᠃
ᠲᠠᠢ᠌ᠴᠢᠭᠣᠳ ᠢ ᠲᠠᠨᠢᠭᠰᠠᠨ ᠦᠭᠡᠶ
ᠮᠠᠷᠭᠢᠳ ᠢ ᠮᠡᠳᠡᠭ᠍ᠰᠡᠨ ᠦᠭᠡᠶ
ᠮᠣᠩᠭ᠋ᠣᠯ ᠢ ᠮᠣᠬᠣᠳᠠᠯ᠎ᠠ ᠬᠠᠷᠠᠵᠣ ᠴᠢᠳᠠᠭᠰᠠᠨ ᠦᠭᠡᠶ
ᠬᠤᠢ᠌ᠰᠢ ᠪᠠᠨ ᠭᠠᠭᠴᠠᠬᠠᠨ ᠬᠢᠯᠠᠮᠬᠢᠵᠣ ᠦᠵᠡᠬᠥ ᠳᠤ ᠡᠵᠠᠨ ᠤ ᠵᠠᠬᠥᠳᠥᠨ ᠳᠤ ᠦᠵᠡᠭ᠍ᠰᠡᠨ ᠲᠠᠢ᠌ᠰᠣᠨ ᠲᠡᠶ ᠠᠳᠠᠯᠢ ᠮᠠᠳᠣ ᠪᠠᠢ᠌ᠨ᠎ᠠ》 ᠬᠡᠪᠡ᠃ ᠲᠡᠬᠡᠬᠥ ᠳᠤ ᠵᠢᠷᠭᠣᠭᠠᠨ ᠰᠠᠢ᠌ᠳ ᠬᠣᠶᠠᠭ ᠶᠢᠠᠨ ᠡᠮᠣᠰᠴᠣ᠂ ᠪᠠᠮᠪᠠᠢ ᠪᠠᠨ ᠵᠠᠬᠥᠵᠦ᠂ ᠪᠠᠢ᠌ᠯᠳᠣᠭᠠᠨ ᠳᠤ ᠪᠠᠯᠠᠳᠴᠣ ᠪᠠᠢ᠌ᠳᠠᠯ᠎ᠠ ᠲᠠᠢ᠌ᠰᠣᠨ ᠤ ᠴᠡᠷᠢᠭ᠌ ᠬᠦᠷᠴᠦ ᠢᠷᠠᠪᠠ᠃
ᠰᠠᠢ᠌ᠳ ᠪᠠᠭᠠᠳᠣᠷ ᠪᠣᠭᠣᠷᠴᠣ
ᠰᠠᠷᠠᠯ ᠮᠣᠷᠢᠨ ᠳᠤ ᠪᠠᠨ ᠮᠣᠷᠳᠠᠵᠣ
ᠰᠠᠮᠠᠭᠣᠨ ᠲᠠᠢ᠌ᠰᠣᠨ ᠤ ᠡᠮᠣᠨ᠎ᠠ ᠡᠴᠡ
ᠰᠠᠮᠪᠠᠭ᠎ᠠ ᠶᠢ ᠣᠯᠵᠣ ᠣᠴᠢᠭᠠᠳ
ᠰᠠᠨᠠᠭ᠎ᠠ ᠵᠤᠷᠢᠭ ᠢ ᠨᠢ ᠠᠰᠠᠭᠣᠷᠣᠨ᠄
《ᠲ᠋ᠨ᠂ ᠶᠠᠭᠣᠨ ᠬᠦᠮᠥᠨ ᠪᠣᠢ︖ ᠶᠣᠰᠣᠳᠣ ᠬᠦᠮᠥᠨ ᠪᠣᠯ ᠶᠣᠰᠣ ᠪᠠᠨ ᠬᠡᠯᠡ︕ ᠨᠠᠷᠠᠳᠣ ᠬᠦᠮᠥᠨ ᠪᠣᠯ ᠨᠡᠷ᠎ᠡ ᠪᠠᠨ ᠬᠡᠯᠡ》 ᠬᠡᠪᠡᠯ ᠲᠠᠳᠠ ᠦᠬᠥᠯᠡᠷᠥᠨ᠄
《ᠨᠠᠷᠠ ᠪᠠᠨ ᠠᠰᠠᠭᠣᠴᠠᠬᠣ ᠪᠠᠷ
ᠢᠷᠡᠬᠡ ᠦᠭᠡᠶ ᠪᠢᠳᠠ
ᠨᠠᠪᠰᠢᠷᠠᠳᠠᠯ᠎ᠠ ᠪᠠᠢ᠌ᠯᠳᠣᠬᠣ ᠪᠠᠷ
ᠢᠷᠠᠯ᠎ᠠ ᠪᠢᠳᠠ》
ᠪᠣᠭᠣᠷᠴᠣ ᠬᠡᠯᠡᠪᠡ᠄
《ᠨᠠᠳᠠᠳᠣ ᠣᠴᠢᠷ ᠶᠢᠠᠨ ᠬᠡᠯᠡᠪᠡᠯ
ᠨᠠᠢ᠌ᠷᠠᠮᠳᠠᠯ ᠶᠢᠠᠷ ᠦᠷᠥᠰᠢᠶᠡᠵᠦ ᠪᠣᠯᠣᠨ᠎ᠠ
ᠨᠠᠭᠠᠳᠣᠬᠣ ᠲᠣᠯᠬᠣ ᠰᠠᠨᠠᠭ᠎ᠠ ᠲᠡᠶ ᠪᠣᠯ
ᠨᠠᠷᠠᠨ ᠤ ᠭᠠᠯ ᠲᠡᠶ ᠳᠤ ᠡᠬᠢᠯᠠᠶᠠ》 ᠬᠡᠪᠡ᠃
ᠲᠡᠬᠡᠬᠥ ᠳᠤ ᠴᠠᠭᠠᠳᠣᠬᠢ ᠬᠦᠮᠥᠨ ᠬᠡᠯᠡᠷᠥᠨ᠄
《ᠲ᠋ᠠᠨ ᠳᠤ ᠬᠡᠯᠡᠬᠥ ᠰᠠᠢ᠌ᠨ ᠨᠡᠷ᠎ᠡ
ᠪᠢᠳᠠᠨ ᠳᠤ ᠦᠭᠡᠶ
ᠲᠠᠷᠪᠠᠭᠠᠴᠢᠨ ᠵᠢᠭᠠᠰᠣᠴᠢᠨ ᠬᠦᠮᠥᠨ ᠪᠢᠳᠠ》 ᠬᠡᠪᠡ᠃
ᠲᠡᠬᠡᠬᠥ ᠳᠤ ᠰᠢᠬᠢᠬᠣᠳᠣᠭ ᠦᠬᠥᠯᠡᠷᠥᠨ᠄
《ᠲᠠᠳᠠᠨ ᠡᠴᠡ ᠦᠬᠡ ᠠᠰᠠᠭᠣᠬᠣ ᠬᠡᠷᠡᠭ ᠦᠭᠡᠶ᠂
ᠲᠠᠨᠢᠭᠰᠠᠨ ᠲᠠᠢ᠌ᠴᠢᠭᠣᠳ ᠪᠠᠢ᠌ᠨ᠎ᠠ᠂
ᠲᠠᠳᠠᠭᠠᠯᠵᠠᠯ ᠦᠭᠡᠶ ᠪᠠᠢ᠌ᠯᠳᠣᠶ᠎ᠠ》 ᠬᠡᠪᠡ᠃
ᠪᠤᠷᠤᠬᠤᠯ ᠪᠠᠭᠣᠨ ᠬᠦᠶᠥᠵᠦ᠂ ᠪᠣᠷᠣ ᠪᠠᠮᠪᠠᠢ ᠪᠠᠨ ᠠᠪᠴᠣ᠂ ᠪᠣᠭᠳᠠ ᠡᠵᠠᠨ ᠶᠢᠠᠨ ᠬᠠᠮᠠᠭᠠᠯᠠᠨ ᠵᠤᠭᠰᠣᠪᠠ᠃ ᠵᠠᠯᠮ᠎ᠠ᠂ ᠬᠦᠠᠳᠡᠯᠡᠨ ᠡᠳᠡᠬᠡᠥᠨ ᠡᠴᠡ
ᠢᠯᠳᠣ ᠪᠠᠷᠢᠵᠣ ᠣᠷᠣᠭᠠᠳ
ᠮᠦᠷ ᠲᠤ ᠲᠣᠬᠢᠶᠠᠯᠳᠣᠭᠰᠠᠨ ᠢ
ᠵᠠᠮ ᠭᠠᠷᠳᠠᠯ᠎ᠠ ᠴᠠᠪᠴᠢᠵᠣ
ᠭᠣᠷᠪᠠᠨ ᠬᠠᠷ᠎ᠠ ᠲᠣᠭ ᠢ ᠨᠢ
ᠭᠣᠯᠳᠣ ᠲᠠᠳᠠᠵᠣ ᠠᠪᠣᠭᠠᠳ
ᠠᠭᠣᠯᠠᠨ ᠲᠡᠬᠡᠷ᠎ᠡ ᠠᠪᠠᠴᠢᠵᠣ
ᠣᠷᠣᠭᠣ ᠬᠠᠷᠠᠭᠣᠯᠣᠨ ᠬᠠᠳᠬᠣᠪᠠ᠃
ᠴᠣᠤ ᠮᠡᠷᠬᠡᠨ ᠬᠡᠳᠦᠢ᠌ᠨᠢ ᠲᠣᠳᠠᠭᠠᠵᠠᠢ᠃ ᠪᠣᠭᠣᠷᠴᠣ ᠣᠷᠣᠭᠰᠢ ᠪᠠᠨ ᠠᠯᠠᠯᠳᠣᠵᠣ ᠶᠠᠪᠣᠬᠣ ᠵᠠᠭᠣᠷ᠎ᠠ ᠬᠤᠢ᠌ᠰᠢ ᠪᠠᠨ ᠴᠣᠤ ᠮᠡᠷᠬᠡᠨ ᠢ ᠬᠠᠷᠠᠵᠣ ᠦᠬᠥᠯᠡᠷᠥᠨ᠄ 《ᠦᠢ᠂ ᠴᠣᠤ ᠮᠡᠷᠬᠡᠨ᠂ ᠪᠠᠢ᠌ᠵᠠ︕ ᠡᠵᠠᠨ ᠬᠠᠭᠠᠨ ᠤ ᠲᠥᠯᠣᠬᠡ ᠢᠩᠬᠢᠵᠣ ᠵᠢᠣᠠᠬᠥᠳᠡᠭ ᠪᠢᠯᠢᠤ︕ ᠨᠦᠬᠡᠨ ᠡᠴᠠ ᠭᠠᠷᠣᠭᠰᠠᠨ ᠠᠯᠠᠭᠳᠠᠭ᠎ᠠ ᠮᠠᠳᠣ ᠭᠣᠳᠬᠢᠨ ᠵᠢᠭᠣᠳᠠᠬᠣ ᠴᠢᠨᠢ ᠶᠠᠭᠣ ᠪᠣᠢ︖》 ᠬᠡᠪᠡᠯ᠂ ᠴᠣᠤ ᠮᠡᠷᠬᠡᠨ ᠡᠷᠬᠢᠵᠣ ᠢᠷᠡᠬᠡᠥᠨ ᠢᠨᠢᠶᠠᠵᠣ ᠦᠬᠥᠯᠡᠷᠥᠨ᠄ 《ᠵᠡᠷᠭᠡᠯᠳᠦᠨ ᠪᠠᠢ᠌ᠯᠳᠣᠶ᠎ᠠ ᠬᠡᠬᠥ ᠳᠤ᠂ ᠵᠠᠪᠠ ᠲᠣᠳᠠᠭᠠᠳ ᠪᠠᠢ᠌ᠨ᠎ᠠ》 ᠬᠡᠪᠡᠯ᠂ ᠡᠵᠠᠨ ᠠᠯᠳᠠᠨ ᠰᠠᠭᠠᠳᠠᠭ ᠡᠴᠡ ᠪᠠᠨ ᠰᠢᠩᠬᠣᠳᠣ ᠵᠠᠪᠠ ᠪᠠᠨ ᠰᠣᠭᠣᠯᠵᠣ ᠦᠭ᠍ᠪᠡ᠃ ᠴᠣᠤ ᠮᠡᠷᠬᠡᠨ᠂ ᠰᠢᠩᠬᠣᠨ ᠵᠠᠪᠠ ᠶᠢ ᠰᠣᠮᠣᠯᠠᠨ ᠲᠠᠳᠠᠵᠣ᠂ ᠰᠣᠨᠢᠶᠠᠯᠭᠠᠨ ᠲᠠᠯᠢᠵᠣ᠂ ᠡᠷᠠᠬᠡᠢ᠌ᠳᠡᠨ ᠰᠣᠢ᠌ᠵᠣ᠂ ᠡᠷᠬᠢᠬᠥᠯᠥᠨ ᠴᠢᠭ᠍ᠯᠠᠬᠥᠯᠵᠦ᠂ ᠲᠠᠢ᠌ᠰᠣᠨ ᠤ ᠲᠡᠷᠢᠬᠥᠨ ᠢ ᠲᠠᠰᠣ ᠬᠠᠷᠪᠣᠵᠣ᠂ ᠵᠠᠬᠡᠷᠳᠡ ᠬᠠᠯᠵᠠᠨ ᠮᠣᠷᠢ ᠶᠢ ᠪᠠᠷᠢᠵᠣ ᠢᠷᠡᠬᠡᠥᠨ ᠡᠵᠠᠨ ᠳᠤ ᠣᠨᠣᠭᠣᠯᠪᠠ᠃ ᠡᠵᠠᠨ ᠲᠠᠷᠠ ᠮᠣᠷᠢ ᠶᠢ ᠣᠨᠣᠵᠣ ᠦᠵᠡᠪᠡᠯ ᠨᠢᠰᠬᠥ ᠰᠢᠪᠠᠭᠣ᠂ ᠬᠡᠢ᠌ᠰᠬᠥ ᠰᠠᠯᠬᠢ ᠮᠠᠳᠣ ᠪᠠᠢ᠌ᠪᠠ᠃ ᠲᠡᠬᠡᠬᠡᠥᠨ ᠵᠦᠷᠴᠢᠬᠦ ᠲᠠᠢ᠌ᠰᠣᠨ ᠢ ᠴᠦᠬᠥᠷᠡᠬᠥᠯᠥᠨ ᠲᠠᠷᠣᠵᠣ᠂ ᠬᠠᠳᠬᠣᠯᠳᠣᠬᠣ ᠲᠠᠢ᠌ᠰᠣᠨ ᠢ ᠬᠠᠭᠠᠰ ᠪᠣᠯᠭᠠᠵᠣ ᠪᠠᠢ᠌ᠳᠠᠯ᠎ᠠ᠂ ᠪᠤᠷᠤᠬᠤᠯ ᠤᠨ ᠲᠣᠯᠣᠭᠠᠢ ᠳᠤ ᠰᠣᠮᠣ ᠲᠣᠰᠪᠠᠯ᠂ ᠲᠠᠷᠠ ᠲᠣᠷᠣᠭᠰᠢ ᠣᠨᠠᠵᠣ᠂ ᠨᠣᠮᠣ ᠪᠠᠨ ᠲᠠᠮᠳᠠᠷᠢᠵᠣ ᠠᠪᠣᠭᠠᠳ ᠰᠠᠯᠳᠠᠷᠬᠢᠯᠠᠨ ᠲᠥᠰᠢᠵᠦ ᠪᠠᠮᠪᠠᠢ ᠪᠠᠨ ᠠᠯᠳᠠᠯ ᠦᠬᠡᠢ ᠪᠠᠷᠢᠵᠣ ᠵᠤᠭᠰᠣᠨ᠎ᠠ᠂ ᠪᠣᠭᠣᠷᠴᠣ ᠣᠷᠣᠭᠰᠢ ᠪᠠᠨ ᠠᠯᠠᠯᠳᠣᠵᠣ ᠪᠠᠢ᠌ᠬᠣ ᠵᠠᠭᠣᠷ᠎ᠠ᠂ ᠬᠤᠢ᠌ᠰᠢ ᠪᠠᠨ ᠬᠠᠷᠠᠵᠣ ᠲᠡᠬᠥᠨ ᠳᠤ ᠦᠬᠥᠯᠡᠷᠥᠨ᠄ 《ᠡᠷ᠎ᠠ ᠬᠦᠮᠥᠨ ᠭᠠᠭᠴᠠ ᠰᠣᠮᠣᠨ ᠳᠤ ᠣᠨᠠᠳᠠᠭ ᠪᠢᠯᠠ ᠦᠦ︖ ᠡᠪᠠᠷ ᠶᠢᠠᠨ ᠴᠣᠬᠢᠭᠣᠯᠣᠭᠰᠠᠨ ᠢᠰᠢᠬᠡ ᠮᠠᠳᠣ᠂ ᠡᠷᠬᠡᠯᠵᠡᠨ ᠰᠠᠯᠭᠠᠨᠠᠬᠣ ᠴᠢᠨᠢ ᠶᠠᠭᠣ ᠪᠣᠢ︖》 ᠬᠡᠪᠡᠯ᠂ ᠪᠤᠷᠤᠬᠤᠯ᠂ ᠮᠣᠷᠢᠨ ᠤ ᠪᠠᠨ ᠪᠣᠷᠣᠭᠣ ᠲᠠᠯ᠎ᠠ ᠡᠴᠡ ᠬᠠᠷᠠᠢ᠌ᠵᠣ ᠮᠣᠷᠳᠠᠭᠠᠳ ᠬᠠᠯᠬᠠᠪᠴᠢ ᠪᠠᠨ ᠪᠠᠷᠢᠵᠣ ᠬᠠᠢ᠌ᠬᠣᠷᠠᠯ ᠦᠭᠡᠶ ᠪᠠᠢ᠌ᠯᠳᠣᠵᠣ ᠶᠠᠪᠣᠪᠠ᠂ ᠲᠡᠬᠡᠬᠡᠥᠨ ᠬᠠᠯᠳᠠᠵᠣ ᠢᠷᠡᠭ᠍ᠰᠡᠨ ᠲᠠᠢ᠌ᠰᠣᠨ ᠠᠯᠠᠭᠳᠠᠭᠰᠠᠨ ᠬᠦᠮᠥᠨ ᠤ ᠪᠠᠨ ᠬᠡᠬᠥᠷ ᠢ ᠠᠪᠴᠣ ᠲᠣᠳᠠᠭᠠᠪᠠ᠃ ᠡᠵᠠᠨ ᠵᠠᠷᠯᠢᠭ ᠪᠣᠯᠣᠷᠣᠨ᠄ 《ᠪᠣᠷᠣᠭᠣ ᠬᠠᠠᠳᠣᠭᠰᠠᠨ ᠲᠠᠢ᠌ᠰᠣᠨ ᠢ ᠶᠠᠭᠠᠬᠢᠬᠣ ᠪᠢᠯᠠ︖》 ᠬᠡᠪᠡᠯ ᠪᠣᠭᠣᠷᠴᠣ ᠦᠬᠥᠯᠡᠷᠥᠨ᠄
《ᠪᠣᠷᠬᠠᠨ ᠪᠣᠯᠣᠭᠰᠠᠨ ᠬᠦᠮᠥᠨ ᠢ
ᠪᠣᠶᠠᠨ ᠶᠢᠠᠷ ᠦᠳᠡᠳᠡᠭ
ᠪᠣᠷᠣᠭᠣ ᠬᠠᠠᠳᠣᠭᠰᠠᠨ ᠲᠠᠢ᠌ᠰᠣᠨ ᠢ
ᠵᠠᠷ ᠵᠠᠪᠠ ᠪᠠᠷ ᠦᠳᠡᠳᠡᠭ᠂
ᠨᠡᠬᠡᠢᠡ》 ᠬᠡᠪᠡᠯ᠂ ᠲᠠᠷᠠ ᠦᠬᠡ ᠶᠢ ᠡᠵᠠᠨ ᠵᠦᠪᠰᠢᠶᠡᠷᠠᠵᠦ ᠨᠡᠬᠡᠪᠡ᠂ ᠴᠠᠢ᠌ᠳᠣ ᠶᠢᠨ ᠴᠠᠭᠠᠨ ᠲᠠᠯ᠎ᠠ ᠳᠤ ᠲᠠᠢ᠌ᠰᠣᠨ ᠢ ᠬᠦᠢᠴᠡᠬᠡᠥᠨ᠂ ᠤᠯᠠᠨ ᠬᠣᠨᠢᠨ ᠳᠤ ᠣᠷᠣᠭᠰᠠᠨ ᠴᠢᠨ᠋ᠸ᠎ᠠ ᠮᠠᠳᠣ ᠴᠠᠪᠴᠢᠵᠣ ᠨᠢᠬᠡ ᠵᠠᠭᠣᠨ ᠬᠦᠮᠥᠨ ᠢ ᠠᠯᠠᠪᠠ᠃ ᠬᠣᠶᠠᠷ ᠵᠠᠭᠣᠨ ᠬᠦᠮᠥᠨ ᠲᠣᠳᠠᠭᠠᠪᠠ᠃ ᠡᠨᠠ ᠪᠠᠢ᠌ᠯᠳᠣᠭᠠᠨ ᠳᠤ ᠵᠠᠭᠣᠨ ᠮᠣᠷᠢ᠂ ᠲᠠᠪᠢᠨ ᠬᠣᠶᠠᠭ ᠣᠯᠵᠠᠯᠠᠵᠣ ᠠᠪᠣᠪᠠ᠃ ᠲᠠᠷᠠ ᠴᠠᠭ ᠲᠤ ᠴᠢᠩᠬᠢᠰ ᠬᠠᠭᠠᠨ ᠲᠡᠭ᠍ᠷᠢ ᠡᠴᠢᠬᠡ ᠳᠡᠭᠡᠨ ᠮᠥᠷᠬᠥᠢᠡ ᠬᠡᠵᠦ ᠲᠣᠪᠣᠴᠠᠭ ᠦᠨᠳᠥᠷ ᠲᠡᠬᠡᠷ᠎ᠡ ᠭᠠᠷᠴᠣ᠂ ᠲᠤᠬᠤᠮ ᠶᠢᠠᠨ ᠲᠡᠯᠬᠡᠵᠦ ᠲᠠᠯᠪᠢᠭᠠᠳ ᠪᠦᠰᠡ ᠪᠠᠨ ᠬᠦᠵᠦᠬᠥᠨ ᠳᠡᠭᠡᠨ ᠡᠯᠬᠥᠵᠦ ᠵᠠᠯᠪᠠᠷᠢᠨ ᠦᠴᠢᠪᠡ᠄
《ᠡᠷᠡᠮᠠᠬᠡᠢ ᠰᠠᠢ᠌ᠨ ᠶᠢᠠᠷ
ᠡᠵᠠᠨ ᠡᠰᠠ ᠪᠣᠯᠣᠯ᠎ᠠ ᠪᠢ
ᠡᠷᠬᠡᠲᠦ ᠲᠡᠭ᠍ᠷᠢ
ᠡᠴᠢᠬᠡ ᠶᠢᠨ ᠬᠠᠢ᠌ᠷ᠎ᠠ ᠪᠠᠷ
ᠡᠵᠠᠨ ᠪᠣᠯᠣᠯ᠎ᠠ ᠪᠢ᠃
ᠡᠴᠢᠬᠡ ᠲᠡᠭ᠍ᠷᠢ ᠶᠢᠨ ᠠᠴᠢ ᠪᠠᠷ
ᠡᠰᠡᠷᠬᠥ ᠲᠠᠢ᠌ᠰᠣᠨ ᠶᠢᠠᠨ ᠲᠠᠷᠣᠯ᠎ᠠ ᠪᠢ
ᠬᠠᠮᠣᠷᠣᠭᠴᠢ ᠰᠠᠢ᠌ᠨ ᠶᠢᠠᠷ
ᠬᠠᠭᠠᠨ ᠡᠰᠠ ᠪᠣᠯᠣᠯ᠎ᠠ ᠪᠢ
ᠬᠠᠨ ᠲᠡᠭ᠍ᠷᠢ ᠡᠴᠢᠬᠡ ᠶᠢᠨ
ᠬᠠᠢ᠌ᠷ᠎ᠠ ᠪᠠᠷ ᠡᠵᠠᠨ ᠪᠣᠯᠣᠯ᠎ᠠ ᠪᠢ
ᠬᠠᠨ ᠲᠡᠭ᠍ᠷᠢ ᠡᠴᠢᠬᠡ ᠶᠢᠨ ᠦᠷᠥᠰᠢᠶᠡᠯ ᠶᠢᠠᠷ
ᠬᠠᠷᠢ ᠲᠠᠢ᠌ᠰᠣᠨ ᠢ ᠲᠠᠷᠣᠯ᠎ᠠ ᠪᠢ》 ᠬᠡᠵᠦ ᠮᠥᠷᠬᠥᠪᠡ᠃ ᠲᠠᠠᠳᠠ ᠡᠴᠡ ᠮᠣᠷᠳᠠᠵᠣ ᠶᠠᠪᠣᠬᠣ ᠳᠤ ᠡᠵᠠᠨ᠂ ᠵᠢᠷᠭᠣᠭᠠᠨ ᠰᠠᠢ᠌ᠳ ᠶᠢᠠᠨ ᠮᠠᠭᠳᠠᠨ ᠲᠠᠭᠣᠯᠠᠪᠠ᠄
ᠡᠬᠢᠯᠡᠬᠡᠥᠨ ᠰᠢᠬᠢᠬᠣᠳᠣᠭ ᠢ ᠮᠠᠭᠳᠠᠭᠰᠠᠨ ᠨᠢ᠄
《ᠮᠠᠷᠭᠢᠳ ᠢ ᠮᠠᠩᠳᠡᠬᠥᠯᠵᠦ
ᠮᠣᠩᠭ᠋ᠣᠯ ᠢ ᠮᠣᠬᠣᠭᠠᠵᠣ
ᠲᠠᠢ᠌ᠴᠢᠭᠣᠳ ᠢ ᠲᠠᠨᠢᠵᠣ
ᠲᠠᠢ᠌ᠰᠣᠨ ᠢ ᠲᠠᠷᠣᠯᠴᠠᠭᠰᠠᠨ
ᠲᠠᠲ᠋ᠠᠷ ᠤᠨ ᠰᠢᠬᠢᠬᠣᠳᠣᠭ ᠮᠢᠨᠢ》 ᠬᠡᠵᠦ ᠮᠠᠭᠳᠠᠪᠠ᠂
ᠵᠠᠯᠮ᠎ᠠ ᠶᠢ ᠮᠠᠭᠳᠠᠭᠰᠠᠨ ᠨᠢ
《ᠣᠷᠣᠭ᠎ᠠ ᠬᠦᠷᠥᠬᠡᠰᠥᠨ ᠤ
ᠣᠳᠣᠯᠭ᠎ᠠ ᠪᠣᠯᠣᠭᠰᠠᠨ
(ᠡᠠᠩ ᠬᠦᠷᠥᠬᠡᠰᠥᠨ ᠢ
ᠠᠩᠨᠠᠵᠤ ᠮᠡᠳᠡᠳᠡᠭ )
ᠣᠮᠣᠭᠳᠣ ᠲᠠᠢ᠌ᠰᠣᠨ ᠤ
ᠵᠢᠷᠥᠬᠡ ᠶᠢ ᠴᠡᠴᠡᠷᠠᠬᠥᠯᠥᠭᠰᠡᠨ᠂
ᠣᠨᠣᠬᠣ ᠮᠣᠷᠢ ᠦᠭᠡᠶ ᠪᠣᠯᠬᠣ ᠳᠤ
ᠣᠨᠣᠭ᠎ᠠ ᠠᠪᠴᠢᠷᠠᠵᠣ ᠦᠭ᠍ᠬᠥᠭ᠍ᠰᠡᠨ
ᠣᠮᠳᠠᠭᠠᠰᠣᠨ ᠴᠠᠩᠭ᠋ᠠᠬᠣ ᠴᠠᠭ ᠲᠤ
ᠣᠣᠭᠣᠬᠣ ᠲᠠᠷᠠᠰᠣ ᠦᠭ᠍ᠬᠥᠭ᠍ᠰᠡᠨ
ᠰᠡᠷᠬᠡᠭ᠌ ᠪᠠᠭ᠎ᠠ ᠨᠣᠢ᠌ᠷ ᠲᠡᠶ
ᠰᠠᠴᠠᠨ ᠮᠡᠷᠬᠡᠨ ᠣᠬᠠᠭᠠᠨ ᠲᠡᠶ
ᠣᠯᠣᠰ ᠲᠥᠷᠤ ᠶᠢᠨ ᠲᠥᠯᠣᠬᠡ
ᠣᠷᠢᠳᠣ ᠴᠠᠭ ᠡᠴᠡ ᠵᠢᠣᠠᠬᠥᠭ᠍ᠰᠡᠨ
ᠣᠷᠢᠶᠠᠩᠬᠠᠨ ᠤ ᠰᠠᠢ᠌ᠨ ᠵᠠᠯᠮ᠎ᠠ ᠮᠢᠨᠢ》 ᠬᠡᠵᠦ ᠮᠠᠭᠳᠠᠪᠠ᠃
ᠴᠣᠤ ᠮᠡᠷᠬᠡᠨ ᠢ ᠮᠠᠭᠳᠠᠰᠠᠨ ᠨᠢ᠄
《ᠵᠠᠷᠯᠢᠭ ᠢ ᠮᠢᠨᠢ ᠠᠯᠳᠠᠯ ᠦᠭᠡᠶ ᠲᠠᠭᠠᠵᠣ
ᠵᠢᠭᠠᠭᠰᠠᠨ ᠢ ᠮᠢᠨᠢ ᠡ᠊ᠠᠳᠠᠯ ᠦᠭᠡᠶ ᠬᠦᠢᠴᠡᠳᠬᠡᠵᠦ
ᠲᠠᠢ᠌ᠰᠣᠨ ᠤ ᠲᠡᠷᠢᠬᠥᠨ ᠢ
ᠲᠠᠰᠣ ᠬᠠᠷᠪᠣᠵᠣ
ᠣᠨᠣᠭᠰᠠᠨ ᠵᠠᠬᠡᠷᠳᠡ ᠮᠣᠷᠢ ᠶᠢ ᠨᠢ
ᠣᠣᠯᠭᠠᠯᠠᠨ ᠪᠣᠯᠢᠶᠠᠵᠣ
ᠬᠠᠳᠬᠣᠯᠳᠣᠬᠣ ᠲᠠᠢ᠌ᠰᠣᠨ ᠢ
ᠬᠠᠭ᠎ᠠ ᠴᠣᠬᠢᠵᠣ
ᠵᠦᠷᠢᠴᠡᠯᠳᠦᠬᠦ ᠲᠠᠢ᠌ᠰᠣᠨ ᠢ
ᠴᠥᠮᠤ ᠴᠣᠬᠢᠭᠰᠠᠨ
ᠵᠦᠷᠴᠢᠳᠡᠢ ᠶᠢᠨ ᠴᠣᠤ ᠮᠡᠷᠬᠡᠨ ᠮᠢᠨᠢ》 ᠬᠡᠵᠦ ᠮᠠᠭᠳᠠᠪᠠ᠃
ᠪᠤᠷᠤᠬᠤᠯ ᠢ ᠮᠠᠭᠳᠠᠭᠰᠠᠨ ᠨᠢ᠄
《ᠬᠠᠷᠪᠣᠬᠣ ᠰᠣᠮᠣᠨ ᠳᠤ
ᠬᠠᠯᠬᠠᠪᠴᠢ ᠪᠣᠯᠣᠭᠰᠠᠨ
ᠰᠣᠷᠬᠢᠷᠠᠬᠣ ᠰᠣᠮᠣᠨ ᠳᠤ
ᠰᠠᠷᠠᠪᠴᠢ ᠪᠣᠯᠣᠭᠰᠠᠨ
ᠲᠣᠯᠣᠭᠠᠢ ᠪᠠᠨ ᠰᠢᠷᠬᠠᠳᠠᠬᠣ ᠳᠤ
ᠲᠤᠬᠤᠮ ᠶᠢᠠᠨ ᠡᠰᠠ ᠠᠯᠳᠠᠭᠰᠠᠨ
ᠬᠦᠰᠢᠨ ᠤ (ᠦᠰᠢᠨ ᠤ) ᠰᠠᠢ᠌ᠨ ᠪᠤᠷᠤᠬᠤᠯ ᠮᠢᠨᠢ 》ᠭᠡᠵᠦ ᠮᠠᠭᠳᠠᠪᠠ᠃
ᠮᠣᠬᠣᠯᠠᠢ ᠶᠢ ᠮᠠᠭᠳᠠᠭᠰᠠᠨ ᠨᠢ᠄
《ᠲ᠋ᠠᠢ᠌ᠰᠣᠨ ᠢ ᠲᠠᠷᠣᠯᠴᠠᠵᠣ
ᠣᠯᠵᠠ ᠶᠢ ᠣᠷᠣᠭᠣᠯᠣᠯᠴᠠᠵᠣ
ᠢᠷᠡᠬᠥ ᠲᠠᠢ᠌ᠰᠣᠨ ᠤ
ᠢᠷ ᠢ ᠮᠣᠬᠣᠭᠠᠵᠣ
ᠪᠣᠴᠠᠬᠣ ᠲᠠᠢ᠌ᠰᠣᠨ ᠤ
ᠪᠣᠷᠪᠢ ᠶᠢ ᠬᠢᠩᠭ᠋ᠠᠷᠳᠠᠵᠣ
ᠬᠦᠯᠥᠭ ᠮᠣᠷᠢᠨ ᠤ ᠪᠠᠨ
ᠰᠡᠬᠥᠯ ᠲᠡᠬᠡᠬᠥᠷ
ᠬᠦᠳᠠᠩ ᠮᠠᠨᠠᠨ ᠲᠠᠳᠠᠭᠣᠯᠵᠣ
ᠣᠨᠠᠭᠰᠠᠨ ᠮᠣᠷᠢᠨ ᠤ ᠪᠠᠨ
ᠲᠠᠯ ᠲᠡᠬᠡᠬᠥᠷ
ᠣᠷᠭᠣᠬᠣ ᠨᠠᠷᠠ ᠶᠢ ᠬᠡᠢ᠌ᠬᠥᠯᠵᠦ
ᠲᠠᠢ᠌ᠰᠣᠨ ᠤ ᠬᠦᠷᠣᠩᠬᠡᠨ ᠡᠴᠡ
ᠲᠠᠰᠣᠷᠬᠠᠢ ᠣᠳᠠᠰᠣ ᠣᠷᠬᠢᠯ ᠦᠭᠡᠶ
ᠬᠣᠭᠣᠷᠬᠠᠢ ᠵᠠᠬᠥᠤ ᠬᠡᠬᠡᠯ ᠦᠭᠡᠶ
ᠬᠣᠷᠢᠶᠠᠨ ᠠᠪᠴᠣ ᠢᠷᠡᠭ᠍ᠰᠡᠨ
ᠵᠠᠯᠠᠢ᠌ᠷ ᠤᠨ ᠰᠠᠢ᠌ᠨ ᠮᠣᠬᠣᠯᠠᠢ ᠮᠢᠨᠢ》 ᠬᠡᠵᠦ ᠮᠠᠭᠳᠠᠪᠠ᠃
ᠪᠣᠭᠣᠷᠴᠣ ᠶᠢ ᠮᠠᠭᠳᠠᠭᠰᠠᠨ ᠨᠢ᠄
《ᠨᠠᠮᠢ᠋ᠢ ᠵᠠᠯᠠᠭᠣ ᠪᠠᠢ᠌ᠬᠣ ᠴᠠᠭ ᠲᠤ
ᠨᠢ᠋ᠮᠠᠨ ᠰᠢᠷᠭ᠎ᠠ ᠶᠢ ᠡᠷᠢᠬᠥ ᠣᠢᠶ᠎ᠡ ᠳᠤ
ᠨᠠᠷᠠᠨ ᠣᠷᠭᠣᠬᠣ ᠬᠢᠷᠢ ᠳᠤ
ᠨᠠᠳᠠ ᠲᠡᠶ ᠠᠭᠣᠯᠵᠠᠭᠰᠠᠨ ᠡᠴᠡ ᠬᠤᠢ᠌ᠰᠢ
ᠨᠠᠰᠣᠳᠠ ᠦᠨᠡᠨ ᠶᠢᠠᠷ ᠵᠢᠣᠠᠬᠥᠭ᠍ᠰᠡᠨ
ᠨᠠᠬᠣ ᠪᠠᠶᠠᠨ ᠤ ᠬᠦᠪᠡᠬᠥᠨ
ᠨᠠᠢ᠌ᠷᠳᠣ ᠬᠦᠯᠥᠭ ᠪᠣᠭᠣᠷᠴᠣ ᠮᠢᠨᠢ︕
ᠠᠢ᠌ᠯ ᠵᠠᠭᠣᠷ᠎ᠠ ᠶᠠᠪᠣᠬᠣ ᠳᠤ
ᠠᠯᠠᠭ ᠪᠢᠷᠠᠭᠣ ᠮᠠᠳᠣ ᠨᠣᠮᠣᠬᠠᠨ ᠪᠠᠢ᠌ᠪᠠᠴᠣ
ᠠᠯᠠᠯᠴᠠᠬᠣ ᠲᠠᠢ᠌ᠰᠣᠨ ᠲᠡᠶ ᠠᠭᠣᠯᠵᠠᠬᠣ ᠳᠤ
ᠠᠷᠰᠯᠠᠨ ᠪᠠᠷᠰ ᠮᠠᠳᠣ ᠲᠣᠭᠰᠢᠷᠠᠵᠣ
ᠠᠶᠣᠯᠳᠣ ᠲᠠᠢ᠌ᠰᠣᠨ ᠢ ᠲᠠᠷᠣᠬᠣ ᠶᠢᠨ ᠲᠥᠯᠣᠬᠡ
ᠠᠮᠢ ᠪᠠᠶ᠎ᠠ ᠪᠠᠨ ᠦᠯᠤ ᠬᠠᠢ᠌ᠷᠠᠯᠠᠭᠴᠢ
ᠠᠴᠢᠳᠣ ᠬᠦᠯᠥᠭ ᠪᠣᠭᠣᠷᠴᠣ ᠮᠢᠨᠢ︕
ᠬᠠᠨᠢᠯᠠᠵᠣ ᠶᠠᠪᠣᠬᠣ ᠴᠠᠭ ᠲᠤ
ᠬᠠᠷ᠎ᠠ ᠪᠢᠷᠠᠭᠣ ᠮᠠᠳᠣ ᠨᠣᠮᠣᠬᠠᠨ ᠪᠠᠢ᠌ᠪᠠᠴᠣ
ᠬᠠᠳᠬᠣᠯᠳᠣᠬᠣ ᠲᠠᠢ᠌ᠰᠣᠨ ᠲᠡᠶ ᠲᠣᠯᠬᠣ ᠴᠠᠭ ᠲᠤ
ᠬᠠᠷᠴᠠᠭᠠᠢ ᠱᠣᠩᠬᠣᠷ ᠮᠠᠳᠣ ᠲᠣᠭᠰᠢᠷᠠᠵᠣ
ᠬᠠᠷᠢ ᠶᠢᠨ ᠲᠠᠢ᠌ᠰᠣᠨ ᠢ ᠲᠠᠷᠣᠬᠣ ᠶᠢᠨ ᠲᠥᠯᠣᠬᠡ
ᠬᠠᠯᠠᠭᠣᠨ ᠠᠮᠢ ᠪᠠᠨ ᠦᠯᠤ ᠪᠣᠳᠣᠭᠴᠢ
ᠬᠠᠢ᠌ᠷᠠᠳᠣ ᠬᠦᠯᠥᠭ ᠪᠣᠭᠣᠷᠴᠣ ᠮᠢᠨᠢ︕
ᠢᠨᠢᠶᠠᠯᠳᠣᠨ ᠶᠠᠪᠣᠬᠣ ᠴᠠᠭ ᠲᠤ
ᠢᠵᠢᠯᠢ ᠪᠢᠷᠠᠭᠣ ᠮᠠᠳᠣ ᠨᠣᠮᠣᠬᠠᠨ ᠪᠠᠢ᠌ᠪᠠᠴᠣ
ᠢᠷᠡᠬᠥ ᠲᠠᠢ᠌ᠰᠣᠨ ᠣᠴᠠᠷᠠᠬᠣ ᠳᠤ
ᠢᠳᠠᠳᠣ ᠠᠷᠢᠶᠠᠳᠠᠨ ᠮᠠᠳᠣ ᠲᠣᠭᠰᠢᠷᠠᠵᠣ
ᠢᠳᠡᠮᠠᠬᠡᠢ ᠲᠠᠢ᠌ᠰᠣᠨ ᠢ ᠲᠠᠷᠣᠬᠣ ᠶᠢᠨ ᠲᠥᠯᠣᠬᠡ
ᠢᠳᠡᠬᠡᠯᠲᠦ ᠪᠠᠶ᠎ᠠ ᠪᠠᠨ ᠦᠯᠤ ᠬᠠᠢ᠌ᠬᠣᠷᠣᠭᠴᠢ
ᠢᠪᠡᠬᠡᠯᠲᠦ ᠬᠦᠯᠥᠭ ᠪᠣᠭᠣᠷᠴᠣ ᠮᠢᠨᠢ︕
ᠨᠠᠭᠠᠳᠣᠨ ᠶᠠᠪᠣᠬᠣ ᠴᠠᠭ ᠲᠤ
ᠨᠠᠮᠣᠷ ᠤᠨ ᠣᠨᠠᠭ᠎ᠠ ᠮᠠᠳᠣ ᠡᠶᠡᠯᠳᠡᠭ ᠪᠣᠯᠪᠠᠴᠣ
ᠨᠠᠠᠴᠢᠯᠳᠠᠬᠣ ᠲᠠᠢ᠌ᠰᠣᠨ ᠲᠡᠶ ᠣᠴᠠᠷᠠᠪᠠᠯ
ᠨᠠᠴᠢᠨ ᠱᠣᠩᠬᠣᠷ ᠮᠠᠳᠣ ᠲᠣᠪᠳᠣᠯᠵᠣ
ᠨᠠᠰᠣᠨ ᠢᠮᠠᠭᠳᠠ ᠵᠢᠣᠠᠬᠥᠭ᠍ᠰᠡᠨ
ᠨᠠᠢ᠌ᠵᠠ ᠬᠦᠯᠥᠭ ᠪᠣᠭᠣᠷᠴᠣ ᠮᠢᠨᠢ︕
ᠬᠠᠷᠢᠯ ᠪᠣᠴᠠᠯ ᠦᠭᠡᠶ ᠶᠠᠪᠣᠭᠴᠢ
ᠬᠠᠭᠠᠨ ᠡᠵᠠᠨ ᠶᠢᠠᠨ ᠲᠠᠭᠠᠭᠴᠢ
ᠬᠠᠢ᠌ᠷᠠᠳᠣ ᠬᠦᠯᠥᠭ ᠪᠣᠭᠣᠷᠴᠣ ᠮᠢᠨᠢ》 ᠬᠡᠵᠦ ᠮᠠᠭᠳᠠᠪᠠ᠃
ᠡᠵᠠᠨ ᠵᠢᠷᠭᠣᠭᠠᠨ ᠰᠠᠢ᠌ᠳ ᠶᠢᠠᠨ ᠮᠠᠭᠳᠠᠨ ᠲᠠᠭᠣᠰᠬᠣ ᠳᠤ ᠪᠣᠭᠣᠷᠴᠣ᠂ ᠡᠵᠠᠨ ᠶᠢᠠᠨ ᠮᠠᠭᠳᠠᠵᠣ ᠲᠠᠭᠣᠯᠠᠭᠰᠠᠨ ᠨᠢ᠄
《ᠶᠢᠰᠦᠬᠡᠢ ᠪᠠᠭᠠᠳᠣᠷ ᠡᠴᠢᠬᠡ ᠲᠡᠶ
ᠶᠢᠰᠣᠨ ᠦᠷᠯᠥᠭ ᠲᠥᠰᠢᠮᠡᠯ ᠲᠡᠶ
ᠶᠠᠷᠣ ᠪᠦᠬᠥᠳᠡ ᠶᠢ ᠡᠷᠬᠡᠨ ᠳᠡᠭᠡᠨ ᠣᠷᠣᠭᠣᠯᠣᠭᠰᠠᠨ
ᠶᠢᠷᠳᠢᠨᠴᠣ ᠶᠢᠨ ᠡᠵᠠᠨ ᠴᠢᠩᠬᠢᠰ ᠬᠠᠭᠠᠨ ᠮᠢᠨᠢ︕
ᠦᠬᠡᠯᠥᠨ ᠬᠠᠳᠤᠨ ᠡᠬᠡ ᠲᠡᠶ
ᠦᠷᠯᠥᠭ ᠶᠢᠰᠣᠨ ᠲᠥᠰᠢᠮᠡᠯ ᠲᠡᠶ
ᠦᠬᠡᠳᠡᠢ᠂ ᠲᠣᠯᠣᠢ ᠬᠦᠪᠡᠬᠥᠨ ᠲᠡᠶ
ᠦᠷᠥᠰᠢᠶᠡᠯ ᠬᠠᠢ᠌ᠷ᠎ᠠ ᠶᠡᠬᠡᠳᠡᠢ
ᠥᠩᠬᠡ ᠪᠦᠷᠢ ᠶᠢᠨ ᠣᠯᠣᠰ ᠢ
ᠡᠮᠣᠨ᠎ᠠ ᠪᠠᠨ ᠰᠦᠬᠥᠲᠦᠬᠥᠯᠥᠭᠰᠡᠨ
ᠦᠰᠢᠶᠡᠳᠡᠨ ᠲᠠᠢ᠌ᠰᠣᠨ ᠪᠦᠬᠥᠳᠡ ᠶᠢ
ᠦᠯᠮᠡᠢ ᠲᠣᠣᠷ᠎ᠠ ᠪᠠᠨ ᠬᠢᠰᠬᠢᠭ᠍ᠰᠡᠨ
ᠦᠨᠳᠥᠷ ᠲᠡᠬᠡᠲᠦ ᠡᠵᠠᠨ ᠬᠠᠭᠠᠨ ᠮᠢᠨᠢ︕
ᠬᠠᠭᠠᠨ ᠡᠵᠠᠨ ᠴᠢᠮᠢ᠋ᠢ ᠪᠠᠢ᠌ᠬᠣ ᠳᠤ
ᠬᠠᠷᠢ ᠶᠢᠨ ᠲᠠᠢ᠌ᠰᠣᠨ ᠡᠴᠡ
ᠬᠠᠯᠠᠰᠢᠷᠠᠬᠣ ᠶᠠᠪᠣᠳᠠᠯ ᠦᠭᠡᠶ᠃
ᠡᠵᠠᠨ ᠪᠠᠭᠠᠳᠣᠷ ᠴᠢᠮᠢ᠋ᠢ ᠪᠠᠢ᠌ᠬᠣ ᠳᠤ
ᠡᠵᠡᠷᠬᠡᠭ᠌ ᠲᠠᠢ᠌ᠰᠣᠨ ᠡᠴᠡ ᠡᠮᠢᠶᠡᠬᠥ ᠶᠠᠪᠣᠳᠠᠯ ᠦᠭᠡᠶ᠃
ᠬᠠᠮᠣᠭ ᠪᠦᠬᠥᠳᠡ ᠬᠠᠮᠳᠣᠷᠠᠵᠣ
ᠬᠠᠮᠢᠶᠠᠳᠠᠨ ᠰᠠᠳᠣᠨ ᠮᠠᠳᠣ ᠡᠪᠯᠠᠯᠳᠣᠵᠣ
ᠬᠠᠷᠢ ᠶᠢᠨ ᠲᠠᠢ᠌ᠰᠣᠨ ᠢ ᠬᠠᠮᠬ᠎ᠠ ᠴᠣᠬᠢᠶ᠎ᠠ᠃
ᠬᠠᠯᠠᠭᠣᠨ ᠵᠠᠭᠣᠷ᠎ᠠ ᠪᠠᠨ ᠴᠠᠩᠬᠡᠯᠳᠥᠨ ᠰᠠᠭᠣᠵᠣ
ᠬᠣᠨ ᠭᠠᠯᠠᠬᠣ ᠮᠠᠳᠣ ᠬᠣᠷᠠᠯᠳᠣᠨ ᠴᠠᠩᠬᠡᠢᠡ᠂
ᠬᠣᠳᠠᠯᠴᠢ ᠬᠦᠮᠥᠨ ᠤ ᠦᠬᠡᠨ ᠳᠤ ᠪᠦᠤ ᠣᠷᠣᠶ᠎ᠠ᠂
ᠬᠠᠷᠴᠠᠭᠠᠢ ᠱᠣᠩᠬᠣᠷ ᠮᠠᠳᠣ
ᠬᠠᠷᠠᠢ᠌ᠯᠠᠨ ᠲᠡᠬᠥᠯᠢᠨ ᠶᠠᠪᠣᠶ᠎ᠠ
ᠬᠠᠳᠬᠣᠯᠳᠣᠬᠣ ᠲᠠᠢ᠌ᠨ ᠳᠤ
ᠬᠠᠯᠠᠭᠣᠨ ᠠᠮᠢ ᠪᠠᠨ
ᠪᠦᠤ ᠬᠠᠢ᠌ᠷᠠᠯᠠᠶ᠎ᠠ᠃
ᠠᠩᠬᠢᠷ ᠰᠢᠪᠠᠭᠣ ᠮᠠᠳᠣ
ᠠᠮᠠᠷᠠᠭ ᠦᠷ᠎ᠡ ᠪᠠᠨ ᠪᠦᠤ ᠬᠦᠨᠦᠬᠡᠢᠡ᠁
ᠠᠯᠠᠯᠴᠠᠬᠣ ᠲᠠᠢ᠌ᠰᠣᠨ ᠳᠤ
ᠠᠮᠢ ᠪᠠᠨ ᠪᠦᠤ ᠬᠠᠢ᠌ᠷᠠᠯᠠᠶ᠎ᠠ᠃
ᠡᠯᠢᠬᠡᠨ ᠰᠠᠳᠣᠨ ᠲᠣᠳᠣᠷ᠎ᠠ ᠪᠠᠨ
ᠡᠪ ᠨᠠᠢ᠌ᠷᠠᠮᠳᠠᠯ ᠢ ᠪᠦᠤ ᠠᠯᠳᠠᠶ᠎ᠠ᠃
ᠡᠵᠡᠷᠬᠡᠬᠥ ᠲᠠᠢ᠌ᠰᠣᠨ ᠲᠡᠶ ᠲᠣᠯᠬᠣ ᠳᠤ
ᠡᠨᠠ ᠪᠠᠶ᠎ᠠ ᠪᠠᠨ ᠪᠦᠤ ᠬᠠᠢ᠌ᠷᠠᠯᠠᠶ᠎ᠠ》
ᠬᠦᠯᠥᠭ ᠪᠣᠭᠣᠷᠴᠣ ᠶᠢᠨ ᠲᠠᠭᠣᠯᠠᠭᠰᠠᠨ ᠦᠬᠡ ᠡᠨᠠ ᠪᠢᠯᠠ᠃
ᠰᠣᠣᠳᠣ ᠪᠣᠭᠳᠠ ᠴᠢᠩᠬᠢᠰ ᠬᠠᠭᠠᠨ᠂ ᠦᠳᠡ ᠵᠠᠭᠣᠷ᠎ᠠ ᠶᠠᠪᠣᠵᠣ ᠭᠣᠷᠪᠠᠨ ᠵᠠᠭᠣᠨ ᠲᠠᠢ᠌ᠴᠢᠭᠣᠳ ᠢ ᠲᠠᠷᠣᠵᠣ ᠡᠰᠠᠨ ᠮᠠᠠᠳᠣ ᠬᠡᠷ ᠲᠡᠬᠡᠨ ᠢᠷᠠᠵᠣ ᠡᠩᠬᠡ ᠠᠮᠣᠭᠣᠯᠠᠩ ᠰᠠᠭᠣᠪᠠ᠃ ]
ᠨᠢᠴᠥᠬᠥᠨ ᠪᠠᠭᠠᠷᠢᠨ ᠤ ᠰᠢᠷᠬᠥᠬᠡᠲᠦ ᠡᠪᠥᠬᠡᠨ᠂ ᠬᠦᠪᠡᠬᠥᠨ ᠠᠯᠠᠭ ᠨᠠᠶᠠᠭ᠎ᠠ ᠬᠣᠶᠠᠷ ᠲᠡᠶ ᠡᠯᠪᠠᠵᠣ ᠲᠠᠢ᠌ᠴᠢᠭᠣᠳ ᠤᠨ ᠨᠣᠶᠠᠨ ᠲᠠᠷᠭᠣᠳᠠᠢ ᠬᠢᠷᠢᠯᠳᠣᠭ ᠢ ᠣᠢ ᠳᠤ ᠬᠣᠷᠭᠣᠳᠣᠵᠣ ᠪᠠᠢ᠌ᠬᠣ ᠳᠤ ᠣᠯᠵᠣ ᠪᠠᠷᠢᠭᠠᠳ᠂ ᠲᠠᠷᠠ᠂ ᠮᠣᠷᠢ ᠣᠨᠣᠵᠣ ᠦᠯᠤ ᠴᠢᠳᠠᠬᠣ ᠲᠠᠷᠭᠣᠨ ᠲᠣᠯᠠ ᠲ᠋ᠡᠷᠬᠡᠨ ᠳᠤ ᠰᠠᠭᠣᠯᠭᠠᠵᠣ [ᠲᠠᠮᠣᠵᠢᠨ ᠳᠤ ᠬᠦᠷᠬᠡᠬᠥ ᠪᠠᠷ] ᠠᠪᠴᠣ ᠶᠠᠪᠣᠬᠣ ᠳᠤ ᠲᠠᠷᠭᠣᠳᠠᠢ ᠬᠢᠷᠢᠯᠳᠣᠭ ᠤᠨ ᠬᠦᠪᠡᠭᠦᠳ᠂ ᠲᠡᠬᠥᠤ ᠨᠡᠷ ᠨᠡᠬᠡᠵᠦ ᠪᠣᠯᠢᠶᠠᠨ ᠠᠪᠬᠣ ᠪᠠᠷ ᠢᠷᠠᠪᠠ᠃ ᠲᠠᠳᠠᠨ ᠢ ᠢᠷᠡᠮᠡᠭ᠍ᠴᠡ ᠰᠢᠷᠬᠥᠬᠡᠲᠦ ᠡᠪᠥᠬᠡᠨ᠂ ᠬᠦᠳᠡᠯᠥᠨ ᠶᠠᠳᠠᠬᠣ ᠲᠠᠷᠭᠣᠳᠠᠢ ᠵᠢ ᠬᠡᠯᠪᠡᠷᠢᠬᠥᠯᠥᠨ ᠣᠨᠠᠭᠠᠵᠣ ᠬᠡᠳᠡᠷᠬᠥ ᠬᠠᠷᠠᠭᠣᠯᠣᠨ ᠬᠡᠪᠳᠡᠬᠥᠯᠵᠦ᠂ ᠬᠡᠳᠡᠰᠥᠨ ᠲᠡᠬᠡᠷ᠎ᠡ ᠨᠢ ᠰᠠᠠᠳᠠᠢ᠌ᠯᠵᠣ ᠰᠠᠭᠣᠭᠠᠳ᠂ ᠬᠢᠳᠣᠭ᠎ᠠ ᠪᠠᠨ ᠰᠣᠭᠣᠯᠵᠣ ᠦᠬᠥᠯᠡᠷᠥᠨ᠄ 《ᠬᠦᠪᠡᠭᠦᠳ ᠲᠡᠬᠥᠤ ᠨᠡᠷ ᠴᠢᠨᠢ᠂ ᠴᠢᠮᠢ᠋ᠢ ᠪᠣᠯᠢᠶᠠᠵᠣ ᠠᠪᠬᠣ ᠪᠠᠷ ᠢᠷᠠᠪᠠ᠂ ᠬᠠᠨ ᠴᠢᠮᠢ᠋ᠢ ᠣᠳᠣ ᠪᠢ ᠡᠰᠠ ᠠᠯᠠᠪᠠᠴᠣ᠂ ᠴᠢᠮᠠᠳᠣ ᠨᠢᠬᠡᠠᠳᠡ ᠬᠠᠯᠳᠠᠭᠰᠠᠨ ᠲᠣᠯᠠ ᠨᠠᠮᠢ᠋ᠢ ᠠᠯᠠᠬᠣ ᠪᠣᠯᠣᠨ᠎ᠠ᠂ ᠴᠢᠮᠢ᠋ᠢ ᠠᠯᠠᠪᠠᠴᠣ᠂ ᠨᠢᠬᠡᠨ ᠠᠳᠠᠯᠢ ᠠᠯᠠᠭᠳᠠᠬᠣ ᠪᠣᠯᠣᠨ᠎ᠠ᠃ ᠡᠢ᠌ᠮᠣ ᠶᠢᠨ ᠲᠣᠯᠠ ᠴᠢᠮ᠎ᠠ ᠪᠠᠷ ᠲᠠᠷᠠ ᠬᠢᠵᠣ ᠦᠬᠥᠢ᠎ᠡ》 ᠬᠡᠵᠦ ᠬᠢᠳᠣᠭ᠎ᠠ ᠶᠢᠨ ᠢᠷ ᠢ ᠲᠠᠷᠭᠣᠳᠠᠢ ᠶᠢᠨ ᠬᠣᠭᠣᠯᠠᠢ ᠳᠤ ᠲᠣᠯᠭᠠᠪᠠᠯ᠂ ᠲᠠᠷᠭᠣᠳᠠᠢ ᠬᠢᠷᠢᠯᠳᠣᠭ᠂ ᠲᠡᠬᠥᠤ ᠨᠡᠷ ᠬᠦᠪᠡᠭᠦᠳ ᠲᠡᠭᠡᠨ ᠶᠡᠬᠡ ᠲᠠᠭᠣ ᠪᠠᠷ ᠣᠬᠢᠯᠠᠨ ᠦᠬᠥᠯᠡᠷᠥᠨ᠄ 《ᠰᠢᠷᠬᠥᠬᠡᠲᠦ᠂ ᠨᠠᠮᠢ᠋ᠢ ᠠᠯᠠᠬᠣ ᠬᠡᠵᠦ ᠪᠠᠢ᠌ᠨ᠎ᠠ᠃ ᠨᠠᠮᠢ᠋ᠢ ᠨᠢᠬᠡᠠᠳᠡ ᠠᠯᠠᠪᠠᠯ ᠮᠢᠨᠣ ᠬᠡᠬᠥᠷ ᠶᠢᠠᠷ ᠲᠠ ᠨᠡᠷ ᠶᠠᠭᠣ ᠬᠢᠬᠥ ᠪᠣᠢ︖ ᠨᠠᠮᠢ᠋ᠢ ᠠᠯᠠᠭ᠎ᠠ ᠦᠭᠡᠶ ᠪᠠᠢ᠌ᠬᠣ ᠳᠤ ᠲᠠᠷᠣᠢ ᠪᠣᠴᠠᠭᠳᠣᠨ᠃ ᠲᠠᠮᠣᠵᠢᠨ᠂ ᠨᠠᠮᠢ᠋ᠢ ᠠᠯᠠᠬᠣ ᠦᠭᠡᠶ᠂ ᠲᠠᠮᠣᠵᠢᠨ ᠢ ᠡᠵᠠᠨ ᠦᠭᠡᠶ ᠨᠣᠳᠣᠭ ᠲᠤ ᠣᠷᠬᠢᠭᠳᠠᠭᠠᠳ ᠪᠠᠢ᠌ᠬᠣ ᠳᠤ ᠨᠢᠳᠣᠨ ᠳᠡᠭᠡᠨ ᠭᠠᠯᠳᠠᠢ᠂ ᠨᠢᠭᠣᠷ ᠲᠡᠭᠡᠨ ᠬᠡᠷᠡᠯᠳᠡᠢ᠂ ᠰᠡᠷᠬᠥᠯᠠᠩ ᠠᠪᠢᠶᠠᠰᠣᠳᠠᠢ ᠬᠦᠪᠡᠬᠥᠨ ᠬᠡᠵᠦ ᠪᠢ ᠣᠯᠵᠣ ᠠᠪᠴᠢᠷᠠᠭᠠᠳ᠂ ᠡᠮᠨᠢᠭ᠌ ᠦᠷᠢᠶ᠎ᠡ ᠲᠠᠭ᠎ᠠ ᠰᠣᠷᠭᠠᠬᠣ ᠮᠠᠳᠣ ᠰᠣᠷᠭᠠᠵᠣ ᠬᠦᠮᠦᠵᠢᠬᠥᠯᠵᠦ ᠶᠠᠪᠣᠭᠰᠠᠨ ᠪᠢᠯᠠ᠃ ᠲᠠᠷᠠ ᠴᠠᠭ ᠲᠤ ᠲᠡᠬᠥᠨ ᠢ ᠬᠢᠯᠪᠠᠷ ᠦᠬᠥᠬᠥᠯᠵᠦ ᠴᠢᠳᠠᠬᠣ ᠪᠣᠯᠪᠠᠴᠣ ᠦᠷᠥᠰᠢᠶᠡᠵᠦ ᠦᠰᠬᠡᠭ᠍ᠰᠡᠨ ᠶᠣᠮ᠃ ᠣᠳᠣ ᠲᠠᠮᠣᠵᠢᠨ᠂ ᠲᠡᠬᠥᠨ ᠢ ᠣᠬᠠᠭᠠᠨ ᠳᠠᠭᠠᠨ ᠣᠶ᠋ᠢᠯᠠᠭᠠᠵᠣ᠂ ᠰᠠᠳᠬᠢᠯ ᠳᠡᠭᠡᠨ ᠰᠠᠩᠬᠡᠷᠡᠵᠦ ᠪᠠᠢ᠌ᠭ᠎ᠠ ᠪᠢᠵᠠ᠃ ᠲᠠᠮᠣᠵᠢᠨ᠂ ᠨᠠᠮᠢ᠋ᠢ ᠠᠯᠠᠬᠣ ᠦᠭᠡᠶ᠂ ᠲᠠ ᠬᠦᠪᠡᠭᠦᠳ ᠲᠡᠬᠥᠤ ᠨᠡᠷ ᠮᠢᠨᠢ ᠦᠭᠦᠳ (ᠲᠦᠷᠭᠡᠨ) ᠬᠠᠷᠢᠭᠳᠣᠨ ᠃ ᠰᠢᠷᠬᠥᠬᠡᠲᠦ᠂ ᠨᠠᠮᠢ᠋ᠢ ᠠᠯᠠᠭᠣᠵᠠᠢ》 ᠬᠡᠵᠦ ᠶᠡᠬᠡ ᠲᠠᠭᠣ ᠪᠠᠷ ᠣᠬᠢᠯᠠᠨ ᠪᠠᠷᠬᠢᠷᠠᠪᠠᠯ᠂ ᠬᠦᠪᠡᠭᠦᠳ ᠲᠡᠬᠥᠤ ᠨᠡᠷ ᠨᠢ ᠰᠣᠨᠣᠰᠴᠣ ᠬᠡᠯᠡᠯᠴᠡᠪᠡ᠄ 《ᠡᠴᠢᠬᠡ ᠶᠢᠨ ᠶᠢᠠᠨ ᠠᠮᠢ ᠶᠢ ᠠᠪᠣᠷᠠᠶᠠ ᠬᠡᠵᠦ ᠢᠷᠡᠭ᠍ᠰᠡᠨ ᠪᠢᠯᠠ᠂ ᠬᠡᠳᠡᠯ᠎ᠡ᠂ ᠡᠴᠢᠬᠡ ᠶᠢ ᠮᠢᠨᠢ ᠡᠨᠠ ᠰᠢᠷᠬᠥᠬᠡᠲᠦ ᠡᠪᠥᠬᠡᠨ ᠠᠯᠠᠪᠠᠯ ᠬᠣᠭᠣᠰᠣᠨ ᠠᠮᠢ ᠦᠭᠡᠶ ᠪᠠᠶ᠎ᠠ ᠪᠠᠷ ᠪᠢᠳᠠ ᠶᠠᠭᠣ ᠬᠢᠬᠥ ᠪᠣᠢ︖ ᠣᠳᠣ ᠠᠯᠠᠭ᠎ᠠ ᠦᠭᠡᠶ ᠳᠤ ᠪᠣᠴᠠᠶ᠎ᠠ》 ᠬᠡᠵᠦ ᠬᠠᠷᠢᠪᠠ᠃ ᠲᠠᠳᠠᠨ ᠢ ᠲᠠᠯᠳᠠ ᠣᠷᠣᠮᠠᠭᠴᠠ ᠲᠠᠢ᠌ᠴᠢᠭᠣᠳ ᠡᠴᠠ ᠣᠭᠳᠣᠵᠣ ᠣᠳᠣᠭᠰᠠᠨ᠂ ᠰᠢᠷᠬᠥᠬᠡᠲᠦ ᠡᠪᠥᠬᠡᠨ ᠤ ᠬᠦᠪᠡᠬᠥᠨ ᠠᠯᠠᠭ ᠨᠠᠶᠠᠭ᠎ᠠ ᠬᠣᠶᠠᠷ ᠡᠴᠢᠬᠡ ᠳᠡᠭᠡᠨ ᠪᠣᠴᠠᠵᠣ ᠢᠷᠠᠪᠠ᠃ ᠰᠢᠷᠬᠥᠬᠡᠲᠦ ᠡᠪᠥᠬᠡᠨ᠂ ᠬᠦᠪᠡᠭᠦᠳ ᠲᠡᠶ ᠬᠠᠮᠳᠣ ᠨᠡᠢ᠌ᠯᠡᠬᠡᠥᠨ᠂ ᠲᠠᠷᠭᠣᠳᠠᠢ ᠶᠢ ᠠᠪᠣᠨ ᠬᠦᠳᠡᠯᠵᠦ᠂ ᠬᠣᠳᠣᠭᠣᠯ ᠨᠣᠭᠣ ᠬᠡᠳᠡᠭ ᠭᠠᠵᠠᠷ ᠬᠦᠷᠪᠡ᠃ ᠲᠠᠠᠳᠠ ᠨᠠᠶᠠᠭ᠎ᠠ ᠦᠬᠥᠯᠡᠷᠥᠨ᠄ 《ᠪᠢᠳᠠ ᠡᠨᠠ ᠲᠠᠷᠭᠣᠳᠠᠢ ᠶᠢ ᠪᠠᠷᠢᠵᠣ ᠣᠴᠢᠪᠠᠯ᠂ ᠴᠢᠩᠬᠢᠰ ᠬᠠᠭᠠᠨ᠂ ᠪᠢᠳᠠᠨ ᠢ ᠬᠠᠨ ᠡᠵᠠᠨ ᠶᠢᠠᠨ ᠪᠠᠷᠢᠵᠣ ᠢᠷᠡᠭ᠍ᠰᠡᠨ ᠢᠳᠡᠬᠡᠮᠵᠢ ᠦᠭᠡᠶ ᠠᠷᠠᠳ ᠬᠡᠵᠦ ᠪᠢᠳᠠᠨ ᠢ ᠢᠳᠡᠬᠡᠵᠦ ᠨᠦᠬᠥᠷᠯᠡᠬᠥ ᠦᠭᠡᠶ᠂ ᠬᠠᠷᠢᠨ ᠬᠠᠨ ᠡᠵᠠᠨ ᠳᠡᠭᠡᠨ ᠬᠠᠯᠳᠠᠭᠰᠠᠨ ᠬᠠᠷᠠᠴᠣ ᠠᠷᠠᠳ ᠬᠡᠵᠦ ᠪᠠᠷᠢᠵᠣ ᠠᠯᠠᠬᠣ ᠪᠢᠵᠠ᠃ ᠣᠳᠣ ᠲᠠᠷᠭᠣᠳᠠᠢ ᠶᠢ ᠡ᠊ᠠᠳᠠ ᠡᠴᠡ ᠲᠠᠯᠪᠢᠵᠣ ᠪᠣᠴᠠᠭᠠᠭᠠᠳ ᠪᠢᠳᠠ ᠴᠢᠩᠬᠢᠰ ᠬᠠᠭᠠᠨ ᠳᠣ ᠪᠠᠶ᠎ᠠ ᠪᠠᠷ ᠣᠴᠢᠵᠣ ᠢᠩᠬᠢᠵᠣ ᠬᠡᠯᠡᠶ᠎ᠡ᠄ 《ᠪᠢᠳᠠ ᠴᠢᠩᠬᠢᠰ ᠬᠠᠭᠠᠨ ᠴᠢᠮᠠᠳᠣ ᠬᠦᠴᠦ ᠪᠠᠨ ᠡᠷᠬᠥᠬᠥ ᠪᠠᠷ ᠢᠷᠠᠪᠠ᠃ ᠪᠢᠳᠠ᠂ ᠲᠠᠷᠭᠣᠳᠠᠢ ᠵᠢ ᠪᠠᠷᠢᠵᠣ ᠢᠷᠠᠵᠣ ᠶᠠᠪᠣᠳᠠᠯ᠎ᠠ᠂ ᠬᠠᠨ ᠡᠵᠠᠨ ᠶᠢᠠᠨ ᠬᠠᠷᠠᠭᠰᠠᠭᠠᠷ ᠪᠠᠢ᠌ᠵᠣ᠂ ᠬᠠᠷᠢ ᠶᠢᠨ ᠬᠦᠮᠥᠨ ᠳᠤ ᠶᠠᠭᠠᠬᠢᠵᠣ ᠪᠠᠷᠢᠵᠣ ᠦᠭ᠍ᠬᠥ ᠪᠣᠢ ᠬᠡᠵᠦ ᠬᠠᠯᠠᠰᠢᠷᠠᠨ ᠦᠷᠥᠪᠲᠦᠵᠦ ᠵᠠᠮ ᠳᠠᠭᠠᠨ ᠲᠠᠯᠪᠢᠵᠣ ᠪᠣᠴᠠᠭᠠᠭᠠᠳ ᠦᠪᠡᠷᠰᠠᠥᠨ ᠶᠢᠠᠨ ᠲᠠᠨ ᠢ ᠪᠢᠰᠢᠷᠠᠨ ᠲᠠᠭᠠᠬᠣ ᠪᠠᠷ ᠢᠷᠠᠪᠠ》 ᠬᠡᠵᠦ ᠬᠡᠯᠡᠶ᠎ᠡ ᠬᠡᠪᠡᠯ ᠨᠠᠶᠠᠭ᠎ᠠ ᠶᠢᠨ ᠦᠬᠡ ᠶᠢ ᠡᠴᠢᠬᠡ ᠬᠦᠪᠡᠭᠦᠳ ᠵᠦᠪᠰᠢᠶᠡᠷᠠᠵᠦ᠂ ᠲᠠᠷᠭᠣᠳᠠᠢ ᠬᠢᠷᠢᠯᠳᠣᠭ ᠢ ᠬᠣᠳᠣᠭᠣᠯ ᠨᠣᠭᠣ ᠡᠴᠡ ᠲᠠᠯᠪᠢᠵᠣ ᠶᠠᠪᠣᠭᠣᠯᠣᠭᠠᠳ᠂ ᠰᠢᠷᠬᠥᠬᠡᠲᠦ ᠡᠪᠥᠬᠡᠨ᠂ ᠠᠯᠠᠭ ᠨᠠᠶᠠᠭ᠎ᠠ ᠬᠣᠶᠠᠷ ᠬᠦᠪᠡᠬᠥᠨ ᠤ ᠬᠠᠮᠳᠣ ᠴᠢᠩᠬᠢᠰ ᠬᠠᠭᠠᠨ ᠳᠤ ᠬᠦᠷᠴᠦ ᠢᠷᠠᠪᠠ᠃ ᠲᠠᠳᠠᠨ ᠤ ᠢᠷᠡᠭ᠍ᠰᠡᠨ ᠣᠴᠢᠷ ᠢ ᠠᠰᠠᠭᠣᠪᠠᠯ᠂ ᠰᠢᠷᠬᠥᠬᠡᠲᠦ ᠡᠪᠥᠬᠡᠨ᠂ ᠴᠢᠩᠬᠢᠰ ᠬᠠᠭᠠᠨ ᠳᠤ ᠦᠬᠥᠯᠡᠷᠥᠨ᠄ 《ᠪᠢᠳᠠ᠂ ᠲᠠᠷᠭᠣᠳᠠᠢ ᠬᠢᠷᠢᠯᠳᠣᠭ ᠢ ᠠᠪᠴᠢᠷᠠᠵᠣ ᠶᠠᠪᠣᠭᠰᠠᠨ ᠪᠣᠯᠪᠠᠴᠣ᠂ ᠵᠠᠮ ᠳᠤ ᠡᠵᠠᠨ ᠶᠢᠠᠨ ᠬᠠᠷᠠᠭᠰᠠᠭᠠᠷ ᠪᠠᠢ᠌ᠵᠣ ᠬᠠᠷᠢ ᠶᠢᠨ ᠬᠦᠮᠥᠨ ᠳᠤ ᠶᠠᠭᠠᠬᠢᠵᠣ ᠪᠠᠷᠢᠵᠣ ᠦᠭ᠍ᠬᠥ ᠪᠣᠢ ᠬᠡᠵᠦ ᠲᠠᠯᠪᠢᠵᠣ ᠪᠣᠴᠠᠭᠠᠭᠠᠳ᠂ ᠪᠢᠳᠠ ᠦᠪᠡᠰᠦᠪᠡᠨ ᠴᠢᠩᠬᠢᠰ ᠬᠠᠭᠠᠨ ᠳᠤ ᠬᠦᠴᠦ ᠪᠠᠨ ᠡᠷᠬᠥᠬᠥ ᠪᠠᠷ ᠢᠷᠠᠪᠠ》 ᠬᠡᠪᠡ᠃ ᠴᠢᠩᠬᠢᠰ ᠬᠠᠭᠠᠨ ᠦᠬᠥᠯᠡᠷᠥᠨ᠄
《ᠬᠠᠨ ᠡᠵᠠᠨ ᠲᠠᠷᠭᠣᠳᠠᠢ ᠶᠢ
ᠬᠠᠯᠳᠠᠵᠣ ᠠᠪᠴᠢᠷᠠᠭᠰᠠᠨ ᠪᠦᠬᠡᠰᠦ
ᠬᠠᠨ ᠳᠠᠭᠠᠨ ᠬᠠᠯᠳᠠᠭᠰᠠᠨ
ᠬᠠᠷᠠᠴᠣ ᠠᠷᠠᠳ ᠲᠤ
ᠢᠳᠡᠬᠡᠵᠦ ᠦᠯᠤ ᠪᠣᠯᠬᠣ ᠲᠣᠯᠠ
ᠬᠠᠷᠢᠨ ᠲᠠ ᠨᠡᠷ ᠢ
ᠬᠠᠮᠢᠶᠠᠳᠠᠨ ᠰᠠᠳᠣᠨ ᠤ
ᠬᠠᠮᠳᠣ ᠠᠯᠠᠬᠣ ᠪᠦᠯᠦᠬᠡ᠂
ᠬᠠᠨ ᠡᠵᠠᠨ ᠶᠢᠠᠨ ᠬᠠᠢ᠌ᠷᠠᠯᠠᠭᠰᠠᠨ
ᠬᠠᠯᠠᠭᠣᠨ ᠰᠠᠳᠬᠢᠯ ᠴᠢᠨᠢ
ᠬᠠᠷᠢᠨ ᠵᠦᠪ》 ᠬᠡᠥᠨ ᠨᠠᠶᠠᠭ᠎ᠠ ᠶᠢ ᠲᠣᠳᠣᠨᠣᠴᠢᠯᠠᠨ ᠦᠷᠥᠰᠢᠶᠡᠪᠡ᠃
150᠂ ᠲᠡᠬᠥᠨ ᠤ ᠬᠤᠢ᠌ᠨ᠎ᠠ᠂ ᠴᠢᠩᠬᠢᠰ ᠬᠠᠭᠠᠨ ᠢ ᠲᠠᠷᠰᠣᠳ ᠬᠡᠳᠡᠭ ᠭᠠᠵᠠᠷ ᠪᠠᠢ᠌ᠬᠣ ᠳᠤ ᠬᠡᠷᠡᠢ᠌ᠥᠨ ᠤᠨ ᠵᠠᠬ᠎ᠠ ᠭᠣᠮᠪᠣ ᠨᠦᠬᠥᠷᠯᠡᠬᠥ ᠪᠠᠷ ᠢᠷᠠᠪᠠ᠃ ᠲᠠᠷᠠ ᠴᠠᠭ ᠲᠤ ᠮᠠᠷᠭᠢᠳ ᠬᠠᠳᠬᠣᠯᠳᠣᠬᠣ ᠪᠠᠷ ᠢᠷᠠᠪᠠᠯ᠂ ᠴᠢᠩᠬᠢᠰ ᠬᠠᠭᠠᠨ᠂ ᠵᠠᠬ᠎ᠠ ᠭᠣᠮᠪᠣ ᠬᠣᠶᠠᠷ ᠬᠠᠳᠬᠣᠯᠳᠣᠨ ᠪᠠᠢ᠌ᠯᠳᠣᠵᠣ ᠨᠢᠴᠣᠭᠠᠪᠠ᠃ ᠲᠠᠠᠳᠠ ᠲᠥᠮᠡᠨ ᠲᠦᠪᠡᠬᠡᠨ᠂ ᠣᠯᠠᠨ ᠲᠣᠩᠭ᠋ᠠᠢ᠌ᠳ ᠬᠡᠷᠡᠢ᠌ᠳ ᠤᠨ ᠪᠣᠳᠠᠷᠠᠭᠰᠠᠨ ᠢᠷᠬᠡᠨ ᠴᠢᠩᠬᠢᠰ ᠬᠠᠭᠠᠨ ᠳᠤ ᠲᠠᠭᠠᠷ᠎ᠠ ᠢᠷᠠᠪᠠ᠃ ᠬᠡᠷᠡᠢ᠌ᠳ ᠤᠨ ᠸᠠᠩ ᠬᠠᠨ᠂ ᠣᠷᠢᠳ ᠶᠢᠰᠦᠬᠡᠢ ᠪᠠᠭᠠᠳᠣᠷ ᠲᠡᠶ ᠰᠠᠢ᠌ᠬᠠᠨ ᠬᠠᠨᠢᠯᠠᠵᠣ ᠠᠨᠳᠠ ᠪᠣᠯᠣᠯᠴᠠᠭᠰᠠᠨ ᠪᠢᠯᠠ᠃ ᠠᠨᠳᠠ ᠪᠣᠯᠣᠯᠴᠠᠭᠰᠠᠨ ᠣᠴᠢᠷ ᠢ ᠬᠡᠯᠡᠪᠡᠯ᠂ ᠸᠠᠩ ᠬᠠᠨ᠂ ᠬᠣᠷᠴᠠᠭᠣᠰ ᠪᠤᠢ᠌ᠷᠤᠭ ᠬᠠᠨ ᠡᠴᠢᠬᠡ ᠶᠢᠨ ᠲᠡᠬᠥᠤ ᠨᠡᠷ ᠢ ᠠᠯᠠᠭᠠᠳ ᠠᠪᠠᠭ᠎ᠠ ᠬᠦᠷ ᠬᠠᠭᠠᠨ ᠲᠡᠶ ᠡᠪᠳᠠᠷᠠᠨ ᠲᠠᠮᠠᠴᠠᠯᠳᠣᠵᠣ᠂ ᠬᠠᠷᠢᠭᠣᠨ ᠬᠠᠪᠴᠢᠯ ᠬᠡᠳᠡᠭ ᠭᠠᠵᠠᠷ ᠰᠢᠷᠭᠣᠨ ᠬᠣᠷᠭᠣᠳᠣᠵᠣ᠂ ᠲᠠᠠᠳᠠ ᠡᠴᠡ ᠵᠠᠭᠤᠨ ᠬᠦᠮᠥᠨ ᠲᠡᠶ ᠠᠷᠠᠢ᠌ᠬᠠᠨ ᠵᠢᠭᠣᠳᠠᠵᠣ᠂ ᠶᠢᠰᠦᠬᠡᠢ ᠬᠠᠨ ᠳᠤ ᠢᠷᠠᠪᠠᠯ᠂ ᠶᠢᠰᠦᠬᠡᠢ ᠬᠠᠨ᠂ ᠲᠡᠬᠥᠨ ᠢ ᠠᠰᠠᠷᠠᠨ ᠲᠡᠳᠬᠥᠵᠦ᠂ ᠦᠪᠡᠷ ᠤᠨ ᠪᠠᠶ᠎ᠠ ᠪᠠᠷ ᠴᠡᠷᠢᠭ᠌ ᠠᠪᠴᠣ ᠮᠣᠷᠳᠠᠭᠠᠳ᠂ ᠬᠦᠷ ᠬᠠᠭᠠᠨ ᠢ ᠬᠠᠰᠢᠨ ᠣᠷᠣᠨ ᠳᠤ ᠲᠣᠳᠠᠭᠠᠯᠭᠠᠵᠣ᠂ ᠠᠯᠪᠠᠳᠣ ᠢᠷᠬᠡᠥᠨ ᠪᠠ ᠡᠳ᠋ ᠮᠠᠯ ᠢ ᠸᠠᠩ ᠬᠠᠨ ᠳᠤ ᠠᠪᠴᠣ ᠦᠭ᠍ᠬᠥᠭ᠍ᠰᠡᠨ ᠲᠣᠯᠠ ᠠᠨᠳᠠ ᠠᠮᠠᠷᠠᠭ ᠪᠣᠯᠣᠯᠴᠠᠭᠰᠠᠨ ᠪᠢᠯᠠ᠃
151᠂ ᠲᠡᠬᠥᠨ ᠤ ᠬᠤᠢ᠌ᠨ᠎ᠠ ᠸᠠᠩ ᠬᠠᠨ ᠤ ᠲᠡᠬᠥᠤ ᠡᠷᠬᠡ ᠬᠠᠷ᠎ᠠ᠂ ᠡᠠᠬ᠎ᠠ ᠸᠠᠩ ᠬᠠᠨ ᠳᠤ ᠠᠯᠠᠭᠳᠠᠬᠣ ᠡᠴᠡ ᠠᠶᠣᠵᠣ ᠲᠣᠳᠠᠭᠠᠨ᠂ ᠨᠢ᠋ᠮᠠᠨ ᠤ ᠢᠨᠠᠠᠴᠠ ᠬᠠᠨ ᠳᠤ ᠣᠴᠢᠪᠠ᠃ ᠢᠨᠠᠠᠴᠠ ᠬᠠᠨ᠂ ᠴᠡᠷᠢᠭ᠌ ᠮᠤᠷᠳᠠᠭᠤᠯᠵᠤ ᠢᠷᠡᠬᠥ ᠳᠤ ᠸᠠᠩ ᠬᠠᠨ ᠵᠠᠢ᠌ᠯᠠᠵᠣ᠂ ᠭᠣᠷᠪᠠᠨ ᠬᠣᠳᠠ ᠲᠠᠮᠵᠢᠨ ᠲᠠᠨᠣᠵᠣ ᠬᠠᠷ᠎ᠠ ᠬᠢᠳᠠᠳ ᠤᠨ ᠬᠦᠷ ᠬᠠᠨ ᠳᠤ ᠣᠴᠢᠪᠠ᠃ ᠲᠠᠷᠠ ᠬᠠᠨ ᠲᠡᠶ ᠪᠠᠰᠠ ᠡᠪ ᠲᠠᠰᠣᠷᠠᠭᠠᠳ ᠣᠢ᠌ᠭᠣᠷ ᠤᠨ ᠬᠣᠳᠠ᠂ ᠲᠠᠩᠭ᠋ᠣᠳ ᠤᠨ ᠪᠠᠯᠭᠠᠰᠣ ᠪᠠᠷ ᠬᠡᠰᠦᠬᠦᠯᠴᠢᠯᠠᠨ ᠶᠠᠪᠣᠵᠣ᠂ ᠲᠠᠪᠣᠨ ᠢᠮᠠᠭ᠎ᠠ ᠱᠥᠷᠬᠡᠯᠡᠨ ᠰᠠᠭᠠᠵᠣ᠂ ᠲᠡᠮᠠᠬᠡᠨ ᠤ ᠴᠢᠰᠤ ᠬᠠᠠᠵᠣ ᠢᠳᠡᠭ᠍ᠰᠠᠬᠡᠷ ᠠᠷᠠᠢ ᠬᠡᠵᠦ ᠬᠦᠰᠠᠬᠥᠷ ᠨᠠᠭᠣᠷ ᠲᠤ ᠬᠦᠷᠴᠦ ᠢᠷᠠᠪᠠᠯ᠂ ᠣᠷᠢᠳᠣ ᠶᠢᠰᠦᠬᠡᠢ ᠪᠠᠭᠠᠳᠣᠷ ᠲᠡᠶ ᠠᠨᠳᠠ ᠪᠠᠷᠢᠯᠳᠣᠭᠰᠠᠨ ᠢ ᠴᠢᠩᠬᠢᠰ ᠬᠠᠭᠠᠨ ᠰᠠᠳᠬᠢᠵᠣ᠂ ᠲᠠᠬᠠᠢ ᠪᠠᠭᠠᠳᠣᠷ᠂ ᠰᠦᠬᠡᠬᠡᠢ ᠵᠠᠬᠥᠨ ᠬᠣᠶᠠᠷ ᠢ ᠡᠯᠴᠢ ᠪᠣᠯᠭᠠᠨ ᠣᠭᠳᠣᠭᠣᠯᠵᠣ᠂ ᠪᠠᠰᠠ ᠲᠠᠷᠠᠭ᠎ᠠ ᠨᠢ ᠬᠡᠷᠦᠯᠤᠨ ᠤ ᠡᠬᠢᠨ ᠡᠴᠡ᠂ ᠴᠢᠩᠬᠢᠰ ᠬᠠᠭᠠᠨ ᠦᠪᠡᠰᠦᠪᠡᠨ ᠲᠣᠰᠴᠣ ᠠᠪᠣᠭᠠᠳ ᠦᠯᠥᠰᠴᠦ ᠲᠣᠷᠠᠵᠣ ᠢᠷᠠᠪᠠ ᠬᠡᠵᠦ ᠸᠠᠩ ᠬᠠᠨ ᠳᠤ (ᠬᠠᠷᠢᠶᠠᠳᠤ ᠠᠷᠠᠳ ᠡᠴᠡ) ᠭᠤᠪᠴᠢᠭᠤᠷ ᠳᠠᠳᠠᠵᠤ ᠦᠭ᠍ᠭᠦᠭᠡᠳ ᠦᠪᠡᠷ ᠤᠨ ᠬᠦᠷᠢᠶᠠᠨ ᠳᠤ ᠠᠭᠤᠯᠵᠤ ᠳᠡᠵᠢᠭᠡᠪᠡ᠃ ᠲᠠᠷᠠ ᠡᠪᠣᠯ ᠬᠠᠮᠳᠣ ᠨᠡᠬᠥᠵᠦ ᠴᠢᠩᠬᠢᠰ ᠬᠠᠭᠠᠨ ᠬᠣᠪ᠎ᠠ ᠬᠠᠶᠠᠭ᠎ᠠ ᠳᠤ ᠡᠪᠣᠯᠵᠢᠪᠠ᠃
152᠂ ᠲᠠᠷᠠ ᠴᠠᠭ ᠲᠤ ᠸᠠᠩ ᠬᠠᠨ ᠤ ᠲᠡᠬᠥᠤ ᠨᠣᠶᠠᠳ ᠤᠨ ᠬᠡᠯᠡᠯᠴᠡᠭ᠍ᠰᠡᠨ ᠨᠢ᠄
ᠡᠨᠠ ᠬᠠᠨ ᠡᠠᠬ᠎ᠠ ᠮᠠᠨᠢ
ᠦᠷ᠎ᠡ ᠰᠠᠳᠣᠨ ᠪᠢᠳᠠᠨ ᠢ
ᠦᠨᠡᠰᠤ ᠪᠠᠷ ᠬᠡᠢ᠌ᠰᠬᠡᠵᠦ ᠪᠣᠯᠬᠣ
ᠦᠮᠠᠬᠡᠢ ᠰᠠᠨᠠᠭ᠎ᠠ ᠡᠪᠥᠷᠯᠡᠭ᠍ᠰᠡᠨ
ᠦᠯᠤ ᠪᠦᠲᠦᠬᠥ ᠬᠦᠮᠥᠨ ᠪᠠᠢ᠌ᠨ᠎ᠠ
ᠬᠠᠢ᠌ᠷᠠᠨ ᠡᠠᠬ᠎ᠠ ᠲᠡᠬᠥᠤ ᠪᠠᠨ
ᠬᠠᠮᠣᠷᠠᠨ ᠠᠯᠠᠵᠣ ᠪᠠᠷᠠᠪᠠ
ᠬᠠᠷ᠎ᠠ ᠬᠢᠳᠠᠳ ᠲᠤ ᠪᠠᠰᠠ
ᠬᠠᠮᠠᠭᠠᠯᠠᠯ ᠭᠣᠶᠣᠵᠣ ᠰᠢᠷᠭᠣᠪᠠ
ᠬᠠᠮᠣᠭ ᠣᠯᠣᠰ ᠶᠢᠠᠨ ᠬᠠᠢ᠌ᠷᠠᠯᠠᠬᠣ ᠦᠭᠡᠶ
ᠬᠠᠷᠬᠢᠰᠯᠠᠵᠣ ᠵᠤᠪᠠᠭᠠᠪᠠ᠃
ᠡᠬᠥᠨ ᠢ ᠶᠠᠭᠠᠬᠢᠬᠣ ᠪᠢᠯᠠ︖ ᠣᠷᠢᠳᠣ ᠲᠣᠯᠣᠭᠠᠨ ᠨᠠᠰᠣᠳᠠᠢ ᠪᠠᠢ᠌ᠬᠣ ᠳᠠᠭᠠᠨ ᠮᠠᠷᠭᠢᠳ ᠢᠷᠬᠡᠨ ᠳᠤ ᠪᠠᠷᠢᠭᠳᠠᠵᠣ᠂ ᠬᠠᠷᠠᠯᠠᠭ ᠢᠰᠢᠬᠡᠨ ᠲᠠᠬᠣ ᠡᠮᠣᠰᠴᠣ᠂ ᠰᠡᠯᠠᠩᠬᠡ ᠶᠢᠨ ᠪᠤᠭᠤᠷ᠎ᠠ ᠬᠡᠬᠡᠷ᠎ᠡ ᠳᠤ ᠣᠴᠢᠭᠠᠳ ᠮᠠᠷᠭᠢᠳ ᠤᠨ ᠭᠠᠵᠠᠷ ᠪᠣᠳᠠᠭ᠎ᠠ ᠨᠦᠲᠦᠵᠦ ᠠᠮᠢᠳᠣᠷᠠᠵᠣ ᠶᠠᠪᠣᠭᠰᠠᠨ ᠪᠢᠯᠠ᠃ ᠬᠤᠷᠴᠠᠬᠤᠰ ᠪᠤᠢ᠌ᠷᠤᠭ ᠬᠠᠨ ᠡᠴᠢᠬᠡ ᠨᠢ ᠮᠠᠷᠭᠢᠳ ᠢᠷᠬᠡᠨ ᠢ ᠪᠠᠢ᠌ᠯᠳᠣᠨ ᠲᠠᠢ᠌ᠯᠠᠵᠣ᠂ ᠬᠦᠪᠡᠬᠥᠨ ᠶᠢᠠᠨ ᠠᠪᠣᠷᠠᠵᠣ ᠢᠷᠡᠭ᠍ᠰᠡᠨ᠂ ᠬᠡᠳᠡᠯ᠎ᠡ ᠡᠨᠠ ᠲᠣᠭᠣᠷᠢᠯ ᠪᠠᠰᠠ ᠲᠠᠲ᠋ᠠᠷ ᠤᠨ ᠠᠵᠠᠢ ᠬᠠᠨ ᠳᠤ ᠠᠷᠪᠠᠨ ᠭᠣᠷᠪᠠᠨ ᠨᠠᠰᠣᠳᠠᠢ ᠪᠠᠢ᠌ᠬᠣ ᠳᠠᠭᠠᠨ ᠡᠬᠡ ᠶᠢᠨ ᠬᠠᠮᠳᠣ ᠪᠠᠷᠢᠭᠳᠠᠵᠣ ᠣᠴᠢᠭᠠᠳ ᠲᠡᠬᠥᠨ ᠤ ᠲᠡᠮᠠᠬᠡ ᠶᠢ ᠬᠠᠷᠢᠭᠣᠯᠵᠣ ᠶᠠᠪᠣᠵᠠᠢ᠃ ᠲᠠᠠᠳᠠ ᠡᠴᠡ ᠠᠵᠠᠢ ᠬᠠᠨ ᠤ ᠬᠣᠨᠢᠴᠢ ᠶᠢᠨ ᠬᠠᠮᠳᠣ ᠣᠷᠭᠣᠵᠣ ᠬᠡᠷ ᠲᠡᠭᠡᠨ ᠢᠷᠠᠪᠠ᠃ ᠲᠡᠬᠥᠨ ᠤ ᠬᠤᠢ᠌ᠨ᠎ᠠ ᠨᠢ᠋ᠮᠠᠨ ᠡᠴᠡ ᠠᠶᠣᠨ ᠲᠣᠳᠠᠭᠠᠵᠣ᠂ ᠰᠠᠷᠳᠠᠭᠣᠯ ᠭᠠᠵᠠᠷ ᠤᠨ ᠴᠦᠢ ᠮᠥᠷᠡᠨ᠎ᠡ ᠬᠠᠷ᠎ᠠ ᠬᠢᠳᠠᠳ ᠤᠨ ᠬᠦᠷ ᠬᠠᠭᠠᠨ ᠳᠤ ᠣᠴᠢᠪᠠ᠃ ᠲᠠᠠᠳᠠ ᠨᠢᠬᠡ ᠵᠢᠯ ᠪᠣᠯᠣᠭᠠᠳ ᠪᠠᠰᠠ ᠵᠠᠢ᠌ᠯᠠᠵᠣ᠂ ᠣᠢ᠌ᠭᠣᠷ ᠨᠣᠳᠣᠭ ᠶᠢᠠᠷ ᠲᠠᠨᠣᠵᠣ᠂ ᠲᠠᠩᠭ᠋ᠣᠳ ᠭᠠᠵᠠᠷ ᠶᠢᠠᠷ ᠵᠠᠢ᠌ᠯᠠᠵᠣ᠂ ᠳᠠᠪᠤᠨ ᠢᠮᠠᠭ᠎ᠠ ᠱᠦᠷᠭᠡᠯᠡᠨ (ᠢᠮᠠᠭ᠎ᠠ ᠵᠢ ᠳᠠᠯᠠᠪᠴᠢᠯᠠᠬᠦ ᠪᠤᠶᠤ ᠢᠰᠢᠭᠡᠨ ᠤ ᠬᠤᠰᠢᠭᠤ ᠵᠢ ᠱᠦᠷᠭᠡᠯᠡᠨ) ᠰᠠᠭᠠᠵᠤ᠂ ᠳᠡᠮᠡᠭᠡᠨ ᠤ ᠴᠢᠰᠤ ᠬᠠᠨᠵᠤ ᠢᠳᠡᠭᠰᠡᠭᠡᠷ ᠭᠠᠭᠴᠠ ᠰᠤᠬᠤᠷ ᠬᠠᠯᠢᠭᠣᠨ ᠮᠣᠷᠢ ᠲᠡᠶ᠂ ᠲᠠᠮᠣᠵᠢᠨ ᠳᠤ ᠶᠠᠳᠠᠵᠣ ᠢᠷᠠᠪᠠᠯ᠂ ᠲᠠᠮᠣᠵᠢᠨ ᠬᠦᠪᠡᠬᠥᠨ᠂ ᠭᠣᠪᠴᠢᠭᠣᠷ ᠲᠠᠳᠠᠵᠣ ᠲᠡᠬᠥᠨ ᠢ ᠲᠡᠵᠢᠬᠡᠪᠡ᠃ ᠬᠡᠳᠡᠯ᠎ᠡ᠂ ᠣᠳᠣ ᠲᠠᠷᠠ ᠢᠩᠬᠢᠵᠣ ᠶᠠᠪᠣᠭᠰᠠᠨ ᠶᠢᠠᠨ ᠮᠠᠷᠳᠠᠭᠠᠳ ᠦᠮᠠᠬᠡᠢ ᠡᠯᠢᠬᠡ ᠡᠪᠣᠷᠳᠣᠯᠠᠵᠣ ᠶᠠᠪᠣᠨ᠎ᠠ》 ᠬᠡᠵᠦ ᠬᠡᠯᠡᠯᠴᠡᠪᠡ᠃ ᠡᠨᠠ ᠬᠡᠯᠡᠯᠴᠡᠭ᠍ᠰᠡᠨ ᠦᠬᠡ ᠶᠢ ᠸᠠᠩ ᠬᠠᠨ ᠳᠤ ᠠᠯᠳᠠᠨ ᠠᠱᠣᠭ ᠣᠯᠠᠮᠵᠢᠯᠠᠨ ᠠᠢ᠌ᠯᠠᠳᠬᠠᠪᠠ᠃ ᠠᠯᠳᠠᠨ ᠠᠱᠣᠭ ᠬᠡᠯᠡᠭ᠍ᠰᠡᠨ ᠨᠢ᠄ 《ᠪᠢ ᠡᠨᠠ ᠬᠣᠪᠢ ᠶᠠᠷᠢᠶᠠᠨ ᠳᠤ ᠣᠷᠣᠯᠴᠠᠭᠰᠠᠨ ᠪᠢᠯᠠ᠂ ᠬᠡᠳᠡᠯ᠎ᠡ᠂ ᠬᠠᠨ ᠴᠢᠮᠢ᠋ᠢ ᠲᠠᠪᠴᠢᠵᠣ ᠴᠢᠳᠠᠬᠣ ᠦᠭᠡᠶ ᠲᠣᠯᠠ ᠬᠠᠮᠣᠭ ᠰᠣᠨᠣᠰᠣᠭᠰᠠᠨ ᠶᠢᠠᠨ ᠠᠢ᠌ᠯᠠᠳᠬᠠᠪᠠ》 ᠬᠡᠵᠡᠢ᠃ ᠲᠠᠷᠠ ᠦᠬᠡ ᠶᠢ ᠬᠡᠯᠡᠯᠴᠡᠭ᠍ᠰᠡᠨ ᠡᠯ ᠬᠣᠳᠣᠷ᠂ ᠬᠣᠯᠪᠠᠷᠢ᠂ ᠠᠷᠢᠨ ᠲᠠᠢ᠌ᠵᠢ ᠵᠠᠷᠬᠡ ᠶᠢᠨ ᠲᠡᠬᠥᠤ ᠨᠣᠶᠠᠳ ᠢ ᠸᠠᠩ ᠬᠠᠨ ᠪᠠᠷᠢᠭᠣᠯᠪᠠ᠃ ᠸᠠᠩ ᠬᠠᠨ ᠤ ᠲᠡᠬᠥᠤ ᠵᠠᠬ᠎ᠠ ᠭᠣᠮᠪᠣ ᠠᠮᠵᠢᠨ ᠲᠣᠳᠠᠭᠠᠵᠣ᠂ ᠨᠢ᠋ᠮᠠᠨ ᠳᠤ ᠣᠴᠢᠪᠠ᠃ ᠪᠠᠷᠢᠪᠴᠢᠯᠠᠨ ᠠᠪᠣᠭᠰᠠᠨ ᠲᠡᠬᠥᠤ ᠨᠡᠷ ᠶᠢᠠᠨ ᠸᠠᠩ ᠬᠠᠨ ᠨᠢᠬᠡᠨ ᠬᠡᠷ ᠲᠤ ᠣᠷᠣᠭᠣᠯᠵᠣ ᠦᠬᠥᠯᠡᠷᠥᠨ᠄ 《ᠣᠢ᠌ᠭᠣᠷ ᠨᠣᠳᠣᠭ ᠶᠢᠠᠷ ᠲᠠᠩᠭ᠋ᠣᠳ ᠭᠠᠵᠠᠷ ᠶᠢᠠᠷ ᠶᠠᠭᠠᠬᠢᠵᠣ ᠶᠠᠪᠣᠭᠰᠠᠨ ᠬᠡᠵᠦ ᠲᠠ ᠨᠡᠷ ᠬᠡᠯᠡᠭ᠍ᠰᠡᠨ ᠪᠣᠢ︖ ᠲᠠ ᠨᠡᠷ ᠮᠣᠣᠰᠠᠢ᠌ᠨ ᠶᠠᠭᠣ ᠬᠡᠵᠦ ᠪᠣᠳᠣᠪᠠ︖》 ᠬᠡᠥᠨ ᠨᠢᠭᠣᠷ ᠲᠣᠨᠢ ᠨᠣᠯᠮᠣᠵᠣ᠂ ᠭᠡᠷ ᠲᠤ ᠪᠠᠢ᠌ᠭᠰᠠᠨ ᠠᠷᠠᠳ ᠴᠦᠮ ᠢ ᠪᠤᠰᠬᠠᠨ ᠨᠤᠯᠮᠤᠭᠤᠯᠵᠤ ᠂ ᠳᠡᠳᠡᠨ ᠤ ᠬᠦᠯᠦᠭ ᠢ (ᠬᠦᠯᠢᠶᠠᠰᠤ) ᠳᠠᠯᠪᠢᠭᠤᠯᠪᠠ᠃
153᠂ ᠲᠡᠷᠡ ᠡᠪᠤᠯ ᠡᠪᠤᠯᠵᠢᠵᠤ ᠂ ᠨᠤᠬᠠᠢ ᠵᠢᠯ ᠤᠨ (1202 ᠤᠨ) ᠨᠠᠮᠤᠷ᠂ ᠴᠢᠩᠬᠢᠰ ᠬᠠᠭᠠᠨ ᠂ ᠴᠠᠭᠠᠨ ᠳᠠᠲ᠋ᠠᠷ᠂ ᠠᠯᠴᠢ ᠳᠠᠲ᠋ᠠᠷ᠂ ᠳᠤᠳᠠᠭᠤᠳ ᠳᠠᠲ᠋ᠠᠷ᠂ ᠠᠯᠤᠬᠠᠢ ᠲᠠᠲ᠋ᠠᠷ ᠨᠠᠷ ᠳᠠᠢ ᠲᠠᠯᠠᠨ ᠨᠥᠮᠥᠷᠬᠡᠰ ᠬᠡᠳᠡᠭ ᠭᠠᠵᠠᠷ ᠪᠠᠢ᠌ᠯᠳᠣᠬᠣ ᠶᠢᠨ ᠣᠷᠢᠳ ᠴᠢᠩᠬᠢᠰ ᠬᠠᠭᠠᠨ᠂ ᠴᠠᠭᠠᠵᠠ ᠲᠣᠭᠳᠠᠭᠠᠵᠣ ᠵᠠᠷᠯᠠᠭᠰᠠᠨ ᠨᠢ᠄ 《ᠲ᠋ᠠᠢ᠌ᠰᠣᠨ ᠢ ᠲᠠᠷᠣᠬᠣ ᠴᠠᠭ ᠲᠤ ᠣᠯᠵᠠᠨ ᠳᠤ ᠪᠣᠤ ᠰᠠᠭᠠᠳᠣᠭᠳᠣᠨ᠂ ᠲᠠᠢ᠌ᠰᠣᠨ ᠨᠢᠬᠡᠠᠳᠡ ᠲᠠᠷᠣᠭᠳᠠᠪᠠᠯ ᠲᠠᠳᠠᠨ ᠤ ᠶᠠᠭᠣᠮ᠎ᠠ ᠬᠡᠵᠢᠶ᠎ᠡ ᠴᠤ ᠪᠢᠳᠠᠨ ᠤ ᠣᠯᠵᠠ ᠪᠣᠯᠬᠣ ᠲᠣᠯᠠ ᠬᠣᠪᠢᠶᠠᠯᠳᠣᠵᠣ ᠠᠮᠵᠢᠨ᠎ᠠ᠃ ᠬᠡᠷᠪᠡ ᠪᠢᠳᠠ ᠤᠬᠤᠷᠢᠬᠤ ᠳᠤ ᠬᠦᠷᠪᠡᠯ ᠠᠩᠬ᠎ᠠ ᠲᠣᠪᠳᠣᠯᠣᠭᠰᠠᠨ ᠪᠠᠢ᠌ᠷᠢᠨ ᠳᠠᠭᠠᠨ ᠲᠠᠷᠣᠢ ᠡᠬᠡᠵᠦ ᠢᠷᠠᠪᠠᠯ ᠵᠤᠬᠢᠨ᠎ᠠ᠃ ᠣᠭ ᠪᠠᠢ᠌ᠷᠢᠨ ᠳᠠᠭᠠᠨ ᠡᠬᠡᠵᠦ ᠢᠷᠡᠬᠡ ᠦᠭᠡᠶ ᠬᠦᠮᠥᠨ ᠢ ᠠᠯᠠᠳᠣᠭᠠᠢ》 ᠬᠡᠵᠦ ᠡᠢ᠌ᠮᠣ ᠵᠠᠰᠠᠭ ᠲᠣᠭᠳᠠᠭᠠᠵᠣ ᠵᠠᠷᠯᠠᠪᠠ᠃ ᠲᠠᠯᠠᠨ ᠨᠥᠮᠥᠷᠬᠡᠰ ᠬᠡᠳᠡᠭ ᠭᠠᠵᠠᠷ ᠲᠠᠲ᠋ᠠᠷ ᠲᠡᠶ ᠪᠠᠢ᠌ᠯᠳᠣᠵᠣ ᠲᠠᠳᠠᠨ ᠢ ᠲᠣᠳᠠᠭᠠᠯᠭᠠᠪᠠ᠃ ᠲᠠᠳᠠᠨ ᠢ ᠨᠡᠬᠡᠨ ᠪᠠᠢ᠌ᠯᠳᠣᠵᠣ᠂ ᠣᠯᠬᠣᠢ ᠰᠢᠯᠦᠬᠡᠯᠵᠢᠥᠨ ᠬᠡᠳᠡᠭ ᠭᠠᠵᠠᠷ ᠡᠵᠠᠯᠠᠨ ᠲᠠᠭᠠᠭᠣᠯᠪᠠ᠃ ᠴᠠᠭᠠᠨ ᠲᠠᠲ᠋ᠠᠷ᠂ ᠠᠯᠴᠢ ᠲᠠᠲ᠋ᠠᠷ᠂ ᠲᠣᠳᠠᠭᠣᠳ ᠲᠠᠲ᠋ᠠᠷ᠂ ᠠᠯᠣᠬᠠᠢ ᠲᠠᠲ᠋ᠠᠷ ᠨᠠᠷ ᠤᠨ ᠡᠷᠬᠡᠳᠡᠨ ᠢ (ᠳᠡᠭᠡᠳᠤ ᠢᠵᠠᠭᠤᠷᠳᠠᠨ) ᠳᠠᠷᠤᠵᠤ ᠬᠠᠷᠢᠶᠠᠳᠤ ᠨᠠᠷ ᠢ ᠡᠵᠡᠯᠠᠬᠥ ᠴᠠᠭ ᠲᠤ ᠲᠣᠭᠳᠠᠭᠠᠭᠰᠠᠨ ᠴᠠᠭᠠᠵᠠ ᠵᠢ ᠠᠯᠳᠠᠨ ᠬᠣᠴᠠᠷ ᠲᠠᠷᠢᠳᠠᠢ ᠭᠣᠷᠪᠠᠭᠣᠯᠠ ᠵᠦᠷᠢᠴᠡᠵᠦ᠂ ᠣᠯᠵᠠᠨ ᠳᠤ ᠰᠢᠨᠣᠨ ᠪᠠᠢ᠌ᠯᠳᠣᠭᠠᠨ ᠡᠴᠡ ᠰᠠᠭᠠᠳᠠᠵᠠᠢ᠃ ᠬᠡᠯᠡᠭ᠍ᠰᠡᠨ ᠦᠬᠡᠨ ᠳᠡᠭᠡᠨ ᠬᠦᠷᠥᠭᠰᠡᠨ ᠦᠭᠡᠶ᠂ ᠲᠣᠭᠳᠠᠭᠠᠭᠰᠠᠨ ᠴᠠᠭᠠᠵᠠ ᠶᠢ ᠲᠠᠭᠠᠭᠰᠠᠨ ᠦᠭᠡᠶ ᠬᠡᠵᠦ ᠵᠠᠪᠠ ᠬᠣᠪᠢᠯᠠᠢ ᠬᠣᠶᠠᠷ ᠢ ᠶᠠᠪᠣᠭᠣᠯᠵᠣ᠂ ᠲᠠᠳᠠᠨ ᠤ ᠣᠯᠵᠠᠯᠠᠭᠰᠠᠨ ᠠᠳᠣᠭᠣ ᠪᠠ ᠶᠠᠭᠣᠮ᠎ᠠ ᠶᠢ ᠪᠦᠷᠢᠨ ᠶ᠋ᠢᠠᠷ ᠬᠣᠷᠢᠶᠠᠨ ᠠᠪᠠᠬᠠᠭᠣᠯᠪᠠ᠃
154᠂ ᠲᠠᠲ᠋ᠠᠷ ᠢ ᠰᠦᠨᠦᠬᠡᠵᠦ᠂ ᠪᠦᠬᠥᠳᠡ ᠶᠢ ᠡᠵᠡᠯᠡᠭ᠍ᠰᠡᠨ ᠬᠤᠢ᠌ᠨ᠎ᠠ᠂ ᠣᠯᠣᠰ ᠢᠷᠬᠡᠨ ᠢ ᠨᠢ ᠶᠠᠭᠠᠬᠢᠬᠣ ᠲᠣᠬᠠᠢ ᠴᠢᠩᠬᠢᠰ ᠬᠠᠭᠠᠨ᠂ ᠠᠯᠳᠠᠨ ᠣᠷᠣᠭ ᠶᠢᠠᠨ ᠴᠣᠭᠯᠠᠭᠣᠯᠵᠣ ᠨᠢᠬᠡ ᠬᠡᠷ ᠲᠤ ᠣᠷᠣᠭᠠᠳ ᠶᠡᠬᠡ ᠵᠦᠪᠯᠡᠯᠲᠦᠬᠡᠨ ᠢ ᠬᠢᠪᠠ᠃ ᠲᠠᠳᠠᠨ ᠤ ᠵᠦᠪᠯᠡᠭ᠍ᠰᠡᠨ ᠨᠢ᠄
《ᠡᠷᠳᠠ ᠴᠠᠭ ᠡᠴᠡ ᠨᠠᠰᠢ
ᠡᠴᠢᠬᠡ ᠡᠪᠥᠬᠡᠥᠨ ᠢ ᠮᠢᠨᠢ ᠬᠣᠣᠷᠯᠠᠭᠰᠠᠨ
ᠡᠨᠠ ᠮᠣᠣᠰᠠᠢ᠌ᠨ ᠲᠠᠲ᠋ᠠᠷ ᠤᠳ ᠢ
ᠡᠬᠡᠨᠡᠭ᠍ᠳᠡ ᠲᠠᠭᠣᠰᠬᠠᠬᠣ ᠶᠢᠨ ᠲᠣᠯᠠ
ᠲᠡᠷᠬᠡᠨ ᠤ ᠪᠣᠯᠣ ᠳᠤ ᠬᠡᠮᠵᠢᠨ
ᠦᠭᠡᠶ ᠬᠢᠵᠣ ᠣᠰᠠᠳᠭᠠᠶᠠ᠂
ᠦᠯᠠᠳᠡᠭ᠍ᠰᠡᠨ ᠡᠬᠡᠨᠡᠷ ᠬᠡᠣᠬᠡᠥᠨ ᠢ
ᠡᠬᠥᠳᠡ ᠪᠦᠷᠢ ᠳᠤ ᠬᠣᠪᠢᠶᠠᠵᠣ
ᠡᠬᠥᠷᠢᠳᠡ ᠶᠢᠨ ᠪᠣᠭᠣᠯ ᠪᠣᠯᠭᠠᠶ᠎ᠠ》
ᠬᠡᠵᠦ ᠵᠦᠪᠯᠡᠯᠲᠦᠵᠦ ᠲᠣᠭᠳᠠᠭᠠᠭᠠᠳ᠂ ᠬᠡᠷ ᠡᠴᠡ ᠭᠠᠷᠪᠠᠯ ᠲᠠᠲ᠋ᠠᠷ ᠤᠨ ᠶᠡᠬᠡ ᠴᠠᠷᠠᠩ᠂ ᠪᠡᠯᠬᠥᠳᠡᠢ ᠡᠴᠡ ᠠᠰᠠᠭᠣᠷᠣᠨ᠄ 《ᠲ᠋ᠨ ᠨᠡᠷ ᠶᠠᠮᠠᠷ ᠦᠬᠡ ᠵᠦᠪᠯᠡᠯᠲᠦᠪᠡ︖》 ᠬᠡᠪᠡᠯ ᠪᠡᠯᠬᠥᠳᠡᠢ ᠦᠬᠥᠯᠡᠷᠥᠨ᠄ 《ᠲ᠋ᠨ ᠪᠦᠬᠥᠳᠡ ᠶᠢ ᠲᠠᠩᠬᠡᠯᠢᠭ᠌ ᠤᠨ ᠴᠦ᠋ ᠳᠤ ᠬᠡᠮᠵᠢᠵᠦ᠂ ᠲᠡᠬᠥᠨ ᠡᠴᠡ ᠦᠨᠳᠥᠷ ᠨᠢᠷᠣᠭᠣᠳᠠᠨ ᠢ ᠴᠦᠮ ᠢ ᠬᠢᠳᠣᠬᠣ ᠪᠠᠷ ᠲᠣᠭᠳᠠᠪᠠ》 ᠬᠡᠪᠡ᠃ ᠪᠡᠯᠬᠥᠳᠡᠢ ᠶᠢᠨ ᠡᠨᠠ ᠦᠬᠡ ᠶᠢ ᠰᠣᠨᠣᠰᠣᠭᠠᠳ ᠶᠡᠬᠡ ᠴᠠᠷᠠᠩ᠂ ᠣᠯᠠᠨ ᠲᠠᠲ᠋ᠠᠷ ᠲᠤ ᠲᠣᠩᠬᠠᠭ ᠵᠠᠷᠯᠠᠵᠣ᠂ ᠬᠣᠷᠢᠶ᠎ᠠ ᠪᠠᠬᠢᠯᠠᠯᠳᠠ ᠳᠤ ᠴᠣᠭᠯᠠᠭᠣᠯᠪᠠ᠃ ᠲᠠᠳᠠᠨ ᠤ ᠪᠠᠬᠢᠯᠠᠯᠳᠠ ᠶᠢ ᠡᠪᠳᠡᠬᠥ ᠶᠢᠨ ᠲᠣᠯᠠ ᠮᠠᠨ ᠤ ᠴᠡᠷᠢᠭ᠌ ᠤᠳ ᠮᠠᠰᠢ ᠶᠡᠬᠡ ᠬᠣᠬᠢᠷᠠᠪᠠ᠃ ᠪᠠᠬᠢᠯᠠᠯᠳᠠ ᠳᠤ ᠴᠣᠭᠯᠠᠭᠰᠠᠨ ᠲᠠᠲ᠋ᠠᠷ ᠤᠳ ᠢ ᠠᠷᠠᠢ ᠬᠡᠵᠦ ᠡᠵᠠᠯᠠᠨ ᠠᠪᠴᠣ ᠲᠠᠩᠬᠡᠯᠢᠭ᠌ ᠲ᠋ᠤ ᠴᠢᠴᠣᠣᠯᠠᠨ ᠬᠢᠳᠣᠬᠣ ᠳᠤ ᠲᠠᠲ᠋ᠠᠷ ᠨᠡᠷ ᠬᠦᠮᠥᠨ ᠲᠣᠳᠣᠮ 《ᠲ᠋ᠠᠷᠠ ᠠᠪᠴᠣ ᠦᠬᠥᠢ᠎ᠡ》 ᠬᠡᠵᠦ ᠬᠢᠳᠣᠭ᠎ᠠ ᠬᠠᠠᠴᠣᠢ᠌ᠯᠠᠵᠣ ᠪᠠᠢ᠌ᠭᠰᠠᠨ ᠲᠣᠯᠠ ᠲᠡᠬᠥᠨ ᠡᠴᠡ ᠪᠠᠰᠠ ᠮᠠᠨ ᠤ ᠴᠡᠷᠢᠭ᠌ ᠤᠳ ᠶᠡᠬᠡ ᠬᠣᠬᠢᠷᠠᠵᠠᠢ᠃ ᠲᠡᠳᠡᠬᠡᠷ ᠲᠠᠲ᠋ᠠᠷ ᠨᠡᠷ ᠢ ᠲᠠᠩᠬᠡᠯᠢᠭ᠌ ᠲᠤ ᠴᠢᠴᠣᠣᠯᠠᠨ ᠬᠢᠳᠣᠵᠣ ᠲᠠᠭᠣᠰᠣᠭᠠᠳ ᠴᠢᠩᠬᠢᠰ ᠬᠠᠭᠠᠨ ᠵᠠᠷᠯᠢᠭ ᠪᠣᠯᠣᠷᠣᠨ᠄ 《ᠪᠢᠳᠠ ᠣᠷᠣᠭ ᠶᠢᠠᠷ ᠶᠢᠠᠨ ᠶᠡᠬᠡ ᠵᠦᠪᠯᠡᠯᠲᠦᠬᠡᠨ ᠬᠢᠭ᠍ᠰᠡᠨ ᠢ ᠪᠡᠯᠬᠥᠳᠡᠢ ᠭᠠᠷᠭᠠᠵᠣ ᠬᠡᠯᠡᠬᠡᠥᠨ ᠪᠢᠳᠠᠨ ᠤ ᠴᠡᠷᠢᠭ᠌ ᠤᠳ ᠲᠤ ᠮᠠᠰᠢ ᠶᠡᠬᠡ ᠬᠣᠬᠢᠷᠠᠯ ᠢ ᠣᠴᠠᠷᠠᠭᠣᠯᠪᠠ᠃ ᠡᠬᠥᠨ ᠡᠴᠡ ᠬᠤᠢ᠌ᠰᠢ᠂ ᠡᠶ᠎ᠡ ᠶᠡᠬᠡ ᠵᠦᠪᠯᠡᠯᠲᠦᠬᠥ ᠳᠤ ᠪᠡᠯᠬᠥᠳᠡᠢ ᠶᠢ ᠪᠣᠤ ᠣᠷᠣᠭᠣᠯ᠂ ᠵᠦᠪᠯᠡᠯᠲᠦᠬᠡᠨ ᠬᠢᠵᠣ ᠪᠠᠢ᠌ᠬᠣ ᠳᠤ᠂ ᠪᠡᠯᠬᠥᠳᠡᠢ ᠭᠠᠳᠠᠨᠠᠬᠢ ᠣᠢ᠌ᠯᠠ ᠶᠢ ᠵᠠᠬᠢᠷᠴᠣ᠂ ᠬᠡᠷᠡᠬᠥᠯ ᠪᠠ ᠬᠣᠯᠠᠭᠠᠢ ᠬᠣᠳᠠᠯ ᠤᠨ ᠵᠠᠷᠭᠣ ᠶᠢ ᠰᠢᠬᠥᠵᠦ ᠪᠠᠢ᠌ᠳᠣᠭᠠᠢ᠃ ᠵᠦᠪᠯᠡᠯᠲᠦᠬᠡᠨ ᠲᠡᠬᠥᠰᠴᠦ᠂ ᠰᠠᠷᠬᠣᠳ ᠣᠣᠭᠣᠭᠰᠠᠨ ᠤ ᠬᠤᠢ᠌ᠨ᠎ᠠ ᠪᠡᠯᠬᠥᠳᠡᠢ ᠲᠠᠷᠢᠳᠠᠢ ᠬᠣᠶᠠᠷ ᠰᠠᠶᠢ ᠣᠷᠣᠵᠣ ᠪᠣᠯᠣᠨ᠎ᠠ》 ᠬᠡᠵᠦ ᠵᠠᠷᠯᠢᠭ ᠪᠣᠯᠪᠠ᠃
155᠂ ᠲᠠᠷᠠ ᠴᠠᠭ ᠲᠤ ᠲᠠᠲ᠋ᠠᠷ ᠤᠨ ᠶᠡᠬᠡ ᠴᠠᠷᠠᠩ ᠤᠨ ᠦᠬᠢᠨ ᠶᠢᠰᠦᠬᠡᠨ ᠢ ᠴᠢᠩᠬᠢᠰ ᠬᠠᠭᠠᠨ ᠦᠪᠡᠷ ᠤᠨ ᠬᠠᠳᠣᠨ ᠪᠣᠯᠭᠠᠵᠣ ᠠᠪᠣᠪᠠ᠃ ᠶᠢᠰᠦᠬᠡᠨ ᠬᠠᠳᠤᠨ ᠴᠢᠩᠬᠢᠰ ᠬᠠᠭᠠᠨ ᠤ ᠦᠷᠥᠰᠢᠶᠡᠯ ᠳᠤ ᠣᠷᠣᠵᠣ ᠦᠬᠥᠯᠡᠷᠥᠨ᠄ 《ᠬᠠᠭᠠᠨ ᠰᠣᠶᠣᠷᠬᠠᠪᠠᠯ᠂ ᠨᠠᠮᠢ᠋ᠢ ᠬᠦᠮᠥᠨ ᠳᠤ ᠪᠣᠳᠣᠵᠣ ᠠᠰᠠᠷᠠᠬᠣ ᠪᠢᠵᠠ᠂ ᠮᠢᠨᠣ ᠡᠬᠡᠴᠢ ᠶᠢᠰᠣᠢ ᠨᠠᠳᠠ ᠡᠴᠡ ᠲᠡᠬᠡᠷ᠎ᠡ᠂ ᠬᠠᠨ ᠬᠦᠮᠥᠨ ᠳᠤ ᠵᠤᠬᠢᠯᠳᠣᠬᠣ ᠭᠣᠸ᠎ᠠ ᠪᠦᠯᠦᠬᠡ᠂ ᠭᠠᠭᠴᠡᠬᠥ ᠰᠠᠶᠢ ᠶᠢᠨ ᠪᠣᠳᠣᠯᠢᠶᠠᠨ ᠳᠤ ᠬᠠᠮᠢᠭᠠᠰᠢ ᠣᠳᠣᠭᠰᠠᠨ ᠢ ᠮᠡᠳᠡᠬᠥ ᠦᠭᠡᠶ》 ᠬᠡᠪᠡᠯ ᠴᠢᠩᠬᠢᠰ ᠬᠠᠭᠠᠨ ᠦᠬᠥᠯᠡᠷᠥᠨ᠄ 《ᠡᠬᠡᠴᠢ ᠴᠢᠨᠢ ᠦᠨᠡᠬᠡᠷ ᠴᠢᠮ᠎ᠠ ᠡᠴᠡ ᠭᠣᠸ᠎ᠠ ᠪᠣᠯ ᠲᠡᠬᠥᠨ ᠢ ᠡᠷᠢᠬᠥᠯᠥᠢᠡ᠂ ᠡᠬᠡᠴᠢ ᠪᠠᠨ ᠢᠷᠠᠪᠠᠯ ᠴᠢ ᠵᠠᠢ᠌ᠯᠠᠵᠣ ᠰᠠᠭᠣᠷᠢᠨ ᠶᠢᠠᠨ ᠦᠭ᠍ᠬᠥ ᠤᠤ︖》 ᠬᠡᠪᠡ᠃ ᠶᠢᠰᠦᠬᠡᠨ ᠬᠠᠳᠣᠨ ᠦᠬᠥᠯᠡᠷᠥᠨ᠄ 《ᠬᠠᠭᠠᠨ ᠰᠣᠶᠣᠷᠬᠠᠵᠣ᠂ ᠡᠬᠡᠴᠢ ᠶᠢ ᠮᠢᠨᠢ ᠠᠪᠴᠢᠷᠠᠵᠣ ᠠᠭᠣᠯᠵᠠᠭᠣᠯᠪᠠᠯ᠂ ᠪᠢ ᠡᠬᠡᠴᠢ ᠳᠡᠭᠡᠨ ᠲᠠᠷᠣᠢ ᠵᠠᠢ᠌ᠯᠠᠶ᠎ᠠ》 ᠬᠡᠪᠡ᠃ ᠡᠨᠠ ᠦᠬᠡᠨ ᠳᠤ ᠴᠢᠩᠬᠢᠰ ᠬᠠᠭᠠᠨ ᠲᠣᠩᠬᠠᠭ ᠵᠠᠷᠯᠠᠵᠣ ᠡᠷᠢᠬᠥᠯᠪᠡᠯ ᠶᠢᠰᠣᠢ ᠬᠠᠳᠣᠨ᠂ ᠦᠪᠡᠷ ᠤᠨ ᠬᠦᠷᠬᠡᠨ ᠲᠡᠶ ᠬᠠᠮᠳᠣ ᠬᠠᠳᠠ ᠣᠢ ᠳᠤ ᠲᠣᠳᠠᠭᠠᠵᠣ ᠶᠠᠪᠣᠬᠣ ᠶᠢ ᠪᠢᠳᠠᠨ ᠤ ᠴᠡᠷᠢᠭ᠌ ᠤᠳ ᠦᠵᠡᠵᠦ ᠶᠢᠰᠣᠢ ᠬᠠᠳᠣᠨ ᠢ ᠪᠠᠷᠢᠵᠣ ᠠᠪᠴᠢᠷᠠᠭᠰᠠᠨ ᠪᠠ ᠡᠷ᠎ᠠ ᠨᠢ ᠲᠣᠳᠠᠭᠠᠵᠠᠢ᠃ ᠶᠢᠰᠦᠬᠡᠨ ᠬᠠᠳᠣᠨ᠂ ᠡᠬᠡᠴᠢ ᠪᠠᠨ ᠦᠵᠡᠬᠡᠥᠨ ᠬᠡᠯᠡᠭ᠍ᠰᠡᠨ ᠦᠬᠡᠨ ᠳᠡᠭᠡᠨ ᠬᠦᠷᠴᠦ ᠪᠣᠰᠣᠭᠠᠳ ᠰᠠᠭᠣᠭᠰᠠᠨ ᠰᠠᠭᠣᠷᠢᠨ ᠳᠠᠭᠠᠨ ᠰᠠᠭᠣᠯᠭᠠᠵᠣ᠂ ᠦᠪᠡᠷ ᠶᠢᠠᠨ ᠲᠣᠣᠷᠠᠳᠣ ᠡᠳᠡᠬᠡᠥᠨ (ᠳᠤᠤᠷᠠᠳᠤ ᠳᠠᠯ᠎ᠠ) ᠳᠤ ᠰᠠᠭᠣᠪᠠ᠃ ᠶᠢᠰᠦᠬᠡᠨ ᠬᠠᠳᠣᠨ ᠤ ᠬᠡᠯᠡᠭ᠍ᠰᠡᠨ ᠲᠡᠶ ᠠᠳᠠᠯᠢ᠂ ᠶᠢᠰᠣᠢ ᠬᠠᠳᠣᠨ ᠦᠨᠡᠬᠡᠷ ᠭᠣᠸ᠎ᠠ ᠲᠣᠯᠠ ᠴᠢᠩᠬᠢᠰ ᠬᠠᠭᠠᠨ ᠠᠩᠬᠠᠷᠣᠨ ᠦᠷᠥᠰᠢᠶᠡᠵᠦ᠂ ᠬᠠᠳᠣᠳ ᠤᠨ ᠦᠷᠣᠬᠡ ᠳᠤ ᠰᠠᠭᠣᠯᠭᠠᠪᠠ᠃
156᠂ ᠲᠠᠲ᠋ᠠᠷ ᠨᠡᠷ ᠢ ᠲᠣᠪᠳᠣᠯᠣᠨ ᠳᠠᠭᠤᠰᠬᠠᠵᠤ᠂ ᠨᠢᠬᠡᠨ ᠡᠳᠣᠷ ᠴᠢᠩᠬᠢᠰ ᠬᠠᠭᠠᠨ᠂ ᠬᠡᠷ ᠤᠨ ᠭᠠᠳᠠᠨ᠎ᠠ ᠶᠢᠰᠣᠢ ᠬᠠᠳᠣᠨ᠂ ᠶᠢᠰᠦᠬᠡᠨ ᠬᠠᠳᠣᠨ ᠬᠣᠶᠠᠷ ᠤᠨ ᠲᠣᠮᠳᠠ ᠰᠠᠭᠣᠵᠣ ᠣᠮᠳᠠ ᠣᠣᠭᠣᠵᠣ ᠪᠠᠢ᠌ᠳᠠᠯ᠎ᠠ᠂ ᠶᠢᠰᠣᠢ ᠬᠠᠳᠣᠨ ᠶᠡᠬᠡᠳᠡ ᠰᠠᠨᠠᠭ᠎ᠠ ᠠᠯᠳᠠᠪᠠ᠃ ᠡᠬᠥᠨ ᠳᠤ ᠴᠢᠩᠬᠢᠰ ᠬᠠᠭᠠᠨ ᠲᠣᠳᠣᠷ᠎ᠠ ᠪᠠᠨ ᠰᠡᠵᠢᠭ᠌ ᠠᠪᠴᠣ᠂ ᠪᠣᠭᠣᠷᠴᠣ ᠮᠣᠬᠣᠯᠠᠢ ᠬᠣᠶᠠᠷ ᠨᠣᠶᠠᠨ ᠢ ᠣᠷᠢᠵᠣ ᠢᠷᠡᠬᠥᠯᠦᠬᠡᠥᠨ ᠦᠬᠥᠯᠡᠷᠥᠨ᠄ 《ᠲ᠋ᠨ ᠬᠣᠶᠠᠷ ᠡ᠊ᠠᠳᠠ ᠴᠣᠭᠯᠠᠭᠰᠠᠨ ᠪᠦᠬᠥ ᠠᠷᠠᠳ ᠢ ᠠᠢ᠌ᠮᠠᠭ ᠠᠢ᠌ᠮᠠᠭ ᠶᠢᠠᠷ ᠨᠢ ᠪᠣᠯᠭ᠎ᠠ᠃ ᠪᠣᠰᠣ ᠠᠢ᠌ᠮᠠᠭ ᠤᠨ ᠬᠦᠮᠥᠨ ᠢ ᠦᠪᠡᠷ ᠤᠨ ᠠᠢ᠌ᠮᠠᠭ ᠲᠤ ᠪᠦᠤ ᠦᠯᠠᠳᠡᠬᠡᠭ᠍ᠳᠥᠨ》 ᠬᠡᠵᠦ ᠵᠠᠷᠯᠢᠭ ᠪᠣᠯᠪᠠ᠃ ᠲᠡᠬᠡᠬᠡᠥᠨ ᠪᠦᠬᠥ ᠠᠷᠠᠳ ᠢ ᠠᠢ᠌ᠮᠠᠭ ᠠᠢ᠌ᠮᠠᠭ ᠶᠢᠠᠷ ᠢᠯᠭᠠᠪᠠᠯ ᠨᠢᠬᠡᠨ ᠵᠠᠯᠠᠭᠣ ᠰᠠᠢ᠌ᠨ ᠡᠷ᠎ᠠ ᠠᠢ᠌ᠮᠠᠭ ᠦᠭᠡᠶ ᠦᠯᠠᠳᠡᠵᠡᠢ᠃ 《ᠴᠢ ᠶᠠᠭᠣᠨ ᠬᠦᠮᠥᠨ ᠪᠣᠢ︖》 ᠬᠡᠵᠦ ᠠᠰᠠᠭᠣᠪᠠᠯ᠂ ᠲᠠᠷᠠ ᠬᠦᠮᠥᠨ ᠦᠬᠥᠯᠡᠷᠥᠨ᠄ 《ᠲᠠᠲ᠋ᠠᠷ ᠤᠨ ᠶᠡᠬᠡ ᠴᠠᠷᠠᠩ ᠤᠨ ᠦᠬᠢᠨ ᠶᠢᠰᠣᠢ ᠶᠢ ᠠᠪᠣᠭᠰᠠᠨ ᠬᠦᠷᠬᠡᠨ ᠪᠢᠯᠠ᠃ ᠲᠠᠢ᠌ᠰᠣᠨ ᠳᠤ ᠲᠠᠯᠠᠭᠳᠠᠬᠣ ᠳᠤ ᠠᠶᠣᠵᠣ ᠲᠣᠳᠠᠭᠠᠨ ᠶᠠᠪᠣᠭᠰᠠᠨ ᠪᠦᠯᠦᠬᠡ᠃ ᠣᠳᠣ ᠲᠠᠢ᠌ᠨ ᠠᠮᠠᠷᠢᠯᠠᠪᠠ ᠬᠡᠵᠦ ᠰᠠᠳᠬᠢᠵᠣ ᠢᠷᠡᠬᠡᠥᠨ ᠣᠯᠠᠨ ᠠᠷᠠᠳ ᠤᠨ ᠲᠣᠳᠣᠷ᠎ᠠ ᠲᠠᠨᠢᠭᠳᠠᠬᠣ ᠦᠭᠡᠶ ᠪᠢᠵᠠ ᠬᠡᠵᠦ ᠰᠠᠨᠠᠵᠣ ᠶᠠᠪᠣᠯ᠎ᠠ》 ᠬᠡᠪᠡ᠃ ᠡᠨᠠ ᠦᠬᠡ ᠶᠢ ᠴᠢᠩᠬᠢᠰ ᠬᠠᠭᠠᠨ ᠳᠤ ᠮᠡᠳᠡᠬᠥᠯᠪᠡᠯ᠂ ᠬᠠᠭᠠᠨ ᠵᠠᠷᠯᠢᠭ ᠪᠣᠯᠣᠷᠣᠨ᠄ 《ᠲᠠᠷᠠ ᠬᠦᠮᠥᠨ ᠬᠣᠣᠷᠠᠳᠣ ᠰᠠᠳᠬᠢᠯ ᠡᠪᠣᠷᠯᠠᠵᠣ ᠭᠠᠭᠴᠠᠭᠠᠷ ᠲᠡᠨᠥᠭᠰᠠᠬᠡᠷ ᠣᠳᠣ ᠡ᠊ᠠᠳᠠ ᠢᠷᠡᠭ᠍ᠰᠡᠨ ᠠᠵᠢ᠃ ᠲᠠᠷᠠ ᠮᠠᠳᠣ ᠡᠳᠡᠬᠡᠥᠨ ᠢ ᠬᠡᠳᠦᠢ᠌ᠨᠡᠢ ᠲᠠᠩᠬᠡᠯᠢᠭ᠌ ᠲᠤ ᠴᠢᠴᠣᠣᠯᠠᠵᠣ ᠬᠢᠳᠣᠭᠰᠠᠨ ᠪᠢᠰᠢ ᠦᠦ᠃ ᠶᠠᠭᠣᠨ ᠡᠴᠡ ᠪᠣᠴᠠᠨ᠎ᠠ᠂ ᠨᠢᠳᠣᠨ ᠡᠴᠡ ᠲᠠᠯᠳᠠ ᠪᠣᠯᠭ᠎ᠠ》 ᠬᠡᠰᠡᠨ ᠳᠤ ᠲᠡᠬᠥᠨ ᠢ ᠲᠠᠷᠣᠢ ᠠᠯᠠᠪᠠ᠃
157᠂ ᠮᠦᠨ ᠨᠣᠬᠠᠢ ᠵᠢᠯ (1202 ᠤᠨ) ᠴᠢᠩᠬᠢᠰ ᠬᠠᠭᠠᠨ ᠢ ᠲᠠᠲ᠋ᠠᠷ ᠲᠡᠶ ᠪᠠᠢ᠌ᠯᠳᠣᠵᠣ ᠪᠣᠢ ᠴᠠᠭ ᠲᠤ ᠸᠠᠩ ᠬᠠᠨ᠂ ᠮᠠᠷᠭᠢᠳ ᠢ ᠲᠣᠪᠳᠣᠯᠬᠣ ᠪᠠᠷ ᠮᠤᠷᠳᠠᠵᠤ᠂ ᠲᠣᠭᠳᠣᠬ᠎ᠠ ᠪᠠᠬᠢ ᠶᠢ ᠪᠠᠷᠭᠣᠵᠢᠨ ᠲᠦᠬᠥᠮ ᠤᠨ ᠵᠦᠭ᠌ ᠦᠯᠳᠡᠨ ᠬᠦᠬᠡᠬᠡᠵᠦ᠂ ᠲᠣᠭᠳᠣᠬ᠎ᠠ ᠶᠢᠨ ᠶᠡᠬᠡ ᠬᠦᠪᠡᠬᠥᠨ ᠲᠡᠬᠥᠰ ᠪᠠᠬᠢ ᠶᠢ ᠠᠯᠠᠵᠣ᠂ ᠲᠣᠭᠳᠣᠬ᠎ᠠ ᠶᠢᠨ ᠬᠣᠳᠣᠭᠳᠠᠢ ᠴᠠᠭᠠᠷᠣᠨ ᠬᠣᠶᠠᠷ ᠦᠬᠢᠨ ᠢ ᠪᠠ ᠬᠠᠳᠣᠳ ᠢ ᠣᠯᠵᠠᠯᠠᠨ ᠠᠪᠴᠣ᠂ ᠬᠣᠳᠣ ᠴᠢᠯᠠᠭᠣᠨ ᠬᠣᠶᠠᠷ ᠬᠦᠪᠡᠬᠥᠨ ᠢ ᠨᠢ ᠬᠠᠷᠢᠶᠠᠳᠣ ᠢᠷᠬᠡᠥᠨ ᠤᠨ ᠬᠠᠮᠳᠣ ᠡᠵᠠᠯᠠᠨ ᠠᠪᠣᠭᠰᠠᠨ ᠪᠣᠯᠪᠠᠴᠣ᠂ ᠡᠨᠠ ᠣᠯᠵᠠᠨ ᠡᠴᠡ ᠴᠢᠩᠬᠢᠰ ᠬᠠᠭᠠᠨ ᠳᠤ ᠶᠠᠭᠣᠨ ᠢ ᠴᠤ ᠡᠰᠠ ᠦᠭ᠍ᠪᠡ᠃
158᠂ ᠲᠡᠬᠥᠨ ᠤ ᠬᠤᠢ᠌ᠨ᠎ᠠ᠂ ᠴᠢᠩᠬᠢᠰ ᠬᠠᠭᠠᠨ᠂ ᠸᠠᠩ ᠬᠠᠨ ᠬᠣᠶᠠᠷ ᠨᠢ᠋ᠮᠠᠨ ᠤ ᠬᠦᠴᠥᠭᠦᠳ ᠤᠨ ᠪᠤᠢ᠌ᠷᠤᠭ ᠬᠠᠨ ᠲᠡᠶ ᠪᠠᠢ᠌ᠯᠳᠣᠬᠣ ᠪᠠᠷ ᠮᠣᠷᠢᠯᠠᠵᠣ᠂ ᠣᠯᠣᠭ ᠲᠠᠭ ᠤᠨ ᠰᠤᠬᠤᠭ ᠣᠰᠣ ᠬᠡᠳᠡᠭ ᠭᠠᠵᠠᠷ ᠬᠦᠷᠪᠡᠯ᠂ ᠪᠤᠢ᠌ᠷᠤᠭ ᠬᠠᠨ ᠪᠠᠢ᠌ᠯᠳᠣᠨ ᠶᠠᠳᠠᠵᠣ᠂ ᠠᠯᠳᠠᠢ ᠲᠠᠪᠠᠨ ᠬᠦᠳᠡᠯᠪᠡ᠃ ᠴᠢᠩᠬᠢᠰ ᠬᠠᠭᠠᠨ ᠸᠠᠩ ᠬᠠᠨ ᠬᠣᠶᠠᠷ ᠰᠤᠬᠤᠭ ᠣᠰᠣᠨ ᠡᠴᠡ ᠪᠤᠢ᠌ᠷᠤᠭ ᠬᠠᠨ ᠢ ᠨᠡᠬᠡᠵᠦ ᠠᠯᠳᠠᠢ ᠲᠠᠪᠠᠭᠣᠯᠣᠨ ᠬᠤᠮᠰᠢᠩᠭᠡᠷ ᠤᠨ ᠦᠷᠣᠩᠬᠥᠤ ᠭᠣᠣᠯ ᠣᠷᠣᠭᠣ ᠬᠦᠭᠡᠭᠡᠵᠤ ᠶᠠᠪᠣᠪᠠ᠃ ᠬᠡᠳᠡᠯ᠎ᠡ᠂ ᠲᠠᠳᠠᠨ ᠤ ᠶᠠᠳᠢ ᠲᠣᠪᠯᠣᠭ ᠨᠠᠷᠠᠳᠣ ᠨᠣᠶᠠᠨ᠂ ᠬᠠᠷᠠᠭᠣᠯᠴᠢ ᠬᠠᠷᠠᠵᠣ ᠶᠠᠪᠣᠭᠠᠳ ᠪᠢᠳᠠᠨ ᠤ ᠬᠠᠷᠠᠭᠣᠯ ᠤᠨ ᠴᠡᠷᠢᠭ᠌ ᠲᠤ ᠬᠦᠬᠡᠬᠡᠭ᠍ᠳᠡᠵᠦ ᠠᠭᠣᠯᠠ ᠦᠬᠡᠳᠡ ᠲᠣᠳᠠᠭᠠᠬᠣ ᠳᠤ ᠣᠯᠣᠩ ᠨᠢ ᠲᠠᠰᠣᠷᠠᠵᠣ ᠪᠠᠷᠢᠭᠳᠠᠪᠠ᠃ ᠪᠤᠢ᠌ᠷᠤᠭ ᠬᠠᠨ ᠢ ᠦᠷᠣᠩᠬᠥᠤ ᠭᠣᠣᠯ ᠣᠷᠣᠭᠣ ᠬᠦᠬᠡᠬᠡᠨ ᠣᠷᠣᠭᠣᠯᠵᠣ᠂ ᠬᠢᠰᠢᠯᠪᠠᠰᠢ ᠨᠠᠭᠣᠷ ᠲᠤ ᠬᠦᠢᠴᠡᠵᠦ ᠲᠡᠬᠥᠨ ᠢ ᠲᠠᠠᠳᠠ ᠰᠦᠨᠦᠬᠡᠪᠡ᠃
159᠂ ᠲᠠᠠᠳᠠ ᠡᠴᠡ ᠴᠢᠩᠬᠢᠰ ᠬᠠᠭᠠᠨ ᠸᠠᠩ ᠬᠠᠨ ᠬᠣᠶᠠᠷ ᠪᠣᠴᠠᠵᠣ ᠢᠷᠡᠬᠥ ᠳᠤ ᠨᠢ᠋ᠮᠠᠨ ᠤ ᠬᠥᠭ᠍ᠰᠠᠬᠥᠤ ᠰᠠᠪᠷᠠᠭ ᠪᠠᠭᠠᠳᠣᠷ᠂ ᠪᠠᠢ᠌ᠳᠠᠷᠠᠭ ᠭᠣᠣᠯ ᠤᠨ ᠪᠠᠯᠴᠢᠷ ᠲᠤ ᠴᠡᠷᠢᠭ᠌ ᠵᠠᠰᠠᠵᠣ ᠪᠠᠢ᠌ᠯᠳᠣᠬᠣ ᠪᠠᠷ ᠲᠣᠰᠴᠣ ᠪᠠᠢ᠌ᠭᠰᠠᠨ ᠠᠵᠠᠢ᠃ ᠴᠢᠩᠬᠢᠰ ᠬᠠᠭᠠᠨ ᠸᠠᠩ ᠬᠠᠨ ᠬᠣᠶᠠᠷ ᠮᠦᠨ ᠪᠠᠢ᠌ᠯᠳᠣᠬᠣ ᠪᠠᠷ ᠴᠡᠷᠢᠭ᠌ ᠶᠢᠠᠨ ᠵᠠᠰᠠᠵᠣ ᠢᠷᠠᠳᠠᠯ᠎ᠠ᠂ ᠨᠢᠬᠡᠠᠳᠡ ᠦᠳᠡᠰᠢ ᠪᠣᠯᠣᠭᠰᠠᠨ ᠲᠣᠯᠠ ᠮᠠᠷᠭᠠᠰᠢ ᠪᠠᠢ᠌ᠯᠳᠣᠶ᠎ᠠ ᠬᠡᠵᠦ ᠵᠠᠰᠠᠯᠭᠠᠵᠣ ᠬᠣᠨᠣᠪᠠ᠃ ᠬᠡᠳᠡᠯ᠎ᠡ᠂ ᠰᠦᠨᠢ ᠶᠢᠨ ᠴᠠᠭ ᠸᠠᠩ ᠬᠠᠨ᠂ ᠪᠠᠭᠣᠭᠰᠠᠨ ᠭᠠᠵᠠᠷ ᠲᠠᠭᠠᠨ ᠭᠠᠯ ᠲᠥᠯᠠᠵᠦ ᠣᠷᠬᠢᠭᠠᠳ᠂ ᠬᠠᠷ᠎ᠠ ᠰᠡᠬᠥᠯ ᠭᠣᠣᠯ ᠢ ᠦᠭᠰᠥᠨ ᠬᠦᠳᠡᠯᠵᠡᠢ᠃
160᠂ ᠲᠠᠷᠠ ᠰᠦᠨᠢ ᠵᠠᠮᠣᠬ᠎ᠠ᠂ ᠸᠠᠩ ᠬᠠᠨ ᠲᠡᠶ ᠬᠠᠮᠳᠣ ᠬᠦᠳᠡᠯᠵᠦ ᠶᠠᠪᠣᠭᠠᠳ ᠸᠠᠩ ᠬᠠᠨ ᠳᠤ ᠦᠬᠥᠯᠡᠷᠥᠨ᠄ 《ᠲᠠᠮᠣᠵᠢᠨ ᠠᠨᠳᠠ ᠬᠡᠳᠦᠢ᠌ᠨ ᠡᠴᠡ ᠨᠢ᠋ᠮᠠᠨ ᠲᠡᠶ ᠬᠠᠷᠢᠯᠴᠠᠭᠠᠳᠠᠢ ᠪᠠᠢ᠌ᠭᠰᠠᠨ ᠪᠢᠯᠠ᠂ ᠣᠳᠣ ᠪᠢᠳᠠᠨ ᠲᠡᠶ ᠬᠠᠮᠳᠣ ᠡᠰᠠ ᠬᠦᠳᠡᠯᠪᠡ᠃
ᠬᠠᠨ︕ ᠬᠠᠨ︕ ᠪᠢ ᠪᠣᠯ
ᠬᠠᠮᠢᠶ᠎ᠠ ᠦᠭᠡᠶ ᠬᠣᠯᠠ ᠨᠢᠰᠬᠥ ᠦᠭᠡᠶ
ᠬᠠᠢ᠌ᠷᠭᠣᠨᠠ ᠰᠢᠪᠠᠭᠣ ᠮᠠᠳᠣ
ᠬᠠᠮᠳᠣ ᠨᠢᠬᠡ ᠭᠠᠵᠠᠷ ᠪᠠᠢ᠌ᠨ᠎ᠠ᠂
ᠬᠠᠷᠢᠨ ᠮᠢᠨᠣ ᠠᠨᠳᠠ ᠲᠠᠮᠣᠵᠢᠨ ᠪᠣᠯ
ᠬᠠᠷᠢᠵᠣ ᠨᠢᠰᠥᠭᠰᠡᠨ ᠰᠢᠪᠠᠭᠣ ᠮᠠᠳᠣ
ᠬᠠᠰᠢ ᠶᠠᠰᠢ ᠣᠷᠪᠠᠨ ᠣᠳᠣᠨ᠎ᠠ᠂
ᠬᠠᠨ ᠴᠢᠮ᠎ᠠ ᠡᠴᠡ ᠣᠳᠣ ᠰᠠᠯᠵᠣ
ᠬᠠᠷᠢ ᠨᠢ᠋ᠮᠠᠨ ᠳᠤ ᠤᠴᠢᠬᠤ ᠬᠡᠵᠦ
ᠬᠠᠷᠠᠭᠰᠠᠭᠠᠷ ᠵᠤᠷᠢᠭᠣᠳᠠ ᠬᠣᠴᠣᠷᠪᠠ᠃》
ᠬᠡᠪᠡᠯ᠂ ᠵᠠᠮᠣᠬ᠎ᠠ ᠶᠢᠨ ᠦᠬᠡ ᠶᠢ ᠰᠣᠨᠣᠰᠴᠣ᠂ ᠣᠪᠴᠢᠭᠳᠠᠢ ᠶᠢᠨ ᠬᠦᠷᠠᠩ ᠪᠠᠭᠠᠳᠣᠷ ᠦᠬᠥᠯᠡᠷᠥᠨ᠄ 《ᠴᠢ ᠶᠠᠭᠣᠨ ᠲᠠᠮᠠᠢ ᠵᠢᠰᠣᠷᠳᠠᠵᠣ᠂ ᠰᠢᠳᠣᠷᠭᠣ ᠡᠠᠬ᠎ᠠ ᠲᠡᠬᠥᠤ ᠪᠠᠨ ᠬᠣᠪᠯᠠᠨ ᠬᠠᠴᠢᠯᠠᠵᠣ ᠪᠠᠢ᠌ᠨ᠎ᠠ ᠪᠣᠢ︖》 ᠬᠡᠪᠡ᠃
161᠂ ᠴᠢᠩᠬᠢᠰ ᠬᠠᠭᠠᠨ᠂ ᠲᠠᠷᠠ ᠰᠦᠨᠢ ᠲᠠᠠᠳᠠ ᠬᠣᠨᠣᠭᠠᠳ ᠮᠠᠷᠭᠠᠰᠢ ᠦᠷᠯᠦᠬᠡ ᠪᠠᠢ᠌ᠯᠳᠣᠬᠣ ᠬᠡᠵᠦ ᠪᠣᠰᠪᠠᠯ ᠸᠠᠩ ᠬᠠᠨ ᠤ ᠪᠠᠭᠣᠭᠰᠠᠨ ᠭᠠᠵᠠᠷ ᠬᠣᠪ ᠬᠣᠭᠣᠰᠣᠨ ᠪᠣᠯᠣᠭᠰᠠᠨ ᠲᠣᠯᠠ 《ᠬᠠᠷᠢᠨ ᠴᠢ ᠪᠢᠳᠠᠨ ᠢ ᠮᠡᠬᠡᠯᠡᠵᠦ ᠪᠠᠭᠣᠴᠠᠨ ᠳᠤ ᠬᠠᠶᠠᠭᠰᠠᠨ ᠪᠠᠢ᠌ᠨ᠎ᠠ》 ᠬᠡᠥᠨ ᠴᠢᠩᠬᠢᠰ ᠬᠠᠭᠠᠨ ᠬᠦᠳᠡᠯᠵᠦ᠂ ᠡᠳᠠᠷ ᠠᠯᠳᠠᠢ ᠶᠢᠨ ᠪᠠᠯᠴᠢᠷ ᠶᠢᠠᠷ ᠬᠡᠳᠥᠯᠵᠦ ᠰᠠᠭᠠᠳᠣᠯ ᠦᠭᠡᠶ ᠶᠠᠪᠣᠭᠰᠠᠭᠠᠷ ᠰᠠᠭᠠᠷᠢ ᠬᠡᠬᠡᠷ᠎ᠡ ᠳᠤ ᠣᠴᠢᠵᠣ ᠪᠠᠭᠣᠪᠠ᠃ ᠲᠠᠠᠳᠠ ᠡᠴᠡ ᠴᠢᠩᠬᠢᠰ ᠬᠠᠭᠠᠨ ᠬᠠᠰᠠᠷ ᠬᠣᠶᠠᠷ᠂ ᠨᠢ᠋ᠮᠠᠨ ᠤᠳ ᠶᠠᠮᠠᠷ ᠲᠦᠪᠡᠭ᠌ ᠣᠴᠠᠷᠠᠭᠣᠯᠣᠭᠰᠠᠨ ᠢ ᠮᠡᠳᠡᠭ᠍ᠰᠡᠨ ᠪᠣᠯᠪᠠᠴᠣ᠂ ᠡᠬᠥᠨ ᠢ ᠨᠢᠬᠡ ᠴᠤ ᠬᠦᠮᠥᠨ ᠳᠤ ᠬᠡᠯᠡᠭ᠍ᠰᠡᠨ ᠦᠭᠡᠶ᠃
162᠂ ᠨᠢ᠋ᠮᠠᠨ ᠤ ᠬᠥᠭ᠍ᠰᠠᠬᠥᠤ ᠰᠠᠪᠷᠠᠭ ᠪᠠᠭᠠᠳᠣᠷ ᠸᠠᠩ ᠬᠠᠨ ᠤ ᠬᠤᠢ᠌ᠨ᠎ᠠ ᠡᠴᠡ ᠨᠡᠬᠡᠵᠦ᠂ ᠰᠠᠩᠬᠥᠮ ᠤᠨ ᠡᠮ᠎ᠠ ᠬᠦᠪᠡᠭᠦᠳ ᠪᠠ ᠡᠳ᠋ ᠬᠦᠷᠣᠩᠬᠡ᠂ ᠠᠯᠪᠠᠳᠣ ᠠᠷᠠᠳ ᠢ ᠴᠦᠮ ᠪᠣᠯᠢᠶᠠᠨ ᠠᠪᠴᠣ᠂ ᠪᠠᠰᠠ ᠸᠠᠩ ᠬᠠᠨ ᠢ ᠲᠡᠯᠠᠬᠡᠲᠦ ᠠᠮᠠᠰᠠᠷ ᠬᠡᠳᠡᠭ ᠭᠠᠵᠠᠷ ᠪᠠᠢ᠌ᠬᠣ ᠳᠤ ᠨᠡᠬᠡᠨ ᠪᠠᠢ᠌ᠯᠳᠣᠵᠣ᠂ ᠵᠠᠷᠢᠮ ᠠᠯᠪᠠᠳᠣ ᠢᠷᠬᠡᠨ ᠪᠠ ᠠᠳᠣᠭᠣ ᠮᠠᠯ ᠢ ᠪᠣᠯᠢᠶᠠᠨ ᠠᠪᠣᠭᠠᠳ ᠪᠣᠴᠠᠵᠠᠢ᠃ ᠸᠠᠩ ᠬᠠᠨ ᠢ ᠲᠠᠭᠠᠵᠣ ᠶᠠᠪᠣᠭᠰᠠᠨ ᠮᠠᠷᠭᠢᠳ ᠤᠨ ᠲᠣᠭᠳᠣᠬ᠎ᠠ ᠶᠢᠨ ᠬᠣᠳᠣ ᠴᠢᠯᠠᠭᠣᠨ ᠬᠣᠶᠠᠷ ᠬᠦᠪᠡᠬᠥᠨ ᠲᠠᠷᠠ ᠵᠠᠪᠰᠢᠶᠠᠨ ᠢ ᠲᠣᠬᠢᠶᠠᠯᠳᠣᠭᠣᠯᠵᠣ᠂ ᠠᠯᠪᠠᠳᠣ ᠢᠷᠬᠡᠨ ᠶᠢᠠᠨ ᠠᠪᠴᠣ ᠰᠡᠯᠠᠩᠬᠡ ᠶᠢ ᠴᠢᠭ᠍ᠯᠠᠨ ᠬᠦᠳᠡᠯᠣᠬᠡᠥᠨ ᠡᠴᠢᠬᠡ ᠳᠡᠭᠡᠨ ᠨᠠᠢ᠌ᠯᠠᠨ ᠣᠴᠢᠪᠠ᠃
163᠂ ᠸᠠᠩ ᠬᠠᠨ᠂ ᠨᠢ᠋ᠮᠠᠨ ᠤ ᠬᠥᠭ᠍ᠰᠠᠬᠥᠤ ᠰᠠᠪᠷᠠᠭ ᠪᠠᠭᠠᠳᠣᠷ ᠲᠤ ᠲᠡᠢ᠌ᠯᠥᠭᠳᠡᠬᠡᠥᠨ ᠴᠢᠩᠬᠢᠰ ᠬᠠᠭᠠᠨ ᠳᠤ ᠡᠯᠴᠢ ᠶᠠᠪᠣᠭᠣᠯᠵᠣ ᠬᠡᠯᠡᠬᠥᠯᠥᠭᠰᠡᠨ ᠨᠢ᠄ 《ᠨᠢ᠋ᠮᠠᠨ ᠳᠤ ᠡᠳ᠋ ᠬᠦᠷᠣᠩᠬᠡ ᠪᠠ ᠡᠮ᠎ᠠ ᠬᠦᠪᠡᠭᠦᠳ ᠶᠢᠠᠨ ᠪᠣᠯᠢᠶᠠᠭᠳᠠᠪᠠ ᠪᠢ᠂ ᠬᠦᠪᠡᠬᠥᠨ ᠴᠢᠮ᠎ᠠ ᠡᠴᠡ ᠲᠥᠷᠪᠡᠨ ᠬᠦᠯᠥᠭ ᠪᠠᠭᠠᠳᠣᠷ ᠶᠢᠠᠨ ᠢᠷᠡᠬᠥᠯᠬᠥ ᠶᠢ ᠭᠣᠶᠣᠶ᠎ᠠ᠂ ᠮᠢᠨᠣ ᠠᠯᠪᠠᠳᠣ ᠢᠷᠬᠡᠨ ᠪᠠ ᠡᠳ᠋ ᠬᠦᠷᠣᠩᠬᠡ ᠶᠢ ᠠᠪᠴᠢᠷᠠᠵᠣ ᠦᠭ᠍ᠬᠥᠨ᠎ᠡ ᠦᠦ》 ᠬᠡᠵᠡᠢ᠃ ᠴᠢᠩᠬᠢᠰ ᠬᠠᠭᠠᠨ ᠴᠡᠷᠢᠭ᠌ ᠵᠠᠰᠠᠵᠣ᠂ ᠪᠣᠭᠣᠷᠴᠣ᠂ ᠮᠣᠬᠣᠯᠠᠢ᠂ ᠪᠤᠷᠤᠬᠤᠯ᠂ ᠴᠢᠯᠠᠭᠣᠨ ᠲᠥᠷᠪᠡᠨ ᠬᠦᠯᠥᠭ ᠪᠠᠭᠠᠳᠣᠷ ᠶᠢᠠᠨ ᠴᠡᠷᠢᠭ᠌ ᠤᠨ ᠬᠠᠮᠳᠣ ᠢᠯᠡᠬᠡᠪᠡ᠃ ᠡᠨᠠ ᠲᠥᠷᠪᠡᠨ ᠬᠦᠯᠥᠭ ᠪᠠᠭᠠᠳᠣᠷ ᠤᠨ ᠢᠷᠡᠬᠥ ᠶᠢᠨ ᠣᠷᠢᠳᠣ ᠣᠯᠠᠭᠠᠨ ᠬᠣᠰᠣ ᠬᠡᠳᠡᠭ ᠭᠠᠵᠠᠷ ᠰᠠᠩᠬᠥᠮ ᠪᠠᠢ᠌ᠯᠳᠣᠭᠠᠨ ᠬᠢᠵᠣ ᠪᠠᠢ᠌ᠭᠠᠳ ᠮᠣᠷᠢᠨ ᠤ ᠪᠠᠨ ᠭᠣᠶ᠎ᠠ ᠶᠢ ᠰᠢᠷᠬᠠᠳᠣᠭᠣᠯᠵᠣ ᠪᠠᠷᠢᠭᠳᠠᠬᠣ ᠳᠤ ᠬᠦᠷᠴᠦ ᠪᠠᠢ᠌ᠳᠠᠯ᠎ᠠ᠂ ᠴᠢᠩᠬᠢᠰ ᠤᠨ ᠲᠥᠷᠪᠡᠨ ᠬᠦᠯᠥᠭ ᠣᠴᠢᠵᠣ ᠲᠡᠬᠥᠨ ᠢ ᠠᠪᠣᠷᠠᠭᠠᠳ ᠠᠯᠪᠠᠳᠣ ᠬᠦᠷᠣᠩᠬᠡ ᠪᠠ ᠡᠮ᠎ᠠ ᠬᠦᠪᠡᠭᠦᠳ ᠪᠦᠬᠥᠳᠡ ᠶᠢ ᠠᠪᠣᠷᠠᠵᠣ ᠦᠭ᠍ᠪᠡ᠃ ᠲᠠᠷᠠ ᠴᠠᠭ ᠲ᠋ᠤ ᠸᠠᠩ ᠬᠠᠨ ᠦᠬᠥᠯᠡᠷᠥᠨ᠄ 《ᠣᠷᠢᠳᠣ ᠲᠠᠮᠣᠵᠢᠨ ᠤ ᠰᠠᠢ᠌ᠨ ᠡᠴᠢᠬᠡ ᠶᠢᠰᠦᠬᠡᠢ ᠪᠠᠭᠠᠳᠣᠷ ᠮᠢᠨᠣ ᠪᠣᠳᠠᠷᠠᠭᠰᠠᠨ ᠣᠯᠣᠰ ᠢ ᠠᠪᠣᠷᠠᠵᠣ ᠴᠣᠭᠯᠠᠭᠣᠯᠵᠣ ᠦᠭ᠍ᠬᠥᠭ᠍ᠰᠡᠨ ᠪᠢᠯᠠ᠃ ᠣᠳᠣ ᠬᠦᠪᠡᠬᠥᠨ ᠲᠠᠮᠣᠵᠢᠨ ᠪᠠᠰᠠ ᠲᠥᠷᠪᠡᠨ ᠬᠦᠯᠥᠭ ᠪᠠᠭᠠᠳᠣᠷ ᠶᠢᠠᠨ ᠶᠠᠪᠣᠭᠣᠯᠵᠣ᠂ ᠮᠢᠨᠣ ᠠᠯᠳᠠᠭᠳᠠᠭᠰᠠᠨ ᠣᠯᠣᠰ ᠢ ᠠᠪᠴᠢᠷᠠᠵᠣ ᠣᠯᠵᠣ ᠦᠭ᠍ᠪᠡ᠃ ᠠᠴᠢ ᠬᠠᠷᠢᠭᠣᠯᠬᠣ ᠶᠢ ᠲᠡᠭ᠍ᠷᠢ ᠭᠠᠵᠠᠷ ᠤᠨ ᠢᠪᠡᠬᠡᠯ ᠮᠡᠳᠡᠲᠦᠬᠡᠢ》 ᠬᠡᠪᠡ᠃
164᠂ ᠪᠠᠰᠠ ᠸᠠᠩ ᠬᠠᠨ ᠦᠬᠥᠯᠡᠷᠥᠨ᠄
《ᠠᠨᠳᠠ ᠶᠢᠰᠦᠬᠡᠢ ᠪᠠᠭᠠᠳᠣᠷ ᠮᠢᠨᠢ
ᠠᠯᠳᠠᠭᠳᠠᠨ ᠪᠠᠷᠠᠭᠰᠠᠨ ᠣᠯᠣᠰ ᠢ ᠮᠢᠨᠢ
ᠠᠪᠣᠷᠠᠵᠣ ᠴᠣᠭᠯᠠᠭᠣᠯᠵᠣ ᠦᠭ᠍ᠬᠥᠭ᠍ᠰᠡᠨ ᠪᠢᠯᠠ᠂
ᠲᠡᠬᠥᠨ ᠤ ᠣᠣᠭᠠᠨ ᠬᠦᠪᠡᠬᠥᠨ
ᠲᠠᠮᠣᠵᠢᠨ ᠴᠢᠩᠬᠢᠰ ᠬᠠᠭᠠᠨ
ᠲᠠᠨᠣᠵᠣ ᠪᠣᠳᠠᠷᠠᠭᠰᠠᠨ ᠣᠯᠣᠰ ᠢ ᠮᠢᠨᠢ
ᠲᠡᠳᠬᠥᠵᠦ ᠬᠣᠷᠢᠶᠠᠵᠣ ᠦᠭ᠍ᠪᠡ᠃
ᠡᠨᠠ ᠡᠴᠢᠬᠡ ᠬᠦᠪᠡᠬᠥᠨ ᠬᠣᠶᠠᠷ ᠡᠯ᠎ᠠ ᠣᠯᠣᠰ ᠢ ᠮᠢᠨᠢ ᠲᠡᠳᠬᠥᠵᠦ
ᠬᠡᠨ ᠤ ᠲᠥᠯᠣᠬᠡ ᠵᠢᠣᠠᠬᠥᠵᠦ
ᠶᠠᠭᠣᠨ ᠤ ᠲᠥᠯᠣᠬᠡ ᠵᠤᠪᠠᠵᠣ ᠪᠠᠢ᠌ᠭ᠎ᠠ ᠪᠢᠯᠠ︖
ᠦᠳᠡᠯᠥᠭᠰᠡᠨ ᠡᠪᠥᠬᠡᠨ ᠪᠢ
ᠦᠨᠳᠥᠷ ᠠᠭᠣᠯᠠ ᠶᠢ ᠲᠥᠰᠢᠵᠦ
ᠡᠪᠠᠰᠣ ᠬᠠᠭᠳᠠ ᠶᠢ ᠲᠠᠷᠠᠯᠠᠵᠣ
ᠦᠬᠡᠳᠡ ᠪᠣᠯᠵᠣ ᠣᠳᠣᠪᠠᠯ
ᠦᠨᠢᠷ ᠣᠯᠠᠨ ᠣᠯᠣᠰ ᠢ ᠮᠢᠨᠢ
ᠦᠪᠯᠡᠨ ᠬᠡᠨ ᠡᠵᠡᠯᠠᠬᠥ ᠪᠣᠢ︖
ᠬᠠᠨ ᠲᠣᠭᠣᠷᠢᠯ ᠪᠢ
ᠬᠠᠨᠠᠳᠣ ᠬᠡᠷ ᠡᠴᠡ ᠰᠠᠯᠵᠣ
ᠬᠠᠳᠠᠳᠣ ᠬᠡᠷ ᠲᠤ ᠣᠴᠢᠪᠠᠯ
ᠬᠠᠮᠣᠭ ᠬᠣᠷᠢᠶᠠᠭᠰᠠᠨ ᠣᠯᠣᠰ ᠢ ᠮᠢᠨᠢ
ᠬᠠᠷᠠᠵᠣ ᠬᠠᠮᠠᠭᠠᠯᠠᠵᠣ ᠪᠠᠢ᠌ᠬᠣ ᠬᠦᠮᠥᠨ
ᠬᠠᠮᠢᠭ᠎ᠠ ᠬᠡᠨ ᠪᠠᠢ᠌ᠬᠣ ᠪᠢᠯᠠ︖
ᠡᠵᠠᠨ ᠲᠣᠭᠣᠷᠢᠯ ᠪᠢ
ᠢᠰᠠᠬᠡᠢ ᠬᠡᠷ ᠡᠴᠡ ᠬᠣᠯᠠᠳᠴᠣ
ᠡᠩᠬᠡᠷ ᠬᠡᠷ ᠲᠤ ᠣᠴᠢᠪᠠᠯ
ᠡᠩᠬᠥᠷᠡᠢ᠌ᠯᠡᠵᠦ ᠬᠣᠷᠢᠶᠠᠭᠰᠠᠨ ᠣᠯᠣᠰ ᠢ ᠮᠢᠨᠢ
ᠡᠵᠠᠯᠠᠵᠣ ᠬᠡᠨ ᠵᠠᠬᠢᠷᠠᠬᠣ ᠪᠢᠯᠠ︖
ᠲᠥᠷᠥᠭᠰᠡᠨ ᠲᠡᠬᠥᠤ ᠨᠡᠷ ᠪᠠᠢ᠌ᠪᠠᠴᠣ
ᠲᠥᠷᠤ ᠪᠠᠷᠢᠵᠣ ᠴᠢᠳᠠᠬᠣ ᠦᠭᠡᠶ
ᠲᠦᠪ ᠰᠠᠢ᠌ᠨ ᠠᠪᠣᠷᠢ ᠦᠭᠡᠶ
ᠲᠦᠪᠡᠭ᠌ ᠶᠡᠬᠡᠳᠡᠢ ᠬᠦᠮᠥᠨ ᠪᠣᠢ᠂
ᠭᠠᠭᠴᠠ ᠬᠦᠪᠡᠬᠥᠨ ᠰᠠᠩᠬᠥᠮ ᠪᠠᠢ᠌ᠪᠠᠴᠣ᠂ ᠲᠡᠬᠥᠨ ᠳᠤ ᠬᠠᠨᠢ ᠪᠣᠯᠬᠣ ᠬᠦᠮᠥᠨ ᠦᠭᠡᠶ ᠲᠣᠯᠠ ᠲᠠᠮᠣᠵᠢᠨ ᠢ ᠰᠠᠩᠬᠥᠮ ᠤᠨ ᠡᠠᠬ᠎ᠠ ᠪᠣᠯᠭᠠᠵᠣ᠂ ᠬᠣᠶᠠᠷ ᠬᠦᠪᠡᠬᠥᠨ ᠲᠡᠶ ᠪᠣᠯᠣᠭᠠᠳ ᠰᠠᠳᠬᠢᠯ ᠠᠮᠣᠷ ᠰᠠᠭᠣᠶᠠ》 ᠬᠡᠪᠡ᠃ ᠲᠡᠬᠡᠬᠡᠥᠨ ᠴᠢᠩᠬᠢᠰ ᠬᠠᠭᠠᠨ ᠸᠠᠩ ᠬᠠᠨ ᠬᠣᠶᠠᠷ᠂ ᠲᠣᠣᠯᠠ ᠭᠣᠣᠯ ᠤᠨ ᠬᠠᠷ᠎ᠠ ᠰᠢᠭᠣᠢ ᠳᠤ ᠨᠠᠢ᠌ᠯᠠᠵᠣ ᠡᠴᠢᠬᠡ ᠬᠦᠪᠡᠬᠥᠨ ᠪᠣᠯᠵᠣ ᠶᠣᠰᠣᠯᠠᠪᠠ᠃ ᠡᠷᠳᠠ ᠡᠳᠣᠷ ᠶᠢᠰᠦᠬᠡᠢ ᠪᠠᠭᠠᠳᠣᠷ ᠲᠡᠶ ᠸᠠᠩ ᠬᠠᠨ ᠠᠨᠳᠠ ᠪᠣᠯᠣᠯᠴᠠᠭᠰᠠᠨ ᠲᠣᠯᠠ ᠸᠠᠩ ᠬᠠᠨ ᠢ ᠡᠴᠢᠬᠡ ᠮᠠᠳᠣ ᠦᠵᠡᠵᠦ᠂ ᠡᠢ᠌ᠠᠬᠥ ᠡᠴᠢᠬᠡ ᠬᠦᠪᠡᠬᠥᠨ ᠪᠣᠯᠣᠯᠴᠠᠭᠰᠠᠨ ᠪᠢᠯᠠ᠃ ᠡᠨᠠ ᠲᠣᠬᠠᠢ ᠬᠡᠯᠡᠯᠴᠡᠭ᠍ᠰᠡᠨ ᠦᠬᠡ ᠨᠢ᠄
《ᠬᠠᠷᠢ ᠲᠠᠢ᠌ᠰᠣᠨ ᠲᠡᠶ ᠲᠣᠯᠬᠣ ᠳᠤ
ᠬᠠᠮᠳᠣ ᠨᠠᠢ᠌ᠯᠠᠵᠣ ᠪᠠᠢ᠌ᠯᠳᠣᠶ᠎ᠠ
ᠬᠠᠳᠠᠨ ᠤ ᠬᠦᠷᠥᠬᠡᠰᠦ ᠶᠢ ᠠᠪᠠᠯᠠᠬᠣ ᠳᠤ
ᠬᠠᠪᠰᠣᠷᠴᠣ ᠨᠠᠢ᠌ᠯᠠᠵᠣ ᠶᠠᠪᠣᠶ᠎ᠠ》 ᠬᠡᠪᠡ᠃
ᠪᠠᠰᠠ᠂ ᠴᠢᠩᠬᠢᠰ ᠬᠠᠭᠠᠨ᠂ ᠸᠠᠩ ᠬᠠᠨ ᠬᠣᠶᠠᠷ ᠬᠡᠯᠡᠪᠡ᠄
《ᠬᠣᠣᠷᠠᠳᠣ ᠮᠣᠭᠠᠢ ᠶᠢᠨ ᠬᠡᠯᠡ
ᠬᠣᠭᠣᠷᠣᠠᠳᠣ ᠮᠢᠨᠢ ᠬᠠᠳᠬᠣᠵᠣ
ᠬᠣᠪ ᠵᠢᠪ ᠣᠷᠣᠭᠣᠯᠪᠠᠯ
ᠬᠤᠯᠠᠳᠴᠤ ᠰᠠᠯᠣᠯ ᠦᠭᠡᠶ᠂ ᠬᠠᠷᠢᠨ
ᠬᠣᠶᠠᠷ ᠨᠢᠭᠣᠷ ᠶᠢᠠᠷ ᠣᠴᠠᠷᠠᠵᠣ
ᠬᠣᠣᠷ᠎ᠠ ᠬᠦᠨᠦᠬᠡᠯ ᠢ ᠲᠠᠰᠣᠯᠠᠵᠣ ᠪᠠᠢ᠌ᠶ᠎ᠠ᠂
ᠠᠷᠠᠭᠠᠳᠣ ᠮᠣᠭᠠᠢ ᠶᠢᠨ ᠰᠢᠳᠣ
ᠠᠮᠠᠷᠠᠭ ᠤᠨ ᠬᠣᠭᠣᠷᠣᠠᠳᠣ ᠣᠷᠣᠵᠣ
ᠡᠶ᠎ᠡ ᠡᠪ ᠢ ᠡᠪᠳᠠᠪᠠᠯ
ᠠᠳᠠᠭᠠᠳᠠᠨ ᠰᠠᠳᠬᠢᠯ ᠲᠥᠷᠥᠯ ᠦᠭᠡᠶ
ᠠᠮᠨ ᠬᠡᠯᠡ ᠪᠠᠷ ᠶᠢᠠᠨ ᠠᠭᠣᠯᠵᠠᠨ ᠶᠠᠷᠢᠵᠣ
ᠠᠯᠢᠪᠠ ᠣᠴᠢᠷ ᠢ ᠣᠯᠵᠣ ᠪᠠᠢ᠌ᠶ᠎ᠠ》
ᠬᠡᠵᠦ ᠪᠠᠳᠣ ᠦᠬᠡ ᠪᠠᠷ ᠪᠠᠷᠢᠯᠳᠣᠵᠣ᠂ ᠠᠮᠠᠷᠠᠭᠯᠠᠨ ᠶᠠᠪᠣᠪᠠ᠃
165᠂ ᠲᠡᠬᠥᠨ ᠤ ᠬᠤᠢ᠌ᠨ᠎ᠠ᠂ ᠠᠮᠠᠷᠠᠭ ᠲᠡᠬᠡᠷ᠎ᠡ ᠳᠠᠪᠬᠤᠷ ᠠᠮᠠᠷᠠᠭ ᠪᠣᠯᠣᠶ᠎ᠠ ᠬᠡᠵᠦ ᠴᠢᠩᠬᠢᠰ ᠬᠠᠭᠠᠨ ᠰᠠᠳᠬᠢᠵᠣ᠂ ᠵᠦᠴᠢ ᠳᠤ ᠰᠠᠩᠬᠥᠮ ᠤᠨ ᠲᠡᠬᠥᠤ ᠴᠠᠭᠣᠷ ᠪᠠᠬᠢ ᠶᠢ ᠭᠣᠶᠣᠵᠣ᠂ ᠪᠠᠰᠠ ᠰᠠᠩᠬᠥᠮ ᠤᠨ ᠬᠦᠪᠡᠬᠥᠨ ᠲᠣᠰᠠᠬᠠ ᠳᠤ ᠦᠪᠡᠷ ᠤᠨ ᠬᠣᠵᠢᠨ ᠪᠠᠬᠢ ᠶᠢ ᠠᠷᠠᠯᠵᠢᠨ ᠦᠭ᠍ᠬᠥᠢ᠎ᠡ ᠬᠡᠵᠦ ᠭᠣᠶᠣᠪᠠᠯ᠂ ᠰᠠᠩᠬᠥᠮ ᠪᠠᠶ᠎ᠠ ᠪᠠᠨ ᠶᠡᠬᠡᠮᠰᠦᠭ᠍ᠯᠡᠨ ᠰᠠᠳᠬᠢᠵᠣ ᠦᠬᠥᠯᠡᠷᠥᠨ᠄ 《ᠮᠢᠨᠣ ᠣᠷᠣᠭ ᠲᠠᠳᠠᠨ ᠤ ᠳᠤ ᠣᠴᠢᠪᠠᠯ᠂ ᠢᠮᠠᠭᠳᠠ ᠬᠠᠳᠠᠪᠴᠢᠨ ᠳᠤ ᠬᠣᠢ᠌ᠮᠣᠷ ᠬᠠᠷᠠᠵᠣ ᠰᠠᠭᠣᠬᠣ ᠪᠣᠯᠣᠨ᠎ᠠ᠃ ᠲᠠᠳᠠᠨ ᠤ ᠣᠷᠣᠭ ᠪᠢᠳᠠᠨ ᠳᠤ ᠢᠷᠠᠪᠠᠯ᠂ ᠬᠣᠢ᠌ᠮᠣᠷ ᠰᠠᠭᠣᠵᠣ ᠬᠠᠳᠠᠪᠴᠢ ᠬᠠᠷᠠᠬᠣ ᠪᠣᠯᠣᠨ᠎ᠠ》 ᠬᠡᠵᠦ ᠶᠡᠬᠡᠮᠰᠦᠭ᠍ᠯᠡᠨ᠂ ᠪᠢᠳᠠᠨ ᠢ ᠲᠣᠷᠣᠮᠵᠢᠯᠠᠨ ᠬᠡᠯᠡᠵᠦ᠂ ᠴᠠᠭᠣᠷ ᠪᠠᠬᠢ ᠲᠡᠬᠥᠤ ᠪᠠᠨ ᠦᠭ᠍ᠬᠥ ᠶᠢ ᠵᠦᠪᠰᠢᠶᠡᠷᠡᠭ᠍ᠰᠡᠨ ᠦᠬᠡᠢ᠃ ᠡᠬᠥᠨ ᠳᠤ ᠴᠢᠩᠬᠢᠰ ᠬᠠᠭᠠᠨ ᠲᠣᠳᠣᠷ᠎ᠠ ᠪᠠᠨ ᠸᠠᠩ ᠬᠠᠨ᠂ ᠨᠢᠯᠬ᠎ᠠ ᠰᠠᠩᠬᠥᠮ ᠬᠣᠶᠠᠷ ᠲᠤ ᠲᠤᠷ᠎ᠠ ᠦᠭᠡᠶ ᠪᠣᠯᠵᠠᠢ᠃
166᠂ ᠲᠡᠬᠡᠵᠦ ᠲᠤᠷ᠎ᠠ ᠦᠭᠡᠶ ᠪᠣᠯᠣᠯᠴᠠᠭᠰᠠᠨ ᠢ ᠵᠠᠮᠣᠬ᠎ᠠ ᠮᠠᠳᠠᠵᠣ᠂ ᠭᠠᠬᠠᠢ ᠵᠢᠯ ᠤᠨ (1203 ᠤᠨ) ᠬᠠᠪᠣᠷ ᠵᠠᠮᠣᠬ᠎ᠠ᠂ ᠠᠯᠳᠠᠨ᠂ ᠬᠣᠴᠠᠷ᠂ ᠬᠠᠷᠳᠠᠬᠢᠳᠠᠢ᠂ ᠡᠪᠥᠬᠡᠵᠢᠨ᠂ ᠨᠣᠶᠠᠬᠢᠨ᠂ ᠰᠦᠬᠡᠬᠡᠳᠡᠢ ᠲᠣᠭᠣᠷᠢᠯ᠂ ᠬᠠᠴᠢᠭᠣᠨ ᠪᠠᠬᠢ ᠨᠡᠷ ᠡᠶᠠᠯᠳᠣᠨ ᠨᠠᠢ᠌ᠯᠠᠯᠳᠣᠵᠣ ᠨᠡᠬᠥᠬᠡᠥᠨ ᠵᠡᠵᠡᠭᠡᠷ ᠦᠨᠳᠥᠷ ᠤᠨ ᠬᠢᠷ᠎ᠠ ᠶᠢᠨ ᠪᠡᠷᠬᠡ ᠡᠯᠠᠳ ᠲᠤ ᠣᠴᠢᠵᠣ ᠨᠢᠯᠬ᠎ᠠ ᠰᠠᠩᠬᠥᠮ ᠲᠡᠶ ᠠᠭᠣᠯᠵᠠᠭᠠᠳ᠂ ᠵᠠᠮᠣᠬ᠎ᠠ ᠬᠣᠪᠯᠠᠨ ᠦᠬᠥᠯᠡᠷᠥᠨ᠄ 《ᠮᠢᠨᠣ ᠠᠨᠳᠠ ᠲᠠᠮᠣᠵᠢᠨ᠂ ᠨᠢ᠋ᠮᠠᠨ ᠤ ᠲᠠᠶᠠᠨ ᠬᠠᠨ ᠳᠤ ᠡᠯᠴᠢ ᠢᠯᠡᠬᠡᠵᠦ ᠦᠷᠬᠥᠯᠵᠢ ᠬᠠᠷᠢᠯᠴᠠᠭᠠᠳᠠᠢ ᠪᠠᠢ᠌ᠳᠠᠭ ᠪᠢᠯᠠ᠃
ᠲᠠᠷᠠ᠂
ᠠᠮᠨ ᠬᠡᠯᠡᠨ ᠳᠡᠭᠡᠨ
ᠠᠪᠣ ᠬᠦᠪᠡᠬᠥᠨ ᠬᠡᠳᠡᠭ ᠪᠣᠯᠪᠠᠴᠣ
ᠠᠪᠣᠷᠢ ᠰᠠᠨᠠᠭ᠎ᠠ ᠨᠢ
ᠠᠳᠠᠪᠢᠰᠢ ᠦᠬᠡᠷ᠎ᠡ ᠪᠢᠰᠢᠤ
ᠲᠡᠬᠥᠨ ᠳᠤ ᠢᠳᠡᠬᠡᠵᠦ ᠪᠠᠢ᠌ᠨ᠎ᠠ ᠦᠦ︖ ᠬᠣᠵᠢᠭᠳᠠᠪᠠᠯ ᠲᠠ ᠨᠡᠷ ᠶᠠᠭᠣ ᠪᠣᠯᠬᠣ ᠪᠠᠨ ᠮᠠᠳᠠᠵᠣ ᠪᠠᠢ᠌ᠨ᠎ᠠ ᠦᠦ︖ ᠲᠠ ᠨᠡᠷ ᠲᠠᠮᠣᠵᠢᠨ ᠲ᠋ᠠᠢ ᠪᠠᠢ᠌ᠯᠳᠣᠬᠣ ᠪᠠᠷ ᠮᠣᠷᠳᠠᠪᠠᠯ ᠪᠢ ᠬᠠᠵᠠᠭᠣ ᠡᠴᠡ ᠣᠷᠣᠯᠴᠠᠶ᠎ᠠ》 ᠬᠡᠵᠡᠢ᠃ ᠠᠯᠳᠠᠨ ᠬᠣᠴᠠᠷ ᠬᠣᠶᠠᠷ ᠦᠬᠥᠯᠡᠷᠥᠨ᠄ 《ᠪᠢᠳᠠ᠄
ᠦᠬᠡᠯᠥᠨ ᠡᠬᠡ ᠶᠢᠨ ᠦᠨᠦᠴᠢᠨ ᠬᠦᠪᠡᠭᠦᠳ ᠤᠨ
ᠡᠠᠬ᠎ᠠ ᠶᠢ ᠨᠢ ᠠᠯᠠᠵᠣ
ᠲᠡᠬᠥᠤ ᠶᠢ ᠨᠢ ᠲᠡᠬᠥᠵᠢᠯᠡᠵᠦ ᠦᠭ᠍ᠬᠥᠢ᠎ᠡ》 ᠬᠡᠵᠡᠢ᠃
ᠬᠠᠷᠳᠠᠬᠢᠳᠠᠢ ᠡᠪᠥᠬᠡᠵᠢᠨ ᠨᠣᠶᠠᠬᠢᠨ ᠦᠬᠥᠯᠡᠷᠥᠨ᠄
《ᠭᠠᠷ ᠢ ᠨᠢ ᠪᠠᠷᠢᠵᠣ
ᠬᠦᠯ ᠢ ᠨᠢ ᠬᠦᠯᠢᠵᠦ
ᠦᠭ᠍ᠬᠥᠢ᠎ᠡ》 ᠬᠡᠵᠡᠢ᠃ ᠲᠣᠭᠣᠷᠢᠯ ᠦᠬᠥᠯᠡᠷᠥᠨ᠄ 《ᠠᠷᠭ᠎ᠠ ᠰᠦᠪᠡᠭ᠍ᠴᠢᠯᠡᠵᠦ ᠲᠠᠮᠣᠵᠢᠨ ᠤ ᠣᠯᠣᠰ ᠢ ᠪᠣᠯᠢᠶᠠᠵᠣ ᠠᠪᠣᠶ᠎ᠠ᠂ ᠣᠯᠣᠰ ᠶᠢᠠᠨ ᠠᠪᠳᠠᠪᠠᠯ ᠲᠠᠷᠠ ᠶᠠᠭᠠᠬᠢᠬᠣ ᠴᠤ ᠠᠷᠭ᠎ᠠ ᠦᠭᠡᠶ ᠪᠣᠯᠣᠨ᠎ᠠ》 ᠬᠡᠵᠡᠢ᠃ ᠬᠠᠴᠢᠭᠣᠨ ᠪᠠᠬᠢ ᠦᠬᠥᠯᠡᠷᠥᠨ᠄ 《ᠨᠢᠯᠬ᠎ᠠ ᠰᠠᠩᠬᠥᠮ ᠬᠦᠪᠡᠬᠥᠨ ᠴᠢᠮᠢ᠋ᠢ ᠰᠠᠳᠬᠢᠵᠣ᠂ ᠴᠢᠨᠣ ᠲᠥᠯᠣᠬᠡ ᠣᠷᠳᠣ ᠶᠢᠨ ᠦᠵᠦᠬᠥᠷ ᠲᠤ᠂ ᠬᠦᠨ ᠤ ᠢᠷᠣᠭᠠᠷ ᠲᠤ ᠬᠦᠷᠬᠥ ᠡᠴᠡ ᠪᠣᠴᠠᠬᠣ ᠦᠭᠡᠶ》 ᠬᠡᠵᠡᠢ᠃
167᠂ ᠡᠳᠡᠬᠡᠷ ᠦᠬᠡ ᠶᠢ ᠨᠢᠯᠬ᠎ᠠ ᠰᠠᠩᠬᠥᠮ᠂ ᠡᠴᠢᠬᠡ ᠸᠠᠩ ᠬᠠᠨ ᠳᠠᠭᠠᠨ ᠰᠠᠢ᠌ᠬᠠᠨ ᠲᠦᠳᠡᠬᠡᠨ ᠬᠡᠭ᠍ᠴᠢ ᠬᠦᠮᠥᠨ ᠶᠢᠠᠷ ᠬᠡᠯᠡᠵᠦ ᠢᠯᠡᠬᠡᠪᠡ᠃ ᠡᠨᠠ ᠦᠬᠡ ᠶᠢ ᠸᠠᠩ ᠬᠠᠨ ᠰᠣᠨᠣᠰᠣᠭᠠᠳ ᠦᠬᠥᠯᠡᠷᠥᠨ᠄ 《ᠲᠠᠮᠣᠵᠢᠨ ᠬᠦᠪᠡᠬᠥᠨ ᠳᠤ ᠲᠠᠢ᠌ᠮᠣ ᠮᠠᠭᠣ ᠰᠠᠳᠬᠢᠵᠣ ᠶᠠᠭᠠᠬᠢᠵᠣ ᠪᠣᠯᠣᠨ᠎ᠠ︖ ᠪᠢᠳᠠ᠂ ᠲᠠᠮᠣᠵᠢᠨ ᠬᠦᠪᠡᠬᠥᠨ ᠶᠢᠠᠷ ᠲᠣᠯᠭᠠᠭᠣᠷᠢ ᠪᠣᠯᠭᠠᠵᠣ ᠪᠠᠢ᠌ᠭ᠎ᠠ ᠠᠳᠠᠯ᠎ᠠ᠂ ᠲᠡᠬᠥᠨ ᠳᠤ ᠮᠠᠭᠣ ᠰᠠᠨᠠᠪᠠᠯ ᠲᠡᠭ᠍ᠷᠢ ᠪᠢᠳᠠᠨ ᠢ ᠲᠠᠭᠠᠯᠠᠬᠣ ᠦᠭᠡᠶ᠂ ᠵᠠᠮᠣᠬ᠎ᠠ ᠬᠡᠵᠢᠶᠡᠨ ᠡᠴᠡ ᠲᠠᠨᠣᠮᠠᠯ ᠴᠠᠯᠴᠢᠶ᠎ᠠ ᠬᠦᠮᠥᠨ ᠪᠢᠯᠠ᠃ ᠲᠠᠷᠠ ᠲᠠᠮᠠᠢ ᠵᠦᠪ ᠪᠣᠷᠣᠭᠣ ᠦᠬᠡ ᠬᠡᠯᠡᠵᠦ ᠪᠠᠢ᠌ᠨ᠎ᠠ》 ᠬᠡᠵᠦ ᠡᠰᠠ ᠲᠠᠭᠠᠯᠠᠨ ᠪᠣᠴᠠᠭᠠᠵᠠᠢ᠃ ᠪᠠᠰᠠ ᠰᠠᠩᠬᠥᠮ ᠤᠨ ᠬᠡᠯᠡᠬᠥᠯᠥᠭᠰᠡᠨ ᠨᠢ᠄ 《ᠠᠮᠢᠳᠣ ᠬᠦᠮᠥᠨ᠂ ᠠᠮᠨ ᠬᠡᠯᠡ ᠪᠠᠷ ᠶᠢᠠᠨ ᠬᠡᠯᠡᠵᠦ ᠪᠠᠢ᠌ᠬᠣ ᠳᠤ ᠠᠪᠣ ᠲᠠ ᠶᠠᠭᠠᠬᠢᠭᠠᠳ ᠢᠳᠡᠬᠡᠳᠡᠭ ᠦᠭᠡᠶ ᠪᠢᠯᠠ︖》 ᠬᠡᠵᠦ ᠲᠠᠬᠢᠨ ᠬᠦᠮᠥᠨ ᠶᠠᠪᠣᠭᠣᠯᠵᠣ ᠬᠡᠯᠡᠬᠥᠯᠵᠦ ᠶᠠᠳᠠᠭᠠᠳ ᠡᠴᠣᠰ ᠲᠣᠨᠢ ᠦᠪᠡᠷ ᠤᠨ ᠪᠠᠶ᠎ᠠ ᠪᠠᠷ ᠢᠷᠠᠵᠣ ᠡᠴᠢᠬᠡ ᠳᠡᠭᠡᠨ ᠦᠬᠥᠯᠡᠷᠥᠨ᠄ 《ᠣᠳᠣ ᠴᠢᠮᠢ᠋ᠢ ᠠᠮᠢᠳᠣ ᠪᠠᠢ᠌ᠬᠣ ᠳᠤ ᠪᠢᠳᠠᠨ ᠢ ᠲᠠᠷᠠ ᠲᠣᠭᠣᠮᠰᠣᠷᠯᠠᠬᠣ ᠦᠭᠡᠶ ᠪᠠᠢ᠌ᠨ᠎ᠠ᠂ ᠬᠡᠷᠪᠡ ᠬᠠᠨ ᠡᠴᠢᠬᠡ ᠴᠢᠮᠢ᠋ᠢ ᠴᠠᠭᠠᠨ ᠢᠳᠡᠬᠡᠨ ᠳᠤ ᠴᠠᠴᠠᠵᠣ᠂ ᠬᠠᠷ᠎ᠠ ᠮᠢᠬᠠᠨ ᠳᠤ ᠬᠠᠬᠠᠪᠠᠯ᠂ ᠬᠤᠷᠴᠠᠬᠤᠰ ᠪᠤᠢ᠌ᠷᠤᠭ ᠬᠠᠨ ᠡᠴᠢᠬᠡ ᠶᠢᠨ ᠵᠤᠪᠠᠵᠣ ᠬᠣᠷᠢᠶᠠᠭᠰᠠᠨ ᠣᠯᠣᠰ᠂ ᠵᠦᠳᠡᠵᠦ ᠪᠠᠢ᠌ᠭᠣᠯᠣᠭᠰᠠᠨ ᠲᠥᠷᠤ ᠶᠢ ᠴᠢᠨᠢ ᠪᠢᠳᠠᠨ ᠳᠤ ᠮᠡᠳᠡᠬᠥᠯᠬᠥ ᠦᠭᠡᠶ ᠪᠣᠯᠭᠣᠵᠠᠢ》 ᠬᠡᠵᠡᠢ᠃ ᠸᠠᠩ ᠬᠠᠨ ᠦᠬᠥᠯᠡᠷᠥᠨ᠄ 《ᠦᠷ᠎ᠡ ᠬᠦᠪᠡᠬᠥᠨ ᠶᠢᠠᠨ ᠶᠠᠭᠠᠬᠢᠵᠣ ᠬᠦᠨᠦᠬᠡᠬᠥ ᠪᠣᠢ︖ ᠦᠨᠡᠬᠡᠷ ᠲᠣᠯᠭᠠᠭᠣᠷᠢ ᠪᠣᠯᠵᠣ ᠪᠠᠢ᠌ᠭ᠎ᠠ ᠬᠦᠮᠥᠨ ᠳᠤ ᠮᠠᠭᠣ ᠰᠠᠳᠬᠢᠪᠠᠯ᠂ ᠲᠡᠭ᠍ᠷᠢ ᠪᠢᠳᠠᠨ ᠢ ᠦᠯᠤ ᠲᠠᠭᠠᠯᠠᠬᠣ ᠪᠣᠯᠣᠨ᠎ᠠ》 ᠬᠡᠪᠡᠯ᠂ ᠬᠦᠪᠡᠬᠥᠨ ᠨᠢᠯᠬ᠎ᠠ ᠰᠠᠩᠬᠥᠮ ᠠᠭᠣᠷᠯᠠᠵᠣ ᠡᠬᠥᠳᠡ ᠬᠠᠶᠠᠨ ᠭᠠᠷᠪᠠ᠃ ᠵᠢᠴᠢ᠂ ᠸᠠᠩ ᠬᠠᠨ᠂ ᠬᠦᠪᠡᠬᠥᠨ ᠰᠠᠩᠬᠥᠮ ᠢ ᠬᠠᠢ᠌ᠷᠠᠯᠠᠵᠣ ᠣᠷᠢᠵᠣ ᠢᠷᠡᠬᠥᠯᠦᠬᠡᠥᠨ ᠦᠬᠥᠯᠡᠷᠥᠨ᠄ 《ᠲ᠋ᠡᠭ᠍ᠷᠢ ᠳᠤ ᠦᠯᠤ ᠲᠠᠭᠠᠯᠠᠭᠳᠠᠬᠣ ᠡᠴᠡ ᠠᠶᠣᠵᠣ ᠬᠦᠪᠡᠬᠥᠨ ᠶᠢᠠᠨ ᠶᠠᠭᠠᠬᠢᠵᠣ ᠬᠦᠨᠦᠬᠡᠬᠥ ᠪᠣᠢ︖ ᠬᠡᠰᠡᠨ ᠪᠢᠯᠠ᠃ ᠲ᠋ᠨ ᠨᠡᠷ ᠴᠢᠳᠠᠬᠣ ᠪᠣᠯ ᠶᠠᠭᠣ ᠦᠢᠯᠡᠳᠬᠥ ᠪᠠᠨ ᠦᠪᠡᠷᠰᠠᠥᠨ ᠶᠢᠠᠨ ᠮᠡᠳᠡᠲᠦᠬᠡᠢ》 ᠬᠡᠵᠡᠢ᠃
168᠂ ᠲᠠᠠᠳᠠ ᠡᠴᠡ ᠰᠠᠩᠬᠥᠮ ᠦᠬᠥᠯᠡᠷᠥᠨ᠄ 《ᠮᠦᠨᠦᠬᠡᠨ ᠲᠠᠳᠠ ᠮᠠᠨ ᠤ ᠴᠠᠭᠣᠷ ᠪᠠᠬᠢ ᠶᠢ ᠭᠣᠶᠣᠵᠣ ᠪᠠᠢ᠌ᠭᠰᠠᠨ ᠪᠢᠯᠠ᠃ ᠣᠳᠣ 〈ᠪᠠᠭᠠᠯᠵᠣᠷ ᠢᠳᠠ〉 ᠬᠡᠵᠦ ᠡᠳᠣᠷ ᠪᠣᠯᠵᠣᠵᠣ ᠢᠷᠡᠬᠥᠯᠦᠬᠡᠥᠨ ᠲᠡᠬᠥᠨ ᠢ ᠪᠠᠷᠢᠵᠣ ᠠᠪᠣᠶ᠎ᠠ》 ᠬᠡᠪᠡ᠃ (《ᠪᠠᠭᠠᠯᠵᠣᠷ ᠢᠳᠡᠬᠥ》 ᠬᠡᠬᠥ ᠨᠢ ᠬᠣᠨᠢᠨ ᠤ ᠪᠠᠭᠠᠯᠵᠣᠷ ᠮᠢᠬ᠎ᠠ ᠶᠢ ᠢᠳᠠ ᠬᠡᠰᠡᠨ ᠦᠬᠡ ᠪᠢᠵᠠ᠃ ᠵᠠᠯᠠᠭᠣ ᠡᠷ᠎ᠡ ᠡᠮ᠎ᠡ ᠬᠡᠷᠯᠡᠭ᠍ᠰᠡᠨ ᠡᠳᠣᠷ ᠡᠴᠡ ᠡᠬᠢᠯᠠᠨ ᠭᠣᠷᠪᠠᠨ ᠬᠣᠨᠣᠭ ᠬᠣᠨᠢᠨ ᠤ ᠬᠦᠵᠦᠬᠥᠤ ᠪᠠᠭᠠᠯᠵᠣᠷ ᠢ ᠬᠣᠪᠢᠶᠠᠵᠣ ᠢᠳᠡᠬᠥ ᠵᠠᠩᠰᠢᠯ ᠮᠣᠩᠭ᠋ᠣᠯ ᠭᠠᠵᠠᠷ ᠣᠳᠣ ᠴᠤ ᠬᠦᠷᠳᠡᠯ᠎ᠡ ᠪᠠᠢ᠌ᠨ᠎ᠠ᠃ ᠬᠦᠵᠦᠬᠥᠤ ᠪᠠᠭᠠᠯᠵᠣᠷ ᠤᠨ ᠶᠠᠰᠣ ᠮᠠᠰᠢ ᠪᠠᠳᠣ ᠬᠡᠯᠬᠢᠢ᠎ᠡ ᠲᠡᠶ ᠪᠠᠢ᠌ᠳᠠᠭ ᠲᠣᠯᠠ ᠡᠬᠥᠪᠡᠷ ᠡᠷ᠎ᠠ ᠡᠮ᠎ᠠ ᠶᠢᠨ ᠪᠠᠳᠣ ᠬᠣᠯᠪᠣᠭ᠎ᠠ ᠶᠢ ᠪᠡᠯᠬᠡᠳᠡᠵᠡᠢ᠂ ᠡᠢ᠌ᠮᠣ ᠶᠢᠨ ᠲᠣᠯᠠ 《ᠪᠠᠭᠠᠯᠵᠣᠷ ᠢᠳᠠ》 ᠬᠡᠬᠥ ᠨᠢ ᠡᠷ᠎ᠡ ᠡᠮ᠎ᠠ ᠪᠣᠯᠬᠣ ᠬᠣᠷᠢᠮ ᠬᠢᠶ᠎ᠠ ᠬᠡᠰᠡᠨ ᠦᠬᠡ ᠪᠢᠵᠠ᠃) ᠲᠡᠬᠡᠵᠦ ᠬᠡᠯᠡᠯᠴᠡᠵᠦ ᠳᠤᠭᠳᠠᠭᠠᠳ 《ᠴᠠᠭᠣᠷ ᠪᠠᠬᠢ ᠶᠢ ᠦᠭ᠍ᠬᠥᠢ᠎ᠡ᠂ ᠪᠠᠭᠠᠯᠵᠣᠷ ᠢᠳᠡᠬᠥ ᠪᠠᠷ ᠢᠷᠡᠭ᠍ᠳᠥᠨ》 ᠬᠡᠵᠦ ᠴᠢᠩᠬᠢᠰ ᠲᠤ ᠬᠦᠮᠥᠨ ᠢᠯᠡᠬᠡᠪᠡ᠃ ᠲᠠᠷᠠ ᠶᠣᠰᠣ ᠪᠠᠷ ᠴᠢᠩᠬᠢᠰ ᠬᠠᠭᠠᠨ᠂ ᠠᠷᠪᠠᠨ ᠬᠦᠮᠥᠨ ᠲᠠᠭᠠᠭᠣᠯᠵᠣ᠂ ᠸᠠᠩ ᠬᠠᠨ ᠳᠤ ᠤᠴᠢᠬᠤ ᠵᠠᠮ ᠤᠨ ᠵᠠᠭᠣᠷ᠎ᠠ ᠮᠦᠩᠯᠢᠭ᠌ ᠡᠴᠢᠬᠡ ᠶᠢᠨ ᠬᠡᠷ ᠲᠤ ᠬᠣᠨᠣᠪᠠᠯ᠂ ᠮᠦᠩᠯᠢᠭ᠌ ᠡᠴᠢᠬᠡ ᠦᠬᠥᠯᠡᠷᠥᠨ᠄ 《ᠮᠦᠨᠦᠬᠡᠨ ᠪᠢᠳᠠ ᠴᠠᠭᠣᠷ ᠪᠠᠬᠢ ᠶᠢ ᠭᠣᠶᠣᠪᠠᠯ᠂ ᠪᠢᠳᠠᠨ ᠢ ᠲᠣᠷᠣᠮᠵᠢᠯᠠᠵᠣ ᠦᠭ᠍ᠬᠥᠭ᠍ᠰᠡᠨ ᠦᠭᠡᠶ ᠪᠢᠯᠠ᠃ ᠣᠳᠣ ᠪᠠᠭᠠᠯᠵᠣᠷ ᠢᠳᠠ ᠬᠡᠵᠦ ᠬᠡᠨᠡᠳᠳᠡ ᠤᠷᠢᠬᠤ ᠨᠢ ᠵᠢᠭ᠍ᠳᠡᠢ᠂ ᠰᠠᠢ᠌ᠬᠠᠨ ᠶᠡᠬᠡᠮᠰᠦᠭ᠍ᠯᠡᠨ ᠪᠢᠳᠠᠨ ᠢ ᠲᠣᠭᠣᠬᠣ ᠦᠭᠡᠶ ᠪᠠᠢ᠌ᠭᠰᠠᠨ ᠬᠦᠮᠥᠰ᠂ ᠬᠡᠨᠡᠳᠳᠡ ᠶᠠᠭᠠᠬᠢᠭᠠᠳ ᠴᠠᠭᠣᠷ ᠪᠠᠬᠢ ᠶᠢ ᠦᠭ᠍ᠬᠥ ᠪᠣᠯᠪᠠ︖ ᠡᠬᠥᠨ ᠳᠤ ᠰᠡᠵᠢᠭ᠍ᠳᠡᠢ ᠶᠠᠪᠣᠳᠠᠯ ᠪᠠᠢ᠌ᠨ᠎ᠠ᠃ ᠬᠦᠪᠡᠬᠥᠨ ᠴᠢ ᠪᠣᠯᠭᠣᠮᠵᠢᠯᠠᠬᠣ ᠬᠡᠷᠡᠭ᠍ᠳᠡᠢ᠃ ᠣᠳᠣ ᠬᠠᠪᠣᠷ ᠪᠣᠯᠪᠠ᠂ ᠪᠢᠳᠠᠨ ᠤ ᠠᠳᠣᠭᠣ ᠲᠣᠷᠠᠩᠬᠠᠢ ᠪᠠᠢ᠌ᠨ᠎ᠠ᠃ ᠠᠳᠣᠭᠣ ᠪᠠᠨ ᠲᠠᠷᠭᠣᠯᠠᠮᠠᠭᠴᠠ ᠣᠴᠢᠶ᠎ᠠ ᠬᠡᠵᠦ ᠰᠢᠯᠳᠠᠭᠯᠠᠵᠣ᠂ ᠡᠨᠠ ᠬᠡᠷᠡᠭ ᠢ ᠬᠤᠢ᠌ᠰᠢ ᠲᠠᠯᠪᠢᠪᠠᠯ ᠶᠠᠮᠠᠷ︖》 ᠬᠡᠰᠡᠨ ᠳᠤ ᠴᠢᠩᠬᠢᠰ ᠬᠠᠭᠠᠨ᠂ ᠲᠡᠬᠥᠨ ᠤ ᠦᠬᠡ ᠶᠢ ᠠᠪᠴᠣ ᠦᠪᠡᠷ ᠶᠢᠠᠨ ᠣᠴᠢᠭᠰᠠᠨ ᠦᠭᠡᠶ᠂ ᠪᠣᠬᠠᠳᠠᠢ᠂ ᠬᠢᠷᠠᠳᠠᠢ ᠬᠣᠶᠠᠷ ᠢ 《ᠪᠠᠭᠠᠯᠵᠣᠷ ᠢᠳᠠ》 ᠬᠡᠵᠦ ᠶᠠᠪᠣᠭᠣᠯᠣᠭᠠᠳ ᠴᠢᠩᠬᠢᠰ ᠬᠠᠭᠠᠨ᠂ ᠮᠦᠩᠯᠢᠭ᠌ ᠡᠴᠢᠬᠡ ᠶᠢᠨ ᠬᠡᠷ ᠡᠴᠡ ᠪᠣᠴᠠᠪᠠ᠃ ᠪᠣᠬᠠᠳᠠᠢ ᠬᠢᠷᠠᠳᠠᠢ ᠬᠣᠶᠠᠷ ᠢ ᠣᠴᠢᠮᠠᠭᠴᠠ᠂ ᠰᠠᠩᠬᠥᠮ ᠨᠡᠷ 《ᠪᠢᠳᠠᠨ ᠤ ᠬᠡᠷᠡᠭ ᠮᠡᠳᠡᠭ᠍ᠳᠡᠪᠡ᠂ ᠮᠠᠷᠭᠠᠰᠢ ᠡᠷᠳᠠ ᠬᠠᠮᠣᠷᠴᠣ ᠪᠠᠷᠢᠶ᠎ᠠ》 ᠬᠡᠪᠡ᠃
169᠂ ᠲᠡᠢ᠌ᠠᠬᠥ ᠪᠠᠷᠢᠬᠤ ᠬᠡᠵᠦ ᠬᠡᠯᠡᠯᠴᠡᠵᠦ ᠲᠣᠭᠳᠠᠭᠰᠠᠨ ᠢ ᠠᠯᠳᠠᠨ ᠤ ᠲᠡᠬᠥᠤ ᠶᠡᠬᠡ ᠴᠠᠷᠠᠩ ᠬᠡᠷ ᠲᠡᠭᠡᠨ ᠢᠷᠠᠵᠣ ᠦᠬᠥᠯᠡᠷᠥᠨ᠄ 《ᠮᠠᠷᠭᠠᠰᠢ ᠦᠷᠯᠦᠬᠡ ᠲᠠᠮᠣᠵᠢᠨ ᠢ ᠪᠠᠷᠢᠬᠤ ᠪᠠᠷ ᠰᠢᠢᠳᠪᠠ᠃ ᠡᠨᠠ ᠦᠬᠡ ᠶᠢ ᠬᠦᠷᠬᠡᠭ᠍ᠰᠡᠨ ᠬᠦᠮᠥᠨ ᠳᠤ ᠲᠠᠮᠣᠵᠢᠨ ᠶᠠᠭᠣ ᠪᠠᠨ ᠴᠣ ᠬᠠᠢ᠌ᠷᠠᠯᠠᠬᠣ ᠦᠭᠡᠶ ᠦᠭ᠍ᠬᠥ ᠪᠢᠵᠠ》 ᠬᠡᠪᠡᠯ᠂ ᠲᠡᠬᠥᠨ ᠤ ᠡᠮ᠎ᠠ ᠠᠯᠬᠠᠴᠢᠳ ᠦᠬᠥᠯᠡᠷᠥᠨ᠄ 《ᠴᠢᠨᠣ ᠡᠨᠠ ᠲᠠᠯᠢᠮ ᠦᠬᠡ᠂ ᠠᠯᠳᠠ ᠬᠡᠯᠡ ᠴᠢᠨᠢ ᠶᠠᠭᠣᠨ ᠪᠣᠯᠣᠨ᠎ᠠ︖ ᠬᠦᠮᠥᠨ ᠰᠣᠨᠣᠰᠴᠣ ᠦᠨᠡᠮᠰᠢᠬᠥᠵᠡᠢ》 ᠬᠡᠪᠡ᠃ ᠡᠨᠠ ᠦᠬᠡ ᠶᠢ ᠰᠥ᠋ ᠬᠦᠷᠬᠡᠬᠥ ᠪᠠᠷ ᠢᠷᠡᠭ᠍ᠰᠡᠨ ᠲᠠᠳᠠᠨ ᠤ ᠠᠳᠣᠭᠣᠴᠢ ᠪᠠᠳᠠᠢ ᠰᠣᠨᠣᠰᠴᠣ ᠪᠣᠴᠠᠪᠠ᠃ ᠪᠠᠳᠠᠢ ᠬᠠᠷᠢᠵᠣ ᠢᠷᠡᠬᠡᠥᠨ ᠨᠦᠬᠥᠷ ᠠᠳᠣᠭᠣᠴᠢ ᠬᠢᠰᠢᠯᠢᠬ ᠳᠤ ᠴᠠᠷᠠᠩ ᠤᠨ ᠦᠬᠡ ᠵᠢ ᠬᠡᠯᠡᠪᠡᠯ᠂ ᠭᠢᠰᠢᠯᠢᠭ ᠦᠬᠥᠯᠡᠷᠥᠨ᠄ 《ᠪᠢ ᠪᠠᠰᠠ ᠣᠴᠢᠵᠣ ᠣᠴᠢᠷ ᠢ ᠮᠠᠳᠠᠶ᠎ᠠ》 ᠬᠡᠵᠦ ᠴᠠᠷᠠᠩ ᠤᠨ ᠬᠡᠷ ᠲᠤ ᠣᠴᠢᠪᠠᠯ ᠴᠠᠷᠠᠩ ᠤᠨ ᠬᠦᠪᠡᠬᠥᠨ ᠨᠠᠷᠢᠨ ᠬᠡᠬᠡᠨ ᠭᠠᠳᠠᠨ᠎ᠠ ᠰᠠᠭᠣᠵᠣ ᠰᠣᠮᠣ ᠪᠠᠨ ᠵᠦᠯᠬᠥᠵᠦ ᠪᠠᠢ᠌ᠨ᠎ᠠ᠃ ᠨᠠᠷᠢᠨ ᠬᠡᠬᠡᠨ ᠦᠬᠥᠯᠡᠷᠥᠨ᠄ 《ᠮᠠᠨᠠᠢ᠌ᠬᠢᠨ ᠰᠠᠶᠢ ᠶᠠᠭᠣ ᠬᠡᠵᠦ ᠶᠠᠷᠢᠭᠰᠠᠨ ᠪᠣᠢ︖ ᠬᠡᠯᠡ ᠪᠠᠨ ᠲᠠᠳᠠᠵᠣ᠂ ᠠᠮᠨ ᠪᠠᠨ ᠪᠠᠷᠢᠵᠣ ᠶᠠᠪᠣᠭᠠᠰᠠᠢ》 ᠬᠡᠵᠡᠢ᠃ ᠲᠡᠬᠡᠬᠡᠥᠨ ᠨᠠᠷᠢᠨ ᠬᠡᠬᠡᠨ᠂ ᠪᠠᠰᠠ ᠠᠳᠣᠭᠣᠴᠢ ᠬᠢᠰᠢᠯᠢᠭ ᠲᠤ ᠦᠬᠥᠯᠡᠷᠥᠨ᠄ 《ᠮᠠᠷᠬᠢᠳᠠᠢ ᠴᠠᠭᠠᠨ᠂ ᠠᠮᠨ ᠴᠠᠭᠠᠨ ᠬᠡᠬᠡᠷ ᠬᠣᠶᠠᠷ ᠮᠣᠷᠢ ᠶᠢ ᠪᠠᠷᠢᠵᠣ ᠠᠪᠴᠢᠷᠠ᠃ ᠣᠶᠠᠵᠣ ᠬᠣᠨᠣᠭᠠᠳ ᠦᠷᠯᠦᠬᠡ ᠡᠷᠳᠠ ᠮᠣᠷᠳᠠᠨ᠎ᠠ》 ᠬᠡᠵᠡᠢ᠃ ᠬᠢᠰᠢᠯᠢᠭ ᠢᠷᠠᠵᠣ ᠪᠠᠳᠠᠢ ᠳᠤ ᠦᠬᠥᠯᠡᠷᠥᠨ᠄ 《ᠳᠤᠭᠠᠷ ᠤᠨ (ᠰᠠᠶᠢ ᠶᠢᠨ) ᠦᠨᠡᠨ ᠪᠣᠯᠪᠠ᠂ ᠣᠳᠣ ᠪᠢᠳᠠ ᠬᠣᠶᠠᠷ᠂ ᠲᠠᠮᠣᠵᠢᠨ ᠳᠤ ᠬᠡᠯᠡ ᠬᠦᠷᠬᠡᠢ᠎ᠡ》 ᠬᠡᠵᠦ ᠦᠬᠡ ᠪᠠᠷᠢᠯᠳᠣᠵᠣ᠂ ᠮᠠᠷᠬᠢᠳᠠᠢ ᠴᠠᠭᠠᠨ᠂ ᠠᠮᠨ ᠴᠠᠭᠠᠨ ᠬᠡᠬᠡᠷ ᠬᠣᠶᠠᠷ ᠮᠣᠷᠢ ᠶᠢ ᠪᠠᠷᠢᠵᠣ᠂ ᠶᠡᠬᠡ ᠬᠡᠷ ᠤᠨ ᠭᠠᠳᠠᠨ᠎ᠠ ᠣᠶᠠᠭᠠᠳ ᠮᠦᠨ ᠦᠳᠡᠰᠢ ᠬᠣᠨᠢᠨ ᠳᠤ ᠣᠷᠣᠵᠣ ᠨᠢᠬᠡᠨ ᠬᠤᠷᠠᠭ᠎ᠠ ᠠᠯᠠᠭᠠᠳ ᠢᠰᠡᠷᠢ (ᠤᠷᠤ) ᠪᠠᠷ ᠳᠦᠯᠡᠵᠤ ᠴᠢᠨᠠᠭᠠᠳ ᠮᠡᠷᠬᠢᠳᠡᠢ ᠴᠠᠭᠠᠨ ᠮᠤᠷᠢ᠂ ᠠᠮᠠ ᠴᠠᠭᠠᠨ ᠬᠡᠭᠡᠷ ᠬᠤᠶᠠᠷ ᠪᠡᠯᠡᠨ ᠤᠶᠠᠭᠰᠠᠨ ᠮᠤᠷᠢ ᠵᠢ ᠣᠨᠣᠵᠣ ᠲᠠᠷᠠ ᠰᠦᠨᠢ ᠳᠡᠭᠡᠨ ᠴᠢᠩᠬᠢᠰ ᠬᠠᠭᠠᠨ ᠳᠤ ᠲᠠᠪᠬᠢᠵᠣ ᠢᠷᠠᠪᠠ᠃ ᠪᠠᠳᠠᠢ ᠬᠢᠰᠢᠯᠢᠭ ᠬᠣᠶᠠᠷ᠂ ᠴᠢᠩᠬᠢᠰ ᠤᠨ ᠬᠡᠷ ᠤᠨ ᠠᠷᠤ ᠡᠴᠡ ᠶᠡᠬᠡ ᠴᠠᠷᠠᠩ ᠤᠨ ᠦᠬᠥᠯᠡᠭ᠍ᠰᠡᠨ ᠦᠬᠡ ᠪᠠ ᠲᠡᠬᠥᠨ ᠤ ᠬᠦᠪᠡᠬᠥᠨ ᠨᠠᠷᠢᠨ ᠬᠡᠬᠡᠨ ᠤ ᠰᠣᠮᠣ ᠪᠠᠨ ᠵᠦᠯᠬᠥᠵᠦ ᠪᠠᠯᠠᠳᠴᠣ ᠪᠠᠢ᠌ᠭᠰᠠᠨ ᠬᠢᠬᠡᠥᠨ ᠮᠠᠷᠬᠢᠳᠠᠢ ᠴᠠᠭᠠᠨ᠂ ᠠᠮᠨ ᠴᠠᠭᠠᠨ ᠬᠡᠬᠡᠷ ᠬᠣᠶᠠᠷ ᠮᠣᠷᠢ ᠶᠢ ᠪᠠᠷᠢᠵᠣ ᠣᠶᠠ ᠬᠡᠰᠡᠨ ᠪᠦᠬᠥ ᠦᠬᠡ ᠶᠢ ᠴᠢᠩᠬᠢᠰ ᠬᠠᠭᠠᠨ ᠳᠤ ᠬᠡᠯᠡᠵᠦ ᠦᠭ᠍ᠪᠡ᠃ ᠪᠠᠰᠠ ᠪᠠᠳᠠᠢ ᠬᠢᠰᠢᠯᠢᠭ ᠬᠣᠶᠠᠷ ᠦᠬᠥᠯᠡᠷᠥᠨ᠄ 《ᠴᠢᠩᠬᠢᠰ ᠬᠠᠭᠠᠨ ᠰᠣᠶᠣᠷᠬᠠᠪᠠᠯ᠂ ᠪᠢᠳᠠᠨ ᠤ ᠦᠬᠡᠨ ᠳᠤ ᠡᠷᠬᠡᠯᠵᠡᠬᠥ ᠶᠠᠪᠣᠳᠠᠯ ᠦᠭᠡᠶ᠂ ᠬᠠᠮᠣᠷᠠᠨ ᠢᠷᠠᠵᠣ ᠲᠠᠨ ᠢ ᠪᠠᠷᠢᠶ᠎ᠠ ᠬᠡᠵᠦ ᠬᠡᠯᠡᠯᠴᠡᠵᠦ ᠲᠣᠭᠳᠠᠭᠰᠠᠨ ᠨᠢ ᠮᠠᠭᠠᠳ ᠲᠡᠶ ᠦᠨᠡᠨ》 ᠬᠡᠪᠡ᠃
ᠳᠠᠷᠤᠮ᠄ 74262
ᠴᠠᠭ᠄ 2008 ᠤᠨ ᠤ 07 ᠰᠠᠷ᠎ᠠ ᠶᠢᠨ 01