ᠨᠢᠭᠡ
ᠵᠤᠬᠢᠶᠠᠭᠴᠢ ᠶᠢᠨ ᠳᠤᠬᠠᠢ ᠊᠊᠊᠊᠊᠊᠊᠊᠊᠊᠊᠊᠊᠊᠊
ᠳᠡᠮᠦᠷᠵᠢᠷᠦᠭᠡ ᠶᠢᠨ ᠯᠤᠤᠽᠠᠷ (ᠯᠤᠤᠽᠠᠷᠰᠠᠩᠪᠣ)1946 ᠣᠨ ᠳᠤ ᠵᠠᠷᠤᠳ ᠬᠤᠰᠢᠭᠤᠨ ᠤ ᠭᠦᠭᠦᠷᠭᠡ ᠠᠢ᠌ᠯ ᠳᠤ ᠲᠦᠷᠦᠵᠠᠢ᠃ 1958 ᠣᠨ ᠳᠤ ᠪᠠᠭ᠎ᠠ ᠰᠤᠷᠭᠠᠭᠤᠯᠢ ᠳᠤ ᠣᠷᠤᠵᠤ᠂ 1963 ᠊᠊᠊᠊᠊᠊᠊᠊᠊᠊᠊᠊᠊᠊᠊ 1968 ᠣᠨ᠎ᠠ ᠪᠠᠶᠠᠷᠳᠤᠬᠤᠰᠢᠭᠤ ᠳᠤᠮᠳᠠᠳᠤ ᠰᠤᠷᠭᠠᠭᠤᠯᠢ ᠳᠤ ᠰᠤᠷᠤᠯᠴᠠᠪᠠ᠃ 1963 ᠣᠨ ᠡᠴᠡ ᠰᠤᠷᠤᠯᠭ᠎ᠠ ᠶᠢᠨ ᠴᠢᠯᠦᠭᠡ ᠳᠡᠭᠡᠨ ᠬᠤᠭᠤᠷ ᠰᠤᠷᠴᠤ᠂ ᠬᠤᠭᠤᠷᠴᠢ ᠴᠣᠢ᠌ᠵᠢᠺᠠᠧᠨ ᠡᠴᠡ ᠥᠯᠢᠭᠡᠷ ᠬᠤᠯᠪᠣᠭ᠎ᠠ ᠰᠤᠷᠴᠤ ᠡᠭᠢᠯᠡᠵᠡᠢ᠃ 1976 ᠣᠨ ᠳᠤ ᠠᠵᠢᠯ ᠳᠤ ᠣᠷᠤᠯᠴᠠᠵᠤ ᠡᠮᠦᠨ᠎ᠡ ᠬᠣᠢ᠌ᠨ᠎ᠠ ᠵᠠᠷᠤᠳ ᠥᠯᠢᠭᠡᠷ ᠤᠨ ᠭᠡᠷ᠂ ᠵᠡᠭᠦᠨ ᠦᠵᠦᠮᠤᠴᠢᠨ ᠤ ᠰᠤᠶᠤᠯ ᠤᠨ ᠭᠡᠷ᠂ ᠵᠠᠷᠤᠳ ᠤᠨ ᠰᠤᠶᠤᠯ ᠤᠨ ᠭᠡᠷ ᠲᠤ ᠠᠵᠢᠯᠯᠠᠪᠠ᠃ 1983 ᠊᠊᠊᠊᠊᠊᠊᠊᠊᠊᠊᠊᠊᠊᠊ 1988 ᠣᠨ᠎ᠠ ᠦᠪᠣᠷ ᠮᠤᠩᠭ᠋ᠤᠯ ᠤᠨ ᠦᠨᠳᠦᠰᠦᠳᠠᠨ ᠤ ᠪᠠᠭᠰᠢ ᠶᠢᠨ ᠳᠡᠭᠡᠳᠤ ᠰᠤᠷᠭᠠᠭᠤᠯᠢ ᠶᠢᠨ ᠵᠠᠭᠢᠳᠠᠯ ᠶᠢᠡᠷ ᠰᠤᠷᠬᠤ ᠵᠢᠩᠭᠢᠨᠢ ᠠᠩᠭᠢ ᠶᠢᠨ ᠰᠤᠷᠤᠯᠭ᠎ᠠ ᠳᠡᠭᠦᠰᠭᠡᠨ ᠮᠠᠨ ᠤ ᠣᠷᠤᠨ ᠤ ᠬᠠᠮᠤᠭ ᠠᠩᠬᠠᠨ ᠤ ᠣᠶᠤᠳᠠᠨ ᠬᠤᠭᠤᠷᠴᠢ ᠪᠣᠯᠤᠭᠰᠠᠨ ᠶᠤᠮ᠃
1984 ᠣᠨ ᠳ᠋ᠤ 《ᠭᠦᠭᠡ ᠰᠤᠳᠤᠷ ᠤᠨ ᠪᠢᠳᠡᠭᠦᠤ ᠬᠤᠯᠪᠣᠭ᠎ᠠ》 ᠨᠢ 《ᠬᠤᠨ ᠭᠠᠯᠠᠭᠤ》 ᠰᠤᠨᠭᠦᠯ ᠤᠨ ᠣᠤᠠᠬ᠎ᠠ ᠣᠷᠠᠯᠢᠭ ᠤᠨ ᠰᠢᠯᠭᠠᠷᠠᠭᠤᠯᠤᠯᠳᠠ ᠳᠤ ᠭᠤᠷᠪᠠᠳᠤᠭᠠᠷ ᠳᠠᠰ ᠤᠨ ᠱᠠᠩᠨᠠᠯ᠂ 1993 ᠣᠨ ᠳᠤ ᠳᠤᠰ ᠭᠦᠮᠤᠨ ᠦᠪᠣᠷ ᠮᠤᠩᠭ᠋ᠤᠯ ᠤᠨ ᠠᠩᠬᠠᠳᠤᠭᠠᠷ ᠣᠳᠠᠭᠠᠨ ᠤ ᠬᠤᠭᠤᠷ ᠤᠨ ᠥᠯᠢᠭᠡᠷ ᠬᠤᠯᠪᠣᠭ᠎ᠠ ᠶᠢᠨ ᠣᠷᠤᠯᠳᠤᠭᠠᠨ ᠳᠤ ᠣᠠᠴᠠᠭᠠᠢ ᠱᠠᠩᠨᠠᠯ᠂ 2000 ᠣᠨ ᠳᠤ ᠪᠦᠭᠦ ᠣᠯᠤᠰ ᠤᠨ ᠬᠤᠭᠤᠷ ᠤᠨ ᠥᠯᠢᠭᠡᠷ ᠤᠨ ᠠᠩᠬᠠᠳᠤᠭᠠᠷ ᠣᠳᠠᠭᠠᠨ ᠤ ᠣᠷᠤᠯᠳᠤᠭᠠᠨ ᠳᠤ 《ᠭᠠᠪᠢᠶᠠᠳᠤ ᠬᠤᠭᠤᠷᠴᠢ》 ᠵᠢᠨ ᠱᠠᠩᠨᠠᠯ ᠵᠡᠷᠭᠡ ᠥᠪᠠᠷᠳᠡᠭᠡᠨ ᠵᠠᠰᠠᠬᠤ ᠣᠷᠤᠨ ᠤ ᠳᠠᠰ ᠤᠨ ᠠᠷᠪᠠᠭᠠᠤᠨ ᠱᠠᠩᠨᠠᠯ ᠳᠤᠰᠴᠤ ᠪᠢᠯᠠ᠃
ᠠᠯᠳᠠᠷᠳᠤ ᠬᠤᠭᠤᠷᠴᠢ ᠯᠤᠤᠽᠠᠷ ᠳᠤᠮᠳᠠᠳᠤ ᠣᠯᠤᠰ ᠤᠨ ᠳᠠᠭᠤᠷᠢᠯᠢᠭᠴᠢᠳ ᠤᠨ ᠨᠡᠢ᠌ᠭᠡᠮᠯᠢᠭ᠌ ᠤᠨ ᠭᠡᠰᠢᠭᠦᠨ᠂ ᠥᠪᠦᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠳᠠᠭᠤᠷᠢᠯᠢᠭᠴᠢᠳ ᠤᠨ ᠨᠡᠢ᠌ᠭᠡᠮᠯᠢᠭ᠌ ᠤᠨ ᠨᠠᠷᠠ ᠭᠦᠡᠳᠦᠳᠤ ᠳᠠᠳ᠋ ᠳᠡᠷᠢᠭᠦᠯᠡᠭ᠍ᠴᠢ᠂ ᠳᠦᠩᠯᠢᠶᠦᠤ ᠬᠤᠳᠠ ᠶᠢᠨ ᠮᠤᠩᠭ᠋ᠤᠯ ᠬᠤᠭᠤᠷᠴᠢᠳ ᠤᠨ ᠨᠡᠢ᠌ᠭᠡᠮᠯᠢᠭ᠌ ᠤᠨ ᠳᠡᠷᠢᠭᠦᠯᠡᠭ᠍ᠴᠢ᠂ ᠵᠠᠷᠤᠳ ᠬᠤᠰᠢᠭᠤᠨ ᠤ ᠣᠯᠤᠰ ᠲᠦᠷᠦ ᠶᠢᠨ ᠵᠥᠪᠯᠡᠯᠭᠡᠨ ᠤᠨ ᠭᠡᠰᠢᠭᠦᠨ᠂ ᠵᠠᠷᠤᠳ ᠤᠨ ᠳᠠᠭᠤᠷᠢᠯᠢᠭᠴᠢᠳ ᠤᠨ ᠨᠡᠢ᠌ᠭᠡᠮᠯᠢᠭ᠌ ᠤᠨ ᠳᠡᠷᠢᠭᠦᠯᠡᠭ᠍ᠴᠢ᠂ ᠵᠠᠷᠤᠳ ᠥᠯᠢᠭᠡᠷ ᠬᠤᠯᠪᠣᠭ᠎ᠠ ᠶᠢᠨ ᠪᠦᠯᠭᠦᠮ ᠤᠨ ᠳᠠᠷᠤᠭ᠎ᠠ ᠵᠡᠷᠭᠡ ᠨᠡᠢ᠌ᠭᠡᠮ ᠤᠨ ᠳᠤᠰᠢᠶᠠᠯ ᠤᠳ ᠢ ᠡᠭᠦᠷᠭᠡᠯᠡᠵᠤ ᠶᠠᠪᠤᠭᠰᠠᠨ ᠶᠤᠮᠰᠠᠨ᠃
ᠭᠦᠭᠡ ᠰᠤᠳᠤᠷ ᠤᠨ ᠪᠢᠳᠡᠭᠦᠤ ᠬᠤᠯᠪᠣᠭ᠎ᠠ
ᠨᠢᠭᠡ
ᠠ ᠄ ᠵᠧ ᠭᠦᠶᠢ ᠥᠨᠡᠭᠡᠷ ᠳᠠᠢ᠌ᠮᠤ ᠦᠦ᠂
ᠦᠷᠢᠶ᠎ᠠ ᠰᠠᠢ᠌ᠳᠠᠢ ᠭᠦᠮᠤᠨ ᠪᠠᠢ᠌ᠪᠠᠯ
ᠣᠷᠤᠯᠳᠤᠭᠠᠯᠠᠵᠤ ᠦᠵᠡᠶ᠎ᠠ ᠨᠠᠭᠠᠰᠢ ᠪᠠᠨ ᠢᠷ᠎ᠠ᠂
ᠥᠭᠡ ᠰᠠᠢ᠌ᠳᠠᠢ ᠭᠦᠮᠤᠨ ᠪᠠᠢ᠌ᠪᠠᠯ
ᠡᠯᠭᠦᠭᠡᠯᠴᠡᠵᠤ ᠦᠵᠡᠶ᠎ᠠ ᠨᠠᠭᠠᠰᠢ ᠪᠠᠨ ᠢᠷ᠎ᠠ᠃
ᠪᠦᠭᠡ ᠭᠡᠮᠡᠷ ᠭᠦᠮᠤᠨ ᠪᠠᠢ᠌ᠪᠠᠯ
ᠪᠠᠷᠢᠯᠳᠤᠵᠤ ᠦᠵᠡᠶ᠎ᠠ ᠨᠠᠭᠠᠰᠢ ᠪᠠᠨ ᠢᠷ᠎ᠠ᠂
ᠪᠠᠯᠠᠨ ᠥᠭᠡ ᠲᠡᠶ ᠭᠦᠮᠤᠨ ᠪᠠᠢ᠌ᠪᠠᠯ
ᠪᠣᠯᠢᠶᠠᠯᠴᠠᠵᠤ ᠦᠵᠡᠶ᠎ᠠ ᠨᠠᠭᠠᠰᠢ ᠪᠠᠨ ᠢᠷ᠎ᠠ᠃
ᠨᠤᠮᠤ ᠰᠤᠮᠤ ᠲᠡᠶ ᠭᠦᠮᠤᠨ ᠪᠠᠢ᠌ᠪᠠᠯ
ᠨᠠᠮᠨᠠᠵᠤ ᠦᠵᠡᠶ᠎ᠠ ᠨᠠᠭᠠᠰᠢ ᠪᠠᠨ ᠢᠷ᠎ᠠ᠂
ᠨᠤᠮ ᠲᠡᠶ ᠰᠤᠶᠤᠯ ᠲᠡᠶ ᠭᠦᠮᠤᠨ ᠪᠠᠢ᠌ᠪᠠᠯ
ᠨᠠᠢ᠌ᠷᠠᠭᠤᠯᠵᠤ ᠦᠵᠡᠶ᠎ᠠ ᠨᠠᠭᠠᠰᠢ ᠪᠠᠨ ᠢᠷ᠎ᠠ᠃
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠠᠭᠳᠠ ᠭᠦᠯᠦᠭ᠌ ᠮᠤᠷᠢ ᠮᠢᠨᠢ
ᠣᠷᠤᠯᠳᠤᠭᠠᠨ ᠳᠤ ᠳᠠᠯᠪᠢᠭᠠᠤᠨ ᠬᠤᠴᠤᠷᠤᠭᠠᠳᠤᠢ
ᠠᠪᠣ ᠶᠢᠨ ᠭᠦᠤ ᠡᠨᠡ ᠪᠠᠶ᠎ᠠ
ᠠᠮᠠᠨ ᠬᠤᠯᠪᠣᠭ᠎ᠠ ᠳᠤ ᠠᠪᠳᠠᠭᠠᠳᠤᠢ᠃
ᠪᠦᠭᠡ ᠶᠢᠨ ᠨᠠᠢ᠌ᠷ ᠲᠤ ᠣᠷᠤᠭᠠᠤᠨ
ᠪᠦᠭ᠍ᠰᠡ ᠰᠢᠷᠣᠢ᠌ᠳᠤᠵᠤ ᠥᠵᠡᠭᠡᠳᠦᠢ᠂
ᠪᠦᠭᠦᠳᠡ ᠶᠢᠨ ᠣᠷᠢᠳᠠᠢ ᠭᠡᠯᠡᠯᠴᠡᠭᠡᠤᠨ
ᠪᠢᠳᠡᠭᠦᠤ ᠬᠤᠯᠪᠣᠭ᠎ᠠ ᠱᠥᠭᠦᠭ᠍ᠳᠡᠭᠡᠳᠦᠢ᠃
ᠨᠤᠮᠤ ᠰᠤᠮᠤ ᠳᠡᠯᠢᠭᠡᠤᠨ
ᠨᠠᠮᠨᠠᠵᠤ ᠬᠤᠭᠤᠰᠤᠨ ᠬᠠᠷᠪᠣᠭᠠᠳᠤᠢ
ᠨᠤᠮ ᠲᠡᠶ ᠭᠦᠮᠤᠨ ᠲᠡᠶ ᠭᠡᠯᠡᠯᠴᠡᠭᠡᠤᠨ
ᠭᠠᠷᠳᠠᠭᠠᠭᠳᠠᠵᠤ ᠶᠠᠷᠤ ᠥᠵᠡᠭᠡᠳᠦᠢ᠃
ᠠ ᠄ ᠵᠧ ᠭᠦᠶᠢ ᠥᠨᠡᠭᠡᠷ ᠳᠠᠢ᠌ᠮᠤ ᠦᠦ᠂
ᠭᠡᠷᠦᠯᠤᠨ ᠮᠦᠷᠠᠨ ᠤ ᠣᠰᠤ ᠵᠢ
ᠭᠡᠮᠵᠢᠵᠤ ᠦᠵᠡᠪᠠ ᠦᠦ︖ ᠴᠢ ᠮᠢᠨᠢ᠂
ᠭᠦᠭᠡ ᠰᠤᠳᠤᠷ ᠤᠨ ᠥᠯᠢᠭᠡᠷ ᠢ
ᠭᠡᠳᠤ ᠣᠩᠰᠢᠪᠠ︖ ᠴᠢ ᠮᠢᠨᠢ᠃
ᠳᠠᠮᠤᠴᠢ ᠶᠢᠨ ᠳᠠᠯ᠎ᠠ ᠡᠴᠡ ᠬᠣᠢ᠌ᠰᠢ ᠪᠠᠨ
ᠳᠠᠯ᠎ᠠ ᠶᠢ ᠳᠤᠭᠤᠯᠪᠠ ᠦᠦ︖ ᠴᠢ ᠮᠢᠨᠢ᠂
ᠳᠠᠢ᠌ᠽᠤ ᠴᠢᠩᠭᠢᠰ ᠤᠨ ᠨᠠᠮᠳᠠᠷ ᠢ
ᠳᠤᠭᠳᠠᠭᠠᠵᠤ ᠠᠪᠣᠪᠠ ᠦᠦ︖ ᠴᠢ ᠮᠢᠨᠢ᠃
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠮᠠᠯ ᠤᠨ ᠵᠢᠰᠤ ᠶᠢ ᠳᠠᠨᠢᠬᠤ ᠦᠭᠡᠶ ᠪᠣᠯ
ᠮᠠᠯᠴᠢᠨ ᠭᠡᠤᠨ ᠴᠤ ᠶᠠᠭᠤ ᠭᠢᠨ᠎ᠠ᠂
ᠮᠤᠩᠭ᠋ᠤᠯ ᠤᠨ ᠳᠡᠦᠭᠡ ᠪᠠᠨ ᠮᠡᠳᠡᠭᠦ ᠦᠭᠡᠶ ᠪᠣᠯ
ᠮᠡᠷᠭᠡᠨ ᠭᠡᠤᠨ ᠴᠤ ᠶᠠᠭᠤ ᠭᠢᠨ᠎ᠠ᠃
ᠥᠭᠡᠷ ᠢ ᠵᠢᠰᠤᠯᠠᠵᠤ ᠴᠢᠳᠠᠬᠤ ᠦᠭᠡᠶ ᠪᠣᠯ
ᠥᠭᠡᠷᠴᠢᠨ ᠭᠡᠤᠨ ᠴᠤ ᠶᠠᠭᠤ ᠭᠢᠨ᠎ᠠ᠂
ᠦᠨᠳᠦᠰᠦᠳᠠᠨ ᠤ ᠳᠡᠦᠭᠡ ᠪᠠᠨ ᠮᠡᠳᠡᠭᠦ ᠦᠭᠡᠶ ᠪᠣᠯ
ᠡᠷᠳᠡᠮᠳᠡᠨ ᠭᠡᠤᠨ ᠴᠤ ᠶᠠᠭᠤ ᠭᠢᠨ᠎ᠠ᠃
ᠠ ᠄ ᠵᠧ ᠭᠦᠶᠢ ᠥᠨᠡᠭᠡᠷ ᠳᠠᠢ᠌ᠮᠤ ᠦᠦ᠂
ᠰᠦᠩ ᠣᠯᠤᠰ ᠤᠨ ᠪᠢᠴᠢᠭ᠌ ᠡᠴᠡ
ᠰᠠᠳᠤᠪ ᠠᠪᠣᠮᠠᠷ ᠶᠠᠭᠤ ᠪᠠᠢ᠌ᠨ᠎ᠠ︖
ᠴᠢᠩᠭᠢᠰ ᠬᠠᠭᠠᠨ ᠤ ᠥᠯᠢᠭᠡᠷ ᠡᠴᠡ
ᠰᠢᠯᠦᠭ᠌ ᠳᠠᠳᠠᠭᠠᠤᠨ ᠭᠡᠯᠡᠯᠴᠡᠭᠦ ᠦᠭᠡᠶ ᠦᠦ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠵᠢᠨ ᠣᠯᠤᠰ ᠤᠨ ᠱᠠᠰᠳᠢᠷ ᠡᠴᠡ
ᠵᠢᠳᠠᠪ ᠳᠠᠳᠠᠮᠠᠷ ᠶᠠᠭᠤ ᠪᠠᠢ᠌ᠨ᠎ᠠ︖
ᠵᠣᠢ᠌ᠳᠠᠢ ᠮᠠᠨ ᠤ ᠮᠤᠩᠭ᠋ᠤᠯ ᠤᠨ ᠵᠢᠠᠨ
ᠵᠠᠭᠤᠢ ᠮᠠᠠᠳᠤᠭᠰᠠᠨ ᠡᠴᠡ ᠬᠤᠯᠪᠣᠶ᠎ᠠ᠃
ᠠ ᠄ ᠵᠧ ᠭᠦᠶᠢ ᠥᠨᠡᠭᠡᠷ ᠳᠠᠢ᠌ᠮᠤ ᠦᠦ᠂
ᠳᠡᠭ᠍ᠷᠢᠯᠢᠭ᠌ ᠬᠠᠭᠠᠨ ᠴᠢᠩᠭᠢᠰ ᠤᠨ
ᠳᠤᠯᠤᠯᠳᠤᠵᠤ ᠶᠠᠪᠣᠭᠰᠠᠨ ᠡᠴᠡ ᠡᠭᠢᠯᠡᠨ᠎ᠡ ᠦᠦ︖
ᠳᠡᠭᠦᠨ ᠤ ᠣᠯᠠᠨ ᠲᠦᠰᠢᠮᠠᠤᠨ ᠤᠨ
ᠲᠦᠷᠦ ᠳᠡᠭᠡᠷ᠎ᠡ ᠴᠤᠭᠯᠠᠷᠠᠭᠰᠠᠨ ᠡᠴᠡ ᠡᠭᠢᠯᠡᠨ᠎ᠡ ᠦᠦ︖
ᠳᠡᠯᠡᠭᠡᠢ ᠳ᠋ᠠᠭᠢᠨ ᠤ ᠬᠠᠭᠠᠰ ᠢ
ᠳᠤᠭᠳᠠᠭᠠᠵᠤ ᠠᠪᠣᠭᠰᠠᠨ ᠡᠴᠡ ᠡᠭᠢᠯᠡᠨ᠎ᠡ ᠦᠦ︖
ᠲᠦᠮᠡᠨ ᠦᠶ᠎ᠡ ᠶᠢᠨ ᠦᠷ᠎ᠡ ᠠᠴᠢ ᠨᠡᠷ ᠤᠨ
ᠳᠡᠯᠭᠡᠷᠡᠵᠤ ᠢᠷᠡᠭ᠍ᠰᠡᠨ ᠡᠴᠡ ᠡᠭᠢᠯᠡᠨ᠎ᠡ ᠦᠦ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠪᠣᠷᠤ ᠽᠠᠠᠳᠠᠨ ᠮᠤᠳᠤ ᠵᠢ
ᠪᠣᠳᠠ ᠪᠠᠢ᠌ᠭᠰᠠᠨ ᠡᠴᠡ ᠭᠡᠯᠡᠯᠴᠡᠶ᠎ᠡ᠂
ᠪᠣᠭᠳᠠ ᠪᠠᠭᠠᠳᠤᠷ ᠴᠢᠩᠭᠢᠰ ᠢ
ᠪᠠᠯᠴᠢᠷ ᠪᠠᠢ᠌ᠭᠰᠠᠨ ᠡᠴᠡ ᠭᠡᠯᠡᠯᠴᠡᠶ᠎ᠡ᠃
ᠠᠷᠪᠠᠨ ᠬᠤᠶᠠᠷ ᠶᠡᠭᠡ ᠬᠠᠭᠠᠨ
ᠠᠰᠳᠠᠭᠠᠨ ᠪᠠᠢ᠌ᠭᠰᠠᠨ ᠡᠴᠡ ᠭᠡᠯᠡᠯᠴᠡᠶ᠎ᠡ᠂
ᠳᠠᠯᠠᠨ ᠳᠠᠪᠤᠨ ᠪᠠᠭ᠎ᠠ ᠠᠢ᠌ᠮᠠᠭ
ᠳᠤᠷ᠎ᠠ ᠪᠠᠷ ᠶᠢᠡᠨ ᠪᠠᠢ᠌ᠭᠰᠠᠨ ᠡᠴᠡ ᠭᠡᠯᠡᠯᠴᠡᠶ᠎ᠡ᠃
ᠠ ᠄ ᠵᠧ ᠭᠦᠶᠢ ᠥᠨᠡᠭᠡᠷ ᠳᠠᠢ᠌ᠮᠤ ᠦᠦ᠂
ᠪᠣᠷᠵᠢᠬᠢᠨ ᠠᠢ᠌ᠮᠠᠭ ᠤᠨ ᠰᠠᠭᠤᠭᠰᠠᠨ ᠢ
ᠶᠠᠮᠠᠷ ᠭᠠᠵᠠᠷ ᠭᠡᠵᠤ ᠳᠠᠭᠤᠳᠠᠪᠠ︖
ᠪᠧᠲ᠋ᠡ᠋ ᠣᠯᠤᠰ ᠤᠨ ᠲᠦᠷᠦ ᠵᠢ
ᠶᠠᠮᠠᠷ ᠶᠠᠰᠤᠳᠠᠨ ᠡᠵᠡᠯᠡᠪᠡ︖
ᠪᠣᠭᠳᠠ ᠪᠠᠭᠠᠳᠤᠷ ᠴᠢᠩᠭᠢᠰ ᠢ
ᠶᠠᠮᠠᠷ ᠡᠩᠭᠡᠷ ᠲᠤ ᠮᠠᠠᠳᠤᠯᠠᠪᠠ︖
ᠪᠣᠷᠳᠠᠭ ᠭᠬᠢᠷ ᠢ ᠨᠢ ᠣᠭᠢᠶᠠᠭᠰᠠᠨ ᠢ
ᠶᠠᠮᠠᠷ ᠮᠦᠷᠠᠨ ᠭᠡᠵᠤ ᠨᠠᠷᠠᠯᠠᠪᠠ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠪᠣᠷᠵᠢᠭᠢᠨ ᠠᠢ᠌ᠮᠠᠭ ᠤᠨ ᠰᠠᠭᠤᠭᠰᠠᠨ ᠢ
ᠪᠣᠷᠬᠠᠨ ᠬᠠᠯᠳᠤᠨ ᠭᠡᠵᠤ ᠳᠠᠭᠤᠳᠠᠪᠠ᠂
ᠪᠧᠲ᠋ᠡ᠋ ᠣᠯᠤᠰ ᠤᠨ ᠲᠦᠷᠦ ᠵᠢ
ᠭᠢᠶᠠᠤᠨ ᠶᠠᠰᠤᠳᠠᠨ ᠡᠵᠡᠯᠡᠪᠡ᠃
ᠪᠣᠭᠳᠠ ᠪᠠᠭᠠᠳᠤᠷ ᠴᠢᠩᠭᠢᠰ ᠢ
ᠪᠣᠯᠳᠤᠭ ᠤᠨ ᠡᠩᠭᠡᠷ ᠲᠤ ᠮᠠᠠᠳᠤᠯᠠᠪᠠ᠂
ᠪᠣᠷᠳᠠᠭ ᠭᠬᠢᠷ ᠢ ᠨᠢ ᠣᠭᠢᠶᠠᠭᠰᠠᠨ ᠢ
ᠣᠨᠤᠨ ᠮᠦᠷᠠᠨ ᠭᠡᠵᠤ ᠨᠠᠷᠠᠯᠠᠪᠠ᠃
ᠠ ᠄ ᠵᠧ ᠭᠦᠶᠢ ᠥᠨᠡᠭᠡᠷ ᠳᠠᠢ᠌ᠮᠤ ᠦᠦ᠂
ᠳᠡᠭ᠍ᠷᠢᠯᠢᠭ᠌ ᠭᠦᠪᠠᠭᠦᠨ ᠴᠢᠩᠭᠢᠰ ᠤᠨ
ᠡᠩᠭᠦᠷᠡᠢ ᠨᠠᠷᠠ ᠨᠢ ᠭᠡᠨ ᠪᠣᠢ︖
ᠳᠡᠭᠡᠵᠤ ᠨᠠᠷᠠᠯᠠᠵᠤ ᠳᠠᠭᠤᠳᠠᠭᠰᠠᠨ
ᠣᠴᠢᠷ ᠰᠢᠯᠳᠠᠭᠠᠨ ᠨᠢ ᠶᠠᠭᠤ ᠪᠣᠢ︖
ᠥᠷᠯᠦᠭ᠌ ᠶᠡᠭᠡ ᠴᠢᠩᠭᠢᠰ ᠤᠨ
ᠡᠯᠦᠡᠴᠡ ᠠᠪᠣ ᠨᠢ ᠭᠡᠨ ᠪᠣᠢ︖
ᠡᠵᠡᠨ ᠪᠣᠭᠳᠠ ᠳᠠᠢ᠌ᠽᠤ ᠵᠢᠨ
ᠡᠪᠦᠭᠡ ᠠᠪᠣ ᠨᠢ ᠭᠡᠨ ᠪᠣᠢ︖
ᠡᠷᠭᠡᠳᠤ ᠵᠢᠯᠪᠣ ᠶᠢᠨ ᠵᠠᠯᠪᠣ ᠵᠢᠨ
ᠦᠪᠡᠷ ᠤᠨ ᠠᠪᠣ ᠨᠢ ᠭᠡᠨ ᠪᠣᠢ︖
ᠡᠵᠡᠯᠡᠭ᠍ᠴᠢ ᠮᠤᠩᠭ᠋ᠤᠯ ᠬᠠᠭᠠᠨ ᠊ᠤ
ᠡᠨᠡᠷᠢᠯᠳᠤ ᠡᠭᠡ ᠨᠢ ᠭᠡᠨ ᠪᠣᠢ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠳᠡᠭ᠍ᠷᠢᠯᠢᠭ᠌ ᠭᠦᠪᠠᠭᠦᠨ ᠴᠢᠩᠭᠢᠰ ᠤᠨ
ᠡᠩᠭᠦᠷᠡᠢ ᠨᠠᠷᠠ ᠨᠢ ᠳᠠᠮᠤᠵᠢᠨ ᠭᠡᠨ᠎ᠡ᠂
ᠳᠡᠮᠡᠭᠡᠴᠢᠨ ᠠᠢ᠌ᠮᠠᠭ ᠢ ᠣᠯᠵᠠᠯᠠᠭᠰᠠᠨ
ᠳᠡᠭ᠍ᠷᠢ ᠶᠢᠨ ᠪᠠᠯᠭᠡ ᠭᠡᠵᠤ ᠨᠠᠷᠠᠯᠠᠪᠠ ᠭᠡᠨ᠎ᠡ᠃
ᠥᠷᠯᠦᠭ᠌ ᠶᠡᠭᠡ ᠴᠢᠩᠭᠢᠰ ᠤᠨ
ᠡᠯᠦᠡᠴᠡ ᠠᠪᠣ ᠨᠢ ᠬᠠᠪᠣᠯ ᠬᠠᠨ᠂
ᠡᠵᠡᠨ ᠪᠣᠭᠳᠠ ᠳᠠᠢ᠌ᠽᠤ ᠵᠢᠨ
ᠡᠪᠦᠭᠡ ᠠᠪᠣ ᠨᠢ ᠪᠠᠷᠳᠠᠮ ᠪᠠᠭᠠᠳᠤᠷ᠃
ᠡᠷᠭᠡᠳᠤ ᠵᠢᠯᠪᠣ ᠶᠢᠨ ᠵᠠᠯᠪᠣ ᠵᠢᠨ
ᠦᠪᠡᠷ ᠤᠨ ᠠᠪᠣ ᠨᠢ ᠶᠢᠰᠦᠭᠡᠢ ᠪᠠᠭᠠᠳᠤᠷ᠂
ᠡᠵᠡᠯᠡᠭ᠍ᠴᠢ ᠮᠤᠩᠭ᠋ᠤᠯ ᠬᠠᠭᠠᠨ ᠤ
ᠡᠨᠡᠷᠢᠯᠳᠤ ᠡᠭᠡ ᠨᠢ ᠥᠭᠡᠯᠤᠨ ᠦᠵᠢᠨ᠃
ᠠ ᠄ ᠵᠧ ᠭᠦᠶᠢ ᠥᠨᠡᠭᠡᠷ ᠳᠠᠢ᠌ᠮᠤ ᠦᠦ᠂
ᠬᠠᠭᠠᠨ ᠰᠠᠭᠤᠬᠤ ᠪᠣᠶᠠᠨ ᠢ ᠨᠢ
ᠭᠡᠨ ᠣᠷᠢᠳ ᠶᠢᠡᠷ ᠰᠢᠠᠵᠢᠪᠠ︖
ᠬᠠᠳᠠᠨ ᠳᠠᠭᠠᠬᠤ ᠲᠦᠰᠢᠮᠠᠯ ᠭᠡᠵᠤ
ᠶᠠᠮᠠᠷ ᠭᠦᠤ ᠶᠢ ᠳᠤᠰᠢᠶᠠᠪᠠ︖
ᠳᠠᠮᠤᠵᠢᠨ ᠨᠠᠷᠠᠳᠤ ᠴᠢᠩᠭᠢᠰ ᠳᠤ
ᠳᠡᠭᠦᠤ ᠨᠡᠷ ᠭᠡᠳᠤ ᠪᠠᠢ᠌ᠳᠠᠭ ᠪᠣᠢ︖
ᠳᠠᠳᠠ ᠭᠡᠳᠦᠭᠦᠯᠡ ᠳᠤ ᠪᠠᠰᠠ
ᠦᠬᠢᠨ ᠳᠡᠭᠦᠤ ᠭᠡᠳᠤ ᠪᠠᠢ᠌ᠳᠠᠭ ᠪᠣᠢ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠬᠠᠭᠠᠨ ᠰᠠᠭᠤᠬᠤ ᠪᠣᠶᠠᠨ ᠢ ᠨᠢ
ᠵᠠᠷᠴᠢᠭᠤᠳᠠᠢ ᠡᠪᠦᠭᠡᠨ ᠰᠢᠠᠵᠢᠪᠠ
ᠬᠠᠳᠠᠨ ᠳᠠᠭᠠᠬᠤ ᠲᠦᠰᠢᠮᠠᠯ ᠭᠡᠵᠤ
ᠵᠠᠯᠮ᠎ᠠ ᠭᠦᠤ ᠶᠢ ᠳᠤᠰᠢᠶᠠᠪᠠ᠃
ᠳᠠᠮᠤᠵᠢᠨ ᠨᠠᠷᠠᠳᠤ ᠴᠢᠩᠭᠢᠰ ᠳᠤ
ᠳᠦᠷᠪᠡᠨ ᠳᠡᠭᠦᠤ ᠪᠠᠢ᠌ᠳᠠᠭ᠂
ᠳᠠᠳᠠ ᠭᠡᠳᠦᠭᠦᠯᠡ ᠳᠤ ᠪᠠᠰᠠ
ᠨᠢᠭᠡ ᠦᠬᠢᠨ ᠳᠡᠭᠦᠤ ᠪᠠᠢ᠌ᠳᠠᠭ᠃
ᠠ ᠄ ᠵᠧ ᠭᠦᠶᠢ ᠥᠨᠡᠭᠡᠷ ᠳᠠᠢ᠌ᠮᠤ ᠦᠦ᠂
ᠬᠠᠳᠠᠭᠤ ᠪᠠᠭᠢ ᠬᠠᠳᠠ ᠠᠳᠠᠯᠢ
ᠭᠡᠨ ᠭᠡᠳᠡᠭ᠌ ᠳᠡᠭᠦᠤ ᠲᠡᠶ ᠪᠣᠢ︖
ᠬᠠᠷᠪᠣᠵᠤ ᠨᠠᠮᠨᠠᠬᠤ ᠡᠷᠳᠡᠮ ᠳᠠᠢ
ᠭᠡᠨ ᠭᠡᠳᠡᠭ᠌ ᠳᠡᠭᠦᠤ ᠲᠡᠶ ᠪᠣᠢ︖
ᠣᠪᠠᠢ᠌ᠯᠠᠭᠰᠠᠨ ᠪᠦᠭᠦᠨ ᠶᠢᠡᠨ ᠴᠡᠭᠡᠵᠢᠯᠡᠳᠡᠭ᠌
ᠭᠡᠨ ᠭᠡᠳᠡᠭ᠌ ᠳᠡᠭᠦᠤ ᠲᠡᠶ ᠪᠣᠢ︖
ᠣᠷᠠᠯᠠᠵᠤ ᠰᠡᠢ᠌ᠯᠭᠦ ᠴᠢᠳᠠᠪᠣᠷᠢ ᠳᠠᠢ
ᠭᠡᠨ ᠭᠡᠳᠡᠭ᠌ ᠳᠡᠭᠦᠤ ᠲᠡᠶ ᠪᠣᠢ︖
ᠳᠤᠩᠭ᠋ᠠᠯᠠᠭ ᠭᠤᠸ᠎ᠠ ᠵᠢᠰᠤ ᠳᠠᠢ
ᠳᠠᠷᠠ ᠦᠬᠢᠨ ᠳᠡᠭᠦᠤ ᠨᠢ ᠭᠡᠨ ᠪᠣᠢ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠬᠠᠳᠠᠭᠤ ᠪᠠᠭᠢ ᠬᠠᠳᠠ ᠠᠳᠠᠯᠢ
ᠪᠦᠭᠡ ᠪᠠᠯᠭᠦᠳᠡᠢ ᠳᠡᠭᠦᠤ ᠲᠡᠶ᠂
ᠬᠠᠷᠪᠣᠵᠤ ᠨᠠᠮᠨᠠᠬᠤ ᠡᠷᠳᠡᠮ ᠳᠠᠢ
ᠬᠠᠪᠣᠳᠤ ᠬᠠᠰᠠᠷ ᠳᠡᠭᠦᠤ ᠲᠡᠶ᠃
ᠣᠪᠠᠢ᠌ᠯᠠᠭᠰᠠᠨ ᠪᠦᠭᠦᠨ ᠶᠢᠡᠨ ᠴᠡᠭᠡᠵᠢᠯᠡᠳᠡᠭ᠌
ᠣᠢ᠌ᠳᠤ ᠣᠴᠢᠭ ᠳᠡᠭᠦᠤ ᠳᠠᠢ
ᠣᠷᠠᠯᠠᠵᠤ ᠰᠡᠢ᠌ᠯᠭᠦ ᠴᠢᠳᠠᠪᠣᠷᠢᠳᠠᠢ
ᠣᠷᠠᠨ ᠭᠤᠴᠤᠭ ᠳᠡᠭᠦᠤ ᠳᠠᠢ
ᠳᠤᠩᠭ᠋ᠠᠯᠠᠭ ᠵᠢᠰᠤ ᠳᠠᠢ
ᠳᠤᠨᠤᠮᠠᠯ ᠳᠠᠵᠢ ᠦᠬᠢᠨ ᠳᠡᠭᠦᠤ ᠲᠡᠶ᠃
ᠠ ᠄ ᠵᠧ ᠭᠦᠶᠢ ᠥᠨᠡᠭᠡᠷ ᠳᠠᠢ᠌ᠮᠤ ᠦᠦ᠂
ᠶᠢᠰᠦᠭᠡᠢ ᠪᠠᠭᠠᠳᠤᠷ ᠡᠴᠢᠭᠡ ᠨᠢ
ᠭᠡᠨ ᠤ ᠠᠷᠢᠭᠢᠨ ᠳᠤ ᠬᠤᠤᠷᠳᠠᠭᠳᠠᠪᠠ︖
ᠦᠷ᠎ᠡ ᠭᠦᠤ ᠨᠢ ᠳᠠᠮᠤᠵᠢᠨ
ᠭᠡᠳᠤᠨ ᠨᠠᠰᠤᠳᠠᠢ ᠬᠤᠴᠤᠷᠪᠠ︖
ᠪᠠᠯᠴᠢᠷ ᠪᠠᠶ᠎ᠠ ᠶᠢ ᠨᠢ ᠬᠠᠶᠠᠭᠠᠤᠨ
ᠪᠣᠰᠴᠤ ᠶᠠᠪᠣᠭᠰᠠᠨ ᠭᠡᠨ ᠳᠠᠷᠠ︖
ᠪᠠᠳᠤ ᠵᠢᠷᠤᠮ ᠢ ᠪᠠᠷᠢᠭᠠᠤᠨ
ᠪᠣᠷᠵᠢᠭᠢᠤᠨ ᠶᠢᠡᠨ ᠳᠠᠭᠠᠭᠰᠠᠨ ᠭᠡᠨ ᠳᠠᠷᠠ︖
ᠳᠠᠪᠤᠨ ᠰᠤᠮᠤ ᠶᠢ ᠬᠤᠭᠤᠯᠤᠭᠤᠯᠤᠭᠠᠤᠨ
ᠭᠡᠦᠭᠡᠤᠨ ᠶᠢᠡᠨ ᠰᠤᠷᠭᠠᠭᠰᠠᠨ ᠭᠡᠨ ᠳᠠᠷᠠ︖
ᠠᠷᠪᠠᠨ ᠭᠤᠷᠪᠠᠳᠠᠢ ᠥᠭᠡᠳᠡᠯᠡᠭᠡᠤᠨ
ᠨᠤᠳᠤᠭ ᠶᠢᠡᠨ ᠳᠡᠭ᠍ᠰᠢᠯᠡᠭ᠍ᠰᠡᠨ ᠭᠡᠨ ᠳᠠᠷᠠ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠶᠢᠰᠦᠭᠡᠢ ᠪᠠᠭᠠᠳᠤᠷ ᠡᠴᠢᠭᠡ ᠨᠢ
ᠲᠠᠲ᠋ᠠᠷ ᠤᠨ ᠠᠷᠢᠭᠢᠨ ᠳᠤ ᠬᠤᠤᠷᠳᠠᠭᠳᠠᠪᠠ᠂
ᠦᠷ᠎ᠡ ᠭᠦᠤ ᠨᠢ ᠳᠠᠮᠤᠵᠢᠨ
ᠶᠢᠰᠤᠨ ᠨᠠᠰᠤᠳᠠᠢ ᠬᠤᠴᠤᠷᠪᠠ᠂
ᠪᠠᠯᠴᠢᠷ ᠪᠠᠶ᠎ᠠ ᠶᠢ ᠨᠢ ᠬᠠᠶᠠᠭᠠᠤᠨ
ᠪᠣᠰᠴᠤ ᠶᠠᠪᠣᠭᠰᠠᠨ ᠬᠤᠯᠵᠢᠨ᠂
ᠪᠠᠳᠤ ᠵᠢᠷᠤᠮ ᠢ ᠪᠠᠷᠢᠭᠠᠤᠨ
ᠪᠣᠷᠵᠢᠭᠢᠳ ᠶᠢᠡᠨ ᠳᠠᠭᠠᠭᠰᠠᠨ ᠦᠨᠳᠦᠷ᠃
ᠳᠠᠪᠤᠨ ᠰᠤᠮᠤ ᠶᠢ ᠬᠤᠭᠤᠯᠤᠭᠤᠯᠤᠭᠠᠤᠨ
ᠭᠡᠦᠭᠡᠤᠨ ᠶᠢᠡᠨ ᠰᠤᠷᠭᠠᠭᠰᠠᠨ ᠠᠯᠤᠩᠭᠤᠤ᠎ᠠ ᠡᠬᠡ
ᠠᠷᠪᠠᠨ ᠭᠤᠷᠪᠠᠳᠠᠢ ᠥᠭᠡᠳᠡᠯᠡᠭᠡᠤᠨ
ᠨᠤᠳᠤᠭ ᠶᠢᠡᠨ ᠳᠦᠪᠰᠢᠦᠡᠭᠡᠭ᠍ᠰᠡᠨ ᠳᠠᠮᠤᠵᠢᠨ᠃
ᠠ ᠄ ᠵᠧ ᠭᠦᠶᠢ ᠥᠨᠡᠭᠡᠷ ᠳᠠᠢ᠌ᠮᠤ ᠦᠦ᠂
ᠠᠷᠪᠠᠨ ᠭᠤᠷᠪᠠᠳᠠᠢ ᠳᠠᠮᠤᠵᠢᠨ
ᠠᠪᠠᠯᠠᠬᠤ ᠪᠠᠷ ᠰᠢᠯᠳᠠᠭᠯᠠᠨ ᠶᠠᠭᠤᠨ ᠳᠤ ᠭᠠᠷᠪᠠ︖
ᠠᠯᠤᠰ ᠤᠨ ᠬᠤᠯᠠ ᠶᠠᠪᠣᠭᠠᠤᠨ
ᠰᠤᠷᠠᠭ ᠶᠢᠡᠷ ᠶᠠᠭᠤ ᠶᠢ ᠠᠰᠠᠭᠤᠪᠠ︖
ᠣᠨᠤᠭᠠᠤᠨ ᠭᠠᠷᠤᠭᠰᠠᠨ ᠭᠦᠯᠦᠭ᠌ ᠢ ᠨᠢ
ᠶᠠᠮᠠᠷ ᠮᠤᠷᠢ ᠭᠡᠵᠤ ᠭᠡᠯᠡᠨ᠎ᠡ ᠪᠣᠢ︖
ᠠᠤᠠᠬᠤᠨ ᠳᠤ ᠪᠠᠷᠢᠭᠰᠠᠨ ᠵᠡᠪᠰᠡᠭ᠌ ᠢ ᠨᠢ
ᠶᠠᠮᠠᠷ ᠵᠢᠳᠠ ᠭᠡᠵᠤ ᠭᠡᠯᠡᠨ᠎ᠡ ᠪᠣᠢ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠠᠷᠪᠠᠨ ᠭᠤᠷᠪᠠᠳᠠᠢ ᠳᠠᠮᠤᠵᠢᠨ
ᠠᠪᠠᠯᠠᠬᠤ ᠪᠠᠷ ᠰᠢᠯᠳᠠᠭᠯᠠᠨ ᠳᠠᠢ᠌ᠰᠤᠨ ᠳᠤ ᠮᠤᠷᠳᠠᠪᠠ᠂
ᠠᠯᠤᠰ ᠤᠨ ᠬᠤᠯᠠ ᠶᠠᠪᠣᠭᠠᠤᠨ
ᠰᠤᠷᠠᠭ ᠶᠢᠡᠷ ᠳᠠᠲ᠋ᠠᠷ ᠢ ᠠᠰᠠᠭᠤᠪᠠ᠃
ᠣᠨᠤᠭᠠᠤᠨ ᠭᠠᠷᠤᠭᠰᠠᠨ ᠭᠦᠯᠦᠭ᠌ ᠢ ᠨᠢ
ᠳ᠋ᠠᠷᠭᠢ ᠬᠤᠩᠭ᠋ᠤᠷ ᠮᠤᠷᠢ ᠭᠡᠨ᠎ᠡ᠂
ᠠᠤᠠᠬᠤᠨ ᠳᠤ ᠪᠠᠷᠢᠭᠰᠠᠨ ᠵᠡᠪᠰᠡᠭ᠌ ᠢ ᠨᠢ
ᠮᠤᠭᠠᠢ ᠶᠢᠨ ᠰᠡᠭᠦᠯ ᠤᠨ ᠵᠢᠳᠠ ᠭᠡᠨ᠎ᠡ᠃
ᠠ ᠄ ᠵᠧ ᠭᠦᠶᠢ ᠥᠨᠡᠭᠡᠷ ᠳᠠᠢ᠌ᠮᠤ ᠦᠦ᠂
ᠮᠤᠩᠭ᠋ᠤᠯ ᠤᠨ ᠵᠠᠩ ᠶᠢᠡᠷ ᠶᠢᠡᠨ ᠪᠠᠷᠢᠯᠳᠤᠭᠠᠤᠨ
ᠶᠠᠮᠠᠷ ᠪᠠᠭᠠᠳᠤᠷ ᠢ ᠳᠠᠭᠠᠭᠤᠯᠪᠠ︖
ᠮᠤᠷᠳᠠᠭᠠᠤᠨ ᠴᠠᠭᠠᠰᠢ ᠪᠠᠨ ᠶᠠᠪᠣᠬᠤ ᠳ᠋ᠤᠨᠢ
ᠭᠡᠨ ᠶᠠᠭᠠᠭᠢᠵᠤ ᠳᠠᠭᠠᠵᠤ ᠶᠠᠪᠣᠪᠠ︖
ᠴᠢᠯᠭᠡᠷ ᠪᠦᠭᠡ ᠳᠤ ᠪᠠᠷᠢᠭᠳᠠᠬᠤᠯᠠᠷ
ᠶᠠᠮᠠᠷ ᠭᠦᠮᠤᠨ ᠳᠤᠰᠠᠯᠠᠪᠠ︖
ᠰᠦᠨᠢ ᠪᠠᠷ ᠭᠡᠷ ᠳᠤᠨᠢ ᠭᠦᠷᠭᠦᠯᠡᠷ
ᠶᠠᠮᠠᠷ ᠭᠦᠪᠠᠭᠦᠨ ᠬᠠᠮᠠᠭᠠᠯᠠᠪᠠ︖
ᠲᠠᠢ᠌ᠴᠢᠭᠤᠳ ᠬᠤᠯᠠᠭᠠᠢ ᠨᠡᠩᠵᠢᠭᠦ ᠳ᠋ᠤ
ᠳᠠᠮᠤᠵᠢᠨ ᠢ ᠬᠠᠮᠢᠭ᠎ᠠ ᠨᠢᠭᠤᠯᠭᠠᠪᠠ︖
ᠣᠨᠤᠭ᠎ᠠ ᠦᠭᠡᠶ ᠪᠣᠯᠤᠭᠰᠠᠨ ᠳᠡᠭᠦᠨ ᠳ᠋ᠤ
ᠶᠠᠮᠠᠷ ᠮᠤᠷᠢ ᠪᠠᠨ ᠣᠨᠤᠭᠤᠯᠪᠠ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠮᠤᠩᠭ᠋ᠤᠯ ᠤᠨ ᠵᠠᠩ ᠶᠢᠡᠷ ᠶᠢᠡᠨ ᠪᠠᠷᠢᠯᠳᠤᠭᠠᠤᠨ
ᠮᠤᠬᠤᠯᠠᠢ ᠪᠠᠭᠠᠳᠤᠷ ᠢ ᠳᠠᠭᠠᠭᠤᠯᠪᠠ᠂
ᠮᠤᠷᠳᠠᠭᠠᠤᠨ ᠴᠠᠭᠠᠰᠢ ᠪᠠᠨ ᠶᠠᠪᠣᠬᠤ ᠳ᠋ᠤᠨᠢ
ᠮᠤᠬᠤᠯᠠᠢ ᠶᠠᠪᠠᠭᠠᠨ ᠶᠢᠡᠷ ᠳᠠᠭᠠᠵᠤ ᠶᠠᠪᠣᠪᠠ᠃
ᠴᠢᠯᠭᠡᠷ ᠪᠦᠭᠡ ᠳᠤ ᠪᠠᠷᠢᠭᠳᠠᠬᠤᠯᠠᠷ
ᠰᠤᠷᠬᠠᠨ ᠰᠢᠷ᠎ᠠ ᠳᠤᠰᠠᠯᠠᠪᠠ᠂
ᠰᠦᠨᠢ ᠪᠠᠷ ᠭᠡᠷ ᠳᠤᠨᠢ ᠭᠦᠷᠭᠦᠯᠡᠷ
ᠴᠢᠯᠠᠭᠤᠨ ᠭᠦᠪᠠᠭᠦᠨ ᠬᠠᠮᠠᠭᠠᠯᠠᠪᠠ᠃
ᠲᠠᠢ᠌ᠴᠢᠭᠤᠳ ᠬᠤᠯᠠᠭᠠᠢ ᠨᠡᠩᠵᠢᠭᠦ ᠳ᠋ᠤ
ᠣᠩᠭ᠋ᠠᠰᠤᠨ ᠳᠡᠷᠭᠡᠨ ᠳᠤ ᠨᠢᠭᠤᠯᠭᠠᠪᠠ᠂
ᠣᠨᠤᠭ᠎ᠠ ᠦᠭᠡᠶ ᠪᠣᠯᠤᠭᠰᠠᠨ ᠳᠡᠭᠦᠨ ᠳ᠋ᠤ
ᠡᠷᠡᠮᠡᠭ᠌ ᠰᠢᠷᠭ᠎ᠠ ᠪᠠᠨ ᠣᠨᠤᠭᠤᠯᠪᠠ᠃
ᠠ ᠄ ᠵᠧ ᠭᠦᠶᠢ ᠥᠨᠡᠭᠡᠷ ᠳᠠᠢ᠌ᠮᠤ ᠦᠦ᠂
ᠨᠢ᠋ᠮᠠᠨ ᠰᠢᠷᠭ᠎ᠠ ᠪᠠᠨ ᠡᠷᠢᠭ᠍ᠰᠡᠨ ᠨᠢ
ᠭᠡᠨ ᠶᠢᠡᠨ ᠪᠣᠳᠤᠭᠰᠠᠨ ᠰᠠᠤᠠᠭᠢᠯ ᠪᠣᠢ︖
ᠨᠠᠭᠠᠰᠢ ᠴᠠᠭᠠᠰᠢ ᠵᠠᠮ ᠳ᠋ᠠᠭᠠᠨ
ᠶᠠᠮᠠᠷ ᠠᠢ᠌ᠯ ᠳᠤ ᠪᠠᠭᠤᠭᠰᠠᠨ ᠪᠣᠢ︖
ᠪᠣᠭᠳᠤᠭᠤᠰᠤ ᠥᠭᠡᠷ ᠢ ᠰᠢᠭᠦᠮᠵᠢᠯᠡᠵᠤ
ᠶᠠᠮᠠᠷ ᠭᠦᠮᠤᠨ ᠢ ᠳᠠᠭᠠᠭᠤᠯᠤᠭᠰᠠᠨ ᠪᠣᠢ︖
ᠪᠠᠯᠭᠤ ᠬᠤᠷᠢᠶ᠎ᠠ ᠡᠴᠡ ᠪᠠᠨ ᠨᠡᠭᠦᠭᠡᠤᠨ
ᠶᠠᠮᠠᠷ ᠭᠠᠵᠠᠷ ᠰᠠᠭᠤᠭᠰᠠᠨ ᠪᠣᠢ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠨᠢ᠋ᠮᠠᠨ ᠰᠢᠷᠭ᠎ᠠ ᠪᠠᠨ ᠡᠷᠢᠭ᠍ᠰᠡᠨ ᠨᠢ
ᠳᠡᠭᠦᠤ ᠪᠠᠨ ᠪᠣᠳᠤᠭᠰᠠᠨ ᠰᠠᠤᠠᠭᠢᠯ ᠶᠤᠮ᠂
ᠨᠠᠭᠠᠰᠢ ᠴᠠᠭᠠᠰᠢ ᠵᠠᠮ ᠳ᠋ᠠᠭᠠᠨ
ᠨᠠᠬᠤ ᠪᠠᠶᠠᠨ ᠤ ᠳᠤ ᠪᠠᠭᠤᠭᠰᠠᠨ ᠶᠤᠮ᠃
ᠪᠣᠭᠳᠤᠭᠤᠰᠤ ᠥᠭᠡᠷ ᠢ ᠰᠢᠭᠦᠮᠵᠢᠯᠡᠵᠤ
ᠪᠣᠭᠤᠷᠴᠢ ᠪᠠᠭᠠᠳᠤᠷ ᠢ ᠳᠠᠭᠠᠭᠤᠯᠤᠭᠰᠠᠨ ᠶᠤᠮ᠂
ᠪᠠᠯᠭᠤ ᠬᠤᠷᠢᠶ᠎ᠠ ᠡᠴᠡ ᠪᠠᠨ ᠨᠡᠭᠦᠭᠡᠤᠨ
ᠠᠷᠰᠯᠠᠨ ᠤ ᠠᠮᠠᠨ ᠳᠤ ᠰᠠᠭᠤᠭᠰᠠᠨ ᠶᠤᠮ᠃
ᠠ ᠄ ᠵᠧ ᠭᠦᠶᠢ ᠥᠨᠡᠭᠡᠷ ᠳᠠᠢ᠌ᠮᠤ ᠦᠦ᠂
ᠭᠦᠢᠰᠡᠨ ᠤ ᠪᠣᠭᠤᠷᠤᠯ ᠭᠡᠮᠡᠭ᠍ᠴᠢ
ᠶᠠᠮᠠᠷ ᠵᠡᠷᠭᠡ ᠶᠢᠨ ᠭᠦᠮᠤᠨ ᠪᠣᠢ︖
ᠭᠦᠷᠭᠡᠯᠡᠭᠦ ᠪᠠᠷ ᠮᠤᠷᠳᠠᠭᠰᠠᠨ ᠳᠠᠮᠤᠵᠢᠨ ᠳ᠋ᠤ
ᠶᠠᠭᠠᠭᠢᠵᠤ ᠳᠠᠨᠢᠯᠴᠠᠭᠰᠠᠨ ᠲᠦᠰᠢᠮᠠᠯ ᠪᠣᠢ︖
ᠮᠤᠬᠤᠯᠠᠢ᠂ ᠴᠢᠯᠠᠭᠤᠨ᠂ ᠪᠣᠭᠤᠷᠴᠢ᠂ ᠪᠣᠭᠤᠷᠤᠯ ᠢ
ᠲᠦᠷᠦ ᠳᠡᠭᠡᠷ᠎ᠡ ᠶᠠᠭᠤ ᠭᠡᠵᠤ ᠳᠠᠭᠤᠳᠠᠪᠠ︖
ᠮᠤᠩᠭ᠋ᠤᠯ ᠳᠤᠭᠠᠳᠠᠨ ᠦᠶ᠎ᠡ ᠶᠢᠨ ᠦᠶ᠎ᠡ ᠳᠡᠭᠡᠨ
ᠳᠠᠳᠠᠨ ᠢ ᠶᠠᠭᠤ ᠭᠡᠵᠤ ᠳᠠᠭᠢᠪᠠ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠭᠦᠢᠰᠡᠨ ᠪᠣᠭᠤᠷᠤᠯ ᠭᠡᠮᠡᠭ᠍ᠴᠢ
ᠭᠡᠯᠮᠦᠷᠴᠢ ᠥᠭᠡ ᠲᠡᠶ ᠮᠡᠷᠭᠡᠨ ᠰᠢᠤ᠂
ᠭᠦᠷᠭᠡᠯᠡᠭᠦ ᠪᠠᠷ ᠮᠤᠷᠳᠠᠭᠰᠠᠨ ᠳᠠᠮᠤᠵᠢᠨ ᠳ᠋ᠤ
ᠭᠦᠡᠳᠦᠯᠡᠵᠤ ᠶᠤᠰᠤᠯᠠᠭᠰᠠᠨ ᠲᠦᠰᠢᠮᠠᠯ ᠰᠢᠤ᠃
ᠮᠤᠬᠤᠯᠠᠢ᠂ ᠴᠢᠯᠠᠭᠤᠨ᠂ ᠪᠣᠭᠤᠷᠴᠢ᠂ ᠪᠣᠭᠤᠷᠤᠯ ᠢ
ᠳᠦᠷᠪᠡᠨ ᠭᠦᠯᠦᠭ᠌ ᠭᠡᠵᠤ ᠳᠠᠭᠤᠳᠠᠪᠠ᠂
ᠮᠤᠩᠭ᠋ᠤᠯ ᠳᠤᠭᠠᠳᠠᠨ ᠦᠶ᠎ᠡ ᠶᠢᠨ ᠦᠶ᠎ᠡ ᠳ᠋ᠡᠭᠡᠨ
ᠳᠦᠷᠪᠡᠨ ᠰᠠᠭᠢᠭᠤᠯᠰᠤᠨ ᠭᠡᠵᠤ ᠳᠠᠭᠢᠪᠠ᠃
ᠠ ᠄ ᠵᠧ ᠭᠦᠶᠢ ᠥᠨᠡᠭᠡᠷ ᠳᠠᠢ᠌ᠮᠤ ᠦᠦ᠂
ᠭᠡᠳᠦᠢ ᠨᠠᠰᠤᠨ ᠳᠠᠭᠠᠨ ᠳᠠᠮᠤᠵᠢᠨ
ᠡᠴᠢᠭᠡ ᠶᠢᠨ ᠨᠤᠳᠤᠭ ᠶᠢᠡᠨ ᠮᠠᠠᠳᠤᠭᠤᠯᠤᠭᠰᠠᠨ ᠪᠣᠢ︖
ᠭᠡᠨ ᠭᠡᠭ᠍ᠴᠢ ᠦᠬᠢᠨ ᠢ
ᠪᠣᠭᠳᠤᠯᠠᠵᠤ ᠭᠡᠷᠯᠡᠵᠤ ᠠᠪᠣᠭᠰᠠᠨ ᠪᠣᠢ︖
ᠬᠠᠳᠠᠮ ᠠᠪᠣ ᠶᠢᠨ ᠭᠢᠨᠢ ᠠᠯᠳᠠᠷ ᠢ
ᠭᠡᠨ ᠭᠡᠵᠤ ᠭᠡᠯᠡᠳᠡᠭ᠌ ᠪᠣᠢ︖
ᠬᠠᠢ᠌ᠷᠠᠳᠤ ᠭᠡᠷᠭᠡᠢ ᠶᠢᠨ ᠶᠢᠡᠨ ᠨᠠᠷᠠ ᠵᠢ
ᠶᠠᠮᠠᠷ ᠬᠠᠳᠤᠨ ᠭᠡᠵᠤ ᠬᠠᠯᠠᠭᠰᠠᠨ ᠪᠣᠢ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠠᠷᠪᠠᠨ ᠳᠤᠯᠤᠭᠠᠳᠠᠢ ᠳᠠᠮᠤᠵᠢᠨ
ᠡᠴᠢᠭᠡ ᠶᠢᠨ ᠨᠤᠳᠤᠭ ᠶᠢᠡᠨ ᠮᠠᠠᠳᠤᠭᠤᠯᠪᠠ᠂
ᠠᠷᠢᠭᠤᠨ ᠪᠦᠷᠳᠡᠭᠡᠯᠵᠢᠨ ᠦᠬᠢᠨ ᠢ
ᠪᠣᠭᠳᠤᠯᠠᠵᠤ ᠭᠡᠷᠯᠡᠵᠤ ᠠᠪᠣᠪᠠ᠃
ᠬᠠᠳᠠᠮ ᠠᠪᠣ ᠶᠢᠨ ᠭᠢᠨᠢ ᠠᠯᠳᠠᠷ ᠢ
ᠬᠤᠩᠭᠢᠷᠠᠤᠨ ᠤᠨ ᠲᠡᠶ ᠰᠠᠴᠠᠨ ᠭᠡᠨ᠎ᠡ᠂
ᠬᠠᠢ᠌ᠷᠠᠳᠤ ᠭᠡᠷᠭᠡᠢ ᠶᠢᠨ ᠶᠢᠡᠨ ᠨᠠᠷᠠ ᠵᠢ
ᠰᠠᠴᠠᠨ ᠵᠦᠰᠤᠨ ᠬᠠᠳᠤᠨ ᠭᠡᠪᠡ᠃
ᠠ ᠄ ᠵᠧ ᠭᠦᠶᠢ ᠥᠨᠡᠭᠡᠷ ᠳᠠᠢ᠌ᠮᠤ ᠦᠦ ᠂
ᠬᠤᠷᠢᠮ ᠤᠨ ᠠᠷᠢᠭᠢ ᠶᠢ ᠰᠢᠭᠦᠮᠵᠢᠯᠡᠭ᠍ᠰᠡᠨ
ᠠᠯᠢ ᠠᠢ᠌ᠮᠠᠭ ᠤᠨ ᠭᠦᠮᠤᠨ ᠪᠣᠢ︖
ᠬᠠᠮᠤᠭ ᠢ ᠰᠤᠴᠢᠳᠠᠯ᠎ᠠ ᠥᠭᠦᠯᠡᠭ᠍ᠰᠡᠨ
ᠶᠠᠮᠠᠷ ᠨᠠᠷᠠ ᠲᠡᠶ ᠭᠦᠤ ᠪᠣᠢ︖
ᠡᠵᠡᠨ ᠳᠠᠮᠤᠵᠢᠨ ᠰᠤᠨᠤᠰᠤᠭᠠᠤᠨ
ᠶᠠᠮᠠᠷ ᠱᠠᠩ ᠦᠭᠭᠦᠭ᠍ᠰᠡᠨ ᠪᠣᠢ︖
ᠡᠨᠡ ᠭᠦᠪᠠᠭᠦᠨ ᠢ ᠥᠷᠦᠰᠢᠶᠡᠭᠡᠤᠨ
ᠶᠠᠮᠠᠷ ᠨᠠᠷᠠ ᠬᠠᠢ᠌ᠷᠠᠯᠠᠭᠰᠠᠨ ᠪᠣᠢ︖
ᠳᠠᠮᠤᠵᠢᠨ ᠤ ᠮᠤᠷᠢ ᠶᠢ ᠬᠠᠷᠪᠣᠭᠰᠠᠨ ᠵᠢᠠᠨ
ᠶᠠᠮᠠᠷ ᠰᠠᠢ᠌ᠨ ᠡᠷ᠎ᠡ ᠮᠡᠳᠡᠭᠦᠯᠪᠡ︖
ᠳᠠᠷᠠ ᠦᠨᠡᠠᠴᠢ ᠪᠠᠭᠠᠳᠤᠷ ᠢ
ᠶᠠᠮᠠᠷ ᠨᠠᠷᠠ ᠪᠠᠷ ᠴᠤᠯᠠᠯᠠᠪᠠ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠬᠤᠷᠢᠮ ᠤᠨ ᠠᠷᠢᠭᠢ ᠶᠢ ᠰᠢᠭᠦᠮᠵᠢᠯᠡᠭ᠍ᠰᠡᠨ
ᠪᠠᠶᠠᠭᠤᠳ ᠤᠨ ᠦᠨᠦᠴᠢᠨ ᠭᠦᠪᠠᠭᠦᠨ ᠭᠡᠨ᠎ᠡ᠂
ᠬᠠᠮᠤᠭ ᠢ ᠰᠤᠴᠢᠳᠠᠯ᠎ᠠ ᠥᠭᠦᠯᠡᠭ᠍ᠰᠡᠨ
ᠠᠷᠪᠠᠨ ᠭᠤᠷᠪᠠᠳᠠᠢ ᠰᠤᠴᠢ ᠭᠡᠨ᠎ᠡ᠃
ᠡᠵᠡᠨ ᠳᠠᠮᠤᠵᠢᠨ ᠰᠤᠨᠤᠰᠤᠭᠠᠤᠨ
ᠳᠠᠪᠠᠯ ᠮᠠᠯᠠᠭᠠᠢ ᠱᠠᠩᠨᠠᠭᠰᠠᠨ ᠭᠡᠨ᠎ᠡ᠂
ᠡᠨᠡ ᠭᠦᠪᠠᠭᠦᠨ ᠢ ᠥᠷᠦᠰᠢᠶᠡᠭᠡᠤᠨ
ᠣᠶᠤᠳᠤ ᠰᠠᠴᠠᠨ ᠭᠡᠵᠤ ᠨᠡᠷᠡᠢ᠌ᠳᠦᠭ᠍ᠰᠡᠨ ᠭᠡᠨ᠎ᠡ᠃
ᠳᠠᠮᠤᠵᠢᠨ ᠤ ᠮᠤᠷᠢ ᠶᠢ ᠬᠠᠷᠪᠣᠭᠰᠠᠨ ᠵᠢᠠᠨ
ᠵᠢᠷᠭᠤᠭᠠᠳᠠᠢ ᠰᠠᠢ᠌ᠨ ᠡᠷ᠎ᠡ ᠮᠡᠳᠡᠭᠦᠯᠵᠡᠢ
ᠳᠠᠷᠠ ᠦᠨᠡᠠᠴᠢ ᠪᠠᠭᠠᠳᠤᠷ ᠢ
ᠵᠠᠪᠠ ᠨᠠᠷᠠ ᠪᠠᠷ ᠴᠤᠯᠠᠯᠠᠵᠠᠢ᠃
ᠠ ᠄ ᠵᠧ ᠭᠦᠶᠢ ᠥᠨᠡᠭᠡᠷ ᠳᠠᠢ᠌ᠮᠤ ᠦᠦ᠂
ᠬᠤᠪᠢᠳᠠᠢ ᠳᠠᠮᠤᠵᠢᠨ ᠤ ᠬᠤᠷᠢᠮ ᠳᠡᠭᠡᠷ᠎ᠡ
ᠬᠤᠭ ᠭᠡᠢ᠌ᠰᠭᠡᠭ᠍ᠰᠡᠨ ᠨᠢ ᠠᠯᠢ ᠪᠣᠢ︖
ᠬᠤᠷᠤᠭᠤ ᠭᠢᠮᠤᠰᠤ ᠭᠦᠳᠡᠯᠭᠡᠭᠡᠤᠨ
ᠭᠡᠷᠡᠭᠦᠯ ᠳᠠᠳᠠᠭᠰᠠᠨ ᠨᠢ ᠭᠡᠨ ᠪᠣᠢ︖
ᠪᠧᠲ᠋ᠡ᠋ ᠣᠯᠤᠰ ᠤᠨ ᠬᠠᠨ ᠭᠡᠵᠤ
ᠪᠦᠭᠦᠨ ᠳᠤ ᠮᠠᠭᠳᠠᠭᠳᠠᠭᠰᠠᠨ ᠭᠡᠨ ᠪᠣᠢ︖
ᠪᠦᠷᠢᠨ ᠪᠦᠳᠤᠨ ᠲᠦᠷᠦ ᠭᠡᠵᠤ
ᠣᠯᠠᠨ ᠳᠤ ᠰᠠᠢ᠌ᠰᠢᠶᠠᠭᠳᠠᠭᠰᠠᠨ ᠭᠡᠨ ᠪᠣᠢ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠬᠤᠪᠢᠳᠠᠢ ᠳᠠᠮᠤᠵᠢᠨ ᠤ ᠬᠤᠷᠢᠮ ᠳᠡᠭᠡᠷ᠎ᠡ
ᠬᠤᠭ ᠭᠡᠢ᠌ᠰᠭᠡᠭ᠍ᠰᠡᠨ ᠨᠢ ᠯᠠᠢ᠌ᠬᠠᠤᠨ ᠠᠢ᠌ᠮᠠᠭ᠂
ᠬᠤᠷᠤᠭᠤ ᠭᠢᠮᠤᠰᠤ ᠭᠦᠳᠡᠯᠭᠡᠭᠡᠤᠨ
ᠭᠡᠷᠡᠭᠦᠯ ᠡᠭᠦᠰᠭᠡᠭ᠍ᠰᠡᠨ ᠨᠢ ᠰᠠᠴᠠᠨ ᠪᠦᠭᠡ᠃
ᠪᠧᠲ᠋ᠡ᠋ ᠣᠯᠤᠰ ᠤᠨ ᠬᠠᠨ ᠭᠡᠵᠤ
ᠪᠦᠭᠦᠨ ᠳᠤ ᠮᠠᠭᠳᠠᠭᠳᠠᠭᠰᠠᠨ ᠳᠠᠮᠤᠵᠢᠨ᠂
ᠪᠦᠷᠢᠨ ᠪᠦᠳᠤᠨ ᠲᠦᠷᠦ ᠭᠡᠵᠤ
ᠣᠯᠠᠨ ᠳᠤ ᠰᠠᠢ᠌ᠰᠢᠶᠠᠭᠳᠠᠭᠰᠠᠨ ᠪᠣᠷᠵᠢᠭᠢᠳ ᠠᠢ᠌ᠮᠠᠭ᠃
ᠠ ᠄ ᠵᠧ ᠭᠦᠶᠢ ᠥᠨᠡᠭᠡᠷ ᠳᠠᠢ᠌ᠮᠤ ᠦᠦ᠂
ᠴᠢᠩᠭᠢᠰ ᠤᠨ ᠣᠯᠠᠨ ᠭᠠᠪᠢᠶ᠎ᠠ ᠵᠢ
ᠠᠭᠠᠵᠢᠮ ᠭᠡᠯᠡᠯᠴᠡᠪᠠᠯ ᠶᠠᠮᠠᠷ ᠪᠣᠢ︖
ᠴᠡᠷᠢᠭᠯᠡᠵᠤ ᠮᠤᠷᠳᠠᠭᠰᠠᠨ ᠥᠯᠢᠭᠡᠷ ᠢ ᠨᠢ
ᠠᠰᠳᠠᠭᠠᠨ ᠳᠤᠭᠠᠴᠢᠪᠠᠯ ᠶᠠᠮᠠᠷ ᠪᠣᠢ︖
ᠰᠠᠢ᠌ᠰᠢᠶᠠᠯ ᠤᠨ ᠵᠢᠷᠭᠤᠭᠠᠨ ᠰᠠᠢ᠌ᠳ ᠨᠡᠷ ᠢ
ᠰᠡᠭᠦᠯᠡᠷ ᠳᠤᠷᠠᠤᠠᠬᠤ ᠳᠤ ᠶᠠᠮᠠᠷ ᠪᠣᠢ︖
ᠴᠤᠯᠠ ᠲᠡᠶ ᠶᠢᠰᠤᠨ ᠥᠷᠯᠦᠭ᠌ ᠤᠳ ᠢ
ᠰᠡᠯᠡᠭᠦᠤ ᠳᠡᠭᠡᠨ ᠶᠠᠷᠢᠯᠴᠠᠬᠤ ᠳᠤ ᠶᠠᠮᠠᠷ ᠪᠣᠢ︖
ᠡ ᠄ ᠵᠧ ᠭᠦᠶᠢ ᠥᠨᠡᠭᠡᠷ ᠳᠠᠢ᠌ᠮᠤ ᠭᠡᠯᠡᠢ᠂
ᠦᠷᠢᠯ ᠤᠨ ᠮᠤᠳᠤ ᠴᠢᠨᠢ ᠪᠦᠳᠦᠭᠦᠷᠡᠭ᠌ ᠡ
ᠦᠷ᠎ᠡ ᠶᠢ ᠨᠢ ᠪᠣᠯᠪᠠᠰᠤᠷᠠᠭᠤᠯᠵᠤ ᠳᠡᠭᠦᠶᠡ ᠳ᠋ᠠ
ᠡᠪᠴᠢᠭᠦᠤ ᠴᠡᠭᠡᠵᠢ ᠴᠢᠨᠢ ᠨᠡᠭᠡᠭᠡᠭ᠍ᠳᠡᠭ᠌ ᠡ
ᠥᠯᠢᠭᠡᠷ ᠶᠢᠡᠨ ᠳᠡᠭᠡᠭᠡᠤᠨ ᠵᠠᠯᠭᠠᠶᠠ ᠳ᠋ᠠ᠃
ᠭᠦᠪᠠᠭᠡ ᠦᠭᠡᠶ ᠳᠠᠯ᠎ᠠ ᠵᠢ
ᠭᠦᠯᠦᠭ᠌ ᠤᠨ ᠳᠤᠪᠳᠤᠯᠤᠭ᠎ᠠ ᠪᠠᠷ ᠳᠤᠭᠤᠯᠤᠶᠠ ᠳ᠋ᠠ᠂
ᠭᠦᠭᠡ ᠮᠤᠩᠭ᠋ᠤᠯ ᠤᠨ ᠶᠢᠡᠨ ᠠᠯᠳᠠᠷ ᠢ
ᠬᠤᠵᠢᠮ ᠳᠠᠭᠠᠨ ᠵᠠᠯᠭᠠᠭᠠᠤᠨ ᠭᠡᠯᠡᠯᠴᠡᠶ᠎ᠡ ᠳ᠋ᠠ᠃
ᠵᠤᠬᠢᠶᠠᠭᠴᠢ᠄ ᠯᠤᠤᠽᠡᠷ
ᠳᠠᠷᠤᠮ᠄ 25071
ᠴᠠᠭ᠄ 2007 ᠤᠨ ᠤ 07 ᠰᠠᠷ᠎ᠠ ᠶᠢᠨ 29