ᠨᠡᠪᠲᠡᠷᠡᠨ ᠤᠷᠤᠬᠤ
ᠬᠤᠶᠠᠷ

ᠠ ᠄ ᠵᠧ ᠭᠦᠶ‍ᠢ ᠥᠨᠡᠭᠡᠷ ᠳᠠᠢ᠌ᠮᠤ ᠦᠦ᠂

ᠥᠭᠡᠷ ᠶᠢᠡᠨ ᠠᠯᠳᠠᠭᠠᠳᠤᠢ ᠶᠤᠮ ᠪᠣᠯ

ᠡ᠊ᠨᠳᠡ ᠪᠠᠬᠠᠨ ᠨᠠᠢ᠌ᠷᠯᠠᠯᠳᠤᠨ᠎ᠠ ᠦᠦ︖

ᠥᠯᠢᠭᠡᠷ ᠶᠢᠡᠨ ᠮᠠᠷᠳᠠᠭᠠᠳᠤᠢ ᠶᠤᠮ ᠪᠣᠯ

ᠥᠷᠭᠦᠯᠵᠢᠯᠡᠭᠦᠯᠵᠤ ᠪᠠᠬᠠᠨ ᠭᠡᠯᠡᠯᠴᠡᠨ᠎ᠡ ᠦᠦ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠭᠦᠳᠦᠯᠦᠭᠡ ᠮᠤᠷᠢ ᠲᠡᠶ ᠶᠠᠪᠣᠭᠠᠤᠨ

ᠭᠡᠭᠡᠷ᠎ᠡ ᠬᠤᠨᠤᠵᠤ ᠥᠵᠡᠭᠡᠳᠦᠢ᠂

ᠭᠦᠭᠡ ᠰᠤᠳᠤᠷ ᠭᠡᠯᠡᠯᠴᠡᠭᠡᠤᠨ

ᠭᠦᠮᠤᠨ ᠳᠤ ᠭᠠᠷᠳᠠᠭᠠᠭᠳᠠᠵᠤ ᠥᠵᠡᠭᠡᠳᠦᠢ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠵᠠᠭᠠᠯ ᠬᠠᠨ ᠤ ᠠᠷᠤ ᠳᠤ

ᠵᠠᠮ ᠳᠤᠰᠤᠭᠰᠠᠨ ᠭᠡᠨ ᠪᠣᠢ︖

ᠵᠠᠯᠮᠠ ᠬᠠᠨ ᠤ ᠥᠯᠭᠡ ᠳ᠋ᠤ

ᠵᠠᠪᠳᠤᠵᠤ ᠪᠠᠢ᠌ᠯᠳᠤᠭᠰᠠᠨ ᠭᠡᠨ ᠪᠣᠢ︖

ᠪᠣᠶᠠᠠᠳᠤ ᠡᠵᠡᠨ ᠶᠢᠡᠨ ᠬᠠᠮᠠᠭᠠᠯᠠᠭᠰᠠᠨ

ᠪᠣᠯᠤᠳ ᠵᠤᠷᠢᠭᠳᠤ ᠭᠡᠨ ᠪᠣᠢ︖

ᠪᠠᠶ᠎ᠠ ᠪᠠᠨ ᠴᠦᠯᠠᠵᠤ ᠳᠤᠬᠤᠮ ᠡᠷᠭᠦᠨ

ᠡᠵᠡᠨ ᠶᠢᠡᠨ ᠬᠠᠯᠬᠠᠯᠠᠭᠰᠠᠨ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠵᠠᠭᠠᠯ ᠬᠠᠨ ᠤ ᠠᠷᠤ ᠳ᠋ᠤ

ᠵᠠᠮ ᠳᠤᠰᠤᠭᠰᠠᠨ ᠮᠡᠭᠡᠵᠢᠨ ᠰᠡᠭᠡᠷ᠂

ᠵᠠᠯᠮᠠ ᠬᠠᠨ ᠤ ᠥᠯᠭᠡ ᠳ᠋ᠤ

ᠵᠠᠪᠳᠤᠵᠤ ᠪᠠᠢ᠌ᠯᠳᠤᠭᠰᠠᠨ ᠵᠢᠷᠭᠤᠭᠠᠨ ᠰᠠᠢ᠌ᠳ᠃

ᠪᠣᠶᠠᠠᠳᠤ ᠡᠵᠡᠨ ᠶᠢᠡᠨ ᠬᠠᠮᠠᠭᠠᠯᠠᠭᠰᠠᠨ

ᠪᠣᠯᠤᠳ ᠵᠤᠷᠢᠭᠳᠤ ᠪᠣᠭᠤᠷᠴᠢ᠂

ᠪᠠᠶ᠎ᠠ ᠪᠠᠨ ᠴᠦᠯᠠᠵᠤ ᠳᠤᠬᠤᠮ ᠡᠷᠭᠦᠨ

ᠡᠵᠡᠨ ᠶᠢᠡᠨ ᠬᠠᠯᠬᠠᠯᠠᠭᠰᠠᠨ ᠪᠣᠭᠤᠷᠤᠯ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠣᠷᠤᠭᠤᠯ ᠬᠤᠯᠠᠭᠠᠢ ᠲᠡᠶ ᠪᠠᠢ᠌ᠯᠳᠤᠵᠤ

ᠣᠭᠤᠴᠠ ᠪᠠᠷ ᠨᠢ ᠴᠠᠪᠴᠢᠭᠰᠠᠨ ᠭᠡᠨ ᠪᠣᠢ︖

ᠣᠯᠠᠨ ᠳᠠᠢ᠌ᠰᠤᠨ ᠤ ᠡᠰᠡᠷᠭᠦ

ᠣᠨᠤᠪᠴᠢᠳᠠᠢ ᠬᠠᠷᠪᠣᠭᠰᠠᠨ ᠭᠡᠨ ᠪᠣᠢ︖

ᠳᠠᠰ ᠤᠨ ᠳᠤᠭ ᠢ ᠴᠠᠪᠴᠢᠵᠤ

ᠳᠠᠢ᠌ᠰᠤᠨ ᠢ ᠰᠠᠷᠨᠢᠭᠤᠯᠤᠭᠰᠠᠨ ᠭᠡᠨ ᠪᠣᠢ︖

ᠳᠠᠲ᠋ᠠᠷ ᠤᠨ ᠬᠤᠶᠠᠭ ᠵᠡᠪᠰᠡᠭ᠌ ᠤᠳ ᠢ

ᠬᠤᠷᠢᠶᠠᠮᠵᠢᠯᠠᠵᠤ ᠠᠪᠴᠢᠷᠠᠭᠰᠠᠨ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠣᠷᠤᠭᠤᠯ ᠬᠤᠯᠠᠭᠠᠢ ᠲᠡᠶ ᠪᠠᠢ᠌ᠯᠳᠤᠵᠤ

ᠣᠭᠤᠴᠠ ᠪᠠᠷ ᠨᠢ ᠴᠠᠪᠴᠢᠭᠰᠠᠨ ᠰᠢᠷᠢ ᠬᠤᠳᠤᠭ᠂

ᠣᠯᠠᠨ ᠳᠠᠢ᠌ᠰᠤᠨ ᠤ ᠡᠰᠡᠷᠭᠦ

ᠣᠨᠤᠪᠴᠢᠳᠠᠢ ᠬᠠᠷᠪᠣᠭᠰᠠᠨ ᠴᠤᠤ ᠮᠡᠷᠭᠡᠨ᠂

ᠳᠠᠰ ᠤᠨ ᠳᠤᠭ ᠢ ᠴᠠᠪᠴᠢᠵᠤ

ᠳᠠᠢ᠌ᠰᠤᠨ ᠢ ᠰᠠᠷᠨᠢᠭᠤᠯᠤᠭᠰᠠᠨ ᠵᠠᠯᠮ᠎ᠠ᠂

ᠳᠠᠲ᠋ᠠᠷ ᠤᠨ ᠬᠤᠶᠠᠭ ᠵᠡᠪᠰᠡᠭ᠌ ᠤᠳ ᠢ

ᠬᠤᠷᠢᠶᠠᠮᠵᠢᠯᠠᠵᠤ ᠠᠪᠴᠢᠷᠠᠭᠰᠠᠨ ᠵᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ︖

ᠳᠠᠲ᠋ᠠᠷ ᠤᠨ ᠬᠤᠯᠠᠭᠠᠢ ᠮᠡᠭᠡᠵᠢᠨ ᠰᠡᠭᠡᠷ

ᠭᠡᠨ ᠤ ᠵᠡᠪᠰᠡᠭ᠌ ᠲᠤ ᠠᠯᠠᠭᠳᠠᠪᠠ︖

ᠳᠡᠭᠦᠨ ᠤ ᠳᠤᠯᠤᠭᠠᠢ ᠶᠢ ᠦᠭ‍ᠭᠦᠨ ᠪᠠᠢ᠌ᠵᠤ

ᠠᠯᠢ ᠣᠯᠤᠰ ᠢ ᠡᠭᠡᠭᠦᠯᠪᠡ︖

ᠰᠠᠴᠠᠨ ᠳᠠᠢ᠌ᠵᠤ ᠶᠢ ᠪᠠᠷᠢᠬᠤ ᠠᠷᠭ᠎ᠠ ᠵᠢ

ᠶᠠᠮᠠᠷ ᠭᠦᠮᠤᠨ ᠰᠤᠷᠭᠠᠪᠠ︖

ᠰᠢᠷᠢ ᠬᠤᠳᠤᠭ᠂ ᠬᠠᠷ᠎ᠠ ᠭᠢᠷᠤ

ᠶᠠᠭᠠᠭᠢᠵᠤ ᠶᠠᠪᠤᠨ ᠳᠠᠢ᠌ᠯᠪᠠ︖

ᠡ ᠄ ᠵᠧ ᠭᠦᠶ‍ᠢ ᠳᠠᠢ᠌ᠮᠤ ᠭᠡᠯᠡᠢ᠂

ᠳᠠᠲ᠋ᠠᠷ ᠤᠨ ᠬᠤᠯᠠᠭᠠᠢ ᠮᠡᠭᠡᠵᠢᠨ ᠰᠡᠭᠡᠷ

ᠴᠢᠯᠠᠭᠤᠨ ᠤ ᠰᠥᠭᠡᠨ ᠳᠤ ᠴᠠᠪᠴᠢᠭᠳᠠᠪᠠ᠂

ᠳᠡᠭᠦᠨ ᠤ ᠳᠤᠯᠤᠭᠠᠢ ᠶᠢ ᠦᠭ‍ᠭᠦᠨ ᠪᠠᠢ᠌ᠵᠤ

ᠠᠯᠳᠠᠨ ᠣᠯᠤᠰ ᠢ ᠡᠭᠡᠭᠦᠯᠪᠡ᠃

ᠰᠠᠴᠠᠨ ᠳᠠᠢ᠌ᠵᠤ ᠶᠢ ᠪᠠᠷᠢᠬᠤ ᠠᠷᠭ᠎ᠠ ᠵᠢ

ᠴᠡᠷᠢᠭ᠌ ᠤᠨ ᠵᠢᠨᠦᠡᠭ᠌ ᠰᠤᠷᠭᠠᠪᠠ᠂

ᠰᠢᠷᠢ ᠬᠤᠳᠤᠭ᠂ ᠬᠠᠷ᠎ᠠ ᠭᠢᠷᠤ

ᠬᠤᠳᠠᠯᠳᠤᠭᠠᠴᠢᠨ ᠶᠢᠡᠷ ᠣᠪᠯᠠᠭᠠᠤᠨ ᠳᠠᠢ᠌ᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠣᠳᠤᠮᠳᠤ ᠳᠠᠮᠤᠵᠢᠨ ᠢ ᠪᠠᠷᠢᠬᠤ ᠪᠠᠷ

ᠭᠡᠨ ᠠᠷᠭ᠎ᠠ ᠡᠭᠦᠰᠭᠡᠪᠡ︖

ᠣᠨᠠᠭᠤᠯᠢ ᠪᠦᠳᠡᠭᠡᠭ᠍ᠰᠡᠨ ᠵᠢᠭᠰᠠᠭᠠᠯ ᠢ

ᠶᠠᠮᠠᠷ ᠡᠳᠦᠷ ᠭᠡᠷᠡᠭᠯᠡᠪᠡ︖

ᠳᠠᠮᠤᠵᠢᠨ ᠬᠠᠨ ᠢ ᠰᠢᠷᠬᠠᠳᠤᠭᠰᠠᠨ ᠳ᠋ᠤ

ᠳᠡᠳᠭᠦᠵᠤ ᠠᠪᠣᠭᠰᠠᠨ ᠭᠡᠨ ᠪᠣᠢ︖

ᠳᠠᠯᠤ ᠳᠡᠭᠡᠷ᠎ᠡ ᠭᠠᠳᠠᠭᠰᠠᠨ ᠵᠠᠪᠠ ᠶᠢ ᠨᠢ

ᠬᠠᠵᠠᠵᠤ ᠰᠤᠭᠤᠯᠤᠭᠰᠠᠨ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠣᠳᠤᠮᠳᠤ ᠳᠠᠮᠤᠵᠢᠨ ᠢ ᠪᠠᠷᠢᠬᠤ ᠪᠠᠷ

ᠰᠠᠴᠠᠨ ᠪᠦᠭᠡ ᠠᠷᠭ᠎ᠠ ᠡᠭᠦᠰᠭᠡᠪᠡ᠂

ᠣᠨᠠᠭᠤᠯᠢ ᠪᠦᠳᠡᠭᠡᠭ᠍ᠰᠡᠨ ᠵᠢᠭᠰᠠᠭᠠᠯ ᠢ

ᠴᠠᠰᠤ ᠲᠡᠶ ᠡᠳᠦᠷ ᠭᠡᠷᠡᠭᠯᠡᠪᠡ᠃

ᠳᠠᠮᠤᠵᠢᠨ ᠬᠠᠨ ᠰᠢᠷᠬᠠᠳᠤᠭᠰᠠᠨ ᠳ᠋ᠤ

ᠳᠤᠨᠭᠦᠵᠤ ᠠᠪᠣᠭᠰᠠᠨ ᠪᠣᠭᠤᠷᠴᠢ᠂

ᠳᠠᠯᠤ ᠳᠡᠭᠡᠷ᠎ᠡ ᠭᠠᠳᠠᠭᠰᠠᠨ ᠵᠠᠪᠠ ᠶᠢ ᠨᠢ

ᠬᠠᠵᠠᠵᠤ ᠰᠤᠭᠤᠯᠤᠭᠰᠠᠨ ᠵᠠᠯᠮ᠎ᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠴᠢᠰᠤ ᠭᠤᠷᠴᠢᠭᠢᠨᠠᠭᠰᠠᠨ ᠰᠢᠷᠬ᠎ᠠ ᠶᠢ ᠨᠢ

ᠡᠩᠭᠡᠷ ᠶᠢᠡᠷ ᠶᠢᠡᠨ ᠣᠷᠢᠶᠠᠭᠰᠠᠨ ᠭᠡᠨ ᠪᠣᠢ︖

ᠰᠢᠭᠤᠳ ᠳᠤᠪᠳᠤᠯᠵᠤ ᠣᠴᠢᠭᠠᠤᠨ

ᠳᠠᠷᠠᠭ ᠣᠯᠵᠤ ᠢᠷᠡᠭ᠍ᠰᠡᠨ ᠭᠡᠨ ᠪᠣᠢ︖

ᠰᠢᠠᠳᠠᠷᠠᠰᠢ ᠦᠭᠡᠶ ᠳᠦᠷᠪᠡᠨ ᠵᠤᠷᠢᠭᠳᠠᠨ ᠭᠡᠵᠤ

ᠭᠡᠨ ᠭᠡᠨ ᠢ ᠭᠡᠯᠡᠨ᠎ᠡ ᠪᠣᠢ︖

ᠰᠢᠷᠬᠠᠳᠤᠭᠰᠠᠨ ᠡᠵᠡᠨ ᠶᠢᠡᠨ ᠨᠣᠢ᠌ᠷᠰᠤᠭᠤᠯᠬᠤ ᠪᠠᠷ

ᠰᠢᠭᠤᠷᠭᠠᠠᠳᠤ ᠰᠦᠨᠢ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠴᠢᠰᠤ ᠭᠤᠷᠴᠢᠭᠢᠨᠠᠭᠰᠠᠨ ᠰᠢᠷᠬ᠎ᠠ ᠶᠢ ᠨᠢ

ᠡᠩᠭᠡᠷ ᠶᠢᠡᠷ ᠶᠢᠡᠨ ᠣᠷᠢᠶᠠᠭᠰᠠᠨ ᠪᠣᠭᠤᠷᠴᠢ᠂

ᠰᠢᠭᠤᠳ ᠳᠤᠪᠳᠤᠯᠤᠨ ᠣᠴᠢᠭᠠᠤᠨ

ᠳᠠᠷᠠᠭ ᠣᠯᠵᠤ ᠢᠷᠡᠭ᠍ᠰᠡᠨ ᠵᠠᠯᠮ᠎ᠠ᠃

ᠰᠢᠠᠳᠠᠷᠠᠰᠢ ᠦᠭᠡᠶ ᠳᠦᠷᠪᠡᠨ ᠵᠤᠷᠢᠭᠳᠠᠨ ᠭᠡᠵᠤ

ᠮᠤᠬᠤᠯᠠᠢ᠂ ᠪᠣᠭᠤᠷᠤᠯ᠂ ᠪᠣᠭᠤᠷᠴᠢ᠂ ᠵᠠᠪᠠ᠂

ᠰᠢᠷᠬᠠᠳᠤᠭᠰᠠᠨ ᠡᠵᠡᠨ ᠶᠢᠡᠨ ᠨᠣᠢ᠌ᠷᠰᠤᠭᠤᠯᠬᠤ ᠪᠠᠷ

ᠰᠢᠭᠤᠷᠭᠠᠠᠳᠤ ᠰᠦᠨᠢ ᠢᠰᠡᠭᠡᠢ ᠡᠷᠭᠦᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠮᠠᠷᠭᠢᠳ ᠤᠨ ᠡᠵᠡᠨ ᠮᠠᠩᠨᠤᠭᠳᠤ

ᠮᠠᠯᠵᠢᠶ᠎ᠠ ᠶᠢ ᠭᠡᠨ ᠲᠡᠶ ᠳᠠᠯᠪᠢᠪᠠ︖

ᠬᠠᠪᠣᠳᠤ ᠬᠠᠰᠠᠷ ᠤᠨ ᠨᠢᠭᠡ ᠯᠠ ᠰᠤᠮᠤ

ᠭᠡᠳᠤᠨ ᠨᠤᠭᠤᠰᠤ ᠶᠢ ᠣᠨᠠᠭᠠᠪᠠ︖

ᠬᠠᠮᠤᠭ ᠮᠠᠯᠵᠢᠶ᠎ᠠ ᠵᠢ ᠪᠧᠲ᠋ᠡ᠋ ᠱᠥᠭᠦᠵᠤ

ᠭᠡᠨ ᠭᠦᠮᠤᠨ ᠢ ᠳᠠᠭᠠᠭᠤᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠮᠠᠷᠭᠢᠳ ᠤᠨ ᠡᠵᠡᠨ ᠮᠠᠩᠨᠤᠭᠳᠤ

ᠮᠠᠯᠵᠢᠶ᠎ᠠ ᠶᠢ ᠳᠠᠮᠤᠵᠢᠨ ᠲᠡᠶ ᠳᠠᠯᠪᠢᠪᠠ᠂

ᠬᠠᠪᠣᠳᠤ ᠬᠠᠰᠠᠷ ᠤᠨ ᠨᠢᠭᠡ ᠯᠠ ᠰᠤᠮᠤ

ᠬᠤᠶᠠᠷ ᠨᠤᠭᠤᠰᠤ ᠶᠢ ᠣᠨᠠᠭᠠᠪᠠ᠂

ᠬᠠᠮᠤᠭ ᠮᠠᠯᠵᠢᠶ᠎ᠠ ᠶᠢ ᠪᠧᠲ᠋ᠡ᠋ ᠱᠥᠭᠦᠵᠤ

ᠬᠠᠷᠢ ᠶᠢᠨ ᠮᠠᠩᠨᠤᠭᠳᠤ ᠶᠢ ᠳᠠᠭᠠᠭᠤᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠠᠳᠠ ᠪᠣᠯᠤᠯᠴᠠᠭᠰᠠᠨ ᠵᠠᠮᠤᠬ᠎ᠠ

ᠶᠠᠮᠠᠷ ᠰᠠᠨᠠᠭ᠎ᠠ ᠡᠪᠦᠷᠯᠡᠪᠡ︖

ᠠᠭᠤ ᠣᠭᠤᠳᠠᠢ ᠶᠢᠨ ᠭᠠᠵᠠᠷ ᠳᠤ

ᠶᠠᠮᠠᠷ ᠬᠠᠨ ᠭᠡᠵᠤ ᠰᠠᠭᠤᠪᠠ︖

ᠬᠤᠳᠠᠭᠠᠨ᠎ᠠ ᠪᠠᠭᠢ ᠡᠯᠴᠢ ᠪᠣᠯᠵᠤ

ᠭᠡᠨ ᠢ ᠭᠡᠯᠡᠯᠴᠡᠷ᠎ᠡ ᠣᠴᠢᠪᠠ︖

ᠭᠦᠩᠭᠡᠨ ᠴᠥᠩᠭᠡᠨ ᠳᠤᠭᠤᠷᠢᠯ

ᠠᠯᠢ ᠠᠢ᠌ᠮᠠᠭ ᠡᠴᠡ ᠣᠷᠪᠠᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ

ᠠᠠᠳᠠ ᠪᠣᠯᠤᠯᠴᠠᠭᠰᠠᠨ ᠵᠠᠮᠤᠬ᠎ᠠ

ᠠᠰᠳᠠᠭᠠᠨ ᠰᠠᠨᠠᠭ᠎ᠠ ᠡᠪᠦᠷᠯᠡᠪᠡ᠂

ᠠᠭᠤ ᠣᠭᠤᠳᠠᠢ ᠶᠢᠨ ᠭᠠᠵᠠᠷ ᠳᠤ

ᠭᠦᠷ ᠬᠠᠨ ᠭᠡᠵᠤ ᠰᠠᠭᠤᠪᠠ᠃

ᠬᠤᠳᠠᠭᠠᠨ᠎ᠠ ᠪᠠᠭᠢ ᠡᠯᠴᠢ ᠪᠣᠯᠵᠤ

ᠭᠡᠷᠡᠢ᠌ᠤᠨ ᠤᠨ ᠸᠠᠩ ᠬᠠᠨ ᠢ ᠭᠡᠯᠡᠯᠴᠡᠪᠡ᠂

ᠭᠦᠩᠭᠡᠨ ᠴᠥᠩᠭᠡᠨ ᠳᠤᠭᠤᠷᠢᠯ

ᠭᠢᠶᠠᠤᠨ ᠶᠠᠰᠤᠳᠠᠨ ᠡᠴᠡ ᠣᠷᠪᠠᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠠᠩᠭ᠋ᠠᠢ ᠠᠭᠤᠯᠠ ᠶᠢᠨ ᠬᠤᠷᠮᠤᠢ ᠳ᠋ᠤ

ᠠᠯᠢ ᠠᠢ᠌ᠮᠠᠭ ᠤᠳ ᠳᠤᠯᠤᠯᠳᠤᠪᠠ︖

ᠭᠡᠷᠡᠢ᠌ᠤᠨ ᠤᠨ ᠦᠬᠢᠨ ᠰᠤᠯᠤᠩᠭ᠋ᠤᠸ᠎ᠠ

ᠭᠡᠨ ᠢ ᠥᠵᠡᠭᠡᠤᠨ ᠳᠤᠭᠤᠪᠠ︖

ᠰᠠᠢ᠌ᠨ ᠢ ᠮᠡᠳᠡᠭᠦ ᠦᠭᠡᠶ ᠴᠢᠦᠡᠭᠦᠷ ᠭᠡᠵᠤ

ᠴᠤᠬᠤᠮ ᠭᠡᠨ ᠢ ᠭᠡᠯᠡᠨ᠎ᠡ ᠪᠣᠢ︖

ᠰᠠᠭᠤᠷᠢ ᠪᠠᠨ ᠠᠯᠳᠠᠬᠤ ᠣᠯᠤᠰ ᠭᠡᠵᠤ

ᠠᠯᠢ ᠠᠢ᠌ᠮᠠᠭ ᠢ ᠭᠡᠯᠡᠨ᠎ᠡ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠠᠩᠭ᠋ᠠᠢ ᠠᠭᠤᠯᠠ ᠶᠢᠨ ᠬᠤᠷᠮᠤᠢ ᠳ᠋ᠤ

ᠭᠡᠷᠡᠢ᠌ᠤᠨ᠂ ᠨᠢ᠋ᠮᠡᠨ ᠳᠤᠯᠤᠯᠳᠤᠪᠠ᠂

ᠭᠡᠷᠡᠢ᠌ᠤᠨ ᠤᠨ ᠦᠬᠢᠨ ᠰᠤᠯᠤᠩᠭ᠋ᠤᠸ᠎ᠠ

ᠠᠯᠳᠠᠠᠱᠠᠭ᠎ᠠ ᠶᠢ ᠥᠵᠡᠭᠡᠤᠨ ᠳᠤᠭᠤᠪᠠ᠃

ᠰᠠᠢ᠌ᠨ ᠢ ᠮᠡᠳᠡᠭᠦ ᠦᠭᠡᠶ ᠴᠢᠦᠡᠭᠦᠷ ᠭᠡᠵᠤ

ᠰᠢᠨ ᠭᠦᠩ ᠢᠯᠠᠭᠤ ᠶᠢ ᠭᠡᠯᠡᠨ᠎ᠡ᠃

ᠰᠠᠭᠤᠷᠢ ᠪᠠᠨ ᠠᠯᠳᠠᠬᠤ ᠣᠯᠤᠰ ᠭᠡᠵᠤ

ᠭᠡᠷᠡᠢ᠌ᠤᠨ ᠠᠢ᠌ᠮᠠᠭ ᠢ ᠭᠡᠯᠡᠨ᠎ᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠭᠡᠷᠡᠢ᠌ᠤᠨ ᠭᠤᠷᠯᠤᠳ ᠬᠤᠶᠠᠷ ᠡᠳᠡᠭᠡᠤᠨ

ᠶᠠᠮᠠᠷ ᠭᠠᠵᠠᠷ ᠪᠠᠢ᠌ᠯᠳᠤᠪᠠ︖

ᠡᡁᠧ ᠸᠠᠩ ᠬᠠᠨ ᠢ ᠳᠤᠰᠠᠯᠠᠬᠤ ᠪᠠᠷ

ᠭᠡᠨ ᠴᠡᠷᠢᠭ᠌ ᠭᠦᠳᠡᠯᠭᠡᠪᠡ︖

ᠡᠵᠡᠨ ᠳᠠᠮᠤᠵᠢᠨ ᠢ ᠡ᠊ᠨᠳᠡ ᠳᠠᠭᠠᠭᠰᠠᠨ

ᠭᠡᠳᠤᠨ ᠠᠢ᠌ᠮᠠᠭ ᠤᠨ ᠴᠡᠷᠢᠭ᠌ ᠪᠣᠢ︖

ᠣᠭᠢᠯᠠᠨ ᠬᠠᠢ᠌ᠯᠠᠨ ᠵᠢᠭᠤᠳᠠᠭᠰᠠᠨ

ᠡᠶ᠎ᠡ ᠦᠭᠡᠶ ᠳᠤᠯᠤᠭᠠᠢ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠭᠡᠷᠡᠢ᠌ᠤᠨ᠂ ᠭᠤᠷᠯᠦᠳ ᠬᠤᠶᠠᠷ ᠡᠳᠡᠭᠡᠤᠨ

ᠴᠠᠴᠠᠷ ᠠᠭᠤᠯᠠᠨ ᠳᠤ ᠪᠠᠢ᠌ᠯᠳᠤᠪᠠ᠂

ᠡᡁᠧ ᠸᠠᠩ ᠬᠠᠨ ᠢ ᠳᠤᠰᠠᠯᠠᠬᠤ ᠪᠠᠷ

ᠳᠠᠮᠤᠵᠢᠨ ᠴᠡᠷᠢᠭ᠌ ᠭᠦᠳᠡᠯᠭᠡᠪᠡ᠃

ᠡᠵᠡᠨ ᠳᠠᠮᠤᠵᠢᠨ ᠢ ᠡ᠊ᠨᠳᠡ ᠳᠠᠭᠠᠭᠰᠠᠨ

ᠶ‍ᠢᠰᠤᠨ ᠠᠢ᠌ᠮᠠᠭ ᠤᠨ ᠴᠡᠷᠢᠭ᠌ ᠰᠢᠤ

ᠣᠭᠢᠯᠠᠨ ᠬᠠᠢ᠌ᠯᠠᠨ ᠵᠢᠭᠤᠳᠠᠭᠰᠠᠨ

ᠡᠶ᠎ᠡ ᠦᠭᠡᠶ ᠳᠤᠯᠤᠭᠠᠢ ᠵᠠᠮᠤᠬ᠎ᠠ ᠰᠢᠤ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠪᠠᠯᠠᠵᠤ ᠶᠠᠪᠣᠭᠰᠠᠨ ᠳᠠᠮᠤᠵᠢᠨ

ᠶᠠᠮᠠᠷ ᠠᠭᠤᠯᠠᠨ ᠳᠤ ᠪᠠᠢ᠌ᠯᠳᠤᠪᠠ︖

ᠠᠯᠠᠬᠤ ᠪᠠᠢ᠌ᠳᠠᠯ᠎ᠠ ᠠᠯᠠᠭᠰᠠᠨ ᠥᠭᠡᠢ

ᠭᠡᠨ ᠢ ᠳᠠᠯᠪᠢᠨ ᠭᠠᠷᠭᠠᠪᠠ︖

ᠪᠠᠷᠳᠠᠭᠠᠳᠤ ᠠᠯᠠᠭᠳᠠᠢ ᠠᠭᠤᠯᠠᠨ ᠳ᠋ᠤ

ᠠᠯᠢ ᠠᠢ᠌ᠮᠠᠭ ᠤᠳ ᠳᠤᠯᠤᠯᠳᠤᠪᠠ︖

ᠪᠠᠷᠳᠠᠮ ᠵᠠᠩᠨᠠᠭᠰᠠᠨ ᠪᠦᠭᠡ ᠢᠳᠠᠮ

ᠬᠠᠮᠢᠭ᠎ᠠ ᠨᠢᠷᠸᠠᠨ ᠪᠣᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠠᠪᠠᠯᠠᠵᠤ ᠶᠠᠪᠣᠭᠰᠠᠨ ᠳᠠᠮᠤᠵᠢᠨ

ᠠᠯᠠᠭᠳᠠᠢ ᠠᠭᠤᠯᠠᠨ ᠳᠤ ᠪᠠᠢ᠌ᠯᠳᠤᠪᠠ᠂

ᠠᠯᠠᠬᠤ ᠪᠠᠢ᠌ᠳᠠᠯ᠎ᠠ ᠠᠯᠠᠭᠰᠠᠨ ᠥᠭᠡᠢ

ᠢᠳᠠᠷ ᠳᠤᠪᠣ ᠶᠢ ᠳᠠᠯᠪᠢᠪᠠ᠃

ᠪᠠᠷᠳᠠᠭᠠᠳᠤ ᠠᠯᠠᠭᠳᠠᠢ ᠠᠭᠤᠯᠠᠨ ᠳ᠋ᠤ

ᠪᠧᠲ᠋ᠡ᠋᠂ ᠨᠢ᠋ᠮᠠᠨ ᠳᠤᠯᠤᠯᠳᠤᠪᠠ᠂

ᠪᠠᠷᠳᠠᠮ ᠵᠠᠩᠨᠠᠭᠰᠠᠨ ᠪᠦᠭᠡ ᠢᠳᠠᠮ

ᠣᠯᠠᠭᠠᠨ ᠭᠦᠮ ᠳᠤ ᠨᠢᠷᠸᠠᠨ ᠪᠣᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠰᠢᠳᠤᠷᠭᠤ ᠰᠠᠤᠠᠭᠢᠯ ᠶᠢᠡᠨ ᠢᠯᠡᠷᠭᠡᠢ᠌ᠯᠡᠨ

ᠳᠤᠯᠤᠭᠠᠢ ᠪᠠᠨ ᠠᠪᠣᠭᠰᠠᠨ ᠭᠡᠨ ᠪᠣᠢ︖

ᠭᠤᠤᠯᠴᠢ ᠪᠣᠳᠤᠯ ᠢ ᠠᠬᠤᠭᠤᠯᠤᠨ

ᠴᠢᠠᠳᠠᠷ ᠢ ᠨᠢ ᠠᠪᠠᠴᠢᠭᠰᠠᠨ ᠭᠡᠨ ᠪᠣᠢ︖

ᠴᠡᠷᠢᠭ᠌ ᠶᠢᠡᠨ ᠠᠪᠴᠤ ᠡᠭᠡᠭ᠍ᠰᠡᠨ

ᠨᠢ᠋ᠮᠠᠨ ᠠᠢ᠌ᠮᠠᠭ ᠤᠨ ᠭᠡᠨ ᠪᠣᠢ︖

ᠣᠯᠠᠨ ᠤ ᠭᠠᠪᠢᠶ᠎ᠠ ᠶᠢ ᠭᠦᠭᠢᠭᠦᠯᠦᠭ᠍ᠰᠡᠨ

ᠪᠧᠲ᠋ᠡ᠋ ᠣᠯᠤᠰ ᠤᠨ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠰᠢᠳᠤᠷᠭᠤ ᠰᠠᠤᠠᠭᠢᠯ ᠶᠢᠡᠨ ᠢᠯᠡᠷᠭᠡᠢ᠌ᠯᠡᠨ

ᠳᠤᠯᠤᠭᠠᠢ ᠪᠠᠨ ᠠᠪᠣᠭᠰᠠᠨ ᠴᠢᠤᠢ ᠰᠢᠤᠸᠠᠢ ᠡᠤ

ᠭᠤᠤᠯᠴᠢ ᠪᠣᠳᠤᠯ ᠢ ᠠᠬᠤᠭᠤᠯᠤᠨ

ᠴᠢᠠᠳᠠᠷ ᠢ ᠨᠢ ᠠᠪᠠᠴᠢᠭᠰᠠᠨ ᠪᠣᠭᠤᠷᠴᠢ᠃

ᠴᠡᠷᠢᠭ᠌ ᠶᠢᠡᠨ ᠠᠪᠴᠤ ᠡᠭᠡᠭ᠍ᠰᠡᠨ

ᠨᠢ᠋ᠮᠠᠨ ᠤ ᠳᠠᠢ᠌ᠽᠢ ᠠᠯᠳᠠᠠᠱᠠᠭ᠎ᠠ

ᠣᠯᠠᠨ ᠤ ᠭᠠᠪᠢᠶ᠎ᠠ ᠶᠢ ᠭᠦᠭᠢᠭᠦᠯᠦᠭ᠍ᠰᠡᠨ

ᠪᠧᠲ᠋ᠡ᠋ ᠶᠢᠨ ᠵᠢᠨᠦᠡᠭ᠌ ᠮᠤᠬᠤᠯᠠᠢ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠯᠳᠠᠨ ᠣᠯᠤᠰ ᠤᠨ ᠡᠯᠴᠢ

ᠭᠡᠨ ᠭᠦᠮᠤᠨ ᠢᠷᠠᠪᠠ︖

ᠠᠯᠳᠠᠷᠳᠤ ᠳᠠᠮᠤᠵᠢᠨ ᠬᠠᠨ ᠢ

ᠶᠠᠭᠤ ᠶᠠᠭᠠᠭᠢᠬᠤ ᠭᠡᠮᠡᠪᠡ︖

ᠳ᠋ᠠ ᠳ᠋ᠠᠨ ᠣᠯᠤᠰ ᠤᠨ ᠡᠷᠳᠡᠮ ᠴᠢᠳᠠᠯ ᠡᠴᠡ

ᠳᠠᠯᠳᠠᠷᠢᠵᠤ ᠰᠤᠴᠢᠭᠰᠠᠨ ᠨᠢ ᠬᠠᠮᠢᠭᠠᠭᠢ ᠡᠯᠴᠢ︖

ᠳᠠᠮᠠᠭ᠎ᠠ ᠴᠠᠴᠤᠭ ᠶᠤᠭᠠᠨ

ᠳᠡᠪᠠᠷᠢᠭᠡᠤᠨ ᠡᠭᠡᠭ᠍ᠰᠡᠨ ᠨᠢ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠠᠯᠳᠠᠨ ᠣᠯᠤᠰ ᠤᠨ ᠡᠯᠴᠢ

ᠸᠸᠢ ᠸᠠᠩ ᠶᠦᠩ ᠵᠢ᠌ ᠢᠷᠠᠪᠠ᠂

ᠠᠯᠳᠠᠷᠳᠤ ᠳᠠᠮᠤᠵᠢᠨ ᠬᠠᠨ ᠢ

ᠲᠦᠰᠢᠮᠠᠯ ᠡᠷᠭᠦᠮᠵᠢᠯᠡᠭᠦ ᠭᠡᠮᠡᠪᠡ᠃

ᠳ᠋ᠠ ᠳ᠋ᠠᠨ ᠣᠯᠤᠰ ᠤᠨ ᠡᠷᠳᠡᠮ ᠴᠢᠳᠠᠯ ᠡᠴᠡ

ᠳᠠᠯᠳᠠᠷᠢᠵᠤ ᠰᠤᠴᠢᠭᠰᠠᠨ ᠠᠯᠳᠠᠨ ᠤ ᠡᠯᠴᠢ

ᠳᠠᠮᠠᠭ᠎ᠠ ᠴᠠᠴᠤᠭ ᠶᠤᠭᠠᠨ

ᠳᠡᠪᠠᠷᠢᠭᠡᠤᠨ ᠡᠭᠡᠭ᠍ᠰᠡᠨ ᠶᠦᠩ ᠵᠢ᠌᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠰᠠᠯᠵᠢᠭᠤᠳ᠂ ᠰᠠᠴᠤᠭ᠎ᠠ᠂ ᠲ᠋ᠤᠤᠵᠢ

ᠶᠠᠮᠠᠷ ᠭᠤᠷᠪᠠᠨ ᠠᠢ᠌ᠮᠠᠭ ᠪᠣᠢ︖

ᠱᠠᠬᠠᠢ᠂ ᠰᠠᠨᠠᠳᠤ᠂ ᠲ᠋ᠣᠢ᠌ᠮᠤᠭ

ᠶᠠᠭᠠᠭᠢᠭᠰᠠᠨ ᠭᠦᠷᠪᠠᠨ ᠡᠵᠡᠨ ᠪᠣᠢ︖

ᠵᠦᠷᠴᠢᠳ ᠣᠯᠤᠰ ᠤᠨ ᠵᠠᠬ᠎ᠠ ᠳ᠋ᠤ

ᠬᠠᠮᠢᠭᠠᠭᠢ ᠴᠡᠷᠢᠭ᠌ ᠳᠤᠰᠪᠠ︖

ᠳᠤᠷᠪᠢ ᠠᠭᠤᠯᠠᠨ ᠤ ᠪᠠᠢ᠌ᠯᠳᠤᠭᠠᠨ ᠳ᠋ᠤ

ᠭᠡᠨ ᠭᠡᠨ ᠠᠯᠠᠭᠳᠠᠪᠠ︖

ᠭᠤᠷᠪᠠᠨ ᠠᠢ᠌ᠮᠠᠭ ᠢ ᠣᠯᠵᠠᠯᠠᠭᠠᠤᠨ

ᠭᠠᠪᠢᠶᠠᠳᠠᠨ ᠢ ᠭᠡᠨ ᠶᠠᠭᠠᠭᠢᠪᠠ︖

ᠭᠠᠢ᠌ᠬᠠᠮᠰᠢᠭᠳᠠᠢ ᠡᠨᠡ ᠪᠠᠶᠠᠷ ᠳᠡᠭᠡᠷ᠎ᠡ

ᠭᠡᠨ ᠬᠤᠶᠠᠷ ᠢ ᠶᠠᠭᠠᠭᠢᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠰᠠᠯᠵᠢᠭᠤᠳ᠂ ᠰᠠᠴᠤᠭ᠎ᠠ᠂ ᠲ᠋ᠤᠤᠵᠢ

ᠥᠴᠦᠭᠡᠨ ᠭᠤᠷᠪᠠᠨ ᠠᠢ᠌ᠮᠠᠭ᠂

ᠱᠠᠬᠠᠢ᠂ ᠰᠠᠨᠠᠳᠤ᠂ ᠲ᠋ᠣᠢ᠌ᠮᠤᠭ

ᠡᠷᠭᠢᠭᠦᠤ ᠭᠤᠷᠪᠠᠨ ᠡᠵᠡᠨ᠃

ᠵᠦᠷᠴᠢᠳ ᠣᠯᠤᠰ ᠤᠨ ᠵᠠᠬ᠎ᠠ ᠳ᠋ᠤ

ᠪᠧᠲ᠋ᠡ᠋ ᠶᠢᠨ ᠴᠡᠷᠢᠭ᠌ ᠳᠤᠰᠪᠠ᠂

ᠳᠤᠷᠪᠢ ᠠᠭᠤᠯᠠᠨ ᠤ ᠪᠠᠢ᠌ᠯᠳᠤᠭᠠᠨ ᠳ᠋ᠤ

ᠳᠣᠢ᠌ᠮᠤᠭ᠂ ᠱᠠᠬᠠᠢ ᠨᠡᠷ ᠠᠯᠠᠭᠳᠠᠪᠠ᠃

ᠭᠤᠷᠪᠠᠨ ᠠᠢ᠌ᠮᠠᠭ ᠢ ᠣᠯᠵᠠᠯᠠᠭᠠᠤᠨ

ᠭᠠᠪᠢᠶᠠᠳᠠᠨ ᠢ ᠳᠠᠮᠤᠵᠢᠨ ᠱᠠᠩᠨᠠᠪᠠ᠂

ᠭᠠᠢ᠌ᠬᠠᠮᠰᠢᠭᠳᠠᠢ ᠡᠨᠡ ᠪᠠᠶᠠᠷ ᠳᠡᠭᠡᠷ᠎ᠡ

ᠳᠤᠨᠤᠮᠠᠯ᠂ ᠪᠣᠲ᠋ᠤ ᠬᠤᠶᠠᠷ ᠢ ᠣᠷᠤᠭᠯᠠᠭᠤᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠡᠷ᠎ᠡ ᠭᠦᠮᠤᠨ ᠦᠬᠢᠨ ᠬᠤᠪᠢᠯᠪᠠ ᠭᠡᠭᠦ

ᠡᠢ᠌ᠮᠤ ᠥᠭᠡ ᠶᠠᠭᠠᠭᠢᠭᠰᠠᠨ ᠪᠣᠢ︖

ᠡᠷᠭᠡᠳᠤ ᠵᠢᠨᠦᠡᠭ᠌ ᠤᠨ ᠭᠦᠷᠢᠶᠡᠨ ᠳ᠋ᠤ

ᠭᠡᠨ ᠤ ᠵᠤᠭᠤᠭ ᠳᠡᠯᠭᠡᠷᠡᠭ᠍ᠰᠡᠨ ᠪᠣᠢ︖

ᠭᠡᠦᠭᠡᠨ ᠪᠣᠯᠪᠠᠷᠠᠢ ᠬᠤᠩᠭ᠋ᠤᠷᠵᠤᠯᠠ

ᠠᠯᠢ ᠵᠢᠯ ᠮᠤᠷᠳᠠᠭᠰᠠᠨ ᠪᠣᠢ︖

ᠭᠦᠪᠠᠭᠦᠨ ᠪᠣᠯᠵᠤ ᠬᠤᠶᠠᠭᠯᠠᠭᠠᠤᠨ

ᠭᠡᠳᠤᠨ ᠣᠨ ᠪᠣᠯᠤᠭᠰᠠᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠡᠷ᠎ᠡ ᠭᠦᠮᠤᠨ ᠦᠬᠢᠨ ᠬᠤᠪᠢᠯᠪᠠ ᠭᠡᠭᠦ

ᠡᠢ᠌ᠮᠤ ᠥᠭᠡ ᠭᠠᠷᠤᠭᠰᠠᠨ ᠶᠤᠮ᠂

ᠡᠷᠭᠡᠳᠤ ᠵᠢᠨᠦᠡᠭ᠌ ᠤᠨ ᠭᠦᠷᠢᠶᠡᠨ ᠳ᠋ᠤ

ᠬᠤᠩᠭ᠋ᠤᠷᠵᠤᠯᠠ ᠶᠢᠨ ᠵᠤᠭᠤᠭ ᠳᠡᠯᠭᠡᠷᠡᠭ᠍ᠰᠡᠨ ᠶᠤᠮ᠃

ᠭᠡᠦᠭᠡᠨ ᠪᠣᠯᠪᠠᠷᠠᠢ ᠬᠤᠩᠭ᠋ᠤᠷᠵᠤᠯᠠ

ᠭᠦᠭᠡ ᠯᠤᠤ ᠵᠢᠯ ᠮᠤᠷᠳᠠᠭᠰᠠᠨ ᠶᠤᠮ᠂

ᠭᠦᠪᠠᠭᠦᠨ ᠪᠣᠯᠵᠤ ᠬᠤᠶᠠᠭᠯᠠᠭᠠᠤᠨ

ᠳᠦᠷᠪᠡᠨ ᠣᠨ ᠪᠣᠯᠤᠭᠰᠠᠨ ᠶᠤᠮ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠣᠯᠠᠭᠠᠭᠴᠢᠨ ᠬᠤᠨᠢᠨ ᠵᠢᠯ ᠳ᠋ᠤ

ᠠᠯᠢ ᠨᠤᠶᠠᠨ ᠳᠤ ᠳᠠᠨᠢᠭᠳᠠᠭᠰᠠᠨ ᠪᠣᠢ︖

ᠣᠴᠢᠷ ᠢ ᠨᠢ ᠰᠤᠨᠤᠰᠤᠭᠠᠤᠨ ᠮᠤᠬᠤᠯᠠᠢ

ᠶᠠᠮᠠᠷ ᠦᠬᠢᠨ ᠶᠢᠡᠨ ᠪᠣᠯᠭᠠᠭᠰᠠᠨ ᠪᠣᠢ︖

ᠰᠠᠴᠠᠨ ᠵᠦᠰᠤᠨ ᠬᠠᠳᠤᠨ ᠳ᠋ᠤ

ᠰᠠᠢ᠌ᠬᠠᠨ ᠭᠡᠨ ᠵᠠᠷᠤᠭᠳᠠᠪᠠ︖

ᠴᠢᠭ᠍ᠴᠢ ᠦᠨᠡᠠᠴᠢ ᠶᠢ ᠨᠢ ᠰᠠᠢ᠌ᠰᠢᠶᠠᠨ

ᠶᠠᠭᠤ ᠶᠢ ᠨᠢ ᠶᠠᠭᠠᠭᠢᠵᠤ ᠠᠪᠴᠢᠷᠠᠭᠤᠯᠪᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠣᠯᠠᠭᠠᠭᠴᠢᠨ ᠬᠤᠨᠢᠨ ᠵᠢᠯ ᠳ᠋ᠤ

ᠵᠢᠨᠦᠡᠭ᠌ ᠨᠤᠶᠠᠨ ᠳᠤ ᠳᠠᠨᠢᠭᠳᠠᠭᠰᠠᠨ ᠶᠤᠮ᠂

ᠣᠴᠢᠷ ᠢ ᠨᠢ ᠰᠤᠨᠤᠰᠤᠭᠠᠤᠨ ᠮᠤᠬᠤᠯᠠᠢ

ᠵᠢᠷᠤᠮ ᠤᠨ ᠦᠬᠢᠨ ᠶᠢᠡᠨ ᠪᠣᠯᠭᠠᠭᠰᠠᠨ ᠶᠤᠮ᠃

ᠰᠠᠴᠠᠨ ᠵᠦᠰᠤᠨ ᠬᠠᠳᠤᠨ ᠳ᠋ᠤ

ᠰᠠᠢ᠌ᠬᠠᠨ ᠬᠤᠩᠭ᠋ᠤᠷᠵᠤᠯᠠ ᠵᠠᠷᠤᠭᠳᠠᠪᠠ᠂

ᠴᠢᠭ᠍ᠴᠢ ᠦᠨᠡᠠᠴᠢ ᠶᠢ ᠨᠢ ᠰᠠᠢ᠌ᠰᠢᠶᠠᠨ

ᠭᠡᠷ ᠢ ᠨᠢ ᠨᠡᠭᠦᠯᠭᠡᠨ ᠠᠪᠴᠢᠷᠠᠭᠤᠯᠪᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠬᠣᠢ᠌ᠬᠤᠷ ᠵᠠᠮᠤᠬ᠎ᠠ ᠲᠡᠶ ᠨᠥᠭᠦᠴᠡᠵᠤ

ᠶᠠᠭᠤ ᠶᠢ ᠭᠡᠨ ᠪᠢᠰᠢᠯᠭᠠᠪᠠ︖

ᠭᠡᠦᠭᠡᠨ ᠳᠡᠭᠦᠤ ᠪᠠᠨ ᠳᠠᠮᠤᠵᠢᠨ ᠤ ᠳᠡᠭᠦᠤ ᠳᠤ

ᠭᠡᠷᠭᠢᠵᠤ ᠶᠠᠭᠠᠭᠢᠨ᠎ᠠ ᠭᠡᠵᠤ ᠭᠡᠯᠡᠯᠴᠡᠪᠡ︖

ᠳᠡᠨᠡᠭ᠌ ᠫᠣᠯᠭᠤᠳᠠᠢ ᠣᠴᠢᠵᠤ

ᠭᠡᠨ ᠨᠤᠶᠠᠨ ᠳ᠋ᠤ ᠠᠢ᠌ᠯᠠᠤᠠᠬᠠᠪᠠ︖

ᠳᠠᠷᠠ ᠣᠢ᠌ᠯᠠ ᠶᠢ ᠪᠦᠳᠦᠭᠡᠶ᠎ᠡ ᠭᠡᠵᠤ

ᠭᠡᠨ ᠵᠠᠷᠯᠢᠭ ᠥᠭ᠍ᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠬᠣᠢ᠌ᠬᠤᠷ ᠵᠠᠮᠤᠬ᠎ᠠ ᠲᠡᠶ ᠨᠥᠭᠦᠴᠡᠵᠤ

ᠬᠤᠤᠷ ᠢ ᠢᠯᠠᠭᠤ ᠪᠢᠰᠢᠯᠭᠠᠪᠠ᠂

ᠭᠡᠦᠭᠡᠨ ᠳᠡᠭᠦᠤ ᠪᠠᠨ ᠳᠠᠮᠤᠵᠢᠨ ᠤ ᠳᠡᠭᠦᠤ ᠳ᠋ᠤ

ᠬᠠᠷᠢᠭᠤᠯᠵᠤ ᠦᠭ‍ᠭᠦᠨ᠎ᠡ ᠭᠡᠵᠤ ᠭᠡᠯᠡᠯᠴᠡᠪᠡ᠃

ᠳᠡᠨᠡᠭ᠌ ᠫᠣᠯᠭᠤᠳᠠᠢ ᠣᠴᠢᠵᠤ

ᠳᠠᠮᠤᠵᠢᠨ ᠬᠠᠨ ᠳᠤ ᠠᠢ᠌ᠯᠠᠤᠠᠬᠠᠪᠠ᠂

ᠳᠠᠷᠠ ᠣᠢ᠌ᠯᠠ ᠶᠢ ᠪᠦᠳᠦᠭᠡᠶ᠎ᠡ ᠭᠡᠵᠤ

ᠳᠠᠮᠤᠵᠢᠨ ᠵᠠᠷᠯᠢᠭ ᠥᠭ᠍ᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠳᠤᠷᠭᠠᠨ ᠰᠢᠷ᠎ᠠ᠂ ᠮᠤᠬᠤᠯᠠᠢ ᠳᠠᠨ

ᠳᠡᠭᠦᠨ ᠢ ᠮᠡᠳᠡᠭᠡᠤᠨ ᠶᠠᠭᠠᠭᠢᠪᠠ︖

ᠳᠦᠷᠭᠡᠨ ᠣᠷᠤᠵᠤ ᠵᠥᠪᠯᠡᠭᠦ ᠳ᠋ᠤ

ᠳᠠᠮᠤᠵᠢᠨ ᠶᠠᠭᠤ ᠥᠭᠦᠯᠡᠪᠡ︖

ᠡᠷᠳᠡᠨᠢ ᠶᠢᠨ ᠪᠦᠰᠡ ᠶᠢᠨ ᠣᠠᠵᠢᠯᠭ᠎ᠠ ᠪᠠᠨ

ᠡᠪᠭᠡᠨ ᠰᠤᠩᠭ᠋ᠠᠨ ᠶᠠᠭᠠᠭᠢᠪᠠ︖

ᠡᠷᠡᠭᠡᠢ ᠬᠤᠷᠤᠭᠤᠨ ᠤ ᠡᠷᠡᠭᠡᠢ᠌ᠪᠴᠢ ᠪᠠᠨ

ᠡᠢ᠌ᠰᠢ ᠳᠠᠢ᠌ᠰᠢ ᠪᠠᠨ ᠭᠡᠷᠭᠢᠪᠡ︖

ᠮᠤᠬᠤᠰᠢ ᠦᠭᠡᠶ ᠮᠤᠬᠤᠯᠠᠢ

ᠮᠠᠳᠠᠵᠤ ᠣᠯᠤᠭᠠᠤᠨ ᠶᠠᠭᠠᠭᠢᠪᠠ︖

ᠮᠠᠨ ᠤ ᠡᠵᠡᠨ ᠭᠡᠳᠦᠭᠦᠯᠡ ᠶᠠᠪᠣᠨ᠎ᠠ ᠭᠡᠵᠤ

ᠮᠦᠨ ᠳᠠᠷᠠ ᠭᠡᠷᠭᠢᠪᠡ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠳᠤᠷᠭᠠᠨ ᠰᠢᠷ᠎ᠠ᠂ ᠮᠤᠬᠤᠯᠠᠢ ᠳᠠᠨ

ᠳᠡᠭᠦᠨ ᠢ ᠮᠡᠳᠡᠭᠡᠤᠨ ᠰᠤᠴᠢᠵᠠᠭᠠᠪᠠ᠂

ᠳᠦᠷᠭᠡᠨ ᠣᠷᠤᠵᠤ ᠵᠥᠪᠯᠡᠭᠦ ᠳ᠋ᠤ

ᠳᠠᠮᠤᠵᠢᠨ ᠳᠡᠮᠳᠡᠭ᠌ ᠥᠵᠡᠭᠦᠯᠪᠡ᠃

ᠡᠷᠳᠡᠨᠢ ᠶᠢᠨ ᠪᠦᠰᠡ ᠶᠢᠨ ᠣᠠᠵᠢᠯᠭ᠎ᠠ ᠪᠠᠨ

ᠡᠪᠭᠡᠨ ᠰᠤᠩᠭ᠋ᠠᠨ ᠰᠢᠪᠳᠤᠷᠠᠪᠠ᠂

ᠡᠷᠡᠭᠡᠢ ᠬᠤᠷᠤᠭᠤᠨ ᠤ ᠡᠷᠡᠭᠡᠢ᠌ᠪᠴᠢ ᠪᠠᠨ

ᠡᠢ᠌ᠰᠢ ᠳᠠᠢ᠌ᠰᠢ ᠪᠠᠨ ᠮᠤᠰᠭᠢᠪᠠ᠃

ᠮᠤᠬᠤᠰᠢ ᠦᠭᠡᠶ ᠮᠤᠬᠤᠯᠠᠢ

ᠮᠠᠳᠠᠵᠤ ᠣᠯᠤᠭᠠᠤᠨ ᠭᠠᠷᠪᠠ᠂

ᠮᠠᠨ ᠤ ᠡᠵᠡᠨ ᠭᠡᠳᠦᠭᠦᠯᠡ ᠶᠠᠪᠣᠨ᠎ᠠ ᠭᠡᠵᠤ

ᠮᠦᠨ ᠳᠠᠷᠠ ᠥᠭᠦᠯᠡᠪᠡ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠠᠷᠪᠠᠨ ᠵᠠᠩᠵᠤᠨ ᠢ ᠵᠠᠷᠯᠠᠵᠤ

ᠭᠡᠨ ᠴᠡᠷᠢᠭ᠌ ᠪᠦᠭ᠍‍ᠭᠦᠭᠦᠯᠦᠭ᠍ᠰᠡᠨ ᠪᠣᠢ︖

ᠠᠷᠪᠠᠨ ᠰᠠᠢ᠌ᠳ ᠶᠢᠡᠨ ᠳᠠᠭᠠᠭᠤᠯᠤᠭᠠᠤᠨ

ᠭᠡᠨ ᠦᠪᠡᠷ ᠶᠢᠡᠨ ᠮᠤᠷᠳᠠᠭᠰᠠᠨ ᠪᠣᠢ︖

ᠭᠡᠷᠡᠢ᠌ᠤᠨ ᠤᠨ ᠵᠠᠬ᠎ᠠ ᠭᠦᠷᠭᠦ ᠳ᠋ᠤ

ᠭᠡᠨ ᠢᠷᠠᠵᠤ ᠣᠭᠳᠤᠭᠰᠠᠨ ᠪᠣᠢ︖

ᠬᠤᠤᠷᠳᠤ ᠠᠷᠢᠭᠢ ᠡᠷᠭᠦᠭᠦ ᠳ᠋ᠤ

ᠭᠡᠨ ᠳᠤᠰᠴᠤ ᠠᠪᠣᠭᠰᠠᠨ ᠪᠣᠢ︖

ᠬᠠᠭᠠᠰ ᠢ ᠨᠢ ᠶᠡᠭᠦᠯᠡᠵᠤ ᠨᠡᠷᠡᠭᠡᠤᠨ

ᠬᠠᠷᠢᠭᠤᠯᠵᠤ ᠭᠡᠨ ᠳᠤ ᠪᠠᠷᠢᠭᠰᠠᠨ ᠪᠣᠢ︖

ᠬᠠᠰᠢᠭᠳᠠᠵᠤ ᠰᠠᠠᠳᠤᠷᠤᠭᠰᠠᠨ ᠭᠡᠨ

ᠬᠠᠭᠤᠷᠮᠠᠭ ᠶᠢᠡᠷ ᠬᠤᠠᠳᠠᠭ᠎ᠠ ᠶᠢ ᠰᠢᠳᠡᠭ᠍ᠰᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠠᠷᠪᠠᠨ ᠵᠠᠩᠵᠤᠨ ᠢ ᠵᠠᠷᠯᠠᠵᠤ

ᠮᠤᠬᠤᠯᠠᠢ ᠴᠡᠷᠢᠭ᠌ ᠪᠦᠭ᠍‍ᠭᠦᠭᠦᠯᠦᠭ᠍ᠰᠡᠨ ᠶᠤᠮ᠂

ᠠᠷᠪᠠᠨ ᠰᠠᠢ᠌ᠳ ᠶᠢᠡᠨ ᠳᠠᠭᠠᠭᠤᠯᠤᠨ

ᠳᠠᠮᠤᠵᠢᠨ ᠦᠪᠡᠷ ᠶᠢᠡᠨ ᠮᠤᠷᠳᠠᠭᠰᠠᠨ ᠶᠤᠮ᠃

ᠭᠡᠷᠡᠢ᠌ᠤᠨ ᠤᠨ ᠵᠠᠬ᠎ᠠ ᠭᠦᠷᠭᠦ ᠳ᠋ᠤ

ᠡᡁᠧ ᠸᠠᠩ ᠤᠨ ᠰᠢᠨ ᠭᠦᠩ ᠣᠭᠳᠤᠭᠰᠠᠨ ᠶᠤᠮ᠂

ᠬᠤᠤᠷᠳᠤ ᠠᠷᠢᠭᠢ ᠡᠷᠭᠦᠭᠦ ᠳ᠋ᠤ

ᠣᠶᠤᠠᠳᠤ ᠰᠠᠴᠠᠨ ᠳᠤᠰᠴᠤ ᠠᠪᠣᠭᠰᠠᠨ ᠶᠤᠮ᠃

ᠬᠠᠭᠠᠰ ᠢ ᠨᠢ ᠶᠡᠭᠦᠯᠡᠵᠤ ᠨᠡᠷᠡᠭᠡᠤᠨ

ᠬᠠᠷᠢᠭᠤᠯᠵᠤ ᠢᠯᠠᠭᠤ ᠳᠤ ᠪᠠᠷᠢᠭᠰᠠᠨ ᠶᠤᠮ᠂

ᠬᠠᠰᠢᠭᠳᠠᠵᠤ ᠰᠠᠠᠳᠤᠷᠤᠭᠰᠠᠨ ᠢᠯᠠᠭᠤ

ᠬᠠᠭᠤᠷᠮᠠᠭ ᠶᠢᠡᠷ ᠬᠤᠠᠳᠠᠭ᠎ᠠ ᠶᠢ ᠰᠢᠳᠡᠭ᠍ᠰᠡᠨ ᠶᠤᠮ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠭᠦᠷᠭᠡᠨ ᠤ ᠪᠠᠨ ᠬᠤᠤᠷ ᠢ ᠵᠤᠭᠤᠭᠯᠠᠭᠠᠤᠨ

ᠬᠠᠷᠭᠢᠰ ᠭᠡᠨ ᠶᠠᠭᠠᠭᠢᠪᠠ︖

ᠳᠡᠮᠳᠡᠭ᠌ ᠫᠣᠤ ᠳᠠᠯᠪᠢᠭᠠᠤᠨ

ᠳᠠᠷᠠ ᠭᠡᠨ ᠨᠡᠷ ᠭᠡᠷᠭᠢᠪᠡ︖

ᠪᠧᠲ᠋ᠡ᠋ ᠶᠢᠨ ᠠᠷᠪᠠᠨ ᠰᠠᠢ᠌ᠳ

ᠪᠣᠶᠠᠠᠳᠤ ᠡᠵᠡᠨ ᠶᠢᠡᠨ ᠶᠠᠭᠠᠭᠢᠪᠠ︖

ᠪᠠᠯᠭᠦᠳᠡᠢ᠂ ᠬᠠᠰᠠᠷ ᠬᠤᠶᠠᠭᠤᠯᠠ

ᠪᠣᠰᠢᠭᠤᠯᠠᠵᠤ ᠭᠡᠨ ᠢ ᠪᠠᠷᠢᠪᠠ︖

ᠠᠷᠰᠯᠠᠨ᠂ ᠵᠠᠭᠠᠨ᠂ ᠠᠱᠤᠭ᠎ᠠ ᠵᠢ

ᠠᠮᠢ ᠳᠠᠰᠤ ᠬᠠᠷᠪᠣᠭᠰᠠᠨ ᠭᠡᠨ ᠪᠣᠢ︖

ᠠᠭᠱᠠᠨ᠎ᠠ ᠳᠠᠭᠠᠷᠢᠨ ᠪᠠᠢ᠌ᠯᠳᠤᠵᠤ

ᠡᠵᠡᠨ ᠶᠢᠡᠨ ᠳᠤᠰᠠᠯᠠᠭᠰᠠᠨ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠭᠦᠷᠭᠡᠨ ᠤ ᠪᠠᠨ ᠬᠤᠤᠷ ᠢ ᠵᠤᠭᠤᠭᠯᠠᠭᠠᠤᠨ

ᠬᠠᠷᠭᠢᠰ ᠳᠡᠮᠡᠭᠡᠯᠵᠡᠭᠡᠨ᠎ᠡ ᠰᠣᠢ᠌ᠤᠠᠪᠠ᠂

ᠳᠡᠮᠳᠡᠭ᠌ ᠫᠣᠤ ᠳᠠᠯᠪᠢᠭᠤᠯᠤᠨ

ᠳᠡᠨᠡᠭ᠌ ᠠᠷᠰᠯᠠᠨ ᠨᠡᠷ ᠪᠠᠢ᠌ᠯᠳᠤᠪᠠ᠃

ᠪᠧᠲ᠋ᠡ᠋ ᠶᠢᠨ ᠠᠷᠪᠠᠨ ᠰᠠᠢ᠌ᠳ

ᠪᠣᠶᠠᠠᠳᠤ ᠡᠵᠡᠨ ᠶᠢᠡᠨ ᠬᠠᠮᠠᠭᠠᠯᠠᠪᠠ᠂

ᠪᠠᠯᠭᠦᠳᠡᠢ᠂ ᠬᠠᠰᠠᠷ ᠬᠤᠶᠠᠭᠤᠯᠠ

ᠪᠣᠰᠢᠭᠤᠯᠠᠵᠤ ᠸᠠᠩ ᠬᠠᠨ ᠢ ᠪᠠᠷᠢᠪᠠ᠃

ᠠᠷᠰᠯᠠᠨ᠂ ᠵᠠᠭᠠᠨ᠂ ᠠᠱᠤᠭ᠎ᠠ ᠵᠢ

ᠠᠮᠢ ᠳᠠᠰᠤ ᠬᠠᠷᠪᠣᠭᠰᠠᠨ ᠴᠤᠤ ᠮᠡᠷᠭᠡᠨ᠂

ᠠᠭᠱᠠᠨ᠎ᠠ ᠳᠠᠭᠠᠷᠢᠨ ᠪᠠᠢ᠌ᠯᠳᠤᠵᠤ

ᠡᠵᠡᠨ ᠶᠢᠡᠨ ᠳᠤᠰᠠᠯᠠᠭᠰᠠᠨ ᠵᠠᠯᠮ᠎ᠠ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠵᠢᠪᠬᠤᠯᠠᠩ ᠠᠭᠤᠯᠠᠨ ᠳᠤ ᠪᠠᠢ᠌ᠯᠳᠤᠭᠰᠠᠨ

ᠭᠡᠨ ᠭᠡᠨ ᠭᠤᠷᠪᠠ ᠪᠣᠢ︖

ᠵᠠᠮ ᠨᠡᠭᠡᠭᠡᠵᠤ ᠰᠢᠪᠳᠤᠯᠤᠭᠰᠠᠨ

ᠭᠡᠨ ᠭᠡᠨ ᠬᠤᠶᠠᠷ ᠪᠣᠢ︖

ᠴᠢᠭᠢ ᠪᠠᠨ ᠰᠠᠳᠠ ᠬᠠᠷᠪᠣᠭᠤᠯᠤᠭᠠᠤᠨ

ᠰᠢᠷᠭᠤᠯᠠᠵᠤ ᠳᠤᠳᠠᠭᠠᠭᠰᠠᠨ ᠭᠡᠨ ᠳᠠᠷᠠ︖

ᠰᠢᠷᠠᠮᠤᠨ ᠳᠤᠭᠤᠯᠠᠭ᠎ᠠ ᠪᠠᠨ ᠬᠠᠶᠠᠭᠠᠤᠨ

ᠮᠤᠯᠳᠤᠷᠠᠵᠤ ᠭᠠᠷᠤᠭᠰᠠᠨ ᠭᠡᠨ ᠳᠠᠷᠠ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠵᠢᠪᠬᠤᠯᠠᠩ ᠠᠭᠤᠯᠠᠨ᠎ᠠ ᠪᠠᠢ᠌ᠯᠳᠤᠭᠰᠠ

ᠵᠠᠪᠠ᠂ ᠴᠢᠯᠠᠭᠤᠨ᠂ ᠰᠢᠷᠢ ᠬᠤᠳᠤᠭ ᠶᠤᠮ᠂

ᠵᠠᠮ ᠨᠡᠭᠡᠭᠡᠨ ᠰᠢᠪᠳᠤᠯᠤᠭᠰᠠᠨ

ᠪᠣᠭᠤᠷᠴᠢ᠂ ᠪᠣᠭᠤᠷᠤᠯ ᠨᠡᠷ ᠤᠳ ᠶᠤᠮ᠃

ᠴᠢᠭᠢ ᠪᠠᠨ ᠰᠠᠳᠠ ᠬᠠᠷᠪᠣᠭᠤᠯᠤᠭᠠᠤᠨ

ᠰᠢᠷᠭᠤᠯᠠᠵᠤ ᠳᠤᠳᠠᠭᠠᠭᠰᠠᠨ ᠵᠠᠮᠤᠬ᠎ᠠ᠂

ᠰᠢᠷᠠᠮᠤᠨ ᠳᠤᠭᠤᠯᠠᠭ᠎ᠠ ᠪᠠᠨ ᠬᠠᠶᠠᠭᠠᠤᠨ

ᠮᠤᠯᠳᠤᠷᠠᠵᠤ ᠭᠠᠷᠤᠭᠰᠠᠨ ᠢᠯᠠᠭᠤ᠃

ᠠ ᠄ ᠵᠧ ᠭᠦᠶ‍ᠢ ᠥᠨᠡᠭᠡᠷ ᠳᠠᠢ᠌ᠮᠤ ᠦᠦ᠂

ᠪᠠᠷᠢᠭᠳᠠᠭᠰᠠᠨ ᠸᠠᠩ ᠬᠠᠨ ᠢ ᠥᠷᠦᠰᠢᠶᠡᠭᠡᠤᠨ

ᠪᠠᠰᠠ ᠳᠠᠯᠪᠢᠭᠰᠠᠨ ᠭᠡᠨ ᠪᠣᠢ︖

ᠪᠠᠰᠢᠷ ᠵᠠᠯᠢ ᠲᠡᠶ ᠫᠣᠯᠭᠤᠳᠠᠢ ᠵᠢ

ᠪᠠᠷᠢᠶᠠᠰᠤᠨ ᠡᠴᠡ ᠭᠡᠯᠳᠦᠷᠢᠭᠦᠯᠦᠭ᠍ᠰᠡᠨ ᠠᠯᠢ ᠪᠣᠢ︖

ᠡᠴᠢᠭᠡ ᠳᠤᠭᠤᠷᠢᠯ ᠶᠢᠡᠨ ᠥᠭᠦᠪᠡ ᠭᠡᠤᠨ

ᠡᠢ ᠰᠢᠨ ᠸᠠᠩ ᠰᠠᠭᠤᠭᠰᠠᠨ ᠭᠡᠨ ᠪᠣᠢ︖

ᠦᠷ᠎ᠡ ᠪᠠᠨ ᠰᠤᠷᠭᠠᠵᠤ ᠴᠢᠳᠠᠭᠰᠠᠨ ᠥᠭᠡᠢ

ᠥᠭᠦᠭᠡᠡᠴᠡ ᠪᠣᠯᠤᠭᠰᠠᠨ ᠭᠡᠨ ᠪᠣᠢ︖

ᠡ ᠄ ᠵᠧ ᠭᠦᠶ‍ᠢ ᠥᠨᠡᠭᠡᠷ ᠳᠠᠢ᠌ᠮᠤ ᠭᠡᠯᠡᠢ᠂

ᠪᠠᠷᠢᠭᠳᠠᠭᠰᠠᠨ ᠸᠠᠩ ᠬᠠᠨ ᠢ ᠥᠷᠦᠰᠢᠶᠡᠭᠡᠤᠨ

ᠪᠠᠰᠠ ᠳᠠᠯᠪᠢᠭᠰᠠᠨ ᠲ᠋ᠠᠮᠤᠵᠢᠨ ᠬᠠᠨ

ᠪᠠᠰᠢᠷ ᠵᠠᠯᠢ ᠦᠭᠡᠶ ᠫᠣᠯᠭᠤᠳᠠᠢ ᠵᠢ

ᠪᠠᠷᠢᠶᠠᠰᠤᠨ ᠡᠴᠡ ᠭᠡᠯᠳᠦᠷᠢᠭᠦᠯᠦᠭ᠍ᠰᠡᠨ ᠪᠧᠲ᠋ᠡ᠋ ᠣᠯᠤᠰ᠃

ᠡᠴᠢᠭᠡ ᠲ᠋ᠤᠭᠤᠷᠢᠯ ᠶᠢᠡᠨ ᠥᠭᠦᠪᠡ ᠭᠡᠤᠨ

ᠡᠢ ᠰᠢᠨ ᠸᠠᠩ ᠰᠠᠭᠤᠭᠰᠠᠨ ᠢᠯᠠᠭᠤ

ᠦᠷ᠎ᠡ ᠪᠠᠨ ᠰᠤᠷᠭᠠᠵᠤ ᠴᠢᠳᠠᠭᠰᠠᠨ ᠥᠭᠡᠢ

ᠥᠭᠦᠭᠡᠡᠴᠡ ᠪᠣᠯᠤᠭᠰᠠᠨ ᠸᠠᠩ ᠬᠠᠨ᠃

ᠬᠤᠶᠠᠭᠤᠯᠠ ᠄ ᠵᠧ ᠭᠦᠶ‍ᠢ ᠥᠨᠡᠭᠡᠷ ᠳᠠᠢ᠌ᠮᠤ ᠯᠠ ᠳ᠋ᠠ᠂

ᠪᠢᠳᠡᠭᠦᠤ ᠬᠤᠯᠪᠣᠭ᠎ᠠ ᠭᠡᠯᠡᠯᠴᠡᠭ᠍ᠰᠡᠭᠡᠷ

ᠪᠢᠳᠠ ᠴᠤ ᠪᠠᠬᠠᠨ ᠶᠠᠳᠠᠷᠠᠯ᠎ᠠ᠂

ᠪᠦᠭᠦᠳᠡ ᠣᠯᠠᠨ ᠨᠥᠭᠦᠤᠨ ᠮᠢᠨᠢ

ᠪᠠᠢ᠌ᠰᠭᠢᠭᠡᠤᠨ ᠵᠠᠯᠭᠠᠵᠤ ᠰᠤᠨᠤᠰᠴᠠᠭᠠᠨ᠎ᠠ ᠦᠦ︖

ᠵᠤᠬᠢᠶᠠᠭᠴᠢ᠄ ᠯᠤᠤᠽᠡᠷ
ᠳᠠᠷᠤᠮ᠄ 12190
ᠴᠠᠭ᠄ 2007 ᠤᠨ ᠤ 07 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ