ᠵᠢᠷᠭᠤᠭ᠎ᠠ ᠂ ᠺᠠᠢ ᠬᠤᠸᠠ
ᠣᠷᠣᠢ ᠲᠡᠬᠡᠬᠥᠷ ᠨᠢ ᠣᠯᠣᠰᠣᠨ ᠲᠡᠬᠡᠰᠦ ᠬᠠᠶᠠᠭᠰᠠᠨ ᠰᠢᠭ ᠰᠢᠷ᠎ᠠ ᠵᠠᠮ ᠲᠡᠶ ᠨᠠᠮᠬᠠᠨ ᠬᠦᠳᠥᠯ ᠤᠨ ᠴᠠᠭᠠᠨ᠎ᠠ ᠡᠴᠡ ᠨᠢᠬᠡ ᠬᠦᠮᠥᠨ ᠤ ᠲᠣᠯᠣᠭᠠᠢ ᠴᠤᠬᠤᠢ᠌ᠭᠰᠠᠨ ᠶᠢᠠᠨ ᠨᠣᠮᠣᠨ ᠰᠤᠬᠤᠷ ᠰᠢᠷᠣᠢ ᠲᠥᠯᠬᠢᠬᠥ ᠰᠢᠭ᠌ ᠬᠡᠲᠦ ᠣᠪᠣᠰᠬᠢᠭᠰᠠᠨ ᠶᠢᠠᠨ ᠬᠦᠳᠥᠯ ᠤᠨ ᠣᠷᠣᠢ ᠲᠡᠬᠡᠷ᠎ᠡ ᠲᠠᠶᠠᠭ ᠲᠣᠯᠣᠭᠰᠠᠨ ᠶᠠᠪᠠᠭᠠᠨ ᠬᠦᠮᠥᠨ ᠭᠠᠷᠴᠣ ᠢᠷᠠᠪᠠ᠃ ᠲᠠᠷᠠ ᠬᠦᠮᠥᠨ ᠵᠠᠮ ᠤᠨ ᠲᠠᠯᠠᠩ ᠲᠡᠬᠡᠷ᠎ᠡ ᠰᠠᠭᠣᠵᠣ᠂ ᠱᠠᠬᠠᠢ ᠶᠢᠨ ᠣᠩᠭ᠋ᠣᠷᠬᠠᠢ ᠪᠠᠷ ᠣᠷᠣᠭᠰᠠᠨ ᠵᠠᠢ᠌ᠷ ᠴᠢᠯᠠᠭᠣ᠂ ᠬᠣᠮᠠᠭ ᠰᠢᠷᠣᠢ ᠶᠢ ᠨᠢ ᠬᠦᠪᠢᠬᠡᠥᠨ ᠲᠠᠬᠢᠨ ᠦᠨᠳᠡᠢ᠌ᠪᠡ᠃ ᠵᠠᠬᠥᠨ ᠬᠦᠯ ᠨᠢ ᠰᠠᠪ ᠲ᠋ᠠᠢ ᠶᠣᠮ ᠰᠢᠭ ᠬᠢᠴᠢᠶᠠᠵᠣ ᠠᠯᠬᠣᠵᠣ ᠪᠠᠢ᠌ᠭ᠎ᠠ ᠡᠨᠠ ᠬᠦᠮᠥᠨ ᠪᠣᠯ ᠣᠪᠣᠭ᠎ᠠ ᠠᠢ᠌ᠯ ᠤᠨ ᠬᠢᠨ ᠳᠤ ᠮᠠᠷᠳᠠᠭᠳᠠᠬᠣ ᠰᠢᠬᠠᠭᠰᠠᠨ ᠭᠠᠶᠠ ᠪᠠᠢ᠌ᠯ᠎ᠠ᠃ ᠲᠠᠷᠠ ᠶᠠᠰᠣ ᠪᠠᠷᠢᠶᠠᠴᠢ ᠶᠢᠨ ᠬᠢ ᠡᠴᠡ ᠭᠠᠷᠴᠣ᠂ ᠣᠪᠣᠭ᠎ᠠ ᠠᠢ᠌ᠯ ᠶᠢᠠᠨ ᠵᠤᠷᠢᠵᠣ ᠶᠠᠪᠣᠭ᠎ᠠ ᠨᠢ ᠡᠨᠠ ᠠᠵᠠᠢ᠃
ᠨᠠᠷᠠ ᠭᠣᠣᠯ ᠦᠳᠡᠯᠠᠵᠦ ᠪᠠᠢ᠌ᠪᠠ᠃ ᠭᠠᠶᠠ ᠥᠩᠬᠡ ᠨᠢ ᠣᠨᠠᠭᠰᠠᠨ ᠴᠠᠢ᠌ᠪᠣᠷ ᠬᠠᠠᠳᠠᠭᠠᠰᠣ ᠶᠢᠨ ᠡᠩᠬᠡᠷ ᠢ ᠵᠠᠳᠠᠭᠠᠢ᠌ᠯᠠᠵᠣ ᠶᠠᠪᠣᠭᠣᠳᠠ ᠪᠠᠨ ᠰᠠᠷᠠᠪᠴᠢᠯᠠᠨ ᠬᠠᠷᠠᠪᠠᠯ ᠬᠡᠣᠬᠡᠥᠨ ᠤᠨ ᠣᠪᠣᠭ᠎ᠠ ᠨᠢᠳᠣᠨ ᠲᠣᠣᠷ᠎ᠠ ᠨᠢ ᠪᠣᠯᠪᠠ᠃ ᠲᠠᠷᠠ᠂ ᠣᠪᠣᠭᠠᠨ ᠪᠠᠷᠠᠭᠣᠨ ᠰᠣᠭᠣ ᠪᠠᠷ ᠰᠢᠭᠣᠳ ᠠᠢ᠌ᠯ ᠳᠤ ᠣᠷᠣᠬᠣ ᠶᠢ ᠶᠠᠭᠠᠷᠠᠭᠰᠠᠨ ᠦᠭᠡᠶ᠃ ᠵᠠᠮ ᠮᠣᠰᠬᠢᠵᠣ ᠬᠢᠷᠠᠯᠠᠨ ᠶᠠᠪᠣᠭᠰᠠᠭᠠᠷ ᠬᠡᠣᠬᠡᠥᠨ ᠤᠨ ᠣᠪᠣᠭᠠᠨ ᠤ ᠡᠩᠬᠡᠷ ᠪᠠᠢ᠌ᠭ᠎ᠠ ᠵᠠᠷᠬᠡᠴᠡᠬᠡ ᠬᠣᠶᠠᠷ ᠣᠩᠭ᠋ᠣᠨ ᠤ ᠲᠡᠷᠬᠡᠳᠡ ᠢᠷᠠᠪᠠ᠃ ᠣᠩᠭ᠋ᠣᠨ ᠤ ᠡᠷᠬᠢᠨ ᠲᠣᠭᠣᠷᠢᠨ ᠶᠢᠠᠷ ᠡᠪᠠᠰᠣ ᠦᠯᠣᠩ ᠪᠠᠭᠴᠠᠷᠠᠨ ᠣᠷᠭᠣᠵᠣ᠂ ᠲᠠᠨᠢᠭᠳᠠᠮᠠ ᠦᠭᠡᠶ ᠪᠣᠯᠣᠭᠰᠠᠨ ᠪᠣᠯᠪᠠᠴᠣ ᠭᠠᠶᠠ ᠳᠤ ᠠᠪᠴᠣ ᠬᠡᠯᠡᠪᠡᠯ ᠨᠢᠳᠣ ᠪᠠᠨ ᠠᠨᠢᠪᠠᠴᠣ ᠲᠡᠮᠳᠡᠷᠢᠬᠡᠥᠨ ᠣᠯᠴᠢᠬᠠᠬᠣ ᠪᠠᠢ᠌ᠪᠠ᠃ ᠲᠠᠷᠠ ᠬᠣᠶᠠᠷ ᠣᠩᠭ᠋ᠣᠨ ᠤ ᠪᠠᠷᠠᠭᠣᠠᠳᠠᠬᠢ ᠨᠢ ᠲᠠᠷᠪᠠ ᠵᠠᠯᠠᠨ ᠤ ᠬᠢ᠂ ᠵᠠᠬᠥᠠᠳᠡᠬᠢ ᠨᠢ ᠵᠠᠯᠠᠨ ᠤ ᠪᠠᠭ᠎ᠠ ᠬᠠᠳᠣᠨ ᠺᠠᠢ ᠬᠣᠧᠨ ᠶᠢᠨ ᠣᠩᠭ᠋ᠣᠨ ᠪᠠᠢ᠌ᠯ᠎ᠠ᠃
ᠭᠠᠶᠠ᠂ ᠡᠴᠢᠬᠡ ᠡᠬᠡ ᠶᠢᠨ ᠶᠢᠠᠨ ᠣᠩᠭ᠋ᠣᠨ ᠤ ᠡᠮᠣᠨ᠎ᠠ ᠢᠷᠠᠵᠣ ᠰᠦᠬᠥᠷᠡᠨ ᠰᠠᠭᠣᠪᠠ᠃ ᠲᠠᠷᠠ ᠡ᠊ᠠᠳᠠ ᠣᠯᠠᠨ ᠣᠳᠠᠭ᠎ᠠ ᠢᠷᠠᠵᠣ ᠥᠩᠬᠡᠷᠡᠭ᠍ᠰᠡᠨ ᠪᠦᠬᠡᠥᠨ ᠢᠷᠡᠬᠥ ᠪᠣᠯᠭᠠᠨ ᠲᠠᠷᠠ ᠵᠢᠯ ᠤᠨ ᠢᠩ ᠤᠨ ᠬᠡᠷ ᠲᠤ ᠪᠣᠯᠣᠭᠰᠠᠨ ᠠᠶᠣᠮᠰᠢᠭᠳᠣ ᠣᠴᠠᠷᠠᠯ ᠣᠭᠣᠷᠠᠭ ᠲᠠᠷᠢᠬᠢᠨ ᠊ᠳᠣᠨᠢ ᠢᠯᠠᠷᠠᠵᠣ᠂ ᠡᠬᠡ ᠶᠢᠨ ᠬᠢᠨᠢ ᠬᠠᠰᠬᠢᠴᠢᠬᠤ ᠲᠠᠭᠣᠨ ᠴᠢᠬᠢᠨ ᠳ᠋ᠤᠨᠢ ᠰᠣᠨᠣᠰᠳᠠᠬᠣ ᠰᠢᠭ ᠪᠣᠯᠳᠠᠭ ᠪᠠᠢ᠌ᠯ᠎ᠠ᠁
ᠲᠠᠮᠠᠭᠠᠳᠣ ᠴᠡᠷᠢᠭ᠌ ᠤᠨ ᠦᠢᠮᠡᠬᠡᠨ ᠳᠤ ᠲᠠᠷᠪᠠ ᠵᠠᠯᠠᠨ ᠤ ᠬᠢᠨ ᠶᠢᠰᠣᠨ ᠲᠠᠢ᠌ᠰᠢ ᠪᠣᠳᠠᠷᠠᠪᠠ᠃ ᠺᠠᠢ ᠬᠣᠧᠨ ᠬᠦᠤ ᠲᠡᠶ ᠪᠠᠨ ᠬᠣᠶᠠᠭᠣᠯᠠ ᠬᠠᠮ ᠲᠡᠷᠬᠡᠨ ᠳᠤ ᠰᠠᠭᠣᠵᠣ᠂ ᠬᠠᠷᠠᠩᠭ᠋ᠣᠢ ᠶᠢᠨ ᠲᠣᠮᠳᠠ ᠦᠬᠡᠷ ᠶᠢᠠᠨ ᠰᠢᠪᠠᠳᠠᠨ ᠶᠠᠪᠣᠭᠰᠠᠭᠠᠷ ᠨᠢᠬᠡ ᠮᠡᠳᠡᠬᠥ ᠳᠤ ᠬᠠᠷᠢᠨ ᠨᠠᠯᠤᠢ᠌ᠨ ᠱᠣᠣᠬᠢᠭᠰᠠᠨ ᠪᠣᠷᠭᠠᠰᠣᠨ ᠲᠣᠮᠳᠠ ᠣᠷᠣᠴᠢᠬᠠᠭᠰᠠᠨ ᠪᠠᠢ᠌ᠪᠠ᠃ ᠬᠣᠶᠠᠭᠣᠯᠠ ᠶᠠᠪᠣᠬᠣ ᠵᠦᠭ᠌ ᠶᠢᠠᠨ ᠣᠯ ᠶᠠᠳᠠᠨ ᠦᠬᠡᠷ ᠤᠨ ᠶᠢᠠᠨ ᠰᠠᠨᠠᠭ᠎ᠠ ᠪᠠᠷ ᠪᠣᠯᠪᠠ᠃ ᠬᠣᠩᠭ᠋ᠤ ᠡᠪᠠᠷᠳᠠᠢ ᠪᠦᠲᠦᠬᠥᠨ ᠬᠠᠷ᠎ᠠ ᠦᠬᠡᠷ ᠬᠠᠮ ᠲᠡᠷᠬᠡ ᠶᠢ ᠴᠢᠷᠥᠭᠰᠠᠬᠡᠷ ᠪᠣᠷᠭᠠᠰᠣᠨ ᠲᠣᠮᠳᠠ ᠰᠥᠯᠵᠢᠯᠳᠥᠨ ᠶᠠᠭᠣ ᠴᠤ ᠬᠡᠰᠡᠨ ᠲᠡᠭ᠍ᠰᠢᠬᠡᠨ ᠭᠠᠵᠠᠷ ᠢᠷᠠᠯ᠎ᠠ ᠪᠣᠯᠣᠯᠳᠠᠢ᠂ ᠲᠠᠯ᠎ᠠ ᠶᠢᠨ ᠵᠠᠬᠡᠰᠥᠨ ᠳᠤ ᠲᠡᠷᠬᠡ ᠲᠦᠴᠢᠬᠢᠨᠡᠬᠥ ᠪᠠᠨ ᠪᠣᠯᠢᠵᠣ᠂ ᠬᠠᠷ᠎ᠠ ᠦᠬᠡᠷ ᠣᠷᠳᠣᠯᠠᠭᠣᠯᠣᠨ ᠮᠦᠬᠡᠷᠡᠬᠡᠥᠨ ᠵᠤᠭᠰᠣᠪᠠ᠃ ᠺᠠᠢ ᠬᠣᠧᠨ ᠲᠡᠷᠬᠡᠨ ᠡᠴᠡ ᠪᠠᠭᠣᠵᠣ ᠭᠠᠵᠠᠷ ᠱᠠᠭᠠᠢ᠌ᠵᠣ ᠦᠵᠡᠪᠡᠯ ᠰᠠᠯᠠᠭ᠎ᠠ ᠵᠠᠮ ᠤᠨ ᠠᠭᠣᠯᠵᠠᠷ ᠲᠤ ᠢᠷᠡᠬᠡᠥᠨ ᠪᠠᠢ᠌ᠯ᠎ᠠ᠃ ᠠᠷᠤ ᠳ᠋ᠤᠨᠢ ᠰᠢᠷᠭᠠᠯ ᠤᠨ ᠪᠣᠷᠭᠠᠰᠣ ᠢᠷᠣᠭᠠᠷ ᠦᠭᠡᠶ ᠨᠦᠬᠡ ᠰᠢᠭ᠌ ᠠᠢ᠌ᠳᠠᠰ ᠬᠦᠷᠥᠮᠡ ᠨᠠᠳᠤᠢ᠌ᠨ ᠬᠠᠷᠠᠯᠠᠨ᠎ᠠ᠃ ᠡᠮᠣᠨᠠᠰᠢ ᠪᠠᠷᠠᠯᠠᠪᠠᠯ ᠣᠳᠣᠳ ᠲᠦᠬᠡᠭ᠍ᠰᠡᠨ ᠲᠡᠭ᠍ᠷᠢ ᠶᠢᠨ ᠲᠣᠣᠷ᠎ᠠ ᠪᠣᠰᠣᠭ᠎ᠠ ᠠᠭᠣᠯᠠᠨ ᠤ ᠪᠠᠷ᠎ᠠ ᠲᠦᠩᠬᠦᠢ᠌ᠵᠦ ᠬᠠᠷᠠᠭᠳᠠᠬᠣ ᠨᠢ ᠲᠠᠳᠠᠨ ᠤ ᠲᠥᠰᠢᠵᠦ ᠰᠠᠭᠣᠭᠰᠠᠨ ᠪᠠᠶᠠᠠᠴᠠᠭᠠᠨ ᠠᠭᠣᠯᠠ ᠮᠦᠨ ᠪᠠᠢ᠌ᠯ᠎ᠠ᠃ ᠺᠠᠢ ᠬᠣᠧᠨ ᠳᠤ ᠪᠠᠶᠠᠠᠴᠠᠭᠠᠨ ᠤ ᠡᠩᠬᠡᠷ ᠲᠠᠬᠢ ᠡᠪᠣᠯᠵᠢᠶ᠎ᠠ ᠪᠠ ᠡᠪᠣᠯᠵᠢᠶ᠎ᠠ ᠪᠠᠨ ᠰᠠᠬᠢᠵᠣ ᠬᠣᠴᠣᠷᠣᠭᠰᠠᠨ ᠢᠩ ᠤᠨ ᠬᠡᠷ ᠤᠨ ᠮᠡᠭ᠍ᠵᠢᠬᠡᠷ ᠡᠪᠥᠬᠡᠨ᠂ ᠨᠣᠬᠠᠳᠠᠢ ᠬᠣᠶᠠᠭᠣᠯᠠ ᠪᠣᠳᠣᠭᠳᠠᠪᠠ᠃ 《ᠬᠦᠤ ᠮᠢᠨᠢ ᠶᠠᠭᠠᠬᠢᠵᠣ ᠪᠠᠢ᠌ᠭ᠎ᠠ ᠪᠣᠯ︖》 ᠬᠡᠬᠥ ᠪᠣᠳᠣᠯ ᠲᠡᠬᠥᠨ ᠢ ᠡᠵᠠᠮᠳᠠᠵᠣ᠂ ᠦᠬᠡᠷ ᠤᠨ ᠪᠠᠷᠢᠶ᠎ᠠ ᠶᠢ ᠦᠪᠡᠷ ᠤᠨ ᠡᠷᠬᠡ ᠦᠭᠡᠶ ᠲᠠᠷᠠ ᠵᠦᠭ ᠲᠤ ᠬᠦᠳᠥᠯᠣᠬᠥᠯᠵᠡᠢ᠃
ᠲᠠᠳᠠ ᠬᠣᠶᠠᠭᠣᠯᠠ ᠶᠢ ᠡᠪᠣᠯᠵᠢᠶ᠎ᠠ ᠶᠢᠨ ᠰᠠᠭᠣᠷᠢᠰᠢᠯ ᠲᠡᠬᠡᠷ᠎ᠡ ᠪᠠᠨ ᠢᠷᠡᠬᠥ ᠳᠤ ᠨᠠᠷᠠ ᠪᠠᠢ᠌ᠮ ᠲᠡᠬᠡᠷ᠎ᠡ ᠲᠡᠭ᠍ᠳᠡᠵᠦ᠂ ᠰᠢᠬᠥᠳᠡᠷᠢ ᠡᠭᠰᠢᠬᠡᠥᠨ ᠬᠠᠯᠠᠭᠣᠨ ᠣᠷᠣᠬᠣ ᠰᠢᠬᠠᠭᠰᠠᠨ ᠪᠠᠢ᠌ᠯ᠎ᠠ᠃ ᠡᠪᠣᠯᠵᠢᠶ᠎ᠠ ᠶᠢᠨ ᠡᠷᠬᠢᠨ ᠲᠣᠭᠣᠷᠢᠨ ᠳᠤ ᠡᠷᠮ᠎ᠠ ᠰᠢᠷᠠᠯᠵᠢ ᠢᠭᠴᠣᠷᠠᠨ ᠣᠷᠭᠣᠵᠣ᠂ ᠬᠦᠮᠥᠨ ᠰᠠᠭᠣᠵᠣ ᠪᠠᠢ᠌ᠭ᠎ᠠ ᠮᠠᠶᠢᠭ ᠦᠭᠡᠶ ᠡᠯᠠᠢ ᠬᠣᠯᠠᠢ᠂ ᠢᠩ ᠤᠨ ᠬᠡᠷ ᠤᠨ ᠡᠬᠥᠳᠡ ᠴᠤ ᠲᠥᠭ᠍ᠵᠢᠶᠡᠰᠦᠳᠠᠢ ᠪᠠᠢ᠌ᠯ᠎ᠠ᠃ ᠮᠡᠭ᠍ᠵᠢᠬᠡᠷ ᠡᠪᠥᠬᠡᠨ᠂ ᠨᠣᠬᠠᠳᠠᠢ ᠬᠣᠶᠠᠭᠣᠯᠠ ᠬᠡᠷ ᠶᠢᠠᠨ ᠬᠠᠶᠠᠭᠠᠳ ᠬᠠᠮᠢᠭ᠎ᠠ ᠶᠠᠪᠣᠴᠢᠬᠠᠭᠰᠠᠨ ᠪᠣᠯ︖ ᠴᠣᠩᠬᠤ ᠪᠠᠷ ᠨᠢ ᠥᠩᠬᠡᠶ᠋ᠢᠵᠦ ᠦᠵᠡᠪᠡᠯ ᠬᠠᠠᠵᠣ᠂ ᠱᠠᠯᠠ ᠲᠡᠬᠡᠷ᠎ᠡ ᠨᠢ ᠪᠣᠷᠣ ᠪᠢᠯᠵᠣᠣᠬᠠᠢ ᠶᠢᠨ ᠪᠠᠭᠠᠰᠣ ᠡᠳᠠᠯᠰᠢᠵᠣ᠂ ᠰᠠᠷᠠᠪᠴᠢᠨ ᠡᠴᠡ ᠨᠢ ᠠᠭᠠᠯᠵᠢ ᠲᠣᠣᠷ ᠲᠠᠳᠠᠭᠰᠠᠨ ᠬᠠᠷᠠᠭᠳᠠᠨ᠎ᠠ᠃ ᠺᠠᠢ ᠬᠣᠧᠨ᠂ ᠡᠬᠥᠳᠡᠨ ᠣᠶᠠᠭᠠᠰᠣ ᠶᠢ ᠠᠯᠳᠠᠷᠭᠠᠵᠣ ᠲᠣᠳᠣᠭᠰᠢ ᠰᠢᠷᠭᠣᠭᠰᠠᠨ ᠶᠢᠠᠨ ᠰᠣᠴᠢᠵᠣ ᠬᠡᠳᠡᠷᠬᠥ ᠬᠡᠳᠥᠨ ᠠᠯᠬᠤᠮ ᠣᠬᠣᠷᠢᠪᠠ᠃ ᠨᠢᠬᠡᠨ ᠴᠠᠭᠠᠨ ᠡᠷᠢᠶᠠᠨ ᠮᠣᠭᠠᠢ ᠢᠩ ᠤᠨ ᠭᠣᠣᠯ ᠢ ᠣᠷᠢᠶᠠᠵᠣ ᠴᠠᠭᠠᠷᠢᠭᠯᠠᠨ ᠬᠡᠪᠳᠡᠵᠦ ᠪᠠᠢ᠌ᠯ᠎ᠠ᠃ ᠬᠦᠮᠥᠨ ᠤ ᠴᠢᠮᠡᠬᠡ ᠪᠠᠷ ᠲᠠᠷᠠ ᠮᠣᠭᠠᠢ ᠠᠮᠳᠠᠳᠣ ᠨᠤᠢ᠌ᠷ ᠢ ᠰᠡᠷᠢᠬᠡᠯᠡ ᠬᠡᠰᠡᠨ ᠰᠢᠤ ᠲᠤᠷ᠎ᠠ ᠮᠠᠭᠣᠳᠠᠢ ᠠᠭᠠᠵᠢᠮ ᠭᠣᠯᠭᠣᠭᠰᠠᠭᠠᠷ ᠢᠩ ᠤᠨ ᠬᠡᠷ ᠡᠴᠡ ᠭᠠᠷᠴᠣ ᠡᠪᠠᠰᠣ ᠦᠯᠣᠩ ᠤᠨ ᠲᠣᠮᠳᠠ ᠲᠠᠯᠳᠠ ᠣᠷᠣᠪᠠ᠃
ᠺᠠᠢ ᠬᠣᠧᠨ ᠪᠣᠷᠣ ᠮᠦᠷ ᠢᠶᠡᠷ ᠶᠢᠠᠨ ᠪᠣᠴᠠᠬᠣ ᠬᠡᠵᠦ ᠲᠡᠷᠬᠡᠨ ᠠᠷᠠᠯ ᠶᠢᠠᠨ ᠡᠷᠬᠥᠳᠡᠯᠡ ᠪᠠᠨ ᠡᠷᠬᠢᠬᠡᠥᠨ ᠲᠠᠯᠪᠢᠴᠢᠬᠠᠪᠠ᠃ ᠵᠤᠨ ᠤ ᠬᠠᠯᠠᠭᠣᠨ ᠳᠤ ᠦᠬᠡᠷ ᠨᠢ ᠭᠣᠪᠴᠠᠢ᠌ᠵᠣ ᠬᠡᠬᠡᠯ ᠠᠯᠳᠠᠭᠰᠠᠨ ᠢ ᠦᠵᠡᠬᠡᠥᠨ ᠣᠰᠣ ᠣᠷᠣᠭᠣ ᠬᠦᠳᠥᠯᠥᠨ ᠶᠠᠪᠣᠬᠣ ᠵᠠᠭᠣᠷ᠎ᠠ᠄ 《ᠬᠦᠤ ᠪᠠᠨ ᠬᠦᠯᠢᠶᠡᠶ᠎ᠡ᠂ ᠵᠠᠯᠠᠨ ᠬᠦᠮᠥᠨ ᠢᠷᠡᠬᠥᠯᠵᠦ ᠲᠣᠰᠴᠣ ᠠᠪᠠᠴᠢᠬᠤ ᠪᠠᠢ᠌ᠯ ᠦᠭᠡᠶ》 ᠬᠡᠵᠦ ᠪᠣᠳᠣᠵᠣ ᠶᠠᠪᠣᠯ᠎ᠠ᠃ ᠭᠣᠷᠪᠠᠳᠣᠭᠠᠷ ᠡᠳᠣᠷ ᠤᠨ ᠬᠢᠨᠢ ᠦᠳᠡ ᠶᠢᠨ ᠬᠤᠢ᠌ᠨ᠎ᠠ᠂ ᠨᠠᠷᠠ ᠪᠠᠷᠠᠭᠣᠠᠰᠢ ᠲᠠᠰᠢᠵᠣ ᠠᠭᠣᠯᠠᠰ ᠤᠨ ᠪᠠᠷᠠᠭᠣᠨ ᠬᠢᠷ᠎ᠠ ᠬᠣᠧᠨ ᠰᠢᠷᠭᠠᠯᠳᠣᠵᠣ ᠪᠠᠢ᠌ᠭᠰᠠᠨ ᠦᠶ᠎ᠡ ᠪᠠᠷ ᠪᠠᠶᠠᠠᠴᠠᠭᠠᠨ ᠤ ᠵᠠᠬᠥᠨ ᠰᠣᠭᠣ ᠡᠴᠡ ᠬᠣᠶᠠᠷ ᠮᠣᠷᠢᠳᠠᠨ ᠭᠠᠷᠴᠣ ᠢᠷᠡᠬᠡᠥᠨ ᠨᠠᠭᠠᠰᠢᠯᠠᠬᠣ ᠬᠠᠷᠠᠭᠳᠠᠪᠠ᠃ ᠭᠠᠶᠠ ᠦᠵᠡᠬᠡᠥᠨ ᠬᠦᠯ ᠭᠠᠵᠠᠷ ᠬᠦᠷᠬᠥ ᠦᠭᠡᠶ ᠪᠠᠶᠠᠷᠯᠠᠨ᠄
᠊᠊᠊᠊᠊᠊᠊᠊᠊᠊᠊᠊᠊᠊᠊ ᠡᠮᠧ ᠡ᠂ ᠬᠣᠶᠠᠷ ᠮᠣᠷᠢᠳᠠᠢ ᠬᠦᠮᠥᠨ ᠢᠷᠠᠯ᠎ᠠ ᠬᠡᠵᠦ ᠨᠠᠷᠠ ᠲᠠᠰᠢᠭᠣᠯᠣᠨ ᠬᠣᠷᠣᠭᠣ ᠭᠣᠵᠤᠢ᠌ᠯᠭᠠᠪᠠ᠃ ᠺᠠᠢ ᠬᠣᠧᠨ᠂ ᠮᠣᠷᠢᠨ ᠲᠡᠬᠡᠷ᠎ᠡ ᠪᠠᠨ ᠣᠪᠤᠢ᠌ᠬᠣ ᠬᠣᠶᠠᠷ ᠬᠦᠮᠥᠨ ᠢ ᠨᠠᠷᠢᠪᠴᠢᠯᠠᠨ ᠠᠵᠢᠵᠣ᠂ ᠲᠠᠨᠢᠬᠤ ᠬᠦᠮᠥᠨ ᠤ ᠮᠠᠶᠢᠭ ᠦᠭᠡᠶ ᠪᠤᠯᠬᠤᠷ ᠰᠠᠵᠢᠭ᠍ᠯᠠᠵᠣ᠂ ᠬᠦᠤ ᠪᠠᠨ ᠲᠠᠭᠠᠭᠣᠯᠣᠨ ᠬᠡᠷ ᠤᠨ ᠠᠷᠤ ᠶᠢᠨ ᠦᠯᠣᠩ ᠳᠤ ᠰᠢᠷᠭᠣᠪᠠ᠃ ᠢᠷᠡᠭ᠍ᠰᠡᠨ ᠬᠣᠶᠠᠷ ᠬᠦᠮᠥᠨ ᠡᠭ᠌ ᠮᠠᠭ ᠲᠡᠶ ᠦᠯᠢᠯᠵᠡᠨ ᠪᠠᠢ᠌ᠳᠠᠯ ᠢ ᠠᠵᠢᠭᠠᠳ ᠮᠣᠷᠢᠨ ᠡᠴᠡ ᠪᠠᠨ ᠪᠠᠭᠣᠪᠠ᠃ ᠨᠠᠷᠠᠨ ᠴᠡᠷᠢᠭ᠌ ᠤᠨ ᠬᠣᠪᠴᠠᠰᠣ ᠲᠡᠶ ᠨᠢᠬᠡ ᠨᠢ ᠣᠷᠣᠭᠣᠯ ᠲᠡᠬᠡᠷ᠎ᠡ ᠪᠠᠨ ᠵᠢᠷᠪᠢᠢᠭ᠍ᠰᠡᠨ ᠬᠠᠷ᠎ᠠ ᠰᠠᠬᠠᠯ ᠲᠡᠶ᠃ ᠲᠠᠰᠢᠶᠠᠨ ᠲᠡᠬᠡᠷ᠎ᠡ ᠪᠠᠨ ᠰᠤᠢ᠌ᠷᠠᠭᠰᠠᠨ ᠰᠠᠯᠠᠮ᠎ᠠ ᠨᠢ ᠣᠠᠵᠢᠬᠢᠨᠠᠵᠣ᠂ ᠨᠠᠷᠠᠨ ᠤ ᠬᠡᠷᠡᠯ ᠳᠤ ᠬᠢᠯᠠᠰᠴᠣ ᠪᠠᠢ᠌ᠪᠠ᠃ ᠨᠦᠬᠥᠬᠡ ᠨᠢ ᠬᠣᠶᠠᠷ ᠨᠢᠳᠣᠨ ᠤ ᠬᠢᠨᠢ ᠬᠠᠷᠠᠴᠠ ᠨᠢ ᠠᠰᠯᠠᠭᠰᠠᠨ ᠦᠭᠡᠶ ᠰᠣᠯᠢᠷ ᠬᠦᠮᠥᠨ ᠪᠠᠢ᠌ᠯ᠎ᠠ᠃ ᠰᠠᠬᠠᠯᠳᠣ ᠨᠢ ᠨᠠᠮᠪᠠᠭᠠᠳᠠᠢ᠌ᠬᠠᠨ ᠬᠡᠷ ᠲᠤ ᠣᠷᠣᠵᠣ ᠶᠠᠭᠣ ᠨᠢᠬᠡ ᠶᠠᠭᠣᠮ᠎ᠠ ᠬᠡᠯᠡᠬᠥ ᠳᠤ ᠠᠷᠤ ᠳ᠋ᠤᠨᠢ ᠲᠠᠭᠠᠯᠳᠣᠭᠰᠠᠨ ᠰᠣᠯᠢᠷ᠄
᠊᠊᠊᠊᠊᠊᠊᠊᠊᠊᠊᠊᠊᠊᠊ ᠵᠠ︕ ᠬᠡᠥᠨ ᠪᠣᠷᠪᠢ ᠪᠠᠷ ᠶᠢᠠᠨ ᠡᠷᠬᠢᠨ ᠭᠠᠷᠴᠣ᠂ ᠭᠠᠠᠵᠣᠭᠠᠯᠠᠵᠣ ᠪᠠᠢ᠌ᠭᠰᠠᠨ ᠣᠭᠣᠳᠠ ᠪᠠᠨ ᠠᠪᠴᠣ ᠢᠷᠠᠪᠠ᠃ ᠲᠠᠷᠠ ᠨᠢ ᠮᠣᠩᠭ᠋ᠣᠯ ᠬᠦᠮᠥᠨ ᠪᠠᠢ᠌ᠭᠰᠠᠨ ᠠᠵᠠᠢ︕ ᠬᠣᠶᠠᠭᠣᠯᠠ ᠪᠣᠷᠴᠠ ᠮᠢᠬ᠎ᠠ ᠭᠠᠷᠭᠠᠵᠣ ᠵᠤᠣᠬᠠᠨ ᠲᠡᠬᠡᠷ᠎ᠡ ᠰᠢᠷᠠᠵᠣ ᠢᠳᠡᠬᠥ ᠶᠢᠨ ᠲᠠᠭᠠᠤ ᠲᠠᠮᠣᠷ ᠬᠠᠪᠳᠠᠭ᠎ᠠ ᠲ᠋ᠠᠢ ᠠᠷᠢᠬᠢ ᠪᠠᠨ ᠡᠬᠡᠯᠵᠢᠯᠡᠨ ᠬᠦᠠᠳᠥᠷᠤᠨᠠ᠃ ᠰᠠᠬᠠᠯᠳᠣ ᠨᠠᠷᠠᠨ ᠦᠯᠥᠰᠣᠬᠡᠥᠨ ᠨᠢᠳᠣ ᠨᠢ ᠬᠠᠷᠠᠯᠠᠬᠣ ᠰᠢᠬᠠᠭᠰᠠᠨ ᠪᠣᠯᠣᠯᠳᠠᠢ᠂ ᠠᠮᠨ ᠠᠮᠨ ᠪᠠᠷ ᠡᠮᠬᠥᠯᠡᠬᠥ ᠳᠤ ᠰᠣᠯᠢᠷ ᠨᠢ ᠬᠠᠷᠢᠨ ᠭᠠᠳᠠᠭᠰᠢ ᠴᠢᠬᠢ ᠲᠠᠯᠪᠢᠨ ᠪᠠᠢ᠌ᠳᠠᠯ ᠢ ᠰᠡᠷᠡᠮᠵᠢᠳᠡᠢ᠌ᠬᠡᠨ ᠴᠢᠩᠨᠠᠨ᠎ᠠ᠃ ᠢᠳᠠᠵᠣ ᠴᠠᠳᠣᠭᠠᠳ ᠲᠠᠳᠠ ᠬᠣᠶᠠᠭᠣᠯᠠ ᠶᠠᠪᠣᠬᠣ ᠪᠣᠯᠪᠠ᠃ ᠲᠠᠳᠠᠨ ᠢ ᠮᠣᠷᠢᠨ ᠳᠠᠭᠠᠨ ᠮᠣᠷᠳᠠᠵᠣ ᠲᠠᠯᠳᠠ ᠣᠷᠣᠬᠣ ᠳᠤ ᠺᠠᠢ ᠬᠣᠧᠨ ᠶᠢᠨ ᠵᠢᠷᠥᠬᠡ ᠲᠦᠭ᠍ᠰᠢᠬᠥ ᠨᠢ ᠨᠠᠮᠳᠠᠵᠣ᠂ ᠨᠢᠭᠣᠭᠰᠠᠨ ᠭᠠᠵᠠᠷ ᠡᠴᠡ ᠪᠠᠨ ᠭᠠᠷᠴᠣ ᠢᠷᠠᠯ᠎ᠠ᠃ ᠬᠡᠳᠡᠯ᠎ᠡ ᠬᠣᠶᠠᠷ ᠲᠡᠬᠡᠷᠡᠮ ᠲᠠᠮᠠᠢ ᠬᠣᠯᠠᠳᠠᠭᠰᠠᠨ ᠦᠭᠡᠶ ᠡᠷᠬᠢᠬᠡᠥᠨ ᠢᠷᠡᠴᠢᠬᠡᠨ᠎ᠡ ᠬᠡᠵᠦ ᠰᠠᠨᠠᠭᠰᠠᠨ ᠦᠭᠡᠶ᠃ ᠰᠠᠬᠠᠯᠳᠣ ᠨᠠᠷᠠᠨ ᠵᠠᠯᠢᠷᠬᠠᠭ ᠢᠨᠢᠶᠠᠵᠣ᠂ ᠺᠠᠢ ᠬᠣᠧᠨ ᠶᠢ ᠡᠬᠥᠳᠡᠨ ᠲᠡᠬᠡᠷ᠎ᠡ ᠲᠣᠰᠴᠣ ᠠᠪᠣᠪᠠ᠃ ᠰᠣᠯᠢᠷ᠄
᠊᠊᠊᠊᠊᠊᠊᠊᠊᠊᠊᠊᠊᠊᠊ ᠪᠢᠳᠠ ᠬᠣᠶᠠᠭᠣᠯᠠ ᠪᠣᠯ ᠨᠡᠬᠥ ᠡᠴᠡ ᠵᠠᠢ᠌ᠯᠠᠵᠣ ᠲᠣᠳᠠᠭᠠᠵᠣ ᠶᠠᠪᠣᠭ᠎ᠠ ᠣᠯᠣᠰ ᠤᠨ ᠴᠡᠷᠢᠭ᠌ ᠮᠦᠨ᠃ ᠲᠠᠨ ᠡᠴᠡ ᠬᠣᠪᠴᠠᠰᠣ ᠰᠣᠯᠢᠵᠣ ᠡᠮᠣᠰᠣᠶᠠ ᠬᠡᠵᠦ ᠮᠠᠨ ᠤ ᠨᠣᠶᠠᠨ ᠬᠡᠯᠡᠵᠦ ᠪᠠᠢ᠌ᠨ᠎ᠠ︕ ᠬᠡᠪᠡ᠃ ᠬᠡᠪᠡᠴᠦ ᠺᠠᠢ ᠬᠣᠧᠨ ᠳᠤ ᠡᠮᠣᠰᠴᠣ ᠪᠠᠢ᠌ᠭ᠎ᠠ ᠬᠣᠪᠴᠠᠰᠣᠨ ᠡᠴᠡ ᠨᠢ ᠣᠠᠳᠣᠤ ᠪᠦᠰ ᠤᠨ ᠦᠬᠡᠳᠡᠰᠤ ᠴᠤ ᠪᠠᠢ᠌ᠭᠰᠠᠨ ᠦᠭᠡᠶ᠃ ᠰᠣᠯᠢᠷ ᠣᠭᠣᠳᠠ ᠲᠡᠶ ᠬᠣᠨᠢᠨ ᠭᠣᠶ᠎ᠠ᠂ ᠪᠣᠷᠴᠠ ᠮᠢᠬ᠎ᠠ ᠪᠠᠨ ᠴᠢᠷᠴᠣ ᠢᠷᠡᠬᠡᠥᠨ᠄
᠊᠊᠊᠊᠊᠊᠊᠊᠊᠊᠊᠊᠊᠊᠊ ᠪᠢᠳᠠ ᠬᠣᠯᠠ ᠵᠠᠮ ᠬᠦᠬᠡᠬᠡᠨ᠎ᠡ᠃ ᠵᠠᠮ ᠤᠨ ᠬᠦᠨᠡᠰᠤ ᠶᠢ ᠪᠣᠯᠭᠣᠵᠣ ᠦᠭ᠌ ᠬᠡᠵᠦ ᠺᠠᠢ ᠬᠣᠧᠨ ᠶᠢᠨ ᠡᠮᠣᠨ᠎ᠠ ᠴᠢᠯᠠᠭᠣᠳᠠᠪᠠ᠃ ᠮᠢᠬ᠎ᠠ ᠪᠣᠷᠣᠯᠠᠭᠠᠬᠣ ᠬᠡᠵᠦ ᠺᠠᠢ ᠬᠣᠧᠨ ᠵᠤᠣᠬᠠᠨ ᠠᠮᠠᠰᠠᠷ ᠵᠤᠭᠰᠣᠬᠣ ᠳᠤ ᠬᠣᠶᠠᠷ ᠲᠡᠬᠡᠷᠡᠮ ᠬᠤᠢ᠌ᠭᠣᠷ ᠣᠷᠳᠣᠭᠣᠷ ᠨᠢ ᠡᠷᠬᠢᠴᠠᠵᠣ᠂ ᠵᠢᠰᠣ ᠴᠢᠷᠠᠢ ᠶᠢ ᠨᠢ ᠰᠢᠨᠵᠢᠭ᠍ᠰᠡᠨ ᠶᠢᠠᠨ ᠰᠣᠯᠢᠷ ᠡᠷᠠᠤ ᠪᠠᠨ ᠰᠢᠪᠳᠣᠷᠴᠣ᠄
᠊᠊᠊᠊᠊᠊᠊᠊᠊᠊᠊᠊᠊᠊᠊ ᠬᠠ᠂ ᠰᠠᠢ᠌ᠬᠠᠨ ᠪᠦᠰᠠᠬᠥᠢ︕ ᠮᠠᠨ ᠤ ᠨᠣᠶᠠᠨ ᠴᠢᠮᠢ᠋ᠢ ᠲᠣᠭᠣᠴᠢᠬᠠᠯᠠ ᠬᠡᠵᠦ ᠣᠷᠣᠭᠣᠯ ᠠᠮᠨ ᠪᠠᠨ ᠲᠣᠯᠢᠶᠠᠵᠣ ᠰᠢᠯᠣᠰᠣ ᠪᠠᠨ ᠭᠦᠳ ᠬᠡᠳᠡᠯ᠎ᠡ ᠵᠠᠯᠬᠢᠪᠠ᠃ ᠺᠠᠢ ᠬᠣᠧᠨ ᠠᠶᠣᠬᠣ ᠳᠠᠭᠠᠨ ᠪᠣᠯᠣᠩ ᠣᠷᠣᠭᠣ ᠣᠬᠣᠷᠢᠨᠠ᠃ ᠰᠣᠯᠢᠷ ᠣᠯᠠᠮ ᠲᠠᠪᠰᠢᠭᠣᠷᠠᠵᠣ᠂ ᠬᠣᠷᠮᠣᠢ ᠬᠣᠰᠢ ᠡᠴᠡ ᠨᠢ ᠪᠠᠷᠢᠯᠠᠨ ᠲᠠᠳᠠᠯᠠᠵᠣ᠄
᠊᠊᠊᠊᠊᠊᠊᠊᠊᠊᠊᠊᠊᠊᠊ ᠬᠠᠭᠠᠨ ᠤ ᠴᠡᠷᠢᠭ᠌ ᠢ ᠲᠠᠭᠠᠪᠠᠯ ᠨᠠᠰᠣ ᠪᠠᠷ ᠶᠢᠠᠨ ᠵᠢᠷᠭᠠᠨ᠎ᠠ ᠰᠢᠤ ᠬᠡᠵᠦ ᠮᠠᠷᠰᠠᠭᠠᠨᠠᠨ ᠢᠨᠢᠶᠠᠵᠣ᠂ ᠬᠠᠴᠠᠷ ᠨᠢᠭᠣᠷ ᠢ ᠨᠢ ᠲᠡᠮᠳᠡᠷᠢᠬᠥ ᠪᠠᠷ ᠣᠷᠣᠯᠳᠣᠨ᠎ᠠ᠃ ᠺᠠᠢ ᠬᠣᠧᠨ ᠶᠢᠨ ᠲᠣᠳᠣᠷ᠎ᠠ ᠠᠶᠣᠵᠣ ᠢᠴᠢᠬᠥ ᠬᠣᠣᠰᠯᠠᠨ ᠨᠢᠭᠣᠷ ᠶᠢᠠᠨ ᠪᠣᠷᠣᠭᠣᠯᠠᠭᠰᠠᠭᠠᠷ ᠭᠠᠳᠠᠭᠰᠢ ᠲᠣᠳᠠᠭᠠᠳᠠᠯᠠ ᠬᠣᠶᠠᠷ ᠲᠡᠬᠡᠷᠡᠮ ᠲᠣᠮᠳᠠ ᠪᠠᠨ ᠬᠠᠰᠢᠵᠣ ᠠᠪᠣᠯ᠎ᠠ᠃ ᠡᠬᠡ ᠶᠢᠨ ᠶᠢᠠᠨ ᠬᠠᠰᠬᠢᠷᠬᠣ ᠲᠠᠭᠣ ᠶᠢ ᠰᠣᠨᠣᠰᠣᠭᠠᠳ ᠭᠠᠶᠠ ᠭᠠᠳᠠᠨ᠎ᠠ ᠡᠴᠠ ᠬᠦᠶᠥᠨ ᠣᠷᠣᠵᠣ ᠢᠷᠡᠬᠡᠥᠨ᠄
᠊᠊᠊᠊᠊᠊᠊᠊᠊᠊᠊᠊᠊᠊᠊ ᠡᠮᠧ ᠡ︕ ᠬᠡᠵᠦ ᠪᠠᠷᠬᠢᠷᠠᠨ ᠨᠥᠷᠢᠨ ᠢᠷᠡᠬᠥ ᠳᠤ ᠰᠠᠬᠠᠯᠳᠣ ᠲᠡᠬᠡᠷᠡᠮ ᠫᠣᠤ ᠶᠢᠨ ᠲᠣᠬᠣ ᠪᠠᠷ ᠶᠢᠠᠨ ᠠᠷᠤ ᠡᠴᠡ ᠨᠢ ᠨᠦᠳᠥᠭᠰᠡᠨ ᠳᠤ ᠭᠠᠶᠠ ᠶᠢᠨ ᠰᠢᠨ᠎ᠠ ᠣᠨᠣᠭᠳᠠᠵᠣ᠂ ᠬᠡᠲᠦ ᠰᠡᠯᠳᠥᠷᠬᠢᠯᠡᠬᠡᠥᠨ ᠮᠡᠳᠡᠬᠡ ᠰᠡᠬᠡᠬᠡ ᠦᠭᠡᠶ ᠰᠠᠪᠠᠵᠣ ᠣᠨᠠᠪᠠ᠃ ᠡᠨᠠ ᠬᠣᠭᠣᠷᠣᠠᠳᠣ ᠰᠣᠯᠢᠷ᠂ ᠺᠠᠢ ᠬᠣᠧᠨ ᠶᠢᠨ ᠲᠣᠮᠳᠠᠭᠣᠷ ᠲᠠᠪᠠᠷᠢᠨ ᠮᠣᠷᠢ ᠦᠬᠡᠳᠡ ᠪᠠᠨ ᠠᠪᠴᠣ ᠶᠠᠪᠣᠯ᠎ᠠ᠃
ᠬᠣᠶᠠᠷ ᠲᠡᠬᠡᠷᠡᠮ᠂ ᠺᠠᠢ ᠬᠣᠧᠨ ᠶᠢ ᠠᠪᠴᠣ ᠬᠡᠳᠥᠨ ᠠᠭᠣᠯᠠ ᠶᠢᠨ ᠬᠢᠷ᠎ᠠ ᠲᠠᠮᠵᠢᠨ ᠵᠤᠭᠰᠣᠯ ᠦᠭᠡᠶ ᠲᠣᠪᠳᠣᠯᠣᠭᠰᠠᠭᠠᠷ ᠨᠢᠬᠡᠨ ᠬᠠᠢ᠌ᠯᠠᠰᠣᠳᠠᠢ ᠡᠩᠬᠡᠷ ᠬᠦᠷᠴᠦ ᠢᠷᠠᠪᠠ᠃ ᠰᠣᠯᠢᠷ ᠤᠨ ᠣᠨᠣᠭᠰᠠᠨ ᠰᠠᠭᠠᠷᠠᠯ ᠮᠣᠷᠢ ᠨᠢ ᠬᠣᠯᠠ ᠵᠠᠮ ᠬᠦᠬᠡᠬᠡᠭ᠍ᠰᠡᠨ ᠪᠠ ᠦᠨᠦ ᠬᠣᠶᠠᠷ ᠬᠦᠮᠥᠨ ᠰᠣᠠᠳᠠᠯᠠᠭᠰᠠᠨ ᠡᠴᠡ ᠬᠠᠮᠠᠷ ᠨᠢ ᠰᠠᠷᠳᠠᠯᠵᠠᠨ ᠶᠠᠪᠣᠵᠣ ᠲᠡᠢ᠌ᠯᠬᠥ ᠦᠭᠡᠶ ᠫᠦᠯᠡᠷᠡᠨ ᠵᠤᠭᠰᠣᠪᠠ᠃ ᠨᠠᠮᠣᠷ ᠤᠨ ᠮᠥᠯᠠᠢ᠌ᠮᠡ ᠲᠠᠷᠭᠣᠨ ᠮᠣᠷᠢ ᠡᠯᠳᠡᠬᠥ ᠶᠢ ᠲᠠᠭᠠᠭᠠᠭᠰᠠᠨ ᠦᠭᠡᠶ ᠪᠣᠷᠰᠣᠴᠢᠬᠠᠭᠰᠠᠨ ᠪᠠᠢ᠌ᠯ᠎ᠠ᠃ ᠰᠣᠯᠢᠷ᠂ ᠠᠷᠠᠰᠣᠨ ᠭᠣᠳᠣᠯ ᠤᠨ ᠪᠣᠷᠪᠢ ᠪᠠᠷ ᠬᠡᠳᠡᠰᠤ ᠣᠷᠣᠭᠣ ᠨᠢ ᠢᠰᠬᠥᠯᠵᠦ᠂ ᠰᠠᠯᠠᠮ᠎ᠠ ᠶᠢᠨ ᠬᠣᠢ ᠪᠠᠷ ᠲᠠᠰᠢᠶᠠᠨ ᠲᠡᠬᠡᠷ᠎ᠡ ᠨᠢ ᠴᠣᠬᠢᠭᠰᠠᠨ ᠴᠤ ᠲᠠᠷᠠ ᠮᠣᠷᠢ ᠨᠢᠬᠡ ᠠᠯᠬᠤᠮ ᠴᠤ ᠶᠠᠪᠣᠵᠣ ᠲ᠋ᠡᠢ᠌ᠯᠥᠭᠰᠡᠨ ᠦᠭᠡᠶ᠂ ᠪᠠᠶ᠎ᠠ ᠨᠢ ᠴᠠᠴᠠᠷᠬᠢᠯᠠᠵᠣ ᠪᠠᠢ᠌ᠭᠰᠠᠨ ᠶᠢᠠᠨ ᠬᠠᠮᠠᠷ ᠡᠴᠡ ᠨᠢ ᠬᠠᠷ᠎ᠠ ᠴᠢᠰᠤ ᠪᠣᠷᠬᠢᠨ ᠭᠠᠷᠴᠣ ᠲᠠᠷᠠᠢ᠌ᠨ ᠣᠨᠠᠪᠠ᠃ ᠶᠠᠪᠠᠭᠠᠷᠠᠭᠰᠠᠨ ᠰᠣᠯᠢᠷ ᠶᠠᠭᠠᠬᠢᠬᠣ ᠪᠠᠨ ᠣᠯᠬᠣ ᠦᠭᠡᠶ ᠦᠯᠢᠯᠵᠡᠵᠦ ᠪᠠᠢ᠌ᠭᠰᠠᠨ ᠶᠢᠠᠨ ᠲᠡᠷᠳᠡᠬᠡ ᠪᠣᠷᠭᠠᠰᠣᠨ ᠲᠣᠮᠳᠠᠬᠢ ᠨᠠᠷᠢᠨ ᠭᠣᠣᠯ ᠳᠤ ᠠᠵᠢᠷᠭ᠎ᠠ ᠠᠳᠣᠭᠣ ᠵᠤᠭᠰᠣᠵᠣ ᠪᠠᠢ᠌ᠬᠣ ᠶᠢ ᠣᠯᠵᠣ ᠦᠵᠡᠪᠡ᠃ ᠲᠡᠬᠡᠬᠡᠥᠨ ᠰᠠᠭᠠᠷᠠᠯ ᠮᠣᠷᠢᠨ ᠤ ᠨᠣᠭᠳᠣ ᠶᠢ ᠮᠣᠯᠳᠣᠯᠵᠣ᠂ ᠮᠣᠷᠢ ᠪᠠᠷᠢᠬᠤ ᠪᠠᠷ ᠦᠯᠣᠩ ᠡᠪᠠᠰᠣᠨ ᠳᠤ ᠲᠣᠷᠴᠣ ᠪᠦᠲᠦᠴᠢᠨ ᠭᠣᠣᠯ ᠣᠷᠣᠭᠣ ᠬᠦᠶᠥᠵᠦ ᠶᠠᠪᠣᠯ᠎ᠠ᠃
ᠰᠠᠬᠠᠯᠳᠣ ᠨᠠᠷᠠᠨ᠂ ᠺᠠᠢ ᠬᠣᠧᠨ ᠶᠢ ᠮᠣᠳᠣᠨ ᠰᠡᠬᠥᠳᠡᠷ ᠠᠪᠠᠴᠢᠬᠤ ᠪᠠᠷ ᠣᠷᠣᠯᠳᠣᠨ᠎ᠠ᠃ ᠺᠠᠢ ᠬᠣᠧᠨ᠂ ᠰᠠᠬᠠᠯᠳᠣ ᠶᠢᠨ ᠨᠢᠭᠣᠷ ᠦᠬᠡᠳᠡ ᠨᠣᠯᠮᠣᠬᠣ ᠳᠤ ᠨᠠᠷᠠᠨ ᠴᠡᠷᠢᠭ᠌ ᠬᠠᠷᠢᠨ ᠮᠠᠷᠰᠠᠭᠠᠨᠠᠨ ᠢᠨᠢᠶᠠᠵᠣ᠂ ᠪᠡᠯᠬᠡᠬᠥᠰᠦ ᠪᠠᠷ ᠨᠢ ᠲᠠᠪᠠᠷᠢᠨ ᠨᠢᠭᠣᠷ ᠨᠢᠳᠣ ᠦᠭᠡᠶ ᠦᠨᠥᠰᠬᠥ ᠳᠤ ᠺᠠᠢ ᠬᠣᠧᠨ ᠣᠷᠢᠯᠠᠨ ᠲᠠᠯᠴᠢᠯᠠᠨᠠ᠃ ᠡᠨᠠ ᠬᠠᠰᠬᠢᠷᠣᠯᠳᠠ ᠳᠤ ᠨᠠᠮᠣᠷ ᠤᠨ ᠬᠠᠯᠠᠭᠣᠨ ᠨᠠᠷᠠᠨ ᠳᠤ ᠡᠪᠠᠰᠣᠨ ᠨᠠᠮᠠᠭᠠᠨ ᠲᠡᠬᠡᠷ᠎ᠡ ᠵᠢᠷᠬᠢᠵᠣ ᠪᠠᠢ᠌ᠭᠰᠠᠨ ᠭᠣᠯᠢᠶ᠎ᠠ᠂ ᠴᠠᠷᠴᠠᠬᠠᠢ ᠬᠦᠷᠳᠡᠯ᠎ᠡ ᠰᠣᠴᠢᠵᠣ ᠲᠠᠭᠣ ᠪᠠᠨ ᠬᠣᠷᠢᠶᠠᠬᠣ ᠳᠤ ᠡᠷᠬᠢᠨ ᠲᠣᠭᠣᠷᠢᠨ ᠣᠯᠠᠮ ᠨᠠᠮ ᠶ᠋ᠢᠮ ᠪᠣᠯᠵᠣ᠂ ᠠᠢ᠌ᠳᠠᠰ ᠬᠦᠷᠥᠮᠡ ᠡᠯᠠᠢ ᠬᠣᠯᠠᠢ ᠪᠣᠯᠣᠭᠰᠠᠨ ᠪᠠᠢ᠌ᠯ᠎ᠠ᠃ ᠺᠠᠢ ᠬᠣᠧᠨ ᠶᠠᠭᠠᠬᠢᠵᠣ ᠣᠷᠢᠯᠠᠵᠣ ᠲᠡᠯᠴᠢᠯᠡᠭ᠍ᠰᠡᠨ ᠴᠤ ᠲᠡᠬᠡᠷᠡᠮ ᠤᠨ ᠬᠠᠷ᠎ᠠ ᠰᠠᠪᠠᠷ ᠡᠴᠡ ᠮᠣᠯᠳᠣᠷᠠᠬᠣ ᠳᠤ ᠪᠡᠷᠬᠡ ᠪᠣᠯᠵᠣ᠂ ᠬᠣᠪᠴᠠᠰᠣ ᠨᠢ ᠬᠠᠤ ᠲᠠᠳᠠᠭᠳᠠᠪᠠ᠃ ᠬᠦᠳᠡᠬᠡ ᠭᠠᠳᠠᠭ᠎ᠠ ᠣᠯᠠᠨ ᠬᠣᠨᠣᠭ ᠲᠡᠨᠥᠭᠰᠡᠨ ᠲᠡᠬᠡᠷᠡᠮ᠂ ᠡᠮᠡᠭ᠍ᠳᠡᠢ ᠬᠦᠮᠥᠨ ᠤ ᠨᠢᠴᠥᠬᠥᠨ ᠴᠠᠭᠠᠨ ᠪᠠᠶ᠎ᠠ ᠶᠢ ᠦᠵᠡᠬᠡᠥᠨ ᠨᠢᠬᠡᠮᠥᠰᠥᠨ ᠣᠯᠠᠢ᠌ᠷᠠᠵᠣ᠂ ᠣᠷᠣᠭᠰᠠᠨ ᠪᠣᠣᠷ᠎ᠠ ᠰᠢᠭ ᠨᠢᠭᠣᠷ ᠨᠢᠳᠣ ᠦᠭᠡᠶ ᠢᠪ ᠲᠠᠷᠣᠨ ᠪᠠᠭᠣᠯ᠎ᠠ ᠁ ᠬᠡᠨᠡᠳᠳᠡ 《ᠡᠨ︕》 ᠬᠡᠬᠥ ᠮᠠᠭᠣᠬᠠᠢ ᠲᠠᠭᠣᠨ ᠭᠠᠷᠴᠣ᠂ ᠲᠠᠴᠢᠶᠠᠯ ᠤᠨ ᠭᠠᠯ ᠳᠠᠭᠠᠨ ᠰᠢᠳᠠᠵᠣ ᠪᠠᠢ᠌ᠭᠰᠠᠨ ᠰᠠᠬᠠᠯᠳᠣ ᠲᠡᠬᠡᠷᠡᠮ᠂ ᠫᠦᠷᠱ ᠲᠡᠶ ᠶᠣᠮ ᠰᠢᠭ ᠭᠣᠰ ᠦᠰᠥᠷᠥᠨ ᠪᠣᠰᠪᠠ᠃ ᠵᠠᠬᠥᠨ ᠴᠢᠬᠢ ᠪᠠᠨ ᠪᠠᠷᠢᠭᠰᠠᠨ ᠭᠠᠷ ᠤᠨ ᠰᠠᠯᠠᠭ᠎ᠠ ᠪᠠᠷ ᠨᠢ ᠬᠦᠷᠠᠩ ᠣᠯᠠᠭᠠᠨ ᠴᠢᠰᠤ ᠰᠠᠳᠠᠭᠠᠨᠠᠨ ᠣᠷᠣᠰᠣᠨ᠎ᠠ᠃ ᠦᠷᠣᠬᠡᠰᠥᠨ ᠴᠢᠬᠢ ᠨᠢ ᠺᠠᠢ ᠬᠣᠧᠠ ᠶᠢᠨ ᠠᠮᠠᠨ ᠳᠤ ᠦᠯᠠᠳᠡᠭ᠍ᠰᠡᠨ ᠳᠤ 《ᠲᠦᠢ》 ᠬᠡᠳᠡᠯ᠎ᠡ ᠬᠦᠴᠥᠳᠡᠢ ᠨᠣᠯᠮᠣᠵᠣ ᠶᠠᠪᠣᠭᠣᠯᠬᠣ ᠳᠤ ᠶᠠᠭ ᠰᠠᠢ᠌ᠬᠠᠨ ᠰᠬᠠᠯᠳᠣ ᠶᠢᠨ ᠦᠯᠮᠡᠢ ᠲᠡᠬᠡᠷ᠎ᠡ ᠲᠣᠰᠪᠠ᠃ ᠴᠢᠰᠤ ᠪᠠᠨ ᠦᠵᠡᠭ᠍ᠰᠡᠨ ᠰᠠᠬᠠᠯᠳᠣ ᠲᠡᠬᠡᠷᠡᠮ ᠵᠢᠪᠠᠨ ᠬᠦᠬᠡ ᠴᠢᠷᠠᠢ᠌ᠯᠠᠵᠣ᠂ ᠰᠠᠯᠠᠮ᠎ᠠ ᠪᠠᠨ ᠰᠣᠭᠣᠯᠣᠨ ᠠᠪᠬᠣ ᠳᠤ ᠬᠣᠷᠴᠠ ᠢᠷ ᠨᠢ ᠨᠠᠷᠠᠨ ᠳᠤ ᠬᠢᠯᠠᠰᠴᠣ ᠵᠢᠬᠡᠬᠥᠨ ᠬᠡᠷᠡᠯ ᠤᠢ᠌ᠯᠠᠭᠣᠯᠣᠨᠠ᠃ ᠺᠠᠢ ᠬᠣᠧᠨ ᠣᠷᠠᠭᠳᠠᠵᠣ ᠨᠠᠪᠳᠠᠷᠠᠭᠰᠠᠨ ᠬᠣᠪᠴᠠᠰᠣ ᠪᠠᠷ ᠨᠢᠴᠥᠬᠥᠨ ᠪᠠᠶ᠎ᠠ ᠪᠠᠨ ᠬᠠᠯᠬᠠᠯᠠᠵᠣ ᠦᠨᠳᠡᠢ᠌ᠨ ᠪᠣᠰᠪᠠ᠃ ᠲᠡᠬᠥᠨ ᠤ ᠨᠢᠳᠣᠨ ᠡᠴᠡ ᠠᠶᠣᠵᠣ ᠰᠣᠴᠢᠭᠰᠠᠨ ᠪᠢᠰᠢ ᠬᠠᠷᠢᠨ ᠬᠣᠷᠣᠰᠣᠯ ᠵᠢᠪᠡᠬᠥᠴᠡᠯ ᠤᠨ ᠣᠴᠢ ᠣᠴᠢᠯᠠᠨ᠂ ᠰᠠᠬᠠᠯᠳᠣ ᠲᠡᠬᠡᠷᠡᠮ ᠤᠨ ᠬᠦᠳᠡᠯᠬᠡᠬᠡᠨ ᠪᠦᠷᠢ ᠶᠢ ᠴᠣᠷᠬᠢᠳᠠᠯᠠ ᠰᠢᠷᠳᠠᠵᠣ ᠪᠠᠢ᠌ᠯ᠎ᠠ᠃ ᠰᠠᠬᠠᠯᠳᠣ ᠲᠡᠬᠡᠷᠡᠮ ᠠᠷᠠᠭ᠎ᠠ ᠰᠢᠳᠣ ᠪᠠᠨ ᠬᠠᠪᠢᠷᠴᠣ᠂ ᠬᠣᠷᠴᠠ ᠰᠠᠯᠠᠮ᠎ᠠ ᠪᠠᠨ ᠲᠡᠬᠡᠷ᠎ᠡ ᠲᠠᠯᠠᠢ᠌ᠨ ᠺᠠᠢ ᠬᠣᠧᠨ ᠶᠢᠨ ᠦᠬᠡᠳᠡ ᠡᠴᠡ ᠨᠥᠷᠢᠨ ᠢᠷᠠᠪᠠ᠁
ᠲᠠᠷᠪᠠ ᠵᠠᠯᠠᠨ ᠤ ᠬᠥᠭ᠍ᠰᠢᠨ ᠵᠠᠯᠠᠭᠣ ᠦᠭᠡᠶ ᠪᠦᠬᠥᠨ ᠢᠶᠡᠷ ᠶᠢᠠᠨ ᠬᠦᠳᠡᠯᠥᠯᠴᠡᠵᠦ᠂ ᠬᠡᠳᠥᠨ ᠡᠳᠣᠷ ᠡᠷᠢᠯ ᠲᠠᠯᠪᠢᠭᠠᠳ ᠰᠢᠷᠭᠠᠯ ᠤᠨ ᠪᠣᠷᠭᠠᠰᠣ ᠶᠢ ᠬᠡᠲᠦᠠᠳᠡ ᠱᠦᠬᠥᠭ᠍ᠰᠡᠨ ᠪᠣᠯᠪᠠᠴᠣ ᠪᠠᠭ᠎ᠠ ᠬᠠᠳᠣᠨ ᠪᠠ ᠭᠠᠶᠠ ᠶᠢᠨ ᠪᠠᠷ᠎ᠠ ᠶᠢ ᠣᠯᠵᠣ ᠬᠠᠷᠠᠭᠰᠠᠨ ᠦᠭᠡᠶ᠃ ᠵᠠᠯᠠᠨ ᠰᠠᠠᠳᠣᠷᠴᠣ ᠵᠠᠷᠣᠴᠠ ᠨᠡᠷ ᠶᠢᠠᠨ ᠲᠠᠭᠠᠭᠣᠯᠣᠨ ᠪᠠᠶᠠᠠᠴᠠᠭᠠᠨ ᠤ ᠡᠩᠬᠡᠷ ᠲᠠᠬᠢ ᠰᠠᠭᠣᠷᠢᠰᠢᠯ ᠲᠡᠬᠡᠷ᠎ᠡ ᠪᠠᠨ ᠢᠷᠠᠪᠠ᠃ ᠢᠩ ᠤᠨ ᠬᠡᠷ ᠤᠨ ᠡᠬᠥᠳᠡᠨ ᠳᠤ ᠪᠦᠲᠦᠬᠥᠨ ᠬᠠᠷ᠎ᠠ ᠦᠬᠡᠷ ᠢᠳᠠᠰᠢᠯᠠᠵᠣ ᠪᠠᠢ᠌ᠬᠣ ᠡᠴᠡ ᠪᠣᠰᠣᠳ ᠬᠦᠮᠥᠨ ᠠᠮᠢᠳᠠᠨ ᠤ ᠪᠠᠷ᠎ᠠ ᠦᠭᠡᠶ᠃ ᠬᠡᠷ ᠲ᠋ᠤ ᠣᠷᠣᠵᠣ ᠦᠵᠡᠪᠡᠯ ᠭᠠᠶᠠ ᠱᠠᠯᠠ ᠲᠣᠮᠳᠠ ᠠᠮᠢ ᠲᠡᠶ ᠠᠮᠢ ᠦᠭᠡᠶ ᠲᠠᠷᠠᠢ᠌ᠨ ᠬᠡᠪᠳᠡᠨ᠎ᠡ᠃ ᠺᠠᠢ ᠬᠣᠧᠨ ᠠᠯᠠᠭ᠎ᠠ ᠪᠠᠢ᠌ᠯ᠎ᠠ᠃
᠊᠊᠊᠊᠊᠊᠊᠊᠊᠊᠊᠊᠊᠊᠊ ᠭᠠᠶᠠ︕
᠊᠊᠊᠊᠊᠊᠊᠊᠊᠊᠊᠊᠊᠊᠊ ᠭᠠᠶᠠ︕
ᠲᠠᠯ᠎ᠠ ᠲᠠᠯ᠎ᠠ ᠡᠴᠡ ᠨᠢ ᠲᠠᠭᠣᠳᠠᠪᠠᠴᠣ ᠬᠠᠷᠢᠭᠣ ᠦᠭᠡᠶ᠃ ᠵᠠᠯᠠᠨ ᠬᠦᠤ ᠪᠠᠨ ᠲᠠᠪᠠᠷᠢᠨ ᠠᠪᠴᠣ ᠬᠠᠠᠵᠣᠨ ᠲᠡᠬᠡᠷ᠎ᠡ ᠭᠠᠷᠭᠠᠪᠠ᠃ ᠰᠢᠨ᠎ᠠ ᠡᠴᠡ ᠨᠢ ᠭᠠᠷᠣᠭᠰᠠᠨ ᠴᠢᠰᠤ ᠨᠢ ᠦᠰᠤ᠂ ᠵᠠᠭᠠᠮ᠎ᠠ ᠲᠡᠶ ᠨᠢ ᠪᠠᠷᠢᠯᠳᠣᠵᠣ᠂ ᠬᠦᠬᠡ ᠨᠦᠵᠢ ᠪᠣᠯᠣᠨ ᠬᠠᠳᠠᠭᠰᠠᠨ ᠪᠠᠢ᠌ᠪᠠ᠃ ᠬᠡᠷ ᠲ᠋ᠤ ᠪᠠᠢ᠌ᠭᠰᠠᠨ ᠲᠣᠭᠣᠭ᠎ᠠ ᠲᠣᠯᠭ᠎ᠠ ᠡ᠊ᠠᠳᠠ ᠲᠠᠠᠳᠠ ᠬᠦᠭ᠍ᠯᠡᠷᠠᠵᠦ᠂ ᠡᠬᠥᠳᠡ ᠬᠠᠪᠢᠯᠠᠭᠳᠠᠨ ᠰᠠᠯᠪᠠᠷᠠᠭᠰᠠᠨ ᠡᠴᠡ ᠦᠵᠡᠬᠥ ᠳᠤ ᠡ᠊ᠠᠳᠠ ᠠᠪᠣᠯᠴᠠᠭᠠᠨ ᠨᠣᠴᠣᠯᠳᠣᠭᠠᠨ ᠪᠣᠯᠣᠭᠰᠠᠨ ᠨᠢ ᠢᠯᠡᠷᠬᠡᠢ᠃ ᠬᠠᠳᠠᠪᠴᠢ ᠶᠢᠨ ᠲᠠᠠᠳᠠ ᠺᠠᠢ ᠬᠣᠧᠨ ᠶᠢᠨ ᠦᠷᠣᠬᠡᠰᠥᠨ ᠱᠠᠬᠠᠢ ᠪᠠᠢ᠌ᠯ᠎ᠠ᠃
ᠭᠠᠶᠠ ᠶᠢᠨ ᠲᠣᠳᠣᠷ᠎ᠠ ᠡᠬᠡᠳᠡᠢ ᠪᠣᠣᠳᠠᠢ᠃ ᠶᠠᠭ ᠯᠠ ᠡᠬᠥᠯᠡ ᠬᠦᠯᠦᠭᠯᠡᠨ ᠨᠢᠰᠴᠣ ᠪᠠᠢ᠌ᠭ᠎ᠠ ᠰᠢᠭ᠂ ᠣᠰᠣᠨ ᠤ ᠲᠣᠯᠬᠢᠶᠠᠨ ᠢ ᠲᠠᠭᠠᠭᠠᠳ ᠠᠯᠭᠣᠷ ᠬᠦᠪᠥᠵᠦ ᠪᠠᠢ᠌ᠭ᠎ᠠ ᠰᠢᠭ ᠰᠠᠨᠠᠭᠳᠠᠨ᠎ᠠ᠃ ᠲᠠᠷᠠ ᠣᠰᠣ ᠴᠢᠳᠠᠳᠠᠭ ᠦᠭᠡᠶ ᠰᠠᠨ︕ ᠨᠢᠬᠡ ᠣᠳᠠᠭ᠎ᠠ ᠨᠣᠬᠠᠳᠠᠢ᠂ ᠨᠣᠬᠠᠢ ᠶᠢᠨ ᠣᠮᠪᠠᠳᠠᠯ ᠵᠢᠭᠠᠵᠣ ᠦᠭ᠍ᠬᠥᠢ᠎ᠡ ᠬᠡᠪᠡ᠃ ᠲᠡᠬᠡᠬᠡᠥᠨ ᠶᠠᠭᠠᠬᠢᠯ᠎ᠠ︖ ᠠᠮᠨ ᠬᠠᠮᠠᠷ ᠢᠶᠡᠷ ᠶᠢᠠᠨ ᠣᠰᠣ ᠵᠠᠯᠬᠢᠵᠣ ᠴᠢᠴᠠᠵᠣ ᠦᠬᠥᠬᠥ ᠰᠢᠬᠠᠭᠰᠠᠨ᠃ ᠲᠡᠬᠥᠨ ᠡᠴᠡ ᠯᠠ ᠠᠪᠣᠭᠠᠳ ᠲᠠᠷᠠ ᠬᠦᠨ ᠣᠰᠣᠨ ᠳᠤ ᠣᠷᠣᠬᠣ ᠡᠴᠡ ᠦᠬᠥᠨ ᠰᠢᠷᠬᠢᠢᠬᠦ ᠪᠣᠯᠣᠭᠰᠠᠨ ᠁ ᠲᠠᠷᠠ ᠬᠦᠪᠥᠨ ᠲ᠋ᠡᠭ᠍ᠳᠡᠭ᠍ᠰᠠᠬᠡᠷ᠃ ᠬᠦᠨ ᠴᠠᠩᠬᠡᠷ ᠣᠭᠳᠠᠷᠭᠣᠢ᠂ ᠦᠷᠬᠥᠯᠵᠢᠯᠡᠭ᠍ᠰᠡᠨ ᠠᠭᠣᠯᠠ ᠨᠢᠷᠣᠭᠣ᠂ ᠬᠦᠪᠡᠬᠡ ᠬᠢᠵᠠᠭᠠᠷ ᠦᠭᠡᠶ ᠲᠠᠯ᠎ᠠ᠃ ᠲᠠᠯ᠎ᠠ ᠲᠣᠮᠳᠠ ᠡᠬᠡ ᠨᠢ ᠬᠣᠩᠭ᠋ᠤ ᠡᠪᠠᠷᠳᠠᠢ ᠪᠦᠲᠦᠬᠥᠨ ᠬᠠᠷ᠎ᠠ ᠦᠬᠡᠷ ᠶᠢᠠᠨ ᠰᠢᠪᠠᠳᠠᠨ᠂ ᠲᠡᠭ᠍ᠷᠢ ᠶᠢᠨ ᠬᠢᠵᠠᠭᠠᠷ ᠢ ᠵᠤᠷᠢᠭᠰᠠᠨ ᠰᠢᠷ᠎ᠠ ᠵᠠᠮ ᠶ᠋ᠢᠠᠷ ᠵᠢᠣᠠᠬᠥᠬᠥᠯᠦᠨᠠ᠃ ᠦᠬᠡᠳᠡ ᠡᠴᠡ ᠨᠢ ᠪᠠᠰᠠ ᠨᠢᠬᠡ ᠬᠦᠮᠥᠨ ᠢᠷᠠᠯ᠎ᠠ᠃ ᠣᠯᠠᠭᠠᠨ ᠲᠣᠷᠳᠣᠩ ᠠᠯᠴᠢᠭᠣᠷ ᠪᠣᠭᠣᠭᠰᠠᠨ ᠲᠠᠷᠠ ᠬᠦᠮᠥᠨ ᠠᠮᠠᠨ ᠳᠠᠭᠠᠨ ᠲᠠᠭᠣᠤ ᠠᠶᠠᠯᠠᠭᠣᠯᠠᠴᠢᠬᠠᠭᠰᠠᠨ᠂ ᠭᠠᠷ ᠲᠠᠭᠠᠨ ᠥᠩᠬᠡ ᠪᠦᠷᠢ ᠶᠢᠨ ᠲᠠᠯ᠎ᠠ ᠶᠢᠨ ᠴᠡᠴᠡᠭ ᠢ ᠪᠠᠷᠢᠵᠣ ᠦᠬᠡ ᠲᠠᠭᠣ ᠦᠭᠡᠶ ᠵᠦᠷᠢᠬᠡᠥᠨ ᠭᠠᠷᠴᠢᠬᠠᠯ᠎ᠠ᠃ ᠬᠡᠨ ᠪᠣᠯᠴᠢᠬᠠᠪᠠ︖ ᠣ᠂ ᠨᠢᠴᠢᠭ᠍ᠮ᠎ᠡ᠃ ᠲᠠᠷᠠ ᠬᠠᠮᠢᠭ᠎ᠠ ᠣᠴᠢᠬᠤ ᠪᠣᠯ︖ ᠲᠠᠷᠠ᠂ ᠨᠢᠴᠢᠭ᠍ᠮ᠎ᠡ ᠶ᠋ᠢᠨ ᠬᠤᠢ᠌ᠨ᠎ᠠ ᠡᠴᠡ ᠨᠢᠬᠡ ᠪᠠᠷᠬᠢᠷᠠᠭᠠᠳ ᠰᠣᠨᠣᠰᠬᠣ ᠴᠤ ᠦᠭᠡᠶ ᠪᠤᠯᠬᠤᠷ ᠣᠷᠪᠠᠵᠣ ᠬᠠᠠᠳᠣᠭᠠᠳ ᠦᠬᠡᠷ ᠲᠡᠷᠬᠡᠨ ᠤ ᠬᠤᠢ᠌ᠨ᠎ᠠ ᠡᠴᠡ ᠨᠡᠬᠡᠪᠡ᠃ ᠨᠠᠮᠢ᠋ᠢ ᠬᠦᠯᠢᠶᠡᠬᠡᠴᠢ︕ ᠡᠬᠡ ᠨᠢ ᠰᠣᠨᠣᠰᠬᠣ ᠮᠠᠶᠢᠭ ᠦᠭᠡᠶ᠂ ᠡᠷᠬᠢᠵᠣ ᠴᠤ ᠬᠠᠷᠠᠭᠰᠠᠨ ᠦᠭᠡᠶ ᠵᠤᠭᠰᠣᠯ ᠦᠭᠡᠶ ᠶᠠᠪᠣᠨ᠎ᠠ᠃ ᠬᠠᠷ᠎ᠠ ᠦᠬᠡᠷ ᠤᠨ ᠠᠯᠬᠣᠳᠠᠯ ᠣᠯᠠᠮ ᠲᠥᠷᠬᠡᠨ ᠪᠣᠯᠵᠣ᠂ ᠲᠡᠷᠬᠡᠨ ᠪᠣᠯᠣ ᠡᠪᠠᠰᠣᠨ ᠨᠠᠮᠠᠭᠠᠨ ᠲᠡᠬᠡᠬᠥᠷ ᠡᠷᠬᠢᠯᠳᠣᠨ᠎ᠠ᠃
᠊᠊᠊᠊᠊᠊᠊᠊᠊᠊᠊᠊᠊᠊᠊ ᠪᠦᠤ ᠢᠷ᠎ᠠ ᠡ᠂ ᠬᠦᠤ ᠮᠢᠨᠢ᠂ ᠲᠥᠷᠬᠡᠨ ᠪᠣᠴᠠ︕ ᠡᠬᠡ ᠨᠢ ᠶᠠᠪᠣᠬᠣ ᠲᠣᠳᠣᠮ ᠬᠣᠯᠠᠳᠴᠣ ᠡᠴᠣᠰ ᠲᠡᠭᠡᠨ ᠲᠡᠬᠥᠨ ᠢ ᠬᠠᠶᠠᠭᠠᠳ ᠶᠠᠪᠣᠴᠢᠬᠠᠯ᠎ᠠ᠃ ᠲᠠᠷᠠ᠂ ᠲᠠᠯ᠎ᠠ ᠲᠣᠮᠳᠠ ᠰᠠᠭᠣᠭᠠᠳ ᠣᠬᠢᠯᠠᠪᠠ᠃ ᠪᠠᠰᠠ ᠨᠢᠬᠡ ᠬᠦᠮᠥᠨ ᠨᠡᠷ᠎ᠡ ᠪᠠᠷ ᠨᠢ ᠲᠠᠭᠣᠳᠠᠵᠣ ᠪᠠᠢ᠌ᠨ᠎ᠠ᠃ ᠬᠦᠩᠬᠢᠨᠡᠮ᠎ᠡ ᠪᠦᠲᠦᠬᠥᠨ ᠬᠣᠭᠣᠯᠠᠢ᠃ ᠲᠠᠷᠠ ᠨᠢ ᠡᠴᠢᠬᠡ ᠶᠢᠨ ᠬᠢᠨᠢ ᠲᠠᠭᠣ ᠪᠣᠯᠬᠣ ᠶᠢ ᠲᠠᠷᠠ ᠮᠠᠳᠠᠯ᠎ᠠ᠃ ᠬᠡᠪᠡᠴᠦ ᠡᠴᠢᠬᠡ ᠨᠢ ᠪᠠᠷ᠎ᠠ ᠦᠭᠡᠶ᠃ ᠡᠷᠬᠢᠨ ᠲᠣᠭᠣᠷᠢᠨ ᠬᠢᠵᠠᠭᠠᠷ ᠦᠭᠡᠶ ᠦᠷᠬᠥᠯᠵᠢᠯᠡᠭ᠍ᠰᠡᠨ ᠲᠠᠯ᠎ᠠ᠂ ᠡ᠊ᠩ ᠦᠭᠡᠶ ᠨᠡᠯᠦᠢ᠌ᠭ᠍ᠰᠡᠨ ᠪᠣᠷᠭᠠᠰᠣ᠁ ᠱᠣᠣᠬᠢᠨ᠎ᠠ᠃ ᠴᠢᠬᠢ ᠨᠢ ᠱᠣᠣᠬᠢᠵᠣ ᠲᠣᠯᠣᠭᠠᠢ ᠶᠢ ᠨᠢ ᠬᠦᠠᠲᠦ ᠴᠢᠯᠠᠭᠣ ᠪᠠᠷ ᠲᠠᠷᠣᠭᠰᠠᠨ ᠰᠢᠭ ᠪᠠᠢ᠌ᠯ᠎ᠠ᠃ ᠠᠮᠢᠰᠭᠣᠯ ᠨᠢ ᠪᠦᠳᠡᠵᠦ ᠪᠠᠢ᠌ᠨ᠎ᠠ᠃ ᠬᠡᠨ ᠨᠢᠬᠡ ᠬᠦᠮᠥᠨ ᠲᠣᠯᠣᠭᠠᠢ ᠶᠢ ᠨᠢ ᠣᠷᠢᠶᠠᠭᠰᠠᠨ ᠳᠤ ᠰᠠᠯᠣᠭᠰᠠᠨ ᠵᠠᠭᠠᠳᠠᠰᠣ ᠨᠢ ᠲᠠᠬᠢᠭᠠᠳ ᠨᠠᠢ᠌ᠯᠠᠵᠣ᠂ ᠲᠠᠭᠠᠳᠠᠢ ᠰᠠᠨᠠᠭᠳᠠᠨ᠎ᠠ᠃ ᠵᠤᠨ ᠤ ᠴᠠᠭ ᠭᠣᠣᠯ ᠳᠤ ᠣᠮᠪᠠᠭᠠᠳ ᠭᠠᠷᠴᠣ ᠢᠷᠠᠪᠠᠯ ᠢᠯᠴᠢ ᠲᠦᠬᠡᠨᠡᠭ᠍ᠰᠡᠨ ᠡᠯᠠᠰᠣᠨ ᠲᠡᠬᠡᠷ᠎ᠡ ᠨᠢ ᠲᠡᠬᠡᠭ᠍ᠰᠢ ᠬᠠᠷᠠᠨ ᠲᠡᠷᠡᠢ᠌ᠬᠡᠥᠨ᠂ ᠣᠭᠳᠠᠷᠭᠣᠢ ᠳᠤ ᠬᠦᠪᠥᠬᠥ ᠡᠬᠥᠯᠡ ᠶᠢ ᠬᠠᠷᠠᠨ ᠬᠡᠪᠳᠡᠬᠥ ᠨᠢ ᠲᠠᠭᠠᠳᠠᠢ ᠪᠠᠢ᠌ᠳᠠᠭ ᠰᠠᠨ︕ ᠁
ᠦᠳᠡ ᠬᠡᠯᠪᠡᠢ᠌ᠬᠥ ᠣᠢᠶ᠎ᠡ ᠪᠠᠷ ᠭᠠᠶᠠ ᠰᠡᠷᠬᠥᠵᠦ ᠨᠢᠳᠣ ᠪᠠᠨ ᠠᠯᠭᠣᠷ ᠨᠡᠬᠡᠬᠡᠪᠡ᠃ ᠭᠠᠷ ᠶᠢᠠᠨ ᠡᠷᠬᠥᠰᠬᠢᠵᠦ ᠭᠠᠳᠠᠭᠰᠢ ᠵᠢᠭᠠᠭᠰᠠᠨ ᠶ᠋ᠢᠠᠨ᠄
᠊᠊᠊᠊᠊᠊᠊᠊᠊᠊᠊᠊᠊᠊᠊ ᠬᠣᠶᠠᠷ ᠲᠡᠬᠡᠷᠡᠮ ᠁ ᠡᠮᠧ ᠶᠢ ᠁ ᠬᠡᠵᠦ ᠬᠠᠭᠠᠰ ᠲᠣᠳᠠᠭᠣ ᠬᠡᠯᠡᠬᠡᠥᠨ ᠨᠢᠯᠪᠣᠰᠣ ᠨᠢ ᠬᠠᠴᠠᠷ ᠲᠡᠬᠡᠬᠥᠷ ᠨᠢ ᠮᠠᠯᠠᠰ ᠬᠡᠳᠡᠯ᠎ᠡ ᠪᠦᠮᠪᠥᠷᠢᠪᠡ᠃ ᠲᠠᠷᠪᠠ ᠵᠠᠯᠠᠨ ᠤ ᠨᠢᠳᠣ ᠬᠦᠷᠯᠡᠢ᠌ᠵᠦ᠂ ᠪᠣᠯᠠᠭᠠᠨ ᠲᠡᠬᠡᠷ᠎ᠡ ᠡᠴᠡ ᠬᠠᠷ᠎ᠠ ᠮᠣᠷᠢᠨ ᠤ ᠴᠣᠯᠪᠣᠭᠣᠷ ᠢ ᠲᠠᠢ᠌ᠯᠣᠨ ᠠᠪᠣᠪᠠ᠃ ᠭᠠᠶᠠ ᠶᠢᠨ ᠲᠡᠷᠬᠡᠳᠡ ᠬᠣᠶᠠᠷ ᠬᠦᠮᠥᠨ ᠦᠯᠠᠳᠡᠬᠡᠵᠦ᠂ ᠪᠣᠰᠣᠳ ᠵᠠᠷᠣᠴᠠ ᠨᠡᠷ ᠶᠢᠠᠨ ᠲᠠᠭᠠᠭᠣᠯᠣᠨ ᠲᠡᠬᠡᠷᠡᠮ ᠤᠨ ᠬᠤᠢ᠌ᠨ᠎ᠠ ᠡᠴᠡ ᠨᠡᠬᠡᠬᠥ ᠪᠠᠷ ᠮᠣᠷᠳᠠᠪᠠ᠃ ᠲᠠᠳᠠ᠂ ᠲᠡᠬᠡᠷᠡᠮ ᠤᠨ ᠮᠦᠷ ᠢ ᠮᠥᠷᠳᠡᠵᠦ ᠵᠤᠭᠰᠣᠯ ᠦᠭᠡᠶ ᠲᠠᠪᠬᠢᠭᠣᠯᠣᠭᠰᠠᠭᠠᠷ ᠨᠢᠬᠡ ᠲᠣᠪᠣᠴᠠᠭ ᠤᠨ ᠣᠷᠣᠢ ᠲᠡᠬᠡᠷ᠎ᠡ ᠭᠠᠷᠴᠣ ᠵᠢᠯᠣᠭᠣ ᠲᠠᠳᠠᠨ ᠦᠵᠡᠪᠡᠯ ᠡᠩᠬᠡᠷ ᠤᠨ ᠬᠠᠢ᠌ᠯᠠᠰᠣᠨ ᠲᠡᠬᠡᠷ᠎ᠡ ᠣᠯᠠᠭᠠᠨ ᠲᠣᠷᠳᠣᠩ ᠠᠯᠴᠢᠭᠣᠷ ᠲᠠᠷᠪᠠᠯᠵᠠᠵᠣ᠂ ᠬᠣᠯᠠ ᠡᠴᠡ ᠢᠯᠠᠳᠠᠢ ᠬᠠᠷᠠᠭᠳᠠᠵᠣ ᠪᠠᠢ᠌ᠯ᠎ᠠ᠃ ᠵᠠᠯᠠᠨ ᠲᠡᠷᠢᠬᠥᠯᠡᠨ ᠮᠣᠷᠢ ᠪᠠᠨ ᠲᠠᠪᠢᠷᠠᠨ ᠣᠷᠣᠭᠰᠢ ᠱᠣᠩᠭ᠋ᠣᠭᠣᠯᠪᠠ᠃ ᠣᠢᠷᠠᠳᠣᠨ ᠤᠴᠢᠬᠤ ᠳᠤ ᠮᠣᠷᠢᠳ ᠨᠢ ᠨᠠᠳᠬᠣᠵᠣ ᠵᠢᠯᠣᠭᠣ ᠪᠣᠯᠢᠶᠠᠯᠳᠣᠬᠣ ᠲᠣᠯᠠ ᠲᠠᠳᠠ ᠮᠣᠷᠢᠨ ᠡᠴᠡ ᠪᠠᠨ ᠪᠠᠭᠣᠵᠣ ᠠᠯᠬᠤᠨ ᠬᠦᠷᠪᠡ᠃ ᠪᠣᠳᠠᠨ ᠲᠡᠬᠡᠷᠡᠬᠢ ᠣᠯᠠᠭᠠᠨ ᠲᠣᠷᠳᠣᠩ ᠠᠯᠴᠢᠭᠣᠷ ᠤᠨ ᠲᠣᠣᠷ᠎ᠠ ᠺᠠᠢ ᠬᠣᠧᠨ ᠶᠢᠨ ᠨᠢᠴᠥᠬᠥᠨ ᠪᠠᠶ᠎ᠠ ᠴᠠᠢ᠌ᠷᠠᠨ ᠬᠠᠷᠠᠭᠳᠠᠵᠣ᠂ ᠴᠡᠬᠡᠵᠢᠨ ᠲᠡᠬᠡᠷ᠎ᠡ ᠨᠢ ᠬᠣᠷᠴᠠ ᠰᠠᠯᠠᠮ᠎ᠠ ᠰᠢᠭᠠᠭᠠᠰᠣᠳᠠᠢ ᠪᠠᠢ᠌ᠪᠠ᠃ ᠵᠠᠯᠠᠨ ᠢ ᠡᠷᠬᠥᠨ ᠠᠪᠬᠣ ᠦᠶ᠎ᠡ ᠳᠤ ᠨᠢᠬᠡᠠᠳᠡ ᠠᠮᠢᠰᠭᠣᠯ ᠨᠢ ᠬᠣᠷᠢᠶᠠᠭᠳᠠᠵᠣ᠂ ᠬᠦᠨ ᠴᠠᠩᠬᠡᠷ ᠣᠭᠳᠠᠷᠭᠣᠢ ᠶᠢ ᠪᠠᠷᠠᠯᠠᠭᠰᠠᠨ ᠬᠡᠪ ᠶᠢᠠᠷ ᠪᠠᠶ᠎ᠠ ᠨᠢ ᠬᠦᠰᠢᠴᠢᠬᠡᠭ᠍ᠰᠡᠨ ᠪᠠᠢ᠌ᠯ᠎ᠠ᠃ ᠲᠠᠳᠠᠨ ᠤ ᠴᠢᠷᠠᠢ ᠵᠡᠪᠡᠬᠡᠢ ᠴᠠᠢ᠌ᠵᠣ ᠬᠠᠷᠠᠴᠠ ᠪᠣᠷᠣᠭᠣᠯᠠᠪᠠ᠃ ᠡᠨᠠ ᠦᠶᠡᠰ ᠦᠷᠪᠥᠰᠬᠢᠨ ᠰᠠᠯᠬᠢᠨ ᠭᠠᠷᠴᠣ᠂ ᠬᠠᠢ᠌ᠯᠠᠰᠣᠨ ᠪᠣᠳᠠ ᠶᠢ ᠱᠣᠣᠬᠢᠭᠣᠯᠵᠣ ᠪᠠᠢ᠌ᠭᠰᠠᠨ ᠶᠢᠠᠨ ᠬᠣᠢ ᠰᠠᠯᠬᠢᠨ ᠪᠣᠯᠵᠣ ᠡᠷᠬᠢᠯᠲᠦᠬᠡᠥᠨ᠂ ᠪᠣᠳᠠᠨ ᠲᠡᠬᠡᠷ᠎ᠡ ᠡᠯᠬᠥᠭ᠍ᠳᠡᠵᠦ ᠪᠠᠢ᠌ᠭᠰᠠᠨ ᠣᠯᠠᠭᠠᠨ ᠳᠤᠷᠳᠤᠩ ᠠᠯᠴᠢᠭᠣᠷ ᠢ ᠣᠭᠳᠠᠷᠭᠣᠢ ᠶ᠋ᠢᠨ ᠬᠦᠨ ᠴᠡᠬᠡᠯ ᠳᠤ ᠲᠡᠭ᠍ᠳᠡᠬᠡᠨ ᠠᠪᠠᠴᠢᠯ᠎ᠠ᠁
ᠭᠠᠶᠠ᠂ ᠣᠩᠭ᠋ᠣᠨ ᠤ ᠡᠩᠬᠡᠷ ᠡᠴᠡ ᠪᠣᠰᠴᠣ ᠲᠠᠶᠠᠭ ᠶᠢᠠᠨ ᠲᠣᠯᠣᠭᠰᠠᠭᠠᠷ ᠬᠡᠣᠬᠡᠥᠨ ᠤᠨ ᠣᠪᠣᠭᠠᠨ ᠤ ᠣᠷᠣᠢ ᠳᠤ ᠭᠠᠷᠪᠠ᠃ ᠣᠪᠣᠭᠠᠨ ᠣᠷᠣᠢ ᠲᠡᠬᠡᠷ᠎ᠡ ᠡᠴᠡ ᠦᠵᠡᠪᠡᠯ ᠣᠪᠣᠭ᠎ᠠ ᠠᠢ᠌ᠯ ᠣᠣᠯ ᠬᠡᠪ ᠶᠢᠠᠷ ᠶᠢᠡᠨ᠃ ᠨᠣᠷᠠᠭᠰᠠᠨ ᠢᠩ ᠤᠨ ᠬᠡᠷ ᠢ ᠨᠢ ᠲᠠᠬᠢᠭᠠᠳ ᠰᠢᠨᠡᠳᠬᠡᠨ ᠪᠠᠷᠢᠭᠰᠠᠨ ᠪᠣᠯᠣᠯᠳᠠᠢ᠂ ᠰᠢᠨᠡᠬᠡᠨ ᠰᠢᠪᠠᠷ ᠬᠡᠷᠡᠮ ᠬᠠᠷᠠᠯᠠᠨ ᠦᠵᠡᠭ᠍ᠳᠡᠵᠦ ᠪᠠᠢ᠌ᠪᠠ᠃ ᠭᠣᠣᠯ ᠲᠡᠬᠡᠷ᠎ᠡ ᠬᠡᠳᠥᠨ ᠬᠡᠣᠬᠡᠥᠨ ᠨᠠᠭᠠᠳᠴᠣ ᠪᠠᠢ᠌ᠨ᠎ᠠ᠃ ᠠᠢ᠌ᠯ ᠤᠨ ᠡᠮᠣᠨᠠᠬᠢ ᠲᠠᠯ᠎ᠠ ᠶᠢ ᠭᠠᠬᠠᠢ ᠰᠡᠨᠳᠡᠢ᠌ᠯᠡᠬᠡᠥᠨ ᠡ᠊ᠠᠳᠠ ᠲᠠᠠᠳᠠ ᠬᠠᠷᠠᠯᠠᠨ ᠦᠵᠡᠭ᠍ᠳᠡᠨ᠎ᠡ᠃ ᠲᠠᠷᠠ᠂ ᠨᠠᠮᠬᠠᠨ ᠬᠦᠪᠥᠷᠴᠡᠭ ᠢ ᠪᠠᠷᠢᠨ ᠪᠠᠭᠣᠵᠣ ᠢᠷᠡᠬᠡᠥᠨ ᠰᠢᠭᠣᠳ ᠢᠩ ᠤᠨ ᠬᠡᠷ ᠶᠢᠠᠨ ᠴᠢᠭ᠍ᠯᠠᠵᠣ ᠣᠴᠢᠪᠠ᠃ ᠭᠣᠣᠯ ᠤᠨ ᠲᠣᠬᠣᠢ ᠳᠤ ᠨᠠᠭᠠᠳᠴᠣ ᠪᠠᠢ᠌ᠭᠰᠠᠨ ᠬᠡᠣᠬᠡᠥᠨ᠂ ᠭᠠᠶᠠ ᠶᠢ ᠦᠵᠡᠮᠡᠭ᠍ᠴᠡ ᠲᠠᠨᠢᠵᠣ᠄
᠊᠊᠊᠊᠊᠊᠊᠊᠊᠊᠊᠊᠊᠊᠊ ᠭᠠᠶᠠ ᠬᠠᠷᠢᠭᠠᠳ ᠢᠷᠡᠴᠢᠬᠡᠵᠡᠢ︕ ᠬᠡᠵᠦ ᠱᠣᠣᠬᠢᠯᠳᠣᠪᠠ᠃ ᠲᠠᠳᠠ ᠨᠠᠭᠠᠳᠣᠮ ᠶᠢᠠᠨ ᠣᠷᠬᠢᠨ ᠭᠠᠶᠠ ᠶᠢ ᠲᠣᠰᠴᠣ ᠣᠴᠢᠯ᠎ᠠ᠃
᠊᠊᠊᠊᠊᠊᠊᠊᠊᠊᠊᠊᠊᠊᠊ ᠬᠦᠯ ᠴᠢᠨᠢ ᠰᠠᠢ᠌ᠨ ᠪᠣᠯᠴᠢᠬᠠᠭᠰᠠᠨ ᠦᠦ︖
᠊᠊᠊᠊᠊᠊᠊᠊᠊᠊᠊᠊᠊᠊᠊ ᠮᠣᠳᠣᠨ ᠬᠦᠯ ᠵᠠᠯᠭᠠᠭᠰᠠᠨ ᠪᠢᠰᠢ ᠪᠠ︖ ᠬᠡᠵᠦ ᠣᠷᠳᠣᠭᠣᠷ ᠬᠤᠢ᠌ᠭᠣᠷ ᠨᠢ ᠦᠪᠥᠬᠡᠷᠡᠯᠲᠦᠵᠦ᠂ ᠰᠠᠨᠠᠭᠠᠨ ᠳᠤ ᠣᠷᠣᠭᠰᠠᠨ ᠬᠢᠷᠢ ᠪᠠᠷ ᠶᠢᠠᠨ ᠠᠰᠠᠭᠣᠵᠣ ᠯᠠᠪᠯᠠᠨ᠎ᠠ᠃ ᠠᠢ᠌ᠯ ᠤᠨ ᠬᠦᠮᠥᠰ ᠬᠦᠯ ᠢ ᠨᠢ ᠲᠠᠭᠠᠷᠢᠭᠠᠳ ᠠᠪᠴᠢᠬᠠᠭᠰᠠᠨ ᠪᠠᠢ᠌ᠯ ᠦᠭᠡᠶ ᠬᠡᠵᠦ ᠪᠣᠳᠣᠭᠰᠠᠨ ᠨᠢ ᠪᠣᠷᠣᠭᠣᠳᠠᠵᠣ᠂ ᠰᠠᠪ ᠦᠭᠡᠶ ᠡᠳᠡᠬᠡᠭ᠍ᠰᠡᠨ ᠳ᠋ᠤᠨᠢ ᠲᠣᠩ ᠭᠠᠢ᠌ᠬᠠᠵᠠᠭᠠᠵᠣ ᠪᠠᠢ᠌ᠯ᠎ᠠ᠃
ᠵᠤᠬᠢᠶᠠᠭᠴᠢ᠄ ᠬᠠᠷᠭᠤᠢ
ᠳᠠᠷᠤᠮ᠄ 25271
ᠴᠠᠭ᠄ 2005 ᠤᠨ ᠤ 08 ᠰᠠᠷ᠎ᠠ ᠶᠢᠨ 08