☆ ᠬᠠᠨ ᠵᠢᠷᠤᠮᠳᠤ
ᠡᠵᠢ ᠳᠡᠭᠡᠨ ᠡᠷᠭᠦᠭᠦ ᠥᠭᠡ
᠊᠊᠊᠊᠊᠊᠊᠊᠊᠊᠊᠊᠊᠊᠊ ᠡᠵᠢ ᠶᠢᠨ ᠨᠠᠰᠤ ᠨᠥᠭ᠍ᠴᠢᠭ᠍ᠰᠡᠨ ᠬᠤᠷᠢᠨ ᠵᠢᠯ ᠤᠨ ᠤᠢ ᠳᠤ ᠳᠤᠷᠠᠰᠬᠠᠪᠠ
ᠬᠤᠷᠢᠨ ᠵᠢᠯ ᠡᠵᠢ ᠮᠢᠨᠢ
ᠬᠠᠮᠢᠭ᠎ᠠ ᠶᠠᠪᠣᠭᠠᠤᠨ ᠯᠠ ᠪᠠᠢ᠌ᠪᠠ ᠳ᠋ᠠ︖
ᠬᠤᠷᠤᠮᠣᠢ᠌ᠯᠠᠵᠤ ᠥᠰᠭᠡᠭ᠍ᠰᠡᠨ ᠥᠷ᠎ᠡ ᠴᠢᠨᠢ
ᠬᠠᠯᠠᠭᠤᠨ ᠵᠢᠷᠦᠭᠡᠨ ᠳᠡᠭᠡᠨ ᠡᠷᠢᠭ᠍ᠰᠡᠭᠡᠷ ᠰᠢᠤ᠃
ᠡᠵᠢ ᠡᠴᠡ ᠪᠠᠨ ᠥᠨᠦᠴᠢᠷᠡᠭ᠍ᠰᠡᠨ ᠬᠡᠦᠬᠡᠳ
ᠡᠷ᠎ᠡ ᠪᠣᠯᠬᠤ ᠭᠦᠴᠢᠷ ᠡ᠂
ᠡᠷᠢᠶᠡᠨ ᠬᠤᠷᠸ᠎ᠠ ᠶᠢᠨ ᠳᠤᠭᠤᠰᠤᠨ ᠳ᠋ᠤ
ᠡᠰᠡᠨᠢᠨ ᠶᠠᠪᠣᠬᠤ ᠭᠡᠴᠡᠭᠦᠤ ᠡ᠃
ᠠᠩᠭᠢᠷ ᠤᠭᠤᠷᠠᠭ ᠤᠨ ᠰᠢᠮ᠎ᠠ ᠪᠠᠷ ᠴᠢᠨᠢ
ᠠᠭᠤᠰᠭᠢ ᠵᠢᠷᠦᠭᠡ ᠮᠢᠨᠢ ᠴᠤᠭᠢᠯᠠᠵᠤ ᠪᠠᠢ᠌ᠨ᠎ᠠ᠂
ᠠᠮᠠᠳᠠᠵᠤ ᠵᠢᠭᠠᠭᠰᠠᠨ ᠰᠤᠷᠭᠠᠯ ᠶᠢᠡᠷ ᠴᠢᠨᠢ
ᠠᠵᠢᠯ ᠥᠢᠯᠡᠰ ᠮᠢᠨᠢ ᠳᠡᠭ᠍ᠵᠢᠷᠡᠵᠤ ᠪᠠᠢ᠌ᠨ᠎ᠠ᠃
ᠥᠯᠡᠳᠡᠭᠡᠨ ᠬᠠᠢ᠌ᠷᠠᠯᠠᠭᠰᠠᠨ ᠥᠷᠦᠮ᠎ᠡ ᠳᠤᠰᠤ ᠴᠢᠨᠢ
ᠥᠷᠦᠴᠡ ᠵᠢᠷᠦᠭᠡ ᠶᠢ ᠮᠢᠨᠢ ᠠᠮᠢᠯᠠᠭᠤᠯᠵᠤ ᠪᠠᠢ᠌ᠨ᠎ᠠ᠂
ᠥᠨᠦᠰᠦᠭᠡᠳ ᠭᠡᠯᠡᠭ᠍ᠰᠡᠨ ᠵᠢᠭᠠᠪᠣᠷᠢ ᠪᠠᠷ ᠴᠢᠨᠢ
ᠥᠭᠡᠳᠡᠯᠡᠭᠦ ᠠᠮᠢᠳᠤᠷᠠᠯ ᠮᠢᠨᠢ ᠴᠡᠴᠡᠭᠯᠡᠵᠤ ᠪᠠᠢ᠌ᠨ᠎ᠠ᠃
ᠪᠣᠷᠭᠠᠰᠤᠨ ᠳᠦᠯᠡᠭᠡ ᠡᠭᠦᠷᠦᠭ᠍ᠰᠡᠨ ᠴᠢᠨᠢ
ᠪᠣᠷᠤ ᠵᠢᠷᠦᠭᠡ ᠶᠢ ᠰᠢᠮᠰᠢᠷᠡᠭᠦᠯᠦᠭᠡᠳ ᠪᠠᠢ᠌ᠨ᠎ᠠ᠂
ᠪᠦᠰ ᠱᠠᠬᠠᠢ ᠤᠶᠤᠭᠰᠠᠨ ᠴᠢᠨᠢ
ᠪᠣᠳᠤᠯ ᠤᠨ ᠰᠢᠵᠢᠮ ᠢ ᠴᠠᠪᠬᠠᠭᠳᠠᠭᠠᠤᠨ ᠪᠠᠢ᠌ᠨ᠎ᠠ᠃
ᠠᠵᠢᠯᠴᠢ ᠪᠣᠷᠤᠭᠵᠢᠭᠤᠨ ᠤᠪᠦᠷ ᠢ ᠴᠢᠨᠢ
ᠠᠢ᠌ᠯ ᠰᠠᠬᠠᠯᠳᠠ ᠴᠢᠨᠢ ᠮᠠᠷᠳᠠᠭ᠎ᠠ ᠥᠭᠡᠢ᠂
ᠠᠰᠪᠣᠷᠢ ᠰᠢᠯᠤᠭᠤᠨ ᠠᠭᠠᠯᠢ ᠶᠢ ᠴᠢᠨᠢ
ᠠᠯᠢᠶ᠎ᠠ ᠥᠷᠡᠰ ᠴᠢᠨᠢ ᠤᠮᠡᠷᠳᠠᠭᠠ ᠥᠭᠡᠢ᠃
ᠰᠢᠨ᠎ᠠ ᠶᠢᠨ ᠰᠠᠢ᠌ᠬᠠᠨ ᠢᠷᠦᠭᠡᠯ ᠴᠢᠨᠢ
ᠰᠢᠨᠡᠯᠡᠭᠦ ᠪᠦᠷᠢ ᠰᠤᠨᠤᠰᠳᠠᠭᠠᠤᠨ ᠪᠠᠢ᠌ᠨ᠎ᠠ᠂
ᠰᠢᠯᠢᠳᠡᠭ᠌ ᠪᠣᠯᠭᠠᠬᠤ ᠭᠦᠰᠡᠯ ᠴᠢᠨᠢ
ᠰᠢᠨ᠎ᠠ ᠥᠢᠯᠡᠰ ᠢ ᠬᠤᠷᠣᠢ᠌ᠯᠠᠭᠠᠤᠨ ᠪᠠᠢ᠌ᠨ᠎ᠠ᠃
ᠡᠷᠳᠡ ᠶᠪᠣᠴᠢᠬᠠᠯᠠ ᠡᠵᠢ ᠨᠢ ᠭᠡᠵᠤ
ᠡᠯᠢᠭᠡᠨ ᠳᠡᠭᠡᠨ ᠪᠢᠳᠡᠭᠡᠢ ᠭᠤᠮᠤᠳᠤᠭᠠᠤᠨ ᠪᠠᠢ᠂
ᠡᠷᠢᠨ ᠵᠠᠭᠤᠨ ᠳᠤ ᠬᠡᠦᠬᠡᠳ ᠴᠢᠨᠢ
ᠢᠳᠡᠷᠭᠡᠭ᠌ ᠳᠤᠯᠭᠠᠭᠤᠷᠢ ᠪᠣᠯᠬᠤ ᠶᠤᠮ ᠡ︕
2001 ᠡᠳ ᠤ 8 ᠰᠠᠷ᠎ᠠ ᠳᠤ ᠪᠢᠴᠢᠪᠠ᠃
ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 4062
ᠴᠠᠭ᠄ 2009 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ