ᠨᠡᠪᠲᠡᠷᠡᠨ ᠤᠷᠤᠬᠤ
ᠠᠮᠠᠷᠠᠭ ᠮᠤᠳᠤ ᠲᠡᠶ ᠰᠢᠭᠤᠢ

       ᠣᠷᠤᠰᠢᠯ


ᠮᠠᠷᠳᠠᠴᠢᠬᠠᠶ᠎ᠠ ᠭᠡᠭᠦ ᠳᠤ

ᠮᠠᠨᠠᠨ ᠶᠢᠡᠨ ᠰᠡᠭ᠍ᠰᠦᠷᠴᠤ ᠭᠡᠢ᠌ᠳᠡᠭ᠌ ᠭᠤᠸ᠎ᠠ ᠰᠠᠢ᠌ᠬᠠᠨ

ᠮᠥᠭᠡᠷᠡᠭᠡᠳ ᠮᠥᠭᠡᠷᠡᠭᠡᠳ ᠭᠦᠷᠳᠡᠭ᠌ ᠦᠭᠡᠶ ᠡᠭᠢᠯᠡᠯ ᠳᠡᠭᠦᠰᠭᠡᠯ

ᠮᠦᠷᠦᠭᠡᠳᠦᠯ ᠮᠦᠷᠦᠭᠡᠳᠦᠯ ᠶᠢᠡᠷ ᠪᠦᠳᠡᠭᠢᠷᠡᠭᠦ ᠣᠨ ᠳᠤᠭᠠᠯᠠᠯ ᠁   


       ᠨᠢᠭᠡ


ᠣᠪᠠᠢ᠌ᠨ ᠳᠤ ᠦᠭᠡᠶ ᠴᠢ ᠳᠠᠭᠤᠯᠠᠭᠠᠤᠨ

ᠣᠤᠯ ᠤᠨ ᠣᠤᠯ ᠤᠨ

ᠨᠠᠢ᠌ᠷᠳᠤ ᠣᠯᠠᠷᠢᠯ ᠢ ᠮᠢᠨᠢ ᠣᠷᠭᠤᠭᠤᠯᠴᠢᠬᠠᠯ᠎ᠠ

ᠨᠠᠮ ᠨᠠᠮᠬᠠᠨ ᠡᠭᠡᠰᠢᠭ᠌ ᠶᠢᠡᠷ ᠵᠠᠳᠠᠷᠠᠭᠰᠠᠨ ᠠᠷᠠᠤᠨ ᠤᠨ ᠳᠠᠭᠤᠤ

ᠰᠠᠮ ᠰᠡᠮᠭᠡᠨ ᠰᠢᠩᠭᠡᠵᠤ ᠪᠠᠢ᠌ᠭᠰᠠᠨ ᠢ ᠮᠡᠳᠡᠭᠦ ᠦᠭᠡᠶ ᠰᠢᠤ ᠳ᠋ᠠ᠃

ᠳᠠᠭᠤᠤ ᠮᠢᠨᠤ ᠳᠡᠭᠡᠷ᠎ᠡ ᠣᠨᠠᠬᠤ ᠳᠠᠭᠠᠨ

ᠭᠠᠯ ᠪᠣᠯᠵᠤ ᠲᠦᠯᠡᠳᠡᠭ᠌ ᠢ ᠴᠢ ᠮᠡᠳᠡᠭᠦ ᠦᠭᠡᠶ

ᠳᠤᠷᠠᠯᠠᠯ ᠤᠨ ᠮᠤᠳᠤᠨ ᠤ ᠰᠡᠭᠦᠳᠡᠷ ᠳᠠᠯ᠎ᠠ ᠨᠢ ᠨᠣᠢ᠌ᠳᠠᠨ

ᠡᠷᠭᠢᠷᠡᠭ᠍ᠰᠡᠭᠡᠷ ᠡᠳᠡᠭᠡᠳᠡᠭ᠌ ᠢ ᠴᠢ ᠮᠡᠳᠡᠭᠦ ᠦᠭᠡᠶ

ᠨᠠᠷᠠ ᠪᠣᠷᠤᠭᠤ ᠬᠠᠵᠠᠭᠤ ᠣᠷᠭᠤᠭᠰᠠᠨ ᠥᠯᠢᠭᠡᠷ ᠤᠨ ᠮᠤᠳᠤ ᠪᠠᠷ

ᠨᠠᠮᠢ᠋ᠢ ᠴᠠᠭᠠᠰᠤ ᠥᠢᠯᠤᠨᠪᠦᠷᠢᠯᠡᠭ᠍ᠰᠡᠨ ᠢ ᠴᠢ ᠮᠡᠳᠡᠭᠦ ᠦᠭᠡᠶ

ᠨᠠᠮᠪᠠ ᠰᠠᠭᠤᠭ᠎ᠠ ᠴᠤ ᠦᠭᠡᠶ ᠭᠡᠨᠡᠨ ᠨᠠᠰᠤᠨ ᠤ ᠵᠢᠷᠤᠮᠠᠭ ᠢ

ᠨᠤᠯᠳᠠᠷᠠᠳᠠᠯ᠎ᠠ ᠳᠠᠳᠠᠯᠠᠭᠰᠠᠨ ᠢ ᠮᠡᠳᠡᠭᠦ ᠦᠭᠡᠶ

ᠠᠮᠢ ᠨᠠᠰᠤᠨ ᠤ ᠵᠤᠵᠠᠭᠠᠨ ᠡᠪᠭᠡᠮᠡᠯ ᠤᠨ ᠮᠢᠨᠢ ᠳᠤᠤᠷ᠎ᠠ

ᠠᠭᠤᠤ ᠶᠡᠭᠡ ᠬᠠᠢ᠌ᠷ᠎ᠠ ᠶᠢᠨ ᠬᠠᠭᠤᠳᠠᠰᠤ ᠶᠢ ᠡᠰᠭᠡᠵᠤ ᠪᠠᠢ᠌ᠯ᠎ᠠ ᠰᠢᠤ ᠳ᠋ᠠ

ᠠᠮᠠᠷᠠᠭ ᠭᠦᠭᠡᠷᠦᠭᠦᠨ ᠥᠰᠦᠭ᠌ ᠤᠳ ᠱᠠᠷᠴᠢᠭᠢᠨᠠᠵᠤ ᠣᠨᠠᠯ᠎ᠠ ᠰᠢᠤ ᠳ᠋ᠠ  


       ᠬᠤᠶᠠᠷ


ᠠᠯᠬᠤᠭ᠎ᠠ ᠭᠢᠰᠭᠢᠭᠡᠨ ᠤ ᠪᠠᠨ ᠴᠢᠮᠡᠭᠡ ᠪᠠᠷ

ᠠᠶᠤᠩᠭ᠎ᠠ ᠴᠠᠭᠢᠯᠭᠠᠨ ᠢ ᠵᠢᠷᠦᠭᠡᠨ ᠳᠡᠭᠡᠷ᠎ᠡ ᠪᠠᠨ ᠨᠤᠮᠤᠬᠠᠳᠬᠠᠵᠤ ᠠᠮᠢᠳᠤᠷᠠᠭᠰᠠᠨ

ᠠᠵᠠ ᠵᠠᠶᠠᠭᠠᠨ ᠤ ᠳᠠᠯ ᠰᠡᠭᠦᠯ ᠡᠴᠠ ᠪᠠᠨ ᠦᠷᠭᠦᠨ ᠨᠠᠳᠬᠤᠵᠤ ᠶᠠᠪᠣᠭᠰᠠᠨ

ᠨᠥᠭᠦᠭᠡᠳ ᠨᠥᠭᠦᠭᠡᠳ ᠵᠠᠪᠳᠤᠬᠤ ᠦᠭᠡᠶ ᠠᠮᠠᠷᠠᠭ ᠳᠡᠭ᠍ᠷᠢ ᠪᠠ

ᠨᠡᠭᠦᠭᠡᠳ ᠨᠡᠭᠦᠭᠡᠳ ᠬᠤᠯᠠᠳᠠᠬᠤ ᠦᠭᠡᠶ ᠪᠣᠷᠤᠭᠠᠨ ᠤ ᠡᠭᠦᠯᠡᠰ

ᠮᠥᠩᠭᠡ ᠶᠢᠨ ᠪᠠᠭᠤᠷᠢ ᠰᠠᠭᠤᠷᠢ ᠪᠠᠷ

ᠨᠠᠮᠢ᠋ᠢ ᠵᠢᠷᠭᠠᠯ ᠲᠡᠶ ᠵᠤᠪᠠᠭᠤᠯᠤᠯ᠎ᠠ᠃

ᠬᠤᠩᠭ᠋ᠤᠷ ᠮᠢᠨᠢ ᠭᠡᠭᠦ ᠳᠤ

ᠨᠠᠷ᠎ᠠ ᠨᠢ ᠴᠢᠮᠠᠳᠤ ᠠᠭᠤᠰᠴᠤ ᠪᠣᠯᠳᠠᠭ ᠦᠭᠡᠶ ᠬᠠᠢ᠌ᠷᠠᠳᠤ ᠮᠢᠨᠢ

ᠠᠷ ᠳᠠᠳᠠᠭᠰᠠᠨ ᠨᠢᠳᠤᠨ ᠨᠠᠭᠤᠷ ᠡᠴᠠ

ᠠᠮᠠᠷᠠᠭ ᠠᠮᠠᠷᠠᠭ ᠨᠡᠭᠦᠳᠡᠯ ᠤᠨ ᠰᠢᠪᠠᠭᠤ ᠭᠠᠩᠭ᠋ᠠᠨᠠᠵᠤ ᠣᠴᠢᠳᠠᠭ ᠢ ᠮᠠᠳᠠᠨ᠎ᠡ ᠰᠢᠤ ᠳ᠋ᠠ

ᠠᠯᠤᠰ ᠲᠠᠭᠠᠨ ᠭᠦᠢᠳᠡᠨ ᠰᠢᠭᠦᠳᠡᠷᠢ ᠣᠨᠠᠭᠰᠠᠭᠠᠷ

ᠠᠷᠭ᠎ᠠ ᠦᠭᠡᠶ ᠭᠦᠭᠡᠷᠦᠭᠦᠨ ᠨᠤᠮᠣᠢ᠌ᠵᠤ ᠪᠣᠴᠠᠳᠠᠭ ᠢ ᠮᠠᠳᠠᠨ᠎ᠡ ᠰᠢᠤ ᠳ᠋ᠠ

ᠣᠯᠠᠷᠢᠯ ᠶᠢᠡᠨ ᠳᠠᠭᠠᠭ᠎ᠠ ᠶᠠᠳᠠᠳᠠᠯ᠎ᠠ ᠰᠠᠭᠤᠳᠠᠭ ᠦᠭᠡᠶ ᠶᠢ ᠮᠠᠳᠠᠨ᠎ᠡ ᠰᠢᠤ ᠳ᠋ᠠ

ᠣᠳᠠᠵᠤ᠂ ᠦᠳᠦ ᠰᠦᠳᠤ ᠨᠢ ᠬᠠᠳᠠᠭᠤᠷᠠᠯ᠎ᠠ ᠴᠤ ᠢᠴᠢᠵᠤ ᠬᠤᠯᠠᠳᠠᠳᠠᠭ ᠢ ᠮᠠᠳᠠᠨ᠎ᠠ ᠰᠢᠤ ᠳ᠋ᠠ

ᠬᠤᠩᠭ᠋ᠤᠷ ᠮᠢᠨᠢ ᠭᠡᠭᠦ ᠳᠤ

ᠨᠠᠷ᠎ᠠ ᠨᠢ ᠴᠢᠮᠠᠳᠤ ᠨᠠᠪᠴᠢᠯᠠᠵᠤ ᠳᠡᠢ᠌ᠯᠳᠡᠭ᠌ ᠦᠭᠡᠶ ᠭᠦᠮᠤᠨ ᠮᠢᠨᠢ

ᠥᠳᠡᠰᠢᠯᠡᠭᠡ ᠥᠳᠡᠰᠢᠯᠡᠭᠡ ᠶᠢᠨ ᠦᠶᠡᠴᠤᠤᠯ ᠲᠡᠶ ᠪᠠᠨ

ᠥᠭᠡ ᠶᠠᠷᠢᠶ᠎ᠠ ᠪᠠᠷ ᠦᠨᠳᠠᠢ᠌ᠵᠤ ᠵᠤᠭᠰᠤᠳᠠᠭ ᠢ ᠮᠡᠳᠡᠭᠦ ᠦᠭᠡᠶ ᠰᠢᠤ ᠳ᠋ᠠ

ᠦᠯᠮᠡᠢ ᠪᠠᠷ ᠶᠢᠡᠨ ᠳᠠᠷᠪᠠᠵᠤ ᠡᠷᠭᠢᠳᠡᠭ᠌ ᠢ ᠮᠡᠳᠡᠭᠦ ᠦᠭᠡᠶ ᠰᠢᠤ ᠳ᠋ᠠ

ᠥᠨᠦᠰᠦᠭᠡᠳ᠂ ᠵᠢᠷᠦᠭᠡ ᠶᠢ ᠨᠢ ᠥᠢᠮᠡᠭᠦᠯᠦᠭ᠍ᠰᠡᠨ ᠬᠠᠢ᠌ᠷᠠᠳᠤ ᠪᠠᠨ

ᠡᠷᠭᠦᠭ᠍ᠰᠡᠭᠡᠷ ᠡᠷᠭᠦᠭ᠍ᠰᠡᠭᠡᠷ ᠣᠷᠤ ᠳ᠋ᠤᠨᠢ ᠠᠮᠠᠷᠠᠭᠠᠬᠤ ᠶᠢ ᠮᠡᠳᠡᠭᠦ ᠦᠭᠡᠶ ᠰᠢᠤ ᠳ᠋ᠠ

ᠬᠠᠷᠠᠴᠤᠤᠯ ᠤᠨ ᠪᠦᠱᠦᠭᠦᠷᠭᠡᠯ ᠬᠠᠷᠠᠴᠠᠨ ᠳᠤ

ᠬᠠᠭᠠᠨ ᠬᠠᠢ᠌ᠷ᠎ᠠ ᠶᠤᠮ ᠡ ᠭᠡᠵᠤ ᠢᠯᠠᠴᠢᠯᠠᠵᠤ ᠥᠵᠡᠭᠦᠯᠳᠡᠭ᠌ ᠢ ᠮᠡᠳᠡᠭᠦ ᠦᠭᠡᠶ ᠰᠢᠤ ᠳ᠋ᠠ

ᠬᠠᠷᠠᠩᠭ᠋ᠤᠢ ᠰᠦᠨᠢ ᠶᠢᠨ ᠬᠠᠨ᠎ᠠ ᠬᠠᠶᠠᠭ᠎ᠠ ᠶᠢ

ᠬᠠᠭ᠎ᠠ ᠵᠥᠰᠦᠭᠦ ᠣᠳᠤᠳ ᠢ ᠢᠴᠢᠭᠡᠵᠤ ᠴᠢᠳᠠᠳᠠᠭ ᠢ ᠮᠡᠳᠡᠭᠦ ᠦᠭᠡᠶ ᠰᠢᠤ ᠳ᠋ᠠ

ᠵᠥᠭᠡᠯᠡᠨ ᠰᠠᠢ᠌ᠬᠠᠨ ᠡᠩᠭᠦᠷᠡᠢ᠌ᠯᠡᠯ ᠤᠨ ᠳᠡᠩᠭᠡᠯᠢᠭ᠌

ᠵᠦᠪ ᠶᠢᠡᠷ ᠭᠤᠷᠪᠠ ᠡᠷᠭᠢᠳᠡᠭ᠌ ᠢ ᠮᠡᠳᠡᠭᠦ ᠦᠭᠡᠶ ᠰᠢᠤ ᠳ᠋ᠠ

ᠵᠡᠭᠦᠳᠤᠨ ᠰᠦᠨᠢ ᠶᠢᠨ ᠨᠣᠢ᠌ᠷ ᠲᠠᠭᠠᠨ

ᠵᠣᠢ᠌ᠳᠠᠢ ᠭᠤᠷᠪᠠ ᠲᠦᠯᠭᠢᠳᠡᠭ᠌ ᠢ ᠮᠡᠳᠡᠭᠦ ᠦᠭᠡᠶ ᠰᠢᠤ ᠳ᠋ᠠ

ᠮᠡᠳᠡᠭᠦ ᠦᠭᠡᠶ ᠰᠢᠤ ᠳ᠋ᠠ ᠮᠡᠳᠡᠭᠦ ᠦᠭᠡᠶ ᠰᠢᠤ ᠳ᠋ᠠ

ᠮᠦᠷᠦᠭᠡᠳᠦᠯ ᠮᠦᠷᠦᠭᠡᠳᠦᠯ ᠤᠨ ᠮᠦᠴᠢᠷ ᠢ ᠰᠡᠭᠦᠨ

ᠮᠥᠩᠭᠡ ᠶᠢᠨ ᠢᠨᠢᠶᠡᠮᠰᠦᠭᠯᠡᠯ ᠢ ᠲᠦᠯᠭᠢᠵᠤ ᠴᠢᠳᠠᠳᠠᠭ ᠢ ᠮᠡᠳᠡᠭᠦ ᠦᠭᠡᠶ ᠰᠢᠤ ᠳ᠋ᠠ      


ᠵᠤᠬᠢᠶᠠᠭᠴᠢ ᠶᠢᠨ ᠬᠠ‍‌ᠶᠢᠭ ᠄ ᠪᠠᠭᠠᠷᠢᠨ

ᠵᠤᠬᠢᠶᠠᠭᠴᠢ᠄ ᠫᠣ·ᠰᠠᠨᠠᠭᠠᠷᠠᠪᠣᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2653
ᠴᠠᠭ᠄ 2011 ᠤᠨ ᠤ 01 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ