ᠨᠡᠪᠲᠡᠷᠡᠨ ᠤᠷᠤᠬᠤ
ᠪᠢ

ᠡᠪᠡᠰᠦᠨ ᠤ ᠨᠠᠮᠠᠭᠠᠨ ᠳᠤ ᠨᠠᠭᠠᠳᠤᠨ ᠰᠡᠪᠡᠯᠵᠡᠳᠡᠭ

ᠠᠬᠢ ᠶᠢᠨ ᠦᠨᠦᠷ ᠲᠡᠢ ᠰᠠᠯᠬᠢᠨ ᠶᠢᠠᠷ ᠦᠨᠦᠰᠦᠭᠦᠯᠵᠦ

ᠡᠩ ᠦᠭᠡᠢ ᠲᠠᠯ᠎ᠠ ᠶᠢ ᠲᠠᠭᠤᠴᠠᠨ ᠪᠦᠵᠢᠳᠡᠭ

ᠠᠯᠢᠶ᠎ᠠ ᠨᠤᠮᠢᠨ ᠵᠡᠷᠭᠡᠯᠭᠡᠨ ᠶᠢᠡᠷ ᠲᠡᠪᠡᠷᠢᠭᠦᠯᠵᠦ

ᠦᠵᠡᠰᠭᠦᠯᠡᠩᠲᠦ ᠬᠦᠰᠡᠯ ᠢ ᠤᠭᠲᠠᠷᠭᠤᠷ ᠲᠡᠰᠢ ᠤᠭᠤᠰᠤᠷᠯᠠᠳᠠᠭ

ᠳᠤᠯᠤᠭᠠᠨ ᠦᠩᠭᠡ ᠶᠢᠨ ᠰᠤᠯᠤᠩ‍ᠭ᠎ᠠ ᠪᠠᠷ ᠠᠷᠭᠠᠳᠠᠭᠤᠯᠵᠤ

ᠦᠵᠡᠮᠵᠢᠲᠦ ᠰᠠᠢᠬᠠᠨ ᠨᠤᠲᠤᠭ ᠲᠠᠭᠠᠨ

ᠤᠬᠠᠭᠠᠨ ᠪᠠᠶᠠᠨ ᠦᠰᠦᠭᠰᠡᠨ ᠶᠤᠮ ᠪᠢ

 

《 ᠠᠳᠤᠭᠤᠨ ᠲᠤᠬᠤᠢ》 ᠵᠢᠨ ᠪᠤᠷᠭᠠᠰᠤᠨ ᠰᠢᠭᠤᠢ ᠡᠴᠡ

ᠤᠷᠤᠰᠤᠮ᠎ᠠ ᠵᠢᠷᠤᠭ᠎ᠠ 《 ᠮᠤᠷᠢ》 ᠪᠠᠨ ᠪᠠᠷᠢᠯᠴᠠᠵᠤ

ᠠᠲᠠᠷ ᠬᠡᠭᠡᠷ᠎ᠡ ᠶᠢᠨ ᠰᠤᠷᠭᠤᠭ ᠴᠡᠴᠡᠭ ᠶᠢᠡᠷ

《 ᠰᠢᠨ᠎ᠡ ᠪᠡᠷᠢ》  ᠵᠢᠨ ᠭᠤᠶᠤᠯ ᠬᠡᠯᠬᠢᠵᠦ

ᠦᠭᠡᠭᠦᠨ ᠴᠢᠯᠠᠭᠤᠲᠤ ᠶᠢᠨ ᠳᠡᠨᠵᠢᠨ ᠳᠡᠭᠡᠷ᠎ᠡ

《 ᠦᠬᠡᠷ ᠬᠤᠨᠢ》  ᠪᠠᠨ ᠦᠷᠡᠵᠢᠭᠦᠯᠵᠦ

ᠦᠩᠰᠢᠭ ᠲᠠᠩᠰᠤᠭ ᠨᠤᠲᠤᠭ ᠲᠠᠭᠠᠨ

ᠠᠮᠢᠳᠤᠷᠠᠯ ᠪᠠᠶᠠᠨ ᠦᠰᠦᠭᠰᠡᠨ ᠶᠤᠮ ᠪᠢ

 

ᠰᠦᠮᠡᠯᠵᠡᠬᠦ ᠵᠡᠷᠭᠡᠯᠭᠡᠨ ᠢ ᠨᠢᠳᠭᠡᠵᠦ ᠨᠠᠭᠠᠰᠢᠯᠠᠬᠤ

ᠨᠡᠭᠦᠳᠡᠯ ᠦᠨ ᠠᠶᠠᠨ ᠤ ᠴᠤᠪᠤᠭ᠎ᠠ ᠶᠢ ᠤᠭᠲᠤᠵᠤ

ᠰᠦᠨᠢ ᠶᠢᠨ ᠰᠡᠯᠡᠭᠦᠨ ᠳᠦ ᠴᠤᠤᠷᠢᠶᠠᠯᠠᠨ ᠠᠯᠤᠰᠷᠠᠬᠤ

ᠵᠢᠩ ᠦᠨ ᠬᠤᠩᠬᠤᠨ ᠤ ᠳᠠᠭᠤᠨ ᠢ ᠴᠢᠩᠨᠠᠵᠤ

ᠡᠪᠦᠭᠡᠳ ᠦᠨ ᠬᠠᠭᠤᠴᠢᠯᠠᠳᠠᠭ ᠪᠤᠭᠤᠷᠤᠯ ᠲᠡᠦᠬᠡ ᠡᠴᠡ

ᠰᠢᠯᠢ ᠶᠢᠨ ᠪᠠᠭᠠᠲᠤᠷᠴᠤᠳ ᠤᠨ ᠲᠤᠤᠯᠢ ᠶᠢ ᠤᠩᠰᠢᠵᠤ

ᠦᠯᠢᠭᠡᠷ ᠳᠤᠮᠤᠭ ᠲᠠᠢ ᠨᠤᠲᠤᠭ ᠲᠠᠭᠠᠨ

ᠰᠡᠳᠬᠢᠯ ᠪᠠᠶᠠᠨ ᠦᠰᠦᠭᠰᠡᠨ ᠶᠤᠮ ᠪᠢ

 

ᠬᠦᠬᠡ ᠳᠤᠯᠪᠤ ᠲᠠᠮᠠᠭᠠᠯᠠᠵᠤ ᠲᠦᠷᠦᠭᠦᠯᠦᠭᠰᠡᠨ

ᠡᠴᠢᠭᠡ ᠲᠩᠷᠢ ᠶᠢᠨ ᠢᠪᠡᠭᠡᠯ ᠳᠦ ᠳᠠᠭᠠᠳᠬᠠᠵᠤ

ᠬᠦᠯᠦᠭ ᠮᠤᠷᠢᠨ ᠤ ᠨᠢᠷᠤᠭᠤᠨ᠎ᠠ ᠵᠠᠶᠠᠭᠠᠯᠭᠠᠭᠰᠠᠨ

ᠡᠬᠡ ᠭᠠᠵᠠᠷ ᠤᠨ ᠬᠡᠰᠢᠭ ᠲᠦ ᠵᠠᠯᠪᠠᠷᠢᠵᠤ

ᠬᠦᠪᠴᠢᠨ ᠳᠡᠯᠡᠬᠡᠢ ᠳᠦ ᠠᠯᠳᠠᠷ ᠶᠢᠠᠨ ᠮᠠᠨᠳᠤᠭᠤᠯᠤᠭᠰᠠᠨ

ᠳᠡᠭᠡᠳᠦᠰ ᠦᠨ ᠶᠢᠡᠨ ᠤᠬᠠᠭᠠᠨ ᠪᠢᠯᠢᠭ᠌ ᠲᠦ ᠰᠢᠲᠦᠵᠦ

ᠬᠦᠳᠡᠭᠡ ᠮᠤᠩᠭᠤᠯ ᠨᠤᠲᠤᠭ ᠲᠠᠭᠠᠨ

ᠢᠲᠡᠭᠡᠯ ᠪᠠᠶᠠᠨ ᠠᠮᠢᠳᠤᠷᠠᠭᠰᠠᠨ ᠶᠤᠮ ᠪᠢ

 

ᠡᠷᠬᠡᠯᠡᠨ ᠲᠤᠭᠯᠠᠵᠤ ᠦᠰᠦᠭᠰᠡᠨ ᠨᠤᠲᠤᠭ ᠲᠠᠭᠠᠨ

ᠥᠪᠡᠷ ᠦᠨ ᠪᠡᠶ᠎ᠡ ᠰᠢᠭ᠌ ᠬᠠᠢᠷᠠᠲᠠᠢ ᠪᠢ

ᠦᠷᠭᠡᠨ ᠳᠡᠯᠡᠬᠡᠢ ᠶᠢᠨ ᠬᠠᠮᠢᠭ᠎ᠠ ᠨᠢ ᠪᠠᠢᠭᠰᠠᠨ ᠴᠤ

ᠡᠯᠢᠭᠡ ᠵᠢᠷᠦᠬᠡᠨ ᠳᠦ ᠮᠢᠨᠢ ᠤᠶᠠᠭᠠᠲᠠᠢ

ᠠᠷᠰᠢ ᠶᠢᠨ ᠤᠷᠤᠨ ᠰᠢᠭ ᠨᠤᠲᠤᠭ ᠲᠠᠭᠠᠨ

ᠠᠯᠠᠭ ᠨᠢᠳᠦ ᠪᠡᠨ ᠰᠢᠭ᠌ ᠬᠠᠢᠷᠠᠲᠠᠢ ᠪᠢ

ᠠᠯᠲᠠᠨ ᠳᠡᠯᠡᠬᠡᠢ ᠶᠢᠨ ᠬᠠᠮᠢᠭ᠎ᠠ ᠨᠢ ᠪᠠᠢᠭᠰᠠᠨ ᠴᠤ

ᠠᠮᠤᠷ ᠠᠮᠤᠭᠤᠯᠠᠩ ᠪᠠᠢᠭᠠᠰᠠᠢ ᠭᠡᠵᠦ ᠳᠠᠭᠠᠳᠬᠠᠳᠠᠭ᠃

 

        2020᠂1᠂6

ᠵᠤᠬᠢᠶᠠᠭᠴᠢ᠄ ᠰᠡᠷᠵᠢᠮ᠎ᠠ
ᠢᠷᠡᠯᠲᠡ᠄ ᠵᠤᠬᠢᠶᠠᠭᠴᠢ ᠬᠠᠩᠭᠠᠪᠠ
ᠬᠠᠷᠢᠶ᠎ᠠ᠄ ᠰᠢᠯᠦᠭ
ᠳᠠᠷᠤᠮ᠄ 37081
ᠴᠠᠭ᠄ 2020 ᠤᠨ ᠤ 01 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ