☆ ᠭᠠᠯ
ᠠᠰᠠᠷ ᠡᠴᠡ ᠭᠡᠢ᠌ᠰᠦᠭ᠍ᠰᠡᠨ ᠠᠷᠪᠠᠨ ᠳᠦᠷᠪᠡᠳᠠᠢ ᠠᠮᠢ ᠨᠠᠰᠤᠨ ᠳ᠋ᠤ
᠊᠊᠊᠊᠊᠊᠊᠊᠊᠊᠊᠊᠊᠊᠊ ᠳᠦᠡᠭᠯᠢᠶᠦᠤ ᠳᠤᠯᠤᠳᠤᠭᠠᠷ ᠳᠤᠮᠳᠠᠳᠤ ᠰᠤᠷᠭᠠᠭᠤᠯᠢ ᠶᠢᠨ ᠠᠩᠬ᠎ᠠ ᠬᠤᠶᠠᠷ ᠤᠨ ᠠᠷᠪᠠᠨ ᠳᠠᠪᠣᠳᠤᠭᠠᠷ ᠠᠩᠭᠢ ᠶᠢᠨ ᠭᠢᠯᠢᠰ ᠰᠦᠨᠠᠰᠤᠨ ᠮᠢᠩᠭ᠋ᠠᠭᠤᠤ ᠳᠤ ᠵᠤᠷᠢᠭᠤᠯᠪᠠ᠃
ᠠᠷᠪᠠᠨ ᠳᠦᠷᠪᠡᠳᠠᠢ ᠵᠢᠭᠠᠯ ᠮᠢᠨᠢ
ᠠᠰᠠᠷ ᠡᠴᠡ ᠠᠮᠢ ᠲᠡᠶ ᠭᠡᠢ᠌ᠰᠦᠯᠡ
ᠠᠷᠤ ᠭᠠᠵᠠᠷ ᠤᠨ ᠴᠠᠰᠤ
ᠠᠶᠤᠤᠯᠢᠬᠠᠢ ᠳᠠᠪᠠᠳᠠᠯ᠎ᠠ ᠰᠢᠭᠤᠷᠤᠯᠠ
ᠨᠢᠯ ᠣᠯᠭᠠᠨ ᠴᠢᠰᠤ
ᠴᠢᠯ ᠭᠦᠯᠢᠭᠡᠷ ᠴᠢᠯᠠᠭᠤ
ᠨᠢᠳᠤ ᠬᠠᠷᠠᠯᠠᠮᠠ ᠵᠢᠰᠤ
ᠴᠢᠰᠤ ᠴᠠᠷᠴᠢᠮᠠ ᠵᠡᠭᠦᠳᠤ᠁
ᠬᠠᠷ᠎ᠠ ᠰᠠᠨᠠᠭ᠎ᠠ ᠲᠡᠶ ᠪᠠᠭᠰᠢ ᠪᠢᠯᠠ
ᠬᠠᠢ᠌ᠷ᠎ᠠ ᠬᠠᠯᠳᠠᠭᠰᠠᠨ ᠨᠠᠷᠠ ᠪᠢᠯᠠ
ᠬᠠᠭᠠᠯᠭ᠎ᠠ ᠳᠤᠭᠰᠢᠭᠰᠠᠨ ᠵᠢᠷᠦᠭᠡ ᠪᠢᠯᠠ
ᠬᠠᠷᠠᠳᠠᠭᠳᠠᠵᠤ ᠥᠨᠦᠴᠢᠷᠡᠭ᠍ᠰᠡᠨ ᠬᠠᠷᠠᠴᠠ ᠪᠢᠯᠠ
ᠲᠦᠷᠦᠯᠭᠢ ᠭᠡᠯᠡᠨ ᠤ ᠳᠠᠢ᠌ᠨ ᠪᠢᠯᠠ
ᠳᠦᠭᠡᠷᠢᠵᠤ ᠡ᠊ᠨᠳᠡᠭ᠍ᠰᠡᠨ ᠨᠥᠭᠡ ᠪᠢᠯᠠ
ᠳᠤᠯᠭᠠᠭᠳᠠᠵᠤ ᠠᠰᠬᠠᠷᠠᠭᠰᠠᠨ ᠭᠦᠰᠡᠯ ᠪᠢᠯᠠ
ᠳᠤᠰᠴᠤ ᠠᠮᠵᠢᠭᠠᠳᠤᠢ ᠳᠤᠭ ᠪᠢᠯᠠ
ᠡᠭᠡ ᠭᠡᠯᠡ ᠪᠠᠨ ᠰᠤᠷᠤᠭᠰᠠᠨ ᠴᠤ ᠪᠣᠯ
ᠡᠩᠭᠡ ᠶᠢᠨ ᠴᠠᠭᠠᠨ ᠳᠠᠭᠳᠠᠭ᠎ᠠ ᠰᠠᠨ
ᠡᠷᠭᠡ ᠪᠠᠷᠭᠡ ᠶᠢ ᠳᠠᠪᠳᠠᠭᠰᠠᠨ ᠴᠤ ᠪᠣᠯ
ᠡᠵᠡᠨ ᠳᠡᠭ᠍ᠷᠢ ᠶᠢᠨ ᠪᠦᠷᠭᠦᠤᠨ ᠰᠠᠨ᠁
ᠡᠵᠢ ᠠᠪᠣ ᠨᠢ ᠴᠢᠳᠠᠭᠰᠠ ᠴᠤ ᠪᠣᠯ
ᠡᠭᠡ ᠣᠷᠤᠨ ᠤ ᠳᠤᠯᠭᠠᠭᠤᠷᠢ ᠰᠠᠨ
ᠡᠪᠦᠭᠡ ᠡᠮᠡᠭᠡ ᠨᠢ ᠮᠡᠳᠡᠭ᠍ᠰᠡᠨ ᠴᠤ ᠪᠣᠯ
ᠡᠷᠡᠨ ᠴᠠᠭ ᠤᠨ ᠣᠮᠤᠭᠰᠢᠯ ᠰᠠᠨ
ᠬᠠᠰᠠᠷ ᠪᠣᠭᠳᠠ ᠶᠢᠨ ᠬᠣᠢ᠌ᠰᠢ ᠪᠢᠯᠠ
ᠬᠠᠯᠠᠭᠤᠨ ᠳᠤᠯᠠᠭᠠᠨ ᠦᠷ᠎ᠡ ᠪᠢᠯᠠ
ᠬᠠᠭᠠᠯᠭᠠᠨ ᠳᠤ ᠵᠤᠭᠰᠤᠭᠰᠠᠨ ᠨᠠᠷᠠ ᠪᠢᠯᠠ
ᠬᠠᠮᠤᠭ ᠶᠢᠡᠨ ᠪᠠᠶᠠᠰᠬᠠᠭᠰᠠᠨ ᠨᠠᠷᠠ ᠪᠢᠯᠠ
ᠡᠪᠦᠭᠡ ᠡᠮᠡᠭᠡ ᠶᠢᠨ ᠶᠢᠡᠨ ᠳᠡᠯᠡᠭᠡᠢ ᠪᠢᠯᠠ
ᠡᠵᠢ ᠠᠪᠣ ᠶᠢᠨ ᠶᠢᠡᠨ ᠡᠷᠳᠡᠨᠢ ᠪᠢᠯᠠ
ᠮᠢᠩᠭ᠋ᠠᠠᠳᠤ ᠰᠢᠭ᠌ ᠭᠦᠰᠡᠯ ᠪᠢᠯᠠ
ᠮᠢᠯᠢᠶᠠᠵᠤ ᠦᠭᠭᠦᠭ᠍ᠰᠡᠨ ᠨᠠᠷᠠ ᠪᠢᠯᠠ
ᠮᠢᠩᠭ᠋ᠠᠨ ᠮᠢᠩᠭ᠋ᠠᠨ ᠤ ᠮᠡᠡᠭᠯᠡᠢ ᠪᠢᠯᠠ
ᠮᠢᠷᠠᠯᠵᠠᠵᠤ ᠠᠪᠣᠭᠰᠠᠨ ᠢᠷᠡᠭᠡᠳᠦᠢ ᠪᠢᠯᠠ
ᠠᠭᠠᠷ ᠤᠨ ᠳᠠᠩᠨᠠᠢ ᠶᠢᠨ ᠠᠰᠠᠷ ᠡᠴᠡ
ᠠᠩᠭ᠋᠎ᠠ ᠮᠢᠨᠢ ᠭᠡᠳᠦᠢ ᠴᠤ ᠠᠶᠤᠪᠠ ︖
ᠠᠪᠣ ᠡᠵᠢ ᠪᠠᠨ ᠰᠠᠨᠠᠵᠤ
ᠠᠶᠠᠷᠬᠠᠨ ᠠᠶᠠᠷᠬᠠᠨ ᠭᠡᠳᠦᠢ ᠴᠤ ᠮᠡᠭ᠍ᠰᠢᠪᠡ ︖
ᠡᠪᠦᠭᠡ ᠡᠮᠡᠭᠡ ᠪᠠᠨ ᠭᠤᠮᠤᠳᠠᠭᠠᠵᠤ
ᠡᠪᠦᠳᠦᠭ᠌ ᠶᠢᠡᠨ ᠳᠠᠪᠠᠷᠢᠵᠤ ᠭᠡᠳᠦᠢ ᠴᠤ ᠱᠤᠭᠰᠢᠪᠠ ︖
ᠡᠭᠦᠯᠡᠨ ᠳᠡᠭ᠍ᠷᠢ ᠶᠢ ᠬᠠᠷᠠᠵᠤ
ᠡᠭᠡᠴᠢ ᠳᠡᠭᠦᠤ ᠠᠬ᠎ᠠ ᠳᠡᠭᠦᠤ ᠪᠠᠨ ᠭᠡᠳᠦᠢ ᠴᠤ ᠭᠦᠯᠢᠶᠡᠪᠡ ︖
ᠡᠷᠡᠤ ᠰᠢᠳᠤ ᠬᠠᠪᠠᠭᠠᠨᠠᠵᠤ ᠡᠪᠦᠯ ᠤᠨ ᠭᠦᠢᠳᠡᠨ ᠳᠤ ᠭᠡᠳᠦᠢ ᠴᠤ ᠴᠠᠴᠠᠷᠠᠪᠠ ︖
ᠭᠦᠭᠡᠮᠳᠦᠭ᠌ ᠳᠡᠭ᠍ᠷᠢ ᠶᠢᠨ ᠡᠭᠦᠯᠡᠨ ᠳᠤ
ᠭᠦᠮᠤᠨ ᠵᠢᠰᠤ ᠶᠢ ᠵᠠᠨᠤᠵᠤ ᠵᠤᠭᠰᠤᠪᠠ ︕
ᠭᠦᠢᠳᠡᠨ ᠴᠡᠪᠳᠡᠭ᠌ ᠶᠢᠷᠳᠢᠠᠴᠤ ᠳᠤ
ᠭᠦᠳᠡᠷ ᠴᠢᠯᠠᠭᠤ ᠲᠡᠶ ᠭᠠᠩ ᠰᠢᠳᠠᠪᠠ ︕
ᠳᠦᠰᠢᠭ᠌ ᠨᠢ ᠬᠤᠭᠤᠷᠤᠭᠰᠠᠨ ᠨᠢᠯᠬ᠎ᠠ ᠮᠤᠳᠤ ᠰᠢᠭ
ᠳᠦᠭᠦᠭᠡᠢ ᠨᠡᠢ᠌ᠭᠡᠮ ᠳᠡᠭᠡᠨ ᠭᠡᠳᠦᠢ ᠴᠤ ᠭᠤᠮᠤᠳᠠᠪᠠ ︕
ᠳᠦᠯᠵᠢᠭᠡ ᠦᠭᠡᠶ ᠵᠤᠨ ᠬᠠᠪᠣᠷ ᠲᠠᠭᠠᠨ
ᠳᠣᠢ᠌ᠮᠠᠷ ᠤᠨ ᠭᠠᠯ ᠨᠢᠳᠤ ᠪᠠᠨ ᠥᠯᠡᠳᠡᠭᠡᠪᠡ ︕
ᠮᠥᠭᠦᠯ ᠤᠨ ᠵᠥᠭ᠌ ᠥᠭᠦᠯ ᠵᠠᠷᠯᠠᠭᠰᠠᠨ
ᠮᠤᠷᠢᠨ ᠬᠤᠭᠤᠷ ᠤᠨ ᠡᠷᠡᠭᠡᠢ ᠴᠢ ︕
ᠮᠤᠩᠬᠠᠭ ᠤᠨ ᠳᠠᠰᠢ ᠮᠤᠩᠭ᠋ᠤᠯ ᠶᠢᠡᠷ ᠬᠠᠳᠠᠭᠠᠨᠠᠭᠰᠠᠨ
ᠮᠤᠷᠢᠳᠠᠢ ᠬᠠᠷᠠᠮᠰᠠᠯ ᠮᠤᠩᠭ᠋ᠤᠯ ᠵᠤᠪᠠᠯ ᠴᠢ ︕
ᠡᠩᠭᠦᠷᠡᠢ ᠨᠠᠰᠤᠨ ᠤ ᠡᠷᠢᠯ ᠤᠨ ᠨᠠᠷᠠᠨ ᠴᠢ ᠪᠢᠯᠠ
ᠡᠭᠡ ᠣᠷᠤᠨ ᠤ ᠴᠡᠴᠡᠭ᠌ ᠤᠨ ᠴᠤᠮᠤᠷᠯᠢᠭ ᠴᠢ ᠪᠢᠯᠠ
ᠡᠴᠢᠭᠡ ᠡᠭᠡ ᠶᠢᠨ ᠡᠭᠦᠷᠢᠳᠡ ᠶᠢᠨ ᠡᠮᠵᠢᠭᠯᠡᠯ ᠴᠢ ᠪᠢᠯᠠ
ᠡᠷᠢᠶᠡᠨ ᠬᠤᠷᠸ᠎ᠠ ᠶᠢᠨ ᠡᠮᠵᠢᠭ᠌ ᠭᠤᠨᠢᠭ ᠴᠢ ᠪᠢᠯᠠ
ᠳᠠᠷᠤᠯᠠᠯ ᠤᠨ ᠵᠥᠭ᠌ ᠳᠠᠢ᠌ᠨ ᠤ ᠪᠦᠷᠢᠶ᠎ᠡ ᠪᠠᠨ
ᠳᠠᠭᠵᠢᠳᠠᠯᠠ ᠥᠯᠢᠶᠡᠭ᠍ᠰᠡᠨ ᠳᠠᠢ᠌ᠴᠢᠨ ᠪᠠᠢ᠌ᠯᠳᠤᠭᠴᠢ ᠴᠢ ︕
ᠳᠤᠷᠤᠮᠵᠢᠯᠠᠯ ᠡᠰᠡᠷᠭᠦ ᠳᠠᠷᠢ ᠰᠢᠭ ᠳᠡᠯᠪᠠᠷᠡᠭ᠍ᠰᠡᠨ
ᠳᠤᠳᠤᠭᠠᠳᠤ ᠶᠢᠨ ᠭᠢᠮᠤᠷᠠᠯ ᠭᠤᠨᠢᠭ ᠴᠢ ︕
ᠥᠭᠦᠭᠦ ᠡᠴᠡ ᠠᠶᠤᠬᠤ ᠦᠭᠡᠶ
ᠦᠪᠣᠷ ᠮᠤᠩᠭ᠋ᠤᠯ ᠤᠨ ᠢᠷᠡᠭᠡᠳᠦᠢ ᠪᠣᠯ ᠴᠢ ︕
ᠦᠰᠦᠷᠳᠠᠯ᠎ᠠ ᠭᠢᠯᠢᠩᠨᠠᠵᠤ ᠦᠷᠪᠢᠰᠳᠠᠯᠠ ᠨᠤᠴᠤᠳᠠᠭ
ᠦᠨᠡᠨ ᠴᠠᠭᠠᠨ ᠤ ᠰᠦᠨᠢ ᠶᠢᠨ ᠴᠠᠭᠢᠯᠤᠯ ᠪᠣᠯ ᠴᠢ ︕
ᠥᠷᠭᠦᠵᠤ ᠰᠤᠴᠢᠭᠰᠠᠨ ᠥᠴᠦᠭᠡᠨ ᠳᠠᠮᠰᠢᠭ ᠤᠨ
ᠥᠵᠡᠭᠦ ᠡᠴᠡ ᠳᠠᠯᠳᠢᠷᠠᠭᠰᠠᠨ ᠦᠰᠢᠶ᠎ᠡ ᠲᠡᠶ ᠨᠢᠳᠤ ᠪᠣᠯ ᠴᠢ ︕
ᠥᠷᠭᠦᠯᠵᠢ ᠢᠯᠠᠭᠰᠠᠨ ᠦᠨᠳᠦᠰᠦᠳᠠᠨ ᠤ ᠵᠤᠷᠢᠭ ᠰᠠᠨᠠᠭ᠎ᠠ ᠪᠣᠯ ᠴᠢ ︕
ᠥᠭᠦᠭ᠍ᠰᠡᠨ ᠴᠤ ᠮᠥᠷᠭᠦᠭᠦ ᠦᠭᠡᠶ
ᠡᠷᠡᠭᠦᠯ ᠴᠠᠭᠠᠨ ᠤ ᠣᠨᠠᠭᠠᠨ ᠴᠠᠭᠠᠨ ᠦᠣᠷᠰᠠᠯ ᠪᠣᠯ ᠴᠢ ︕
ᠰᠦᠯᠵᠢᠶᠠᠨ ᠤ ᠨᠠᠢ᠌ᠵᠢ ᠮᠢᠨᠢ᠂ ᠮᠢᠩᠭ᠋ᠠᠭᠤᠤ ᠶᠢᠨ ᠳᠤᠬᠠᠢ ᠨᠢᠯᠪᠣᠰᠤ ᠲᠡᠶ ᠶᠠᠷᠢᠭᠰᠠᠨ ᠡᠴᠡ
ᠳᠦᠡᠭᠯᠢᠶᠦᠤ ᠶᠢᠨ 7 ᠳ᠋ᠤᠭᠠᠷ ᠳᠤᠮᠳᠠᠳᠤ ᠰᠤᠷᠭᠠᠭᠤᠯᠢ ᠶᠢ ᠠᠩᠬ᠎ᠠ 2 ᠊ᠤᠨ 15 ᠠᠩᠭᠢ ᠶᠢᠨ ᠰᠤᠷᠤᠭᠴᠢ ᠮᠢᠩᠭ᠋ᠠᠭᠤᠤ ᠪᠣᠯ ᠪᠠᠭᠰᠢ ᠯᠢᠤ ᠡᠢ ᠷᠠᠨ ᠤ ᠰᠤᠷᠤᠭᠴᠢ ᠶᠤᠮ᠃ ᠨᠢᠭᠡ ᠣᠳᠠᠭ᠎ᠠ ᠡᠪᠡᠳᠴᠢᠨ ᠶᠢᠡᠷ 50 ᠬᠤᠨᠤᠭ ᠭᠢᠴᠢᠶᠠᠯ ᠰᠠᠭᠠᠳᠤᠵᠤ᠂ ᠯᠢᠤ ᠪᠠᠭᠰᠢ ᠨᠢ ᠠᠩᠭᠢ ᠶᠢᠨ ᠰᠤᠷᠤᠭᠴᠢ ᠳ᠋ᠭᠠᠨ ᠵᠠᠷᠯᠢᠭ ᠪᠠᠭᠤᠯᠭᠠᠵᠤ᠂ ᠭᠡᠨ ᠴᠤ ᠮᠢᠩᠭ᠋ᠠᠭᠤᠤ ᠲᠡᠶ ᠨᠠᠭᠠᠳᠤᠵᠤ ᠳᠤᠭᠯᠠᠵᠤ᠂ ᠥᠭᠡ ᠭᠡᠯᠡᠯᠴᠡᠵᠤ ᠪᠣᠯᠬᠤ ᠦᠭᠡᠶ᠂ ᠭᠡᠨ ᠴᠤ ᠣᠢ᠌ᠰᠢᠶᠠᠵᠤ ᠪᠣᠯᠬᠤ ᠦᠭᠡᠶ ᠭᠡᠰᠡᠨ ᠳᠠᠪᠬᠤᠷ ᠵᠠᠷᠯᠢᠭ ᠪᠠᠭᠤᠯᠭᠠᠯ᠎ᠠ ᠭᠡᠰᠡᠨ᠂᠂ ᠳᠡᠭᠦᠨ ᠡᠴᠡ ᠪᠣᠯᠵᠤ ᠨᠥᠭᠦᠤᠨ ᠨᠢ ᠶᠠᠪᠣᠳᠠᠯ ᠦᠭᠡᠶ ᠪᠠᠷ ᠶᠠᠯ᠎ᠠ ᠳᠤ ᠣᠨᠠᠵᠤ ᠪᠠᠭᠰᠢ ᠳᠠᠭᠠᠨ ᠳᠤᠩᠳᠤᠭᠤᠯᠵᠤ ᠬᠤᠵᠢᠮ ᠰᠡᠭᠦᠯᠡᠷ ᠨᠢ ᠪᠦᠷ ᠴᠤ ᠶᠠᠪᠠ ᠭᠦᠮᠤᠨ ᠤ ᠠᠮᠢᠳᠤᠷᠠᠯ ᠳᠤ ᠠᠷᠪᠠᠨ ᠳᠦᠷᠪᠡᠳᠠᠢ ᠵᠢᠭᠠᠯ ᠢ ᠳᠠᠷᠴᠢᠯᠭᠠᠵᠤ ᠡᠭᠢᠯᠡᠪᠡ᠂᠂ ᠥᠭᠡᠭᠦᠨ ᠡᠴᠡ ᠥ ᠡᠷᠢᠵᠤ᠂ ᠥᠡᠳᠡᠭᠡᠨ ᠡᠴᠡ ᠰᠢᠷᠪᠣᠰᠤ ᠡᠷᠢᠭᠦ ᠶᠠᠪᠣᠳᠠᠯ ᠨᠢ ᠶᠠᠷᠤᠳᠠ ᠶᠢᠨ ᠶᠠᠪᠣᠳᠠᠯ ᠪᠣᠯᠤᠭᠰᠠᠨ ᠡᠴᠡ᠂ ᠪᠢᠴᠢᠬᠠᠨ ᠮᠢᠩᠭ᠋ᠠᠭᠤᠤ ᠡᠵᠢ ᠠᠪᠣ ᠳᠠᠭᠠᠨ ᠭᠡᠯᠡᠭ᠍ᠰᠡᠨ ᠴᠤ᠂ ᠪᠠᠭᠰᠢ ᠶᠢ ᠨᠢ ᠥᠮᠦᠭᠡᠷᠡᠵᠤ᠂ ᠪᠠᠭᠰᠢ ᠲᠡᠶ ᠪᠠᠨ ᠢᠯᠡᠭᠦᠦᠭᠡᠨ ᠶᠠᠪᠣᠯᠴᠠᠵᠤ᠂ ᠪᠣᠳᠤᠯ ᠰᠠᠨᠠᠯ ᠶᠢᠡᠨ ᠰᠤᠯᠢᠯᠴᠠᠬᠤ ᠶᠢ ᠱᠠᠭᠠᠷᠳᠠᠪᠠ᠃ ᠡᠴᠦᠰ ᠤᠨ ᠳ᠋ᠦ᠋ᠩ ᠳᠤ ᠮᠢᠩᠭ᠋ᠠᠭᠤᠤ ᠶᠢᠨ ᠪᠠᠭᠰᠢ ᠳᠠᠭᠠᠨ ᠪᠠᠷᠢᠭᠰᠠᠨ ᠪᠠᠶᠠᠷ ᠳᠤᠷᠠᠰᠬᠠᠯ ᠤᠨ ᠪᠠᠯᠡᠭ᠌ ᠢ ᠨᠢ ᠨᠥᠭᠦᠤᠨ ᠤᠨ ᠭᠢᠨᠢ ᠡᠮᠦᠨ᠎ᠡ ᠭᠠᠵᠠᠷ ᠰᠢᠳᠡᠭ᠍ᠰᠡᠨ ᠯᠢᠤ ᠣᠪᠣᠭᠳᠤ᠂ ᠡᠩ ᠤᠨ ᠦᠶ᠎ᠡ ᠳᠤ ᠵᠠᠮ ᠳᠤ ᠠᠭᠤᠯᠵᠠᠭᠰᠠᠨ ᠴᠤ ᠳᠠᠷᠠ ᠣᠯᠠᠨ ᠨᠠᠢ᠌ᠳᠠ ᠶᠢᠨ ᠭᠠᠵᠠᠷ ᠴᠤ ᠳᠠᠷᠠ ᠪᠠᠭᠰᠢ ᠰᠠᠢ᠌ᠨ ᠭᠡᠭᠦ ᠮᠠᠠᠳᠤᠴᠢᠯᠠᠯ ᠢ ᠨᠢ ᠴᠤ ᠦᠯᠦ ᠣᠢ᠌ᠰᠢᠶᠠᠨ᠂ ᠳᠦᠯᠡᠢ ᠰᠢᠭ᠌ ᠦᠯᠢ᠌ᠵᠤ ᠭᠠᠷᠳᠠᠭ ᠨᠢ ᠰᠤᠨᠢᠨ ᠪᠢᠰᠢ ᠶᠠᠪᠣᠳᠠᠯ ᠪᠣᠯᠤᠭᠰᠠᠨ ᠶᠤᠮ᠃ ᠪᠢᠴᠢᠬᠠᠨ ᠮᠢᠩᠭ᠋ᠠᠭᠤᠤ ᠮᠤᠷᠢᠨ ᠬᠤᠭᠤᠷ ᠳᠠᠭᠠᠨ ᠰᠠᠢ᠌ᠨ᠂ ᠨᠢᠳᠤᠷᠭᠠᠨ ᠳᠡᠮᠡᠴᠡᠭᠡᠨ ᠢ ᠴᠤ ᠴᠢᠳᠠᠳᠠᠭ᠂ ᠨᠥᠭᠦᠤᠨ ᠳᠡᠭᠡᠨ ᠬᠠᠯᠠᠭᠤᠮᠰᠤᠭ᠂ ᠪᠣᠰᠤᠳ ᠢ ᠬᠠᠷᠠᠮ ᠦᠭᠡᠶ ᠳᠤᠰᠠᠯᠠᠳᠠᠭ ᠴᠠᠢ᠌ᠯᠭᠠᠨ ᠰᠠᠢ᠌ᠠᠬᠠᠨ ᠵᠠᠩ ᠲᠡᠶ᠃ ᠡᠴᠦᠰ ᠳᠡᠭᠡᠨ ᠭᠡᠷᠢᠶᠡᠰ ᠪᠢᠴᠢᠭ᠌ ᠶᠢᠡᠨ ᠥᠯᠡᠳᠡᠭᠡᠵᠤ᠂ ᠠᠵᠢᠯᠳᠠᠨ ᠤ ᠡᠪᠯᠡᠯ ᠠᠰᠠᠷ ᠡᠴᠡ ᠬᠠᠷᠠᠢ᠌ᠨ ᠪᠠᠶ᠎ᠠ ᠪᠠᠨ ᠬᠤᠤᠷᠯᠠᠭᠰᠠᠨ ᠪᠠᠢ᠌ᠨ᠎ᠠ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ
ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2010 ᠤᠨ ᠤ 01 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ