ᠨᠡᠪᠲᠡᠷᠡᠨ ᠤᠷᠤᠬᠤ
ᠡ᠊ᠨᠳᠡᠭᠦᠷᠡᠯ


ᠭᠦᠭᠡ ᠮᠦᠩᠭᠦᠨ ᠳᠡᠭ᠍ᠷᠢ ᠪᠠᠨ

ᠭᠦᠮᠤᠨ ᠤ ᠭᠢ ᠭᠡᠵᠤ ᠡ᠊ᠨᠳᠡᠭᠦᠷᠡᠪᠡ

ᠭᠦᠷᠦᠰᠦᠳᠤ ᠮᠤᠩᠭ᠋ᠤᠯ ᠳᠡᠯᠡᠭᠡᠢ ᠪᠠᠨ

ᠮᠢᠨᠤᠭᠢ ᠭᠡᠵᠤ   《ᠡ᠊ᠨᠳᠡᠭᠦᠷᠡᠪᠡ》

ᠭᠦᠯᠦᠭ᠌ ᠤᠨ ᠴᠠᠭᠠᠨ ᠳᠤᠭᠤᠰᠤ ᠵᠢ

ᠡᠯᠡᠰᠤᠨ ᠰᠢᠭᠤᠷᠭ᠎ᠠ ᠪᠠᠷ ᠡ᠊ᠨᠳᠡᠭᠦᠷᠡᠪᠡ

ᠭᠦᠴᠦᠳᠤ ᠠᠪᠣᠷᠭᠤ ᠪᠦᠷᠭᠦᠤᠨ ᠢ

ᠭᠦᠳᠡᠭᠡ ᠶᠢᠨ ᠰᠦᠨᠠᠰᠤ ᠪᠠᠷ ᠡ᠊ᠨᠳᠡᠭᠦᠷᠡᠪᠡ


ᠬᠤᠳᠠ ᠲᠡᠶ ᠭᠡᠳᠤᠨ ᠬᠤᠨᠢ ᠪᠠᠨ

ᠬᠤᠭ ᠤᠨ ᠣᠪᠣᠭ᠎ᠠ ᠪᠠᠷ ᠡ᠊ᠨᠳᠡᠭᠦᠷᠡᠪᠡ

ᠬᠤᠯᠠ ᠶᠢᠨ ᠬᠤᠯᠠᠭᠢ ᠨᠤᠳᠤᠭ ᠵᠢᠠᠨ

ᠵᠡᠭᠦᠳᠤ ᠭᠡᠵᠤ ᠡ᠊ᠨᠳᠡᠭᠦᠷᠡᠪᠡ

ᠬᠤᠰᠤᠨ ᠣᠷᠭ᠎ᠠ ᠲᠡᠶ ᠠᠳᠤᠭᠤᠴᠢᠨ ᠵᠢᠠᠨ

ᠵᠢᠷᠤᠭ ᠭᠡᠵᠤ ᠡ᠊ᠨᠳᠡᠭᠦᠷᠡᠪᠡ

ᠬᠤᠪᠳᠤᠯ ᠵᠢᠷᠦᠭᠡᠨ ᠤ ᠬᠠᠢ᠌ᠷ᠎ᠠ ᠪᠠᠨ

ᠬᠤᠭᠤᠰᠤᠨ ᠭᠡᠵᠤ ᠡ᠊ᠨᠳᠡᠭᠦᠷᠡᠪᠡ


ᠨᠤᠳᠤᠭ ᠶᠢᠡᠨ ᠰᠠᠨᠠᠭᠰᠠᠨ ᠭᠡᠦᠭᠡᠨ ᠢ

ᠨᠤᠭᠤᠠᠵᠠᠶᠠᠭ᠎ᠠ ᠪᠠᠷ ᠡ᠊ᠨᠳᠡᠭᠦᠷᠡᠪᠡ

ᠨᠢᠯᠪᠣᠰᠤ ᠨᠢ ᠬᠠᠳᠠᠭᠰᠠᠨ ᠨᠢᠳᠤ ᠵᠢ

ᠨᠤᠳᠤᠭ ᠤᠨ ᠨᠠᠭᠤᠷ ᠶᠢᠡᠷ ᠡ᠊ᠨᠳᠡᠭᠦᠷᠡᠪᠡ

ᠨᠤᠭᠤᠰᠤ ᠭᠠᠯᠠᠭᠤ ᠨᠤᠭᠤᠳ ᠢ

ᠰᠢᠪᠠᠷᠳᠠᠵᠤ ᠥᠭᠦᠭ᠍ᠰᠡᠨ ᠶᠢᠡᠷ ᠡ᠊ᠨᠳᠡᠭᠦᠷᠡᠪᠡ

ᠨᠤᠮᠤᠢ ᠵᠠᠩ ᠲᠡᠶ ᠴᠢᠮᠢ᠋ᠢ᠌

ᠴᠠᠭ ᠤᠨ ᠣᠷᠤᠰᠬᠠᠯ ᠶᠢᠡᠷ ᠡ᠊ᠨᠳᠡᠭᠦᠷᠡᠪᠡ


ᠨᠤᠶᠠᠠᠳᠠᠨ ᠤ ᠡᠮᠤᠨ᠎ᠡ ᠵᠢᠰᠦᠷᠳᠡᠳᠡᠭ᠌ ᠢ

ᠪᠠᠭᠠᠯ ᠨᠤᠬᠠᠢ ᠪᠠᠷ 《ᠡ᠊ᠨᠳᠡᠭᠦᠷᠡᠪᠡ》

ᠨᠤᠳᠤᠭ ᠶᠢᠡᠨ ᠬᠤᠳᠠᠯᠳᠤᠭᠰᠠᠨ ᠭᠦᠮᠤᠨ ᠢ

ᠳᠡᠭᠡᠳᠤ ᠦᠭᠡᠶ ᠭᠡᠵᠤ 《ᠡ᠊ᠨᠳᠡᠭᠦᠷᠡᠪᠡ》

ᠨᠤᠪᠰᠢ ᠳᠦᠭᠦᠷᠡᠭ᠍ᠰᠡᠨ ᠳᠠᠯ᠎ᠠ ᠪᠠᠨ

ᠨᠤᠤᠬ᠎ᠠ ᠲᠡᠶ ᠨᠢᠳᠤ ᠪᠠᠷ ᠡ᠊ᠨᠳᠡᠭᠦᠷᠡᠪᠡ

ᠨᠠᠢ᠌ᠯᠠᠯ ᠪᠦᠯᠭᠦᠮᠳᠡᠯ ᠲᠡᠶ ᠮᠤᠩᠭ᠋ᠤᠯ ᠵᠢᠠᠨ

ᠨᠠᠢ᠌ᠳᠠᠮ ᠬᠠᠭᠠᠴᠠᠯ᠎ᠠ ᠭᠡᠵᠤ ᠡ᠊ᠨᠳᠡᠭᠦᠷᠡᠪᠡ


ᠰᠦ᠋ ᠲᠡᠶ ᠰᠠᠢ᠌ᠬᠠᠨ ᠴᠠᠢ ᠪᠠᠨ

ᠴᠢᠰᠤ ᠲᠡᠶ ᠠᠷᠢᠭᠢ ᠪᠠᠷ ᠡ᠊ᠨᠳᠡᠭᠦᠷᠡᠪᠡ

ᠰᠦᠷᠦᠭ᠌ ᠡᠴᠠ ᠪᠠᠨ ᠰᠠᠯᠤᠭᠰᠠᠨ ᠮᠠᠯᠴᠢᠳ ᠶᠢᠡᠨ

ᠬᠤᠳᠠ ᠶᠢᠨ ᠭᠣᠢ᠌ᠷᠠᠠᠴᠢ ᠪᠠᠷ ᠡ᠊ᠨᠳᠡᠭᠦᠷᠡᠪᠡ

ᠰᠦᠮ᠎ᠡ ᠶᠢᠨ ᠡᠮᠦᠨᠡᠭᠢ ᠠᠪᠯᠢᠭᠠᠴᠢ ᠵᠢ

ᠪᠣᠷᠬᠠᠨ ᠤ ᠱᠠᠪᠢ ᠭᠡᠵᠤ ᠡ᠊ᠨᠳᠡᠭᠦᠷᠡᠪᠡ

ᠰᠥᠵᠢᠭ᠌ ᠨᠢ ᠮᠤᠩᠭ᠋ᠤᠯ ᠲᠦᠮᠡᠨ ᠵᠢᠠᠨ

ᠪᠣᠶᠠᠨ ᠶᠢᠡᠨ ᠪᠠᠷᠠᠯ᠎ᠠ ᠭᠡᠵᠤ ᠡ᠊ᠨᠳᠡᠭᠦᠷᠡᠪᠡ


ᠪᠣᠷᠤᠭᠠᠨ ᠤ ᠭᠡᠳᠤᠨ ᠳᠤᠰᠤᠯ ᠢ

ᠪᠣᠭᠳᠠ ᠶᠢᠨ ᠨᠢᠯᠪᠣᠰᠤ ᠪᠠᠷ ᠡ᠊ᠨᠳᠡᠭᠦᠷᠡᠪᠡ

ᠪᠣᠷᠤᠭᠠᠨ ᠳᠤᠳᠠᠭᠰᠠᠨ ᠡᠭᠦᠯᠡᠰ ᠢ

ᠪᠠᠳᠢᠷᠴᠢᠨ ᠤ ᠠᠶᠠᠭ᠎ᠠ ᠪᠠᠷ ᠡ᠊ᠨᠳᠡᠭᠦᠷᠡᠪᠡ

ᠪᠣᠳᠤᠭᠤ ᠶᠢᠨ ᠵᠥᠭᠡᠯᠡᠨ ᠪᠣᠢ᠌ᠯᠠᠯ ᠢ

ᠪᠣᠳᠤᠯ ᠤᠨ ᠦᠨᠦᠴᠢᠷᠠᠯ ᠪᠠᠷ ᠡ᠊ᠨᠳᠡᠭᠦᠷᠡᠪᠡ

ᠪᠣᠰᠤᠭ᠎ᠠ ᠮᠤᠩᠭ᠋ᠤᠯ ᠥᠰᠦᠭ᠌ ᠵᠢᠠᠨ

ᠪᠣᠰᠤᠳ ᠡᠴᠠ ᠳᠤᠤᠷ᠎ᠠ ᠪᠠᠷ ᠡ᠊ᠨᠳᠡᠭᠦᠷᠡᠪᠡ


ᠦᠷᠭᠡᠨ ᠠᠭᠤᠳᠠᠮ ᠳᠠᠯ᠎ᠠ ᠪᠠᠨ

ᠢᠪᠴᠦᠦᠷᠡᠭᠦᠯᠵᠤ ᠨᠢᠭᠡ ᠡ᠊ᠨᠳᠡᠭᠦᠷᠡᠪᠡ

ᠦᠪᠡᠷ ᠤᠨ ᠦᠪ ᠰᠤᠶᠤᠯ ᠵᠢᠠᠨ

ᠥᠭᠡᠢ᠌ᠰᠭᠡᠵᠤ ᠪᠠᠰᠠ ᠡ᠊ᠨᠳᠡᠭᠦᠷᠡᠪᠡ

ᠥᠭᠡᠡᠴᠡ ᠳᠤᠷᠤᠢ ᠪᠠᠶ᠎ᠠ ᠪᠠᠨ

ᠮᠡᠷᠭᠡᠨ ᠭᠡᠵᠤ ᠡ᠊ᠨᠳᠡᠭᠦᠷᠡᠪᠡ

ᠥᠩᠭᠡ ᠮᠦᠩᠭᠦᠨ ᠳᠤ ᠬᠠᠭᠤᠷᠳᠠᠵᠤ

ᠦᠨᠳᠦᠰᠦ ᠪᠠᠨ ᠮᠠᠷᠳᠠᠵᠤ ᠡ᠊ᠨᠳᠡᠭᠦᠷᠡᠪᠡ


ᠠᠯᠤᠰ ᠤᠨ ᠳᠤᠩᠭ᠋ᠠᠯᠠᠭ ᠰᠠᠷᠠᠨ ᠢ

ᠠᠮᠠᠷᠠᠭ ᠪᠦᠰᠡᠭᠦᠢ ᠪᠠᠷ ᠡ᠊ᠨᠳᠡᠭᠦᠷᠡᠪᠡ

ᠠᠨᠢᠪᠴᠢᠬᠤ ᠣᠯᠠᠨ ᠣᠳᠤᠳ ᠢ

ᠠᠯᠢᠶ᠎ᠠ ᠬᠤᠩᠭ᠋ᠤᠷ ᠪᠠᠷ ᠡ᠊ᠨᠳᠡᠭᠦᠷᠡᠪᠡ

ᠠᠯᠠᠭᠠᠨ ᠳᠡᠭᠡᠷᠡᠭᠢ ᠠᠭᠤᠯᠠᠰ ᠵᠢᠠᠨ

ᠠᠶᠠᠭ᠎ᠠ ᠲᠡᠶ ᠮᠢᠬ᠎ᠠ ᠪᠠᠷ ᠡ᠊ᠨᠳᠡᠭᠦᠷᠡᠪᠡ

ᠠᠳᠤᠭᠤᠨ ᠰᠠᠢ᠌ᠬᠠᠨ ᠰᠤᠶᠤᠯ ᠵᠢᠠᠨ

ᠠᠷᠢᠭᠢᠨ ᠰᠤᠶᠤᠯ ᠶᠢᠡᠷ ᠡ᠊ᠨᠳᠡᠭᠦᠷᠡᠪᠡ


ᠳᠤᠤᠷ ᠲᠤ ᠬᠠᠰᠢᠭᠳᠠᠭᠰᠠᠨ ᠳᠠᠯ᠎ᠠ ᠪᠠᠨ

ᠬᠠᠨᠠᠭᠠᠷ ᠭᠡᠵᠤ ᠡ᠊ᠨᠳᠡᠭᠦᠷᠡᠪᠡ

ᠳᠤᠭᠤᠰᠤ ᠪᠣᠵᠢᠭᠢᠨᠠᠭᠰᠠᠨ ᠳᠡᠭ᠍ᠷᠢ ᠪᠠᠨ

ᠴᠡᠯᠮᠡᠭ᠌ ᠭᠡᠵᠤ ᠡ᠊ᠨᠳᠡᠭᠦᠷᠡᠪᠡ

ᠳᠤᠪᠣ ᠣᠳᠤᠷ ᠤᠨ ᠠᠮᠢᠳᠤᠷᠠᠯ ᠵᠢᠠᠨ

ᠬᠠᠮᠠᠭᠠᠯᠠᠯ ᠭᠡᠵᠤ 《ᠡ᠊ᠨᠳᠡᠭᠦᠷᠡᠪᠡ》

ᠳᠤᠷᠤᠰᠬ᠎ᠠ ᠳᠤ ᠪᠠᠭᠯᠠᠭᠳᠠᠭᠰᠠᠨ ᠮᠠᠯ ᠵᠢᠠᠨ

ᠳᠠᠷᠭᠤ ᠲᠡᠶ ᠭᠡᠵᠤ ᠡ᠊ᠨᠳᠡᠭᠦᠷᠡᠪᠡ


ᠭᠢᠯᠢᠩᠨᠡᠭᠡᠳ ᠨᠢᠭᠡ ᠡ᠊ᠨᠳᠡᠭᠦᠷᠡᠨ᠎ᠡ

ᠭᠢᠮᠠᠭᠠᠳᠠᠭᠠᠤᠨ ᠪᠠᠰᠠ ᠨᠢᠭᠡ ᠡ᠊ᠨᠳᠡᠭᠦᠷᠡᠨ᠎ᠡ

ᠬᠠᠢ᠌ᠷᠠᠯᠠᠭᠠᠤᠨ ᠮᠢᠩᠭ᠎ᠠ ᠡ᠊ᠨᠳᠡᠭᠦᠷᠡᠨ᠎ᠡ

ᠬᠠᠷᠠᠮᠰᠠᠭᠠᠤᠨ ᠲᠦᠮᠡ ᠡ᠊ᠨᠳᠡᠭᠦᠷᠡᠨ᠎ᠡ

ᠡ᠊ᠨᠳᠡᠭᠦᠷᠡᠨ᠎ᠡ᠂   ᠡ᠊ᠨᠳᠡᠭᠦᠷᠡᠨ᠎ᠡ ᠁

ᠪᠠᠰᠠ ᠡ᠊ᠨᠳᠡᠭᠦᠷᠡᠨ᠎ᠡ ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠭᠦᠩ ᠳᠢᠶ‍ᠧ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2658
ᠴᠠᠭ᠄ 2012 ᠤᠨ ᠤ 02 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ