ᠨᠡᠪᠲᠡᠷᠡᠨ ᠤᠷᠤᠬᠤ
ᠳᠠᠯᠠᠢ ᠨᠠᠭᠤᠷ ᠮᠢᠨᠢ

ᠳᠠᠯᠠᠢ ᠨᠠᠭᠤᠷ ᠡ᠂ ᠳᠠᠯᠠᠢ ᠨᠠᠭᠤᠷ

ᠳᠠᠯᠠᠢ ᠶᠡᠭᠡ ᠶᠢᠨ ᠪᠠᠯᠭᠡᠳᠡᠯᠳᠤ ᠰᠠᠢ᠌ᠬᠠᠨ ᠨᠠᠷ᠎ᠠ ᠲᠡᠶ ᠨᠠᠭᠤᠷ ᠡ

ᠳᠡᠭᠦᠤ ᠨᠢ ᠪᠣᠯᠬᠤ ᠳᠦᠷᠦᠭᠡ ᠭᠠᠩᠭ᠋ᠠᠩ ᠬᠤᠶᠠᠷ ᠵᠢᠠᠨ

ᠳᠠᠭᠠᠭᠤᠯᠵᠤ ᠬᠤᠶᠠᠷ ᠳᠠᠯ᠎ᠠ ᠳᠠᠭᠠᠨ ᠭᠦᠳᠦᠯᠦᠭ᠍ᠰᠡᠨ ᠨᠠᠭᠤᠷ ᠡ

ᠳᠠᠯᠠᠢ ᠨᠠᠭᠤᠷ ᠡ᠂ ᠳᠠᠯᠠᠢ ᠨᠠᠭᠤᠷ

ᠳᠠᠯᠠᠢ ᠵᠢᠷᠭᠠᠯ ᠶᠢᠡᠷ ᠬᠠᠯᠭᠢᠯᠠᠭᠰᠠᠨ ᠨᠤᠳᠤᠭ ᠤᠨ ᠮᠢᠨᠢ ᠨᠠᠭᠤᠷ ᠡ

ᠳᠠᠷᠬᠠᠨ ᠲᠦᠰᠢ ᠶᠢ ᠬᠣᠢ᠌ᠨ᠎ᠠ ᠡᠮᠤᠨ᠎ᠡ ᠪᠠᠨ ᠰᠥᠡᠳᠡᠷᠯᠡᠭᠦᠯᠵᠤ

ᠳᠠᠯᠠᠢ᠌ᠨᠠᠭᠤᠷ ᠪᠠᠯᠭᠠᠰᠤ ᠪᠠᠨ ᠬᠠᠳᠠᠨ ᠡᠩᠭᠡᠷ ᠲᠤ ᠪᠠᠢ᠌ᠷᠢᠰᠢᠭᠤᠯᠤᠭᠰᠠᠨ ᠨᠠᠭᠤᠷ ᠡ

ᠬᠤᠨ ᠤ ᠨᠠᠭᠤᠷ ᠡ᠂ ᠳᠠᠯᠠᠢ ᠨᠠᠭᠤᠷ

ᠬᠤᠯᠠ ᠶᠢ ᠵᠤᠷᠢᠳᠠᠭ ᠨᠡᠭᠦᠳᠡᠯ ᠤᠨ ᠭᠠᠯᠠᠭᠤᠳ ᠶᠢᠡᠨ ᠥᠯᠦᠭᠡᠢ᠌ᠳᠡᠭ᠍ᠰᠡᠨ ᠨᠠᠭᠤᠷ ᠡ

ᠬᠠᠨᠠᠭᠠᠷ ᠠᠭᠤᠳᠠᠮ ᠭᠦᠩᠭᠡᠷ ᠤᠨ ᠳᠠᠯ᠎ᠠ ᠪᠠᠨ ᠪᠠᠬᠠᠷᠠᠭᠤᠯᠵᠤ

ᠬᠤᠩᠭᠢᠷᠠᠤᠨ ᠤᠨ ᠵᠤᠰᠠᠯᠠᠩ ᠬᠤᠯᠠᠨ ᠰᠢᠷᠭ᠎ᠠ ᠶᠢᠨ ᠡᠯᠡᠰᠤ ᠪᠠᠨ ᠭᠠᠢ᠌ᠬᠠᠭᠤᠯᠤᠭᠰᠠᠨ ᠨᠠᠭᠤᠷ ᠡ

ᠭᠠᠯᠠᠭᠤᠳᠤ ᠨᠠᠭᠤᠷ ᠡ᠂ ᠳᠠᠯᠠᠢ ᠨᠠᠭᠤᠷ

ᠭᠤᠶᠤᠮᠰᠤᠭ ᠵᠢᠰᠤ ᠪᠠᠨ ᠳᠡᠯᠡᠭᠡᠢ ᠳᠠᠶᠠᠭᠠᠷ ᠲᠤ ᠠᠯᠳᠠᠷᠰᠢᠭᠤᠯᠤᠭᠰᠠᠨ ᠨᠠᠭᠤᠷ ᠡ

ᠭᠠᠯᠳᠠᠭᠳᠠᠭᠰᠠᠨ ᠴᠤ ᠭᠠᠠᠳᠢᠭ ᠴᠢᠯᠠᠭᠤᠨ ᠰᠠᠭᠤᠷᠢ ᠨᠢ ᠮᠥᠩᠭᠡᠷᠡᠭᠦ

ᠭᠠᠢ᠌ᠬᠠᠮᠠᠰᠢᠭᠳᠤ ᠶᠤᠸᠠᠨ ᠤ ᠪᠠᠷᠰ ᠬᠤᠳᠠ ᠪᠠᠨ ᠥᠯᠢᠭᠡᠷᠯᠡᠭ᠍ᠰᠡᠨ ᠨᠠᠭᠤᠷ ᠡ

ᠳᠠᠯᠠᠢ ᠨᠠᠭᠤᠷ ᠡ᠂ ᠳᠠᠯᠠᠢ ᠨᠠᠭᠤᠷ

ᠳᠠᠭ᠎ᠠ ᠳᠤᠭᠤᠯ ᠰᠢᠭ ᠪᠠᠭ᠎ᠠ ᠶᠢᠨ ᠨᠠᠰᠤ ᠶᠢ ᠳᠤᠮᠤᠭᠠᠵᠢᠭᠤᠯᠤᠭᠰᠠᠨ ᠨᠠᠭᠤᠷ ᠡ

ᠳᠠᠪᠰᠢᠯ ᠭᠦᠭ᠍ᠵᠢᠯ ᠤᠨ ᠮᠢᠨᠢ ᠵᠠᠮ ᠳᠤ ᠰᠠᠴᠤᠯᠢ ᠡᠷᠭᠦᠵᠤ

ᠳᠠᠷᠠᠭᠠᠴᠢ ᠬᠤᠵᠢᠮ ᠤᠨ ᠦᠯᠵᠡᠢ ᠵᠢᠷᠭᠠᠯ ᠢ ᠵᠥᠩᠨᠡᠭ᠍ᠰᠡᠨ ᠰᠢᠳᠦᠭᠡᠡᠳᠤ ᠨᠠᠭᠤᠷ ᠡ︕



ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2651
ᠴᠠᠭ᠄ 2010 ᠤᠨ ᠤ 03 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ