ᠨᠡᠪᠲᠡᠷᠡᠨ ᠤᠷᠤᠬᠤ
ᠪᠣᠰᠤᠭ᠎ᠠ ᠳᠤᠮᠤᠭᠳᠤ ᠦᠴᠢᠯ

ᠪᠣᠳᠤᠯ ᠤᠨ ᠣᠴᠢ ᠬᠠᠷᠪᠣᠵᠤ ᠦᠳᠡᠰᠢ ᠶᠢᠨ ᠣᠭᠳᠠᠷᠭᠤᠢ ᠶᠢ ᠵᠦᠰᠤᠵᠤ

ᠪᠣᠷᠬᠠᠨ ᠬᠠᠯᠳᠤᠨ ᠡᠴᠡ ᠪᠢᠯᠢᠭ᠌ ᠤᠴᠢᠯᠡᠵᠤ ᠭᠡᠷᠦᠯᠤᠨ ᠤ ᠭᠦᠪᠠᠭᠡᠨ ᠳᠤ ᠰᠠᠭᠠᠳᠠᠨᠠᠮ

ᠪᠣᠭᠤᠷᠤᠯ ᠳᠤᠮᠤᠭ ᠡᠴᠡ ᠰᠠᠳᠤᠪᠯᠠᠵᠤ ᠪᠣᠭᠳᠠ ᠴᠢᠩᠭᠢᠰ ᠢ ᠰᠠᠨᠠᠭᠠᠯᠵᠠᠬᠤ ᠳᠤ

ᠪᠠᠢ᠌ᠯᠳᠤᠨ ᠳᠠᠭᠠᠭᠤᠯᠤᠭᠰᠠᠨ ᠬᠤᠷᠸᠼᠮ ᠤᠨ ᠡᠪᠳᠡᠷᠭᠡᠢ ᠬᠤᠳᠠ ᠪᠦᠷᠳᠦᠯᠵᠡᠨ᠎ᠡ

ᠳᠠᠲ᠋ᠠᠷ ᠦᠬᠢᠨ ᠶᠢᠰᠤᠢ ᠶᠢᠨ ᠴᠠᠴᠠᠨ ᠣᠬᠠᠭᠠᠨ ᠰᠤᠯᠤᠩᠭ᠋ᠠᠷᠠᠵᠤ

ᠳᠠᠢ᠌ᠴᠢᠭᠤᠳ ᠭᠦᠭ᠍ᠰᠢᠨ ᠰᠤᠷᠬᠠᠨ ᠰᠢᠷ᠎ᠠ ᠶᠢᠨ ᠭᠦᠮᠤᠨ ᠮᠦᠰᠤ ᠰᠢᠵᠢᠷᠳᠠᠨᠠᠮ

ᠲᠤᠮᠤᠭᠠᠲᠠᠢ ᠡᠷ᠎ᠡ ᠰᠢᠭᠢᠬᠤᠳᠤᠭ ᠤᠨ ᠳᠠᠮᠤᠷ ᠬᠠᠤᠯᠢ ᠭᠢᠯᠠᠯᠵᠠᠬᠤ ᠳᠤ

ᠳᠠᠩᠭ᠋ᠤᠳ ᠡᠷᠳᠡᠮᠳᠡᠨ ᠶᠸᠯᠢᠤᠢ ᠴᠦᠼᠡᠢ ᠶᠢᠨ ᠮᠡᠷᠭᠡᠨ ᠪᠤᠳᠤᠯᠭ᠎ᠠ ᠲᠡᠷᠭᠡᠯᠰᠢᠨ᠎ᠡ

ᠪᠠᠯᠠᠷ ᠰᠢᠭᠤᠢ ᠶᠢᠨ ᠲᠦᠩ ᠬᠠᠷ᠎ᠠ ᠣᠢ ᠳ᠋ᠤ ᠲ᠋ᠡᠮᠦᠵᠢᠨ ᠪᠠᠭ᠍ᠳᠡᠷ ᠢ ᠬᠠᠷᠪᠣᠵᠤ

ᠪᠣᠷᠵᠢᠭᠢᠨ ᠶᠠᠰᠤᠳᠠᠨ ᠤ ᠥᠯᠢᠭᠡᠷ ᠳᠡᠦᠭᠡᠨ ᠳᠤ ᠡᠴᠢᠭᠡ ᠭᠦᠪᠠᠭᠦᠨ ᠵᠥᠷᠢᠴᠡᠯᠳᠦᠨᠡᠮ

ᠪᠦᠷᠳᠡ ᠡᠭᠡ ᠶᠢᠨ ᠬᠠᠯᠠᠭᠤᠨ ᠨᠢᠯᠪᠣᠰᠤᠨ ᠳᠤ ᠭᠤᠨᠢᠭ ᠪᠠᠶᠠᠰᠤᠯ ᠬᠤᠤᠰᠯᠠᠬᠤ ᠳᠤ

ᠪᠣᠭᠳᠠ ᠴᠢᠩᠭᠢᠰ ᠤᠨ ᠢᠰᠡᠭᠡᠢ ᠮᠠᠢ᠌ᠬᠠᠨ ᠳᠤ ᠵᠦᠴᠢ ᠴᠠᠭᠠᠳᠠᠢ ᠵᠢᠭᠤᠷᠠᠯᠳᠤᠨᠠᠮ

ᠠᠠᠳᠠ ᠶᠢᠨ ᠵᠢᠷᠤᠮ ᠢ ᠭᠦᠢᠴᠡᠳᠭᠡᠭ᠍ᠰᠡᠨ ᠡᠴᠡ ᠵᠠᠮᠤᠬ᠎ᠠ ᠪᠦᠳᠤᠨ ᠭᠡᠭᠦᠷ ᠲᠡᠶ ᠮᠥᠭᠦᠵᠤ

ᠠᠢ᠌ᠮᠠᠭ ᠤᠨ ᠨᠠᠢ᠌ᠷ ᠢ ᠪᠣᠳᠤᠭᠰᠠᠨ ᠡᠴᠡ ᠲ᠋ᠡᠷᠭᠤᠳᠡᠢ ᠥᠭᠡᠷ ᠤᠨ ᠠᠷᠠᠰᠤᠨ ᠳᠤ ᠡᠴᠦᠰᠯᠡᠪᠠᠢ

ᠠᠪᠣ ᠶᠢᠨ ᠠᠴᠢ ᠶᠢ ᠰᠠᠨᠠᠭᠰᠠᠨ ᠡᠴᠡ ᠠᠯᠳᠠ ᠠᠪᠠᠭ᠎ᠠ ᠠᠮᠢᠳᠤ ᠰᠡᠷᠡᠭᠦᠨ ᠦᠯᠠᠳᠠᠵᠤ

ᠠᠮᠠᠷᠠᠭ ᠤᠨ ᠰᠠᠤᠠᠭᠢᠯ ᠢ ᠵᠢᠷᠤᠮᠯᠠᠭᠰᠠᠭᠠᠷ ᠬᠠᠳᠠᠭᠠᠨ ᠭᠡᠦᠭᠡᠨ ᠪᠠᠯᠪᠠᠰᠤᠨ ᠬᠤᠴᠤᠷᠴᠤᠬᠤᠢ

ᠥᠭᠦᠯ ᠮᠥᠭᠦᠯ ᠡᠴᠡ ᠰᠥᠷᠳᠡᠳᠡᠭ᠌ ᠦᠭᠡᠶ ᠵᠠᠯᠮ᠎ᠠ ᠪᠠᠭᠠᠳᠤᠷ ᠤᠨ ᠡᠷᠡᠮᠡᠭᠡᠢ ᠰᠥᠰᠤ

ᠦᠨᠡᠨ ᠶᠤᠰᠤ ᠶᠢ ᠥᠭᠦᠨ ᠪᠠᠷᠢᠮᠳᠠᠯᠠᠳᠠᠭ ᠮᠤᠬᠤᠯᠠᠢ ᠵᠠᠩᠵᠤᠨ ᠤ ᠡᠷᠡᠯᠭᠡᠭ᠌ ᠵᠤᠷᠢᠭ

ᠥᠭᠡᠢ᠌ᠭᠦᠤ ᠶᠠᠳᠠᠭᠤ ᠶᠢ ᠡᠨᠡᠷᠢᠨ ᠥᠷᠦᠰᠢᠶᠡᠳᠡᠭ᠌ ᠥᠭᠡᠯᠤᠨ ᠡᠭᠡ ᠶᠢᠨ ᠥᠭ᠍‍ᠭᠢᠶᠡᠮᠦᠷ ᠰᠠᠤᠠᠭᠢᠯ

ᠦᠨᠦᠴᠢᠨ ᠪᠠᠯᠪᠠᠰᠤᠨ ᠢ ᠠᠭᠤᠴᠢᠯᠠᠨ ᠪᠠᠭᠳᠠᠭᠠᠳᠠᠭ ᠡᠵᠡᠨ ᠴᠢᠩᠭᠢᠰ ᠤᠨ ᠠᠭᠤᠳᠠᠮ ᠪᠣᠳᠤᠯᠭ᠎ᠠ


2006.3.30

ᠵᠤᠬᠢᠶᠠᠭᠴᠢ᠄ ᠨᠤ᠋·ᠳᠡᠭ᠍ᠵᠢᠷᠡᠭᠦ
ᠢᠷᠡᠯᠲᠡ᠄ ᠠᠯᠳᠠᠷᠳᠤ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3847
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ