☆ ᠪᠠᠶᠠᠠᠪᠠᠭᠠᠳᠤᠷ
ᠮᠤᠩᠭ᠋ᠤᠯ ᠭᠦᠮᠤᠨ ᠤ ᠭᠢᠳᠠᠳᠴᠢᠯᠠᠭᠰᠠᠨ ᠣᠪᠣᠭ ᠭᠡᠮᠡᠭ᠍ᠴᠢ
《〈ᠮᠤᠩᠭ᠋ᠤᠯ ᠭᠦᠮᠤᠨ ᠣᠪᠣᠭ ᠲᠡᠶ ᠦᠦ︖〉 ᠭᠡᠭ᠍ᠴᠢ ᠶᠠᠭᠤ ᠭᠡᠰᠡᠨ ᠥᠭᠡ ᠪᠣᠢ》 ᠭᠡᠭᠦ ᠵᠤᠬᠢᠶᠠᠯ ᠳᠤ ᠮᠤᠩᠭ᠋ᠤᠯ ᠭᠦᠮᠤᠨ ᠤ ᠣᠪᠣᠭ ᠤᠨ ᠳᠣᠢ᠌ᠮᠤ ᠪᠠᠢ᠌ᠳᠠᠯ ᠪᠠ ᠮᠤᠩᠭ᠋ᠤᠯᠴᠤᠳ ᠤᠨ ᠣᠪᠣᠭ ᠶᠢᠡᠨ ᠭᠡᠷᠡᠭᠯᠡᠵᠤ ᠣᠯᠠᠮᠵᠢᠯᠠᠬᠤ ᠵᠠᠩᠰᠢᠯ ᠢ ᠶᠠᠷᠢᠭᠰᠠᠨ ᠪᠢᠯᠠ᠃ ᠣᠳᠤ ᠡ᠊ᠨᠳᠡ ᠮᠤᠩᠭᠤᠯ ᠭᠦᠮᠤᠨ ᠤ ᠭᠢᠳᠠᠳᠴᠢᠯᠠᠭᠰᠠᠨ ᠤᠪᠤᠭ ᠭᠡᠮᠡᠭ᠍ᠴᠢ ᠶᠠᠭᠤ ᠪᠣᠯᠬᠤ ᠶᠢ ᠥᠭᠦᠯᠡᠶ᠎ᠡ᠃
ᠭᠢᠳᠠᠳᠴᠢᠯᠠᠭᠰᠠᠨ ᠤᠪᠤᠭ ᠨᠢ ᠴᠤᠬᠤᠮ ᠳᠠᠭᠠᠨ ᠮᠤᠩᠭᠤᠯ ᠭᠦᠮᠤᠨ ᠤ ᠭᠢᠳᠠᠤᠨ ᠨᠠᠷᠠ ᠳᠤ ᠯᠠ ᠬᠤᠯᠪᠣᠭᠳᠠᠬᠤ ᠤᠴᠢᠷ ᠪᠠᠢ᠌ᠪᠠᠯ ᠳᠠᠭᠠᠷᠠᠨᠡ᠃ ᠭᠡᠪᠠᠴᠤ ᠮᠤᠩᠭᠤᠯᠴᠤᠳ ᠤᠨ ᠤᠯᠡᠡᠩᠭᠢ ᠭᠢᠳᠠᠳᠴᠢᠯᠠᠭᠰᠠᠨ ᠤᠪᠤᠭ ᠨᠢ ᠮᠤᠩᠭᠤᠯ ᠤᠪᠤᠭ ᠢ ᠨᠢ ᠨᠢᠭᠡᠮᠦᠰᠤᠨ ᠤᠷᠦᠯᠡᠴᠢᠬᠠᠳᠠᠭ ᠪᠣᠶᠤ ᠤᠪᠤᠭ ᠶᠢᠡᠨ ᠭᠢᠳᠠᠳᠴᠢᠯᠠᠭᠰᠠᠨ ᠡᠴᠠ ᠪᠣᠯᠵᠤ ᠡᠪᠦᠭᠡ ᠳᠡᠭᠡᠳᠦᠰ ᠨᠢ ᠶᠠᠮᠠᠷ ᠤᠪᠤᠭ ᠲᠡᠶ ᠪᠠᠢ᠌ᠭᠰᠠᠨ ᠭᠡᠳᠡᠭ᠌ ᠨᠢ ᠮᠡᠳᠡᠭ᠍ᠳᠡᠭᠦ ᠥᠭᠡᠢ ᠪᠣᠯᠴᠢᠬᠠᠳᠠᠭ᠃ ᠨᠠᠩ ᠴᠤ ᠭᠢᠳᠠᠳᠴᠢᠯᠠᠭᠰᠠᠨ ᠤᠪᠤᠭ ᠨᠢ ᠳᠠᠭᠢᠨ ᠮᠤᠩᠭᠤᠯ ᠳᠠᠭᠤᠳᠠᠯᠭ᠎ᠠ ᠪᠠ ᠪᠢᠴᠢᠭ᠌ ᠳᠡᠭᠡᠷ᠎ᠡ ᠰᠡᠷᠭᠦᠭᠡᠭ᠍ᠳᠡᠭᠦ ᠳᠡᠭᠡᠨ ᠤᠯᠡᠡᠩᠭᠢ ᠳᠠᠭᠠᠨ ᠤᠤᠯ ᠮᠤᠩᠭᠤᠯ ᠤᠪᠤᠭ ᠤᠨ ᠭᠡᠯᠪᠠᠷᠢ ᠪᠠᠷ ᠪᠢᠰᠢ᠂ ᠬᠠᠷᠢᠨ ᠭᠢᠳᠠᠤᠨ ᠥᠭᠡ ᠶᠢ ᠨᠢ ᠰᠢᠭᠤᠳ ᠪᠠᠭᠤᠯᠭᠠᠨ᠄ ᠶᠠᠩ ᠴᠢᠮᠡᠭ᠌᠂ ᠪᠣᠤ ᠰᠠᠷᠠᠭᠤᠯ᠂ ᠬᠤᠸᠠᠩ ᠪᠠᠳᠤ ᠭᠡᠭᠦ ᠮᠠᠳᠤ ᠪᠠᠷ ᠪᠢᠴᠢᠵᠤ ᠳᠠᠭᠤᠳᠠᠬᠤ ᠪᠣᠯᠵᠠᠢ᠃ ᠡᠢ᠌ᠮᠤ ᠡᠴᠠ ᠭᠢᠳᠠᠳᠴᠢᠯᠠᠭᠰᠠᠨ ᠤᠪᠤᠭ ᠤᠨ ᠤᠴᠢᠷ ᠢ ᠪᠠᠰᠠ ᠶᠠᠷᠢᠬᠤ ᠭᠡᠷᠡᠭ᠍ᠳᠡᠢ ᠪᠠᠢ᠌ᠨ᠎ᠡ᠃
ᠳᠡᠯᠡᠭᠡᠢ ᠶᠢᠨ ᠠᠯᠢ ᠴᠤ ᠥᠡᠳᠦᠰᠦᠳᠡᠨ ᠨᠢ ᠥᠭᠡᠷ᠎ᠡ ᠪᠣᠰᠤᠳ ᠥᠡᠳᠦᠰᠦᠳᠡᠨ ᠲᠡᠶ ᠬᠠᠮᠳᠤᠷᠠᠨ ᠠᠵᠢᠯᠯᠠᠵᠤ ᠠᠮᠢᠳᠤᠷᠠᠬᠤ ᠥᠶ᠎ᠡ ᠳᠤ ᠳᠤᠬᠠᠢ ᠶᠢᠨ ᠥᠡᠳᠦᠰᠦᠳᠡᠨ ᠤ ᠵᠠᠩ ᠳᠠᠳᠬᠠᠯ ᠢ ᠭᠦᠡᠳᠦᠳᠭᠡᠭᠦ ᠪᠠ ᠬᠠᠷᠢᠴᠠᠬᠤ ᠳᠤ ᠳᠦᠭᠦᠮ ᠢ ᠪᠣᠳᠤᠵᠤ ᠭᠢᠳᠠᠤᠨ ᠨᠠᠷᠠ᠂ ᠮᠤᠩᠭᠤᠯ ᠨᠠᠷᠠ᠂ ᠶᠠᠫᠣᠨ ᠨᠠᠷᠠ᠂ ᠠᠩᠭ᠍ᠯᠢ ᠨᠠᠷᠠ ᠭᠡᠭᠦ ᠮᠠᠳᠤ ᠪᠠᠷ ᠥᠭᠡᠷ᠎ᠡ ᠥᠡᠳᠦᠰᠦᠳᠡᠨ ᠤ ᠭᠡᠯᠡ ᠪᠠᠷ ᠨᠡᠷᠡᠯᠡᠭ᠍ᠰᠡᠨ ᠨᠠᠷᠠ ᠶᠢ ᠭᠡᠷᠡᠭᠯᠡᠭᠦ ᠤᠴᠢᠷ ᠪᠠᠢ᠌ᠳᠠᠭ᠃ ᠡᠭᠦᠨ ᠤ ᠳᠠᠭᠠᠤ ᠪᠣᠰᠤᠳ ᠥᠡᠳᠦᠰᠦᠳᠡᠨ ᠤ ᠵᠠᠩᠰᠢᠯ ᠪᠠ ᠥᠭᠡ ᠭᠡᠯᠡᠨ ᠤ ᠤᠨᠴᠠᠯᠢᠭ ᠲᠤ ᠵᠤᠭᠢᠴᠠᠭᠤᠯᠬᠤ ᠶᠢᠨ ᠳᠤᠰᠠᠳᠠ ᠥᠪᠠᠷ ᠤᠨ ᠤᠪᠤᠭ ᠶᠢᠡᠨ ᠴᠤ ᠶᠠᠮᠠᠷ ᠨᠢᠭᠡᠨ ᠠᠷᠭ᠎ᠠ ᠪᠠᠷ ᠨᠠᠷᠠ ᠲᠡᠶ ᠪᠠᠨ ᠬᠠᠮᠳᠤᠷᠠᠭᠤᠯᠤᠨ ᠥᠭᠡᠷ᠎ᠡ ᠭᠡᠯᠡ ᠪᠠᠷ ᠳᠡᠮᠳᠡᠭᠯᠡᠨ ᠢᠯᠡᠳᠭᠡᠭᠦ ᠥᠵᠡᠭ᠍ᠳᠡᠯ ᠴᠤ ᠪᠠᠢ᠌ᠳᠠᠭ᠃ ᠮᠤᠩᠭᠤᠯ ᠭᠦᠮᠤᠨ ᠤ ᠭᠢᠳᠠᠳᠴᠢᠯᠠᠭᠰᠠᠨ ᠤᠪᠤᠭ ᠲᠤ ᠮᠦᠨ ᠡᠢ᠌ᠮᠤ ᠰᠢᠠᠵᠢ ᠶᠢ ᠠᠭᠤᠯᠵᠤ ᠪᠠᠢ᠌ᠳᠠᠭ ᠪᠣᠯᠪᠠᠴᠤ ᠳᠡᠦᠭᠡ ᠶᠢᠨ ᠡᠯᠳᠡᠪ ᠰᠢᠯᠳᠠᠭᠠᠨ ᠡᠴᠠ ᠪᠣᠯᠵᠤ ᠪᠠᠰᠠ ᠥᠭᠡᠷ᠎ᠡ ᠰᠢᠠᠵᠢ ᠤᠨᠴᠠᠯᠢᠭ ᠲᠡᠶ ᠪᠣᠯᠤᠭᠰᠠᠨ ᠪᠦᠭᠡᠳ ᠮᠠᠰᠢ ᠤᠯᠡᠨ ᠭᠦᠮᠦᠰ ᠭᠢᠳᠠᠳᠴᠢᠯᠠᠭᠰᠠᠨ ᠤᠪᠤᠭ ᠲᠡᠶ ᠪᠣᠯᠵᠠᠢ᠃
ᠮᠤᠩᠭᠤᠯ ᠭᠦᠮᠤᠨ ᠤ ᠭᠢᠳᠠᠳᠴᠢᠯᠠᠭᠰᠠᠨ ᠤᠪᠤᠭ ᠢ ᠡᠢ᠌ᠮᠤ ᠳᠠᠢ᠌ᠮᠤ ᠰᠢᠠᠵᠢ ᠤᠨᠴᠠᠯᠢᠭ ᠲᠡᠶ ᠭᠡᠮᠡᠨ ᠥᠭᠦᠯᠡᠭᠦ ᠳᠤ ᠠᠷᠪᠢᠨ ᠭᠦᠮᠤᠨ ᠤ ᠪᠣᠳᠠᠳᠤ ᠤᠪᠤᠭ ᠬᠠᠮᠤᠷᠤᠭᠳᠠᠨᠡ᠃ ᠭᠡᠪᠠᠴᠤ ᠪᠢᠳᠠ ᠡ᠊ᠨᠳᠠ ᠡᠢ᠌ᠮᠤ ᠤᠪᠤᠭ ᠲᠡᠶ ᠭᠦᠮᠤᠨ ᠪᠠ ᠳᠠᠳᠠᠨ ᠤ ᠳᠡᠭᠡᠳᠦᠰ ᠢ ᠪᠣᠷᠤᠭᠤᠰᠢᠶᠠᠵᠤ ᠪᠠᠢ᠌ᠭ᠎ᠠ ᠤᠴᠢᠷ ᠤᠭᠳᠤ ᠪᠢᠰᠢ ᠪᠢᠯᠠ᠃ ᠡᠢ᠌ᠮᠤ ᠤᠪᠤᠭ ᠲᠡᠶ ᠪᠣᠯᠤᠭᠰᠠᠨ ᠤᠴᠢᠷ ᠨᠢ ᠳᠡᠦᠭᠡ ᠶᠢᠨ ᠤᠨᠴᠠᠭᠠᠢ ᠨᠥᠭᠦᠴᠡᠯ ᠰᠢᠯᠳᠠᠭᠠᠨ ᠲᠡᠶ ᠶᠤᠮ᠃ ᠡᠢ᠌ᠮᠤ ᠡᠴᠠ ᠡᠭᠦᠨ ᠢ ᠬᠠᠷᠢᠨ ᠡᠳᠦᠭᠡ ᠴᠠᠭ ᠲᠤ ᠵᠦᠪ ᠶᠢᠡᠷ ᠳᠠᠨᠢᠵᠤ ᠪᠣᠯᠬᠤ ᠪᠦᠭᠡᠳ ᠢᠯᠠᠩᠭᠤᠶ᠎ᠠ ᠥᠷ᠎ᠡ ᠬᠣᠢ᠌ᠴᠢᠰ ᠲᠠᠭᠠᠨ ᠵᠦᠪ ᠶᠢᠡᠷ ᠳᠠᠨᠢᠭᠤᠯᠬᠤ ᠭᠡᠷᠡᠭ᠍ᠳᠡᠢ ᠪᠠᠢ᠌ᠨ᠎ᠡ᠃
ᠮᠤᠩᠭᠤᠯ ᠭᠦᠮᠤᠨ ᠤ ᠭᠢᠳᠠᠳᠴᠢᠯᠠᠭᠰᠠᠨ ᠤᠪᠤᠭ ᠤᠨ ᠭᠢᠳᠠᠳᠴᠢᠯᠠᠭᠰᠠᠨ ᠪᠣᠳᠠᠳᠤ ᠠᠷᠭ᠎ᠠ ᠠᠪᠴᠢᠯ ᠨᠢ ᠶᠠᠩᠵᠤ ᠪᠦᠷᠢ ᠶᠢᠨ ᠪᠠᠢ᠌ᠳᠠᠭ ᠪᠣᠯᠪᠠᠴᠤ ᠶᠡᠭᠡ ᠲᠦᠯᠦᠪ ᠳᠤᠤᠷ᠎ᠠ ᠮᠠᠳᠤ ᠵᠣᠢ᠌ᠯ ᠳᠤ ᠬᠤᠪᠢᠶᠠᠨ ᠥᠵᠡᠵᠤ ᠪᠣᠯᠤᠨ᠎ᠡ᠃
1. ᠡᠭᠢᠨ ᠤ ᠥᠶ᠎ᠡ ᠶᠢ ᠨᠢ ᠠᠪᠢᠶᠠᠴᠢᠯᠠᠨ ᠳᠡᠮᠳᠡᠭᠯᠡᠭ᠍ᠰᠡᠨ ᠤᠪᠤᠭ ①᠃ ᠵᠢᠱᠢᠶᠠᠯᠠᠪᠠᠯ᠄
ᠪᠣᠷᠵᠢᠭᠢᠨ ᠊᠊᠊᠊᠊᠊᠊᠊᠊᠊᠊᠊᠊᠊᠊ 鲍宝包暴 ᠤᠷᠢᠶᠡᠩᠭᠡᠢ ᠊᠊᠊᠊᠊᠊᠊᠊᠊᠊᠊᠊᠊᠊᠊ 乌武吴 ᠭᠡᠷᠡᠢ᠌ᠤᠨ ᠊᠊᠊᠊᠊᠊᠊᠊᠊᠊᠊᠊᠊᠊᠊ 何贺 ᠳᠠᠲ᠋ᠠᠷ ᠊᠊᠊᠊᠊᠊᠊᠊᠊᠊᠊᠊᠊᠊᠊ 代台 ᠴᠢᠨᠤᠰ ᠊᠊᠊᠊᠊᠊᠊᠊᠊᠊᠊᠊᠊᠊᠊ 齐 ᠤᠩᠭᠤᠳ ᠊᠊᠊᠊᠊᠊᠊᠊᠊᠊᠊᠊᠊᠊᠊ 王 ᠪᠠᠶᠠᠭᠤᠳ ᠊᠊᠊᠊᠊᠊᠊᠊᠊᠊᠊᠊᠊᠊᠊ 白 ᠪᠠᠯᠴᠢᠷᠤᠳ ᠊᠊᠊᠊᠊᠊᠊᠊᠊᠊᠊᠊᠊᠊᠊ 白 ᠭᠡᠭᠦ ᠮᠠᠳᠤ᠃
ᠡᠢ᠌ᠮᠤ ᠤᠪᠤᠭ ᠢ ᠤᠤᠯ ᠤᠪᠤᠭ ᠤᠨ ᠡᠭᠢᠨ ᠤ ᠥᠶ᠎ᠡ ᠶᠢᠨ ᠳᠠᠭᠤᠳᠠᠯᠭ᠎ᠠ ᠶᠢ ᠵᠤᠭᠢᠬᠤ ᠭᠡᠮᠵᠢᠶ᠎ᠡ ᠪᠠᠷ ᠬᠠᠳᠠᠭᠠᠯᠠᠵᠤ ᠪᠠᠢ᠌ᠨ᠎ᠡ ᠭᠡᠵᠤ ᠭᠡᠯᠡᠵᠤ ᠪᠣᠯᠬᠤ ᠪᠣᠯᠪᠠᠴᠤ ᠮᠦᠨ ᠯᠠ ᠤᠤᠯ ᠤᠪᠤᠭ ᠢ ᠳᠡᠮᠳᠡᠭᠯᠡᠵᠤ ᠴᠢᠳᠠᠬᠤ ᠥᠭᠡᠢ᠃ ᠤᠤᠯ ᠤᠪᠤᠭ ᠤᠨ ᠶᠢᠡᠨ ᠭᠡᠯᠪᠠᠷᠢ ᠶᠢ ᠥᠭᠡᠷᠡᠴᠢᠯᠡᠭᠡᠳ ᠴᠢᠨᠠᠭᠰᠢ ᠤᠯᠡᠮᠵᠢᠯᠡᠯᠡ ᠭᠡᠵᠤ ᠴᠤ ᠪᠣᠯᠬᠤ ᠥᠭᠡᠢ᠃ ᠤᠴᠢᠷ ᠨᠢ ᠨᠢᠭᠡ ᠤᠪᠤᠭ ᠡᠴᠠ ᠭᠡᠳᠤᠨ ᠭᠡᠯᠪᠠᠷᠢ ᠪᠣᠶᠤ ᠭᠡᠳᠤᠨ ᠵᠣᠢ᠌ᠯ ᠤᠨ ᠤᠪᠤᠭ ᠡᠭᠦᠰᠪᠡ᠃ ᠮᠦᠨ ᠭᠡᠳᠤᠨ ᠤᠪᠤᠭ ᠨᠠᠢ᠌ᠯᠠᠵᠤ ᠨᠢᠭᠡ ᠤᠪᠤᠭ ᠪᠣᠯᠪᠠ᠂ ᠵᠢᠱᠢᠶᠠᠨ ᠳ᠋ᠠᠭᠢ 白 ᠤᠪᠤᠭ ᠡᠭᠦᠨ ᠢ ᠥᠵᠡᠭᠦᠯᠵᠤ ᠪᠣᠢ᠃
2. ᠥᠭᠡ ᠶᠢᠨ ᠤᠳᠬ᠎ᠠ ᠶᠢ ᠤᠷᠴᠢᠭᠤᠯᠤᠭᠰᠠᠨ ᠤᠪᠤᠭ᠄ ᠡᠨᠠ ᠨᠢ ᠤᠪᠤᠭ ᠶᠢᠡᠨ ᠭᠢᠳᠠᠳᠴᠢᠯᠠᠬᠤ ᠳᠠᠭᠠᠨ ᠤᠤᠯ ᠤᠪᠤᠭ ᠲᠡᠶ ᠪᠠᠨ ᠶᠠᠮᠠᠷ ᠨᠢᠭᠡᠨ ᠳᠠᠯ᠎ᠠ ᠪᠠᠷ ᠬᠤᠯᠪᠣᠭᠠᠳᠠᠢ ᠪᠣᠯᠭᠠᠬᠤ ᠶᠢ ᠪᠣᠳᠤᠵᠤ ᠤᠪᠤᠭ ᠪᠣᠯᠤᠨ ᠭᠡᠷᠡᠭᠯᠡᠭ᠍ᠳᠡᠭ᠍ᠰᠡᠨ ᠥᠭᠡ ᠶᠢᠨ ᠤᠤᠯ ᠤᠳᠬ᠎ᠠ ᠶᠢ ᠢᠯᠡᠳᠭᠡᠭᠦ ᠥᠭᠡ ᠪᠣᠶᠤ ᠤᠳᠬ᠎ᠠ ᠥᠢᠷᠡᠯᠴᠠᠭᠠ ᠥᠭᠡ ᠪᠠᠷ ᠤᠪᠤᠭᠯᠠᠭᠰᠠᠨ ᠶᠠᠪᠣᠳᠠᠯ ᠪᠣᠯᠤᠨ᠎ᠡ᠃ ᠵᠢᠱᠢᠶ᠎ᠠ ᠨᠢ᠄
ᠬᠠᠳᠠᠴᠢᠨ ᠊᠊᠊᠊᠊᠊᠊᠊᠊᠊᠊᠊᠊᠊᠊ 石 ᠨᠥᠭᠡᠴᠢᠨ ᠊᠊᠊᠊᠊᠊᠊᠊᠊᠊᠊᠊᠊᠊᠊ 姚 (窑 ᠭᠡᠵᠤ ᠤᠷᠴᠢᠭᠤᠯᠤᠭᠠᠳ ᠡᠭᠦᠨ ᠶᠢᠡᠨ ᠳᠠᠭᠢᠨ 姚 ᠪᠣᠯᠭᠠᠵᠠᠢ) ᠮᠢᠩᠭᠠᠤᠨ ᠊᠊᠊᠊᠊᠊᠊᠊᠊᠊᠊᠊᠊᠊᠊ 千钱 (ᠭᠢᠳᠠᠤᠨ ᠤᠪᠤᠭ ᠲᠡᠶ ᠠᠳᠠᠯᠢᠬᠠᠨ ᠪᠣᠯᠭᠠᠬᠤ ᠶᠢᠨ ᠳᠦᠯᠦᠭᠡ ᠵᠠᠷᠢᠮ ᠨᠢ 千 ᠶᠢᠡᠨ 钱 ᠪᠣᠯᠭᠠᠵᠠᠢ)᠂ 王 (ᠮᠢᠩᠭᠠᠨ ᠤ ᠨᠤᠶᠠᠨ ᠭᠡᠭᠦ ᠤᠳᠬ᠎ᠠ ᠳᠠᠢ) ᠴᠠᠭᠠᠨ ᠳᠠᠲ᠋ᠠᠷ ᠊᠊᠊᠊᠊᠊᠊᠊᠊᠊᠊᠊᠊᠊᠊ 白 ᠭᠡᠭᠦ ᠮᠠᠳᠤ᠃
ᠡᠢ᠌ᠮᠤ ᠤᠪᠤᠭ ᠨᠢ ᠮᠦᠨ ᠠᠳᠠᠯᠢ ᠪᠣᠰᠤ ᠤᠪᠤᠭᠳᠡᠨ ᠨᠤᠭᠤᠳ ᠢ ᠬᠤᠤᠠᠬᠤᠯᠳᠤᠭᠤᠯᠤᠭᠰᠠᠨ ᠮᠥᠷᠳᠡᠭᠡᠨ ᠤᠤᠯ ᠤᠪᠤᠭ ᠶᠢᠡᠨ ᠨᠢᠭᠡᠮᠦᠰᠤᠨ ᠬᠠᠶᠠᠵᠤ ᠰᠢᠨ᠎ᠡ ᠤᠪᠤᠭ ᠵᠤᠬᠢᠶᠠᠭᠰᠠᠨ ᠭᠡᠷᠡᠭ᠌ ᠪᠣᠯᠵᠠᠢ᠃ ᠤᠴᠢᠷ ᠨᠢ ᠭᠦᠮᠤᠨ ᠤ ᠤᠪᠤᠭ ᠨᠠᠷᠠ᠂ ᠭᠠᠵᠠᠷ ᠤᠷᠤᠨ ᠤ ᠨᠠᠷᠠ ᠵᠡᠷᠭᠡ ᠤᠨᠤᠭᠠᠭᠰᠠᠨ ᠨᠠᠷᠠ ᠶᠢ ᠤᠳᠬᠠᠴᠢᠯᠡᠨ ᠤᠷᠴᠢᠭᠤᠯᠵᠤ ᠪᠣᠯᠳᠠᠭ ᠥᠭᠡᠢ ᠪᠢᠯᠠ᠃ ᠤᠨᠤᠭᠠᠭᠰᠠᠨ ᠨᠠᠷᠠ ᠪᠣᠯᠤᠭᠰᠠᠨ ᠥᠭᠡ ᠨᠢ ᠤᠤᠯ ᠤᠳᠬ᠎ᠠ ᠪᠠᠷ ᠶᠢᠡᠨ ᠭᠡᠷᠡᠭᠯᠡᠭ᠍ᠳᠡᠳᠡᠭ᠌ ᠥᠭᠡᠢ᠃ ᠡᠭᠦᠨ ᠢ ᠤᠤᠯ ᠤᠳᠬ᠎ᠠ ᠪᠠᠷ ᠨᠢ ᠤᠷᠴᠢᠭᠤᠯᠪᠠᠯ ᠳᠤᠬᠠᠢ ᠶᠢᠨ ᠶᠠᠭᠤᠮ᠎ᠠ ᠶᠢ ᠵᠢᠭᠠᠵᠤ ᠴᠢᠳᠠᠬᠤ ᠥᠭᠡᠢ᠂ ᠥᠭᠡᠷ᠎ᠡ ᠶᠠᠭᠤᠮ᠎ᠠ ᠶᠢ ᠵᠢᠭᠠᠬᠤ ᠪᠣᠶᠤ ᠨᠠᠷᠠ ᠶᠢ ᠨᠢ ᠰᠤᠯᠢᠭᠰᠠᠨ ᠤᠴᠢᠷ ᠪᠣᠯᠤᠨ᠎ᠡ᠃ ᠭᠦᠮᠤᠨ ᠤ ᠤᠪᠤᠭ ᠪᠣᠯᠤᠭᠰᠠᠨ ᠥᠭᠡ ᠴᠤ ᠡᠢ᠌ᠮᠤ ᠶᠤᠮ᠃ ᠵᠢᠱᠢᠶᠠᠯᠠᠪᠠᠯ᠄ 《ᠠᠳᠤᠭᠤᠴᠢᠨ》 ᠭᠡᠭᠦ ᠥᠭᠡ ᠨᠢ ᠤᠪᠤᠭ ᠪᠣᠯᠤᠭᠰᠠᠨ ᠬᠤᠪᠢ ᠳᠤ ᠭᠦᠮᠦᠰ ᠤᠨ ᠤᠳᠦᠮ ᠲᠦᠷᠦᠯ ᠤᠨ ᠬᠤᠯᠪᠣᠭ᠎ᠠ ᠶᠢ ᠢᠯᠡᠳᠭᠡᠭᠦ ᠤᠳᠭᠠᠳᠡᠢ ᠪᠣᠯᠳᠠᠭ ᠪᠦᠭᠡᠳ ᠡᠨᠡᠭᠦ ᠤᠳᠬ᠎ᠠ ᠶᠢ ᠳᠡᠭᠦᠨ ᠤ ᠳᠠᠭᠤᠳᠠᠯᠭ᠎ᠠ ᠪᠠ ᠭᠡᠯᠪᠠᠷᠢ ᠨᠢ ᠢᠯᠡᠳᠭᠡᠵᠤ ᠪᠠᠢ᠌ᠳᠠᠭ᠃ ᠬᠠᠷᠢᠨ 《ᠠᠳᠤᠭᠤ ᠬᠠᠷᠢᠭᠤᠯᠳᠠᠭ ᠭᠦᠮᠤᠨ》 ᠭᠡᠰᠡᠨ ᠤᠳᠬ᠎ᠠ ᠥᠭᠡᠢ ᠶᠤᠮ᠃ ᠨᠠᠩ ᠴᠤ 《ᠠᠳᠤᠭᠤ᠂ ᠮᠤᠷᠢ》 ᠭᠡᠰᠡᠨ ᠰᠠᠨᠠᠭ᠎ᠠ ᠠᠯᠠᠭ᠎ᠠ ᠪᠢᠯᠠ᠃ ᠡᠭᠦᠨ ᠢ 马 ᠭᠡᠮᠡᠨ ᠤᠷᠴᠢᠭᠤᠯᠪᠠᠯ ᠤᠤᠯ ᠤᠪᠤᠭ ᠤᠨ ᠳᠠᠭᠤᠳᠠᠯᠭ᠎ᠠ ᠪᠠ ᠭᠡᠯᠪᠠᠷᠢ ᠲᠡᠶ ᠥᠰᠦᠳ ᠥᠭᠡᠷ᠎ᠡ ᠪᠣᠯᠬᠤ ᠮᠥᠷᠳᠡᠭᠡᠨ ᠤᠨᠳᠦᠤ ᠤᠪᠤᠭᠳᠡᠨ᠂ ᠥᠡᠳᠦᠰᠦᠳᠡᠨ ᠲᠡᠶ ᠬᠤᠤᠠᠬᠤᠯᠳᠠᠵᠤ ᠶᠠᠭᠤ ᠨᠢ ᠴᠤ ᠢᠯᠭᠠᠭᠳᠠᠬᠤ ᠥᠭᠡᠢ ᠶᠠᠭᠤᠮ᠎ᠠ ᠪᠣᠯᠬᠤ ᠨᠢ ᠳᠠᠷᠠ᠃
ᠳᠡᠭᠡᠷ᠎ᠡ ᠬᠤᠶᠠᠷ ᠵᠣᠢ᠌ᠯ ᠡᠴᠠ ᠭᠠᠳᠠᠨ᠎ᠡ ᠪᠠᠰᠠ ᠡᠯᠳᠡᠪ ᠠᠷᠭ᠎ᠠ ᠪᠠᠷ ᠵᠤᠬᠢᠶᠠᠭᠰᠠᠨ ᠤᠪᠤᠭ ᠤᠳ ᠪᠠᠢ᠌ᠳᠠᠭ᠃ ᠵᠢᠱᠢᠶᠠᠯᠠᠪᠠᠯ᠄ ᠰᠤᠮᠤ ᠳᠤᠰᠬᠤᠨ ᠤ ᠨᠠᠷᠠ ᠲᠡᠶ ᠬᠤᠯᠪᠣᠭᠳᠠᠭᠤᠯᠤᠨ ᠵᠢᠭᠤᠴᠢᠨ ᠰᠤᠮᠤ ᠶᠢᠨ ᠭᠢᠨ 焦ᠤᠪᠤᠭ ᠲᠡᠶ ᠪᠣᠯᠬᠤ ᠠᠯᠳᠠᠴᠢᠨ ᠰᠤᠮᠤ ᠶᠢᠨ ᠭᠢᠨ 金 ᠤᠪᠤᠭ ᠲᠡᠶ ᠪᠣᠯᠬᠤ ᠡᠴᠢᠭᠡ ᠶᠢᠨ ᠨᠠᠷᠠ ᠲᠡᠶ ᠬᠤᠯᠪᠣᠭᠳᠠᠭᠤᠯᠤᠨ ᠮᠠᠰᠢᠪᠠᠳᠤ ᠶᠢᠨ ᠬᠡᠦᠬᠡᠳ ᠨᠢ 麻 ᠤᠪᠤᠭ ᠲᠡᠶ ᠪᠣᠯᠬᠤ᠂ ᠰᠢᠷᠭᠠᠯ ᠤᠨ ᠬᠣᠢ᠌ᠴᠢᠰ ᠨᠢ 希 ᠤᠪᠤᠭ ᠲᠡᠶ ᠪᠣᠯᠬᠤ ᠭᠡᠭᠦ ᠮᠠᠳᠤ ᠶᠢᠨ ᠳᠡᠮᠳᠡᠭᠯᠡᠯ② ᠪᠣᠢ᠃ ᠭᠡᠭᠦ ᠮᠠᠳᠤᠴᠢᠯᠠᠨ ᠶᠠᠩᠵᠤ ᠪᠦᠷᠢ ᠶᠢᠨ ᠠᠷᠭ᠎ᠠ ᠶᠢ ᠭᠡᠷᠡᠭᠯᠡᠵᠤ ᠭᠢᠳᠠᠳᠴᠢᠯᠠᠭᠰᠠᠨ ᠤᠪᠤᠭ ᠪᠣᠶᠤ ᠭᠢᠳᠠᠤᠨ ᠤᠪᠤᠭ ᠲᠡᠶ ᠪᠣᠯᠳᠠᠭ᠃
ᠡᠳᠡᠭᠡᠷ ᠪᠠᠢ᠌ᠳᠠᠯ ᠡᠴᠠ ᠥᠵᠡᠪᠠᠯ ᠮᠤᠩᠭᠤᠯ ᠭᠦᠮᠤᠨ ᠤ ᠭᠢᠳᠠᠳᠴᠢᠯᠠᠭᠰᠠᠨ ᠤᠪᠤᠭ ᠭᠡᠮᠡᠭ᠍ᠳᠡᠭ᠍ᠴᠢ (ᠵᠠᠷᠢᠮ ᠨᠢ ᠥᠨᠡ᠊ᠨᠳᠡᠭᠡᠨ ᠭᠢᠳᠠᠤᠨ ᠤᠪᠤᠭ ᠪᠣᠯᠴᠢᠬᠠᠭᠰᠠᠨ ᠪᠠᠢ᠌ᠳᠠᠭ) ᠨᠢ ᠶᠡᠷᠦᠩᠭᠡᠢ ᠳᠡᠭᠡᠨ ᠳᠤᠤᠷ᠎ᠠ ᠮᠠᠳᠤ ᠶᠢᠨ ᠰᠢᠠᠵᠢ ᠤᠨᠴᠠᠯᠢᠭ ᠲᠡᠶ ᠪᠠᠢ᠌ᠨ᠎ᠡ᠃
1. ᠤᠤᠯ ᠤᠪᠤᠭ ᠶᠢᠡᠨ ᠳᠡᠮᠳᠡᠭᠯᠡᠨ ᠤᠯᠡᠮᠵᠢᠯᠡᠵᠤ ᠴᠢᠳᠠᠳᠠᠭ ᠥᠭᠡᠢ᠃ ᠡᠭᠦᠨ ᠳᠤ ᠡᠭᠢᠨ ᠤ ᠥᠶ᠎ᠡ ᠶᠢ ᠨᠢ ᠠᠪᠢᠶᠠᠴᠢᠯᠠᠨ ᠳᠡᠮᠳᠡᠭᠯᠡᠭ᠍ᠰᠡᠨ ᠴᠤ ᠳᠠᠷᠠ᠂ ᠤᠤᠯ ᠥᠭᠡ ᠶᠢᠨ ᠤᠳᠬ᠎ᠠ ᠶᠢ ᠨᠢ ᠤᠷᠴᠢᠭᠤᠯᠤᠭᠰᠠᠨ ᠴᠤ ᠳᠠᠷᠠ ᠴᠦᠮ ᠤᠤᠯ ᠤᠪᠤᠭ ᠤᠨ ᠭᠡᠯᠪᠠᠷᠢ ᠪᠠ ᠳᠠᠭᠤᠳᠠᠯᠭ᠎ᠠ ᠶᠢ ᠪᠦᠷᠢᠨ ᠢᠯᠡᠳᠭᠡᠵᠤ ᠴᠢᠳᠠᠬᠤ ᠥᠭᠡᠢ ᠮᠥᠷᠳᠡᠭᠡᠨ ᠥᠭᠡᠷ᠎ᠡ ᠤᠪᠤᠭ ᠲᠡᠶ ᠳᠦᠷᠰᠦ ᠳᠠᠭᠤᠳᠠᠯᠭ᠎ᠠ ᠢᠵᠢᠯ ᠪᠣᠯᠳᠠᠭ ᠳᠤᠯᠠ ᠳᠡᠭᠡᠳᠦᠰ ᠨᠢ ᠴᠤᠬᠤᠮ ᠶᠠᠮᠠᠷ ᠤᠪᠤᠭ ᠲᠡᠶ ᠪᠠᠢ᠌ᠭᠰᠠᠨ ᠭᠡᠳᠡᠭ᠌ ᠢ ᠮᠠᠳᠠᠵᠤ ᠳᠡᠢ᠌ᠯᠭᠦ ᠥᠭᠡᠢ᠃ ᠡᠢ᠌ᠮᠤ ᠡᠴᠠ ᠭᠢᠳᠠᠳᠴᠢᠯᠠᠭᠰᠠᠨ ᠤᠪᠤᠭ ᠶᠢᠡᠷ ᠤᠤᠯ ᠤᠪᠤᠭ ᠶᠢᠡᠨ ᠨᠢᠭᠡᠮᠦᠰᠤᠨ ᠤᠷᠤᠯᠠᠭᠤᠯᠪᠠᠯ ᠤᠤᠯ ᠤᠪᠤᠭ ᠶᠢᠡᠨ ᠭᠡᠭᠡᠨ᠎ᠡ᠃
2. ᠠᠳᠠᠯᠢ ᠪᠣᠰᠤ ᠤᠪᠤᠭ ᠢ ᠬᠤᠭᠤᠷᠤᠠᠳᠤ ᠨᠢ ᠬᠤᠤᠠᠬᠤᠯᠳᠤᠭᠤᠯᠳᠠᠭ᠃ ᠠᠳᠠᠯᠢ ᠪᠣᠰᠤ ᠤᠪᠤᠭ ᠢ ᠨᠢᠭᠡ ᠥᠰᠦᠭ᠌ ᠶᠢᠡᠷ ᠳᠡᠮᠳᠡᠭᠯᠡᠭᠦ ᠪᠦᠭᠡᠳ ᠨᠢᠭᠡ ᠤᠪᠤᠭ ᠢ ᠠᠳᠠᠯᠢ ᠪᠣᠰᠤ ᠥᠰᠦᠭ᠌ ᠶᠢᠡᠷ ᠳᠡᠮᠳᠡᠭᠯᠡᠭᠦ ᠳᠤᠯᠠ ᠮᠤᠩᠭᠤᠯ ᠤᠪᠤᠭ ᠤᠳ ᠬᠤᠭᠤᠷᠤᠠᠳᠤ ᠪᠠᠨ ᠬᠤᠤᠠᠬᠤᠯᠳᠤᠬᠤ ᠪᠠᠷ ᠥᠯᠤ ᠪᠠᠷᠠᠨ ᠡᠨᠠ ᠨᠢ ᠴᠢᠨᠠᠭᠰᠢᠳᠠ ᠰᠢᠨ᠎ᠡ ᠪᠠᠷ ᠵᠤᠬᠢᠶᠠᠭᠰᠠᠨ ᠡᠯᠳᠡᠪ ᠤᠪᠤᠭ ᠪᠠ ᠥᠭᠡᠷ᠎ᠡ ᠥᠡᠳᠦᠰᠦᠳᠡᠨ ᠤ ᠤᠪᠤᠭ ᠲᠡᠶ ᠬᠤᠤᠠᠬᠤᠯᠳᠤᠭᠠᠤᠨ ᠤᠪᠤᠭ ᠭᠡᠮᠡᠭ᠍ᠴᠢ ᠶᠢᠨ ᠭᠤᠤᠯ ᠥᠢᠯᠡᠳᠦᠯ ᠶᠢᠡᠨ ᠠᠯᠳᠠᠳᠠᠭ ᠠᠵᠢ᠃ ᠥᠯᠢᠦᠡᠭᠡᠵᠤ ᠭᠡᠯᠡᠪᠠᠯ᠂ ᠪᠣᠷᠵᠢᠭᠢᠨ ᠤᠪᠤᠭ ᠢ 鲍包宝暴 ᠭᠡᠭᠦ ᠮᠠᠳᠤ ᠶᠠᠩᠵᠤ ᠪᠦᠷᠢ ᠶᠢᠨ ᠥᠰᠦᠭ᠌ ᠶᠢᠡᠷ ᠳᠡᠮᠳᠡᠭᠯᠡᠵᠤ ᠪᠣᠯᠬᠤ ᠳᠤᠯᠠ ᠠᠳᠠᠯᠢ ᠪᠣᠰᠤ ᠤᠪᠤᠭᠳᠡᠨ ᠶᠢᠡᠷ ᠥᠵᠡᠵᠤ ᠪᠣᠯᠤᠨ᠎ᠡ᠃ ᠡᠰᠡᠭᠦᠯ᠎ᠡ ᠥᠭᠡᠷ᠎ᠡ ᠤᠪᠤᠭᠳᠡᠨ ᠪᠠ ᠥᠡᠳᠦᠰᠦᠳᠡᠨ ᠶᠢᠡᠷ ᠤᠢ᠌ᠯᠠᠭᠠᠵᠤ ᠪᠣᠯᠤᠨ᠎ᠡ᠃ ᠠᠳᠠᠯᠢ ᠶᠤᠰᠤ ᠪᠠᠷ 白 ᠤᠪᠤᠭᠳᠡᠢ ᠪᠦᠭᠦᠨ ᠢ ᠨᠢᠭᠡ ᠤᠪᠤᠭᠳᠡᠨ ᠪᠠ ᠨᠢᠭᠡ ᠥᠡᠳᠦᠰᠦᠳᠡᠨ ᠭᠡᠮᠡᠨ ᠥᠵᠡᠵᠤ ᠪᠣᠯᠬᠤ ᠥᠭᠡᠢ ᠶᠤᠮ᠃
3. ᠰᠢᠨ᠎ᠡ ᠤᠪᠤᠭ ᠪᠣᠯᠵᠤ ᠴᠤ ᠴᠢᠳᠠᠳᠠᠭ ᠥᠭᠡᠢ᠃ ᠶᠠᠮᠠᠷ ᠨᠢᠭᠡᠨ ᠨᠥᠭᠦᠴᠡᠯ ᠲᠤᠬᠢᠶᠠᠯ ᠲᠡᠶ ᠬᠤᠯᠪᠣᠭᠳᠠᠭᠤᠯᠤᠨ ᠵᠤᠭᠢᠬᠤ ᠥᠭᠡ ᠶᠢ ᠰᠤᠩᠭᠤᠵᠤ ᠤᠪᠤᠭ ᠪᠣᠯᠭᠠᠬᠤ ᠨᠢ ᠰᠢᠨ᠎ᠡ ᠤᠪᠤᠭ ᠡᠭᠦᠰᠭᠦ ᠶᠢᠨ ᠶᠤᠰᠤᠨ ᠳᠤ ᠨᠡᠢ᠌ᠴᠡᠭᠦ ᠪᠣᠯᠪᠠᠴᠤ ᠳᠤᠷ᠎ᠠ ᠪᠠᠷ ᠶᠢᠡᠨ ᠰᠤᠩᠭᠤᠭᠰᠠᠨ ᠭᠠᠭᠴᠠ ᠥᠶᠡᠳᠤ ᠥᠭᠡ ᠨᠢ ᠤᠪᠤᠭ ᠤᠨ ᠤᠳᠬ᠎ᠠ ᠥᠢᠯᠡᠳᠦᠯ ᠢ ᠪᠦᠷᠢᠨ ᠢᠯᠡᠳᠭᠡᠵᠤ ᠴᠢᠳᠠᠳᠠᠭ ᠥᠭᠡᠢ ᠶᠤᠮ᠃ ᠮᠤᠩᠭᠤᠯᠴᠤᠳ ᠤᠨ ᠳᠤᠷ᠎ᠠ ᠪᠠᠷ ᠶᠢᠡᠨ ᠰᠤᠩᠭᠤᠨ ᠠᠪᠣᠭᠰᠠᠨ ᠭᠢᠳᠠᠳᠴᠢᠯᠠᠭᠰᠠᠨ ᠤᠪᠤᠭ ᠨᠢ ᠬᠠᠷᠢᠯᠴᠠᠨ ᠳᠠᠪᠬᠤᠴᠠᠵᠤ ᠠᠳᠠᠯᠢ ᠪᠣᠰᠤ ᠤᠪᠤᠭ ᠤᠳ ᠬᠤᠭᠤᠷᠤᠠᠳᠤ ᠪᠠᠨ ᠬᠤᠤᠠᠬᠤᠯᠳᠤᠵᠤ ᠪᠠᠢ᠌ᠳᠠᠭ ᠨᠢ ᠡᠭᠦᠨ ᠤ ᠤᠴᠢᠷ ᠪᠢᠯᠠ᠃ ᠭᠡᠷᠪᠡ ᠥᠯᠤ ᠳᠠᠪᠬᠤᠴᠠᠭᠤᠯᠤᠶᠠ ᠭᠡᠪᠠᠯ ᠡᠷᠭᠡᠪᠰᠢ ᠭᠢᠳᠠᠳᠴᠤᠳ ᠲᠡᠶ ᠠᠳᠠᠯᠢ ᠠᠯᠢ ᠡᠷᠳᠡ ᠡᠴᠠ ᠪᠣᠢ ᠪᠣᠯᠤᠭᠰᠠᠨ 《ᠪᠠᠢ ᠵᠢᠶᠠ ᠰᠢᠩ (百家姓)》 ᠭᠡᠮᠡᠭᠦ ᠮᠠᠳᠤ ᠶᠢᠨ ᠨᠠᠢ᠌ᠳᠠ ᠪᠠᠷ ᠶᠢᠡᠨ ᠵᠢᠷᠤᠮᠯᠠᠬᠤ ᠤᠪᠤᠭ ᠤᠨ ᠵᠢᠭᠰᠠᠭᠠᠯ ᠪᠠᠢ᠌ᠬᠤ ᠭᠡᠷᠡᠭ᠍ᠳᠡᠢ᠃ ᠢᠩᠭᠢᠪᠠᠯ ᠰᠠᠶᠢ ᠶᠠᠮᠠᠷ ᠥᠭᠡ ᠨᠢ ᠳᠠᠪᠬᠤᠴᠠᠵᠤ᠂ ᠶᠠᠮᠠᠷ ᠥᠭᠡ ᠨᠢ ᠥᠯᠤ ᠳᠠᠪᠬᠤᠴᠠᠵᠤ ᠰᠢᠨ᠎ᠡ ᠤᠪᠤᠭ ᠪᠣᠯᠵᠤ ᠴᠢᠳᠠᠨ᠎ᠡ ᠭᠡᠳᠡᠭ᠌ ᠢ ᠮᠠᠳᠠᠵᠤ ᠳᠠᠢ᠌ᠯᠤᠨ᠎ᠡ᠃ ᠡᠢ᠌ᠮᠤ ᠨᠥᠭᠦᠴᠡᠯ ᠥᠭᠡᠢ ᠪᠠᠢ᠌ᠳᠠᠯ ᠳᠤᠤᠷ᠎ᠠ ᠮᠤᠩᠭᠤᠯᠴᠤᠳ ᠤᠨ ᠭᠢᠳᠠᠳᠴᠢᠯᠠᠭᠰᠠᠨ ᠤᠪᠤᠭ ᠨᠢ ᠬᠤᠶᠠᠷ ᠵᠣᠢ᠌ᠯ ᠤᠨ ᠪᠠᠢ᠌ᠳᠠᠯ ᠲᠡᠶ ᠪᠣᠯᠵᠠᠢ᠃ ᠨᠢᠭᠡ ᠨᠢ᠄ ᠤᠬᠠᠮᠰᠠᠷ ᠲᠡᠶ᠂ ᠤᠬᠠᠮᠰᠠᠷ ᠥᠭᠡᠢ ᠪᠠᠷ ᠭᠢᠳᠠᠤᠨ ᠤᠪᠤᠭ ᠲᠡᠶ ᠠᠳᠠᠯᠢ ᠪᠢᠴᠢᠯᠭᠡ ᠲᠡᠶ ᠪᠣᠯᠤᠭᠰᠠᠨ ᠪᠠᠢ᠌ᠳᠠᠭ᠃ ᠡᠨᠠ ᠨᠢ 《ᠮᠤᠩᠭᠤᠯ ᠸᠠᠩ᠂ ᠮᠤᠩᠭᠤᠯ ᠯᠢ》 ᠭᠡᠮᠡᠨ ᠳᠤᠳᠤᠤᠠᠬᠠᠳᠠᠭ ᠥᠭᠡᠢ ᠶᠢᠨ ᠬᠣᠢ᠌ᠨ᠎ᠡ ᠠᠶᠠᠠᠳᠠᠭᠠᠨ ᠥᠪᠠᠷ ᠤᠨ ᠤᠳᠦᠮ ᠭᠠᠷᠤᠯ ᠶᠢᠡᠨ ᠳᠤᠳᠤᠯᠠᠵᠤ ᠳᠡᠢ᠌ᠯᠭᠦ ᠥᠭᠡᠢ ᠨᠢ ᠮᠡᠳᠡᠭᠡᠵᠢ ᠶᠢᠨ ᠭᠡᠷᠡᠭ᠌᠃ ᠨᠥᠭᠦᠭᠡ ᠨᠢ᠄ ᠭᠢᠳᠠᠤᠨ ᠤᠪᠤᠭ ᠲᠡᠶ ᠳᠠᠪᠬᠤᠴᠠᠬᠤ ᠡᠴᠠ ᠵᠠᠢ᠌ᠯᠠᠵᠤ ᠭᠢᠳᠠᠤᠨ ᠤᠨ 《ᠪᠠᠢ ᠵᠢᠶᠠ ᠰᠢᠩ》 ᠳᠤ ᠤᠷᠤᠭ᠎ᠠ ᠥᠭᠡᠢ ᠥᠭᠡ ᠶᠢ ᠰᠤᠩᠭᠤᠭᠰᠠᠨ ᠪᠠᠢ᠌ᠳᠠᠭ᠃ ᠭᠡᠪᠠᠴᠤ ᠮᠦᠨ ᠬᠤᠭᠤᠷᠤᠠᠳᠤ ᠪᠠᠨ ᠳᠠᠪᠬᠤᠴᠠᠬᠤ ᠳᠤᠯᠠ ᠵᠢᠩᠭᠢᠨᠢ ᠤᠪᠤᠭ ᠤᠨ ᠥᠢᠯᠡᠳᠦᠯ ᠢ ᠥᠵᠡᠭᠦᠯᠵᠤ ᠴᠢᠳᠠᠬᠤ ᠥᠭᠡᠢ᠃
ᠥᠡᠳᠦᠰᠦᠳᠡᠨ ᠨᠢᠭᠡᠪᠦᠷᠢ ᠶᠢᠨ ᠰᠤᠶᠤᠯ ᠵᠠᠩᠰᠢᠯ ᠨᠢ ᠥᠪᠠᠷ ᠤᠨ ᠤᠷᠳᠤ ᠤᠳᠠᠭᠠᠨ ᠳᠡᠦᠭᠡ ᠶᠢᠨ ᠶᠠᠪᠣᠴᠠ ᠪᠠ ᠭᠡᠯᠡ ᠰᠡᠳᠭᠢᠭᠦᠢ᠂ ᠥᠰᠦᠭ᠌ ᠪᠢᠴᠢᠭ᠌ ᠵᠡᠷᠭᠡ ᠳᠠᠯ᠎ᠠ ᠶᠢᠨ ᠢᠯᠭᠠᠭ᠎ᠠ ᠡᠴᠠ ᠪᠣᠯᠵᠤ ᠠᠶᠠᠠᠳᠠᠭᠠᠨ ᠪᠣᠯᠪᠠᠰᠤᠷᠠᠨ ᠵᠤᠷᠰᠢᠭᠰᠠᠨ ᠤᠨᠴᠠᠯᠢᠭ ᠲᠡᠶ ᠪᠠᠢ᠌ᠳᠠᠭ᠃ ᠡᠢ᠌ᠮᠤ ᠤᠨᠴᠠᠯᠢᠭ ᠲᠤ᠂ ᠥᠡᠳᠦᠰᠦᠳᠡᠨ ᠤ ᠬᠠᠷᠢᠯᠴᠠᠭᠠᠨ ᠤ ᠳᠤᠮᠳᠠ ᠬᠠᠷᠢᠯᠴᠠᠨ ᠰᠤᠷᠤᠯᠴᠠᠵᠤ᠂ ᠬᠠᠷᠢᠯᠴᠠᠨ ᠨᠥᠭᠦᠪᠦᠷᠢᠯᠡᠭᠦ ᠪᠣᠯᠬᠤ ᠳᠠᠯ᠎ᠠ ᠪᠠᠢ᠌ᠬᠤ ᠶᠢᠨ ᠳᠠᠭᠠᠤ ᠪᠠᠰᠠ ᠬᠠᠷᠢᠯᠴᠠᠨ ᠥᠯᠤ ᠳᠤᠭᠢᠷᠠᠯᠴᠠᠬᠤ ᠳᠠᠯ᠎ᠠ ᠴᠤ ᠪᠠᠢ᠌ᠳᠠᠭ᠃ ᠮᠤᠩᠭᠤᠯᠴᠤᠳ ᠤᠨ ᠤᠪᠤᠭ ᠢ ᠭᠢᠳᠠᠳᠴᠤᠳ ᠤᠨ ᠤᠪᠤᠭ ᠲᠡᠶ ᠠᠳᠠᠯᠢᠬᠠᠨ ᠭᠡᠯᠪᠠᠷᠢ ᠪᠠᠷ ᠳᠡᠮᠳᠡᠭᠯᠡᠪᠠᠯ ᠶᠠᠭᠤ ᠴᠤ ᠪᠢᠰᠢ ᠪᠣᠯᠴᠢᠬᠠᠳᠠᠭ ᠨᠢ ᠡᠭᠦᠨ ᠤ ᠤᠴᠢᠷ ᠪᠢᠯᠠ᠃ ᠪᠢᠳᠠ ᠥᠪᠠᠷ ᠤᠨ ᠤᠪᠤᠭ ᠶᠢᠡᠨ ᠭᠢᠳᠠᠤᠨ ᠤᠪᠤᠭ ᠲᠡᠶ ᠠᠳᠠᠯᠢᠬᠠᠨ ᠪᠣᠯᠭᠠᠶ᠎ᠠ ᠭᠡᠵᠤ ᠠᠯᠪᠠ ᠪᠠᠷ ᠤᠷᠦᠯᠳᠦᠬᠤ ᠶᠢᠨ ᠤᠷᠤᠨ ᠳᠤ ᠭᠢᠳᠠᠳᠴᠤᠳ ᠤᠨ ᠤᠪᠤᠭ ᠶᠢᠡᠨ ᠮᠠᠷᠳᠠᠵᠤ ᠥᠭᠡᠷᠡᠴᠢᠯᠡᠭᠦ ᠥᠭᠡᠢ ᠪᠠᠢ᠌ᠬᠤ ᠶᠢ ᠬᠠᠮᠤᠭ ᠤᠨ ᠡᠷᠭᠢᠮ ᠳᠤ ᠥᠵᠡᠳᠡᠭ᠌ ᠰᠠᠢ᠌ᠬᠠᠨ ᠵᠠᠩᠰᠢᠯ ᠢ ᠰᠢᠩᠭᠡᠭᠡᠨ ᠠᠪᠣᠪᠠᠯ ᠬᠠᠷᠢᠨ ᠠᠰᠢᠭᠳᠠᠢ ᠪᠠᠢ᠌ᠨ᠎ᠡ᠃
ᠡᠢ᠌ᠮᠤ ᠡᠴᠠ ᠪᠢᠳᠠ ᠭᠢᠳᠠᠳᠴᠢᠯᠠᠭᠰᠠᠨ ᠤᠪᠤᠭ ᠭᠡᠳᠡᠭ᠌ ᠢ ᠥᠪᠠᠷ ᠤᠨ ᠤᠪᠤᠭ ᠶᠢᠡᠨ ᠤᠷᠭᠢᠬᠤ ᠥᠭᠡᠢ᠂ ᠤᠤᠯ ᠭᠡᠯᠪᠠᠷᠢ ᠳᠠᠭᠤᠳᠠᠯᠭ᠎ᠠ ᠪᠠᠷ ᠨᠢ ᠳᠡᠮᠳᠡᠭᠯᠡᠵᠤ ᠪᠠᠢ᠌ᠭ᠎ᠠ ᠪᠠᠢ᠌ᠳᠠᠯ ᠳᠤᠤᠷ᠎ᠠ ᠪᠣᠰᠤᠳ ᠢ ᠭᠦᠡᠳᠦᠳᠭᠡᠵᠤ᠂ ᠪᠣᠰᠤᠳ ᠲᠤ ᠳᠦᠭᠦᠮ ᠥᠵᠡᠭᠦᠯᠭᠦ ᠶᠢᠨ ᠳᠦᠯᠦᠭᠡ ᠭᠡᠷᠡᠭᠯᠡᠳᠡᠭ᠌ ᠭᠢᠳᠠᠤᠨ ᠨᠠᠷᠠ ᠳᠤ ᠯᠠ ᠤᠷᠤᠭᠤᠯᠵᠤ ᠪᠣᠯᠤᠨ᠎ᠡ᠃ ᠭᠡᠭᠦ ᠳᠡᠭᠡᠨ ᠭᠢᠳᠠᠤᠨ ᠤᠪᠤᠭ ᠲᠡᠶ ᠳᠠᠪᠬᠤᠴᠠᠬᠤ ᠥᠭᠡᠢ ᠪᠠᠢ᠌ᠪᠠᠯ ᠵᠤᠭᠢᠨ᠎ᠡ᠃
ᠮᠤᠩᠭᠤᠯ ᠭᠦᠮᠤᠨ ᠤ ᠤᠪᠤᠭ ᠭᠡᠵᠢᠶᠡᠳᠡ ᠪᠦᠷᠢᠨ ᠪᠦᠳᠤᠨ ᠭᠡᠯᠪᠠᠷᠢ ᠳᠠᠭᠤᠳᠠᠯᠭ᠎ᠠ ᠪᠠᠷ ᠶᠢᠡᠨ ᠪᠠᠢ᠌ᠬᠤ ᠶᠤᠰᠤᠳᠠᠢ᠃ ᠥᠭᠡᠷ᠎ᠡ ᠭᠡᠯᠡ ᠪᠠᠷ ᠳᠡᠮᠳᠡᠭᠯᠡᠭᠦ ᠳᠡᠭᠡᠨ ᠴᠤ ᠤᠨᠤᠭᠠᠭᠰᠠᠨ ᠨᠠᠷᠠ ᠶᠢᠨ ᠶᠤᠰᠤᠭᠠᠷ ᠠᠪᠢᠶᠠᠴᠢᠯᠠᠨ ᠳᠡᠮᠳᠡᠭᠯᠡᠭᠦ ᠭᠡᠷᠡᠭ᠍ᠳᠡᠢ᠃
ᠳᠠᠢ᠌ᠯᠪᠣᠷᠢ
①ᠭᠢᠳᠠᠳᠴᠢᠯᠠᠭᠰᠠᠨ ᠤᠪᠤᠭ ᠤᠨ ᠵᠢᠱᠢᠶ᠎ᠠ ᠨᠤᠭᠦᠳ ᠢ ᠰᠤᠩᠭᠤᠨ ᠭᠡᠷᠡᠭᠯᠡᠭᠦ ᠳᠡᠭᠡᠨ ᠪᠦᠭᠦᠨᠦᠳᠡᠢ᠂ ᠭᠤᠠᠴᠤᠭ ᠤᠨ 《ᠮᠤᠩᠭᠤᠯᠴᠤᠳ ᠤᠨ ᠤᠪᠤᠭ ᠤᠨ ᠳᠤᠬᠠᠢ ᠳᠤᠪᠴᠢ ᠥᠭᠦᠯᠡᠭᠦ ᠨᠢ》 (《ᠮᠤᠩᠭᠤᠯ ᠭᠡᠯᠡ ᠪᠢᠴᠢᠭ᠌》 ᠰᠡᠳᠭᠦᠯ ᠤᠨ 1983᠂ 6 ᠳ᠋ᠤᠭᠠᠷ ᠬᠤᠭᠤᠴᠠᠭ᠎ᠠ ᠳ᠋ᠤ) ᠭᠡᠭᠦ ᠵᠤᠬᠢᠶᠠᠯ ᠪᠠ ᠭᠦᠭᠡᠪᠦᠶᠡᠨ ᠤ 《ᠮᠤᠩᠭᠤᠯ ᠤᠨ ᠵᠠᠩ ᠥᠢᠯᠡ ᠤᠨ ᠮᠦᠷᠳᠠᠯ》 (ᠥᠪᠦᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 1988ᠡᠳ) ᠭᠡᠭᠦ ᠨᠤᠮ ᠢ ᠠᠰᠢᠭᠯᠠᠪᠠ᠃
②ᠪᠦᠭᠦᠨᠦᠳᠡᠢ᠂ ᠭᠤᠠᠴᠤᠭ ᠤᠨ 《ᠮᠤᠩᠭᠤᠯᠴᠤᠳ ᠤᠨ ᠤᠪᠤᠭ ᠤᠨ ᠳᠤᠬᠠᠢ ᠳᠤᠪᠴᠢ ᠥᠭᠦᠯᠡᠭᠦ ᠨᠢ》 ᠭᠡᠭᠦ ᠥᠭᠦᠯᠡᠯ ᠳᠤ᠃ 《ᠮᠤᠩᠭᠤᠯ ᠭᠡᠯᠡ ᠪᠢᠴᠢᠭ᠌》 ᠰᠡᠳᠭᠦᠯ ᠤᠨ 1983᠂ 6 ᠳ᠋ᠤᠭᠠᠷ ᠬᠤᠭᠤᠴᠠᠭ᠎ᠠ ᠳᠤ᠃
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠤᠨ ᠣᠷᠳᠤᠰ ᠬᠤᠳᠠ
ᠵᠤᠬᠢᠶᠠᠭᠴᠢ᠄ ᠪᠠᠶᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠵᠠᠩ ᠤᠢ᠌ᠯᠠᠳᠠᠷᠤᠮ᠄ 7504
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ