☆ ᠷᠤᠯᠮᠠᠵᠠᠪ
ᠬᠠᠭᠤᠳᠠᠮᠴᠢ ᠬᠤᠷᠸ᠎ᠠ
ᠳᠠᠪᠢᠯᠠᠩ ᠭᠡᠳᠡᠭ᠌ ᠪᠠᠢ᠌ᠨ᠎ᠠ ᠭᠡᠭᠦ ᠳ᠋ᠤ
ᠳᠠᠨᠢᠵᠤ ᠴᠢᠳᠠᠳᠠᠭ ᠦᠭᠡᠶ ᠨᠢ
ᠳᠠᠨᠢᠭᠰᠠᠨ ᠴᠢᠨᠤ ᠪᠠᠨ ᠰᠡᠳᠭᠢᠯ ᠳ᠋ᠤ
ᠳᠤᠭᠳᠠᠵᠤ ᠴᠢᠳᠠᠳᠠᠭ ᠦᠭᠡᠶ ᠨᠢ
ᠳᠠᠭ᠎ᠠ ᠪᠠᠷ ᠪᠣᠯᠬᠤ ᠦᠭᠡᠶ ᠬᠤᠷᠸ᠎ᠠ
ᠵᠤᠪᠠᠭᠠᠵᠤ ᠴᠢᠳᠠᠨ᠎ᠠ ᠭᠡᠭ᠍ᠴᠢ ᠨᠢ
ᠳᠠᠭᠠᠷᠠᠭᠰᠠᠨ ᠵᠢᠷᠭᠠᠯ ᠪᠠᠢ᠌ᠨ᠎ᠠ ᠭᠡᠭᠦ ᠡᠴᠡ
ᠳᠠᠭᠠᠭᠰᠠᠨ ᠵᠤᠪᠠᠯ ᠪᠠᠢ᠌ᠬᠤ ᠶᠢ ᠶᠠᠭᠠᠭᠢᠨ᠎ᠠ
ᠳᠠᠪᠠᠷᠢᠵᠤ ᠴᠢᠮ᠎ᠠ ᠲᠡᠶ ᠬᠠᠨᠢᠯᠠᠶ᠎ᠠ ᠭᠡᠭᠦ ᠡᠴᠡ
ᠳᠡᠭᠡᠵᠤ ᠪᠣᠯᠬᠤ ᠦᠭᠡᠶ ᠵᠠᠶᠠᠭ᠎ᠠ ᠶᠢ ᠶᠠᠭᠠᠭᠢᠶ᠎ᠠ
ᠨᠠᠢ᠌ᠯᠠᠵᠤ ᠴᠢᠳᠠᠳᠠᠭ ᠬᠠᠢ᠌ᠷ᠎ᠠ ᠪᠠᠢ᠌ᠬᠤ ᠳ᠋ᠤ
ᠵᠦᠷᠢᠵᠤ ᠴᠢᠳᠠᠳᠠᠭ ᠳᠠᠪᠢᠯᠠᠩ ᠪᠠᠢ᠌ᠬᠤ ᠶᠢ ᠶᠠᠭᠠᠭᠢᠶ᠎ᠠ
ᠳᠠᠭᠠᠷᠢᠭᠠᠤᠨ ᠥᠩᠭᠡᠷᠡᠭ᠍ᠰᠡᠨ ᠬᠠᠢ᠌ᠷ᠎ᠠ ᠳᠤ ᠴᠢᠨᠢ
ᠳᠠᠩᠴᠢ ᠬᠠᠯᠠᠭᠤᠴᠠᠵᠤ ᠶᠠᠪᠣᠯ᠎ᠠ
ᠳᠠᠭᠢᠭᠠᠤᠨ ᠭᠡᠵᠢᠶ᠎ᠡ ᠴᠤ ᠡᠢ᠌ᠮᠤ ᠰᠢᠭ᠌
ᠳᠤᠳᠠᠭᠤ ᠰᠤᠭᠳᠤᠵᠤ ᠶᠠᠪᠣᠯ᠎ᠠ
ᠳᠠᠭᠠᠷᠠᠭᠰᠠᠨ ᠰᠢᠭ᠌ ᠠᠭᠵᠠᠰ ᠭᠡᠭᠦ ᠪᠠᠷ
ᠴᠢ ᠨᠢᠰᠴᠢᠭᠡᠭ᠍ᠰᠡᠨ ᠪᠠᠢ᠌ᠯ᠎ᠠ
ᠳᠠᠩᠴᠢ ᠶᠡᠭᠡ ᠭᠤᠨᠢᠭᠯᠠᠬᠤ ᠥᠭᠡᠢ
ᠳᠠᠷᠠᠭᠠᠴᠢ ᠶᠢᠨ ᠡᠳᠦᠷ ᠶᠢᠡᠨ ᠣᠭᠳᠤᠶ᠎ᠠ
ᠵᠤᠬᠢᠶᠠᠭᠴᠢ ᠶᠢᠨ ᠬᠠᠶᠢᠭ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ
ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 06 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ