ᠨᠡᠪᠲᠡᠷᠡᠨ ᠤᠷᠤᠬᠤ
ᠳᠤᠯᠢ ᠶᠢᠨ ᠭᠤᠤᠯ

ᠥᠵᠦᠭᠦᠷ ᠤᠨ ᠳᠠᠠᠳᠠ ᠡᠴᠠ ᠥᠭᠡ ᠵᠤᠭᠤᠭ ᠶᠢᠡᠨ ᠡᠭᠦᠰᠭᠡᠵᠤ

ᠳᠤᠯᠢ ᠶᠢᠨ ᠭᠤᠤᠯ ᠣᠭᠠᠯᠵᠠᠯᠠᠨ ᠣᠷᠤᠰᠤᠨ᠎ᠠ

ᠣᠵᠤᠭᠤᠷ ᠤᠨ ᠦᠶ᠎ᠡ ᠳ᠋ᠠᠭᠢ ᠨᠤᠳᠤᠭ ᠤᠨ ᠣᠴᠠᠷᠠᠯ ᠢ

ᠳᠠᠯ᠎ᠠ ᠶᠢᠨ ᠶᠢᠡᠨ ᠳᠠᠠᠵᠢ ᠪᠠᠷ ᠥᠯᠢᠭᠡᠷᠯᠡᠨ ᠣᠷᠤᠰᠤᠨ᠎ᠠ᠄

ᠳᠤᠯᠢᠨ ᠪᠣᠯᠤᠷ ᠳᠤᠩᠭ᠋ᠠᠯᠠᠭ ᠣᠰᠤ ᠲᠡᠶ ᠪᠣᠯᠬᠤᠷ

ᠳᠤᠯᠢ ᠨᠠᠷ᠎ᠠ ᠶᠢ ᠳᠡᠭ᠍ᠷᠢ ᠡᠴᠠ ᠨᠠᠳᠠᠳᠤ ᠬᠠᠢ᠌ᠷᠠᠯᠠᠪᠠ

ᠳᠤᠭᠤᠷᠢᠭ᠎ᠠ ᠣᠷᠴᠢᠨ ᠨᠢ ᠦᠵᠡᠮᠵᠢ ᠳᠡᠭᠦᠰ ᠪᠣᠯᠬᠤᠷ

ᠳᠤᠯᠢ ᠶᠢᠨ ᠠᠢ᠌ᠯ ᠡ᠊ᠨᠳᠡ ᠡᠴᠠ ᠨᠤᠳᠤᠭ ᠰᠤᠩᠭ᠋ᠤᠪᠠ

ᠳᠤᠯᠢ ᠶᠢᠨ ᠭᠤᠤᠯ ᠢ ᠭᠦᠪᠠᠭᠡᠳᠡᠵᠤ ᠪᠠᠢ᠌ᠭ᠎ᠠ ᠡᠯᠡᠰᠤᠨ ᠳᠤ

ᠳᠤᠭᠤᠭᠳᠠᠮ᠎ᠠ ᠰᠠᠢ᠌ᠬᠠᠨ ᠪᠠᠭᠤᠴᠠ ᠦᠯᠡᠮᠵᠢ ᠪᠣᠯᠬᠤᠷ

ᠳᠤᠯᠢ ᠨᠠᠷ᠎ᠠ ᠲᠡᠶ ᠱᠠᠰᠢᠨ ᠤ ᠳᠡᠷᠡᠭᠦ ᠰᠦᠮ᠎ᠡ ᠶᠢ ᠴᠤ

ᠳᠣᠢ᠌ᠨ ᠰᠠᠠᠸᠠᠷᠳᠠᠨ ᠡ᠊ᠨᠳᠡ ᠪᠠᠢ᠌ᠭᠤᠯᠵᠤ ᠪᠣᠰᠬᠠᠪᠠ

ᠥᠭᠡᠷ ᠵᠢᠯ ᠤᠨ ᠥᠢᠮᠡᠭᠡᠨ ᠭᠡᠵᠤ ᠭᠡᠴᠡᠭᠦᠤ ᠶᠤᠮ

ᠬᠠᠷ᠎ᠠ ᠴᠡᠷᠢᠭ᠌ ᠰᠦᠮ᠎ᠡ ᠰᠠᠭᠤᠭᠠᠯᠢ ᠶᠢ ᠭᠠᠯᠳᠠᠪᠠ

ᠦᠨᠡᠰᠤᠨ ᠳᠤᠪᠣᠷᠠᠭᠳᠤ ᠳᠠᠷᠠ ᠭᠡᠴᠡᠭᠦᠤ ᠣᠷᠴᠢᠨ ᠡᠴᠠ

ᠬᠤᠸᠠᠷᠠᠭ᠂ ᠠᠷᠠᠤᠨ ᠣᠭᠢᠯᠠᠨ ᠰᠤᠴᠢᠨ ᠪᠣᠳᠠᠷᠠᠪᠠ

ᠮᠢᠩ᠂ ᠴᠢᠩ᠂ ᠬᠠᠷ᠎ᠠ ᠴᠡᠷᠢᠭ᠌᠂ ᠶᠠᠫᠣᠨ ᠤ ᠳᠦᠢᠦᠡᠭᠡᠷ

ᠮᠤᠩᠭ᠋ᠤᠯ ᠨᠤᠳᠤᠭ ᠢ ᠠᠯᠢ ᠨᠢ ᠴᠤ ᠳᠠᠯᠭᠢᠳᠠᠵᠤ ᠪᠠᠢ᠌ᠯ᠎ᠠ

ᠮᠠᠯ ᠰᠥᠷᠦᠭ᠌ ᠭᠦᠷᠦᠩᠭᠡ ᠮᠦᠩᠭᠦ ᠶᠢ ᠨᠢ ᠪᠣᠯᠢᠶᠠᠵᠤ

ᠮᠠᠨᠠᠨ ᠳᠠᠳᠠᠭᠤᠯᠤᠨ ᠵᠠᠭᠤᠳᠠᠨ ᠳᠤᠳᠠᠭᠠᠵᠤ ᠪᠠᠢ᠌ᠯ᠎ᠠ

ᠰᠠᠢ᠌ᠬᠠᠨ ᠬᠤᠳᠠ ᠰᠦᠮ᠎ᠡ ᠭᠡᠢ᠌ᠤᠨ ᠢ ᠭᠠᠯᠳᠠᠵᠤ

ᠰᠠᠭᠤᠭᠠᠯᠢ ᠲᠦᠮᠡᠨ ᠢ ᠭᠠᠰᠠᠯᠠᠩ ᠳᠤ ᠣᠷᠤᠭᠤᠯᠵᠤ ᠪᠠᠢ᠌ᠯ᠎ᠠ

ᠰᠠᠬᠤᠯᠢᠭ ᠣᠢ ᠠᠭᠤᠯᠠ ᠣᠰᠤ ᠶᠢ ᠳᠣᠢ᠌ᠤᠠᠴᠤ

ᠰᠠᠭᠢᠭᠤᠰᠤ ᠣᠩᠭ᠋ᠤᠳ ᠤᠨ ᠭᠢᠯᠢᠩ ᠢ ᠳᠡᠭ᠍ᠳᠡᠭᠡᠵᠤ ᠪᠠᠢ᠌ᠯ᠎ᠠ

ᠪᠣᠯᠠᠭ ᠤᠨ ᠣᠰᠤ ᠶᠢ ᠪᠣᠯᠠᠵᠤ ᠪᠣᠯᠬᠤ ᠦᠭᠡᠶ ᠭᠡᠪᠠᠤ︖

ᠪᠣᠶᠠᠠᠳᠤ ᠲᠦᠮᠡᠨ ᠢ ᠳᠠᠷᠤᠵᠤ ᠪᠣᠯᠬᠤ ᠦᠭᠡᠶ ᠭᠡᠪᠠᠤ︖

ᠢᠳᠡᠭ᠍ᠰᠡᠨ ᠡᠷᠡᠭᠦᠤ ᠬᠤᠪᠠᠬᠠᠢ᠌ᠷᠠᠨ᠎ᠠ ᠭᠡᠵᠤ ᠦᠨᠡᠨ︕

ᠢᠳᠡᠭ᠍ᠳᠡᠭ᠍ᠰᠡᠨ ᠳᠤᠪᠣ ᠨᠤᠬᠤᠭᠠᠷᠠᠨ᠎ᠠ ᠭᠡᠵᠤ ᠮᠠᠭᠠᠤᠨ︕

ᠳᠦᠷᠢᠮᠡᠭᠡᠢ ᠳᠠᠢ᠌ᠰᠤᠨ ᠦᠪᠡᠷ ᠤᠨ ᠬᠤᠤᠷ ᠲᠠᠭᠠᠨ ᠰᠦᠨᠤᠪᠠ

ᠲᠦᠮᠡᠨ ᠣᠨ ᠳᠤ ᠥᠮᠡᠭᠡᠢ ᠨᠠᠷ᠎ᠠ ᠪᠠᠨ ᠳᠡᠦᠭᠡᠯᠡᠪᠡ

ᠳᠤᠯᠢ ᠪᠢ ᠳᠤᠯᠢᠨ ᠪᠣᠯᠤᠷ ᠶᠢᠡᠷ ᠶᠢᠡᠨ ᠣᠷᠤᠰᠤᠨ᠎ᠠ

ᠳᠤᠭᠤᠷᠢᠨ ᠳ᠋ᠠᠭᠢ ᠲᠦᠮᠡᠨ ᠠᠵᠠ ᠵᠢᠷᠭᠠᠯ ᠲᠡᠶ ᠠᠮᠢᠳᠤᠷᠠᠨ᠎ᠠ ᠭᠡᠵᠤ

ᠳᠤᠯᠢ ᠶᠢᠨ ᠭᠤᠤᠯ ᠣᠷᠢᠳᠤ ᠶᠢ ᠣᠴᠢᠷᠯᠠᠨ ᠣᠷᠤᠰᠤᠨ᠎ᠠ

ᠳᠦᠷᠢᠮᠡᠭᠡᠢ ᠡᠳᠡᠭᠡᠳ ᠤᠨ ᠶᠠᠯ᠎ᠠ ᠶᠢ ᠢᠯᠠᠴᠢᠯᠠᠵᠤ ᠣᠷᠤᠰᠤᠨ᠎ᠠ

ᠳᠦᠯᠵᠢᠭᠦ ᠪᠠᠢ᠌ᠭᠠᠯᠢ ᠶᠢᠨ ᠣᠴᠠᠷᠠᠯ ᠢ ᠳᠤᠭᠠᠴᠠᠵᠤ ᠣᠷᠤᠰᠤᠨ᠎ᠠ

ᠳᠤᠩᠭ᠋ᠠᠯᠠᠭ ᠦᠷᠦᠴᠠᠨ ᠳᠡᠭᠡᠨ ᠰᠢᠷᠬ᠎ᠠ ᠪᠠᠨ ᠴᠡᠭᠡᠵᠢᠯᠡᠵᠤ ᠣᠷᠤᠰᠤᠨ᠎ᠠ

ᠬᠠᠪᠣᠷ ᠤᠨ ᠡᠭᠢ ᠪᠠᠷ ᠬᠠᠢ᠌ᠯ ᠶᠢᠡᠨ ᠭᠠᠢ᠌ᠬᠠᠭᠤᠯᠵᠤ ᠣᠷᠤᠰᠤᠨ᠎ᠠ

ᠵᠤᠨ ᠤ ᠰᠠᠢ᠌ᠬᠠᠨ ᠳᠤ ᠴᠡᠴᠡᠭ᠌ ᠶᠢᠡᠨ ᠪᠠᠬᠠᠷᠠᠭᠤᠯᠵᠤ ᠣᠷᠤᠰᠤᠨ᠎ᠠ

ᠨᠠᠮᠤᠷ ᠤᠨ ᠳᠦᠷᠦᠭᠦᠤ ᠪᠠᠷ ᠬᠠᠳᠤᠯᠠᠩ ᠶᠢᠡᠨ ᠵᠤᠷᠢᠭᠤᠯᠵᠤ ᠣᠷᠤᠰᠤᠨ᠎ᠠ

ᠡᠪᠦᠯ ᠤᠨ ᠣᠯᠠᠷᠢᠯ ᠳᠤ ᠬᠤᠯᠤᠰᠤ ᠪᠠᠨ ᠰᠢᠷᠭᠠᠯᠳᠤᠭᠤᠯᠵᠤ ᠣᠷᠤᠰᠤᠨ᠎ᠠ

ᠨᠤᠳᠤᠭ ᠤᠨ ᠭᠤᠤᠯ ᠨᠤᠭᠤᠯᠤᠭ᠎ᠠ ᠬᠠᠶᠠᠯᠠᠨ ᠣᠷᠤᠰᠤᠨ᠎ᠠ

ᠨᠠᠭᠤᠷ ᠲᠠᠭᠠᠨ ᠴᠢᠤᠠᠬᠤᠬᠤ ᠨᠢ ᠵᠢᠮ᠎ᠠ ᠶᠤᠮ ᠭᠡᠵᠤ ᠣᠷᠤᠰᠤᠨ᠎ᠠ

ᠣᠰᠤᠨ ᠤ ᠪᠠᠨ ᠰᠤᠷᠪᠣᠯᠵᠢ ᠳᠤ ᠰᠠᠨᠠᠭ᠎ᠠ ᠪᠣᠯᠵᠤ ᠣᠷᠤᠰᠤᠨ᠎ᠠ

ᠣᠰᠤ ᠪᠣᠷᠤᠭᠠᠨ ᠢ ᠭᠦᠰᠡᠨ ᠭᠦᠰᠡᠩᠭᠡᠨ ᠣᠷᠤᠰᠤᠨ᠎ᠠ ᠡ ︕



ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2624
ᠴᠠᠭ᠄ 2010 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ