☆ ᠴᠤᠭᠳᠤ
ᠥᠯᠵᠠᠢ᠌ᠳᠤ ᠮᠠᠩᠬ᠎ᠠ
ᠡᠷᠳᠡ ᠶᠢᠨ ᠨᠠᠷᠠ ᠶᠢ ᠳᠠᠯ ᠶᠢᠡᠷ ᠶᠢᠡᠨ ᠡᠷᠭᠦᠵᠤ
ᠡᠨᠡ ᠳᠡᠯᠡᠭᠡᠢ ᠳᠤ ᠦᠣᠷᠰᠦᠩᠭᠡᠨ ᠢᠷᠡᠭ᠍ᠰᠡᠨ
ᠡᠮᠤᠨ᠎ᠡ ᠵᠥᠭ᠌ ᠤᠨ ᠦᠯᠵᠠᠢ᠌ᠳᠤ ᠮᠠᠩᠬ᠎ᠠ ᠵᠢ
ᠦᠷᠯᠦᠭ᠌ ᠴᠢᠩᠭᠢᠰ ᠤᠨ ᠰᠢᠷᠭ᠎ᠠ ᠭᠡᠳᠡᠭ᠌᠃
ᠦᠯᠵᠠᠢ᠌ᠳᠤ ᠦᠯᠵᠠᠢ᠌ᠳᠤ ᠭᠡᠭᠦ ᠡᠴᠡ
ᠦᠯᠵᠠᠢ ᠪᠣᠶᠠᠨ ᠤ ᠬᠤᠷᠤᠢ
ᠦᠨᠢᠷ ᠲᠦᠮᠡᠨ ᠠᠷᠠᠤᠨ ᠨᠢ
ᠦᠩ ᠲᠡᠶ ᠠᠮᠢᠳᠤᠷᠠᠭᠰᠠᠨ ᠳᠡᠦᠭᠡ ᠲᠡᠶ᠃
ᠪᠣᠱᠤᠤᠳᠠᠢ ᠭᠠᠵᠠᠷ ᠤᠨ ᠪᠣᠭᠤᠷᠤᠯ ᠣᠮᠤᠭ
ᠪᠣᠳᠤᠯ ᠵᠢᠷᠦᠭᠡᠨ ᠤ ᠭᠡᠭᠡᠨ ᠰᠤᠪᠣᠤᠨ
ᠨᠡᠭᠦᠳᠡᠭᠡᠢ ᠨᠠᠭᠤᠷ ᠤᠨ ᠱᠤᠤᠭᠢᠶᠠᠨ ᠨᠢ
ᠡᠳᠦᠷᠵᠢᠨ ᠠᠨᠢᠷᠳᠤᠳᠠᠭ ᠥᠡᠳᠦᠷᠯᠢᠭ᠌
ᠨᠡᠭᠦᠳᠡᠯ ᠤᠨ ᠰᠢᠪᠠᠭᠤᠳ ᠤᠨ ᠳᠠᠭᠤᠨ
ᠣᠯᠠᠷᠢᠵᠢᠨ ᠬᠤᠷᠭᠤᠭᠳᠠᠳᠠᠭ ᠣᠷᠭᠢᠯ᠃
ᠠᠳᠠᠨ ᠳᠡᠮᠡᠭᠡᠨ ᠤ ᠪᠣᠢ᠌ᠯᠠᠭ᠎ᠠ
ᠪᠣᠷᠠᠮᠠᠨ ᠡᠯᠡᠰᠤᠨ ᠳ᠋ᠤᠨᠢ ᠰᠢᠩᠭᠡᠭᠡᠰᠦᠳᠡᠢ
ᠠᠪᠣ ᠶᠢᠨ ᠡᠭᠡᠰᠢᠭᠯᠡᠭ᠍ᠰᠡᠨ ᠬᠤᠭᠤᠷ ᠵᠢᠠᠷ
ᠪᠣᠳᠤᠭᠤ ᠨᠢ ᠣᠶᠠᠷᠠᠳᠠᠭ ᠨᠤᠳᠤᠭ ᠪᠠᠢ᠌ᠨ᠎ᠠ᠃
ᠠᠪᠢᠷᠠᠭᠠᠤᠨ ᠭᠠᠷᠬᠤ ᠳᠤ ᠡᠯᠡᠰᠤ ᠨᠢ
ᠣᠯᠠ ᠶᠢ ᠬᠤᠷᠴᠠᠯᠠᠳᠠᠭ ᠴᠢᠯᠠᠭᠤ ᠶᠤᠮ
ᠠᠯᠤᠰ ᠭᠠᠵᠠᠷ ᠶᠠᠪᠣᠬᠤ ᠳ᠋ᠤ
ᠣᠬᠠᠭᠠᠨ ᠢ ᠬᠤᠷᠴᠠᠯᠠᠳᠠᠭ ᠪᠢᠯᠡᠭᠦᠤ ᠶᠤᠮ᠃
ᠬᠤᠯᠠᠨ ᠰᠢᠷᠭ᠎ᠠ ᠶᠢᠨ ᠡᠯᠡᠰᠤ ᠨᠢ
ᠬᠤᠯᠠ ᠳᠠᠭᠠᠨ ᠰᠢᠷᠠᠭᠠᠯᠳᠤᠨ ᠨᠠᠯᠣᠢ᠌ᠨᠡ
ᠬᠤᠨ ᠰᠢᠭ ᠭᠦᠭᠡᠷᠦᠭᠦᠨ ᠦᠯᠵᠠᠢ᠌ᠳᠤ
ᠳᠡᠭᠦᠨ ᠤ ᠳᠤᠮᠳᠠᠭᠤᠷ ᠨᠡᠭᠦᠨ᠎ᠡ᠃
ᠨᠤᠳᠤᠭ ᠰᠡᠳᠭᠢᠯ ᠤᠨ ᠬᠤᠭᠤᠷᠤᠠᠳᠤ
ᠨᠤᠷᠠᠳᠠᠭ ᠦᠭᠡᠶ ᠭᠦᠭᠦᠷᠭᠡ ᠪᠠᠢ᠌ᠳᠠᠭ ᠶᠤᠮ
ᠨᠤᠷᠠᠳᠠᠭ ᠦᠭᠡᠶ ᠳᠠᠷᠠ ᠭᠦᠭᠦᠷᠭᠡ ᠵᠢ
ᠨᠠᠠᠳᠢᠨ ᠬᠠᠢ᠌ᠷ᠎ᠠ ᠶᠢᠨ ᠭᠡᠯᠭᠢᠶ᠎ᠡ ᠭᠡᠳᠡᠭ᠌᠃
ᠴᠢ ᠨᠤᠷᠠᠬᠤ ᠦᠭᠡᠶ ᠶᠤᠮ
ᠴᠢᠨᠤ ᠭᠦᠤ ᠨᠤᠭᠤᠷᠠᠬᠤ ᠦᠭᠡᠶ ᠶᠤᠮ᠃
ᠨᠠᠠᠳᠢᠨ ᠬᠠᠢ᠌ᠷ᠎ᠠ ᠶᠢᠨ ᠭᠡᠯᠭᠢᠶ᠎ᠡ ᠪᠣᠯᠤᠭᠰᠠᠨ
ᠨᠠᠠᠳᠢᠩᠨᠠᠬᠤ ᠶᠤᠰᠤᠳᠠᠢ ᠵᠠᠯᠠᠨ ᠡᠴᠡ ᠴᠢᠨᠢ
ᠵᠢᠯ ᠵᠢᠯ ᠤᠨ ᠬᠠᠪᠣᠷ ᠭᠦᠭᠡᠷᠡᠵᠤ
ᠵᠢᠭᠦᠷ ᠨᠢ ᠭᠦᠢᠴᠡᠭ᠍ᠰᠡᠨ ᠰᠢᠪᠠᠭᠤᠳ ᠪᠣᠰᠤᠨ᠎ᠠ ᠡ᠁
2005.11.13
ᠵᠤᠬᠢᠶᠠᠭᠴᠢ ᠶᠢᠨ ᠬᠠᠶᠢᠭ ᠄ ᠰᠢᠯᠤᠭᠤᠨ ᠭᠦᠭᠡ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ