ᠨᠡᠪᠲᠡᠷᠡᠨ ᠤᠷᠤᠬᠤ
ᠠᠪᠣ ᠳᠤ ᠪᠠᠨ ᠪᠢ ᠬᠠᠢ᠌ᠷᠠᠳᠠᠢ
ᠨᠠᠮ ᠪᠠᠢ᠌ᠭᠤᠯᠤᠭᠳᠠᠭᠰᠠᠨ 90 ᠵᠢᠯ ᠤᠨ ᠣᠢ ᠳᠤ

ᠨᠢᠯᠬ᠎ᠠ ᠪᠠᠯᠴᠢᠷ ᠨᠠᠰᠤᠨ ᠳᠤ ᠮᠢᠨᠢ ᠨᠠᠳᠠ ᠶᠢ ᠪᠠᠨ ᠡᠩᠬᠦᠷᠡᠢ᠌ᠯᠡᠵᠤ ᠪᠦᠪᠠᠢ᠌ᠯᠡᠭᠡ ᠦᠭᠡᠶ

ᠨᠠᠮ᠂ ᠠᠷᠠᠤᠨ᠂ ᠣᠯᠤᠰ ᠭᠡᠮᠡᠨ ᠳᠠᠮᠠᠤᠯᠠᠵᠤ ᠶᠠᠪᠣᠭᠰᠠᠨ ᠠᠪᠣ ᠮᠢᠨᠢ ︕

ᠨᠤᠮᠤᠬᠠᠨ ᠪᠣᠷᠤᠭᠵᠢᠭᠤᠨ ᠡᠵᠢ ᠳᠤ ᠮᠢᠨᠢ ᠬᠠᠯᠠᠮᠵᠢ ᠬᠠᠢ᠌ᠷ᠎ᠠ ᠪᠠᠷ ᠬᠤᠮᠰᠠᠳᠠᠭᠰᠠᠨ  

ᠨᠠᠮ᠂ ᠠᠷᠠᠤᠨ᠂ ᠣᠯᠤᠰ ᠭᠡᠮᠡᠨ ᠨᠠᠰᠤ ᠪᠠᠨ ᠮᠠᠷᠳᠠᠭᠰᠠᠨ ᠠᠪᠣ ᠮᠢᠨᠢ ︕

ᠨᠠᠷᠠ ᠰᠢᠭ ᠳᠡᠨᠢᠭᠡᠷ ᠠᠪᠣ ᠳᠤ ᠪᠠᠨ ᠬᠠᠢ᠌ᠷ᠎ᠠ ᠪᠠᠨ ᠴᠤ ᠭᠦᠷᠳᠡᠭᠡᠵᠤ ᠴᠢᠳᠠᠭ᠎ᠠ ᠦᠭᠡᠶ

ᠨᠠᠰᠤᠳᠠᠨ ᠪᠣᠭᠤᠷᠤᠯ ᠡᠵᠢ ᠶᠢᠨ ᠶᠢᠡᠨ ᠶᠠᠰᠤ ᠶᠢ ᠨᠢ ᠴᠤ ᠪᠠᠷᠢᠵᠤ ᠠᠮᠵᠢᠭ᠎ᠠ ᠦᠭᠡᠶ

ᠨᠠᠮ᠂ ᠠᠷᠠᠤᠨ᠂ ᠣᠯᠤᠰ ᠭᠡᠮᠡᠨ ᠵᠢᠳᠭᠦᠵᠤ ᠶᠠᠪᠣᠭᠰᠠᠨ ᠠᠪᠣ ᠮᠢᠨᠢ ︕

ᠨᠠᠯᠠᠭᠠᠷ ᠵᠠᠯᠠᠭᠤ ᠨᠠᠰᠤᠨ ᠳᠤ ᠪᠠᠨ

ᠨᠠᠮ ᠳᠤ ᠪᠠᠨ ᠰᠡᠵᠢᠭᠯᠡᠭ᠍ᠳᠡᠵᠤ ᠭᠤᠳᠤᠭᠠᠭᠳᠠᠯ᠎ᠠ ᠴᠤ

ᠨᠠᠷᠠ ᠵᠠᠷᠢᠮ ᠳᠤ ᠪᠠᠨ ᠊ᠭ᠍‍ᠬᠢᠷᠳᠦᠳᠡᠭ᠌ ᠲᠤ ᠴᠤ

ᠨᠠᠮ ᠭᠡᠵᠢᠶᠡᠳᠡ ᠪᠣᠷᠤᠭᠤᠳᠳᠠᠭ ᠦᠭᠡᠶ ᠶᠤᠮ ᠭᠡᠵᠤ ᠢᠳᠡᠭᠡᠵᠤ ᠶᠠᠪᠣᠭᠰᠠᠨ ᠠᠪᠣ ᠮᠢᠨᠢ ︕

ᠨᠤᠶᠠᠨ ᠪᠣᠯᠤᠭᠰᠠᠨ ᠴᠤ ᠠᠷᠠᠤᠨ ᠡᠴᠠ ᠶᠠᠳᠠᠭᠤ

ᠨᠤᠮᠤᠬᠠᠨ ᠪᠣᠷᠤ ᠠᠮᠢᠳᠤᠷᠠᠯ ᠲᠡᠶ

ᠵᠡᠷᠭᠡ ᠲᠡᠶ ᠪᠠᠢ᠌ᠭᠰᠠᠨ ᠴᠤ ᠴᠢᠭᠡᠴᠢ ᠰᠢᠳᠤᠷᠭᠤ

ᠵᠦᠪ ᠭᠤᠤᠯᠴᠢ ᠵᠤᠭᠰᠤᠯᠳᠠ ᠲᠡᠶ

ᠠᠪᠣ ᠮᠢᠨᠢ ᠨᠠᠮ ᠶᠤᠮ ᠨᠠᠮ ᠤᠨ ᠭᠦᠪᠠᠭᠦᠨ ᠠᠪᠣ ᠮᠢᠨᠢ ︕

ᠨᠠᠰᠤ ᠭᠦᠭ᠍ᠰᠢᠷᠡᠵᠤ ᠨᠠᠷᠮᠠᠨ ᠳᠤ ᠪᠠᠨ ᠬᠤᠨᠢᠶᠠᠰᠤ ᠲᠡᠶ ᠠᠪᠣ ᠳᠤ ᠪᠠᠨ

ᠡᠨᠡ ᠦᠶ᠎ᠡ ᠳᠤ ᠪᠢ ᠨᠠᠩ ᠬᠠᠢ᠌ᠷᠠᠳᠠᠢ ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ

ᠵᠤᠬᠢᠶᠠᠭᠴᠢ᠄ ᠰᠤᠬᠤᠷ ᠪᠣᠷᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3437
ᠴᠠᠭ᠄ 2011 ᠤᠨ ᠤ 06 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ