☆ ᠷᠤᠯᠮᠠᠵᠠᠪ
ᠴᠢ ᠠᠢ᠌ᠰᠤᠢ
ᠦᠨᠢᠷ ᠡᠷᠳᠡᠨ ᠤ ᠴᠤᠤᠷᠢᠶ᠎ᠠ
ᠵᠡᠭᠦᠳᠤ ᠳᠠᠮᠵᠢᠨ ᠨᠠᠭᠠᠰᠢᠯᠠᠬᠤ ᠮᠠᠳᠤ
ᠥᠵᠡᠭᠡᠳᠦᠢ ᠭᠠᠢ᠌ᠬᠠᠮᠰᠢᠭᠳᠤ ᠣᠷᠤᠨ
ᠵᠦᠩ ᠶᠢᠡᠷ ᠮᠢᠨᠢ ᠢᠯᠡᠷᠡᠭᠦ ᠮᠠᠳᠤ
ᠢᠷᠡᠭᠦ ᠮᠠᠷᠭᠠᠰᠢ ᠶᠢᠨ ᠭᠦᠰᠡᠯ ᠢ
ᠪᠣᠳᠤᠯ ᠮᠢᠨᠢ ᠵᠢᠷᠤᠬᠤ ᠮᠠᠳᠤ
ᠥᠯᠢᠭᠡᠷ ᠤᠨ ᠪᠠᠭᠠᠳᠤᠷ
ᠨᠠᠮᠠᠭᠢ ᠳᠠᠭᠠᠭᠤᠯᠤᠨ ᠮᠤᠷᠳᠠᠬᠤ ᠮᠠᠳᠤ
ᠦᠷᠯᠦᠭ᠌ ᠵᠤᠷᠢᠭ ᠰᠠᠨᠠᠭ᠎ᠠ
ᠰᠢᠯᠢ ᠶᠢᠨ ᠰᠠᠢ᠌ᠨ ᠡᠷ᠎ᠡ ᠮᠠᠳᠤ
ᠦᠷᠭᠡᠨ ᠭᠤᠪᠢ ᠶᠢᠨ ᠰᠠᠯᠭᠢ
ᠴᠡᠭᠡᠵᠢ ᠳᠤᠭᠤᠯᠤᠨ ᠥᠩᠭᠡᠷᠡᠭᠦ ᠮᠠᠳᠤ
ᠥᠵᠡᠰᠭᠦᠯᠡᠩ ᠦᠬᠢᠨ ᠵᠡᠭᠦᠳᠤᠨ ᠳᠠᠭᠢᠨᠢ
ᠰᠠᠯᠭᠢ ᠵᠠᠩᠭᠢᠷᠠᠭᠤᠯᠤᠨ
ᠴᠡᠴᠡᠭ᠌ ᠳᠡᠯᠪᠠᠭᠡᠯᠡᠭᠦᠯᠵᠤ
ᠭᠠᠠᠳᠢᠷᠰᠤᠨ ᠣᠷᠤᠨ ᠡᠴᠡ ᠴᠢ ᠠᠢ᠌ᠰᠤᠢ
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ
ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ