☆ ᠡᠰᠨᠢᠯ
ᠬᠠᠷᠠᠭᠤᠰᠤᠯ
ᠪᠠᠷᠭᠡ ᠶᠢᠨ ᠪᠠᠷᠭᠡ ᠮᠠᠩᠬ᠎ᠠ ᠭᠡᠵᠤ
ᠪᠢᠳᠡᠭᠦᠤ ᠳᠠᠢ᠌ᠭ᠎ᠠ ᠰᠢᠭ ᠰᠠᠨᠠᠭᠳᠠᠳᠠᠭ
ᠮᠠᠩᠬ᠎ᠠ ᠪᠠᠨ ᠠᠯᠳᠠᠭᠠᠤᠨ ᠮᠠᠯ ᠶᠢᠡᠨ ᠬᠤᠳᠠᠯᠠᠭᠠᠤᠨ
ᠮᠠᠨᠠᠢ᠌ᠭᠢᠨ ᠶᠠᠷᠤ ᠪᠠᠷᠭᠡ ᠪᠢᠳᠡᠭᠦᠷᠡᠳᠡᠭ᠌ ᠡ
ᠨᠤᠯ ᠣᠯᠠᠭᠠᠨ ᠴᠠᠭᠠᠵᠠ ᠪᠠᠷ ᠬᠤᠷᠢᠭᠳᠠᠭᠠᠤᠨ
ᠨᠤᠳᠤᠭ ᠨᠤᠳᠤᠭ ᠤᠨ ᠨᠤᠭᠤᠭ᠎ᠠ ᠨᠢ ᠨᠤᠵᠢᠭᠤᠨ
ᠨᠤᠭᠳᠤᠷᠤᠤ ᠰᠢᠪᠠᠭᠤ ᠨᠠᠭᠤᠷ ᠴᠤ ᠦᠭᠡᠶ ᠡᠪᠠᠰᠤ ᠴᠤ ᠥᠭᠡᠢ
ᠨᠣᠢ᠌ᠳᠠᠨ ᠰᠤᠷᠮᠤᠤᠰᠤ ᠪᠠᠷ ᠭᠠᠩᠳᠠᠵᠤ ᠬᠤᠴᠤᠷᠤᠨ᠎ᠠ
ᠡᠪᠦᠭᠡ ᠳᠡᠭᠡᠳᠦᠰ ᠤᠨ ᠣᠤᠭᠠᠯ ᠨᠤᠳᠤᠭ
ᠦᠣᠭᠡ ᠳᠡᠦᠭᠡ ᠦᠨᠦᠳᠤᠷ ᠳᠡᠭᠦᠰᠭᠦ ᠨᠢ ᠡ
ᠡᠷᠡᠨ ᠴᠠᠭ ᠤᠨ ᠵᠢᠪᠬᠠᠤᠭᠠ ᠮᠤᠩᠭ᠋ᠤᠯ
ᠡᠷᠡᠰ ᠵᠠᠩ ᠶᠢᠡᠷ ᠳᠠᠩᠴᠤ ᠬᠤᠮᠰᠠᠳᠠᠬᠤ ᠨᠢ ᠡ
ᠭᠦᠭᠡ ᠣᠭᠳᠠᠷᠭᠤᠢ ᠭᠦᠪᠦᠩ ᠡᠭᠦᠯᠡ
ᠭᠦᠭᠡᠮᠳᠦᠭ᠌ ᠳᠠᠯ᠎ᠠ ᠰᠤᠪᠣᠤᠨ ᠬᠤᠨᠢ
ᠣᠷᠭ᠎ᠠ ᠴᠢᠷᠦᠭ᠍ᠰᠡᠨ ᠣᠷᠢᠳᠤ ᠶᠢᠨ ᠮᠤᠩᠭ᠋ᠤᠯ
ᠣᠵᠤᠭᠤᠷ ᠭᠠᠯᠪᠠ ᠶᠢᠨ ᠳᠤᠮᠤᠭ ᠪᠣᠯᠬᠤ ᠨᠢ ᠦᠦ ︖
ᠠᠷᠭᠠᠯ ᠤᠨ ᠣᠳᠤᠭ᠎ᠠ ᠪᠣᠷᠭᠢᠯᠤᠭᠰᠠᠨ ᠭᠡᠵᠤ
ᠠᠷᠠᠵᠠᠨ ᠤ ᠰᠢᠳᠢ ᠪᠠᠷ ᠪᠢᠳᠡᠭᠡᠢ ᠠᠷᠠᠩᠭ᠋ᠠᠯᠠᠶᠠ
ᠠᠷᠠᠤᠨ ᠵᠤᠨ ᠤ ᠮᠥᠩᠭᠡ ᠶᠢᠨ ᠢᠳᠡᠭᠡᠯ ᠵᠢᠠᠷ
ᠠᠷᠠᠢ ᠨᠢᠭᠡ ᠶᠠᠭᠤᠮ᠎ᠠ ᠪᠦᠳᠦᠭᠡᠶ᠎ᠡ ︕
ᠥᠭᠡ ᠭᠡᠯᠡ ᠦᠰᠦᠭ᠌ ᠪᠢᠴᠢᠭ᠌ ᠭᠡᠵᠤ
ᠦᠪᠯᠠᠵᠤ ᠳᠡᠭᠡᠳᠦᠰ ᠮᠢᠨᠢ ᠦᠯᠡᠳᠡᠭᠡᠭ᠍ᠰᠡᠨ ᠶᠤᠮ
ᠦᠷᠤᠨᠠᠳᠠᠭᠢᠨ ᠤ ᠴᠡᠩᠭᠡᠷ ᠨᠢᠳᠤᠳᠤ ᠳᠤ
ᠦᠨᠡᠨ ᠤ ᠳᠠᠮᠠᠭ᠎ᠠ ᠪᠠᠨ ᠪᠣᠳᠤᠭᠯᠠᠭᠰᠠᠨ ᠶᠤᠮ
ᠦᠨᠦᠳᠤᠷ ᠳᠡᠭᠡᠭᠡᠳ ᠮᠠᠨ ᠤ ᠮᠤᠩᠭ᠋ᠤᠯᠴᠤᠳ
ᠦᠨᠳᠦᠷ ᠰᠤᠶᠤᠯ ᠲᠡᠶ ᠨᠢ ᠦᠷ᠎ᠡ ᠲᠡᠶ ᠪᠠᠨ ᠮᠥᠭᠦᠭᠡᠭ᠍ᠳᠡᠨᠡ
ᠦᠷᠢᠰᠤᠯᠳᠤᠵᠤ ᠳᠡᠮᠡᠴᠡᠭᠦ ᠨᠢ ᠪᠠᠭᠤᠵᠤ ᠦᠭᠭᠦᠨ᠎ᠡ
ᠦᠴᠦᠭᠡᠨ ᠵᠠᠯᠢ ᠪᠠᠷ ᠪᠠᠴᠢᠷᠳᠠᠵᠤ ᠶᠠᠪᠣᠨ᠎ᠠ
ᠠᠶ᠎ᠠ ᠶᠠᠭᠠᠭᠢᠬᠤᠪ ᠦᠷᠯᠦᠭ᠌ ᠮᠤᠩᠭ᠋ᠤᠯ ᠮᠢᠨᠢ
ᠠᠯᠢ ᠭᠠᠯᠪᠠ ᠶᠢᠨ ᠨᠢᠭᠦᠯ ᠪᠢᠯᠢᠤ ︖
ᠠᠰᠠᠵᠤ ᠣᠠᠳᠠᠷᠠᠬᠤ ᠳᠠᠪᠢᠯᠠᠩ ᠪᠢᠯᠢᠤ ︖
ᠠᠯᠭᠢ ᠪᠢ ᠵᠥᠭᠡᠷ ᠯᠠ ᠳᠤᠩᠭ᠋ᠤᠳᠤᠨ᠎ᠠ
ᠰᠠᠷ᠎ᠠ ᠰᠢᠨ᠎ᠡ ᠶᠢᠨ ᠰᠠᠢ᠌ᠬᠠᠨ ᠴᠠᠭ ᠵᠢᠠᠷ
ᠰᠠᠨᠠᠭ᠎ᠠ ᠪᠠᠨ ᠵᠥᠭᠡᠷ ᠠᠭᠤᠳᠠᠯᠠᠭᠰᠠᠨ ᠶᠤᠮ
ᠰᠠᠭᠠᠷ ᠦᠭᠡᠶ ᠲᠦᠪᠰᠢᠨ ᠭᠦᠭ᠍ᠵᠢᠭᠦ ᠵᠢ
ᠰᠠᠶ᠎ᠠ ᠮᠤᠩᠭ᠋ᠤᠯᠴᠤᠳ ᠲᠤ ᠪᠠᠨ ᠵᠠᠭᠢᠭᠰᠠᠨ ᠶᠤᠮ᠃
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2013 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ