☆ ᠠᠰᠬ᠎ᠠ ᠶᠢᠨ ᠣᠰᠤ
ᠥᠨᠢᠷ ᠪᠠᠶᠠᠯᠢᠭ ᠲᠦᠰᠢᠶᠠᠳᠤ ᠨᠤᠳᠤᠭ ᠮᠢᠨᠤ ᠳᠦᠷᠦᠭ᠍ᠰᠡᠨ ᠥᠯᠦᠭᠡᠢ
ᠦᠨᠢᠷ ᠪᠠᠶᠠᠯᠢᠭ ᠲᠦᠰᠢᠶᠠᠳᠤ ᠨᠤᠳᠤᠭ ᠮᠢᠨᠤ ᠳᠦᠷᠦᠭ᠍ᠰᠡᠨ ᠥᠯᠦᠭᠡᠢ ᠊᠊᠊᠊᠊᠊᠊᠊᠊᠊᠊᠊᠊᠊᠊
ᠮᠥᠩᠭᠡ ᠣᠯᠠᠮᠵᠢᠯᠠᠭᠳᠠᠬᠤ ᠬᠠᠨ ᠠᠭᠤᠯᠠᠨ ᠤ ᠥᠯᠢᠭᠡᠷ ᠳᠤᠮᠤᠭ ᠳᠠᠢ
ᠮᠠᠯᠮᠠᠯᠵᠠᠨ ᠣᠷᠤᠰᠬᠤ ᠬᠤᠤᠯᠢᠨ ᠭᠤᠤᠯ ᠤᠨ ᠳᠤᠩᠭ᠋ᠠᠯᠠᠭ ᠣᠷᠤᠰᠬᠠᠯ ᠳᠠᠢ
ᠦᠨᠢ ᠮᠥᠩᠭᠡ ᠥᠯᠢᠭᠡᠷ ᠤᠨ ᠨᠤᠳᠤᠭ ᠶᠢᠡᠷ ᠳᠠᠷᠬᠠᠯᠠᠭᠳᠠᠭᠰᠠᠨ ᠣᠷᠤᠨ᠃
ᠠᠷᠠᠤᠨ ᠣᠯᠠᠨ ᠤ ᠪᠠᠨ ᠢᠳᠡᠭᠡᠯ ᠪᠢᠰᠢᠷᠠᠯ ᠭᠦᠡᠳᠦᠳᠭᠡᠯ ᠪᠠᠬᠠᠷᠬᠠᠯ ᠢ ᠣᠯᠤᠭᠰᠠᠨ
ᠠᠬᠠᠮᠠᠤᠨ ᠥᠯᠢᠭᠡᠷᠴᠢᠨ ᠪᠦᠷᠢᠡᠪᠠᠶᠡᠷ ᠬᠠᠢ ᠪᠣᠤ ᠬᠤᠭᠤᠷᠴᠢ ᠮᠡᠡᠳᠦᠯᠡᠭ᠍ᠰᠡᠨ᠃
ᠠᠷᠠᠯᠳᠤ ᠬᠤᠭᠤᠷ ᠶᠢᠡᠨ ᠭᠦᠭᠯᠡᠭᠦᠯᠵᠤ ᠭᠡᠯᠡᠭ᠍ᠰᠡᠨ ᠪᠦᠷᠢᠡᠪᠠᠶᠡᠷ ᠤᠨ
ᠰᠤᠨᠤᠰᠤᠭᠴᠢ ᠶᠢᠨ ᠴᠡᠭᠡᠵᠢᠨ ᠳᠤ ᠭᠦᠨ ᠬᠤᠨᠤᠭᠰᠢᠭᠰᠠᠨ
ᠠᠮᠳᠠᠷᠬᠠᠭ ᠢᠳᠡᠯᠢᠭ᠌ 《ᠯᠤᠤ ᠪᠠᠷᠰ ᠤᠨ ᠬᠤᠶᠠᠷ ᠠᠭᠤᠯᠠ》 ᠰᠤᠨᠤᠰᠪᠣᠷᠢᠳᠠᠢ
ᠠᠮᠠᠨ (ᠶᠠᠪᠠᠭᠠᠨ) ᠥᠯᠢᠭᠡᠷ ᠲᠡᠭᠡᠨ ᠠᠪᠢᠶᠠᠰ ᠪᠢᠯᠢᠭ᠌ ᠲᠡᠶ ᠬᠠᠢ ᠪᠣᠤ ᠵᠢᠨ
ᠰᠤᠨᠤᠷ ᠢ ᠪᠠᠶᠠᠰᠬᠠᠵᠤ ᠠᠮᠢᠯᠠᠭᠤᠯᠤᠨ ᠭᠡᠯᠡᠭ᠍ᠰᠡᠨ
ᠠᠳᠠᠭᠠᠳᠠᠨ ᠢ ᠳᠠᠷᠤᠭᠰᠠᠨ 《ᠳᠠᠯ᠎ᠠ ᠨᠤᠳᠤᠭ ᠤᠨ ᠫᠣᠤ ᠶᠢᠨ ᠳᠠᠭᠤᠨ》 ᠰᠤᠨᠢᠷᠬᠠᠯᠳᠠᠢ᠃
ᠪᠢᠷ ᠶᠢᠡᠨ ᠬᠤᠷᠴᠠᠯᠠᠵᠤ ᠪᠠᠭᠰᠢ ᠶᠢᠨ ᠶᠢᠡᠨ ᠠᠯᠳᠠᠷ ᠢ ᠳᠤᠷᠠᠳᠬᠠᠭᠰᠠᠨ
ᠪᠢᠴᠢᠵᠤ ᠵᠤᠬᠢᠶᠠᠨ ᠬᠤᠭᠤᠷᠳᠠᠨ ᠭᠡᠯᠡᠭᠦ ᠳᠡᠭᠡᠨ ᠣᠷ᠎ᠠ ᠠᠪᠢᠶᠠᠰᠯᠢᠭ
ᠪᠦᠷᠢᠡᠪᠠᠶᠷ ᠤᠨ ᠰᠤᠳᠤᠨ ᠱᠠᠪᠢ ᠣᠷᠠᠯᠢᠭᠴᠢᠨ ᠭᠠᠠᠵᠤᠤᠷ ᠴᠤᠯᠭᠤᠷᠤᠭᠰᠠᠨ᠂
ᠣᠢ᠌ᠯᠠᠰ ᠤᠨ ᠵᠢᠯᠤᠭᠤ ᠡᠪᠭᠡᠵᠤ ᠥᠯᠢᠭᠡᠷ ᠬᠤᠯᠪᠣᠭ᠎ᠠ ᠪᠠᠨ ᠵᠠᠯᠭᠠᠮᠵᠢᠯᠠᠨ ᠭᠦᠭ᠍ᠵᠢᠭᠦᠯᠭᠦ ᠪᠠᠷ
ᠦᠶᠡᠴᠤᠤᠯ ᠤᠨ ᠳᠤᠮᠳᠠ ᠪᠠᠨ ᠬᠤᠭᠤᠷᠴᠢ ᠵᠤᠷᠢᠭᠳᠤ ᠵᠤᠯᠪᠣᠭ᠎ᠠ ᠲᠡᠶ ᠭᠢᠯᠠᠷᠠᠵᠤ ᠶᠠᠪᠣᠨ᠎ᠠ᠃
ᠦᠨᠢᠷ ᠪᠠᠶᠠᠯᠢᠭ ᠲᠦᠰᠢᠶᠠᠳᠤ ᠨᠤᠳᠤᠭ ᠮᠢᠨᠤ ᠳᠦᠷᠦᠭ᠍ᠰᠡᠨ ᠥᠯᠦᠭᠡᠢ ᠊᠊᠊᠊᠊᠊᠊᠊᠊᠊᠊᠊᠊᠊᠊᠊᠊᠊᠊᠊᠊᠊᠊᠊᠊᠊᠊᠊᠊᠊
ᠠᠷᠠᠤᠨ ᠤᠨ ᠳᠠᠭᠤᠤ ᠶᠢᠨ ᠳᠠᠯᠠᠢ ᠶᠡᠭᠡ ᠭᠦᠭ᠌ ᠡᠭᠡᠰᠢᠭ᠌ ᠤᠨ ᠣᠶᠠᠩᠭ᠋ᠠᠷᠠᠯ ᠳᠠᠢ
ᠦᠨᠳᠦᠰᠦᠳᠠᠨ ᠳᠡᠭᠡᠨ ᠬᠠᠢ᠌ᠷ᠎ᠠ ᠲᠡᠶ ᠣᠷᠠᠯᠢᠭᠴᠢᠳ ᠤᠨ ᠶᠢᠡᠨ ᠭᠦᠮᠦᠵᠢᠭᠦᠯᠭᠡ ᠪᠠᠷ
ᠦᠢ᠌ ᠲᠦᠮᠡᠨ ᠠᠷᠠᠤᠨ ᠤᠨ ᠳᠠᠭᠤᠴᠢᠨ ᠦᠰᠦᠨ ᠳᠤᠷᠨᠢᠭᠰᠠᠨ ᠦᠯᠵᠡᠢ᠌ᠳᠤ ᠣᠷᠤᠨ᠃
ᠠᠷᠠᠤᠨ ᠤᠨ ᠳᠠᠭᠤᠨ ᠤ ᠣᠠᠳᠤᠷᠤᠯ ᠲᠡᠶ ᠬᠠᠪᠣᠳᠤ ᠬᠠᠰᠠᠷ ᠤᠨ ᠣᠶᠠᠩᠭ᠋ᠠᠳᠤ ᠡᠨᠡ ᠨᠤᠳᠤᠭ
ᠠᠬᠠᠮᠠᠤᠨ ᠵᠠᠯᠠᠭᠤ ᠳᠠᠭᠤᠴᠢᠨ ᠶᠢᠡᠨ ᠬᠤᠤᠯᠢᠨ ᠭᠤᠤᠯ ᠤᠨ ᠣᠮᠳᠠ ᠪᠠᠷ ᠳᠠᠮᠢᠷ ᠭᠦᠴᠤ ᠶᠢ ᠨᠢ ᠰᠡᠯᠪᠢᠭ᠍ᠰᠡᠨ᠃
ᠨᠢ᠋ᠮᠠᠨ ᠮᠤᠵᠢ ᠣᠷᠤᠨ ᠤ ᠠᠷᠠᠤᠨ ᠤᠨ ᠳᠠᠭᠤᠤ ᠶᠢᠨ ᠣᠷᠤᠯᠳᠤᠭᠠᠨ ᠤ ᠮᠦᠷᠥᠢᠴᠡᠭᠡᠨ ᠳ᠋ᠤ
ᠣᠷᠠᠨ ᠳᠤᠳᠢ ᠰᠢᠭ᠌ ᠭᠣᠢ᠌ᠪᠠᠷᠬᠠᠨ ᠳᠠᠭᠤᠴᠢᠨ ᠪᠠᠢ ᠢᠤᠢ ᠬᠤᠧᠨ ᠣᠷᠣᠢ᠌ᠯᠠᠭᠰᠠᠨ᠂
《ᠬᠠᠢ᠌ᠷ᠎ᠠ ᠬᠠᠢ᠌ᠷ᠎ᠠ ᠶᠢᠨ ᠪᠠᠳᠤᠴᠠᠭᠠᠨ》 ᠶ᠋ᠢᠠᠷ ᠶᠢᠡᠨ ᠬᠠᠮᠤᠭ ᠮᠤᠩᠭ᠋ᠤᠯᠴᠤᠳ ᠤᠨ ᠵᠢᠠᠨ
ᠬᠠᠪᠣᠳᠠᠢ ᠪᠠᠬᠠᠷᠬᠠᠯ ᠬᠠᠯᠠᠭᠤᠨ ᠠᠯᠠᠭ᠎ᠠ ᠳᠠᠰᠢᠯᠳᠠ ᠶᠢ ᠭᠦᠷᠳᠡᠭ᠍ᠰᠡᠨ ᠪᠠᠢ ᠬᠤᠩ ᠮᠸᠢ
《ᠪᠣᠭᠤᠷᠤᠯ ᠨᠠᠰᠤᠳᠠᠤᠨ ᠤᠨ ᠶᠢᠡᠨ ᠭᠡᠯᠡᠭ᠍ᠰᠡᠭᠡᠷ ᠢᠷᠡᠭ᠍ᠰᠡᠨ》 《ᠬᠤᠭᠤᠷ ᠤᠨ ᠥᠯᠢᠭᠡᠷ》 ᠶ᠋ᠢᠠᠨ
《ᠪᠣᠯᠠᠭ ᠤᠨ ᠳᠤᠩᠭ᠋ᠠᠯᠠᠭ ᠷᠠᠰᠢᠶᠠᠨ ᠰᠢᠭ ᠪᠣᠳᠤᠯ ᠵᠢᠷᠦᠭᠡ ᠶᠢ ᠣᠮᠳᠠᠯᠠᠭᠰᠠᠨ》 ᠭᠡᠵᠤ ᠳᠠᠭᠤᠯᠠᠭᠰᠠᠨ᠃
ᠪᠣᠶᠠᠠᠳᠤ ᠡᠨᠡ ᠨᠤᠳᠤᠭ ᠳᠡᠯᠡᠭᠡᠢ ᠶᠢᠨ ᠰᠤᠨᠤᠷ ᠲᠤ ᠬᠠᠩᠭᠢᠨᠠᠵᠤ
ᠪᠣᠷᠭᠢᠯᠬᠤ ᠪᠣᠯᠠᠭ ᠰᠢᠭ ᠣᠠᠳᠤᠷᠤᠯ ᠲᠡᠶ ᠠᠷᠠᠤᠨ ᠤᠨ ᠳᠠᠭᠤᠤ ᠪᠠᠷ ᠵᠢᠠᠨ
ᠳᠠᠶᠠᠩ ᠳᠡᠯᠡᠭᠡᠢ ᠶᠢᠨ ᠰᠤᠶᠤᠯ ᠤᠨ ᠦᠪ ᠲᠤ ᠨᠠᠮᠠᠷᠢ ᠬᠠᠠᠳᠢᠪ ᠶᠢᠡᠨ ᠡᠷᠭᠦᠵᠤ
ᠳᠠᠷᠬᠠᠨ ᠨᠤᠳᠤᠭ ᠲᠦᠰᠢᠶᠠᠳᠤ ᠶᠢᠨ ᠰᠠᠢ᠌ᠬᠠᠨ ᠠᠯᠳᠠᠷ ᠢ ᠮᠠᠠᠳᠤᠭᠤᠯᠵᠤ
ᠳᠠᠯᠠᠢ ᠦᠪ ᠪᠣᠯᠤᠭᠰᠠᠨ ᠰᠤᠶᠤᠯ ᠣᠷᠠᠯᠢᠭ ᠶᠢᠡᠨ ᠴᠡᠴᠡᠭᠯᠡᠭᠦᠯᠤᠨ ᠭᠦᠭ᠍ᠵᠢᠭᠦᠯᠵᠤ ᠪᠠᠢ᠌ᠨ᠎ᠠ᠃
ᠦᠨᠢᠷ ᠪᠠᠶᠠᠯᠢᠭ ᠲᠦᠰᠢᠶᠠᠳᠤ ᠨᠤᠳᠤᠭ ᠮᠢᠨᠤ ᠳᠦᠷᠦᠭ᠍ᠰᠡᠨ ᠥᠯᠦᠭᠡᠢ ᠊᠊᠊᠊᠊᠊᠊᠊᠊᠊᠊᠊᠊᠊᠊
ᠠᠮᠤ ᠪᠣᠳᠠᠭᠠᠨ ᠤ ᠭᠠᠷᠤᠯᠳᠠ ᠶᠢᠨ ᠰᠠᠩ
ᠠᠢ᠌ᠷᠠᠭ ᠳᠠᠷᠠᠭ ᠤᠨ ᠦᠨᠦᠷ ᠱᠠᠩᠳᠠᠭᠤᠨ᠃
ᠲᠦᠩᠯᠢᠶᠤᠤ ᠊᠊᠊᠊᠊᠊᠊᠊᠊᠊᠊᠊᠊᠊᠊ ᠵᠦᠰᠤᠠᠬᠤᠧᠨ ᠶᠢᠨ ᠳᠠᠮᠤᠷ ᠵᠠᠮ
ᠲᠦᠰᠢᠶᠠᠳᠤ ᠨᠤᠳᠤᠭ ᠤᠨ ᠵᠠᠮ ᠬᠠᠷᠢᠯᠴᠠᠭᠠᠨ ᠤ ᠭᠤᠤᠯ ᠰᠤᠳᠠᠯ
ᠦᠨᠳᠦᠷ ᠬᠤᠷᠳᠤᠴᠠᠳᠤ ᠮᠤᠵᠢ ᠶᠢᠨ ᠳᠠᠰ ᠤᠨ ᠵᠠᠰᠠᠮᠠᠯ ᠵᠠᠮ 111 ᠱᠤᠭᠤᠮ
ᠡᠭᠦᠳᠡ ᠪᠠᠨ ᠨᠡᠭᠡᠭᠡᠵᠤ ᠴᠢᠯᠦᠭᠡᠳᠡᠢ ᠶᠠᠪᠣᠯᠴᠠᠨ ᠪᠠᠯᠠ ᠣᠷᠤᠭᠤᠯᠵᠤ
ᠦᠪᠡᠷ ᠢ ᠪᠠᠨ ᠭᠦᠭ᠍ᠵᠢᠭᠦᠯᠭᠦ ᠦᠳᠦᠳᠤ ᠬᠤᠶᠠᠷ ᠵᠢᠭᠦᠷ ᠨᠢ ᠪᠢᠯᠠ᠃
ᠬᠤᠤᠯᠢᠨ ᠭᠤᠤᠯ ᠤᠨ ᠨᠡᠭᠦᠷᠡᠰᠤ ᠢᠯᠴᠢ ᠴᠤᠭ ᠳᠠᠢ
ᠬᠠᠩᠭ᠋ᠠᠯᠢ ᠴᠥᠭᠦᠷᠦᠮ ᠤᠨ ᠣᠰᠤ ᠷᠠᠰᠢᠶᠠᠨ ᠰᠢᠭ᠌ ᠳᠤᠩᠭ᠋ᠠᠯᠠᠭ
ᠬᠤᠷᠴᠢᠨ ᠪᠠᠷᠠᠭᠤᠨ ᠭᠠᠷᠤᠨ ᠬᠠᠯᠠᠭᠤᠨ ᠴᠠᠭᠢᠯᠭᠠᠨ ᠦᠷᠳᠡᠭᠡ
ᠭᠦᠭᠡᠷᠡᠨ ᠰᠥᠭᠯᠡᠢ᠌ᠭᠦ ᠰᠢᠯᠦᠭᠦᠰᠦᠳᠡᠢ ᠶᠢᠨ ᠨᠤᠭᠤᠭᠠᠨ ᠡᠩᠭᠡᠷ ᠳᠤ
ᠭᠦᠭ᠍ᠵᠢᠵᠤ ᠳᠠᠪᠰᠢᠬᠤ ᠶᠢᠨ ᠪᠠᠯᠭᠡ ᠪᠣᠯᠵᠤ ᠣᠢ᠌ᠯᠠᠰ ᠤᠨ ᠭᠠᠠᠵᠤᠭ᠎ᠠ ᠮᠢᠯᠢᠶᠠᠯᠭᠠᠵᠠᠢ᠃
ᠳᠤᠮᠳᠠᠳᠤ ᠣᠯᠤᠰ ᠤᠨ ᠬᠤᠷᠳᠤᠨ ᠮᠤᠷᠢᠨ ᠤ ᠮᠠᠩᠯᠠᠢ ᠰᠢᠯᠭᠠᠷᠠᠭᠤᠯᠬᠤ ᠣᠷᠤᠯᠳᠤᠭᠠᠨ
ᠲᠦᠰᠢᠶᠠᠳᠤ ᠮᠤᠷᠢᠨ ᠳᠠᠯᠠᠪᠣᠷ ᠲᠤ ᠬᠤᠭᠤᠴᠠᠭ᠎ᠠ ᠪᠦᠷᠢ ᠨᠢᠵᠢᠭᠡᠷ ᠰᠠᠢ᠌ᠬᠠᠨ ᠶᠠᠪᠣᠭᠳᠠᠳᠠᠭ
ᠮᠤᠷᠢᠨ ᠸᠠᠩ ᠤᠨ ᠠᠯᠳᠠᠷ ᠡᠩ ᠳᠡᠯᠡᠭᠡᠢ ᠶᠢ ᠳᠤᠩᠰᠤᠯᠭᠠᠨ ᠴᠤᠤᠷᠢᠶᠠᠳᠤᠵᠤ
ᠮᠤᠩᠭ᠋ᠤᠯ ᠮᠤᠷᠢᠨ ᠤ ᠰᠤᠶᠤᠯ ᠤᠨ ᠳᠤᠯᠭ᠎ᠠ ᠶᠢᠨ ᠭᠠᠯ ᠡ᠊ᠨᠳᠡ ᠡᠴᠡ ᠦᠷᠨᠢᠨ ᠪᠠᠳᠠᠷᠠᠭᠰᠠᠨ᠃
ᠨᠠᠷᠠ ᠬᠤᠷ᠎ᠠ ᠳᠡᠩᠴᠡᠭ᠍ᠰᠡᠨ ᠨᠠᠢ᠌ᠷᠰᠠᠭ ᠵᠤᠨ ᠡ᠊ᠨᠳᠡ ᠢᠷᠠᠵᠤ ᠵᠤᠭᠠᠯᠠᠭᠠᠷᠠᠢ
ᠨᠠᠷᠮᠠᠢ ᠣᠯᠤᠰ ᠲᠠᠭᠠᠨ ᠠᠯᠳᠠᠷ ᠲᠡᠶ ᠬᠤᠷᠴᠢᠨ ᠪᠠᠢ᠌ᠭᠠᠯᠢ ᠶᠢᠨ ᠬᠠᠮᠠᠭᠠᠯᠠᠯᠳᠠ ᠶᠢᠨ ᠣᠷᠤᠨ
ᠨᠠᠭᠠᠳᠤᠨ ᠵᠤᠭᠠᠴᠠᠭᠠᠷᠠᠢ ᠭᠡᠵᠤ ᠬᠠᠯᠠᠭᠤᠨ ᠡᠪᠦᠷ ᠶᠢᠡᠨ ᠳᠡᠯᠭᠡᠵᠤ ᠳᠠᠨ ᠢ ᠣᠭᠳᠤᠬᠤ ᠶᠤᠮ᠃
ᠨᠠᠯᠠᠭᠠᠷ ᠨᠠᠮᠤᠷ ᠵᠤᠴᠢᠠᠰᠠᠭ ᠨᠤᠳᠤᠭ ᠲᠦᠰᠢᠶᠠᠳᠤ ᠳᠤ ᠮᠢᠨᠢ ᠮᠤᠷᠢᠯᠠᠨ ᠢᠷᠡᠭᠡᠷᠡᠢ
ᠨᠠᠮᠠᠭ᠎ᠠ ᠨᠠᠮᠠᠭ᠎ᠠ ᠪᠠᠨ ᠬᠤᠯᠪᠤᠨ ᠣᠯᠠᠢ᠌ᠭᠰᠠᠨ ᠬᠠᠢ᠌ᠷ᠎ᠠ ᠬᠠᠢ᠌ᠷ᠎ᠠ ᠶᠢᠨ ᠪᠠᠳᠤᠴᠠᠭᠠᠨ
ᠨᠠᠪᠴᠢ ᠨᠠᠮᠠᠭ᠎ᠠ ᠨᠢ ᠨᠠᠢ᠌ᠷᠰᠠᠭ ᠪᠦᠵᠢᠨ ᠠᠯᠠᠭ᠎ᠠ ᠪᠠᠨ ᠳᠡᠯᠭᠡᠵᠤ ᠳᠠᠨ ᠢ ᠣᠭᠳᠤᠬᠤ ᠶᠤᠮ᠃
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ
ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12155
ᠴᠠᠭ᠄ 2011 ᠤᠨ ᠤ 07 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ