☆ ᠳᠤᠷᠵᠢ
ᠳᠦᠴᠢᠨ ᠨᠠᠰᠤ
ᠨᠢᠭᠡ
ᠶᠠᠭᠠᠷᠠᠪᠠᠴᠤ ᠳᠦᠷᠭᠡᠯᠡᠳᠡᠭ᠌ ᠥᠭᠡᠢ
ᠶᠠᠳᠠᠷᠠᠪᠠᠴᠤ ᠬᠤᠵᠢᠮᠳᠠᠳᠠᠭ ᠥᠭᠡᠢ
ᠶᠢᠷᠳᠢᠠᠴᠤ ᠳᠤ ᠬᠤᠪᠢᠷᠠᠳᠠᠭ ᠦᠭᠡᠶ
ᠶᠠᠷᠤ ᠪᠣᠰᠤ ᠶᠢᠨ ᠴᠢᠨᠠᠷ ᠲᠡᠶ
ᠴᠠᠭ ᠮᠦᠴᠡ ᠵᠢᠨ ᠳᠤᠭᠢᠶ᠎ᠠ ᠪᠠᠷ
ᠴᠠᠭᠯᠠᠰᠢ ᠦᠭᠡᠶ ᠪᠠᠳᠤ ᠦᠨᠡᠨ ᠵᠢᠠᠷ
ᠳᠦᠳᠡᠯᠡᠭᠡᠳ ᠭᠦᠶᠦᠭ᠍ᠰᠡᠨ ᠰᠢᠭ᠌ ᠬᠤᠷᠳᠤᠨ
ᠳᠦᠴᠢᠨ ᠨᠠᠰᠤ ᠮᠢᠨᠢ ᠢᠷᠠᠴᠢᠭᠡᠯᠠ
ᠬᠤᠶᠠᠷ
ᠬᠠᠷᠠᠵᠠ ᠲᠡᠶ ᠪᠣᠯᠠᠭ ᠭᠦᠶᠦᠳᠡᠯ ᠳᠠᠢ
ᠬᠠᠷᠠᠭᠠᠴᠢ ᠲᠡᠶ ᠭᠡᠷ ᠨᠡᠭᠦᠳᠡᠯ ᠳᠠᠢ
ᠬᠠᠯᠠᠭᠠᠰᠤ ᠲᠡᠶ ᠪᠦᠰ ᠣᠶᠤᠳᠠᠯ ᠳᠠᠢ
ᠬᠠᠮᠤᠭ ᠶᠠᠭᠤᠮ᠎ᠠ ᠪᠠᠭᠤᠳᠠᠯ ᠲᠡᠶ ᠪᠠᠢ᠌ᠵᠠᠢ
ᠰᠠᠷ᠎ᠠ ᠨᠠᠷᠠ ᠰᠤᠯᠢᠨ ᠪᠠᠢ᠌ᠵᠤ
ᠰᠠᠢ᠌ᠨ ᠮᠠᠭᠤ ᠶᠢ ᠬᠤᠯᠢᠨ ᠭᠡᠪᠢᠵᠤ
ᠵᠠᠯᠠᠭᠤ ᠨᠠᠰᠤᠨ ᠢ ᠬᠤᠷᠢᠶᠠᠵᠤ
ᠵᠠᠭᠢᠯᠠᠭᠤᠨ ᠰᠡᠭᠦᠳᠡᠷ ᠶᠢᠡᠷ ᠣᠷᠢᠶᠠᠪᠠ
ᠭᠤᠷᠪᠠ
ᠭᠡᠪᠠᠯᠢ ᠳᠤ ᠭᠦᠪᠦᠷᠡᠳᠡᠭ᠌ ᠵᠢᠮ᠎ᠠ ᠪᠠᠷ
ᠭᠡᠯᠪᠠᠷᠢ ᠳᠡᠭᠦᠰ ᠳᠦᠷᠦᠳᠡᠭ᠌
ᠭᠡᠪᠠᠷᠡᠨ ᠮᠥᠭᠦᠳᠡᠭ᠌ ᠬᠠᠤᠯᠢ ᠪᠠᠷ
ᠭᠡᠵᠢᠶ᠎ᠡ ᠨᠢᠭᠡ ᠰᠥᠨᠦᠳᠡᠭ᠌
ᠡᠳᠦᠷ ᠬᠤᠨᠤᠭ ᠤᠨ ᠡᠭᠡᠯᠵᠢᠶ᠎ᠡ ᠳᠠᠢ
ᠦᠷᠯᠦᠭᠡ ᠠᠰᠬᠤᠨ ᠤ ᠰᠦᠯᠵᠢᠶ᠎ᠠ ᠳᠠᠢ
ᠠᠮᠢᠳᠠᠨ ᠪᠦᠭᠦᠨ ᠳᠤ ᠲᠤᠬᠢᠶᠠᠳᠠᠭ
ᠠᠮᠢᠵᠢᠷᠠᠯ ᠤᠨ ᠴᠠᠭᠠᠨ ᠦᠨᠡᠨ᠃
ᠳᠦᠷᠪᠡ
ᠡᠭᠢᠯᠡᠵᠤ ᠭᠢᠭᠦ ᠡᠴᠠ ᠣᠷᠣᠢ᠌ᠳᠠᠭᠰᠠᠨ ᠰᠢᠭ
ᠡᠷᠳᠡᠯᠡᠭᠦ ᠰᠡᠯᠡᠭᠡᠨ ᠡᠴᠠ ᠬᠤᠵᠢᠮᠳᠠᠭᠰᠠᠨ ᠰᠢᠭ
ᠬᠠᠢ᠌ᠷ᠎ᠠ ᠴᠠᠭᠢᠯᠤᠭᠰᠠᠨ ᠳᠤᠷᠠᠳᠬᠠᠯ ᠵᠢᠠᠨ
ᠬᠠᠢ᠌ᠯ ᠲᠡᠶ ᠨᠢᠯᠪᠣᠰᠤ ᠪᠠᠷ ᠦᠳᠡᠵᠤ
ᠵᠡᠭᠡᠷ᠎ᠡ ᠦᠷᠭᠦᠭ᠍ᠰᠡᠨ ᠳᠠᠯ᠎ᠠ ᠡᠴᠠ
ᠭᠡᠭᠡᠷ᠎ᠡ ᠴᠤᠪᠣᠭᠰᠠᠨ ᠳᠤᠭᠤᠰᠤ ᠰᠢᠭ
ᠵᠥᠭᠡᠷᠢ ᠠᠴᠢᠭᠰᠠᠨ ᠠᠶᠠᠨ ᠡᠴᠠ
ᠵᠦᠩᠨᠠᠯ ᠳᠠᠰᠤᠷᠠᠬᠤ ᠨᠢ ᠪᠣᠷᠤᠭᠤ ᠰᠢᠤ
ᠲ᠋ᠠᠪᠣ
ᠳᠦᠷᠦᠭᠡ ᠭᠢᠰᠭᠢᠨ ᠴᠢᠩᠭ᠋ᠠᠷᠬᠤ ᠳ᠋ᠤ
ᠵᠤᠤᠵᠠᠢ ᠬᠤᠭᠤᠷᠠᠮ᠎ᠠ ᠢᠳᠠ ᠲᠡᠶ
ᠮᠦᠷᠦᠭᠡ ᠴᠢᠭᠯᠡᠨ ᠱᠤᠭᠰᠢᠬᠤ ᠳ᠋ᠤ
ᠵᠤᠳᠤᠭ ᠳᠠᠰᠤᠷᠠᠮᠠ ᠭᠦᠴᠤ ᠲᠡᠶ
ᠵᠢᠩ ᠤᠨ ᠣᠷᠳᠤ ᠠᠶᠠᠨ ᠳ᠋ᠤ
ᠳᠠᠩ ᠤᠨ ᠠᠠᠴᠢ ᠠᠯᠳᠠᠳᠠᠭ ᠥᠭᠡᠢ
ᠳᠦᠨᠢᠨ ᠪᠣᠤᠷ᠎ᠠ ᠶᠢᠨ ᠳᠡᠪᠢᠯᠭᠡ ᠳᠠᠢ
ᠳᠦᠴᠢᠨ ᠨᠠᠰᠤ ᠪᠠᠨ ᠬᠠᠢ᠌ᠷᠠᠯᠠ
ᠵᠢᠷᠭᠤᠭ᠎ᠠ
ᠳᠤᠷᠰᠢᠯᠭ᠎ᠠ ᠰᠤᠷᠭᠠᠮᠵᠢ ᠬᠤᠶᠠᠷ ᠡᠴᠠ
ᠳᠤᠰᠤᠴᠢᠬᠠᠭᠰᠠᠨ ᠭᠠᠠᠵᠤᠭ᠎ᠠ ᠳᠠᠢ
ᠳᠡᠦᠭᠡ ᠱᠠᠰᠳᠢᠷ ᠬᠤᠶᠠᠷ ᠡᠴᠠ
ᠳᠤᠯᠤᠮ ᠳᠦᠭᠦᠷᠡᠩ ᠣᠯᠵᠠ ᠳᠠᠢ
ᠵᠠᠶᠠᠭ᠎ᠠ ᠬᠤᠪᠢ ᠬᠤᠶᠠᠷ ᠳᠤ
ᠵᠠᠪᠠᠯ ᠪᠠᠢ᠌ᠳᠠᠭ ᠶᠤᠰᠤ ᠳᠠᠢ
ᠵᠠᠯᠠᠭᠤ ᠢᠳᠠᠷ ᠬᠤᠶᠠᠷ ᠲᠤ
ᠵᠠᠩᠭᠢᠳᠠᠭᠠ ᠳᠠᠢ᠌ᠯᠠᠳᠠᠭ ᠨᠠᠰᠤ ᠡ᠃
ᠵᠤᠬᠢᠶᠠᠭᠴᠢ ᠶᠢᠨ ᠬᠠᠶᠢᠭ᠄ ᠰᠢᠠᠵᠢᠶᠠᠩ ᠬᠤᠪᠣᠭᠰᠠᠢ᠌ᠷᠢ ᠳᠡᠪᠠᠭᠡᠤᠰᠤᠨ
ᠵᠤᠬᠢᠶᠠᠭᠴᠢ᠄ ᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 07 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ