☆ ᠭᠢᠶᠠᠨ ᠠᠵᠢᠨᠠᠢ
ᠪᠠᠭᠰᠢ
ᠪᠠᠭᠰᠢ ᠁ ᠁
ᠣᠶᠤᠨ ᠤ ᠥᠯᠦᠭᠡᠢ ᠰᠠᠵᠢᠯᠠᠭᠰᠠᠨ
ᠡᠵᠢ ᠶᠢᠨ ᠣᠶᠠᠬᠠᠨ ᠪᠦᠦᠪᠠᠢ
ᠣᠬᠠᠭᠠᠨ ᠤ ᠳᠠᠷᠢᠶ᠎ᠠ ᠠᠷᠠᠴᠢᠭᠰᠠᠨ
ᠠᠪᠣ ᠶᠢᠨ ᠬᠠᠯᠠᠭᠤᠨ ᠠᠮᠢᠰᠤᠭ᠎ᠠ
ᠪᠠᠭᠰᠢ ᠁ ᠁
ᠬᠡᠦᠬᠡᠳ ᠤᠨ ᠢᠨᠢᠶᠠᠳᠤᠨ ᠳᠤ ᠵᠢᠷᠭᠠᠳᠠᠭ
ᠬᠠᠢ᠌ᠷ᠎ᠠ ᠶᠢᠨ ᠪᠠᠶᠠᠨ ᠳᠡᠯᠡᠭᠡᠢ
ᠬᠤᠷᠸ᠎ᠠ ᠶᠢᠨ ᠭᠡᠭᠡᠷᠡᠯ ᠳᠤ ᠳᠠᠭᠠᠳᠬᠠᠳᠠᠭ
ᠪᠢᠯᠢᠭ᠌ ᠤᠨ ᠴᠡᠩᠭᠡᠷ ᠰᠠᠭᠢᠭᠤᠰᠤ
ᠪᠠᠭᠰᠢ ᠁ ᠁
ᠥᠷᠦᠭᠡᠯ ᠤᠨ ᠳᠦᠯᠦᠭᠡ ᠣᠶᠠᠩᠭ᠋ᠠᠷᠠᠳᠠᠭ
ᠪᠣᠳᠤᠯ ᠤᠨ ᠠᠯᠳᠠᠨ ᠰᠠᠴᠤᠷᠠᠭ
ᠣᠢ᠌ᠯᠠᠰ ᠤᠨ ᠳᠦᠯᠦᠭᠡ ᠥᠡᠳᠡᠢ᠌ᠯᠵᠡᠳᠡᠭ᠌
ᠰᠡᠳᠭᠢᠯ ᠤᠨ ᠳᠤᠳᠤᠷ ᠳᠠᠮᠢᠷ
ᠪᠠᠭᠰᠢ ᠁ ᠁
ᠵᠤᠨ ᠤ ᠬᠠᠯᠠᠭᠤᠨ ᠳᠤ ᠰᠡᠭᠦᠳᠡᠷᠯᠡᠭ᠍ᠰᠡᠨ
ᠰᠤᠶᠤᠯ ᠤᠨ ᠨᠤᠭᠤᠭᠠᠨ ᠰᠠᠩᠱᠢ
ᠡᠪᠦᠯ ᠤᠨ ᠭᠦᠢᠳᠡᠨ ᠳᠤ ᠳᠦᠷᠡᠯᠵᠡᠭ᠍ᠰᠡᠨ
ᠨᠡᠭᠦᠷᠡᠰᠤᠨ ᠤ ᠬᠠᠳᠠᠭᠤ ᠴᠤᠭ
ᠪᠠᠭᠰᠢ ᠁ ᠁
ᠮᠤᠷᠢᠳ ᠤᠨ ᠶᠢᠡᠨ ᠣᠮᠤᠭᠤᠯᠠᠩ ᠳᠤ ᠪᠠᠶᠠᠰᠤᠭᠰᠠᠨ
ᠠᠳᠤᠭᠤᠴᠢᠨ ᠭᠦᠮᠤᠨ ᠤ ᠢᠰᠭᠢᠷᠭᠡ
ᠠᠮᠤ ᠶᠢᠨ ᠬᠠᠯᠢᠭᠤᠷᠭᠠᠨ ᠳᠤ ᠭᠦᠭ᠍ᠰᠡᠭ᠍ᠰᠡᠨ
ᠳᠠᠷᠢᠶᠠᠴᠢᠨ ᠡᠷ᠎ᠡ ᠶᠢᠨ ᠳᠤᠭᠳᠤᠯᠤᠯ
ᠪᠠᠭᠰᠢ ᠁ ᠁
ᠮᠢᠩᠭ᠋ᠠᠨ ᠴᠡᠴᠡᠭᠡᠰ ᠣᠮᠳᠠᠯᠠᠭᠰᠠᠨ
ᠴᠡᠴᠡᠭ᠌ ᠤᠨ ᠨᠠᠮᠤᠬᠠᠨ ᠬᠤᠷ᠎ᠠ
ᠮᠢᠩᠭ᠋ᠠᠨ ᠪᠠᠳᠠᠭ ᠭᠦᠷᠦᠩᠰᠢᠭᠦᠯᠦᠭ᠍ᠰᠡᠨ
ᠴᠠᠭ ᠤᠨ ᠨᠠᠢ᠌ᠷᠠᠭᠴᠢ ᠰᠢᠪᠠᠭᠤ
ᠪᠠᠭᠰᠢ ᠁ ᠁
ᠡᠷᠭᠦᠨ᠎ᠡ ᠬᠤᠨ ᠤ ᠳᠤᠮᠤᠭ ᠬᠠᠢ᠌ᠯᠠᠭᠰᠠᠨ
ᠠᠵᠠᠢ ᠪᠣᠭᠤᠷᠤᠯ ᠳᠤᠤᠯᠢ
ᠡᠶ᠎ᠡ ᠨᠠᠢ᠌ᠷᠠᠮᠳᠠᠭᠤ ᠶᠢᠨ ᠣᠶᠠᠩᠭ᠋᠎ᠠ ᠴᠢᠪᠠᠭᠳᠠᠭᠰᠠᠨ
ᠣᠷᠠᠢ ᠰᠤᠷᠭᠤᠭ ᠭᠦᠰᠡᠯ
ᠪᠠᠭᠰᠢ ᠁ ᠁
ᠠᠮᠢᠳᠤᠷᠠᠯ ᠤᠨ ᠣᠢ ᠳᠤ ᠳᠡᠪᠳᠡᠷᠢᠭ᠍ᠰᠡᠨ
ᠪᠣᠯᠪᠠᠰᠤᠨ ᠤ ᠰᠡᠷᠭᠡᠭ᠌ ᠳᠤᠩᠰᠢᠭᠤᠯ
ᠠᠮᠢᠳᠤᠷᠠᠬᠤᠢ ᠶᠢᠨ ᠣᠬᠠᠭ᠎ᠠ ᠰᠥᠯᠵᠢᠭ᠍ᠰᠡᠨ
ᠭᠦᠮᠤᠨ ᠶᠤᠰᠤᠨ ᠤ ᠥᠭᠦᠯᠡᠯ
ᠪᠠᠭᠰᠢ ᠁ ᠁
ᠠᠯᠤᠰ ᠤᠨ ᠡᠷᠢᠯ ᠳᠤ ᠮᠤᠷᠳᠠᠬᠤ ᠵᠢᠨ
ᠢᠳᠡᠭᠡᠯ ᠤᠨ ᠪᠣᠰᠤᠭ᠎ᠠ ᠳᠦᠷᠦᠭᠡ
ᠠᠶᠠᠨ ᠤ ᠣᠮᠳᠠᠭ᠎ᠠ ᠳᠠᠢ᠌ᠯᠠᠬᠤ ᠵᠢᠨ
ᠨᠠᠮᠤᠷ ᠤᠨ ᠰᠡᠷᠢᠭᠦᠨ ᠠᠢ᠌ᠷᠠᠭ
ᠪᠠᠭᠰᠢ ᠁ ᠁
ᠡᠭᠡ ᠣᠷᠤᠨ ᠤ ᠨᠠᠷᠠ ᠳᠠᠮᠨᠠᠭᠰᠠᠨ
ᠡᠷᠡᠰ ᠬᠠᠳᠠᠨ ᠵᠢᠭᠦᠷ
ᠢᠷᠡᠭᠦ ᠮᠠᠷᠭᠠᠰᠢ ᠶᠢᠨ ᠵᠡᠭᠦᠳᠤ ᠮᠠᠨᠠᠭᠰᠠᠨ
ᠣᠢ᠌ᠯᠠᠰᠴᠢ ᠬᠤᠯᠠ ᠰᠠᠨᠠᠭ᠎ᠠ ᠁
ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3015
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ