☆ ᠰᠠᠷᠠᠭᠤᠯ
ᠨᠠᠢ᠌ᠷᠠᠭ ᠤᠨ ᠰᠤᠳᠤᠨ ᠮᠤᠩᠭ᠋ᠤᠯ ᠬᠡᠦᠬᠡᠳ
ᠨᠠᠪᠴᠢᠰ ᠭᠦᠭᠡᠷᠦᠭᠦᠨ ᠳᠡᠭ᠍ᠵᠢᠭᠦᠨ ᠥᠰᠦᠭᠡ
ᠨᠠᠢ᠌ᠷᠠᠭ ᠤᠨ ᠰᠤᠳᠤᠨ ᠮᠤᠩᠭ᠋ᠤᠯ ᠬᠡᠦᠬᠡᠳ ᠪᠠᠢ᠌ᠨᠠᠮ
ᠨᠢᠯᠬ᠎ᠠ ᠣᠬᠠᠭ᠎ᠠ ᠪᠠᠨ ᠨᠠᠷᠠᠨ ᠳᠤ ᠡᠭᠡᠭᠡᠭ᠍ᠰᠡᠨ
ᠨᠠᠮᠢᠷᠠᠭᠰᠠᠨ ᠪᠣᠳᠤᠯ ᠤᠨ ᠨᠠᠭᠢᠶ᠎ᠠ ᠪᠠᠢ᠌ᠨᠠᠮ
ᠣᠭᠢᠯᠠᠵᠤ ᠢᠷᠡᠭ᠍ᠰᠡᠨ ᠥᠯᠦᠭᠡᠢ ᠬᠠᠩᠭ᠋ᠠᠢ ᠳᠤ ᠪᠠᠨ
ᠢᠨᠢᠶᠠᠵᠤ ᠳᠡᠯᠭᠡᠷᠡᠭᠦ ᠴᠡᠴᠡᠭ᠌ ᠪᠠᠢ᠌ᠨᠠᠮ
ᠣᠢ ᠨᠠᠮᠠᠭᠠᠯᠠᠬᠤ ᠣᠶᠠᠬᠠᠨ ᠡᠷᠡᠨ ᠳᠤ ᠪᠠᠨ
ᠣᠳᠤᠨ ᠬᠠᠷᠪᠣᠬᠤ ᠬᠡᠦᠬᠡᠳ ᠪᠠᠢ᠌ᠨᠠᠮ
ᠪᠦᠦᠪᠠᠢ ᠴᠢᠩᠨᠠᠨ ᠳᠡᠨᠢᠭᠦᠨ ᠪᠣᠢ᠌ᠵᠢᠭ᠎ᠠ
ᠪᠦᠮᠪᠦᠷᠴᠡᠭ᠌ ᠤᠨ ᠭᠤᠸ᠎ᠠ ᠬᠡᠦᠬᠡᠳ ᠪᠠᠢ᠌ᠨᠠᠮ
ᠪᠣᠳᠤᠯ ᠤᠨ ᠵᠤᠯᠢ ᠪᠠᠨ ᠢᠨᠢᠶᠠᠨ ᠰᠡᠷᠭᠦᠭᠡᠭ᠍ᠰᠡᠨ
ᠪᠦᠭᠦᠭᠦ ᠦᠭᠡᠶ ᠵᠤᠯᠠ ᠶᠢᠨ ᠣᠴᠢ ᠪᠠᠢ᠌ᠨᠠᠮ
ᠭᠦᠭ᠍ᠵᠢᠭᠦ ᠵᠥᠭ᠌ ᠤᠨ ᠨᠠᠷᠠ ᠪᠠᠨ ᠡᠷᠭᠦᠭ᠍ᠰᠡᠨ
ᠭᠦᠮᠤᠨ ᠤ ᠴᠠᠴᠠᠨ ᠭᠦᠰᠡᠯ ᠪᠠᠢ᠌ᠨᠡᠮ
ᠭᠦᠷᠭᠦ ᠴᠡᠭ᠌ ᠤᠨ ᠴᠠᠮᠬᠠᠭ ᠶᠢᠡᠨ ᠨᠤᠴᠤᠭᠠᠭᠰᠠᠨ
ᠭᠦᠢ ᠵᠠᠯᠭᠠᠬᠤ ᠬᠤᠷᠸ᠎ᠠ ᠪᠠᠢ᠌ᠨᠠᠮ
ᠶᠠᠭᠠᠨ ᠳᠡᠭ᠍ᠷᠢ ᠲᠡᠶ ᠨᠤᠭᠤᠭᠠᠨ ᠳᠡᠯᠡᠭᠡᠢ ᠳᠤ ᠪᠠᠨ
ᠢᠷᠠᠭᠤ ᠨᠠᠢ᠌ᠷᠠᠭ ᠤᠨ ᠰᠤᠳᠤ ᠪᠠᠢ᠌ᠨᠠᠮ
ᠶᠠᠰᠤ ᠬᠠᠳᠠᠭᠤ ᠢᠰᠡᠭᠡᠢ ᠳᠤᠭᠤᠷᠭᠠᠳᠠᠨ ᠤ
ᠢᠯᠠᠯᠳᠠ ᠶᠢ ᠨᠢ ᠵᠥᠩᠨᠡᠭ᠍ᠰᠡᠨ ᠢᠷᠡᠭᠡᠳᠦᠢ ᠪᠠᠢ᠌ᠨᠠᠮ
1998 ᠣᠨ
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠤᠨ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠭᠤᠯᠢ
ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2011 ᠤᠨ ᠤ 10 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ