ᠨᠡᠪᠲᠡᠷᠡᠨ ᠤᠷᠤᠬᠤ
ᠪᠠᠭ᠎ᠠ ᠨᠠᠰᠤᠨ ᠳᠠᠭᠠᠨ ᠪᠣᠴᠠᠬᠤ ᠶᠤᠮᠰᠠᠨ

ᠪᠠᠭ᠎ᠠ ᠨᠠᠰᠤᠨ ᠳᠠᠭᠠᠨ ᠪᠣᠴᠠᠬᠤ ᠶᠤᠮᠰᠠᠨ

ᠪᠣᠳᠤᠯ ᠤᠨ ᠡᠭᠡᠳᠡᠷᠡᠭᠡᠨ ᠡᠴᠡ ᠰᠠᠯᠬᠤ ᠶᠤᠮᠰᠠᠨ

ᠵᠤᠪᠠᠯ ᠭᠡᠳᠡᠭ᠌ ᠶᠠᠭᠤ ᠶᠢ ᠮᠡᠳᠡᠭᠦ ᠥᠭᠡᠢ

ᠵᠥᠪᠭᠡᠨ ᠨᠠᠭᠠᠳᠤᠮ ᠳᠤ ᠪᠠᠨ ᠵᠢᠷᠭᠠᠬᠤ ᠶᠤᠮᠰᠠᠨ

ᠪᠠᠭ᠎ᠠ ᠨᠠᠰᠤᠨ ᠳᠠᠭᠠᠨ ᠪᠣᠴᠠᠬᠤ ᠶᠤᠮᠰᠠᠨ

ᠪᠣᠳᠤᠯᠢᠶᠠᠠᠳᠠᠢ ᠨᠡᠢ᠌ᠭᠡᠮ ᠡᠴᠡ ᠬᠤᠯᠠᠳᠬᠤ ᠶᠤᠮᠰᠠᠨ

ᠠᠮᠢᠳᠤᠷᠠᠯ ᠭᠡᠳᠡᠭ᠌ ᠶᠠᠭᠤ ᠶᠢ ᠮᠡᠳᠡᠭᠦ ᠥᠭᠡᠢ

ᠠᠳᠬᠤ ᠰᠢᠭᠢᠷ ᠲᠤ ᠪᠠᠨ ᠬᠠᠨᠤᠬᠤ ᠶᠤᠮᠰᠠᠨ


ᠪᠠᠭ᠎ᠠ ᠨᠠᠰᠤᠨ ᠳᠠᠭᠠᠨ ᠪᠣᠴᠠᠬᠤ ᠶᠤᠮᠰᠠᠨ

ᠪᠠᠷᠭᠡ ᠲᠡᠶ ᠣᠷᠴᠢᠯᠠᠩ ᠡᠴᠡ ᠵᠠᠢ᠌ᠳᠠᠬᠤ ᠶᠤᠮᠰᠠᠨ

ᠵᠤᠭᠤᠰ ᠭᠡᠳᠡᠭ᠌ ᠶᠠᠭᠤ ᠶᠢ ᠮᠡᠳᠡᠭᠦ ᠥᠭᠡᠢ

ᠵᠠᠰᠠᠯ ᠤᠨ ᠬᠤᠪᠴᠠᠰᠤᠨ ᠳᠤ ᠪᠠᠨ ᠡᠷᠳᠦᠭᠦ ᠶᠤᠮᠰᠠᠨ

ᠪᠠᠭ᠎ᠠ ᠨᠠᠰᠤᠨ ᠳᠠᠭᠠᠨ ᠪᠣᠴᠠᠬᠤ ᠶᠤᠮᠰᠠᠨ

ᠪᠣᠷᠭᠠᠰᠤᠨ ᠮᠤᠷᠢ ᠲᠡᠶ ᠳᠠᠪᠭᠢᠬᠤ ᠶᠤᠮᠰᠠᠨ

ᠪᠦᠳᠦᠭᠦᠨ ᠪᠦᠳᠦᠭᠦᠨ ᠠᠰᠠᠭᠤᠯᠳᠠ ᠡᠴᠡ ᠵᠢᠭᠤᠳᠠᠵᠤ

ᠪᠠᠢ᠌ᠩᠭ᠋ᠤ ᠴᠢᠯᠦᠭᠡᠳᠡᠢ ᠳᠤᠭᠯᠠᠬᠤ ᠶᠤᠮᠰᠠᠨ︕

2000.4.18

〈ᠯᠢᠠᠲᠦᠩ ᠤᠨ ᠪᠠᠭᠰᠢ ᠶᠢᠨ ᠰᠤᠷᠭᠠᠭᠤᠯᠢ ᠳᠤ﹀


ᠵᠤᠬᠢᠶᠠᠭᠴᠢ ᠶᠢᠨ ᠬᠠᠶ‍ᠢᠭ᠄ ᠣᠯᠠᠭᠠᠠᠬᠠᠳᠠ ᠬᠤᠳᠠ ᠶᠢᠨ ᠬᠤᠧᠨ ᠰᠢᠶᠠ ᠠᠵᠢᠯ ᠮᠡᠷᠭᠡᠵᠢᠯ ᠤᠨ ᠰᠤᠷᠭᠠᠭᠤᠯᠢ

ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2735
ᠴᠠᠭ᠄ 2010 ᠤᠨ ᠤ 09 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ