☆ ᠭᠦᠢ ᠶᠢᠩ
ᠴᠢᠮ᠎ᠠ ᠳ᠋ᠠᠭᠠᠨ
ᠶᠠᠳᠠᠷᠠᠴᠢᠬᠠᠯ᠎ᠠ ᠭᠡᠵᠤ ᠪᠢ ᠴᠢᠮ᠎ᠠ ᠳ᠋ᠠᠭᠠᠨ
ᠰᠤᠷᠭᠤᠭ ᠴᠡᠴᠡᠭ᠌ ᠵᠢᠠᠨ
ᠨᠢᠭᠡ ᠪᠠᠭᠴᠠ ᠭᠦᠷᠭᠡᠶ᠎ᠡ
ᠵᠥᠳᠡᠷᠡᠴᠢᠭᠡᠯᠡ ᠪᠠ ᠭᠡᠵᠤ ᠪᠢ ᠴᠢᠮ᠎ᠠ ᠳ᠋ᠠᠭᠠᠨ
ᠰᠠᠢ᠌ᠬᠠᠨ ᠳᠠᠭᠤᠤ ᠪᠠᠨ
ᠨᠢᠭᠡ ᠪᠠᠳᠠᠭ ᠳᠠᠭᠤᠯᠠᠶ᠎ᠠ︕
ᠪᠠᠶ᠎ᠠ ᠪᠠᠨ ᠭᠢᠴᠢᠶᠡᠭᠡᠷᠡᠢ ᠭᠡᠵᠤ
ᠪᠢ ᠴᠢᠮ᠎ᠠ ᠳ᠋ᠠᠭᠠᠨ
ᠦᠨᠡᠨ ᠵᠢᠷᠦᠭᠡᠨ ᠤ ᠰᠠᠨᠠᠭᠤᠯᠭ᠎ᠠ ᠢᠯᠡᠭᠡᠶ᠎ᠡ︕
ᠢᠯᠠᠯᠳᠠ ᠲᠡᠶ ᠢᠷᠡᠭᠡᠷᠡᠢ ᠭᠡᠵᠤ
ᠪᠢ ᠴᠢᠮ᠎ᠠ ᠳ᠋ᠠᠭᠠᠨ
ᠡᠳᠦᠷ ᠰᠦᠨᠢ ᠦᠭᠡᠶ ᠳᠠᠭᠠᠤᠠᠬᠠᠨ ᠵᠠᠯᠪᠠᠷᠢᠶ᠎ᠠ︕
ᠵᠤᠬᠢᠶᠠᠭᠴᠢ᠄ ᠭᠦᠢ ᠶᠢᠩ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3566
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ