ᠨᠡᠪᠲᠡᠷᠡᠨ ᠤᠷᠤᠬᠤ
ᠳᠤᠯᠤᠢ ᠪᠠ ᠳᠤᠯᠤᠢ ᠡᠵᠡᠨ ᠰᠢᠳᠦᠭᠡᠨ ᠤ ᠳᠤᠬᠠᠢ

ᠳᠤᠯᠤᠢ ᠪᠣᠯ ᠴᠢᠩᠭᠢᠰ ᠬᠠᠭᠠᠨ ᠤ ᠣᠤᠠᠬᠤᠨ ᠭᠦᠪᠠᠭᠦᠨ ᠪᠦᠭᠡᠳ ᠬᠤᠪᠢᠯᠠᠢ ᠰᠠᠴᠠᠨ ᠬᠠᠭᠠᠨ ᠤ ᠡᠴᠢᠭᠡ ᠪᠢᠯᠠ᠃ ᠳᠡᠦᠭᠡ ᠰᠤᠳᠤᠷ ᠳᠠᠭᠢ ᠳᠡᠮᠳᠡᠭᠯᠡᠯ ᠢ ᠦᠨᠳᠦᠰᠦᠯᠠᠪᠠᠯ᠂ ᠳᠤᠯᠤᠢ ᠪᠣᠯ ᠴᠢᠩᠭᠢᠰ ᠬᠠᠭᠠᠨ ᠤ ᠬᠠᠮᠤᠭ ᠤᠨ ᠬᠠᠢ᠌ᠷᠠᠳᠠᠢ ᠭᠦᠪᠠᠭᠦᠨ ᠪᠠᠢ᠌ᠵᠤ᠂ ᠬᠠᠷ᠎ᠠ ᠪᠠᠭ᠎ᠠ ᠡᠴᠠ ᠪᠠᠨ ᠬᠠᠭᠠᠨ ᠡᠴᠢᠭᠡ ᠪᠠᠨ ᠳᠠᠭᠠᠵᠤ ᠪᠠᠷᠠᠭ᠎ᠠ ᠶᠡᠭᠡ ᠮᠠᠯᠠᠭᠠᠢ ᠶᠢᠨ ᠳᠤᠤᠷ᠎ᠠ ᠰᠢᠭᠤᠳ ᠪᠣᠯᠪᠠᠰᠤᠷᠠᠯ ᠭᠦᠷᠳᠡᠭ᠍ᠰᠡᠨ ᠳᠤᠯᠠ ᠮᠤᠩᠭ᠋ᠤᠯ ᠤᠨ ᠳᠡᠦᠭᠡᠨ ᠳᠡᠭᠡᠷᠡᠭᠢ ᠵᠠᠰᠠᠭ ᠲᠦᠷᠦ ᠴᠡᠷᠢᠭ᠌ ᠳᠠᠢ᠌ᠨ ᠳᠤ ᠴᠤᠯᠭᠤᠷᠠᠭᠰᠠᠨ ᠭᠦᠮᠤᠨ ᠪᠣᠯᠵᠠᠢ᠃ ᠳᠠᠷᠠ ᠴᠢᠩᠭᠢᠰ ᠤᠨ ᠬᠠᠮᠳᠤ ᠡᠮᠦᠨᠡᠰᠢ ᠠᠯᠳᠠᠨ ᠣᠯᠤᠰ ᠢ ᠳᠠᠢ᠌ᠯᠠᠵᠤ ᠪᠠᠷᠠᠭᠤᠠᠰᠢ ᠰᠠᠷᠳᠠᠭᠤᠯ ᠳᠤ ᠮᠤᠷᠳᠠᠵᠤ ᠭᠠᠪᠢᠶ᠎ᠠ ᠪᠠᠢ᠌ᠭᠤᠯᠪᠠ᠃ 1227 ᠣᠨ ᠤ 7 ᠰᠠᠷ᠎ᠠ ᠳᠤ ᠴᠢᠩᠭᠢᠰ ᠬᠠᠭᠠᠨ ᠨᠠᠰᠤ ᠨᠥᠭᠴᠢᠭ᠍ᠰᠡᠨ ᠬᠣᠢ᠌ᠨ᠎ᠠ᠂ ᠡᠴᠢᠭᠡ ᠶᠢᠨ ᠶᠢᠡᠨ ᠳᠡᠷᠭᠡᠳᠡ ᠥᠷᠭᠦᠯᠵᠢ ᠭᠤᠯᠤᠮᠳᠠ ᠶᠢ ᠨᠢ ᠰᠠᠭᠢᠭᠰᠠᠨ ᠣᠤᠠᠬᠤᠨ ᠭᠦᠪᠠᠭᠦᠨ ᠳᠤᠯᠤᠢ ᠮᠤᠩᠭ᠋ᠤᠯ ᠤᠨ ᠵᠠᠩᠰᠢᠯ ᠶᠤᠰᠤᠭᠠᠷ ᠪᠠᠯᠪᠠᠰᠤᠷᠠᠯ ᠤᠨ ᠬᠤᠭᠤᠴᠠᠭᠠᠨ ᠳᠤ᠂ ᠰᠢᠨ᠎ᠡ ᠬᠠᠭᠠᠨ ᠰᠠᠭᠤᠷᠢᠨ ᠳᠤ ᠰᠠᠭᠤᠬᠤ ᠡᠴᠠ ᠡᠮᠤᠨ᠎ᠡ ᠲᠦᠷᠦ ᠶᠢᠨ ᠡᠷᠭᠡ ᠶᠢ ᠮᠠᠳᠠᠵᠤ ᠵᠠᠰᠠᠭ ᠪᠠᠷᠢᠵᠠᠢ᠃ ᠡᠢ᠌ᠮᠤ ᠡᠴᠡ ᠳᠡᠭᠦᠨ ᠢ ᠳᠡᠦᠭᠡᠨ ᠳᠡᠭᠡᠷ᠎ᠡ 《ᠲᠦᠷᠦ ᠵᠠᠭᠢᠷᠤᠭᠴᠢ》 ᠬᠠᠭᠠᠨ ᠭᠡᠮᠡᠳᠡᠭ᠌᠃ 1228 ᠣᠨ ᠤ ᠨᠠᠮᠤᠷ ᠳᠤᠯᠤᠢ ᠭᠡᠷᠦᠯᠤᠨ ᠤ ᠭᠦᠳᠡᠭᠡ ᠠᠷᠠᠯ ᠳᠤ ᠶᠡᠭᠡ ᠬᠤᠷᠠᠯᠳᠠᠢ ᠬᠤᠷᠠᠯᠳᠤᠭᠤᠯᠵᠤ᠂ ᠣᠷᠢᠳᠤ ᠴᠢᠩᠭᠢᠰ ᠬᠠᠭᠠᠨ ᠤ ᠭᠡᠷᠢᠶᠡᠰᠦᠯᠡᠭ᠍ᠰᠡᠨ ᠶᠤᠰᠤᠭᠠᠷ ᠠᠬ᠎ᠠ ᠥᠭᠡᠳᠡᠢ ᠪᠠᠨ ᠬᠠᠭᠠᠨ ᠰᠠᠭᠤᠷᠢᠨ ᠳᠤ ᠡᠷᠭᠦᠮᠵᠢᠯᠡᠵᠡᠢ᠃ ᠬᠤᠷᠠᠯ ᠳᠡᠭᠡᠷ᠎ᠡ ᠣᠯᠠᠨ ᠭᠦᠮᠦᠰ ᠳᠤᠯᠤᠢ ᠶᠢ ᠬᠠᠭᠠᠨ ᠡᠷᠭᠦᠮᠵᠢᠯᠡᠭᠦ ᠭᠡᠰᠡᠨ ᠪᠦᠭᠡᠳ ᠳᠤᠭᠳᠠᠪᠣᠷᠢ ᠭᠠᠷᠴᠤ ᠳᠡᠢ᠌ᠯᠭᠦ ᠦᠭᠡᠶ ᠳᠦᠴᠢ ᠬᠤᠨᠤᠭ ᠥᠷᠭᠦᠯᠵᠢᠯᠡᠭ᠍ᠰᠡᠨ ᠪᠣᠯᠪᠠᠴᠤ ᠳᠤᠯᠤᠢ᠂ ᠶ‍ᠸᠯᠢ ᠴᠦᠰᠠᠢ ᠵᠡᠷᠭᠡ ᠭᠦᠮᠦᠰ ᠴᠢᠩᠭᠢᠰ ᠬᠠᠭᠠᠨ ᠤ ᠭᠡᠷᠢᠶᠡᠰ ᠢ ᠵᠢᠷᠤᠮᠯᠠᠵᠤ ᠡᠴᠦᠰ ᠲᠡᠭᠡᠨ ᠮᠦᠨ ᠥᠭᠡᠳᠡᠢ ᠶᠢ ᠡᠷᠭᠦᠮᠵᠢᠯᠡᠪᠡ᠃ ᠣᠷᠢᠳᠤ ᠴᠢᠩᠭᠢᠰ ᠬᠠᠭᠠᠨ ᠭᠦᠪᠠᠭᠦᠤᠨ ᠶᠢᠡᠨ ᠳᠠᠭᠤᠳᠠᠵᠤ ᠭᠡᠨ ᠶᠢᠡᠷ ᠬᠠᠭᠠᠨ ᠰᠠᠭᠤᠷᠢᠨ ᠢ ᠵᠠᠯᠭᠠᠮᠵᠢᠯᠠᠭᠤᠯᠬᠤ ᠣᠴᠢᠷ ᠢ ᠭᠡᠷᠢᠶᠡᠰᠦᠯᠡᠨ ᠳᠤᠭᠳᠠᠭᠠᠬᠤ ᠦᠶ᠎ᠡ ᠳᠤ ᠳᠤᠯᠤᠢ᠄ 《ᠪᠢ ᠬᠠᠭᠠᠨ ᠡᠴᠢᠭᠡ ᠶᠢᠨ ᠨᠡᠷᠡᠢ᠌ᠳᠦᠭ᠍ᠰᠡᠨ ᠠᠬ᠎ᠠ ᠶᠢᠨ ᠳᠡᠷᠭᠡᠳᠡ ᠪᠠᠢ᠌ᠵᠤ᠂ ᠮᠠᠷᠳᠠᠭᠰᠠᠨ ᠢ ᠰᠠᠨᠠᠭᠤᠯᠵᠤ᠂ ᠣᠠᠳᠠᠭᠰᠠᠨ ᠢ ᠰᠡᠷᠡᠭᠦᠯᠵᠤ᠂ ᠣᠨᠤᠬᠤ ᠮᠤᠷᠢ ᠳ᠋ᠤᠨᠢ ᠮᠢᠯᠠᠭ᠎ᠠ ᠪᠣᠯᠵᠤ᠂ ᠣᠷᠢᠶᠠᠯᠠᠬᠤ ᠳᠠᠭᠤᠨ ᠳ᠋ᠤᠨᠢ ᠴᠤᠤᠷᠢᠶ᠎ᠠ ᠪᠣᠯᠵᠤ᠂ ᠪᠠᠢ᠌ᠬᠤ ᠭᠠᠵᠠᠷ ᠲᠤ ᠳᠤᠳᠠᠭᠳᠠᠬᠤ ᠦᠭᠡᠶ᠂ ᠪᠠᠷᠭᠢᠷᠠᠬᠤ ᠳᠠᠭᠤᠨ ᠳᠤ ᠬᠤᠵᠢᠮᠳᠠᠬᠤ ᠦᠭᠡᠶ᠂ ᠠᠶᠠᠨ ᠳᠠᠢ᠌ᠨ ᠳᠤ ᠶᠠᠪᠣᠯᠴᠠᠵᠤ᠂ ᠠᠯᠠᠯᠳᠤᠬᠤ ᠪᠠᠢ᠌ᠯᠳᠤᠭᠠᠨ ᠳᠤ ᠬᠤᠰᠢᠭᠤᠴᠢᠯᠠᠶ᠎ᠠ》 ᠭᠡᠵᠤ ᠠᠠᠳᠠᠭᠠᠢ᠌ᠯᠠᠭᠰᠠᠨ ᠪᠦᠭᠡᠳ ᠮᠦᠨ ᠡᠨᠡ ᠶᠤᠰᠤᠭᠠᠷ ᠭᠢᠵᠤ ᠶᠠᠪᠣᠵᠠᠢ᠃

ᠳᠤᠯᠤᠢ ᠶᠢᠨ ᠨᠠᠰᠤ ᠨᠥᠭ᠍ᠴᠢᠭ᠍ᠰᠡᠨ ᠳᠤᠬᠠᠢ ᠳᠡᠦᠭᠡ ᠶᠢᠨ ᠪᠢᠴᠢᠭ᠌ ᠲᠤ ᠨᠠᠯᠢᠶᠠᠤᠨ ᠰᠤᠨᠢᠷᠬᠠᠯᠳᠠᠢ ᠳᠡᠮᠳᠡᠭᠯᠡᠯ ᠪᠠᠢ᠌ᠳᠠᠭ᠃ 1230 ᠣᠨ ᠳᠤ ᠳᠤᠯᠤᠢ ᠥᠭᠡᠳᠡᠢ ᠬᠠᠭᠠᠨ ᠪ ᠬᠠᠮᠳᠤ ᠴᠡᠷᠢᠭ᠌ ᠳᠠᠢ᠌ᠴᠢᠯᠠᠨ ᠠᠯᠳᠠᠨ ᠣᠯᠤᠰ ᠲᠤ ᠮᠤᠷᠳᠠᠪᠠ᠃ ᠳᠠᠳᠠ ᠮᠠᠰᠢ ᠶᠡᠭᠡ ᠢᠯᠠᠯᠳᠠ ᠲᠡᠶ ᠣᠷᠤᠭᠰᠢᠯᠠᠵᠤ᠂ 1232 ᠣᠨ ᠳᠤ ᠭᠤᠸᠠᠠᠱᠠᠨ ᠭᠡᠭᠦ ᠭᠠᠵᠠᠷ ᠵᠤᠰᠠᠵᠠᠢ᠃ ᠭᠡᠪᠠᠴᠤ ᠥᠭᠡᠳᠡᠢ ᠬᠠᠭᠠᠨ ᠭᠡᠨᠡᠳᠲᠡ ᠡᠪᠡᠳᠴᠢᠨ ᠳᠤ ᠨᠡᠷᠪᠠᠭ᠍ᠳᠡᠵᠤ ᠥᠭᠡ ᠭᠡᠯᠡᠵᠤ ᠴᠢᠳᠠᠬᠤ ᠦᠭᠡᠶ ᠪᠣᠯᠪᠠ᠃ ᠪᠦᠭᠡ ᠪᠠᠭᠤᠯᠭᠠᠵᠤ ᠳᠦᠯᠦᠭᠡ ᠳᠠᠳᠠᠭᠤᠯᠤᠨ ᠥᠵᠡᠭᠦᠯᠦᠭ᠍ᠰᠡᠨ ᠳᠤ ᠭᠢᠳᠠᠤᠨ ᠣᠯᠤᠰ ᠤᠨ ᠭᠠᠵᠠᠷ ᠣᠰᠤᠨ ᠤ ᠡᠵᠡᠳ ᠰᠠᠭᠢᠭᠤᠰᠤᠨ ᠠᠷᠠᠤᠨ ᠢᠷᠭᠡᠳ ᠶᠢᠡᠨ ᠠᠪᠳᠠᠭᠳᠠᠵᠤ᠂ ᠬᠤᠳᠠ ᠪᠠᠯᠭᠠᠰᠤᠨ ᠶᠢᠡᠨ ᠡᠪᠳᠡᠭ᠍ᠳᠡᠭ᠍ᠰᠡᠨ ᠳᠤ ᠠᠳᠠ ᠦᠵᠡᠵᠤ ᠬᠤᠤᠷᠯᠠᠪᠠ ᠭᠡᠪᠡ᠃ ᠪᠦᠭᠡ ᠨᠡᠷ ᠡᠯᠳᠡᠪ ᠵᠣᠢ᠌ᠯ ᠤᠨ ᠶᠠᠭᠤᠮ᠎ᠠ ᠪᠠᠷ ᠵᠤᠯᠢᠶ᠎ᠠ ᠪᠣᠯᠭᠠᠶ᠎ᠠ ᠭᠡᠮᠡᠨ ᠳᠠᠭᠠᠳᠬᠠᠪᠠᠴᠤ ᠬᠠᠷᠢᠨ ᠡᠪᠡᠳᠴᠢᠨ ᠨᠢ ᠣᠯᠠᠮ ᠭᠡᠴᠡᠭᠦᠳᠡᠪᠡ᠂ ᠣᠷᠤᠭ ᠲᠦᠷᠦᠯ ᠤᠨ ᠭᠦᠮᠤᠨ ᠡᠴᠡ ᠵᠤᠯᠢᠶ᠎ᠠ ᠪᠣᠯᠭᠠᠶ᠎ᠠ ᠭᠡᠰᠡᠨ ᠳᠤ ᠡᠪᠡᠳᠴᠢᠨ ᠨᠢ ᠳᠠᠯᠪᠢᠭᠤᠷᠠᠵᠠᠢ᠃ ᠡᠨᠡ ᠦᠶ᠎ᠡ ᠳᠤ ᠳᠤᠯᠤᠢ ᠳᠡᠭ᠍ᠷᠢ ᠭᠠᠵᠠᠷ ᠲᠤ ᠳᠠᠭᠠᠳᠬᠠᠨ ᠠᠬ᠎ᠠ ᠶᠢᠨ ᠶᠢᠡᠨ ᠳᠦᠯᠦᠭᠡ ᠪᠠᠶ᠎ᠠ ᠪᠠᠨ ᠵᠤᠯᠢᠶ᠎ᠠ ᠪᠣᠯᠭᠠᠶ᠎ᠠ ᠭᠡᠮᠡᠨ ᠭᠤᠶᠤᠵᠤ ᠪᠦᠭᠡ ᠨᠡᠷ ᠤᠨ ᠠᠳᠢᠰᠯᠠᠭᠰᠠᠨ ᠣᠰᠤ ᠶᠢ ᠣᠤᠭᠤᠪᠠ᠃ ᠭᠡᠳᠤᠨ ᠡᠳᠦᠷ ᠤᠨ ᠳᠠᠷᠠᠭ᠎ᠠ ᠥᠭᠡᠳᠡᠢ ᠶᠢᠨ ᠡᠪᠡᠳᠴᠢᠨ ᠢᠯᠠᠷᠢ ᠪᠣᠯᠵᠤ᠂ ᠳᠤᠯᠤᠢ ᠣᠮᠠᠷᠠᠰᠢ ᠪᠣᠴᠠᠨ ᠠᠯᠠᠭᠳᠢᠰ ᠭᠡᠭᠦ ᠭᠠᠵᠠᠷ ᠭᠦᠷᠦᠭᠡᠳ ᠨᠠᠰᠤ ᠨᠥᠭᠦᠴᠡᠪᠡ ᠭᠡᠵᠡᠢ᠃ ᠪᠠᠰᠠ ᠪᠦᠭᠡ ᠨᠡᠷ ᠤᠨ ᠠᠳᠢᠰᠯᠠᠭᠰᠠᠨ ᠣᠰᠤ ᠶᠢ ᠣᠤᠭᠤᠭᠠᠤᠨ᠄ 《ᠪᠢ ᠰᠤᠭᠳᠤᠪᠠ》 ᠭᠡᠵᠤ ᠭᠡᠯᠡᠭᠡᠳ ᠭᠠᠷᠴᠤ ᠶᠠᠪᠤᠨ ᠭᠤᠤᠯ ᠤᠨ ᠣᠰᠤᠨ ᠳᠤ ᠣᠷᠤᠵᠤ ᠨᠠᠰᠤᠨ ᠡᠴᠦᠰᠯᠡᠪᠡ ᠭᠡᠰᠡᠨ ᠭᠡᠯᠡᠯᠭᠡ ᠪᠠᠢ᠌ᠳᠠᠭ᠃ ᠳᠤᠯᠤᠢ ᠠᠷᠠᠢ ᠳᠦᠴᠢ ᠪᠠᠰᠠ ᠭᠦᠷᠦᠭᠡ ᠦᠭᠡᠶ ᠪᠠᠢ᠌ᠵᠠᠢ (1193 ᠣᠨ ᠊᠊᠊᠊᠊᠊᠊᠊᠊᠊᠊᠊᠊᠊᠊ 1232 ᠣᠨ)᠃

ᠳᠤᠯᠤᠢ ᠡᠵᠡᠨ ᠢ ᠳᠠᠢ᠌ᠵᠤ ᠪᠠᠢ᠌ᠭᠰᠠᠨ ᠨᠠᠰᠤᠳᠠᠢ᠌ᠴᠤᠳ ᠤᠨ ᠮᠡᠳᠡᠭᠡᠯᠡᠭ᠍ᠰᠡᠨ ᠶᠢᠡᠷ᠄ 《ᠳᠤᠯᠤᠢ ᠡᠵᠡᠨ ᠭᠡᠷᠢᠶᠡᠰᠤᠨ ᠰᠢᠳᠦᠭᠡᠨ》 ᠭᠡᠭ᠍ᠴᠢ ᠶᠢ ᠣᠷᠳᠤᠰ ᠤᠨ ᠣᠳᠤᠭ ᠬᠠᠩᠭᠢᠨ ᠬᠤᠶᠠᠷ ᠬᠤᠰᠢᠭᠤᠨ ᠤ ᠵᠠᠭᠠᠭ ᠳᠠᠭᠢ ᠮᠤᠬᠤᠷ ᠰᠤᠭᠤ ᠶᠢᠨ ᠵᠡᠭᠦᠨ ᠬᠣᠢ᠌ᠳᠤ ᠣᠷᠤᠢ ᠳ᠋ᠠᠭᠢ ᠳᠤᠯᠤᠭᠠᠨ ᠬᠤᠤᠠᠳᠤᠭ ᠭᠡᠭᠦ ᠭᠠᠵᠠᠷ ᠳᠠᠭᠢᠭᠠᠤᠨ ᠶᠡᠭᠡ ᠣᠳᠠᠭᠰᠠᠨ ᠭᠡᠨ᠎ᠡ᠃ ᠳᠤᠯᠤᠢ ᠡᠵᠡᠨ ᠰᠢᠳᠦᠭᠡᠨ ᠨᠢ ᠭᠡᠵᠢᠶ᠎ᠡ ᠡᠴᠡ ᠡᠭᠢᠯᠡᠵᠤ ᠣᠤᠯ ᠨᠢ ᠶᠠᠮᠠᠷ ᠭᠠᠵᠠᠷ ᠪᠠᠢ᠌ᠭᠰᠠᠨ ᠳᠤᠬᠠᠢ ᠳᠤᠳᠤᠷᠬᠠᠢ ᠮᠡᠳᠡᠭᠡ ᠣᠯᠳᠠᠭ᠎ᠠ ᠦᠭᠡᠶ ᠪᠠᠢ᠌ᠭᠰᠠᠭᠠᠷ᠃ ᠪᠣᠳᠤᠪᠠᠯ ᠴᠢᠩᠭᠢᠰ ᠤᠨ ᠨᠢ᠋ᠮᠠᠨ ᠴᠠᠭᠠᠨ ᠣᠷᠳᠤᠨ ᠵᠡᠷᠭᠡ ᠪᠣᠰᠤᠳ ᠳᠠᠢ᠌ᠯᠭ᠎ᠠ ᠳᠠᠭᠢᠯᠭ᠎ᠠ ᠲᠡᠶ ᠪᠠᠨ ᠠᠳᠠᠯᠢ ᠪᠠᠷ ᠣᠷᠳᠤᠰᠴᠤᠳ ᠪᠣᠷᠤ ᠳᠤᠬᠤᠢ ᠨᠤᠳᠤᠭ ᠲᠤ ᠢᠷᠡᠭᠦ ᠶᠢ ᠳᠠᠭᠠᠯᠳᠤᠨ ᠡᠨᠡ ᠭᠠᠵᠠᠷ ᠰᠢᠯᠵᠢᠨ ᠢᠷᠡᠭ᠍ᠰᠡᠨ ᠪᠠᠢ᠌ᠵᠤ ᠳᠠᠭᠠᠷᠠᠨ᠎ᠠ᠃ ᠡᠨᠡ ᠳᠤᠯᠤᠭᠠᠨ ᠬᠤᠤᠠᠳᠤᠭ ᠭᠡᠳᠡᠭ᠌ ᠨᠢ ᠦᠨᠡᠨ ᠳᠡᠭᠡᠨ ᠨᠢᠭᠡ ᠣᠰᠤᠨ ᠰᠤᠳᠠᠯ ᠢ ᠳᠠᠭᠠᠭᠤᠯᠤᠨ ᠮᠠᠯᠳᠠᠭᠰᠠᠨ ᠬᠤᠷᠢᠨ ᠳᠤᠯᠤᠭᠠᠨ ᠬᠤᠤᠠᠳᠤᠭ ᠭᠡᠨ᠎ᠡ᠃ ᠳᠦᠭᠦᠮᠴᠢᠯᠡᠭᠡᠳ ᠳᠤᠯᠤᠭᠠᠨ ᠬᠤᠤᠠᠳᠤᠭ ᠭᠡᠮᠡᠨ ᠨᠠᠷᠠᠯᠠᠨ ᠵᠠᠩᠰᠢᠵᠠᠢ᠃ ᠳᠤᠯᠤᠭᠠᠨ ᠬᠤᠤᠠᠳᠤᠭ ᠭᠡᠭᠦ ᠭᠠᠵᠠᠷ ᠳᠠᠭᠢᠵᠤ ᠪᠠᠢ᠌ᠭᠰᠠᠨ ᠪᠠ 《ᠳᠤᠯᠤᠢ》᠂ 《ᠳᠤᠯᠤᠭ᠎ᠠ》 ᠭᠡᠭᠦ ᠬᠤᠶᠠᠷ ᠥᠭᠡ ᠶᠢᠨ ᠠᠪᠢᠶᠠᠨ ᠤ ᠣᠢ᠌ᠷᠠᠯᠴᠠᠭ᠎ᠠ ᠡᠴᠠ ᠪᠣᠯᠵᠤ 《ᠳᠤᠯᠤᠢ ᠡᠵᠡᠨ》 ᠨᠢ ᠠᠢ᠌ᠵᠠᠮ ᠳᠠᠭᠠᠨ ᠡᠩ ᠤᠨ ᠭᠦᠮᠦᠰ ᠲᠤ 《ᠳᠤᠯᠤᠭᠠᠨ ᠡᠵᠡᠨ》 ᠭᠡᠮᠡᠨ ᠳᠠᠭᠤᠳᠠᠭᠳᠠᠬᠤ ᠪᠣᠯᠵᠠᠢ᠃ ᠴᠢᠨᠠᠭᠰᠢᠳᠠ ᠵᠠᠷᠢᠮ ᠭᠦᠮᠦᠰ ᠲᠤ 《ᠡᠵᠡᠨ》 ᠭᠡᠭᠦ ᠥᠭᠡ ᠶᠢᠨ ᠳᠠᠭᠤᠳᠠᠯᠭ᠎ᠠ ᠨᠢ ᠭᠢᠳᠠᠤᠨ ᠥᠭᠡ ᠶᠢᠨ 《井》 ᠵᠢᠡᠷ ᠣᠢ᠌ᠯᠠᠭᠠᠭᠳᠠᠵᠤ 《ᠳᠤᠯᠤᠢ ᠡᠵᠡᠨ》 ᠭᠡᠳᠡᠭ᠌ ᠤᠨ ᠣᠤᠠᠬ᠎ᠠ ᠨᠢ ᠣᠷᠤ ᠦᠭᠡᠶ ᠪᠣᠯᠵᠠᠢ᠃ ᠮᠦᠨ ᠡᠭᠦᠨ ᠡᠴᠡ ᠪᠣᠯᠵᠤ ᠳᠤᠯᠤᠢ ᠡᠵᠡᠨ ᠰᠢᠳᠦᠭᠡᠨ ᠨᠢ ᠬᠤᠯᠠ ᠶᠢᠨ ᠪᠣᠶᠤ ᠬᠣᠢ᠌ᠴᠢ ᠶᠢᠨ ᠭᠦᠮᠦᠰ ᠲᠤ ᠶᠠᠮᠠᠷ ᠨᠢᠭᠡᠨ ᠳᠤᠯᠤᠭᠠᠨ ᠭᠦᠮᠤᠨ ᠤ ᠳᠤᠬᠠᠢ ᠰᠢᠳᠦᠭᠡᠨ ᠮᠠᠳᠤ ᠴᠢᠨᠠᠭᠰᠢᠳᠠ ᠭᠠᠵᠠᠷ ᠣᠰᠤᠨ ᠤ ᠡᠵᠡᠳ ᠪᠣᠶᠤ ᠭᠠᠵᠠᠷ ᠣᠰᠤᠨ ᠤ ᠰᠢᠳᠦᠭᠡᠨ ᠭᠡᠮᠡᠨ ᠡ᠊ᠨᠳᠡᠭᠦᠤ ᠣᠢ᠌ᠯᠠᠭᠠᠭᠳᠠᠬᠤ ᠰᠢᠬᠠᠵᠠᠢ᠃

ᠣᠷᠳᠤᠰ ᠨᠤᠳᠤᠭ ᠲᠤ ᠭᠠᠵᠠᠷ ᠬᠠᠭᠠᠯᠪᠣᠷᠢᠯᠠᠵᠤ ᠡᠭᠢᠯᠡᠭ᠍ᠰᠡᠨ ᠡᠴᠠ ᠬᠣᠢ᠌ᠰᠢ ᠳᠤᠯᠤᠢ ᠡᠵᠡᠨ ᠰᠢᠳᠦᠭᠡᠨ ᠨᠢ ᠣᠳᠠᠭ᠎ᠠ ᠳᠠᠷᠠᠭᠠᠯᠠᠨ ᠣᠯᠠᠨ ᠭᠠᠵᠠᠷ ᠰᠢᠯᠵᠢᠭ᠍ᠰᠡᠨ ᠪᠦᠭᠡᠳ ᠳᠡᠭᠡᠷᠡᠮ᠂ ᠭᠠᠯ ᠤᠨ ᠠᠶᠤᠯ ᠳᠤ ᠣᠴᠠᠷᠠᠵᠤ ᠥᠩᠭᠡᠷᠡᠪᠡ᠃ ᠳᠤᠬᠠᠢ᠌ᠯᠠᠪᠠᠯ᠂ ᠳᠤᠯᠤᠭᠠᠨ ᠬᠤᠤᠠᠳᠤᠭ ᠡᠴᠠ ᠰᠢᠯᠵᠢᠨ ᠳᠤᠭᠣᠢ᠌ᠴᠢᠷᠭ᠎ᠠ ᠶᠢᠨ ᠪᠠᠷᠠᠭᠤᠨ ᠬᠣᠢ᠌ᠳᠤ ᠣᠷᠤᠢ ᠳ᠋ᠠᠭᠢ ᠳᠡᠮᠭᠡᠯᠡᠢ ᠭᠡᠭᠦ ᠭᠠᠵᠠᠷ ᠲᠤ᠂ ᠡ᠊ᠨᠳᠡ ᠡᠴᠠ ᠣᠯᠠᠭᠠᠠᠵᠢᠷᠢᠮ ᠭᠡᠭᠦ ᠭᠠᠵᠠᠷ ᠲᠤ᠂ ᠡ᠊ᠨᠳᠡ ᠡᠴᠠ ᠪᠣᠯᠠᠬᠠᠳᠠᠢ ᠭᠡᠭᠦ ᠭᠠᠵᠠᠷ ᠲᠤ᠂ ᠡ᠊ᠨᠳᠡ ᠡᠴᠠ ᠵᠤᠰᠤ ᠶᠢᠨ ᠵᠡᠭᠦᠨ ᠬᠣᠢ᠌ᠳᠤᠭᠢ ᠭᠦᠮᠦᠭᠡᠯᠡᠢ ᠭᠡᠭᠦ ᠭᠠᠵᠠᠷ ᠲᠤ᠂ ᠡ᠊ᠨᠳᠡ ᠡᠴᠠ 1943 ᠣᠨ ᠳᠤ ᠣᠤᠯ ᠤᠨ ᠴᠠᠭᠠᠠᠨᠠᠭᠤᠷ ᠰᠤᠮᠤᠨ (ᠣᠳᠤ ᠣᠯᠠᠭᠠᠠᠪᠠᠯᠭᠠᠰᠤᠨ ᠳᠤ ᠬᠠᠷᠢᠶᠠᠯᠠᠭᠳᠠᠪᠠ) ᠊ᠤ ᠰᠠᠢ᠌ᠬᠠᠠᠳᠠᠯ᠎ᠠ ᠭᠠᠴᠠᠭ᠎ᠠ ᠪᠠ ᠰᠢᠷᠠᠪᠦ᠋ᠷᠢᠳᠤ ᠭᠠᠴᠠᠭ᠎ᠠ ᠶᠢᠨ ᠵᠠᠭᠠᠭ ᠭᠠᠵᠠᠷ ᠳᠠᠭᠢ ᠮᠠᠯᠴᠢᠳ ᠤᠨ ᠳᠤᠮᠳᠠ ᠰᠢᠯᠵᠢᠭᠦᠯᠤᠨ ᠠᠪᠴᠢᠷᠠᠭᠰᠠᠨ ᠡᠴᠡ ᠪᠠᠬᠠᠨ ᠳᠤᠭᠳᠠᠪᠣᠷᠢᠵᠢᠵᠤ᠂ ᠡ᠊ᠨᠳᠡ 1955 ᠣᠨ ᠪᠣᠯᠳᠠᠯ᠎ᠠ ᠳᠠᠭᠢᠵᠤ ᠪᠠᠢ᠌ᠭᠠᠤᠨ ᠡᠵᠡᠨ ᠬᠤᠷᠤᠭ᠎ᠠ ᠳᠤ ᠴᠢᠩᠭᠢᠰ ᠤᠨ ᠣᠩᠭ᠋ᠤᠨ ᠢ ᠪᠠᠢ᠌ᠭᠤᠯᠤᠭᠰᠠᠨ ᠳᠤ ᠳᠠᠠᠳᠠ ᠰᠢᠯᠵᠢᠭᠦᠯᠤᠨ ᠨᠡᠢ᠌ᠯᠡᠭᠦᠯᠤᠨ ᠳᠠᠭᠢᠵᠠᠢ᠃ ᠡᠨᠡ ᠭᠦ ᠰᠠᠢ᠌ᠬᠠᠠᠳᠠᠯ᠎ᠠ ᠰᠢᠷᠠᠪᠦ᠋ᠷᠢᠳᠤ ᠬᠤᠶᠠᠷ ᠭᠠᠴᠠᠭᠠᠨ ᠤ ᠵᠠᠭᠠᠭ ᠳᠠᠭᠢ ᠭᠠᠵᠠᠷ ᠭᠡᠳᠡᠭ᠌ ᠨᠢ ᠰᠢᠷᠠᠪᠦ᠋ᠷᠢᠳᠤ ᠶᠢᠨ ᠨᠠᠭᠤᠷ ᠤᠨ ᠪᠠᠷᠠᠭᠤᠨ ᠣᠷᠤᠢ ᠳ᠋ᠠᠭᠢ᠂ ᠣᠳᠤᠭ ᠬᠤᠰᠢᠭᠤᠨ ᠤ ᠳᠤᠰᠠᠯᠠᠭᠴᠢ ᠪᠠᠢ᠌ᠭᠰᠠᠨ ᠴᠢ᠊·ᠮᠥᠩᠭᠡ ᠶᠢᠨ ᠣᠷᠳᠤᠨ ᠪᠠ ᠰᠠᠩᠳᠤ ᠶᠢᠨ ᠰᠦᠮ᠎ᠡ ᠶᠢᠨ ᠪᠠᠷᠠᠭᠤᠠᠳᠠᠢ ᠬᠠᠮᠤᠭ ᠤᠨ ᠥᠡᠳᠦᠷᠯᠢᠭ᠌ ᠲᠤ ᠪᠠᠢ᠌ᠭ᠎ᠠ ᠪᠠᠶᠠᠠᠠᠤᠪᠣᠭ᠎ᠠ ᠶᠢᠨ ᠠᠷᠤ ᠰᠢᠯᠢ ᠳᠤ ᠪᠣᠢ᠃ ᠳᠤᠯᠤᠢ ᠡᠵᠡᠨ ᠤ ᠳᠠᠷᠬᠠᠤᠨ ᠡᠨᠡ ᠭᠠᠵᠠᠷ ᠢᠷᠡᠭᠡᠳ ᠪᠠᠰᠠ ᠤᠷᠢᠳ ᠬᠤᠵᠢᠳ ᠳᠤᠯᠤᠭᠠᠨ ᠬᠤᠤᠠᠳᠤᠭ ᠮᠠᠯᠳᠠᠭᠰᠠᠨ ᠭᠡᠵᠤ ᠪᠣᠢ᠃ ᠡᠨᠡ ᠨᠢ ᠪᠠᠷᠠᠭᠤᠨ ᠬᠣᠢ᠌ᠨ᠎ᠠ ᠡᠴᠠ ᠵᠡᠭᠦᠨ ᠡᠮᠦᠨᠡᠰᠢ ᠬᠠᠠᠳᠤᠭᠰᠠᠨ ᠣᠰᠤᠨ ᠰᠤᠵᠠᠭ ᠢ ᠳᠠᠭᠠᠭᠤᠯᠤᠨ ᠮᠠᠯᠳᠠᠭᠰᠠᠨ ᠳᠠᠪᠣ ᠵᠢᠷᠭᠤᠭ᠎ᠠ ᠠᠯᠳᠠ ᠶᠢᠨ ᠭᠦᠨ ᠬᠤᠤᠠᠳᠤᠭ ᠤᠳ ᠪᠣᠯᠤᠨ᠎ᠠ᠃ ᠡᠨᠡ ᠭᠠᠵᠠᠷ ᠭᠡᠷᠪᠡ ᠣᠰᠤᠨ ᠰᠤᠵᠠᠭ ᠢ ᠬᠠᠮᠢᠶᠠᠷᠬᠤ ᠦᠭᠡᠶ ᠪᠠᠷ ᠰᠢᠭᠤᠳ ᠴᠢᠷᠭ᠎ᠠ ᠮᠠᠯᠳᠠᠪᠠᠯ ᠳᠠᠪᠢ ᠵᠢᠷᠠ ᠠᠯᠳᠠ ᠳᠤ ᠰᠠ‍‌ᠶᠢ ᠣᠰᠤ ᠭᠠᠷᠳᠠᠭ᠃ ᠡᠨᠡ ᠭᠠᠵᠠᠷ ᠢ ᠮᠦᠨ 《ᠳᠤᠯᠤᠭᠠᠨ ᠡᠵᠡᠨ》 ᠭᠡᠮᠡᠨ ᠨᠡᠷᠡᠯᠡᠭᠡᠳ ᠵᠠᠩᠰᠢᠵᠠᠢ᠃ ᠠᠷᠠᠤᠨ ᠤᠨ ᠳᠤᠮᠳᠠ ᠪᠠᠰᠠ᠄ ᠳᠤᠯᠤᠢ᠂ ᠬᠠᠭᠠᠨ ᠠᠬ᠎ᠠ ᠪᠠᠨ ᠠᠪᠣᠷᠠᠬᠤ ᠶᠢᠨ ᠳᠤᠰᠠᠳᠠ ᠦᠪᠡᠷ ᠶᠢᠡᠨ ᠵᠤᠯᠢᠶ᠎ᠠ ᠪᠣᠯᠬᠤ ᠪᠠᠷ ᠭᠤᠤᠯ ᠳᠤ ᠣᠷᠤᠵᠤ ᠡᠴᠦᠰᠯᠡᠭ᠍ᠰᠡᠨ ᠳᠤᠯᠠ ᠳᠡᠭᠦᠨ ᠤ ᠭᠡᠭᠡᠨ ᠳᠦᠷᠢ ᠶᠢ ᠭᠤᠤᠯ ᠣᠰᠤᠨ ᠤ ᠳᠡᠷᠭᠡᠳᠡ ᠪᠣᠶᠤ ᠭᠤᠤᠯ ᠣᠰᠤ ᠦᠭᠡᠶ ᠴᠤ ᠣᠯᠠᠨ ᠬᠤᠤᠠᠳᠤᠭ ᠣᠰᠤ ᠲᠡᠶ ᠭᠠᠵᠠᠷ ᠳᠠᠭᠢᠳᠠᠭ ᠭᠡᠰᠡᠨ ᠭᠡᠯᠡᠯᠭᠡ ᠪᠣᠢ᠃ ᠣᠢ᠌ᠷ᠎ᠠ ᠶᠢᠨ ᠬᠤᠶᠠᠷ ᠵᠢᠯ ᠳᠤ ᠳᠤᠯᠤᠢ ᠡᠵᠡᠨ ᠰᠢᠳᠦᠭᠡᠨ ᠤ ᠳᠠᠢ᠌ᠰᠢ ᠶᠢᠨ ᠭᠡᠰᠢᠭ᠌ ᠤᠨ ᠳᠠᠷᠬᠠᠤᠨ ᠠᠶᠤᠷᠽᠠᠨ᠎ᠠ ᠶᠢᠨ ᠬᠣᠢ᠌ᠴᠢᠰ ᠪᠣᠯᠬᠤ ᠮᠠᠠᠳᠤ ᠨᠡᠷ ᠳᠡᠷᠢᠭᠦᠯᠡᠨ ᠡᠨᠡ ᠭᠠᠵᠠᠷ ᠲᠤ ᠰᠦᠮ᠎ᠡ ᠪᠠᠷᠢᠵᠤ ᠴᠤᠮᠴᠤᠭ ᠪᠣᠰᠬᠠᠨ ᠳᠤᠯᠤᠢ ᠶᠢᠨ ᠭᠦᠷᠦᠭ᠌ ᠵᠡᠷᠭᠡ ᠳᠠᠭᠢᠯᠭ᠎ᠠ ᠶᠢᠨ ᠵᠣᠢ᠌ᠯ ᠢ ᠴᠤᠭᠯᠠᠭᠤᠯᠤᠨ ᠣᠤᠯ ᠰᠢᠳᠦᠭᠡᠨ ᠢ ᠡ᠊ᠨᠳᠡ ᠰᠡᠷᠭᠦᠭᠡᠨ ᠳᠠᠭᠢᠬᠤ ᠪᠠᠷ ᠴᠢᠷᠮᠠᠢ᠌ᠵᠤ ᠪᠠᠢ᠌ᠨ᠎ᠠ᠃

ᠳᠤᠯᠤᠢ ᠡᠵᠡᠨ ᠰᠢᠳᠦᠭᠡᠨ ᠪᠣᠯ ᠳᠡᠭᠡᠳᠦᠰ ᠤᠨ ᠰᠢᠳᠦᠭᠡᠨ ᠮᠦᠨ᠃ ᠭᠡᠳᠥᠢᠪᠠᠷ 1948 ᠣᠨ ᠳᠤ ᠴᠢ᠊·ᠮᠥᠩᠭᠡ ᠣᠯᠤᠰ ᠲᠦᠷᠦ ᠶᠢᠨ ᠡᠭᠦᠳᠡᠨ ᠡᠴᠡ ᠳᠡᠷᠭᠡᠳᠡ ᠨᠢ ᠰᠦᠯᠳᠡ ᠪᠣᠰᠬᠠᠭᠰᠠᠨ ᠪᠠ ᠳᠤᠰ ᠵᠠᠭᠤᠨ ᠤ ᠡᠭᠢ ᠪᠠᠷ ᠰᠢᠳᠦᠭᠡᠨ ᠪᠠᠢ᠌ᠭᠰᠠᠨ ᠭᠠᠵᠠᠷ ᠢ ᠳᠤᠷᠠᠰᠬᠠᠨ ᠳᠡᠮᠳᠡᠭᠯᠡᠭᠦ ᠳᠦᠯᠦᠭᠡ ᠪᠢᠵᠠ᠂ ᠣᠤᠯ ᠭᠠᠵᠠᠷ ᠲᠤ ᠣᠪᠣᠭ᠎ᠠ ᠪᠣᠰᠬᠠᠭᠰᠠᠨ ᠪᠣᠯᠪᠠᠴᠤ ᠳᠠᠷᠠ ᠨᠢ ᠰᠦᠯᠳᠡ ᠶᠢᠨ ᠰᠢᠳᠦᠭᠡᠨ ᠪᠠ ᠭᠠᠵᠠᠷ ᠣᠰᠤᠨ ᠤ ᠰᠢᠳᠦᠭᠡᠨ ᠪᠦᠷ ᠪᠢᠰᠢ᠂ ᠬᠠᠷᠢᠨ ᠳᠤᠯᠤᠢ ᠶᠢᠨ ᠭᠡᠭᠡᠨ ᠳᠦᠷᠢ ᠳᠠᠭᠢᠭᠰᠠᠨ ᠡᠵᠡᠨ ᠰᠢᠳᠦᠭᠡᠨ ᠶᠤᠮ᠃ ᠳᠤᠯᠤᠢ ᠡᠵᠡᠨ ᠤ ᠰᠢᠳᠦᠭᠡᠨ ᠣᠤᠯ ᠡᠴᠠ ᠣᠯᠠᠮᠵᠢᠯᠠᠵᠤ ᠢᠷᠡᠭ᠍ᠰᠡᠨ ᠭᠤᠷᠢᠮ ᠶᠤᠰᠤ ᠪᠦᠭᠦᠢ ᠳᠦᠷᠪᠡᠨ ᠣᠯᠠᠷᠢᠯ ᠤᠨ ᠳᠠᠢ᠌ᠯᠭ᠎ᠠ ᠪᠠ ᠰᠠᠷ᠎ᠠ ᠶᠢᠨ ᠳᠠᠢ᠌ᠯᠭ᠎ᠠ ᠲᠡᠶ ᠪᠠᠢ᠌ᠵᠠᠢ᠃ ᠳᠤᠯᠤᠢ ᠡᠵᠡᠨ ᠤ ᠳᠠᠷᠬᠠᠤᠨ ᠨᠢ ᠭᠡᠳᠥᠢᠪᠠᠷ ᠰᠡᠭᠦᠯᠳᠡᠵᠤ ᠢᠷᠡᠭᠡᠳ ᠬᠤᠰᠢᠭᠤ ᠬᠠᠷᠢᠶ᠎ᠠ ᠰᠤᠮᠤᠨ ᠳᠤ ᠵᠠᠭᠢᠷᠤᠭᠳᠠᠬᠤ ᠪᠣᠯᠤᠭᠰᠠᠨ ᠪᠣᠯᠪᠠᠴᠤ ᠳᠠᠳᠠ ᠮᠦᠨ ᠮᠥᠩᠭᠡ ᠶᠢᠨ ᠪᠠᠯᠪᠠᠰᠤᠷᠠᠯ ᠲᠡᠶ᠂ ᠦᠪᠡᠷ ᠤᠨ ᠳᠠᠷᠬᠠᠨ ᠡᠷᠭᠡ ᠲᠡᠶ᠂ ᠳᠠᠢ᠌ᠯᠭ᠎ᠠ ᠡᠷᠭᠢᠯᠡᠭᠦ ᠳᠤᠰᠬᠠᠢ ᠶᠠᠮᠤᠳᠠᠤᠨ ᠲᠡᠶ ᠪᠠᠢ᠌ᠪᠠ᠃ ᠮᠦᠨ ᠳᠤᠯᠤᠢ ᠡᠵᠡᠨ ᠰᠢᠳᠦᠭᠡᠨ ᠤ ᠬᠠᠪᠣᠷ ᠤᠨ ᠣᠯᠠᠷᠢᠯ ᠤᠨ ᠳᠠᠢ᠌ᠯᠭ᠎ᠠ ᠶᠢ ᠴᠢᠩᠭᠢᠰ ᠤᠨ ᠴᠠᠭᠠᠨ ᠰᠥᠷᠦᠭ᠌ ᠤᠨ ᠶᠡᠭᠡ ᠳᠠᠢ᠌ᠯᠭ᠎ᠠ ᠳᠤ ᠵᠢᠭᠢᠯᠡᠳᠡᠭ᠌ ᠪᠦᠭᠡᠳ ᠪᠠᠷᠰ ᠵᠢᠯ ᠶᠠᠪᠣᠭᠳᠠᠬᠤ ᠠᠯᠠᠭ ᠰᠦᠯᠳᠡ ᠶᠢᠨ ᠳᠤᠭᠰᠢᠭᠤᠯᠤᠭ᠎ᠠ ᠳᠤ ᠳᠠᠳᠠᠨ ᠤ ᠳᠠᠷᠬᠠᠤᠨ ᠵᠠᠪᠠᠯ ᠣᠷᠤᠯᠴᠠᠵᠤ ᠡᠭᠦᠷᠭᠡ ᠪᠠᠨ ᠭᠦᠢᠴᠡᠭᠡᠭᠦ ᠶᠤᠰᠤᠳᠠᠢ ᠭᠡᠨ᠎ᠡ᠃


ᠵᠤᠬᠢᠶᠠᠭᠴᠢ ᠶᠢᠨ ᠬᠠᠶ‍ᠢᠭ ᠄ ᠦᠪᠣᠷ ᠮᠤᠩᠭ᠋ᠤᠯ ᠤᠨ ᠣᠷᠳᠤᠰ ᠬᠤᠳᠠ

ᠵᠤᠬᠢᠶᠠᠭᠴᠢ᠄ ᠪᠠᠶᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7524
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ