☆ ᠪᠦᠭᠡᠵᠢᠷᠭᠠᠯ
ᠵᠠᠮ
ᠶᠠᠪᠣᠭ᠎ᠠ ᠦᠭᠡᠶ ᠶᠢᠨ ᠵᠠᠢ ᠵᠢᠠᠷ
ᠶᠠᠪᠣᠵᠤ ᠭᠠᠷᠭᠠᠭᠰᠠᠨ
ᠴᠤᠪᠣᠭ᠎ᠠ
ᠶᠠᠪᠣᠬᠤ ᠭᠦᠯ ᠢ ᠭᠦᠳᠦᠯᠵᠤ
ᠶᠠᠪᠣᠭᠤᠯᠵᠤ ᠳᠠᠳᠤᠭᠤᠯᠳᠠᠭ
ᠵᠢᠯᠤᠭᠤ
ᠭᠦᠮᠤᠨ ᠪᠣᠯᠵᠤ ᠶᠠᠪᠣᠬᠤ ᠳ᠋ᠤ
ᠭᠢᠴᠢᠶᠠᠵᠤ ᠠᠯᠬᠤᠬᠤ ᠵᠢᠨ
ᠱᠤᠭᠤᠮ
ᠠᠮᠢᠳᠤᠷᠠᠯ ᠤᠨ ᠣᠷᠳᠤ ᠶᠢ ᠳᠤᠭᠤᠯᠬᠤ ᠳ᠋ᠤ
ᠠᠯᠳᠠᠵᠤ ᠪᠣᠯᠤᠰᠢ ᠥᠭᠡᠢ
ᠴᠢᠭᠯᠡᠯ
ᠡᠯᠭᠦᠭᠡᠳ ᠠᠪᠣᠪᠠᠯ ᠵᠠᠮᠨᠠᠴᠢᠬᠠᠳᠠᠭ ᠴᠤ
ᠥᠭᠡᠳᠡ ᠣᠷᠤᠭᠤ ᠨᠢ
ᠠᠩᠬᠠᠷᠤᠮᠵᠢ
ᠬᠤᠯᠠ ᠣᠢ᠌ᠷ᠎ᠠ ᠶᠢ ᠬᠤᠯᠪᠣᠴᠢᠬᠠᠳᠠᠭ ᠴᠤ
ᠬᠤᠩᠬᠤᠯ ᠳᠤᠩᠬᠤᠯ ᠨᠢ
ᠭᠢᠴᠢᠶᠠᠮᠵᠢ
ᠰᠠᠯᠪᠣᠷᠢ ᠠᠭᠤᠯᠵᠠᠷ ᠪᠦᠭᠦᠨ ᠨᠢ
ᠰᠤᠩᠭ᠋ᠤᠯᠳᠠ ᠭᠢᠯᠭᠡᠳᠡᠭ᠌
ᠰᠠᠳᠤᠪ
ᠵᠤᠭᠢᠰ ᠦᠭᠡᠶ ᠪᠣᠷᠤᠭᠤ ᠪᠠᠷ ᠨᠢ ᠶᠠᠪᠣᠴᠢᠬᠠᠪᠠᠯ
ᠵᠤᠪᠠᠯᠠᠩ ᠳᠤ ᠣᠴᠠᠷᠠᠭᠤᠯᠬᠤ
ᠵᠥᠷᠢᠭ᠌
ᠵᠢᠯᠤᠭᠤ ᠶᠢ ᠨᠢ ᠵᠦᠪ ᠠᠳᠬᠤᠴᠢᠬᠠᠪᠠᠯ
ᠵᠢᠷᠤᠭᠠᠯᠠᠭᠠᠤᠨ ᠥᠭ᠍ᠴᠢᠭᠡᠳᠡᠭ᠌
ᠭᠦᠯᠦᠭ᠌
ᠡᠳᠦᠷ ᠰᠦᠨᠢ ᠶᠢᠨ ᠬᠤᠪᠢᠨ ᠳ᠋ᠤ
ᠡᠮᠦᠨᠡᠭᠢ ᠵᠠᠮ ᠵᠢᠠᠨ
ᠠᠩᠬᠠᠷᠤᠶ᠎ᠠ
ᠨᠠᠷᠠᠳᠤ ᠶᠢᠷᠳᠢᠠᠴᠤ ᠶᠢᠨ ᠵᠠᠢ᠌ᠨ ᠳ᠋ᠤ
ᠨᠢᠳᠤ ᠲᠡᠶ ᠭᠦᠯ ᠲᠡᠶ ᠯᠠ
ᠶᠠᠪᠣᠶ᠎ᠠ ︕
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠭᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2010 ᠤᠨ ᠤ 01 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ