☆ ᠵᠢᠯᠠᠮ·ᠮᠠᠠᠳᠤᠪᠠᠶᠠᠷ
ᠭᠦᠰᠡᠯ ᠭᠢᠰᠠᠯ ᠤᠨ ᠨᠠᠢ᠌ᠷᠠᠭ
ᠳᠠᠭᠤᠯᠠᠬᠤ ᠶᠢ ᠪᠢ ᠭᠦᠰᠡᠨᠡᠮ
ᠳᠤᠷᠠᠯᠠᠯ ᠳᠤ ᠰᠢᠳᠠᠬᠤ ᠶᠢ ᠪᠢ ᠭᠦᠰᠡᠨᠡᠮ᠂
ᠥᠨᠦᠰᠭᠦ ᠶᠢ ᠪᠢ ᠭᠦᠰᠡᠨᠡᠮ
ᠦᠳᠡᠯᠳᠠᠯ᠎ᠠ ᠪᠠᠨ ᠬᠠᠢ᠌ᠷᠠᠯᠠᠠᠭᠤᠯᠬᠤ ᠶᠢ ᠭᠦᠰᠡᠨᠡᠮ᠂
ᠰᠢᠯᠦᠭ᠌ ᠢ ᠪᠢ ᠭᠦᠰᠡᠨᠡᠮ
ᠰᠢᠯᠦᠭᠯᠡᠭᠦ ᠶᠢ ᠪᠢ ᠭᠦᠰᠡᠨᠡᠮ
ᠰᠢᠯᠦᠭ᠍ᠴᠢ ᠪᠣᠯᠬᠤ ᠶᠢ ᠪᠢ ᠭᠦᠰᠡᠨᠡᠮ
ᠰᠦᠨᠢ ᠰᠦᠨᠢ ᠤᠨ ᠨᠣᠢ᠌ᠷ ᠵᠢᠠᠨ
ᠣᠩᠭ᠋ᠤᠳ ᠶᠢᠡᠷ ᠬᠤᠯᠵᠢᠭᠠᠬᠤ ᠶᠢ ᠪᠢ ᠭᠦᠰᠡᠨᠡᠮ᠂
ᠵᠤᠭᠠᠯᠠᠬᠤ ᠶᠢ ᠪᠢ ᠭᠦᠰᠡᠨᠡᠮ
ᠵᠢᠷᠭᠠᠬᠤ ᠶᠢ ᠪᠢ ᠭᠦᠰᠡᠨᠡᠮ
ᠵᠢᠷᠤᠭ ᠰᠢᠭ ᠰᠠᠢ᠌ᠬᠠᠨ ᠮᠤᠩᠭ᠋ᠤᠯ ᠳ᠋ᠠᠭᠠᠨ
ᠳᠤᠷ᠎ᠠ ᠪᠠᠷ ᠵᠤᠭᠠᠯᠠᠬᠤ ᠶᠢ ᠪᠢ ᠭᠦᠰᠡᠨᠡᠮ
ᠵᠠᠯᠪᠠᠷᠢᠭᠠᠤᠨ ᠡᠷᠭᠢᠭᠦ ᠦᠭᠡᠶ ᠳᠠᠪᠢᠯᠠᠩ ᠳ᠋ᠠᠭᠠᠨ
ᠳᠦᠭᠦᠷᠡᠩ ᠵᠢᠷᠭᠠᠬᠤ ᠶᠢ ᠪᠢ ᠭᠦᠰᠡᠨᠡᠮ᠂
ᠨᠠᠭᠤᠷ ᠭᠤᠤᠯ ᠤᠨ ᠭᠦᠪᠠᠭᠡ ᠪᠠᠷ
ᠨᠠᠭᠠᠳᠴᠤ ᠶᠠᠪᠣᠬᠤ ᠶᠢ ᠪᠢ ᠭᠦᠰᠡᠨᠡᠮ
ᠨᠤᠭᠤᠰᠤ ᠵᠢᠭᠠᠰᠤ ᠬᠤᠶᠠᠷ ᠢ ᠨᠢ
ᠤᠢ᠌ᠷᠠᠬᠠᠨ ᠡᠴᠡ ᠠᠵᠢᠬᠤ ᠶᠢ ᠪᠢ ᠭᠦᠰᠡᠨᠡᠮ᠂
ᠠᠭᠤᠯᠠ ᠭᠢᠩᠭ᠎ᠠ ᠶᠢᠨ ᠳᠠᠪᠠᠭ᠎ᠠ ᠪᠠᠷ
ᠥᠭ᠍ᠰᠦᠵᠤ ᠶᠠᠪᠣᠬᠤ ᠶᠢ ᠪᠢ ᠭᠦᠰᠡᠨᠡᠮ᠂
ᠣᠷᠤᠢ ᠳᠡᠭᠡᠷ᠎ᠡ ᠨᠢ ᠭᠠᠷᠤᠭᠠᠤᠨ
ᠠᠭᠤᠵᠢᠷᠠᠳᠠᠯ᠎ᠠ ᠠᠮᠢᠰᠬᠤᠯᠯᠠᠬᠤ ᠶᠢ ᠪᠢ ᠭᠦᠰᠡᠨᠡᠮ᠂
ᠭᠦᠳᠡᠭᠡ ᠭᠡᠭᠡᠷ᠎ᠡ ᠬᠤᠨᠤᠵᠤ
ᠣᠳᠤᠳ ᠰᠢᠷᠳᠡᠭᠦ ᠶᠢ ᠪᠢ ᠭᠦᠰᠡᠨᠡᠮ᠂
ᠭᠡᠭᠡᠷ᠎ᠡ ᠶᠢᠨ ᠴᠠᠢ ᠣᠤᠭᠤᠵᠤ
ᠥᠯᠢᠭᠡᠷ ᠬᠠᠭᠤᠴᠢᠯᠠᠬᠤ ᠶᠢ ᠪᠢ ᠭᠦᠰᠡᠨᠡᠮ᠂
ᠭᠦᠯᠦᠭ᠌ ᠮᠤᠷᠢᠳ ᠤᠨ ᠨᠢᠷᠤᠭᠤᠨ ᠳᠡᠭᠡᠷ᠎ᠡ
ᠢᠰᠭᠡᠷᠴᠤ ᠵᠢᠷᠭᠠᠬᠤ ᠶᠢ ᠪᠢ ᠭᠦᠰᠡᠨᠡᠮ᠂
ᠭᠡᠦᠭᠡᠨ ᠨᠤᠭᠦᠳ ᠤᠨ ᠬᠠᠷᠠᠴᠠᠨ ᠳ᠋ᠤ
ᠢᠴᠢᠵᠤ ᠵᠤᠪᠠᠬᠤ ᠶᠢ ᠴᠤ ᠪᠢ ᠭᠦᠰᠡᠨᠡᠮ᠂
ᠠᠶ᠎ᠠ︕ ᠳᠡᠩᠳᠡᠭᠦᠤ ᠣᠯᠠᠨ ᠢ ᠮᠦᠷᠦᠭᠡᠳᠦᠭ᠍ᠰᠡᠨ
ᠳᠤᠷ᠎ᠠ ᠪᠠᠷ ᠵᠠᠳᠠᠭᠠᠢ ᠭᠦᠰᠡᠯ ᠮᠢᠨᠤ
ᠡᠭᠡ ᠣᠷᠤᠨ ᠤ ᠪᠠᠨ ᠲᠦᠯᠦᠭᠡ ᠪᠣᠯ
ᠥᠭᠦᠭᠦ ᠶᠢ ᠪᠠᠰᠠ ᠭᠦᠰᠡᠨᠡᠮ ᠪᠢᠯᠠ ᠡ᠃
2009.9.25
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ