☆ ᠥᠭᠡᠯᠡᠳ·ᠣ·ᠪᠠᠭᠠᠳᠤᠷ
ᠡᠵᠢ ᠶᠢᠨ ᠬᠠᠢ᠌ᠷ᠎ᠠ
1
ᠡᠵᠢ ᠶᠢᠨ ᠬᠠᠢ᠌ᠷ᠎ᠠ ᠭᠡᠵᠤ
ᠡᠯᠢᠭᠡᠰᠡᠭ᠌ ᠬᠤᠷᠸ᠎ᠠ ᠶᠢᠨ ᠳᠠᠭᠤᠤ ᠪᠠᠢ᠌ᠵᠠᠢ
ᠡᠯᠢᠭᠡ ᠪᠦᠳᠤᠨ ᠠᠮᠢᠳᠤᠷᠠᠯ ᠳᠤ ᠣᠶᠠᠩᠭ᠋ᠠᠷᠠᠭᠰᠠᠨ
ᠥᠭ᠍ᠭᠢᠶᠡᠮᠦᠷ ᠰᠡᠳᠬᠢᠯ ᠤᠨ ᠴᠤᠤᠷᠢᠶ᠎ᠠ ᠪᠠᠢ᠌ᠵᠠᠢ
ᠠᠷᠪᠠᠨ ᠰᠠᠷ᠎ᠠ ᠭᠡᠳᠡᠰᠤᠨ ᠳᠡᠭᠡᠨ ᠳᠡᠭᠡᠭᠡᠵᠤ᠂
ᠠᠩᠭᠢᠷ ᠣᠭᠤᠷᠠᠭ ᠶᠢᠡᠨ ᠰᠢᠮᠡᠭᠦᠯᠤᠨ ᠥᠰᠭᠡᠵᠤ
ᠡᠮᠨᠡᠭ᠌ ᠤᠨ ᠳᠦᠷᠦᠭᠡᠨ ᠳᠤ ᠭᠦᠯ ᠢ ᠮᠢᠨᠢ ᠭᠦᠷᠭᠡᠵᠤ
ᠡᠷ᠎ᠡ ᠵᠠᠯᠠᠭᠤ ᠭᠡᠳᠡᠭ᠌ ᠠᠯᠳᠠᠷ ᠢ ᠮᠢᠨᠢ ᠲ᠋ᠠᠭᠤᠳᠠᠭᠤᠯᠤᠭᠰᠠᠨ
ᠡᠨᠡᠷᠢᠯ ᠶᠡᠭᠡᠳᠤ ᠡᠵᠢ ᠶᠢᠨ ᠴᠠᠢ᠌ᠯᠭᠠᠨ ᠰᠠᠨᠠᠭ᠎ᠠ
ᠠᠨᠠᠪᠠᠤᠨ ᠶᠡᠭᠡ ᠳᠠᠯᠠᠢ ᠪᠠᠢ᠌ᠵᠠᠢ
ᠦᠷ᠎ᠡ ᠶᠢᠨ ᠵᠠᠶᠠᠭᠠᠨ ᠳᠤ ᠮᠥᠩᠭᠡᠵᠢᠭ᠍ᠰᠡᠨ
ᠦᠷᠦᠪᠴᠢᠭᠡᠨ ᠰᠡᠳᠭᠢᠯ ᠤᠨ ᠪᠣᠷᠬᠠᠨ ᠪᠠᠢ᠌ᠵᠠᠢ ︕
2
ᠡᠵᠢ ᠶᠢᠨ ᠬᠠᠢ᠌ᠷ᠎ᠠ ᠭᠡᠵᠤ
ᠳᠡᠯᠭᠡᠷ ᠠᠭᠤᠳᠠᠮ ᠬᠠᠩᠭ᠋ᠠᠢ ᠪᠠᠢ᠌ᠵᠠᠢ
ᠡᠩᠭᠦᠷᠡᠢ ᠦᠷ᠎ᠡ ᠪᠠᠨ ᠳᠤᠭᠯᠠᠭᠤᠯᠤᠭᠠᠤᠨ ᠥᠰᠭᠡᠭ᠍ᠰᠡᠨ
ᠳᠠᠩᠴᠤ ᠭᠤᠶᠤᠬᠠᠨ ᠴᠡᠴᠡᠷᠯᠢᠭ᠌ ᠪᠠᠢ᠌ᠵᠠᠢ
ᠨᠤᠳᠤᠭ ᠤᠨ ᠳᠤᠭᠤᠰᠤᠨ ᠳᠤ ᠳᠠᠷᠤᠭᠳᠠᠨ
ᠨᠠᠷᠠᠳᠤ ᠶᠢᠨ ᠵᠠᠢ ᠳᠤ ᠵᠢᠷᠭᠠᠵᠤ᠂
ᠣᠢ᠌ᠯᠠᠰ ᠤᠨ ᠰᠠᠢ᠌ᠬᠠᠨ ᠢ ᠪᠦᠳᠦᠭᠡᠵᠤ
ᠢᠳᠡᠭᠡᠯ ᠳᠦᠭᠦᠷᠡᠩ ᠪᠠᠶᠠᠰᠴᠤ ᠶᠠᠪᠣᠬᠤ ᠳᠤ
ᠨᠢᠩᠵᠢᠨ ᠰᠡᠳᠬᠢᠯ ᠲᠡᠶ ᠡᠵᠢ ᠶᠢᠨ ᠬᠠᠢ᠌ᠷ᠎ᠠ ᠭᠡᠵᠤ
ᠨᠠᠳᠠ ᠳᠠᠭᠠᠨ ᠵᠠᠶᠠᠭᠠᠭᠰᠠᠨ ᠨᠠᠷᠠ ᠪᠠᠢ᠌ᠵᠠᠢ
ᠪᠣᠭᠤᠨᠢ ᠪᠣᠳᠤᠯ ᠢ ᠮᠢᠨᠢ ᠭᠡᠭᠡᠷᠡᠭᠦᠯᠦᠭ᠍ᠰᠡᠨ
ᠪᠣᠷᠬᠠᠨ ᠪᠠᠭᠰᠢ ᠶᠢᠨ ᠢᠪᠠᠭᠡᠯ ᠪᠠᠢ᠌ᠵᠡᠢ᠃
3
ᠡᠵᠢ ᠶᠢᠨ ᠬᠠᠢ᠌ᠷ᠎ᠠ ᠭᠡᠵᠤ
ᠴᠠᠯᠭᠢᠷᠠᠭᠰᠠᠨ ᠴᠠᠭᠠᠨ ᠰᠥ᠋ ᠪᠠᠢ᠌ᠵᠠᠢ
ᠡᠨᠡ ᠬᠤᠷᠸ᠎ᠠ ᠳᠤ ᠦᠷ᠎ᠡ ᠪᠠᠨ ᠭᠡᠰᠡᠨ
ᠴᠠᠢ᠌ᠯᠭᠠᠨ ᠰᠠᠨᠠᠭᠠᠨ ᠤ ᠤᠶᠠᠩᠭ᠎ᠠ ᠪᠠᠢ᠌ᠵᠠᠢ᠂
ᠬᠤᠯᠠ ᠶᠢᠨ ᠭᠦᠰᠡᠯ ᠳᠤ ᠮᠢᠨᠢ ᠴᠠᠮᠬᠠᠭ ᠪᠣᠯᠵᠤ
ᠬᠤᠷᠸ᠎ᠠ ᠶᠢᠨ ᠰᠠᠢ᠌ᠬᠠᠨ ᠢ ᠨᠠᠳᠠ ᠳᠠᠭᠠᠨ ᠣᠯᠭᠤᠵᠤ
ᠬᠠᠯᠠᠭᠤᠨ ᠭᠦᠢᠳᠡᠨ ᠳᠤ ᠮᠢᠨᠢ ᠰᠡᠳᠭᠢᠯ ᠶᠢᠡᠨ ᠵᠥᠳᠡᠭᠡᠵᠤ
ᠬᠠᠳᠠᠭᠤ ᠣᠴᠠᠷᠠᠯ ᠳᠤ ᠮᠢᠨᠢ ᠬᠠᠢ᠌ᠷ᠎ᠠ ᠪᠠᠨ ᠢᠪᠠᠭᠡᠭ᠍ᠰᠡᠨ
ᠮᠤᠩᠭ᠋ᠤᠯ ᠤᠨ ᠠᠭᠤᠳᠠᠮ ᠳᠠᠯ᠎ᠠ ᠪᠠᠢ᠌ᠵᠠᠢ
ᠮᠥᠩᠭᠡ ᠳᠡᠭ᠍ᠷᠢ ᠶᠢᠨ ᠳ᠋ᠠᠷᠠᠭᠢ ᠡᠭᠡ ᠪᠠᠢ᠌ᠵᠠᠢ ︕
4
ᠡᠵᠢ ᠶᠢᠨ ᠬᠠᠢ᠌ᠷ᠎ᠠ ᠭᠡᠵᠤ
ᠰᠠᠢ᠌ᠷᠠᠮ ᠤᠨ ᠳᠤᠩᠭ᠋ᠠᠯᠠᠭ ᠨᠠᠭᠤᠷ ᠪᠠᠢ᠌ᠵᠠᠢ
ᠨᠠᠭᠤᠷ ᠤᠨ ᠳᠤᠮᠳᠠ ᠣᠮᠪᠠᠭᠰᠠᠨ
ᠨᠤᠭᠤᠰᠤᠨ ᠤ ᠵᠤᠯᠵᠠᠭ᠎ᠠ ᠨᠢ ᠪᠢ ᠪᠠᠢ᠌ᠵᠠᠢ
ᠠᠯᠳᠠᠨ ᠳᠡᠯᠡᠭᠡᠢ ᠶᠢᠨ ᠦᠷᠤ ᠳᠡᠭᠡᠷ᠎ᠡ
ᠠᠵᠠ ᠵᠢᠷᠭᠠᠯ ᠡᠳ᠋ᠯᠡᠵᠤ ᠶᠠᠪᠣᠬᠤ ᠳ᠋ᠠᠭᠠᠨ
ᠡᠵᠢ ᠶᠢᠨ ᠬᠠᠢ᠌ᠷ᠎ᠠ ᠶᠢᠨ ᠳᠡᠭ᠍ᠷᠢ ᠳᠤ ᠪᠢ
ᠣᠳᠤ ᠪᠣᠯᠵᠤ ᠭᠡᠷᠡᠯᠳᠦᠵᠤ ᠶᠠᠪᠣᠭᠰᠠᠨ ᠶᠤᠮ
ᠰᠤᠳᠤ ᠪᠣᠯᠵᠤ ᠭᠢᠯᠠᠷᠠᠵᠤ ᠶᠠᠪᠣᠭᠰᠠᠨ ᠶᠤᠮ ︕
ᠡᠵᠢ ᠶᠢᠨ ᠬᠠᠢ᠌ᠷ᠎ᠠ ᠭᠡᠵᠤ
ᠣᠯᠳᠠᠰᠢ ᠦᠭᠡᠶ ᠣᠷᠬᠤᠳᠠᠢ ᠪᠠᠢ᠌ᠵᠠᠢ
ᠦᠷ᠎ᠡ ᠶᠢᠨ ᠰᠡᠳᠭᠢᠯ ᠳᠤ ᠮᠥᠩᠭᠡᠷᠡᠭ᠍ᠰᠡᠨ
ᠠᠷᠢᠭᠤᠨ ᠰᠢᠳᠦᠭᠡᠨ ᠤ ᠪᠦᠷᠢᠯᠸ᠎ᠡ ᠪᠠᠢ᠌ᠵᠠᠢ ︕
ᠵᠤᠬᠢᠶᠠᠭᠴᠢ ᠶᠢᠨ ᠬᠠᠶᠢᠭ ᠄ ᠰᠢᠠᠵᠢᠶᠠᠩ᠂ ᠪᠣᠷᠤᠳᠠᠯ᠎ᠠ
ᠵᠤᠬᠢᠶᠠᠭᠴᠢ᠄ ᠥᠭᠡᠯᠡᠳ·ᠣ·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 4812
ᠴᠠᠭ᠄ 2012 ᠤᠨ ᠤ 03 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ