☆ ᠮᠠ᠊·ᠡᠷᠳᠡᠨᠢᠪᠠᠳᠤ
ᠤᠶᠠᠩᠭ᠋᠎ᠠ ᠶᠢᠨ ᠥᠭᠡᠳᠡᠰᠤ
ᠣᠶᠠᠰᠤᠯ
ᠨᠠᠮᠤᠷ ᠤᠨ ᠰᠢᠷ᠎ᠠ ᠪᠦᠷᠦᠢ ᠪᠠᠷ
ᠬᠠᠷ᠎ᠠ ᠭᠤᠤᠯ ᠤᠨ ᠭᠦᠪᠠᠭᠡᠨ᠎ᠡ ᠰᠠᠭᠤᠬᠤ ᠳᠤ
ᠪᠣᠳᠤᠯ ᠳᠤ ᠰᠡᠭᠦᠳᠡᠭᠡᠨᠡᠭᠦ ᠴᠢᠨᠤ ᠪᠠᠷ᠎ᠠ
ᠪᠣᠯᠭᠠᠨ ᠠᠭᠤᠯᠠ ᠶᠢᠨ ᠣᠷᠤᠢ ᠰᠢᠭ
ᠣᠯᠠᠨ ᠴᠠᠭ ᠶᠢᠡᠷ ᠥᠩᠭᠡᠷᠡᠭ᠍ᠰᠡᠨ ᠢ ᠪᠣᠳᠤᠭᠤᠯᠤᠨ᠎ᠠ᠃
ᠳᠠᠷᠠ ᠦᠳᠡᠰᠢ
ᠬᠣᠢ᠌ᠳᠤ ᠠᠭᠤᠯᠠᠨ ᠳᠤ ᠮᠠᠨᠠᠨ ᠪᠠᠭᠤᠨ
ᠬᠤᠨᠤᠭᠤᠳᠠ ᠥᠡᠵᠢᠭᠦᠳᠡ ᠪᠣᠷᠤᠭ᠎ᠠ ᠱᠠᠭᠢᠵᠤ
ᠠᠵᠠ ᠵᠠᠶᠠᠭᠠᠨ ᠤ ᠣᠤᠠᠬᠤᠨ ᠳᠡᠭ᠍ᠷᠢ
ᠠᠮᠢᠳᠠᠨ ᠭᠦᠮᠤᠨ ᠳᠤ ᠭᠦᠰᠡᠯᠡᠩ ᠪᠣᠯᠤᠭᠰᠠᠨ
ᠳᠠᠷᠠ ᠦᠳᠡᠰᠢ ᠶᠢ ᠪᠣᠤ ᠳᠤᠷᠠᠰ
ᠳᠠᠢ᠌ᠪᠣᠩ ᠪᠠᠢ᠌ᠭ᠎ᠠ ᠠᠮᠢᠳᠤᠷᠠᠯ ᠴᠠᠯᠭᠢᠨ᠎ᠠ᠃
ᠵᠤᠬᠢᠶᠠᠭᠴᠢ᠄ ᠮᠠ᠊·ᠡᠷᠳᠡᠨᠢᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2009 ᠤᠨ ᠤ 07 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ