☆ ᠫᠣᠠᠴᠤᠭ ᠤᠨ ᠮᠥᠩᠭᠡᠪᠠᠶᠡᠷ
ᠪᠦᠰᠡᠭᠦᠢ ᠴᠢᠮ᠎ᠠ ᠳ᠋ᠠᠭᠠᠨ
ᠬᠠᠩᠭ᠋ᠠᠢ ᠶᠢᠨ ᠰᠤᠭᠤ ᠰᠢᠭ᠌ ᠳᠦᠷᠭᠦ ᠶᠢ ᠴᠢᠨᠢ
ᠬᠠᠷᠠᠨ ᠳᠤᠤᠷ᠎ᠠ ᠪᠠᠨ ᠳᠤᠭᠤᠯᠠ ᠪᠢ
ᠬᠠᠮᠤᠭ ᠢ ᠠᠳᠠᠭᠠᠷᠬᠠᠭᠤᠯᠤᠮᠠ ᠬᠠᠢ᠌ᠷ᠎ᠠ ᠶᠢ ᠴᠢᠨᠢ
ᠬᠠᠯᠠᠭᠤᠬᠠᠨ ᠰᠡᠳᠬᠢᠯ ᠳᠡᠭᠡᠨ ᠰᠢᠩᠭᠡᠭᠡᠯᠡ ᠪᠢ
ᠳᠤᠷᠠᠯᠠᠨᠠᠮ ᠭᠡᠵᠤ ᠳᠤᠷᠠᠯᠠᠭᠰᠠᠨ ᠶᠤᠮ ᠴᠢᠮ᠎ᠠ ᠳᠠᠭᠠᠨ
ᠳᠤᠮᠳᠠᠭᠤᠷ ᠪᠣᠰᠤ ᠪᠦᠭᠦ ᠰᠡᠳᠬᠢᠯ ᠶᠢᠡᠷ ᠶᠢᠡᠨ
ᠳᠤᠭᠣᠢ᠌ᠬᠠᠨ ᠰᠢᠷ᠎ᠠ ᠦᠬᠢᠨ ᠴᠢᠮ᠎ᠠ ᠲᠡᠶ ᠪᠠᠨ
ᠳᠤᠳᠠᠭᠤᠬᠠᠨ ᠬᠤᠷᠸ᠎ᠠ ᠶᠢ ᠭᠦᠢᠴᠡᠳᠭᠡᠭᠦ ᠪᠠᠷ ᠳᠤᠷᠯᠠᠭᠰᠠᠨ ᠶᠤᠮ
ᠢᠷᠡᠭᠡᠳᠦᠢ ᠶᠢᠨ ᠠᠮᠢᠳᠤᠷᠠᠯ ᠮᠢᠨᠢ
ᠢᠯᠴᠢ ᠴᠤᠭ ᠲᠡᠶ ᠪᠣᠯᠤᠭ ᠭᠡᠵᠤ
ᠢᠴᠢᠮᠡᠳᠡᠭᠡᠢ ᠰᠢᠷ᠎ᠠ ᠦᠬᠢᠨ ᠴᠢᠮ᠎ᠠ ᠲᠡᠶ
ᠢᠨᠠᠭᠯᠠᠨᠠᠮ ᠭᠡᠵᠤ ᠢᠨᠠᠭᠯᠠᠭᠰᠠᠨ ᠶᠤᠮ
ᠡᠭᠡᠯ ᠪᠡᠶ᠎ᠠ ᠮᠢᠨᠢ ᠦᠰᠴᠦ
ᠡᠷ᠎ᠡ ᠶᠢᠨ ᠴᠡᠭᠡᠯ ᠳᠤ ᠭᠦᠷᠦᠯ᠎ᠡ ᠭᠡᠵᠤ
ᠡᠶᠡᠯᠳᠡᠭ᠌ ᠳᠤᠳᠤᠨᠤᠬᠠᠨ ᠴᠢᠮ᠎ᠠ ᠪᠠᠨ
ᠡᠷᠳᠡᠯᠡᠵᠤ ᠪᠠᠭᠤᠯᠭᠠᠭᠰᠠᠨ ᠤ ᠮᠢᠨᠢ ᠣᠴᠢᠷ ᠶᠤᠮ
ᠮᠠᠯᠴᠢᠨ ᠠᠪᠣ ᠡᠵᠢ ᠡᠴᠡ ᠵᠠᠶᠠᠭᠠᠭᠰᠠᠨ ᠪᠣᠯᠪᠠᠴᠤ
ᠮᠠᠩᠨᠤᠭ ᠳᠠᠯ᠎ᠠ ᠳᠠᠭᠠᠨ ᠭᠢᠰᠭᠡᠭᠡ ᠦᠭᠡᠶ ᠴᠢ ᠮᠢᠨᠢ
ᠮᠠᠩᠬᠠᠨ ᠳᠦᠭᠡᠯᠳᠤ ᠶᠢᠨ ᠵᠤ᠋ ᠳᠡᠭᠡᠷ᠎ᠡ ᠥᠰᠦᠭ᠍ᠰᠡᠨ
ᠮᠠᠭᠵᠢᠭᠠᠷ ᠪᠣᠷᠤᠬᠠᠨ ᠨᠠᠮ᠎ᠠ ᠪᠠᠨ ᠳᠤᠷᠯᠠᠭᠤᠯᠠᠭᠰᠠᠨ
ᠴᠡᠩᠭᠡᠯ ᠨᠢᠷᠭᠡᠭᠡᠡᠳᠤ ᠴᠡᠮᠴᠡᠭᠡᠷ ᠬᠤᠳᠠ ᠶᠢᠨ
ᠴᠡᠭᠡᠯ ᠳᠤ ᠴᠢᠭᠯᠡᠭᠦᠯᠦᠭ᠍ᠰᠡᠨ ᠠᠷᠢᠭᠤᠬᠠᠨ ᠭᠦᠰᠡᠯᠡᠩ ᠶᠢᠡᠨ
ᠴᠡᠪᠠᠷᠭᠡᠨ ᠳᠠᠯ᠎ᠠ ᠳᠠᠭᠠᠨ ᠳᠤᠷ᠎ᠠ ᠪᠠᠷ ᠬᠦᠯᠭᠡᠵᠤ ᠥᠰᠦᠭ᠍ᠰᠡᠨ
ᠴᠡᠭᠡ ᠠᠢ᠌ᠷᠠᠭ ᠤᠨ ᠦᠨᠦᠷᠳᠤ ᠨᠠᠳᠠ ᠲᠡᠶ ᠬᠤᠯᠪᠣᠭᠰᠠᠨ
ᠦᠷᠭᠡᠨ ᠠᠭᠤᠳᠠᠮ ᠭᠦᠳᠡᠭᠡ ᠰᠢᠭ᠌ ᠰᠡᠳᠬᠢᠯ ᠲᠡᠶ
ᠦᠨᠳᠦᠷ ᠰᠦᠷᠯᠢᠭ᠌ ᠠᠭᠤᠯᠠ ᠰᠢᠭ᠌ ᠬᠠᠷᠠᠴᠠ ᠲᠡᠶ
ᠥᠩᠭᠡ ᠪᠣᠯᠢᠶᠠᠯᠳᠤᠮᠠ ᠴᠡᠴᠡᠭ᠌ ᠰᠢᠭ᠌ ᠭᠤᠶᠤᠬᠠᠨ
ᠥᠭ᠍ᠭᠢᠶᠡᠮᠦᠷ ᠰᠡᠳᠭᠢᠯᠳᠤ ᠪᠦᠰᠡᠭᠦᠢ ᠴᠢᠮ᠎ᠠ ᠳᠠᠭᠠᠨ ᠪᠢ ᠬᠠᠢ᠌ᠷᠠᠳᠠᠢ
ᠣᠷᠴᠢᠯᠠᠩ ᠤᠨ ᠭᠦᠪᠠᠭᠦᠤᠨ ᠣᠯᠠᠨ ᠪᠣᠯᠪᠠᠴᠤ
ᠣᠠᠴᠠᠯᠢᠵᠤ ᠨᠠᠮ᠎ᠠ ᠪᠠᠨ ᠭᠦᠡᠳᠦᠳᠭᠡᠨ ᠬᠠᠢ᠌ᠷᠠᠯᠠᠭᠰᠠᠨ
ᠣᠶᠤᠳᠠᠨ ᠳᠠᠪᠢᠯᠠᠩ ᠶᠢᠡᠨ ᠣᠷᠭᠢᠵᠤ ᠶᠠᠪᠣᠭᠤᠯᠤᠭᠰᠠᠨ
ᠣᠠᠴᠠᠳᠠᠢ᠌ᠬᠠᠨ ᠳᠦᠷᠦᠭ᠍ᠰᠡᠨ ᠴᠢᠮ᠎ᠠ ᠳᠠᠭᠠᠨ ᠪᠢ ᠣᠠᠴᠠ ᠬᠠᠢ᠌ᠷᠠᠳᠠᠢ
ᠮᠠᠷᠭᠠᠰᠢ ᠶᠢᠨ ᠠᠮᠢᠳᠤᠷᠠᠯ ᠤᠨ ᠰᠠᠢ᠌ᠨ ᠰᠠᠢ᠌ᠬᠠᠨ ᠤ ᠲᠦᠯᠦᠭᠡ
ᠮᠠᠯᠴᠢᠨ ᠳᠤ ᠴᠤ ᠭᠡᠰᠡᠨ ᠮᠠᠰᠢᠠᠴᠢᠯᠠᠭᠰᠠᠨ ᠬᠤᠳᠠ ᠴᠤ ᠭᠡᠰᠡᠨ
ᠮᠠᠩᠨᠠᠢ ᠳᠡᠨᠢᠭᠡᠷ ᠠᠵᠠ ᠬᠤᠯᠪᠣᠵᠤ ᠶᠠᠪᠣᠭ᠎ᠠ
ᠮᠠᠠᠳᠤᠬᠤ ᠰᠠᠷᠠᠨ ᠮᠠᠳᠤ ᠴᠢᠮ᠎ᠠ ᠳᠠᠭᠠᠨ ᠪᠢ ᠮᠠᠰᠢ ᠬᠠᠢ᠌ᠷᠠᠳᠠᠢ
ᠡᠭᠢᠯᠡᠭᠦᠯᠦᠭ᠍ᠰᠡᠨ ᠠᠮᠢᠳᠤᠷᠠᠯ ᠮᠢᠨᠢ ᠡᠷᠴᠢ ᠲᠡᠶ ᠶᠠᠪᠣᠭᠳᠠᠳᠤᠭᠠᠢ ᠭᠡᠵᠤ
ᠡᠷᠳᠡᠯᠡᠨ ᠪᠣᠰᠴᠤ ᠣᠷᠤᠢ ᠣᠠᠳᠠᠵᠤ
ᠡᠪᠦᠳᠦᠭ᠌ ᠪᠣᠭᠢᠷᠠᠯ ᠦᠭᠡᠶ ᠬᠠᠮᠵᠢᠯᠴᠠᠵᠤ ᠶᠠᠪᠣᠭ᠎ᠠ
ᠡᠷᠭᠡ ᠰᠢᠷᠠᠬᠠᠨ ᠪᠦᠰᠡᠭᠦᠢ ᠴᠢᠮ᠎ᠠ ᠳᠠᠭᠠᠨ ᠪᠢ ᠡᠩ ᠦᠭᠡᠶ ᠬᠠᠢ᠌ᠷᠠᠳᠠᠢ
ᠠᠪᠣ ᠡᠵᠢ ᠶᠢᠨ ᠮᠢᠨᠢ ᠠᠯᠬᠤᠭᠰᠠᠨ ᠠᠷᠢᠭᠤᠨ ᠮᠦᠷ ᠢ
ᠠᠳᠠᠯᠠᠵᠤ ᠬᠠᠶᠠᠯ ᠦᠭᠡᠶ ᠣᠯᠠᠮᠵᠢᠯᠠᠵᠤ ᠶᠠᠪᠣᠭ᠎ᠠ
ᠠᠭᠠᠷ ᠲᠤ ᠳᠡᠭ᠍ᠳᠡᠭᠦ ᠴᠡᠮᠴᠡᠭᠡᠷ ᠴᠠᠭᠠᠨ ᠡᠭᠦᠯᠡᠨ ᠰᠢᠭ᠌
ᠠᠮᠷᠠᠭ ᠪᠦᠰᠡᠭᠦᠢ ᠴᠢᠮ᠎ᠠ ᠳᠠᠭᠠᠨ ᠪᠢ ᠠᠷᠭ᠎ᠠ ᠦᠭᠡᠶ ᠶᠡᠭᠡ ᠬᠠᠢ᠌ᠷᠠᠳᠠᠢ
ᠬᠠᠢ᠌ᠷᠠᠯᠠᠭᠰᠠᠨ ᠬᠠᠢ᠌ᠷ᠎ᠠ ᠶᠢᠨ ᠮᠢᠨᠢ ᠬᠠᠷᠢᠭᠤ ᠳᠤ
ᠬᠠᠢ᠌ᠮᠠ ᠦᠭᠡᠶ ᠨᠢᠩᠵᠢᠭᠦᠨ ᠰᠡᠳᠬᠢᠯ ᠶᠢᠡᠷ ᠶᠢᠡᠨ
ᠬᠠᠪᠣᠷ ᠶᠢᠨ ᠣᠷᠢᠬᠠᠨ ᠰᠠᠯᠭᠢ ᠳᠠᠳᠠᠭᠤᠯᠤᠭᠰᠠᠭᠠᠷ
ᠬᠠᠭᠵᠠ ᠶᠢᠨ ᠨᠢᠯᠬ᠎ᠠ ᠨᠤᠭᠤᠭ᠎ᠠ ᠠᠮᠢᠯᠠᠭᠤᠯᠵᠤ
ᠬᠠᠨᠠᠠᠳᠤ ᠭᠡᠷ ᠤᠨ ᠮᠢᠨᠢ ᠬᠣᠢ᠌ᠮᠤᠷ ᠢ ᠳᠦᠭᠦᠷᠭᠡᠭᠦ
ᠬᠣᠢ᠌ᠰᠢᠳᠠ ᠶᠢᠨ ᠦᠶ᠎ᠡ ᠶᠢᠨ ᠮᠢᠨᠢ ᠣᠭ ᠳᠠᠭᠤᠳᠠᠭᠤᠯᠬᠤ
ᠬᠠᠷᠠᠬᠠᠨ ᠳᠤᠯᠤᠭᠠᠢ᠌ᠳᠤ ᠰᠢᠷᠠᠬᠠᠨ ᠭᠦᠤ ᠮᠡᠡᠳᠦᠯᠡᠭ᠍ᠰᠡᠨ
ᠬᠤᠩᠭ᠋ᠤᠷ ᠪᠦᠰᠡᠭᠦᠢ ᠴᠢᠮ᠎ᠠ ᠳᠠᠭᠠᠨ ᠪᠢ ᠨᠠᠩ ᠬᠠᠢ᠌ᠷᠠᠳᠠᠢ
ᠡ᠊ᠨᠳᠡᠭᠦᠷᠡᠯ ᠶᠡᠭᠡᠳᠡᠢ ᠡᠨᠡᠦᠭᠡᠨ ᠨᠠᠰᠤᠨ ᠳᠠᠭᠠᠨ
ᠡᠯᠳᠡᠪ ᠤᠨ ᠰᠠᠢ᠌ᠨ ᠰᠠᠢ᠌ᠬᠠᠨ ᠢ ᠡᠰᠡ ᠡᠳ᠋ᠯᠡᠭᠦᠯᠡᠨ ᠵᠢᠷᠭᠠᠭᠤᠯᠪᠠᠴᠤ
ᠡᠩ ᠦᠭᠡᠶ ᠶᠡᠭᠡ ᠦᠨᠡᠠᠴᠢ ᠴᠠᠢ᠌ᠯᠭᠠᠨ ᠰᠡᠳᠬᠢᠯ ᠶᠢᠡᠷ ᠶᠢᠡᠨ
ᠡᠩᠭᠦᠷᠡᠢ ᠬᠠᠢ᠌ᠷᠠᠳᠠᠢ ᠪᠦᠰᠡᠭᠦᠢ ᠴᠢᠮ᠎ᠠ ᠳᠠᠭᠠᠨ᠁
ᠵᠤᠬᠢᠶᠠᠭᠴᠢ ᠶᠢᠨ ᠬᠠᠶᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠪᠠᠶᠠᠪᠣᠯᠠᠭ ᠪᠠᠯᠭᠠᠰᠤᠨ
ᠵᠤᠬᠢᠶᠠᠭᠴᠢ᠄ ᠫᠣᠠᠴᠤᠭ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2010 ᠤᠨ ᠤ 05 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ