☆ ᠪᠣᠷᠵᠢᠭᠢᠨ·ᠪᠦᠷᠢᠨᠲᠤᠩᠭᠠᠯᠠᠭ
ᠬᠤᠷᠴᠢᠨ
ᠰᠠᠢ᠌ᠨ ᠰᠠᠢ᠌ᠬᠠᠨ ᠤ ᠵᠦᠩᠨᠠᠯ ᠊᠊᠊᠊᠊᠊᠊᠊᠊᠊᠊᠊᠊᠊᠊ ᠬᠤᠷᠴᠢᠨ
ᠰᠠᠨᠠᠭ᠎ᠠ ᠪᠣᠳᠤᠯ ᠤᠨ ᠵᠤᠪᠠᠨᠢᠯ ᠊᠊᠊᠊᠊᠊᠊᠊᠊᠊᠊᠊᠊᠊᠊ ᠬᠤᠷᠴᠢᠨ
ᠥᠯᠢᠭᠡᠷ ᠳᠠᠭᠤᠤ ᠶᠢᠨ ᠥᠯᠦᠭᠡᠢ ᠊᠊᠊᠊᠊᠊᠊᠊᠊᠊᠊᠊᠊᠊᠊ ᠬᠤᠷᠴᠢᠨ
ᠥᠭᠡ ᠭᠡᠯᠡᠨ ᠤ ᠬᠤᠯᠢᠮᠠᠭᠵᠢᠯ ᠊᠊᠊᠊᠊᠊᠊᠊᠊᠊᠊᠊᠊᠊᠊ ᠬᠤᠷᠴᠢᠨ᠃
ᠣᠳᠠᠰᠤᠳᠤ ᠬᠤᠭᠤᠷ ᠤᠨ ᠦᠷᠨᠢᠯ ᠊᠊᠊᠊᠊᠊᠊᠊᠊᠊᠊᠊᠊᠊᠊ ᠬᠤᠷᠴᠢᠨ
ᠤᠳᠬ᠎ᠠ ᠰᠤᠶᠤᠯ ᠤᠨ ᠪᠣᠰᠤᠷᠬᠠᠵᠢᠯ ᠊᠊᠊᠊᠊᠊᠊᠊᠊᠊᠊᠊᠊᠊᠊ ᠬᠤᠷᠴᠢᠨ
ᠰᠢᠨ᠎ᠡ ᠰᠤᠶᠤᠯ ᠤᠨ ᠳᠦᠷᠢᠯᠳᠠ ᠊᠊᠊᠊᠊᠊᠊᠊᠊᠊᠊᠊᠊᠊᠊ ᠬᠤᠷᠴᠢᠨ
ᠰᠢᠨᠡᠴᠢᠯᠡᠭ᠍ᠰᠡᠨ ᠬᠤᠳᠠ ᠶᠢᠨ ᠪᠠᠶᠠᠯᠠᠯ ᠊᠊᠊᠊᠊᠊᠊᠊᠊᠊᠊᠊᠊᠊᠊ ᠬᠤᠷᠴᠢᠨ᠃
ᠭᠡᠯᠡᠭᠦ ᠳ᠋ᠡᠭᠡᠨ ᠭᠡᠳᠤᠨ ᠭᠡᠯᠡᠳᠡᠢ ᠊᠊᠊᠊᠊᠊᠊᠊᠊᠊᠊᠊᠊᠊᠊ ᠬᠤᠷᠴᠢᠨ
ᠭᠡᠷᠡᠭᠯᠡᠭᠦ ᠳ᠋ᠡᠭ᠍ᠡᠨ ᠭᠠᠭᠴᠠ ᠨᠠᠢ᠌ᠷᠠᠯᠭ᠎ᠠ ᠲᠡᠶ ᠊᠊᠊᠊᠊᠊᠊᠊᠊᠊᠊᠊᠊᠊᠊ ᠬᠤᠷᠴᠢᠨ
ᠮᠠᠯ᠂ ᠲ᠋ᠠᠷᠢᠶᠠᠨ ᠤ ᠰᠤᠯᠢᠭᠳᠠᠯ ᠊᠊᠊᠊᠊᠊᠊᠊᠊᠊᠊᠊᠊᠊᠊ ᠬᠤᠷᠴᠢᠨ
ᠮᠠᠩᠬ᠎ᠠ ᠴᠦᠯ ᠤᠨ ᠦᠷᠭᠡᠵᠢᠯ ᠊᠊᠊᠊᠊᠊᠊᠊᠊᠊᠊᠊᠊᠊᠊ ᠬᠤᠷᠴᠢᠨ᠃
ᠳᠡᠭ᠍ᠷᠢ ᠳᠠᠯ᠎ᠠ ᠶᠢᠨ ᠳᠤᠮᠤᠭ ᠊᠊᠊᠊᠊᠊᠊᠊᠊᠊᠊᠊᠊᠊᠊ ᠬᠤᠷᠴᠢᠨ
ᠳᠡᠭ᠍ᠰᠢ ᠬᠠᠳᠤᠯᠠᠩ ᠤᠨ ᠡᠷᠢᠯ ᠊᠊᠊᠊᠊᠊᠊᠊᠊᠊᠊᠊᠊᠊᠊ ᠬᠤᠷᠴᠢᠨ
ᠰᠦᠷᠦᠭ᠌ ᠮᠠᠯ ᠤᠨ ᠨᠤᠳᠤᠭ ᠊᠊᠊᠊᠊᠊᠊᠊᠊᠊᠊᠊᠊᠊᠊ ᠬᠤᠷᠴᠢᠨ
ᠰᠠᠷᠠᠯᠵᠢ ᠳᠤᠤᠷ ᠲᠡᠶ ᠪᠠᠯᠴᠢᠭᠡᠷ ᠊᠊᠊᠊᠊᠊᠊᠊᠊᠊᠊᠊᠊᠊᠊ ᠬᠤᠷᠴᠢᠨ᠃
ᠬᠤᠷᠴᠢᠨ ᠊᠊᠊᠊᠊᠊᠊᠊᠊᠊᠊᠊᠊᠊᠊ ᠮᠠᠯ ᠶᠢᠡᠨ ᠬᠤᠳᠠᠯᠳᠤᠭᠰᠠᠨ ᠳᠠᠷᠢᠶᠠᠴᠢᠨ᠂
ᠬᠤᠷᠴᠢᠨ ᠊᠊᠊᠊᠊᠊᠊᠊᠊᠊᠊᠊᠊᠊᠊ ᠮᠠᠨᠠᠢ᠌ᠭᠢ ᠪᠠᠨ ᠮᠠᠷᠳᠠᠭᠰᠠᠨ ᠴᠠᠭᠠᠴᠢᠨ᠂
ᠬᠤᠷᠴᠢᠨ ᠊᠊᠊᠊᠊᠊᠊᠊᠊᠊᠊᠊᠊᠊᠊ ᠮᠢᠩᠭ᠋ᠠᠨ ᠣᠨ ᠤ ᠡᠯᠡᠭ᠍ᠳᠡᠯ ᠪᠣᠶᠤ ︕
ᠬᠤᠷᠴᠢᠨ ᠊᠊᠊᠊᠊᠊᠊᠊᠊᠊᠊᠊᠊᠊᠊ ᠮᠤᠩᠭ᠋ᠤᠯ ᠳᠡᠷᠯᠢᠭ᠌ ᠤᠨ ᠡᠮᠵᠢᠶᠡᠷᠢ ᠪᠣᠶᠤ ︕
ᠵᠤᠬᠢᠶᠠᠭᠴᠢ ᠶᠢᠨ ᠬᠠᠶᠢᠭ ᠄ ᠬᠣᠢ᠌ᠳᠤ ᠬᠤᠰᠢᠭᠤ
ᠵᠤᠬᠢᠶᠠᠭᠴᠢ᠄ ᠪᠣᠷᠵᠢᠭᠢᠨ·ᠪᠦᠷᠢᠨᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2012 ᠤᠨ ᠤ 05 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ