☆ ᠯᠢ ᠳᠢᠶᠠᠨ ᠰᠢ
ᠰᠠᠯᠭᠢ ᠲᠡᠶ ᠦᠳᠡᠰᠢ ᠶᠢᠨ ᠰᠢᠯᠦᠭ᠌
ᠬᠠᠪᠣᠷ ᠤᠨ ᠬᠠᠯᠢᠶ᠎ᠠ
ᠬᠠᠢ᠌ᠷ᠎ᠠ ᠭᠦᠯᠳᠡᠵᠤ ᠬᠤᠷᠤᠰᠤᠯ ᠪᠣᠯᠬᠤ ᠳ᠋ᠤ
ᠬᠠᠪᠣᠷ ᠡᠷᠭᠢᠵᠤ ᠠᠮᠢᠳᠤᠷᠠᠯ ᠭᠡᠰᠭᠦ ᠳ᠋ᠤ
ᠣᠳᠠ ᠶᠢᠨ ᠮᠦᠴᠢᠷ ᠣᠶᠠᠷᠬᠠᠨ ᠭᠠᠩᠬᠤᠬᠤ ᠳ᠋ᠤ
ᠣᠶᠠᠬᠠᠨ ᠬᠠᠯᠢᠶ᠎ᠠ ᠢᠯᠳᠡᠮᠬᠠᠨ ᠮᠠᠯᠳᠠᠯᠵᠠᠨᠡ᠃
ᠭᠦᠪᠦᠷᠡᠭᠦ ᠭᠦᠯᠦᠭᠡ
ᠳᠦᠷᠪᠡᠨ ᠰᠠᠷ᠎ᠠ ᠶᠢᠨ ᠰᠠᠯᠭᠢ ᠨᠠᠮᠠᠭᠤᠬᠠᠨ
ᠬᠤᠷᠴᠢᠨ ᠤ ᠳᠠᠯ᠎ᠠ ᠨᠠᠮᠤᠭᠤᠬᠠᠨ
ᠵᠡᠭᠡᠷ᠎ᠡ ᠳᠤᠭᠯᠠᠬᠤ ᠦᠷ ᠤᠨ ᠭᠡᠭᠡ ᠪᠠᠷ
ᠵᠡᠭᠡᠯᠢ ᠶᠢᠨ ᠣᠳᠠ ᠰᠠᠮ ᠶᠢᠡᠷ ᠭᠦᠯᠦᠭᠡᠯᠡᠯᠡ᠃
ᠰᠤᠯᠤᠩᠭ᠋ᠤᠰ ᠬᠣᠢ᠌ᠭ
ᠭᠤᠤᠯᠢ ᠶᠢᠨ ᠣᠷᠤᠨ ᠭᠤᠨᠢᠭ ᠳᠠᠢ
ᠭᠤᠴᠢᠨ ᠨᠢ᠋ᠮᠠᠨ ᠭᠷᠠᠳᠦ᠋ᠰ ᠤᠨ ᠡᠮᠤᠨ᠎ᠡ ᠣᠮᠠᠷ᠎ᠠ
ᠴᠢᠰᠤ ᠨᠢᠭᠡᠳᠡᠢ ᠣᠭᠰᠠᠭᠠᠳᠠᠨ
ᠴᠢᠭᠡᠴᠢ ᠵᠢᠷᠤᠮ ᠢ ᠳᠠᠷᠰᠯᠠᠨ ᠪᠦᠳᠡᠭᠢᠷᠡᠨ᠎ᠡ᠃
ᠭᠢᠯᠢ ᠶᠢᠨ ᠱᠤᠭᠤᠮ ᠳ᠋ᠤ
ᠬᠠᠯᠬ᠎ᠠ ᠶᠢᠨ ᠳᠣᠢ᠌ᠮᠠᠷ ᠬᠣᠢ᠌ᠯᠠᠷᠠᠨ
ᠬᠠᠷᠠᠴᠤ ᠢᠷᠭᠡᠳ ᠳᠠᠪᠵᠢᠶᠠᠷᠠᠨᠡ
ᠭᠢᠩᠭ᠋ᠠᠨ ᠤ ᠣᠢ ᠳᠤ ᠰᠡᠷᠭᠡᠢ᠌ᠯᠡᠯᠳᠡ ᠴᠢᠩᠭ᠋ᠠᠷᠠᠨ
ᠭᠢᠯᠢ ᠶᠢᠨ ᠱᠤᠭᠤᠮ ᠳᠤ ᠵᠠᠶᠠᠭ᠎ᠠ ᠳᠠᠮᠠᠴᠠᠯᠳᠤᠨᠡ᠃
ᠲ᠋ᠤᠰᠤ ᠭᠢᠭᠡᠳ ᠵᠤᠭᠤᠰ
ᠲ᠋ᠤᠰᠤ ᠦᠨ᠎ᠡ ᠳᠤ ᠭᠦᠷᠭᠦ ᠳ᠋ᠤ
ᠳᠤᠯᠤᠮᠴᠤᠳ ᠳᠠᠷᠭᠤᠯᠠᠨ᠎ᠠ
ᠵᠤᠭᠤᠰ ᠭᠢᠮᠳᠠ ᠪᠣᠯᠬᠤ ᠳ᠋ᠤ
ᠶᠠᠳᠠᠭᠤᠴᠤᠳ ᠡᠴᠡᠩᠭᠢᠷᠡᠨᠡ᠃
ᠡᠯᠡᠰᠤᠨ ᠰᠢᠭᠤᠷᠭ᠎ᠠ
ᠨᠤᠭᠤᠭ᠎ᠠ ᠬᠤᠪᠢᠷᠠᠵᠤ ᠠᠯᠳᠠ ᠪᠣᠯᠬᠤ ᠪᠠᠷ
ᠵᠤᠭᠤᠰ ᠮᠠᠭᠤᠳᠠᠵᠤ ᠵᠤᠭ᠎ᠠ ᠪᠣᠯᠬᠤ ᠪᠠᠷ
ᠨᠤᠳᠤᠭ ᠬᠤᠪᠢᠷᠠᠵᠤ ᠮᠠᠩᠬ᠎ᠠ ᠪᠣᠯᠬᠤ ᠪᠠᠷ
ᠡᠯᠡᠰᠤ ᠳᠡᠭ᠍ᠳᠡᠵᠤ ᠰᠢᠭᠤᠷᠭ᠎ᠠ ᠪᠣᠯᠵᠠᠢ᠃
ᠭᠦᠳᠡᠭᠡ ᠶᠢᠨ ᠢᠨᠠᠭ
ᠭᠦᠳᠡᠭᠡ ᠶᠢᠨ ᠵᠠᠯᠠᠭᠤ ᠨᠠᠰᠤᠨ ᠳᠤ ᠭᠦᠷᠭᠦ ᠪᠠᠷ
ᠭᠦᠳᠡᠭᠡ ᠶᠢᠨ ᠭᠡᠦᠭᠡᠨ ᠦᠨ᠎ᠡ ᠳᠤ ᠭᠦᠷᠭᠦ ᠪᠠᠷ
ᠮᠦᠩᠭᠦ ᠴᠠᠭᠠᠨ ᠨᠢᠳᠤ ᠣᠯᠠᠭᠠᠨ
ᠮᠦᠩᠭᠦ ᠣᠯᠠᠭᠠᠨ ᠨᠢᠳᠤ ᠴᠠᠭᠠᠨ᠃
ᠵᠡᠶᠠᠭᠠ
ᠪᠠᠯᠴᠢᠭᠡᠷ ᠢ ᠡᠪᠳᠡᠭ᠍ᠰᠡᠨ ᠶᠠᠯ᠎ᠠ ᠬᠤᠨᠢᠨ ᠳᠤ ᠳᠤᠰᠴᠤ
ᠪᠠᠭᠢᠯᠡᠭ᠍ᠰᠡᠨ ᠬᠤᠳᠠ ᠳᠤ ᠬᠤᠷᠢᠭᠳᠠᠨ ᠵᠦᠳᠠᠷᠠᠨᠡ
ᠪᠠᠯᠴᠢᠭᠡᠷᠯᠡᠭᠦᠯᠦᠭ᠍ᠰᠡᠨ ᠶᠠᠯ᠎ᠠ ᠬᠤᠨᠢᠴᠢᠨ ᠳᠤ ᠳᠤᠰᠴᠤ
ᠪᠠᠭᠢᠯᠡᠭ᠍ᠰᠡᠨ ᠴᠠᠭᠠᠵᠠ ᠳᠤ ᠳᠤᠷᠭᠤᠭᠠᠭᠳᠠᠨ ᠵᠤᠪᠠᠨ᠎ᠠ᠃
《ᠭᠡᠷᠪᠡ》
《ᠭᠡᠷᠪᠡ》 ᠥᠨᠡᠭᠡᠷ ᠪᠠᠢ᠌ᠳᠠᠭ ᠶᠤᠮ ᠪᠣᠯ
ᠭᠡᠷᠦᠵᠤ ᠶᠠᠪᠣᠭᠰᠠᠨ ᠵᠠᠮ ᠶᠢᠡᠨ ᠳᠠᠰᠤᠴᠢᠬᠤ ᠶᠤᠮᠰᠠᠨ
《ᠭᠡᠷᠪᠡ》 ᠥᠨᠡᠭᠡᠷ ᠢᠯᠡᠭᠦᠳᠡᠳᠡᠭ᠌ ᠶᠤᠮ ᠪᠣᠯ
ᠢᠷᠡᠭᠡᠳᠦᠢ ᠶᠢᠨ ᠵᠠᠮ ᠴᠢᠨᠢ ᠳᠠᠰᠤᠴᠢᠭᠳᠠᠬᠤ ᠶᠤᠮᠰᠠᠨ᠃
ᠦᠷᠢ ᠲᠡᠶ ᠭᠦᠮᠤᠨ ᠤ ᠠᠮᠢᠳᠤᠷᠠᠯ
ᠮᠦᠷᠤᠢ ᠳᠤ ᠦᠷᠢ ᠲᠡᠶ ᠭᠦᠮᠤᠨ ᠮᠦᠷᠭᠦᠵᠤ ᠭᠤᠶᠤᠨ᠎ᠠ
ᠮᠡᠳᠡᠯᠭᠡ ᠳᠤ ᠦᠷᠢ ᠲᠡᠶ ᠭᠦᠮᠤᠨ ᠭᠦᠯᠦᠰᠤ ᠪᠠᠷ ᠭᠤᠶᠤᠨ᠎ᠠ
ᠢᠨᠠᠭ ᠲᠤ ᠦᠷᠢ ᠲᠡᠶ ᠭᠦᠮᠤᠨ ᠦᠨᠦᠴᠢᠷᠠᠵᠤ ᠭᠤᠶᠤᠨ᠎ᠠ
ᠠᠴᠢᠯᠠᠯ ᠳᠤ ᠦᠷᠢ ᠲᠡᠶ ᠭᠦᠮᠤᠨ ᠥᠭᠦᠵᠤ ᠭᠤᠶᠤᠨ᠎ᠠ᠃
ᠭᠣᠢ᠌ᠷᠠᠠᠴᠢ
ᠠᠷᠪᠠᠨ ᠵᠣᠢ᠌ᠯ ᠤᠨ ᠪᠠᠭᠠᠰᠢᠯᠠᠨ
ᠡᠮᠦᠨᠡᠳᠤ ᠣᠷᠤᠨ ᠤ ᠭᠣᠢ᠌ᠷᠠᠠᠴᠢ ᠵᠤᠭᠤᠰ ᠭᠤᠶᠤᠨ᠎ᠠ
ᠭᠤᠷᠢᠳᠠᠯ ᠤᠨ ᠭᠣᠢ᠌ᠷᠠᠠᠴᠢ ᠭᠡᠵᠤ
ᠣᠮᠠᠷᠠᠳᠤ ᠣᠷᠤᠨ ᠤ ᠠᠷᠠᠤᠨ ᠤᠳ ᠵᠢᠭ᠍ᠰᠢᠨ᠎ᠡ᠃
2012.5.15
ᠵᠤᠬᠢᠶᠠᠭᠴᠢ ᠶᠢᠨ ᠬᠠᠶᠢᠭ ᠄ ᠵᠠᠯᠠᠢ᠌ᠳ ᠬᠤᠰᠢᠭᠤᠨ ᠤ ᠶᠡᠨᠳᠠᠷ ᠳᠠᠭᠢ ᠵᠢᠷᠭᠤᠳᠤᠭᠠᠷ ᠳᠤᠮᠳᠠᠳᠤ ᠰᠤᠷᠭᠠᠭᠤᠯᠢ
ᠵᠤᠬᠢᠶᠠᠭᠴᠢ᠄ ᠯᠢ ᠳᠢᠶᠠᠨ ᠰᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2649
ᠴᠠᠭ᠄ 2012 ᠤᠨ ᠤ 10 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ