☆ ᠪᠦᠬᠡᠵᠢᠷᠭᠠᠯ
ᠡᠢ᠌ᠮᠦᠷᠭᠦ ᠪᠠᠢ᠌ᠴᠠᠭᠠᠯᠳᠠ
ᠭᠢᠨᠠᠨ ᠪᠠᠢ᠌ᠴᠠᠭᠠᠯᠳᠠ ᠭᠢᠭᠦ ᠭᠡᠵᠤ
ᠳᠡᠭᠡᠷᠡᠭᠢ ᠨᠢ ᠰᠥᠷᠡᠭᠡᠢ᠌ᠯᠡᠨᠡ
ᠬᠠᠳᠠᠭᠤ ᠵᠥᠭᠡᠯᠡᠨ ᠳᠤᠨᠤᠭ ᠭᠡᠵᠤ
ᠳᠤᠤᠷᠠᠭᠢ ᠨᠢ ᠳᠠᠪᠵᠢᠶᠠᠷᠠᠨᠠ
ᠭᠡᠵᠢᠶ᠎ᠡ ᠶᠠᠭᠠᠭᠢᠵᠤ ᠦᠨᠡᠯᠠᠨ᠎ᠠ ᠭᠡᠵᠤ
ᠴᠢᠩᠭ᠋᠎ᠠ ᠵᠢᠭᠠᠪᠣᠷᠢ ᠬᠣᠢ᠌ᠰᠠᠭᠠᠨᠠᠨᠠ
ᠬᠠᠮᠤᠭ ᠴᠢᠬᠤᠯᠠ ᠡᠭᠦᠷᠭᠡ ᠭᠡᠵᠤ
ᠦᠨᠳᠦᠰᠦᠨ ᠱᠠᠳᠤ ᠵᠢᠷᠤᠭᠠᠯᠠᠨ᠎ᠠ
ᠭᠦᠮᠤᠨ ᠭᠦᠯᠦᠭ᠌ ᠤᠨ ᠭᠦᠴᠤ
ᠠᠷᠭᠠᠴᠠᠭᠠᠬᠤ ᠠᠯᠪᠠ ᠳᠤ ᠵᠠᠭᠢᠷᠤᠭᠳᠠᠨᠠ
ᠬᠤᠭᠰᠢᠯ ᠮᠥᠩᠭᠦ ᠶᠢᠨ ᠢᠷ
ᠭᠡᠯᠪᠠᠷᠢ ᠶᠢᠨ ᠰᠠᠯᠭᠢ ᠳᠤ ᠬᠤᠷᠴᠠᠯᠠᠭᠳᠠᠨᠠ
ᠬᠤᠩᠰᠢᠶᠠᠷ᠂ ᠥᠵᠦᠭ᠌᠂ ᠬᠠᠭᠤᠳᠠᠰᠤᠨ ᠳ᠋ᠤ
ᠦᠨᠡᠨ ᠴᠠᠭᠠᠨ ᠬᠤᠤᠠᠬᠤᠯᠳᠤᠨᠠ
ᠬᠤᠪᠣᠷᠬᠠᠨ ᠴᠠᠭ ᠤᠨ ᠦᠷᠡᠭ᠍ᠳᠡᠯ ᠳ᠋ᠤ
ᠦᠷᠳᠡᠭ᠍ᠳᠤ ᠠᠵᠤ ᠳᠠᠯᠠᠭᠠᠷᠳᠠᠨᠠ
ᠵᠤᠴᠢᠯᠠᠯ ᠳᠠᠢ᠌ᠯᠯᠠᠭᠠ ᠬᠤᠮᠰᠠᠳᠠᠵᠤ ᠪᠣᠯᠬᠤ ᠥᠭᠡᠢ
ᠠᠯᠢ ᠪᠠᠢ᠌ᠳᠠᠭ ᠶᠢᠡᠨ ᠳᠠᠮᠳᠠᠷᠢᠨᠠ
ᠵᠤᠭᠠᠴᠠᠯ ᠨᠠᠭᠠᠳᠤᠮ ᠳᠤᠤᠷᠠᠳᠠᠵᠤ ᠪᠣᠯᠬᠤ ᠥᠭᠡᠢ
ᠠᠯᠢ ᠰᠤᠩᠭ᠋ᠤᠳᠠᠭ ᠶᠢᠡᠨ ᠥᠵᠡᠭᠦᠯᠤᠨ᠎ᠡ
ᠵᠡᠷᠭᠡᠳᠡᠨ ᠨᠢᠭᠡᠪᠦᠷᠢ ᠨᠢ ᠪᠠᠷᠠᠭᠠᠳᠠᠬᠤ ᠦᠭᠡᠶ ᠪᠣᠯᠬᠤ ᠥᠭᠡᠢ
ᠪᠠᠢ᠌ᠬᠤ ᠪᠦᠭᠦᠳᠡᠭᠡᠷ ᠶᠢᠡᠨ ᠳᠠᠭᠠᠯᠳᠤᠨ᠎ᠠ
ᠵᠠᠪᠠᠵᠢ ᠠᠮᠠ ᠶᠢ ᠨᠢ ᠮᠤᠷᠣᠢ᠌ᠯᠭᠠᠵᠤ ᠪᠣᠯᠬᠤ ᠥᠭᠡᠢ
ᠨᠢᠦᠡᠭᠢᠷᠳᠡᠭ᠌ ᠨᠢᠮᠭᠡᠨ ᠶᠢᠡᠷ ᠮᠢᠯᠢᠶᠠᠨ᠎ᠠ
ᠠᠷᠢᠭᠢᠳᠠᠭᠤᠯᠵᠤ᠂ ᠨᠠᠭᠠᠳᠤᠭᠤᠯᠵᠤ᠂ ᠠᠳᠬᠤᠭᠤᠯᠬᠤ ᠵᠢᠨ
ᠣᠢ᠌ᠯᠠᠳᠤᠯ ᠨᠢ ᠳᠡᠭᠡᠭᠡᠳ ᠪᠠᠳᠠᠷᠠᠨ᠎ᠠ
ᠠᠰᠠᠭᠤᠵᠤ᠂ ᠰᠤᠨᠤᠰᠴᠤ᠂ ᠥᠵᠡᠭᠦ
ᠪᠠᠢ᠌ᠴᠠᠭᠠᠬᠤ ᠠᠭᠤᠯᠭ᠎ᠠ ᠳᠦᠭᠦᠮᠰᠢᠨᠡ
ᠠᠩᠬᠠᠨ ᠤ ᠡᠨᠡ ᠪᠠᠢ᠌ᠴᠠᠭᠠᠯᠳᠠ ᠵᠢ
ᠪᠠᠶᠠᠰᠤᠯ ᠬᠠᠷᠠᠮᠰᠠᠯ ᠲᠡᠶ ᠳᠡᠭᠦᠰᠭᠡᠨᠡ
ᠠᠷᠢᠶᠠᠪᠠᠯᠤ ᠪᠣᠷᠬᠠᠨ ᠡ᠂
ᠳᠠᠷᠠᠭᠠᠴᠢ ᠪᠠᠷ ᠡᠢ᠌ᠮᠤ ᠪᠠᠢ᠌ᠴᠠᠭᠠᠯᠳᠠ ᠶᠠᠭᠠᠭᠢᠳᠠᠭ ᠪᠣᠯ︖
ᠵᠤᠬᠢᠶᠠᠭᠴᠢ ᠶᠢᠨ ᠬᠠᠶᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2010 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ