☆ ᠳᠥ᠊·ᠪᠠᠳᠤᠴᠠᠷᠠᠨ
ᠠᠬ᠎ᠠ ᠮᠢᠨᠢ
ᠠᠷᠢᠭᠤᠨ ᠭᠦᠯᠦᠰᠤᠨ ᠤ ᠬᠠᠷᠢᠭᠤ ᠪᠠᠷ ᠵᠢᠠᠨ
ᠠᠬ᠎ᠠ ᠳᠡᠭᠦᠤ ᠪᠢᠳᠠᠨ ᠢ ᠲᠡᠳᠬᠦᠵᠤ
ᠠᠵᠢᠯᠴᠢ ᠭᠦᠳᠡᠯᠮᠦᠷᠢᠰᠦᠭ᠌ ᠭᠠᠷ ᠶᠢᠡᠷ ᠵᠢᠠᠨ
ᠠᠳᠠᠯ ᠠᠮᠢᠳᠤᠷᠠᠯ ᠶᠢᠡᠨ ᠴᠤᠭᠴᠠᠯᠠᠭᠰᠠᠨ
ᠠᠴᠢᠯᠠᠯ ᠤᠨ ᠳᠠᠯᠠᠢ ᠠᠬ᠎ᠠ ᠮᠢᠨᠢ
ᠠᠢ᠌ᠯ ᠭᠡᠷ ᠤᠨ ᠶᠢᠡᠨ ᠳᠤᠯᠠᠭᠠᠭᠤᠷᠢ ᠡ︕
ᠳᠠᠯ᠎ᠠ ᠶᠢᠨ ᠠᠢ᠌ᠯ ᠳᠠᠭᠠᠨ ᠭᠦᠡᠳᠦᠳᠡᠢ
ᠳᠠᠩᠰᠤᠭ ᠠᠮᠢᠳᠤᠷᠠᠯ ᠳᠠᠭᠠᠨ ᠬᠠᠢ᠌ᠷᠠᠳᠠᠢ
ᠳᠠᠷᠢᠮᠠᠯ ᠠᠬᠤᠢ ᠳᠠᠭᠠᠨ ᠭᠠᠷᠠᠮᠠᠭᠠᠢ
ᠳᠠᠪᠤᠨ ᠬᠤᠰᠢᠭᠤ ᠮᠠᠯ ᠳᠠᠭᠠᠨ ᠡᠪᠳᠡᠢ
ᠳᠡᠩᠭᠡᠭᠡ ᠴᠢᠳᠠᠯ ᠲᠡᠶ ᠠᠬ᠎ᠠ ᠮᠢᠨᠢ
ᠲᠦᠮᠡᠨ ᠣᠯᠠᠨ ᠤ ᠪᠠᠨ ᠳᠠᠭᠤᠷᠢᠶᠠᠯ ᠡ︕
ᠵᠤᠬᠢᠶᠠᠭᠴᠢ᠄ ᠳᠥ᠊·ᠪᠠᠳᠤᠴᠠᠷᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2786
ᠴᠠᠭ᠄ 2008 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ