☆ ᠶᠢᠨ ᠯᠦᠩ
ᠥᠪᠣᠷ ᠮᠤᠩᠭ᠋ᠤᠯ
ᠪᠦᠷᠳᠡ ᠴᠢᠨ᠋ᠸ᠎ᠠ ᠶᠢᠨ
ᠠᠷᠢᠭᠤᠨ ᠴᠢᠰᠤ ᠲᠡᠶ
ᠦᠪᠣᠷ ᠮᠤᠩᠭ᠋ᠤᠯ᠂
ᠪᠦᠭᠦ ᠮᠤᠩᠭ᠋ᠤᠯ ᠤᠨ
ᠠᠮᠢᠨ ᠰᠠᠭᠢᠶ᠎ᠠ ᠲᠡᠶ
ᠦᠪᠣᠷ ᠮᠤᠩᠭ᠋ᠤᠯ᠃
ᠠᠽᠢᠶ᠎ᠠ ᠶᠢᠨ ᠴᠡᠭᠡᠵᠢᠨ ᠳ᠋ᠠᠭᠢ
ᠰᠠᠯᠠᠮ᠎ᠠ ᠶᠢᠨ ᠣᠷᠤ
ᠦᠪᠣᠷ ᠮᠤᠩᠭ᠋ᠤᠯ᠂
ᠠᠰᠬᠠᠷᠠᠵᠤ ᠪᠠᠭᠤᠭᠰᠠᠨ
ᠳᠡᠭ᠍ᠷᠢ ᠶᠢᠨ ᠰᠤᠮᠤ
ᠦᠪᠣᠷ ᠮᠤᠩᠭ᠋ᠤᠯ᠃
ᠬᠠᠭᠠᠨ ᠴᠢᠩᠭᠢᠰ ᠤᠨ
ᠬᠠᠰᠪᠣ ᠳᠠᠮᠠᠭ᠎ᠠ
ᠦᠪᠣᠷ ᠮᠤᠩᠭ᠋ᠤᠯ᠂
ᠬᠠᠳᠤᠨ ᠪᠦᠷᠳᠡ ᠶᠢᠨ
ᠡᠩᠭᠡᠷ ᠤᠨ ᠳᠤᠪᠴᠢ
ᠦᠪᠣᠷ ᠮᠤᠩᠭ᠋ᠤᠯ᠃
ᠪᠣᠮᠠᠨ ᠦᠶ᠎ᠡ ᠶᠢᠨ
ᠪᠣᠭᠤᠷᠤᠯ ᠴᠠᠳᠢᠭ
ᠦᠪᠣᠷ ᠮᠤᠩᠭ᠋ᠤᠯ᠂
ᠪᠣᠰᠤᠭ᠎ᠠ ᠴᠢᠯᠠᠭᠤᠵᠢᠭᠰᠠᠨ
ᠳᠡᠭ᠍ᠷᠢ ᠰᠤᠶᠤᠯ
ᠦᠪᠣᠷ ᠮᠤᠩᠭ᠋ᠤᠯ᠃
ᠳᠤᠭᠤᠨᠤ ᠪᠠᠷ ᠮᠢᠨᠢ
ᠳᠤᠨᠤᠷᠠᠭᠰᠠᠨ ᠨᠠᠷᠠ
ᠦᠪᠣᠷ ᠮᠤᠩᠭ᠋ᠤᠯ᠂
ᠳᠤᠯᠭ᠎ᠠ ᠳᠤ ᠮᠢᠨᠢ
ᠣᠯᠠᠯᠵᠠᠭᠰᠠ ᠭᠠᠯ
ᠦᠪᠣᠷ ᠮᠤᠩᠭ᠋ᠤᠯ᠃
ᠪᠦᠭᠦᠷᠭᠡ ᠳᠦᠰᠢᠭ᠍ᠰᠡᠨ
ᠣᠷᠭ᠎ᠠ ᠶᠢᠨ ᠬᠣᠢ᠌ᠪᠢ
ᠦᠪᠣᠷ ᠮᠤᠩᠭ᠋ᠤᠯ᠂
ᠪᠦᠮᠪᠦᠷᠴᠡᠭ᠌ ᠣᠶᠷᠠᠷᠭᠠᠭᠰᠠᠨ
ᠣᠷᠳᠤ ᠶᠢᠨ ᠳᠠᠭᠤᠤ
ᠦᠪᠣᠷ ᠮᠤᠩᠭ᠋ᠤᠯ᠃
ᠮᠤᠩᠭ᠋ᠤᠯ ᠮᠤᠷᠢᠨ ᠤ
ᠳᠤᠭᠤᠷᠠᠢ ᠶᠢᠨ ᠣᠷᠤᠮ
ᠦᠪᠣᠷ ᠮᠤᠩᠭ᠋ᠤᠯ᠂
ᠮᠤᠩᠭ᠋ᠤᠯ ᠭᠦᠮᠤᠨ ᠤ
ᠵᠢᠷᠦᠭᠡᠨ ᠳᠠᠮᠢᠷ
ᠦᠪᠣᠷ ᠮᠤᠩᠭ᠋ᠤᠯ᠃
ᠡᠪᠰᠢᠶᠡᠭ᠍ᠰᠡᠨ ᠨᠤᠮᠤ ᠶᠢᠨ
ᠬᠠᠳᠠᠨ ᠰᠤᠮᠤ
ᠦᠪᠣᠷ ᠮᠤᠩᠭ᠋ᠤᠯ᠂
ᠡᠷᠡᠨ ᠢ ᠰᠤᠠᠳᠠᠯᠠᠭᠰᠠᠨ
ᠬᠠᠳᠠᠭᠤ ᠡᠷᠢᠯ
ᠦᠪᠣᠷ ᠮᠤᠩᠭ᠋ᠤᠯ ᠡ᠃
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠶᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ