☆ ᠰ·ᠮᠥᠩᠭᠡᠨᠡᠷᠡᠰᠤ
ᠰᠢᠷᠭᠡᠭ᠌ ᠭᠤᠨᠢᠭ
ᠦᠷ ᠵᠢᠠᠷ
ᠰᠠᠯᠭᠢ ᠭᠦᠯᠦᠭᠯᠡᠭ᠍ᠰᠡᠭᠡᠷ
ᠴᠡᠴᠡᠭ᠌ ᠤᠨ ᠠᠩᠭᠢᠯᠤᠮ᠎ᠠ ᠦᠨᠦᠷ
ᠰᠤᠷᠮᠤᠤᠰᠤ ᠢᠷᠪᠢᠭᠢᠨᠡᠭᠦᠯᠤᠨ ᠪᠦᠵᠢᠨ᠎ᠡ
ᠭᠢᠮᠤᠰᠤᠨ ᠳᠤᠯᠢᠨ ᠳᠡᠭᠡᠷ᠎ᠡ ᠰᠠᠭᠤᠭᠰᠠᠨ ᠰᠢᠭᠦᠷ ᠬᠤᠷᠤᠬᠠᠢ ᠡ
ᠳᠤᠯᠪᠣ ᠪᠣᠯᠭᠠᠨ ᠴᠢᠨᠢ ᠮᠦᠷᠦᠭᠡᠳᠦᠯ ᠤᠨ ᠭᠡ ᠦᠦ ︖
ᠡᠭᠦᠯᠡᠨ ᠳᠤᠯᠤᠭᠠᠢ ᠰᠢᠭᠦᠷᠦᠮ᠎ᠡ ᠪᠦᠷᠭᠦᠤᠨ ᠤᠨ ᠳᠠᠯᠠᠪᠴᠢ ᠡᠴᠠ
ᠰᠢᠷᠭᠡᠭ᠌ ᠦᠳᠦ ᠨᠢ ᠴᠤ ᠴᠢᠨᠤᠭᠢ ᠪᠢᠰᠢ ᠰᠢᠤ
ᠰᠢᠯᠦᠭ᠍ᠴᠢ ᠭᠡᠭᠦᠯᠡᠷ ᠴᠢ ᠨᠠᠩ ᠴᠤ ᠪᠢᠰᠢ ᠰᠢᠤ
ᠭᠤᠨᠢᠳᠠᠭ ᠦᠦ ︖ ᠴᠢ
ᠴᠡᠴᠡᠭ᠌ ᠤᠨ ᠰᠢᠭᠦᠳᠡᠷᠢ ᠳᠤᠳᠤᠷ᠎ᠠ ᠪᠦᠮᠪᠦᠭᠡᠨᠡᠭ᠍ᠰᠡᠨ
ᠠᠮᠠᠷᠠᠭ ᠬᠠᠷᠠᠴᠠ ᠶᠢ ᠠᠵᠢᠪᠠ ᠦᠦ ︖
ᠮᠢᠩᠭ᠋ᠠᠨ ᠣᠨ ᠤ ᠬᠠᠢ᠌ᠷ᠎ᠠ ᠳᠠᠮᠠᠭᠠᠯᠠᠭᠰᠠᠨ ᠪᠣᠯᠤᠷ ᠪᠦᠮᠪᠦᠭᠡᠯᠢᠭ᠌ ᠢ ᠬᠠᠷᠠᠪᠠ ᠦᠦ ︖
ᠳᠡᠷᠳᠡᠭᠡ ᠭᠠᠷᠠᠭ ᠤᠨ ᠡᠷᠪᠠᠭᠡᠢ
ᠡᠨᠡᠳᠡᠭᠡ ᠵᠠᠭᠤᠨ ᠤ ᠳᠡᠭ᠍ᠳᠡᠭᠡᠭᠡᠢ ᠳᠤ ᠠᠠᠳᠠᠭᠠᠢ᠌ᠯᠠᠭᠰᠠᠨ
ᠵᠢᠷᠦᠭᠡᠨ ᠥᠩᠭᠡ ᠲᠡᠶ ᠪᠣᠷᠤᠭᠠᠨ ᠤ ᠰᠢᠷᠭᠡᠭ᠌ ᠢ ᠦᠨᠦᠰᠪᠠ ᠦᠦ ︖
ᠭᠡᠵᠢᠶ᠎ᠡ ᠴᠤ ᠪᠢ ᠭᠤᠨᠢᠳᠠᠭ ᠦᠭᠡᠶ ᠭᠡᠵᠤ ᠴᠢ ᠪᠢᠳᠡᠭᠡᠢ ᠶᠠᠷᠢ
ᠵᠢᠷᠤᠭ ᠤᠨ ᠮᠤᠨᠠᠯᠢᠰᠠ ᠵᠠᠶᠠᠭᠠᠨ ᠳᠠᠭᠠᠨ ᠭᠤᠮᠤᠳᠠᠵᠤ ᠮᠠᠳᠠᠨ᠎ᠡ
ᠳ᠋·ᠸᠢᠠᠴᠢ ᠶᠢᠨ ᠬᠤᠷᠤᠭᠤᠨ ᠤ ᠰᠢᠳᠢ ᠨᠠᠳᠠᠳᠤ ᠣᠷᠤᠰᠢᠬᠤ ᠦᠭᠡᠶ ᠪᠣᠯᠬᠤᠷ
ᠪᠢ ᠵᠢᠷᠤᠵᠤ ᠴᠢᠳᠠᠬᠤ ᠦᠭᠡᠶ ᠰᠢᠤ
ᠴᠢᠮᠢ᠋ᠢ ᠴᠤ ᠵᠢᠷᠤᠵᠤ ᠴᠢᠳᠠᠬᠤ ᠥᠭᠡᠢ
ᠵᠢᠷᠦᠭᠡᠨ ᠣᠯᠠᠭᠠᠨ ᠳᠠᠯᠠᠪᠴᠢ ᠶᠢ ᠴᠢᠨᠢ ᠵᠢᠷᠤᠬᠤ ᠭᠡᠳ ᠯᠠ ᠣᠨ ᠨᠥᠭ᠍ᠴᠢᠭᠡᠨ᠎ᠡ
ᠰᠢᠮᠰᠢᠷᠡᠭᠡᠳ ᠯᠠ ᠁
ᠳᠠᠩᠭᠢᠯ ᠵᠢᠭᠠᠭᠠᠨ ᠰᠢᠭᠦᠷ ᠬᠤᠷᠤᠬᠠᠢ ᠮᠢᠨᠢ
ᠳᠡᠭ᠍ᠷᠢ ᠶᠢᠨ ᠬᠠᠶᠠᠭ᠎ᠠ ᠳᠠᠯᠠᠳᠤᠮᠠ ᠳᠠᠯᠠᠢ ᠶᠢᠨ ᠳᠠᠪᠠᠯᠭ᠎ᠠ ᠡᠴᠠ
ᠨᠢᠭᠡᠭᠡᠨ ᠳᠤᠰᠤᠯ ᠨᠢ ᠴᠤ ᠴᠢᠨᠤᠭᠢ ᠪᠢᠰᠢ ᠰᠢᠤ
ᠨᠠᠢ᠌ᠷᠠᠭᠴᠢ ᠭᠡᠭᠦᠯᠡᠷ ᠨᠠᠩ ᠴᠤ ᠴᠢ ᠪᠢᠰᠢ ᠰᠢᠤ
ᠭᠦᠷᠦᠰᠤᠨ ᠡᠴᠠ ᠴᠤᠬᠣᠢ᠌ᠬᠤ ᠨᠢᠯᠬ᠎ᠠ ᠨᠤᠭᠤᠭᠠᠨ ᠳᠤ
ᠡᠷᠭᠦᠭ᠍ᠰᠡᠨ ᠳᠠᠭᠤᠤ ᠴᠢᠨᠢ ᠠᠶᠠᠯᠭᠤ ᠪᠢᠰᠢ
ᠬᠤᠩᠭ᠋ᠤᠷᠵᠤᠯᠠ ᠴᠡᠴᠡᠭ᠌ ᠤᠨ ᠪᠦᠮᠪᠦᠭᠡᠯᠢᠭ᠌ ᠲᠤ ᠨᠢᠭᠤᠵᠤ
ᠣᠳᠤᠨ ᠵᠥᠭ᠌ ᠰᠢᠪᠠᠨᠡᠭ᠍ᠰᠡᠨ ᠥᠭᠡ ᠴᠢᠨᠢ ᠰᠢᠯᠦᠭ᠌ ᠪᠢᠰᠢ
ᠵᠠᠯᠠᠯᠠᠵᠤ ᠨᠢᠰᠦᠭ᠍ᠰᠡᠨ ᠬᠤᠨ ᠤ ᠵᠢᠭᠦᠷ
ᠵᠠᠭᠢᠶ᠎ᠠ ᠶᠢ ᠴᠢᠨᠢ ᠳᠢᠪ ᠤᠨ ᠳᠡᠷᠳᠡᠭᠡ ᠭᠦᠷᠭᠡᠭ᠍ᠰᠡᠨ ᠴᠤ ᠪᠣᠯᠪᠠ ᠦᠦ ︖
ᠴᠡᠩᠭᠡᠷ ᠨᠢᠳᠤᠨ ᠰᠢᠷ᠎ᠠ ᠦᠬᠢᠨ
ᠰᠠᠢ᠌ᠬᠠᠨ ᠥᠩᠭᠡ ᠪᠠᠷ ᠴᠢᠨᠢ ᠭᠤᠶᠤᠭᠰᠠᠨ ᠴᠤ ᠪᠣᠯ ᠦᠦ ︖
ᠦᠳᠡᠰᠢ ᠪᠠᠷ᠁
ᠣᠳᠤᠳ ᠤᠨ ᠮᠠᠯᠮᠠᠢ ᠠᠶᠠᠷᠬᠠᠨ ᠳᠤᠷᠮᠤᠯᠵᠠᠵᠤ
ᠪᠣᠯᠤᠷᠬᠠᠨ ᠨᠢᠯᠪᠣᠰᠤ ᠶᠢ ᠴᠢᠨᠢ ᠵᠡᠭᠦᠳᠤᠨ ᠳᠤ ᠮᠡᠯᠮᠡᠷᠡᠭᠦᠯᠤᠨᠡ
ᠰᠢᠭᠦᠷ ᠬᠤᠷᠤᠬᠠᠢ ᠶᠢᠨ ᠣᠪ ᠣᠯᠠᠭᠠᠨ ᠳᠠᠯᠠᠪᠴᠢ ᠰᠢᠭ
ᠮᠢᠨᠤ ᠵᠢᠷᠦᠭᠡ ᠦᠪ ᠦᠨᠡᠨ ᠴᠤᠭᠢᠯᠠᠨ᠎ᠠ
ᠭᠡᠭᠡᠨ ᠠᠶᠠᠯᠭᠤ ᠠᠭᠤᠰᠤᠭᠰᠠᠭᠠᠷ ᠰᠢᠯᠦᠭ᠌ ᠪᠣᠯᠵᠤ ᠣᠠᠳᠤᠷᠤᠨ᠎ᠠ
ᠨᠠᠪᠴᠢᠨ ᠤ ᠠᠷ ᠳᠡᠮᠳᠡᠷᠢᠩᠭᠡᠨ
ᠰᠢᠭᠦᠷ ᠬᠤᠷᠤᠬᠠᠢ ᠰᠢᠭᠦᠳᠡᠷᠢ ᠡᠮᠭᠦᠨᠡ
ᠳᠢᠪ ᠤᠨ ᠳᠡᠷᠳᠡᠭᠡ ᠡᠴᠠ ᠰᠠᠯᠭᠢᠯᠠᠵᠤ ᠢᠷᠡᠭ᠍ᠰᠡᠨ ᠳᠤᠷᠠᠯᠠᠯ ᠭᠦᠪᠦᠷᠡᠨᠡ
ᠳᠤᠯᠪᠣ ᠨᠢ ᠣᠯᠠᠮ ᠳᠤᠳᠤᠬᠠᠨ ᠪᠣᠯᠴᠢᠬᠠᠭᠠᠤᠨ
ᠳᠠᠷᠪᠠᠰ ᠭᠢᠨ ᠳᠠᠯᠠᠪᠴᠢ ᠪᠠᠨ ᠳᠡᠯᠭᠡᠨ᠎ᠡ
ᠠᠯᠤᠰ ᠵᠥᠭ᠌ ᠁
2012.6.8
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2012 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ