ᠨᠡᠪᠲᠡᠷᠡᠨ ᠤᠷᠤᠬᠤ
ᠬᠠᠷᠢ ᠳᠤ ᠮᠤᠷᠳᠠᠬᠤ ᠳᠤ ᠪᠠᠨ ᠪᠢ ᠣᠭᠢᠯᠠᠭᠰᠠᠨ ᠴᠤ ᠥᠭᠡᠢ

ᠴᠢᠮᠡᠭ᠌ ᠵᠡᠭᠦᠯᠳᠡ ᠪᠠᠨ ᠵᠠᠰᠠᠰᠭᠢᠵᠤ ᠪᠢ ᠠᠷᠢᠭᠢ ᠪᠠᠷᠢᠭᠰᠠᠭᠠᠷ

ᠴᠡᠩᠭᠡᠯ ᠳᠠᠭᠤᠯᠠᠯ ᠪᠢᠯᠬᠠᠭᠠᠤᠨ ᠨᠠᠢ᠌ᠷ ᠤᠨ ᠳᠤᠭᠤᠷ᠎ᠠ ᠡᠷᠭᠢᠭ᠍ᠰᠡᠭᠡᠷ

ᠴᠢᠮᠡᠭᠡ ᠦᠭᠡᠶ ᠢᠨᠢᠶᠠᠵᠤ ᠪᠠᠢ᠌ᠭᠰᠠᠨ ᠠᠪᠣ ᠡᠵᠢ ᠬᠤᠶᠠᠷ ᠤᠨ ᠮᠢᠨᠢ

ᠴᠡᠭᠡᠵᠢᠨ ᠳᠤ ᠨᠢ ᠪᠠᠭᠳᠠᠬᠤ ᠦᠭᠡᠶ ᠭᠠᠰᠢᠭᠤᠨ ᠵᠤᠪᠠᠭᠤᠷᠢ ᠶᠢ ᠨᠢ ᠭᠡᠨ ᠴᠤ ᠠᠩᠵᠠᠭᠠᠷᠠᠭᠰᠠᠨ ᠥᠭᠡᠢ

ᠨᠢᠭᠤᠵᠤ ᠣᠷᠤᠰᠬᠠᠭᠰᠠᠨ ᠨᠢᠯᠪᠣᠰᠤ ᠶᠢ ᠨᠢ ᠭᠡᠨ ᠴᠤ ᠠᠷᠴᠢᠭᠰᠠᠨ ᠦᠭᠡᠶ

ᠨᠤᠬᠤᠴᠠᠭᠳᠠᠵᠤ ᠰᠡᠮᠡᠷᠡᠭ᠍ᠰᠡᠨ ᠰᠡᠳᠭᠢᠯ ᠢ ᠨᠢ ᠭᠡᠨ ᠴᠤ ᠠᠷᠭᠠᠳᠠᠭᠰᠠᠨ ᠥᠭᠡᠢ

ᠨᠤᠭᠤᠨ ᠦᠷ᠎ᠡ ᠨᠢ ᠪᠢ ᠨᠢᠯᠪᠣᠰᠤ ᠣᠨᠠᠭᠠᠭᠰᠠᠨ ᠴᠤ ᠦᠭᠡᠶ

ᠨᠤᠳᠤᠭ ᠤᠨ ᠬᠤᠯᠠ ᠬᠠᠷᠢᠯᠠᠵᠤ ᠪᠠᠢ᠌ᠭ᠎ᠠ ᠪᠠᠨ ᠣᠬᠠᠭᠠᠷᠠᠭᠰᠠᠨ ᠴᠤ ᠦᠭᠡᠶ

ᠠᠯᠠᠭᠠᠨ ᠳᠤ ᠪᠠᠨ ᠡᠩᠭᠦᠷᠡᠢ᠌ᠯᠡᠭ᠍ᠰᠡᠨ ᠠᠪᠣ ᠡᠵᠢ ᠳᠤ ᠪᠠᠨ

ᠠᠷᠭᠠᠳᠠᠬᠤ ᠥᠭᠡ ᠴᠤ ᠭᠡᠯᠡᠭ᠍ᠰᠡᠨ ᠦᠭᠡᠶ ᠪᠠᠷ ᠶᠠᠪᠣᠵᠤ ᠣᠳᠤᠭᠰᠠᠨ ᠶᠤᠮ

ᠵᠢᠷᠦᠭᠡ ᠶᠢ ᠨᠢ ᠵᠡᠭᠦᠤ ᠪᠠᠷ ᠰᠢᠪᠠᠵᠤ ᠪᠢ ᠭᠦᠮᠤᠨ ᠤ ᠭᠢ ᠪᠣᠯᠤᠭᠰᠠᠨ ᠳᠠᠷᠠ ᠡᠳᠦᠷ

ᠵᠡᠭᠦᠳᠤ᠂ ᠬᠠᠢ᠌ᠷ᠎ᠠ ᠳᠡᠷᠭᠡᠯᠰᠢᠭ᠍ᠰᠡᠨ ᠭᠡᠵᠤ ᠵᠥᠭ᠌ ᠦᠭᠡᠶ ᠯᠠ ᠪᠠᠶᠠᠷᠯᠠᠵᠤ ᠪᠠᠢ᠌ᠭᠰᠠᠨ ᠶᠤᠮ

ᠴᠠᠭ ᠤᠨ ᠬᠤᠭᠤᠯᠠ ᠪᠠᠨ ᠭᠤᠯᠤᠵᠤ

ᠴᠠᠢ ᠪᠠᠨ ᠳᠠᠪᠣᠰᠤ ᠪᠠᠭ᠎ᠠ ᠭᠡᠵᠤ

ᠬᠤᠨᠤᠬᠤ ᠭᠡᠷ ᠶᠢᠡᠨ ᠢᠪᠴᠤᠤ ᠭᠡᠵᠤ

ᠬᠤᠪᠴᠠᠰᠤ ᠬᠤᠨᠠᠷ ᠶᠢᠡᠨ ᠪᠦᠳᠦᠭᠦᠯᠢᠭ᠌ ᠭᠡᠵᠤ ᠪᠠᠢ᠌ᠭᠰᠠᠨ ᠭᠦᠮᠤᠨ ᠳ᠋ᠠ ᠪᠢ

ᠡᠭᠡᠯ ᠪᠠᠶ᠎ᠠ ᠮᠢᠨᠢ ᠳᠠᠷᠠ ᠯᠠ ᠡᠳᠦᠷ ᠡᠴᠡ ᠬᠣᠢ᠌ᠰᠢ

ᠡᠷᠡᠨ ᠴᠠᠭ ᠤᠨ ᠬᠤᠭᠤᠯᠠ ᠪᠣᠯᠭᠠᠨ ᠳᠤ ᠪᠠᠨ

ᠡᠵᠢ ᠶᠢᠨ ᠶᠢᠡᠨ ᠴᠠᠢ ᠶᠢ ᠰᠠᠨᠠᠳᠠᠭ ᠪᠣᠯᠵᠠᠢ

ᠡᠵᠡᠭᠦᠢ ᠥᠷᠦᠭᠡ ᠪᠠᠨ ᠰᠠᠭᠢᠬᠤ ᠪᠦᠷᠢ ᠳᠤ ᠪᠠᠨ

ᠠᠪᠣ ᠶᠢᠨ ᠶᠢᠡᠨ ᠡᠪᠦᠷ ᠢ ᠥᠭᠡᠢ᠌ᠯᠡᠳᠡᠭ᠌ ᠪᠣᠯᠵᠠᠢ

ᠵᠢᠷᠭᠠᠯ ᠳᠤ ᠱᠠᠩᠳᠠᠭᠤᠷᠠᠵᠤ ᠶᠠᠪᠣᠭᠰᠠᠨ ᠶᠢᠡᠨ

ᠵᠢᠭᠠᠬᠠᠨ ᠦᠷ᠎ᠡ ᠪᠠᠨ ᠳᠦᠷᠦᠭᠦᠯᠦᠭ᠍ᠰᠡᠨ ᠰᠦᠨᠢ ᠣᠬᠠᠭᠠᠷᠠᠭᠰᠠᠨ ᠰᠠᠨ

ᠬᠤᠶᠠᠷ ᠪᠣᠭᠤᠷᠤᠯ ᠤᠨ ᠮᠢᠨᠢ ᠰᠡᠳᠭᠢᠯ ᠶᠠᠭᠤᠳᠠᠢ ᠡᠮᠵᠡᠭ᠌ ᠭᠡᠳᠡᠭ᠌ ᠢ

ᠬᠤᠩᠭ᠋ᠤᠷ ᠦᠷ᠎ᠡ ᠪᠠᠨ ᠡᠩᠭᠦᠷᠡᠢ᠌ᠯᠡᠭᠦ ᠳᠤ ᠪᠠᠨ ᠰᠠ‍‌ᠶᠢ ᠮᠡᠳᠡᠭ᠍ᠰᠡᠨ ᠰᠠᠨ

ᠭᠠᠭᠴᠠᠭᠠᠷ ᠢ ᠮᠢᠨᠢ ᠪᠦᠵᠢᠭ᠌ ᠲᠤ ᠶᠠᠪᠣᠭᠤᠯᠬᠤ ᠦᠭᠡᠶ ᠭᠡᠳ ᠪᠠᠢ᠌ᠳᠠᠭ ᠢ ᠨᠢ

ᠭᠠᠯ ᠳᠤᠭᠤᠭᠠᠨ ᠳᠤ ᠣᠢ᠌ᠷᠠᠳᠤᠭᠤᠯᠳᠠᠭ ᠦᠭᠡᠶ ᠪᠦᠪᠠᠢ᠌ᠯᠡᠳᠡᠭ᠌ ᠢ ᠨᠢ

ᠪᠠᠭ᠎ᠠ ᠯᠠ ᠭᠦᠢᠳᠡᠷᠡᠪᠠᠯ ᠳᠠᠪᠬᠤᠷᠯᠠᠵᠤ ᠡᠮᠦᠰ ᠭᠡᠳ ᠪᠠᠢ᠌ᠳᠠᠭ ᠢ ᠨᠢ

ᠪᠠᠢ᠌ᠨ ᠪᠠᠢ᠌ᠨ ᠭᠡᠷ ᠲᠤ ᠪᠠᠨ ᠣᠳᠠᠰᠤ ᠠᠪ ᠭᠡᠳᠡᠭ᠌ ᠢ ᠨᠢ

ᠶᠠᠷᠢᠭᠠᠤᠨ ᠪᠠᠷᠠᠬᠤ ᠦᠭᠡᠶ᠂ ᠶᠠᠩᠰᠢᠭᠠᠤᠨ ᠳᠠᠭᠤᠰᠬᠤ ᠦᠭᠡᠶ

ᠴᠢᠭᠢ ᠠᠮᠠᠷᠠᠭᠤᠯᠬᠤ ᠦᠭᠡᠶ ᠭᠡᠳ ᠪᠠᠢ᠌ᠭᠰᠠᠨ ᠭᠦᠮᠤᠨ ᠰᠠᠨ

ᠶᠠᠭᠠᠭᠢᠭᠠᠤᠨ ᠴᠤ ᠶᠤᠮ ᠳᠠᠢ᠌ᠮᠤ ᠥᠭᠡ ᠳᠠᠭᠢᠭᠠᠤᠨ ᠶᠠᠷᠤ ᠰᠤᠨᠤᠰᠤᠭ᠎ᠠ ᠥᠭᠡᠢ

ᠭᠡᠨ ᠴᠤ ᠭᠡᠯᠡᠵᠤ ᠪᠠᠢ᠌ᠭ᠎ᠠ ᠦᠭᠡᠶ ᠨᠢ ᠳᠠᠷᠠ

ᠭᠡᠯᠡᠯ᠎ᠡ ᠴᠤ ᠭᠡᠳ ᠬᠠᠢ᠌ᠷ᠎ᠠ ᠪᠢᠰᠢ ᠨᠢ ᠦᠨᠡᠨ

ᠡᠨᠡ ᠶᠢ ᠪᠢᠴᠢᠵᠤ ᠪᠠᠢ᠌ᠬᠤ ᠳᠤ ᠢᠨᠢᠶᠡᠭᠡᠳ ᠣᠷᠤᠵᠤ ᠢᠷᠡᠭᠦ ᠶᠤᠮ

ᠡᠨᠡ ᠦᠬᠢᠨ ᠡᠪᠠᠦᠡᠴᠢᠭᠡᠪᠡ ᠦᠦ︖ ᠶᠠᠭᠤᠨ ᠳᠤ ᠣᠭᠢᠯᠠᠵᠤ ᠪᠠᠢ᠌ᠨ᠎ᠠ ᠭᠡᠭᠦ ᠶᠤᠮ

ᠶᠠᠭᠠᠭᠢᠭ᠎ᠠ ᠴᠤ ᠦᠭᠡᠶ ᠭᠦᠮᠤᠨ ᠪᠣᠯᠵᠤ ᠪᠢ ᠰᠡᠮᠡᠭᠡᠷ ᠨᠢᠯᠪᠣᠰᠤ ᠪᠠᠨ ᠠᠷᠴᠢᠬᠤ ᠶᠤᠮ

ᠶᠠᠭᠠᠭᠢᠬᠤ ᠶᠢᠨ ᠠᠷᠭ᠎ᠠ ᠦᠭᠡᠶ ᠪᠢ ᠴᠤ ᠨᠢᠭᠤᠵᠤ ᠣᠭᠢᠯᠠᠬᠤ ᠶᠢ ᠰᠤᠷᠤᠭᠰᠠᠨ ᠶᠤᠮ

ᠭᠦᠮᠤᠨ ᠢᠩᠭᠢᠵᠤ ᠣᠬᠠᠭᠠᠵᠢᠳᠠᠭ ᠪᠠᠢ᠌ᠬᠤ

ᠬᠤᠷᠸ᠎ᠠ ᠢᠩᠭᠢᠵᠤ ᠥᠷᠭᠦᠯᠵᠢᠯᠡᠳᠡᠭ᠌ ᠪᠠᠢ᠌ᠬᠤ︕

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2625
ᠴᠠᠭ᠄ 2009 ᠤᠨ ᠤ 08 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ